2023 ᠣᠨ ᠤ 10 ᠰᠠᠷ᠎ᠠ ᠶᠢᠨ 16-18 ᠤ ᠡᠳᠦᠷ ᠪᠣᠯᠲᠠᠯ᠎ᠠ ᠬᠢᠩᠭᠠᠨ ᠠᠶᠢᠮᠠᠭ ᠤᠨ | ᠣᠯᠠᠭᠠᠨᠬᠤᠲᠠ ᠳᠤ ᠶᠠᠪᠤᠭᠳᠠᠭᠰᠠᠨ ᠦᠪᠤᠷ ᠮᠤᠩᠭᠤᠯ ᠤᠨ ᠠᠳᠤᠭᠤᠨ ᠰᠤᠶᠤᠯ ᠤᠨ ᠰᠤᠳᠤᠯᠤᠨ ᠶᠠᠷᠢᠯᠴᠠᠬᠤ | ᠬᠤᠷᠠᠯ ᠤᠨ ᠦᠭᠦᠯᠡᠯ ᠤᠨ ᠰᠢᠯᠭᠠᠷᠠᠭᠤᠯᠤᠯᠲᠠ ᠳᠤ ᠠᠪᠠᠭ᠎ᠠ ᠬᠤᠰᠢᠭᠤᠨ ᠤ ᠨᠤᠮ ᠤᠨ ᠰᠠᠩ ᠤᠨ ᠠᠵᠢᠯᠲᠠᠨ᠂ | ᠬᠤᠶᠠᠳᠤᠭᠠᠷ ᠲᠡᠰ ᠤᠨ ᠣᠷᠴᠢᠭᠤᠯᠤᠭᠴᠢ ᠲᠦᠮᠡᠨᠪᠠᠶᠡᠷ ᠤᠨ ᠳᠠᠪᠰᠢᠭᠦᠯᠦᠭᠰᠡᠨ ᠤᠷᠴᠢᠭᠤᠯᠭ᠎ᠠ ᠶᠢᠨ ᠪᠦᠳᠦᠭᠡᠯ ︽︿ | ᠡᠦ ᠯᠦ ᠵᠧᠨ ᠤ ᠠᠳᠤᠭᠤᠨ ᠵᠠᠰᠠᠭ﹀ ᠤᠨ ᠤᠷᠴᠢᠭᠤᠯᠭ᠎ᠠ ᠲᠠᠶᠢᠯᠪᠣᠷᠢ︾ ᠨᠢ ᠬᠤᠶᠠᠳᠤᠭᠠᠷ ᠲᠤ ᠲᠤᠳᠤᠷᠠᠵᠤ᠂ | ᠢᠷᠠᠭᠤ ᠠᠯᠳᠠᠷ ᠤᠨ ᠦᠨᠡᠮᠯᠡᠯ ᠪᠣᠯᠣᠨ ᠱᠠᠩᠨᠠᠯ ᠤᠨ ᠮᠦᠩᠭᠦ ᠲᠤᠰᠴᠠᠢ᠃ | ᠣᠶᠢᠯᠠᠭᠠᠭᠰᠠᠨ ᠢᠶᠠᠷ᠂ ᠲᠤᠰ ᠣᠳᠠᠭᠠᠨ ᠤ ᠬᠤᠷᠠᠯ ᠢ ᠬᠢᠩᠭᠠᠨ ᠠᠶᠢᠮᠠᠭ ᠤᠨ ᠰᠤᠶᠤᠯ ᠵᠢᠭᠤᠯᠴᠢᠯᠠᠯ ᠪᠡᠶ᠎ᠡ | ᠲᠠᠮᠢᠷ ᠤᠨ ᠲᠤᠪᠴᠢᠶ᠎ᠠ ᠭᠤᠣᠯᠯᠠᠨ ᠡᠷᠬᠢᠯᠡᠵᠦ᠂ ᠬᠢᠩᠭᠠᠨ ᠠᠵᠢᠯ ᠮᠡᠷᠭᠡᠵᠢᠯ ᠤᠨ ᠲᠡᠭᠡᠲᠦ ᠰᠤᠷᠭᠠᠭᠤᠯᠢ᠂ ᠰᠢᠯᠢ ᠶᠢᠨ | ᠭᠤᠣᠯ ᠠᠵᠢᠯ ᠮᠡᠷᠭᠡᠵᠢᠯ ᠤᠨ ᠲᠡᠭᠡᠲᠦ ᠰᠤᠷᠭᠠᠭᠤᠯᠢ ᠪᠣᠯᠣᠨ ᠦᠪᠤᠷ ᠮᠤᠩᠭᠤᠯ ᠤᠨ ᠦᠪᠡᠷᠲᠡᠭᠡᠨ ᠵᠠᠰᠠᠬᠤ ᠤᠷᠤᠨ ᠤ | ᠲᠡᠭᠡᠲᠦ ᠰᠤᠷᠭᠠᠭᠤᠯᠢ ᠶᠢᠨ ᠡᠷᠳᠡᠮ ᠰᠢᠨᠵᠢᠯᠡᠭᠡᠨ ᠤ ᠰᠡᠳᠭᠦᠯ ᠰᠤᠳᠤᠯᠬᠤ ᠨᠡᠶᠢᠭᠡᠮᠯᠢᠭ ᠬᠤᠯᠪᠣᠭᠠᠯᠠᠨ ᠡᠷᠬᠢᠯᠡᠵᠦ᠂ | 60 ᠭᠠᠷᠣᠢ ᠡᠷᠳᠡᠮᠲᠡᠨ ᠰᠤᠳᠤᠯᠤᠭᠠᠴᠢᠳ ᠠᠳᠤᠭᠤᠨ ᠰᠤᠶᠤᠯ ᠵᠠᠩ ᠦᠢᠯᠡ᠂ ᠠᠳᠤᠭᠤᠨ ᠤ ᠠᠵᠤ ᠦᠢᠯᠡᠰ᠂ | ᠠᠳᠤᠭᠤ ᠲᠠᠢ ᠬᠤᠯᠪᠤᠭᠳᠠᠭᠰᠠᠨ ᠣᠷᠠᠯᠢᠭ᠂ ᠠᠳᠤᠭᠤᠨ ᠤ ᠪᠡᠶ᠎ᠡ ᠶᠢᠨ ᠪᠦᠳᠦᠴᠡ᠂ ᠠᠳᠤᠭᠤᠨ ᠤ ᠰᠤᠶᠤᠯ ᠤᠨ | ᠲᠡᠤᠬᠡ ᠪᠠ ᠰᠤᠷᠪᠣᠯᠵᠢ ᠪᠢᠴᠢᠭ ᠵᠡᠷᠭᠡ ᠣᠯᠠᠨ ᠠᠭᠤᠯᠭ᠎ᠠ ᠰᠡᠳᠦᠪ ᠤᠨ ᠲᠤᠭᠤᠷᠢᠨ ᠳᠤ ᠭᠦᠨᠵᠡᠭᠡᠢ ᠰᠤᠳᠤᠯᠤᠨ | ᠶᠠᠷᠢᠯᠴᠠᠬᠤ᠂ ᠲᠠᠶᠢᠯᠤᠮᠵᠢ ᠬᠢᠬᠦ᠂ ᠪᠠᠶᠢᠴᠠᠭᠠᠨ ᠰᠤᠳᠤᠯᠤᠯᠲᠠ ᠬᠢᠬᠦ ᠵᠡᠷᠭᠡ ᠬᠡᠯᠪᠡᠷᠢ ᠪᠠᠷ ᠡᠷᠳᠡᠮ ᠰᠢᠨᠵᠢᠯᠡᠭᠡᠨ ᠤ | ᠶᠠᠷᠢᠯᠴᠠᠭ᠎ᠠ ᠦᠷᠨᠢᠭᠦᠯᠵᠦ᠂ ᠮᠤᠩᠭᠤᠯ ᠮᠣᠷᠢᠨ ᠤ ᠵᠣᠷᠢᠭ ᠰᠠᠨᠠᠭ᠎ᠠ ᠶᠢ ᠶᠡᠭᠡ ᠪᠠᠷ ᠪᠠᠳᠠᠷᠠᠭᠤᠯᠤᠨ | ᠦᠢᠯᠡᠳᠦᠯᠭᠡᠵᠢᠭᠦᠯᠵᠦ᠂ ᠪᠦᠬᠦ ᠤᠷᠤᠨ ᠤ ᠠᠳᠤᠭᠤᠨ ᠰᠤᠶᠤᠯ ᠤᠨ ᠰᠤᠳᠤᠯᠭᠠᠨ ᠢ ᠠᠬᠢᠭᠤᠯᠬᠤ ᠳᠤ ᠬᠤᠪᠢ ᠨᠡᠮᠡᠷᠢ | ᠦᠵᠡᠭᠦᠯᠬᠦ ᠶᠢ ᠵᠣᠷᠢᠪᠠ᠃ | ︽ᠡᠨᠡ ᠣᠳᠠᠭᠠᠨ ᠤ ᠬᠤᠷᠠᠯ ᠤᠨ ᠦᠭᠦᠯᠡᠯ ᠢ ᠰᠢᠯᠭᠠᠷᠠᠭᠤᠯᠬᠤ ᠳᠠᠭᠠᠨ ᠬᠤᠶᠠᠷ ᠠᠯᠬᠤᠮ ᠢᠶᠠᠷ ᠰᠢᠭᠰᠢᠨ | ᠰᠤᠩᠭᠤᠵᠤ᠂ ᠬᠠᠮᠤᠭ ᠤᠨ ᠡᠴᠦᠰ ᠲᠤ ᠱᠠᠩᠨᠠᠭᠳᠠᠬᠤ ᠪᠣᠯᠣᠮᠵᠢᠲᠠᠢ 40 ᠰᠢᠯᠢᠳᠡᠭ ᠦᠭᠦᠯᠡᠯ ᠢ ᠵᠤᠬᠢᠶᠠᠭᠴᠢ ᠶᠢᠨ | ᠨᠡᠷ᠎ᠡ ᠶᠢ ᠨᠢ ᠪᠢᠴᠢᠬᠦ ᠦᠭᠡᠢ ᠪᠠᠷ ᠤᠷᠢᠨ ᠵᠠᠯᠠᠭᠰᠠᠨ ᠳᠤᠰᠬᠠᠢ ᠮᠡᠷᠭᠡᠵᠢᠯᠲᠡᠳ ᠤᠨ ᠪᠠᠭ ᠲᠤ ᠳᠤᠰᠢᠶᠠᠵᠤ ᠬᠢᠨᠠᠨ | ᠦᠨᠡᠯᠡᠭᠦᠯᠦᠭᠡᠳ ᠲᠡᠰ ᠳᠠᠷᠠᠭ᠎ᠠ ᠶᠢ ᠨᠢ ᠲᠤᠭᠲᠠᠭᠠᠭᠰᠠᠨ ᠶᠤᠮ᠃ ᠲᠦᠮᠡᠨᠪᠠᠶᠠᠷ ᠤᠨ ᠤᠷᠴᠢᠭᠤᠯᠭ᠎ᠠ ᠶᠢᠨ ᠦᠭᠦᠯᠡᠯ | ᠨᠢ ᠤᠯᠠᠨ ᠰᠤᠷᠪᠣᠯᠵᠢ ᠪᠢᠴᠢᠭ ᠪᠣᠯᠣᠨ ᠰᠤᠳᠤᠯᠭᠠᠨ ᠤ ᠪᠦᠳᠦᠭᠡᠯ ᠳᠤ ᠲᠤᠯᠭᠠᠭᠤᠷᠢᠯᠠᠨ ᠮᠠᠰᠢ ᠬᠦᠨᠴᠡ ᠲᠠᠢ | ᠴᠢᠨᠠᠷᠯᠢᠭ ᠪᠦᠳᠦᠭᠡᠯ ᠪᠣᠯᠣᠭᠰᠠᠨ ᠭᠡᠵᠦ ᠳᠤᠰᠬᠠᠢ ᠮᠡᠷᠭᠡᠵᠢᠯᠲᠡᠳ ᠰᠠᠨᠠᠯ ᠨᠢᠭᠡᠲᠡᠢ ᠦᠵᠡᠭᠰᠡᠨ︾ ᠬᠡᠮᠡᠨ ᠬᠤᠷᠠᠯ ᠢ | ᠵᠤᠬᠢᠶᠠᠨ ᠪᠠᠶᠢᠭᠤᠯᠤᠭᠴᠢ ᠲᠠᠯ᠎ᠠ ᠶᠢᠨ ᠬᠢᠨ ᠬᠡᠯᠡᠵᠦ ᠪᠠᠶᠢᠯ᠎ᠠ᠃ | ᠡᠨᠡ ᠣᠳᠠᠭᠠᠨ ᠤ ᠬᠤᠷᠠᠯ ᠨᠢ ᠨᠡᠷ᠎ᠡ ᠬᠦᠨᠳᠦᠲᠡᠢ ᠡᠷᠳᠡᠮᠲᠡᠨ ᠰᠤᠳᠤᠯᠤᠭᠠᠴᠢᠳ᠂ ᠶᠡᠭᠡ ᠰᠤᠷᠭᠠᠭᠤᠯᠢ ᠶᠢᠨ | ᠫᠷᠦᠹᠧᠰᠰᠤᠷ᠂ ᠵᠠᠯᠠᠭᠤ ᠰᠤᠳᠤᠯᠤᠭᠴᠢ᠂ ᠠᠵᠢᠯ ᠤᠨ ᠴᠢᠯᠦᠭᠡᠨ ᠤ ᠰᠤᠳᠤᠯᠤᠭᠴᠢ᠂ ᠪᠠᠰᠠ ᠮᠠᠯᠵᠢᠬᠤ | ᠦᠢᠯᠡᠳᠪᠤᠷᠢᠯᠡᠯ ᠢᠶᠠᠨ ᠡᠷᠬᠢᠯᠡᠵᠦ ᠪᠠᠶᠢᠭ᠎ᠠ ᠮᠠᠯᠴᠢᠨ ᠵᠡᠷᠭᠡ ᠬᠦᠮᠦᠰ ᠤᠷᠤᠯᠴᠠᠭᠰᠠᠨ ᠮᠠᠰᠢ ᠣᠳᠬ᠎ᠠ ᠠᠭᠤᠯᠭ᠎ᠠ ᠲᠠᠢ | ᠨᠢᠭᠡᠨ ᠣᠳᠠᠭᠠᠨ ᠤ ᠠᠵᠢᠯᠯᠠᠭ᠎ᠠ ᠪᠣᠯᠣᠭᠰᠠᠨ ᠪᠠᠶᠢᠨ᠎ᠠ᠃ | ︽ᠠᠳᠤᠭᠤᠨ ᠵᠠᠰᠠᠭ︾ ᠭᠡᠳᠡᠭ ᠪᠣᠯ ᠳᠤᠮᠳᠠᠳᠤ ᠤᠯᠤᠰ ᠤᠨ ᠡᠷᠲᠡᠨ ᠤ ᠬᠤᠷᠢᠨ ᠲᠠᠪᠤᠨ ᠲᠡᠣᠬᠡ ᠳᠤ ᠳᠤᠰᠬᠠᠢ | ᠵᠤᠷᠪᠤᠰ ᠢᠶᠠᠷ ᠲᠡᠮᠳᠡᠭᠯᠡᠭᠳᠡᠵᠦ ᠪᠠᠶᠢᠳᠠᠭ᠂ ᠡᠷᠲᠡᠨ ᠤ ᠬᠠᠭᠠᠨᠲᠤ ᠲᠦᠷᠦ ᠶᠢᠨ ᠤᠯᠤᠰ ᠲᠦᠷᠦ᠂ ᠴᠡᠷᠢᠭ ᠤᠨ ᠶᠠᠪᠤᠳᠠᠯ | ᠂ ᠠᠷᠠᠯᠵᠢᠶ᠎ᠠ ᠬᠤᠳᠠᠯᠳᠤᠭ᠎ᠠ᠂ ᠤᠯᠠᠭ᠎ᠠ ᠥᠷᠲᠡᠭᠡ᠂ ᠠᠭᠲᠠ ᠮᠤᠷᠢ ᠤᠨᠤᠵᠤ ᠡᠳ᠋ᠯᠡᠬᠦ᠂ ᠠᠳᠤᠭᠤ ᠮᠠᠯᠵᠢᠬᠤ ᠵᠡᠷᠭᠡ | ᠮᠠᠰᠢ ᠦᠷᠭᠡᠨ ᠠᠭᠤᠯᠭ᠎ᠠ ᠬᠡᠪᠴᠢᠶ᠎ᠡ ᠶᠢ ᠬᠠᠮᠤᠷᠠᠭᠰᠠᠨ ᠨᠢᠭᠡᠨ ᠲᠤᠮᠤ ᠰᠢᠰᠲ᠋ᠧᠮ ᠶᠤᠮ᠃ ᠡᠷᠲᠡᠨ ᠤ ᠲᠡᠤᠬᠡᠨ | ᠵᠤᠬᠢᠶᠠᠯ ᠢ ᠤᠷᠴᠢᠭᠤᠯᠵᠤ ᠲᠠᠶᠢᠯᠪᠤᠷᠢ ᠬᠢᠨ᠎ᠡ ᠭᠡᠳᠡᠭ ᠪᠣᠯ ᠮᠠᠰᠢ ᠭᠡᠴᠡᠭᠦᠦ ᠠᠵᠢᠯ᠃ ᠲᠤᠰ ᠬᠦᠮᠦᠨ ᠦᠪᠡᠷ ᠤᠨ | ᠳᠤᠷ᠎ᠠ ᠰᠤᠨᠢᠷᠬᠠᠯ ᠳᠠᠭᠠᠨ ᠬᠦᠳᠦᠯᠦᠭᠳᠡᠨ 2018 ᠣᠨ ᠳᠤ ︽ᠴᠢᠩ ᠤᠨ ᠲᠡᠣᠬᠡ ᠶᠢᠨ ᠨᠤᠤᠷᠠᠭ︾ ᠳᠠᠬᠢ ︽ | ᠠᠳᠤᠭᠤᠨ ᠵᠠᠰᠠᠭ︾ ᠠᠴᠠ ᠡᠬᠢᠯᠡᠨ ᠤᠷᠤᠯᠳᠤᠭᠰᠠᠨ᠃ ᠤᠳᠤ ᠪᠣᠯᠬᠤ ᠳᠤ ᠴᠢᠩ ᠤᠯᠤᠰ ᠤᠨ ᠠᠳᠤᠭᠤᠨ ᠵᠠᠰᠠᠭ᠂ | ᠮᠢᠩ ᠤᠯᠤᠰ ᠤᠨ ᠠᠳᠤᠭᠤᠨ ᠵᠠᠰᠠᠭ ᠤᠨ ᠲᠤᠬᠠᠢ ᠤᠷᠴᠢᠭᠤᠯᠭ᠎ᠠ ᠶᠢᠨ ᠲᠦᠷᠪᠡᠨ ᠪᠦᠳᠦᠭᠡᠯ ᠢᠶᠠᠨ ︽ᠮᠤᠩᠭᠤᠯ | ᠠᠳᠤᠭᠤ︾ ᠰᠡᠳᠭᠦᠯ ᠳᠤ ᠨᠡᠶᠢᠳᠡᠯᠡᠭᠦᠯᠦᠭᠡᠳ ᠪᠠᠶᠢᠨ᠎ᠠ᠃ ᠮᠢᠨᠤ ᠡᠨᠡ ᠣᠳᠠᠭᠠᠨ ᠤ ᠤᠷᠴᠢᠭᠤᠯᠵᠤ | ᠲᠠᠶᠢᠯᠪᠤᠷᠢᠯᠠᠭᠰᠠᠨ ︽ᠡᠦ ᠯᠦ ᠵᠧᠨ ᠤ ᠠᠳᠤᠭᠤᠨ ᠵᠠᠰᠠᠭ︾ ᠪᠣᠯ ᠡᠦ ᠯᠦ ᠵᠧᠨ ᠤ ︽ᠵᠠᠭᠦᠨ ᠲᠦᠷᠪᠡᠨ | ᠴᠢᠭᠤᠯᠭᠠᠨ ᠤ ᠮᠤᠩᠭᠤᠯᠴᠤᠳ ᠤᠨ ᠪᠤᠳᠠᠳᠤ ᠲᠡᠮᠳᠡᠭᠯᠡᠯ ︵东四盟蒙古实纪) ᠭᠡᠬᠦ ᠵᠤᠬᠢᠶᠠᠯ | ᠳᠠᠬᠢ ︽附马政︾ ᠬᠡᠮᠡᠬᠦ ᠲᠠᠭᠠᠯᠲᠠ ᠭᠡᠰᠡᠭ ᠤᠨ ᠪᠦᠬᠦ ᠠᠭᠤᠯᠭ᠎ᠠ ᠪᠣᠯᠣᠨ᠎ᠠ᠃ ᠡᠨᠡ ᠪᠣᠯ ᠴᠢᠩ | ᠤᠯᠤᠰ ᠤᠨ ᠰᠡᠭᠦᠯᠴᠢ ᠶᠢᠨ ᠥᠶ᠎ᠡ ᠶᠢᠨ ᠦᠪᠤᠷ ᠮᠤᠩᠭᠤᠯ ᠤᠨ ᠵᠠᠭᠦᠨ ᠭᠡᠰᠡᠭ ᠤᠨ ᠠᠳᠤᠭᠤᠨ ᠵᠠᠰᠠᠭ ᠤᠨ ᠲᠤᠬᠠᠢ | ᠲᠡᠮᠳᠡᠭᠯᠡᠭᠰᠡᠨ ᠬᠤᠪᠤᠷ ᠴᠣᠬᠠᠭ ᠰᠤᠷᠪᠣᠯᠵᠢ ᠮᠠᠲ᠋ᠧᠷᠢᠶᠠᠯ ᠪᠣᠯᠬᠤ ᠶᠤᠮ᠃ ᠴᠢᠩ ᠤᠯᠤᠰ ᠤᠨ ᠵᠠᠰᠠᠭ ᠤᠨ | ᠭᠠᠵᠠᠷ ᠲᠤ ᠴᠡᠷᠢᠭ ᠪᠣᠯᠪᠠᠰᠤᠷᠠᠭᠤᠯᠬᠤ ᠭᠠᠵᠠᠷ ᠤᠨ ᠴᠡᠷᠢᠭ ᠤᠨ ᠰᠤᠷᠭᠠᠯᠲᠠ ᠶᠢᠨ ᠭᠡᠯᠲᠡᠰ ᠤᠨ ᠪᠣᠯᠪᠠᠰᠤᠷᠠᠭᠤᠯᠬᠤ | ᠰᠠᠯᠠᠭᠠᠨ ᠤ ᠮᠤᠷᠢᠲᠤ ᠠᠩᠭᠢ ᠶᠢᠨ ᠬᠢᠨᠠᠭᠴᠢ ᠶᠢᠨ ᠳᠤᠰᠢᠶᠠᠯ ᠢ ᠡᠭᠦᠷᠭᠡᠯᠡᠵᠦ ᠪᠠᠶᠢᠭᠰᠠᠨ ᠡᠦ ᠯᠦ ᠵᠧᠨ ᠢᠶᠠᠷ | ᠪᠠᠳᠠᠷᠠᠭᠤᠯᠲᠤ ᠲᠦᠷᠦ ᠶᠢᠨ ᠭᠤᠴᠢᠨ ᠬᠤᠶᠠᠳᠤᠭᠠᠷ ᠣᠨ ︵1906 ᠣᠨ︶ ᠳᠤ ᠭᠠᠳᠠᠭᠠᠲᠤ ᠮᠤᠩᠭᠤᠯ ᠤᠨ | ᠲᠦᠷᠦ ᠶᠢ ᠵᠠᠰᠠᠬᠤ ᠶᠠᠪᠤᠳᠠᠯ ᠤᠨ ᠶᠠᠮᠤᠨ ᠤ ᠡᠷᠬᠢᠨ ᠰᠠᠶᠢᠳ ᠬᠤᠱᠣᠢ ᠴᠢᠨ ᠸᠠᠩ ᠱᠠᠨ ᠴᠢ ᠶᠢ ᠳᠠᠭᠠᠯᠳᠤᠨ ᠦᠪᠤᠷ | ᠮᠤᠩᠭᠤᠯ ᠤᠨ ᠵᠠᠭᠦᠨ ᠲᠦᠷᠪᠡᠨ ᠴᠢᠭᠤᠯᠭᠠᠨ ᠢᠶᠠᠷ ᠬᠦᠷᠴᠦ᠂ ︽ᠮᠤᠩᠭᠤᠯ ᠤᠨ ᠶᠠᠪᠤᠳᠠᠯ ᠢ ᠰᠢᠨᠵᠢᠯᠡᠨ ᠪᠠᠶᠢᠴᠠᠭᠠᠵᠤ︾ | ᠂ ᠰᠡᠭᠦᠯᠡᠷ ᠨᠢ ︽ᠵᠠᠭᠦᠨ ᠲᠦᠷᠪᠡᠨ ᠴᠢᠭᠤᠯᠭᠠᠨ ᠤ ᠮᠤᠩᠭᠤᠯᠴᠣᠳ ᠤᠨ ᠪᠣᠳᠠᠳᠤ ᠲᠡᠮᠳᠡᠭᠯᠡᠯ︾ ᠬᠡᠮᠡᠬᠦ ᠵᠤᠬᠢᠶᠠᠯ | ᠪᠢᠴᠢᠵᠡᠢ᠃ ᠡᠦ ᠯᠦ ᠵᠧᠨ ᠡᠨᠡ ᠬᠦ ᠵᠤᠬᠢᠶᠠᠯ ᠳᠤ ᠪᠠᠨ ᠦᠪᠡᠷ ᠤᠨ ︽ᠠᠵᠢᠯ ᠡᠭᠦᠷᠭᠡ ᠶᠢᠨ ᠬᠠᠷᠠᠭ᠎ᠠ ᠪᠠᠷ | ᠠᠳᠤᠭᠤᠨ ᠵᠠᠰᠠᠭ᠂ ᠪᠤᠭᠤᠮᠲᠠ ᠶᠢᠨ ᠭᠠᠳᠠᠨᠠᠬᠢ ᠴᠡᠷᠢᠭ ᠠᠩᠭᠢ ᠪᠣᠯᠣᠨ ᠠᠳᠤᠭᠤᠨ ᠤ ᠬᠤᠯᠠᠭᠠᠶᠢᠴᠢ ᠶᠢᠨ ᠲᠤᠬᠠᠢ | ᠨᠡᠷᠢᠨ ᠲᠡᠮᠳᠡᠭᠯᠡᠭᠰᠡᠨ︾ ᠪᠠᠶᠢᠳᠠᠭ᠃ ᠪᠢ ᠲᠡᠮᠦᠷ᠎ᠡ᠂ ᠣᠶᠣᠨᠭᠡᠷᠡᠯ ᠤᠨ ᠨᠠᠶᠢᠷᠠᠭᠤᠯᠵᠤ᠂ ᠬᠠᠷᠠᠮᠦ᠋ᠷᠡᠨ ᠤ ᠰᠤᠷᠭᠠᠨ | ᠬᠦᠮᠦᠵᠢᠯ ᠤᠨ ᠬᠡᠪᠯᠡᠯ ᠤᠨ ᠬᠤᠷᠢᠶ᠎ᠠ ᠠᠴᠠ 2014 ᠣᠨ ᠳᠤ ᠬᠡᠪᠯᠡᠭᠦᠯᠦᠭᠰᠡᠨ᠂ ︽中国边疆研究 | 文库·初编·北部边疆卷五︾ ᠭᠡᠬᠦ ᠨᠣᠮ ᠳᠠᠬᠢ ᠣᠭ ᠠᠭᠤᠯᠭ᠎ᠠ ᠶᠢ ︽ᠡᠦ ᠯᠦ | ᠵᠧᠨ ᠤ ︿ᠠᠳᠤᠭᠤᠨ ᠵᠠᠰᠠᠭ﹀︾ ᠭᠡᠮᠡᠨ ᠭᠠᠷᠴᠠᠭᠯᠠᠨ ᠤᠷᠴᠢᠭᠤᠯᠵᠤ᠂ 21 ᠵᠤᠷᠪᠣᠰ ᠲᠡᠶᠢᠯᠪᠣᠷᠢ ᠬᠠᠳᠠᠭᠰᠠᠨ ᠶᠤᠮ | ᠭᠡᠵᠦ ᠲᠦᠮᠡᠨᠪᠠᠶᠠᠷ ᠭᠤᠸᠠᠢ ᠦᠪᠡᠷ ᠤᠨ ᠤᠷᠴᠢᠭᠤᠯᠭ᠎ᠠ ᠶᠢᠨ ᠪᠦᠳᠦᠭᠡᠯ ᠤᠨ ᠢᠶᠠᠨ ᠲᠠᠯ᠎ᠠ ᠪᠠᠷ ᠲᠠᠶᠢᠯᠪᠣᠷᠢᠯᠠᠯᠠ᠃ | ᠲᠦᠮᠡᠨᠪᠠᠶᠠᠷ ᠪᠣᠯ ᠠᠪᠠᠭ᠎ᠠ ᠬᠤᠰᠢᠭᠤᠨ ᠤ ᠪᠡᠯᠭᠦᠳᠡᠢ ᠪᠠᠯᠭᠠᠰᠣᠨ ᠤ ᠠᠯᠳᠠᠨᠬᠠᠩᠭᠠᠢ ᠭᠠᠴᠠᠭᠠᠨ ᠤ ᠣᠣᠭᠠᠯ᠂ | ᠲᠡᠷᠡᠪᠡᠷ 1988 ᠣᠨ ᠳᠤ ᠰᠢᠯᠢ ᠶᠢᠨ ᠬᠤᠲᠠ ᠳᠠᠬᠢ ᠦᠪᠤᠷ ᠮᠤᠩᠭᠤᠯ ᠤᠨ ᠮᠠᠯ ᠠᠵᠤ ᠠᠬᠤᠢ ᠶᠢᠨ | ᠮᠠᠰᠢᠨᠴᠢᠯᠠᠯᠲᠠ ᠶᠢᠨ ᠰᠤᠷᠭᠠᠭᠤᠯᠢ ᠠᠴᠠ ᠲᠡᠭᠦᠰᠴᠦ᠂ ᠠᠪᠠᠭ᠎ᠠ ᠬᠤᠰᠢᠭᠤᠨ ᠤ ᠪᠠᠨ ᠦᠨᠳᠦᠰᠦᠨ ᠱᠠᠳᠤᠨ ᠤ | ᠵᠠᠰᠠᠭ ᠤᠨ ᠠᠵᠢᠯ ᠳᠤ ᠣᠳᠠᠭᠠᠨ ᠵᠢᠯ ᠵᠢᠳᠭᠦᠵᠦ᠂ ᠣᠳᠣ ᠬᠤᠰᠢᠭᠤ ᠨᠣᠮ ᠤᠨ ᠰᠠᠩ ᠳᠤ ᠠᠵᠢᠯᠯᠠᠵᠤ ᠪᠣᠢ᠃ | ᠲᠡᠷᠡ ᠪᠠᠷ ᠣᠳᠠᠭᠠᠨ ᠵᠢᠯ ᠤᠨ ᠳᠣᠷᠰᠢ ᠬᠤᠰᠢᠭᠤ ᠨᠣᠳᠤᠭ ᠤᠨ ᠢᠶᠠᠨ ᠠᠵᠤ ᠠᠬᠤᠢ ᠨᠡᠶᠢᠭᠡᠮ ᠤᠨ ᠬᠦᠭᠵᠢᠯᠲᠡ ᠳᠤ | ᠦᠢᠯᠡᠴᠢᠯᠡᠵᠦ᠂ ᠦᠪᠡᠷ ᠤᠨ ᠭᠡᠬᠦ ᠦᠢᠯᠡᠳᠦᠯ ᠴᠢᠳᠠᠪᠤᠷᠢ ᠪᠠᠨ ᠪᠠᠳᠠᠷᠠᠭᠤᠯᠬᠤ ᠡᠭᠦᠳᠡᠨ ᠠᠴᠠ ᠠᠵᠢᠯ ᠤᠨ ᠴᠢᠯᠦᠭᠡ | ᠵᠠᠪ ᠢᠶᠠᠨ ᠠᠰᠢᠭᠯᠠᠨ ᠮᠤᠩᠭᠤᠯ ᠦᠨᠳᠦᠰᠦᠲᠡᠨ ᠤ ᠲᠡᠣᠬᠡ ᠪᠣᠯᠣᠨ ᠤᠷᠤᠨ ᠨᠣᠳᠤᠭ ᠤᠨ ᠰᠤᠶᠤᠯ ᠲᠡᠤᠬᠡ ᠵᠠᠩ | ᠦᠢᠯᠡ ᠶᠢᠨ ᠲᠠᠯ᠎ᠠ ᠶᠢᠨ ᠮᠡᠳᠡᠯᠭᠡ ᠪᠣᠯᠪᠠᠰᠣᠷᠠᠯ ᠢᠶᠠᠨ ᠳᠡᠭᠡᠭᠰᠢᠯᠡᠭᠦᠯᠬᠦ ᠪᠠᠷ ᠰᠤᠨᠢᠷᠬᠠᠯ ᠪᠣᠯᠭᠠᠨ ᠰᠤᠷᠤᠯᠴᠠᠵᠤ | ᠢᠷᠡᠵᠡᠢ᠃ ᠤᠷᠴᠢᠮ ᠤᠨ ᠵᠢᠯ ᠤᠳ ᠲᠤ ︽ᠪᠦᠷᠭᠦᠳ ᠤᠨ ᠳᠠᠮᠳᠢᠨ ᠪᠠ ᠲᠡᠭᠦᠨ ᠤ ᠶᠡᠭᠡ ᠪᠦᠳᠦᠭᠡᠯ︾᠂ ︽ | ᠯᠾᠠᠮᠦᠰᠦ᠋ᠷᠦ᠋ᠩ ᠤᠨ ︿ᠠᠯᠳᠠᠨ ᠲᠣᠯᠢ﹀ ᠶᠢᠨ ᠣᠯᠠᠨ ᠬᠡᠪᠯᠡᠯ︾᠂ ︽ᠨᠡᠭᠦᠳᠡᠯ ᠮᠠᠯᠵᠢᠯ ᠤᠨ ᠣᠯᠠᠷᠢᠯ ᠬᠤᠪᠢᠰᠤᠯ︾ | ᠵᠡᠷᠭᠡ ᠭᠤᠷᠪᠠᠨ ᠨᠣᠮ ᠨᠠᠶᠢᠷᠠᠭᠤᠯᠵᠤ ᠤᠷᠴᠢᠭᠤᠯᠤᠨ ᠬᠡᠪᠯᠡᠭᠦᠯᠦᠭᠰᠡᠨ ᠪᠠ 20 ᠰᠢᠬᠠᠮ ᠦᠬᠦᠯᠡᠯ ᠵᠤᠬᠢᠶᠠᠯ ᠢᠶᠠᠨ | ᠦᠪᠡᠷᠲᠡᠭᠡᠨ ᠵᠠᠰᠠᠬᠤ ᠤᠷᠤᠨ ᠤ ᠰᠡᠳᠭᠦᠯ ᠤᠳ ᠲᠤ ᠨᠡᠶᠢᠲᠡᠯᠡᠭᠦᠯᠵᠡᠢ᠃ | ᠡᠷᠲᠡᠨ ᠤ ᠬᠢᠲᠡᠳ ᠬᠡᠯᠡᠨ ᠤ ᠵᠤᠬᠢᠶᠠᠯ ᠢ ᠣᠳᠣ ᠶᠢᠨ ᠬᠢᠲᠡᠳ ᠬᠡᠯᠡ ᠪᠠᠷ ᠬᠦᠷᠪᠡᠭᠦᠯᠦᠨᠡ ᠭᠡᠳᠡᠭ ᠪᠣᠯ ᠮᠠᠰᠢ | ᠬᠦᠴᠢᠷᠲᠡᠢ ᠨᠢᠭᠡᠨ ᠮᠡᠷᠭᠡᠵᠢᠯ ᠪᠣᠯᠬᠤ ᠪᠦᠭᠡᠳ ᠡᠷᠲᠡᠨ ᠤ ᠲᠡᠣᠬᠡᠨ ᠵᠤᠬᠢᠶᠠᠯ ᠢ ᠮᠤᠩᠭᠤᠯ ᠢᠶᠠᠷ ᠤᠷᠴᠢᠭᠤᠯᠵᠤ ᠪᠠᠰᠠ | ᠲᠠᠶᠢᠯᠪᠤᠷᠢ ᠬᠢᠬᠦ ᠪᠣᠯ ᠲᠡᠶᠢᠮᠦ ᠲᠦᠭᠦᠮ ᠬᠢᠯᠪᠡᠷ ᠠᠵᠢᠯ ᠪᠢᠰᠢ ᠭᠡᠳᠡᠭ ᠢ ᠬᠡᠨ ᠪᠦᠭᠦᠨ ᠣᠶᠢᠯᠠᠭᠠᠨ᠎ᠠ᠃ ᠡᠷᠲᠡᠨ ᠤ | ᠵᠤᠬᠢᠶᠠᠯ ᠳᠠᠬᠢ ᠠᠳᠤᠭᠤᠨ ᠰᠤᠶᠤᠯ ᠤᠨ ᠦᠷᠭᠡᠨ ᠬᠦᠷᠢᠶ᠎ᠡ ᠬᠡᠪᠴᠢᠶ᠎ᠡ ᠪᠦᠬᠦᠢ ᠲᠡᠣᠬᠡ ᠶᠢᠨ ᠠᠭᠤᠯᠭ᠎ᠠ ᠨᠢ | ᠲᠦᠮᠡᠨᠪᠠᠶᠠᠷ ᠤᠨ ᠠᠩᠬᠠᠷᠤᠯ ᠰᠤᠨᠢᠷᠬᠠᠯ ᠢ ᠢᠮᠠᠭᠲᠠ ᠰᠤᠷᠢᠨᠵᠢᠨᠳᠠᠨ ᠲᠠᠲᠠᠵᠤ ᠪᠠᠶᠢᠳᠠᠭ ᠠᠴᠠ ᠲᠡᠷᠡ ᠪᠠᠷ ᠮᠠᠰᠢ ᠶᠡᠭᠡ | ᠴᠠᠭ ᠬᠦᠴᠦ ᠵᠠᠷᠤᠴᠠᠭᠤᠯᠤᠨ ᠰᠢᠷᠭᠠᠭᠤ ᠳᠠᠭᠠᠭᠠᠮᠠᠭᠠᠢ ᠤᠷᠤᠯᠳᠤᠭᠰᠠᠭᠠᠷ ᠪᠣᠢ᠃ | ︽ᠴᠡᠭ ᠲᠡᠮᠳᠡᠭ ᠦᠭᠡᠢ ᠡᠷᠲᠡᠨ ᠤ ᠬᠢᠲᠠᠳ ᠬᠡᠯᠡᠨ ᠤ ᠵᠤᠬᠢᠶᠠᠯ ᠢ ᠬᠠᠮᠢᠭᠠᠭᠤᠷ ᠨᠢ ᠲᠠᠰᠤᠯᠵᠤ | ᠣᠩᠰᠢᠬᠤ ᠪᠠᠨ ᠬᠦᠷᠲᠡᠯ᠎ᠡ ᠮᠡᠳᠡᠬᠦ ᠦᠭᠡᠢ ᠵᠤᠪᠠᠳᠠᠭ ᠥᠶ᠎ᠡ ᠪᠣᠢ᠂ ᠨᠢᠬᠡ ᠬᠤᠶᠠᠷᠬᠠᠨ ᠦᠰᠦᠭ ᠤᠨ ᠤᠴᠢᠷ | ᠣᠬᠠᠭᠠᠨ ᠢ ᠣᠯᠬᠤ ᠶᠢᠨ ᠲᠦᠯᠦᠭᠡ ᠬᠡᠴᠢᠨᠡᠨ ᠲᠡᠪᠳᠡᠷ ᠨᠣᠮ ᠪᠢᠴᠢᠭ᠂ ᠰᠤᠳᠤᠯᠭᠠᠨ ᠤ ᠪᠦᠳᠦᠭᠡᠯ ᠡᠷᠬᠢᠭᠦᠯᠬᠦ | ᠴᠢᠬᠤᠯᠠᠲᠠᠢ ᠪᠣᠯᠳᠠᠭ᠃ ᠡᠨᠡ ᠪᠦᠬᠦᠨ ᠳᠤ ᠬᠠᠮᠤᠭ ᠤᠨ ᠳᠤᠰᠠ ᠪᠣᠯᠳᠠᠭ ᠨᠢ ᠰᠦᠯᠵᠢᠶᠡᠨ ᠤ ᠡᠬᠢ ᠪᠠᠶᠠᠯᠢᠭ ᠶᠤᠮ︾ | ᠬᠡᠮᠡᠨ ᠲᠦᠮᠡᠨᠪᠠᠶᠡᠷ ᠭᠤᠸᠠᠢ ᠶᠠᠷᠢᠵᠤ ᠪᠠᠶᠢᠯ᠎ᠠ᠃ | ᠲᠦᠮᠡᠨᠪᠠᠶᠡᠷ ᠭᠤᠸᠠᠢ ᠤᠷᠴᠢᠮ ᠤᠨ ᠵᠢᠯ ᠤᠨ ᠤᠷᠴᠢᠭᠤᠯᠭ᠎ᠠ ᠶᠢᠨ ᠶᠠᠪᠤᠴᠠ ᠳᠠᠭᠠᠨ ᠦᠩᠭᠡᠷᠡᠭᠰᠡᠨ ᠤ ᠵᠠᠷᠢᠮ | ᠵᠤᠬᠢᠶᠠᠯ ᠳᠠᠬᠢ ᠠᠯᠳᠠᠭ᠎ᠠ ᠳᠠᠰᠢᠶ᠎ᠠ ᠲᠠᠢ ᠵᠦᠢᠯ ᠢ ᠣᠯᠵᠤ ᠬᠠᠷᠠᠭᠠᠳ ᠵᠠᠰᠠᠵᠤ ᠵᠠᠯᠠᠷᠠᠭᠤᠯᠬᠤ ᠵᠣᠷᠢᠭᠲᠠᠢ | ᠤᠷᠤᠯᠳᠤᠯᠭ᠎ᠠ ᠬᠢᠵᠦ ᠵᠣᠬᠢᠬᠤ ᠦᠷ᠎ᠡ ᠪᠦᠳᠦᠮᠵᠢ ᠣᠯᠵᠠᠢ᠃ ᠳᠠᠷᠤᠢ ︽ᠶᠤᠸᠠᠨ ᠤ ᠲᠡᠣᠬᠡ︾ ᠳᠠᠬᠢ ︽ | ᠪᠡᠯᠭᠦᠳᠡᠢ ᠶᠢᠨ ᠨᠠᠮᠳᠠᠷ︾ ᠢ ᠤᠷᠴᠢᠭᠤᠯᠵᠤ ᠲᠠᠶᠢᠯᠪᠣᠷᠢᠯᠠᠨ ᠦᠩᠭᠡᠷᠡᠭᠰᠡᠨ ᠤ ᠵᠠᠷᠢᠮ ᠨᠣᠮ ᠪᠢᠴᠢᠭ ᠲᠠᠬᠢ ︽ᠪᠣᠷᠣ | ᠪᠦᠳᠦᠭᠦᠯᠢᠭ︾ ᠭᠡᠬᠦ ᠮᠡᠲᠦ ᠶᠢᠨ ᠬᠡᠳᠤᠨ ᠢᠯᠡᠷᠬᠡᠢ ᠠᠯᠳᠠᠭ᠎ᠠ ᠲᠠᠰᠢᠶ᠎ᠠ ᠶᠢ ᠵᠠᠯᠠᠷᠠᠭᠤᠯᠤᠭᠰᠡᠨ ᠪᠠ ᠤᠭ ᠦᠬᠦᠯᠡᠯ | ᠢᠶᠠᠨ ︽ᠦᠪᠤᠷ ᠮᠤᠩᠭᠤᠯ ᠤᠨ ᠶᠡᠭᠡ ᠰᠤᠷᠭᠠᠭᠤᠯᠢ ᠶᠢᠨ ᠡᠷᠳᠡᠮ ᠰᠢᠡᠵᠢᠯᠡᠬᠡᠨ ᠤ ᠰᠡᠳᠬᠦᠯ︾ ᠳᠤ | ᠨᠠᠶᠢᠳᠡᠯᠡᠬᠦᠯᠦᠭᠰᠡᠨ ᠨᠢ ᠦᠪᠡᠷ ᠤᠨ ᠤᠳᠠᠭᠠᠨ ᠵᠢᠯ ᠲᠡᠬᠡᠬᠡᠵᠤ ᠶᠠᠪᠤᠭᠰᠡᠨ ᠨᠢᠬᠡᠨ ᠡᠬᠡᠳᠡᠷᠡᠭᠡ ᠮᠠᠳᠠᠭ ᠨᠢ | ᠲᠠᠶᠢᠯᠤᠭᠳᠠᠵᠤ᠂ ᠰᠡᠳᠬᠢᠯ ᠤᠨ ᠶᠡᠭᠡ ᠲᠠᠶᠢᠳᠬᠤᠷᠠᠭᠤᠯᠤᠯ ᠤᠯᠵᠠᠢ᠃ | ᠤᠷᠴᠢᠭᠤᠯᠭ᠎ᠠ ᠪᠤᠯ ᠮᠠᠰᠢ ᠴᠢᠩᠭ᠎ᠠ ᠨᠢᠮᠪᠠᠢ ᠠᠵᠢᠯ ᠮᠥᠨ᠃ ᠦᠨᠢ ᠡᠷᠳᠡᠨ ᠤ ᠲᠡᠤᠬᠡ ᠲᠠᠢ ᠤᠷᠴᠢᠭᠤᠯᠭ᠎ᠠ ᠶᠢᠨ | ᠦᠢᠯᠡᠰ ᠤᠳᠤ ᠳᠤ ᠬᠦᠷᠳᠡᠯ᠎ᠠ ᠬᠦᠭᠵᠢᠵᠤ ᠲᠠᠪᠰᠢᠵᠤ ᠢᠷᠡᠬᠦ ᠳᠡᠭᠡᠨ ᠡᠷᠬᠢᠮ ᠪᠠᠶᠠᠯᠢᠭ ᠦᠪ ᠤᠯᠠᠮᠵᠢᠯᠠᠯ ᠢ | ᠪᠦᠳᠤᠬᠡᠵᠤ᠂ ᠦᠶ᠎ᠠ ᠦᠶ᠎ᠠ ᠶᠢᠨ ᠬᠦᠮᠤᠰ ᠵᠠᠯᠭᠠᠮᠵᠢᠯᠠᠨ ᠬᠦᠭᠵᠢᠬᠦᠯᠦᠭᠰᠡᠬᠡᠷ ᠪᠠᠭ᠋ᠠᠷᠬᠠᠭᠤᠰᠢᠳᠡᠢ ᠠᠮᠵᠢᠯᠳᠠ | ᠪᠢᠴᠢᠭᠯᠡᠭᠰᠡᠨ ᠪᠠᠶᠢᠳᠠᠭ᠃ ᠮᠤᠩᠭᠤᠯ ᠬᠡᠯᠡᠨ ᠤ ᠤᠷᠴᠢᠭᠤᠯᠤᠭᠴᠢᠳ ᠦᠪᠡᠷ ᠤᠨ ᠡᠷᠳᠡᠮ ᠮᠡᠷᠬᠡᠵᠢᠯ ᠨᠦᠷᠢ ᠶᠡᠭᠡ | ᠬᠦᠴᠤ ᠬᠦᠳᠡᠯᠮᠤᠷᠢ ᠪᠠᠨ ᠵᠠᠷᠤᠴᠠᠭᠤᠯᠤᠨ ᠪᠠᠶᠢᠵᠤ᠂ ᠤᠯᠠᠨ ᠠᠷᠪᠢᠨ ᠡᠷᠳᠡᠨ ᠤ ᠲᠡᠤᠬᠡᠨ ᠵᠤᠬᠢᠶᠠᠯ ᠤᠷᠴᠢᠭᠤᠯᠵᠤ | ᠦᠡᠳᠤᠰᠤᠳᠠᠨ ᠤ ᠪᠠᠨ ᠤᠶᠤᠨ ᠤ ᠰᠠᠩ ᠢ ᠪᠠᠶᠠᠵᠢᠭᠤᠯᠵᠤ ᠢᠷᠠᠵᠠᠢ᠃ ᠬᠡᠪᠡᠴᠤ᠂ ᠵᠠᠷᠢᠮ ᠤᠷᠴᠢᠭᠤᠯᠭ᠎ᠠ ᠳᠤ ᠪᠠᠰᠠ | ᠡᠳᠤᠢ ᠲᠠᠳᠤᠢ ᠠᠰᠠᠭᠤᠳᠠᠯ ᠤᠷᠤᠰᠢᠵᠤ᠂ ᠤᠡᠴᠠ ᠵᠠᠷᠢᠮ ᠨᠢ ᠰᠡᠳᠬᠢᠯ ᠡᠮᠵᠡᠭᠯᠡᠬᠦᠯᠬᠦ ᠬᠡᠮᠵᠢᠶᠠᠨ ᠳᠤ ᠬᠦᠷᠴᠤ | ᠪᠠᠶᠢᠭ᠎ᠠ ᠨᠢ ᠬᠠᠷᠠᠮᠰᠠᠯᠳᠡᠢ᠃ ᠡᠶᠢᠡᠬᠦ ᠲᠦᠮᠡᠡᠪᠡᠶᠡᠷ ᠭᠤᠸᠠᠢ ᠡᠨ᠋ᠨ ᠬᠦ ᠰᠡᠳᠤᠪ ᠢᠶᠠᠷ ︽ᠡᠷᠳᠡᠨ ᠤ ᠲᠡᠤᠬᠡᠨ ᠳᠤ | ᠬᠤᠯᠪᠤᠭᠳᠠᠬᠤ ᠢᠯᠡᠷᠬᠡᠢ ᠠᠯᠳᠠᠭ᠎ᠠ ᠲᠠᠢ ᠬᠡᠳᠤᠨ ᠤᠷᠴᠢᠭᠤᠯᠭ᠎ᠠ ᠠᠴᠠ ᠰᠡᠳᠤᠪᠯᠡᠬᠦ ᠨᠢ︾ ᠬᠡᠳᠡᠭ ᠦᠬᠦᠯᠡᠯ ᠪᠢᠴᠢᠵᠤ | ᠂ ᠰᠠᠶ᠋ᠢᠬᠠᠨ ᠪᠡᠬᠡᠵᠢᠩ ᠬᠤᠳᠠᠨ᠎ᠠ ᠪᠤᠯᠤᠭᠰᠡᠨ ︽ᠲᠤᠮᠳᠠᠳᠤ ᠤᠯᠤᠰ ᠤᠨ ᠮᠤᠩᠭᠤᠯ ᠬᠡᠯᠡ ᠪᠢᠴᠢᠭ ᠤᠨ ᠰᠢᠡᠵᠢᠯᠡᠬᠡᠨ | ᠤ ᠨᠠᠶᠢᠬᠡᠮᠯᠢᠭ ᠤᠨ 2023 ᠤᠨ ᠤ ᠡᠬᠡᠯᠵᠢᠳᠤ ᠬᠤᠷᠡᠯ ᠵᠢᠴᠢ ᠲᠦᠯᠤᠬᠡᠯᠡᠭᠴᠢᠳ ᠤᠨ ᠶᠡᠭᠡ ᠬᠤᠷᠡᠯ︾ ᠳᠤ | ᠦᠬᠦᠯᠡᠯ ᠢᠶᠠᠨ ᠤᠩᠰᠢᠵᠤ ᠰᠠᠶᠢᠨ ᠦᠨᠡᠯᠡᠯᠳᠡ ᠤᠯᠵᠠᠢ᠃ | ᠲᠦᠮᠡᠡᠪᠠᠶᠠᠷ ᠭᠤᠸᠠᠢ ᠶᠢᠨ ᠲᠠᠷᠠᠭᠠᠴᠢ ᠶᠢᠨ ᠲᠦᠯᠤᠪᠯᠡᠭᠡ ᠶᠢ ᠨᠢ ᠰᠤᠨᠢᠭᠤᠴᠢᠯᠠᠨ ᠠᠰᠠᠭᠤᠬᠤ ᠳᠤ ᠲᠠᠷᠠ᠄ | ︽︿ᠠᠳᠤᠭᠤᠨ ᠵᠠᠰᠠᠭ﹀︾ ᠬᠡᠬᠦ ᠨᠡᠯᠤᠬᠡᠷ ᠶᠡᠭᠡ ᠲᠠᠯᠠᠢ ᠳᠤ ᠠᠩᠬ᠎ᠠ ᠡᠬᠢᠨ ᠳᠡᠭᠡᠨ ᠶᠠᠭᠤ ᠶᠢ ᠨᠢ ᠴᠤ ᠮᠡᠳᠡᠭᠡ | ᠦᠬᠡᠢ ᠬᠠᠯᠠᠭᠤᠨ ᠵᠤᠷᠢᠭ ᠢᠶᠠᠷ ᠨᠢᠳᠤ ᠪᠠᠨ ᠠᠨᠢᠭᠠᠳ ᠤᠷᠤᠵᠤ ᠪᠠᠶᠢᠭᠰᠡᠨ ᠪᠤᠯ ᠤᠳᠤ ᠪᠤᠯᠬᠤ ᠳᠤ ᠦᠪᠡᠷ ᠤᠨ | ᠬᠠᠮᠢᠭ᠎ᠠ ᠪᠠᠶᠢᠭ᠎ᠠ︖ ᠶᠠᠮᠠᠷ ᠵᠥᠢᠯ ᠢ ᠶᠠᠭᠠᠬᠢᠵᠤ ᠬᠢᠪᠠᠯ ᠵᠤᠬᠢᠰᠳᠡᠢ ᠬᠡᠳᠡᠭ ᠢᠶᠠᠨ ᠲᠤᠳᠤᠷᠬᠠᠢ ᠮᠠᠳᠠᠯ᠎ᠠ᠃ | ᠲᠠᠷᠠᠭᠠᠴᠢ ᠪᠠᠷ ᠢᠷᠬᠡᠨ ᠤᠯᠤᠰ ᠤᠨ ᠦᠶ᠎ᠠ ᠶᠢᠨ ᠠᠳᠤᠭᠤᠨ ᠵᠠᠰᠠᠭ ᠶᠤᠸᠠᠨ ᠤᠯᠤᠰ ᠤᠨ ᠦᠶ᠎ᠠ ᠶᠢᠨ ᠠᠳᠤᠭᠤᠨ | ᠵᠠᠰᠠᠭ ᠤᠨ ᠬᠠᠮᠢᠶ᠎ᠠ ᠲᠠᠢ ᠵᠥᠢᠯ ᠢ ᠤᠷᠤᠯᠳᠤᠬᠤ ᠪᠠᠷ ᠲᠦᠯᠤᠪᠯᠡᠵᠤ ᠪᠤᠢ᠃ ᠡᠬᠦᠨ ᠤ ᠪᠠᠨ ᠵᠠᠷᠬᠡ ᠬᠢᠳᠡᠳ | ᠰᠤᠷᠪᠤᠯᠵᠢ ᠳᠠᠬᠢ ᠪᠡᠯᠬᠦᠳᠡᠢ ᠶᠢᠨ ᠤᠭᠰᠠᠭᠠᠨ ᠤ ᠲᠡᠤᠬᠡᠨ ᠬᠦᠮᠤᠰ ᠤᠨ ᠦᠢᠯᠡ ᠠᠵᠢᠯᠯᠠᠭ᠎ᠠ ᠶᠢᠨ ᠲᠤᠬᠠᠢ | ᠲᠡᠮᠳᠡᠭᠯᠡᠯ ᠢ ᠴᠤᠭᠯᠠᠭᠤᠯᠵᠤ᠂ ᠬᠤᠰᠢᠭᠤ ᠨᠤᠳᠤᠭ ᠤᠨ ᠢᠶᠠᠨ ᠰᠤᠶᠤᠯ ᠲᠡᠤᠬᠡ ᠶᠢᠨ ᠠᠵᠢᠯ ᠳᠤ ᠪᠠᠭ᠎ᠠ ᠴᠤ ᠬᠡᠰᠡᠨ | ᠬᠤᠪᠢ ᠨᠠᠮᠠᠷᠢ ᠪᠠᠨ ᠡᠷᠬᠦᠶ᠎ᠠ ᠬᠡᠮᠡᠨ ᠪᠤᠳᠤᠵᠤ ᠪᠠᠶᠢᠨ᠎ᠠ ᠬᠡᠯ᠎ᠠ᠃ |