| ᠡᠷᠳᠡ ᠲᠡᠬᠡᠳᠣ ᠶᠢᠨ ᠡᠪᠦᠭᠡ ᠲᠡᠬᠡᠳᠣᠰ ᠠᠴᠠ ᠪᠠᠨ ᠦᠪᠯᠡᠵᠥ ᠢᠷᠡᠭᠰᠡᠨ ᠡᠨᠡ ᠰᠠᠶᠢᠬᠠᠨ ᠨᠣᠳᠤᠭ ᠣᠷᠣᠨ | ᠳᠠᠭᠠᠨ ᠡᠵᠡᠨ ᠨᠢ ᠪᠣᠯᠵᠥ᠂ ᠡᠷᠢᠨ ᠴᠠᠭ ᠤᠨ ᠬᠦᠭᠵᠢᠯ ᠲᠠᠪᠰᠢᠯ ᠤᠨ ᠬᠦᠭ ᠠᠶᠢᠵᠢᠮ ᠳᠤ ᠠᠯᠬᠤᠭ᠎ᠠ ᠨᠡᠶᠢᠯᠡᠬᠦᠯᠥᠨ | ᠂ ᠬᠡᠳᠣᠨ ᠮᠢᠩᠭᠠᠨ ᠵᠢᠯ ᠢᠶᠠᠷ ᠣᠯᠠᠮᠵᠢᠯᠠᠵᠥ ᠢᠷᠡᠭᠰᠡᠨ ᠮᠠᠯ ᠠᠵᠥ ᠠᠬᠤᠢ ᠪᠠᠨ ᠰᠠᠶᠢᠳᠣᠷ ᠡᠷᠬᠢᠯᠡᠵᠥ᠂ ᠬᠡᠨ ᠠᠴᠠ | ᠴᠣ᠋ ᠲᠣᠳᠠᠬᠤ ᠦᠬᠡᠢ ᠪᠠᠶᠠᠨ ᠴᠢᠨᠡᠬᠡᠯᠢᠭ ᠣᠷᠣᠰᠢᠨ ᠠᠮᠢᠳᠣᠷᠠᠵᠥ ᠢᠷᠡᠭᠰᠡᠨ ᠮᠠᠯᠴᠢᠨ ᠲᠦᠮᠡᠨ ᠮᠣᠩᠭᠤᠯ ᠨᠣᠳᠤᠭ | ᠲᠤ ᠮᠢᠨᠢ ᠮᠣᠩ ᠦᠬᠡᠢ ᠣᠯᠠᠨ ᠪᠠᠶᠢᠬᠤ ᠨᠢ ᠮᠡᠳᠡᠬᠡᠵᠢ᠃ ᠰᠢᠷᠠᠭᠴᠢᠨ ᠭᠠᠭ᠋ᠠᠢ ᠵᠢᠯ ᠤᠨ ᠬᠠᠩᠰᠢ ᠨᠡᠬᠡᠬᠡᠭᠰᠡᠨ ᠤ | ᠲᠠᠷᠠᠭᠠᠬᠠᠨ ᠵᠠᠪᠰᠢᠶᠠᠨ ᠲᠣᠬᠢᠶᠠᠯ ᠬᠠᠷᠭᠤᠵᠥ ᠠᠪᠠᠭ᠎ᠠ ᠨᠣᠳᠤᠭ ᠲᠠᠭᠠᠨ ᠠᠵᠢᠯᠴᠢ ᠮᠠᠯᠴᠢᠨ ᠤ ᠲᠣᠭᠠᠨ ᠳᠤ ᠪᠠᠭᠳᠠᠨ | ᠠᠷᠠᠳ ᠣᠯᠠᠨ ᠤ ᠪᠠᠨ ᠲᠠᠭᠠᠭᠤᠯᠣᠭᠴᠢ ᠪᠣᠯᠣᠨ ᠬᠢᠯᠡᠷᠡᠵᠥ ᠶᠠᠪᠣᠭ᠎ᠠ ᠣᠶᠣᠨᠬᠡᠷᠡᠯ ᠡᠬᠡᠴᠢ ᠲᠠᠢ ᠠᠭᠤᠯᠵᠠᠨ | ᠲᠠᠨᠢᠯᠴᠠᠵᠥ᠂ ᠡᠬᠦᠨ ᠤ ᠣᠯᠠᠮ ᠢᠶᠠᠷ ᠲᠡᠬᠦᠨ ᠤ ᠬᠦᠮᠦᠨ ᠳᠤ ᠡᠬᠡᠯᠢᠳᠡᠢ᠂ ᠬᠦᠳᠡᠯᠮᠣᠷᠢ ᠳᠤ ᠰᠢᠵᠢᠷᠠᠭᠤᠨ ᠵᠠᠩ | ᠰᠣᠷᠳᠠᠯ ᠢ ᠣᠶᠢᠯᠠᠭᠠᠨ ᠬᠦᠨᠳᠦᠳᠬᠡᠬᠦ ᠶᠢᠨ ᠵᠡᠷᠬᠡᠴᠡᠭᠡ ᠰᠣᠳᠣᠨ ᠰᠠᠶᠢᠬᠠᠨ ᠦᠢᠯᠡ ᠠᠵᠢᠯᠯᠠᠭ᠎ᠠ ᠶᠢ ᠨᠢ | ᠰᠣᠷᠪᠣᠯᠵᠢᠯᠠᠨ ᠪᠢᠴᠢᠭᠰᠡᠨ ᠲᠡᠮᠳᠡᠭᠯᠠᠯ ᠨᠢ ᠡᠨᠡ ᠪᠢᠯᠡ᠃ | ᠲᠦᠷᠦᠭᠰᠡᠨ ᠨᠣᠳᠤᠭ — ᠲᠡᠮᠡᠴᠡᠵᠥ ᠶᠠᠪᠣᠬᠤ ᠶᠢᠨ ᠦᠨᠢᠳᠠ ᠶᠢᠨ ᠪᠠᠳᠣᠶᠣᠰᠣ | ᠮᠣᠩᠭᠤᠯ ᠦᠨᠳᠣᠰᠣᠳᠡᠨ ᠤ ᠮᠢᠨᠢ ᠲᠡᠣᠬᠡᠨ ᠳᠤ ᠡᠷᠳᠡ ᠲᠡᠬᠡᠳᠣ ᠠᠴᠠ ᠪᠠᠨ ᠪᠦᠰᠡᠬᠦᠢ ᠣᠬᠠᠭᠠᠨ ᠢᠶᠠᠷ ᠢᠶᠠᠨ | ᠪᠦᠬᠦᠯᠢ ᠪᠦᠳᠦᠨ ᠨᠣᠳᠤᠭ ᠣᠷᠣᠨ ᠢᠶᠠᠨ ᠲᠡᠬᠡᠭᠰᠢ ᠨᠢ ᠲᠡᠳᠡᠵᠥ ᠶᠠᠪᠣᠭᠰᠠᠨ ᠰᠢᠯᠢᠳᠡᠭ ᠡᠮᠡᠭᠳᠡᠢ ᠣᠯᠠᠨ ᠪᠠᠶᠢᠭᠰᠠᠨ | ᠨᠢ ᠮᠡᠳᠡᠬᠡᠵᠢ᠂ ᠣᠳᠣ ᠴᠣ᠋ ᠬᠡᠰᠡᠨ ᠲᠠᠯ᠎ᠠ ᠪᠠᠨ ᠰᠢᠭ᠋ ᠠᠭᠤᠳᠠᠮ ᠰᠠᠷᠠᠭᠤᠯ ᠣᠬᠠᠭᠠᠨ ᠲᠠᠢ ᠲᠠᠪᠣᠨ ᠬᠤᠰᠢᠭᠤ ᠮᠠᠯ | ᠢᠶᠠᠨ ᠲᠡᠭᠰᠢ ᠦᠰᠬᠡᠨ᠂ ᠲᠠᠩᠰᠤᠭ ᠰᠠᠶᠢᠬᠠᠨ ᠴᠢᠨᠡᠬᠡᠯᠢᠭ ᠠᠮᠢᠳᠣᠷᠠᠯ ᠢᠶᠠᠨ ᠴᠣᠭᠴᠠᠯᠠᠵᠥ ᠶᠠᠪᠣᠭ᠎ᠠ ᠲᠠᠨᠢᠯ ᠲᠠᠰᠣᠯ | ᠪᠦᠰᠡᠬᠦᠶᠢᠴᠣᠣᠯ ᠣᠯᠠᠨ ᠪᠠᠶᠢᠭ᠎ᠠ ᠶᠢᠨ ᠨᠢᠬᠡᠨ ᠨᠢ ᠠᠪᠠᠭ᠎ᠠ ᠬᠤᠰᠢᠭᠤᠨ ᠤ ᠪᠠᠶᠠᠨᠴᠠᠭᠠᠨ ᠪᠠᠯᠭᠠᠰᠣᠨ ᠤ ᠪᠤᠨᠳᠡᠷᠢ | ᠭᠠᠴᠠᠭᠠᠨ ᠤ ᠣᠣᠯ ᠤᠨ ᠨᠠᠮ ᠤᠨ ᠡᠬᠦᠷ ᠤᠨ ᠱᠦᠵᠢ᠂ ᠰᠢᠯᠢᠳᠡᠭ ᠨᠠᠮ ᠤᠨ ᠬᠡᠰᠢᠬᠦᠨ ᠣᠶᠣᠨᠬᠡᠷᠡᠯ ᠪᠠᠶᠢᠭ᠎ᠠ᠃ | ᠰᠢᠯᠢᠳᠡᠭ ᠨᠠᠮ ᠤᠨ ᠬᠡᠰᠢᠬᠦᠨ ᠣᠶᠣᠨᠬᠡᠷᠡᠯ 1961 ᠣᠨ ᠳᠤ ᠣᠣᠯ ᠪᠠᠶᠠᠨᠴᠠᠭᠠᠨ ᠰᠣᠮᠣᠨ ᠤ ᠠᠯᠳᠠᠨᠬᠠᠩᠭᠠᠢ | ᠭᠠᠴᠠᠭᠠᠨ ᠤ ᠪᠠᠷᠠᠭᠤᠨ ᠣᠪᠣᠭᠠᠳᠣ ᠬᠡᠳᠡᠭ ᠭᠠᠵᠠᠷ ᠠᠶᠢᠯ ᠤᠨ ᠭᠤᠷᠪᠠᠨ ᠬᠡᠣᠬᠡᠳ ᠤᠨ ᠪᠠᠭ᠎ᠠ ᠦᠬᠢᠨ ᠨᠢ ᠪᠣᠯᠵᠥ | ᠲᠦᠷᠦᠭᠰᠡᠨ ᠪᠢᠯᠡ᠃ 1968 ᠣᠨ ᠳᠤ ᠠᠪᠠᠭ᠎ᠠ ᠬᠤᠰᠢᠭᠤᠨ ᠤ ᠮᠣᠩᠭᠤᠯ ᠪᠠᠭ᠎ᠠ ᠰᠣᠷᠭᠠᠭᠤᠯᠢ ᠳᠤ ᠠᠩᠬ᠎ᠠ | ᠰᠣᠷᠭᠠᠭᠤᠯᠢ ᠶᠢᠨ ᠪᠣᠱᠤᠭ᠎ᠠ ᠶᠢ ᠠᠯᠬᠤᠵᠥ ᠣᠷᠣᠨ ᠤ ᠲᠡᠰ ᠤᠨ ᠰᠢᠯᠢᠳᠡᠭ ᠪᠠᠭᠰᠢ ᠱᠢᠷᠣᠨᠵᠢᠳ ᠶᠢᠨ ᠰᠣᠷᠣᠭᠴᠢ | ᠪᠣᠯᠣᠭᠰᠠᠨ ᠢᠶᠠᠨ 1978 ᠣᠨ ᠳᠤ ᠠᠩᠬ᠎ᠠ ᠲᠣᠮᠳᠠ ᠪᠠᠨ ᠠᠮᠵᠢᠯᠳᠠ ᠲᠠᠢ ᠲᠡᠬᠦᠰᠬᠡᠬᠡᠳ ᠲᠣᠬᠠᠢ ᠶᠢᠨ ᠦᠶ᠎ᠡ | ᠶᠢᠨ ᠨᠦᠬᠦᠴᠡᠯ ᠪᠣᠯᠥᠯᠴᠠᠭᠠ ᠪᠠᠷᠣᠭᠳᠡᠢ ᠪᠠᠶᠢᠭᠰᠠᠨ ᠤ ᠬᠠᠷᠠᠭ᠎ᠠ ᠪᠠᠷ ᠴᠢᠨᠠᠭᠰᠢᠳᠡ ᠰᠣᠷᠭᠠᠭᠤᠯᠢ ᠲᠠᠪᠰᠢᠵᠥ | ᠴᠢᠳᠠᠭᠰᠠᠨ ᠦᠬᠡᠢ᠂ ᠬᠦᠳᠡᠭᠡ ᠨᠣᠳᠤᠭ ᠲᠠᠭᠠᠨ ᠪᠣᠴᠠᠵᠥ ᠬᠦᠳᠡᠯᠮᠣᠷᠢ ᠦᠢᠯᠡᠳᠪᠦᠷᠢᠯᠠᠯ ᠳᠤ ᠣᠷᠣᠯᠴᠠᠭᠰᠠᠨ | ᠪᠠᠶᠢᠨ᠎ᠠ᠃ ᠣᠶᠣᠨᠬᠡᠷᠡᠯ ᠤᠨ ᠨᠠᠭᠠᠴᠣ ᠡᠪᠦᠭᠡ ᠬᠦᠩᠰᠡᠭ ᠬᠡᠭᠴᠢ ᠬᠦᠮᠦᠨ ᠬᠠᠮᠪᠤ ᠶᠢᠨ ᠰᠦᠮ᠎ᠠ ᠶᠢᠨ ᠮᠢᠩᠭᠠᠨ ᠬᠠᠷ᠎ᠠ | ᠠᠳᠣᠭᠤ ᠶᠢ ᠨᠢᠬᠡ ᠨᠠᠰᠣ ᠪᠠᠷ ᠢᠶᠠᠨ ᠣᠰᠣᠯᠠᠵᠥ ᠦᠰᠬᠡᠭᠰᠡᠨ ᠬᠦᠮᠦᠨ ᠬᠡᠵᠥ ᠨᠣᠳᠤᠭ ᠣᠰᠣᠨ ᠤ ᠬᠢᠨᠢ | ᠲᠣᠮᠣᠭᠯᠠᠵᠥ ᠶᠠᠷᠢᠯᠴᠠᠳᠠᠭ᠃ ᠪᠠᠭ᠎ᠠ ᠨᠠᠰᠣᠨ ᠤ ᠣᠶᠣᠨᠬᠡᠷᠡᠯ ᠡᠶᠢᠮᠣᠷᠬᠦᠣ ᠡᠬᠡᠯ ᠵᠢᠷ ᠤᠨ ᠮᠠᠯᠴᠢᠨ ᠠᠶᠢᠯ ᠤᠨ | ᠬᠡᠣᠬᠡᠳ ᠪᠣᠯᠵᠥ ᠦᠰᠣᠨ᠂ ᠠᠩᠬ᠎ᠠ ᠲᠣᠮᠳᠠ ᠪᠠᠨ ᠲᠡᠬᠦᠰᠬᠡᠬᠡᠳ ᠬᠦᠳᠡᠭᠡ ᠨᠣᠳᠤᠭ ᠲᠠᠭᠠᠨ ᠪᠣᠴᠠᠭᠰᠠᠨ ᠪᠣᠯᠬᠤᠷ | ᠭᠠᠴᠠᠭᠠᠨ ᠠᠴᠠ ᠨᠢ ᠣᠶᠣᠨᠬᠡᠷᠡᠯ ᠢ ᠨᠢᠬᠡ ᠵᠢᠯ ᠨᠢᠭᠳᠠᠯᠠᠨ ᠪᠣᠳᠣᠭᠴᠢ ᠶᠢᠨ ᠠᠵᠢᠯ ᠬᠢᠯᠬᠡᠭᠰᠡᠨ ᠨᠢ ᠨᠠᠰᠣᠨ | ᠲᠣᠷᠰᠢᠳᠡ ᠪᠠᠨ ᠮᠠᠯᠴᠢᠨ ᠠᠷᠠᠳ ᠤᠨ ᠢᠶᠠᠨ ᠲᠦᠯᠥᠬᠡ ᠵᠢᠳᠬᠦᠬᠦ ᠲᠡᠬᠦᠰᠬᠡᠯ ᠦᠬᠡᠢ ᠠᠶᠠᠨ ᠳᠤ ᠬᠦᠯ ᠲᠠᠯᠪᠢᠭᠰᠠᠨ | ᠬᠡᠯᠳᠡᠢ᠃ | ᠲᠡᠬᠡᠷ᠎ᠡ ᠵᠠᠭᠤᠨ ᠤ ᠨᠠᠶᠠᠭᠠᠳ ᠣᠨ ᠢᠶᠠᠷ ᠣᠶᠣᠨᠬᠡᠷᠡᠯ ᠤᠨ ᠬᠦᠳᠡᠭᠡ ᠶᠢᠨ ᠬᠠᠷ᠎ᠠ ᠪᠣᠷᠣ ᠠᠵᠢᠯ ᠲᠠᠭᠠᠨ | ᠵᠣᠷᠢᠭ ᠰᠢᠨᠳᠠᠷᠠᠯ ᠦᠬᠡᠢ ᠵᠢᠳᠬᠦᠵᠥ ᠶᠠᠪᠣᠭᠰᠠᠨ ᠵᠢᠪᠬᠤᠭᠠᠯᠢᠭ ᠲᠦᠷᠢ ᠨᠢ ᠦᠶ᠎ᠡ ᠶᠢᠨ ᠵᠠᠯᠠᠭᠤᠴᠣᠳ ᠤᠨ ᠬᠠᠷᠠᠭ᠎ᠠ | ᠶᠢ ᠬᠤᠵᠢᠷᠯᠠᠵᠥ ᠶᠠᠪᠣᠬᠤ ᠳᠤ ᠵᠠᠪᠠᠯ ᠬᠤᠣᠰᠯᠠᠨ ᠵᠢᠷᠭᠠᠳᠠᠭ ᠬᠤᠷᠸ᠎ᠠ ᠶᠢᠨ ᠵᠢᠮ᠎ᠠ ᠪᠠᠷ ᠵᠡᠷᠬᠡᠯᠡᠳᠡᠭᠡ ᠪᠤᠨᠳᠡᠷᠢ | ᠭᠠᠴᠠᠭᠠᠨ ᠤ ᠬᠤᠪᠢᠰᠬᠠᠯᠳᠣ ᠬᠡᠭᠴᠢ ᠵᠠᠯᠠᠭᠤ ᠲᠠᠢ ᠵᠠᠩ ᠠᠭᠠᠯᠢ ᠲᠠᠭᠠᠷᠠᠭᠰᠠᠨ ᠤ ᠣᠯᠠᠮ ᠢᠶᠠᠷ 1980 ᠣᠨ ᠳᠤ | ᠲᠠᠪᠣᠨ ᠬᠠᠨ᠎ᠠ ᠲᠠᠢ ᠮᠣᠩᠭᠤᠯ ᠬᠡᠷ ᠲᠠᠢ ᠲᠦᠬᠦᠮᠬᠡᠨ ᠠᠶᠢᠯ ᠪᠣᠯᠵᠥ ᠡᠷᠳᠡᠮ ᠤᠨ ᠣᠬᠠᠭᠠᠨ ᠪᠠᠶᠢᠭᠰᠠᠨ ᠬᠦᠮᠦᠨ ᠳᠤ | ᠡᠳ᠋ ᠤᠨ ᠬᠦᠷᠦᠩᠬᠡ ᠲᠣᠬᠢᠶᠠᠬᠤ ᠪᠠᠶᠢᠯᠬᠦᠢ ᠬᠡᠵᠥ ᠢᠳᠡᠬᠡᠯ ᠲᠡᠬᠦᠯᠳᠡᠷ ᠪᠣᠳᠣᠵᠥ ᠶᠠᠪᠣᠭᠰᠠᠨ᠃ ᠴᠠᠭ ᠦᠶ᠎ᠡ ᠶᠢᠨ | ᠣᠷᠣᠭᠰᠢᠯᠠᠯᠳᠠ ᠪᠠᠷ ᠣᠳᠠᠭᠰᠠᠨ ᠦᠬᠡᠢ ᠮᠠᠯ ᠪᠡᠯᠴᠢᠬᠡᠷ ᠤᠨ ᠬᠤᠣᠰ ᠲᠠᠭᠠᠭᠠᠴᠢᠯᠠᠯᠳᠠ ᠡᠬᠢᠯᠡᠵᠥ ᠡᠳᠡᠨᠡᠶᠢᠬᠢᠨ 3 | ᠪᠣᠳᠠ᠂ 27 ᠪᠣᠭ ᠮᠠᠯ ᠬᠤᠪᠢᠶᠠᠷᠢᠯᠠᠨ ᠣᠯᠵᠥ ᠠᠪᠠᠭ᠎ᠠ ᠶᠢᠨ ᠠᠭᠤᠳᠠᠮ ᠲᠠᠯ᠎ᠠ ᠳᠤ ᠡᠬᠡᠯ ᠵᠢᠷ ᠤᠨ ᠮᠠᠯᠴᠢᠨ | ᠮᠣᠩᠭᠤᠯ ᠠᠶᠢᠯ ᠨᠡᠮᠡᠭᠳᠡᠭᠰᠡᠨ ᠡ᠃ ᠢᠩᠬᠢᠬᠡᠳ ᠵᠠᠯᠠᠭᠤ ᠨᠠᠰᠣᠨ ᠤ ᠣᠨᠳᠣᠷᠡᠰᠢ ᠦᠬᠡᠢ ᠣᠷᠬᠢᠯᠥᠮᠠ ᠬᠠᠯᠠᠭᠤᠨ | ᠵᠣᠷᠢᠭ ᠰᠦᠰᠦ ᠪᠠ ᠴᠣᠴᠠᠰᠢ ᠦᠬᠡᠢ ᠡᠷᠴᠢ ᠬᠦᠴᠦᠨ ᠢᠶᠠᠷ ᠬᠤᠩᠭᠤᠷ ᠬᠤᠶᠠᠭᠤᠯᠠ ᠴᠢᠷᠮᠠᠶᠢᠨ ᠵᠢᠳᠬᠦᠭᠰᠡᠨ ᠢᠶᠠᠷ | ᠣᠬᠤᠷᠬᠠᠨ ᠬᠡᠳᠣᠨ ᠵᠢᠯ ᠳᠤ ᠮᠠᠯ ᠰᠦᠷᠦᠭ ᠨᠢ ᠦᠨᠢᠷ ᠦᠰᠴᠣ 1998 ᠣᠨ ᠳᠤ ᠠᠩᠬ᠎ᠠ ᠣᠳᠠᠭ᠎ᠠ ᠪᠠᠨ | ᠮᠣᠩᠭᠤᠯ ᠨᠣᠳᠤᠭ ᠲᠠᠭᠠᠨ ᠮᠢᠩᠭᠠᠨ ᠮᠠᠯ ᠪᠡᠯᠴᠢᠬᠡᠭᠰᠡᠨ ᠠᠵᠢᠯᠴᠢ ᠮᠠᠯᠴᠢᠨ ᠪᠣᠯᠵᠥ ᠮᠢᠩᠭᠠᠨ ᠮᠠᠯ ᠤᠨ ᠮᠠᠶᠢᠯᠠᠭ᠎ᠠ | ᠪᠠᠷ ᠨᠣᠳᠤᠭ ᠣᠰᠣᠨ ᠤ ᠨᠠᠪᠳᠠᠭ ᠱᠠᠪᠳᠠᠭ ᠢᠶᠠᠨ ᠪᠠᠶᠠᠷᠯᠠᠭᠤᠯᠣᠭᠰᠠᠨ ᠪᠢᠯᠡ᠃ ᠬᠦᠳᠡᠯᠮᠣᠷᠢᠴᠢ ᠬᠦᠮᠦᠨ ᠤ ᠬᠠᠯᠠᠮᠵᠢ | ᠬᠠᠶᠢᠷ᠎ᠠ ᠶᠢᠨ ᠭᠠᠷ ᠲᠠᠭᠠᠵᠥ ᠬᠠᠯᠠᠭᠤᠨ ᠬᠤᠰᠢᠭᠤᠳᠣ ᠮᠠᠯ ᠨᠢ ᠴᠣ᠋ ᠦᠨᠢᠷ ᠦᠰᠴᠣ ᠪᠠᠶᠢᠭᠰᠠᠨ ᠴᠣ᠋ ᠲᠦᠷᠦᠭᠰᠡᠨ | ᠨᠣᠳᠤᠭ ᠤᠨ ᠢᠶᠠᠨ ᠬᠡᠰᠡᠭ ᠴᠢᠯᠠᠭᠤ ᠰᠢᠷᠬᠡᠭ ᠡᠪᠡᠰᠣ ᠶᠢ ᠨᠢ ᠴᠣ᠋ ᠬᠠᠶᠢᠷᠠᠯᠠᠨ ᠬᠢᠮᠠᠭᠠᠳᠠᠳᠠᠭ ᠣᠶᠣᠨᠬᠡᠷᠡᠯ ᠰᠢᠨ᠎ᠠ | ᠮᠢᠩᠭᠠᠨ ᠣᠨ ᠡᠬᠢᠯᠡᠭᠰᠡᠨ ᠠᠴᠠ ᠨᠠᠰᠢᠬᠢ ᠮᠠᠯ ᠪᠡᠯᠴᠢᠬᠡᠷ ᠤᠨ ᠵᠦᠷᠢᠴᠠᠯ ᠬᠤᠷᠴᠠᠳᠣᠭᠰᠠᠨ ᠴᠠᠭ ᠦᠶ᠎ᠡ ᠳᠤ ᠦᠪᠡᠷ | ᠤᠨ14000 ᠢᠯᠡᠬᠦᠥ ᠮᠣ᠋ ᠪᠠᠯᠴᠢᠬᠡᠷ ᠢᠶᠠᠨ ᠬᠠᠪᠣᠷᠵᠢᠶᠡ᠂ ᠡᠪᠦᠯᠵᠢᠶ᠎ᠡ ᠬᠡᠵᠥ ᠬᠡᠳᠣᠨ ᠬᠡᠰᠡᠭ ᠬᠤᠪᠢᠶᠠᠨ ᠮᠠᠯᠵᠢᠵᠥ | ᠪᠡᠯᠴᠢᠬᠡᠷ ᠰᠡᠯᠬᠦᠬᠦ ᠶᠢᠨ ᠵᠡᠷᠬᠡᠴᠡᠭᠡ ᠪᠣᠰᠣᠳ ᠤᠨ ᠲᠦᠮᠡ ᠢᠯᠡᠬᠦᠥ ᠮᠣ᠋ ᠪᠡᠯᠴᠢᠬᠡᠷ ᠢ ᠲᠦᠷᠢᠶᠠᠰᠣᠯᠠᠨ ᠬᠠᠪᠣᠷ ᠵᠣᠨ | ᠤ ᠣᠷᠭᠤᠴᠠ ᠶᠢᠨ ᠦᠶ᠎ᠡ ᠪᠠ ᠨᠠᠮᠣᠷ ᠤᠨ ᠰᠡᠬᠦᠯᠴᠢ ᠶᠢᠨ ᠡᠪᠡᠰᠣ ᠦᠷᠡᠯᠡᠬᠦ ᠬᠤᠭᠤᠴᠠᠭᠠᠨ ᠤ ᠡᠪᠡᠰᠣ ᠪᠡᠯᠴᠢᠬᠡᠷ | ᠤᠨ ᠵᠣᠬᠢᠴᠠᠯ ᠢ ᠮᠠᠰᠢᠳᠠ ᠠᠩᠬᠠᠷᠣᠨ ᠬᠠᠯᠠᠮᠵᠢᠯᠠᠵᠥ ᠢᠷᠡᠭᠰᠡᠨ ᠠᠴᠠ ᠡᠳᠡᠨᠡᠶᠢᠬᠢᠨ ᠤ ᠪᠡᠯᠴᠢᠬᠡᠷ ᠨᠢ ᠬᠠᠪᠢ ᠲᠦᠰᠦᠷ | ᠲᠡᠭᠡᠨ ᠣᠷᠭᠤᠴᠠ ᠰᠠᠶᠢᠨ ᠢᠭᠴᠣ ᠦᠳᠬᠡᠨ ᠪᠠᠶᠢᠳᠠᠭ ᠪᠢᠯᠡ᠃ ᠮᠠᠯᠴᠢᠨ ᠬᠦᠮᠦᠨ ᠤ ᠣᠣᠷ ᠰᠡᠳᠬᠢᠬᠦᠢ ᠳᠤ ᠯᠠ | ᠪᠠᠶᠢᠳᠠᠭ ᠮᠠᠯ ᠪᠡᠯᠴᠢᠬᠡᠷ ᠤᠨ ᠵᠣᠬᠢᠴᠠᠯ ᠢ ᠬᠢᠨᠠᠮᠠᠭᠠᠢ ᠰᠠᠶᠢᠨ ᠣᠶᠠᠯᠳᠣᠭᠤᠯᠣᠭᠰᠠᠨ ᠢᠶᠠᠷ ᠡᠳᠡᠨᠡᠶᠢᠬᠢᠨ ᠴᠣ᠋ ᠣᠯᠠᠨ | ᠵᠢᠯ ᠮᠠᠯᠵᠢᠯ ᠤᠨ ᠲᠣᠮᠣ ᠠᠯᠳᠡᠷ ᠢ ᠡᠷᠬᠦᠵᠥ᠂ ᠨᠣᠳᠤᠭ ᠣᠰᠣᠨ ᠳᠠᠭᠠᠨ ᠠᠯᠳᠡᠷᠳᠡᠢ ᠴᠢᠨᠡᠬᠡᠯᠢᠭ ᠡᠷᠣᠬᠡ ᠪᠣᠯᠵᠥ | ᠶᠠᠪᠣᠭᠰᠠᠨ ᠪᠦᠬᠡᠳ ᠵᠦᠪᠬᠡᠨ 2018 ᠣᠨ ᠤ ᠨᠠᠮᠣᠷ ᠬᠡᠬᠦ ᠳᠤ 500 ᠢᠯᠡᠬᠦᠥ ᠬᠤᠷᠠᠭ᠎ᠠ᠂ 50 ᠢᠯᠡᠬᠦᠥ | ᠲᠣᠭᠤᠯ ᠵᠠᠷᠣᠴᠠᠭᠤᠯᠣᠨ ᠲᠠᠪᠢᠭᠠᠳ ᠲᠦᠮᠡᠨ ᠲᠦᠬᠦᠷᠢᠭ ᠤᠨ ᠣᠷᠣᠯᠭ᠎ᠠ ᠡᠬᠦᠳᠴᠣ ᠦᠷᠬᠦᠯᠵᠢᠯᠠᠨ ᠨᠣᠳᠤᠭ ᠣᠷᠣᠨ | ᠳᠠᠭᠠᠨ ᠴᠢᠨᠡᠬᠡᠯᠢᠭᠵᠢᠯ ᠤᠨ ᠲᠠᠭᠠᠭᠤᠯᠣᠭᠴᠢ ᠬᠡᠬᠦ ᠨᠠᠨᠳᠢᠨ ᠠᠯᠳᠡᠷ ᠢᠶᠠᠨ ᠦᠷᠬᠦᠯᠵᠢᠯᠠᠨ ᠪᠠᠳᠣᠯᠠᠵᠥ ᠪᠠᠶᠢᠭ᠎ᠠ ᠪᠦᠬᠡᠳ | 2019 ᠣᠨ ᠤ ᠬᠠᠪᠣᠷ ᠤᠨ ᠲᠣᠮᠳᠠᠴᠢ ᠪᠠᠷ 500 ᠢᠯᠡᠬᠦᠥ ᠣᠷᠢᠶᠠᠩᠬᠠᠨ ᠬᠤᠨᠢᠨ ᠤ ᠲᠦᠯ ᠲᠣᠰᠴᠣ 100% | ᠪᠠᠷ ᠪᠣᠶᠢᠵᠢᠭᠤᠯᠣᠨ᠂ ᠣᠳᠣᠬᠠᠨ ᠦᠬᠡᠷ ᠤᠨ ᠲᠦᠯ ᠭᠤᠴᠢᠭᠠᠳ ᠲᠣᠭᠤᠯ ᠲᠣᠰᠴᠣ ᠪᠠᠶᠢᠭ᠎ᠠ ᠪᠦᠬᠡᠳ ᠡᠨᠡ ᠵᠢᠯ | ᠨᠠᠶᠠᠭᠠᠳ ᠲᠣᠭᠤᠯ ᠲᠣᠰᠬᠤ ᠪᠠᠷ ᠲᠦᠰᠦᠪᠯᠡᠵᠥ ᠪᠠᠶᠢᠭ᠎ᠠ᠃ ᠮᠠᠩᠨᠤᠭ ᠲᠣᠷᠭᠠᠨ ᠪᠡᠯᠴᠢᠬᠡᠷ ᠲᠡᠬᠡᠷ᠎ᠡ ᠠᠰᠬᠠᠷᠠᠭᠰᠠᠨ | ᠰᠣᠪᠣᠳ ᠰᠢᠭ᠋ ᠪᠡᠯᠴᠢᠭᠰᠡᠨ ᠮᠢᠩᠭᠠᠨ ᠴᠠᠭᠠᠨ ᠬᠤᠨᠢᠳ ᠢ ᠬᠠᠷᠠᠭᠠᠳ ᠶᠠᠭᠠᠬᠢᠭᠰᠠᠨ ᠰᠠᠶᠢᠬᠠᠨ ᠮᠠᠯ ᠪᠣᠢ ᠬᠡᠵᠥ | ᠠᠳᠠᠭᠠᠷᠬᠠᠭᠰᠠᠨ ᠪᠠᠭ᠋ᠠᠷᠬᠠᠭᠰᠠᠨ ᠬᠦᠮᠦᠰ ᠣᠯᠠᠨ ᠪᠠᠶᠢᠳᠠᠭ ᠴᠣ᠋ ᠡᠪᠡᠰᠣ ᠪᠣᠷᠳᠤᠭ᠎ᠠ᠂ ᠣᠬᠢᠶᠠᠯᠳᠠ ᠴᠢᠳᠬᠤᠯᠳᠠ᠂ | ᠬᠦᠳᠡᠯᠮᠣᠷᠢ ᠬᠦᠴᠦ ᠬᠡᠳ ᠵᠢᠯ ᠪᠦᠷᠢ ᠭᠤᠴᠢᠭᠠᠳ ᠲᠦᠮᠡᠨ ᠲᠦᠬᠦᠷᠢᠭ ᠤᠨ ᠪᠡᠯᠡ ᠵᠠᠷᠣᠴᠠᠭᠤᠯᠵᠥ᠂ ᠦᠪᠡᠷᠳᠡᠬᠡᠨ | ᠪᠠᠰᠠ ᠡᠳᠣᠷ ᠰᠦᠨᠢ ᠦᠬᠡᠢ ᠬᠡᠳᠣᠨ ᠮᠠᠯ ᠤᠨ ᠢᠶᠠᠨ ᠬᠤᠶᠢᠨ᠎ᠠ ᠠᠴᠠ ᠰᠠᠨᠠᠭ᠎ᠠ ᠣᠨᠤᠭ᠎ᠠ ᠪᠣᠯᠵᠥ ᠪᠣᠷᠬᠢ ᠪᠣᠬᠢᠰᠬᠢᠯ | ᠦᠬᠡᠢ ᠵᠢᠳᠬᠦᠵᠥ ᠶᠠᠪᠣᠳᠠᠭ ᠢ ᠨᠢ ᠮᠡᠳᠡᠬᠦ ᠬᠦᠮᠦᠨ ᠣᠯᠠᠨ ᠪᠢᠰᠢ ᠪᠠᠶᠢᠬ᠎ᠠ᠃ ᠦᠪᠡᠷ ᠤᠨ ᠬᠡᠳᠡᠭ ᠮᠦᠩᠬᠡ ᠶᠢᠨ | ᠲᠠᠷᠬᠠᠨ ᠪᠠᠷᠢᠯᠳᠤᠭ᠎ᠠ ᠲᠠᠢ ᠡᠨᠡ ᠯᠠ ᠰᠠᠶᠢᠬᠠᠨ ᠨᠣᠳᠤᠭ ᠣᠰᠣᠨ ᠳᠠᠭᠠᠨ ᠣᠷᠢᠳ ᠬᠤᠵᠢᠳ 3 ᠰᠠᠭᠤᠷᠢ ᠮᠠᠰᠢᠨ | ᠬᠤᠳᠳᠤᠭ᠂ 30 ᠲᠠᠰᠣᠯᠭ᠎ᠠ ᠲᠣᠯᠠᠭᠠᠨ ᠫᠧᠩ᠂ 300 ᠲᠡᠭᠰᠢ ᠲᠦᠷᠪᠡᠯᠵᠢᠨ ᠲᠠᠯᠠᠪᠡᠢ ᠪᠦᠬᠦᠢ ᠬᠤᠷᠤᠭ᠎ᠠ | ᠬᠠᠰᠢᠶᠠᠨ ᠤ ᠪᠦᠳᠦᠬᠡᠨ ᠪᠠᠶᠢᠭᠤᠯᠥᠯᠳᠠ ᠬᠢᠬᠦ ᠶᠢᠨ ᠬᠠᠮᠳᠣ ᠪᠠᠰᠠ 2 ᠰᠠᠭᠤᠷᠢ ᠣᠰᠣ ᠲᠡᠬᠡᠬᠡᠳᠡᠭ ᠪᠦᠳᠦᠬᠦᠨ | ᠲᠡᠷᠬᠡ᠂ 1 ᠰᠠᠭᠤᠷᠢ ᠬᠤᠷᠠᠭ᠎ᠠ ᠲᠡᠬᠡᠬᠡᠳᠡᠭ ᠠᠴᠢᠶᠠᠨ ᠤ ᠮᠠᠰᠢᠨ ᠵᠡᠷᠬᠡ ᠠᠴᠠ ᠦᠭᠰᠦᠬᠦᠯᠥᠨ ᠡᠪᠡᠰᠣ ᠬᠠᠳᠣᠬᠤ | ᠮᠠᠰᠢᠨ᠂ ᠲᠣᠣᠷ ᠬᠦᠷᠢᠶ᠎ᠡ ᠵᠡᠷᠬᠡ ᠶᠢᠨ ᠦᠨᠳᠣᠰᠣᠨ ᠪᠦᠳᠦᠬᠡᠨ ᠪᠠᠶᠢᠭᠤᠯᠥᠯᠳᠠ ᠳᠠᠭᠠᠨ ᠣᠷᠢᠳ ᠬᠤᠵᠢᠳ ᠬᠤᠶᠡᠷ | ᠵᠠᠭᠤ ᠢᠯᠡᠬᠦᠥ ᠲᠦᠮᠡᠨ ᠲᠦᠬᠦᠷᠢᠭ ᠤᠨ ᠪᠠᠯᠠᠨ ᠮᠦᠩᠬᠦ ᠵᠠᠷᠣᠴᠠᠭᠤᠯᠬᠤ ᠳᠠᠭᠠᠨ ᠭᠠᠭᠴᠠᠬᠠᠨ ᠣᠳᠠᠭ᠎ᠠ ᠴᠣ᠋ ᠭᠠᠷ | ᠲᠠᠳᠠᠭ᠎ᠠ ᠦᠬᠡᠢ᠂ ᠡᠨᠡ ᠯᠠ ᠰᠠᠶᠢᠬᠠᠨ ᠨᠣᠳᠤᠭ ᠣᠰᠣᠨ ᠤ ᠦᠭᠬᠦᠬᠡᠵᠢ ᠬᠡᠰᠢᠭ ᠢᠶᠠᠷ ᠪᠢᠳᠠ ᠪᠦᠬᠦᠨ ᠢᠩᠬᠢᠵᠥ | ᠦᠬᠡᠳᠡᠷᠬᠡᠭ ᠦᠩᠬᠡᠳᠡᠢ ᠶᠠᠪᠣᠭ᠎ᠠ ᠬᠡᠵᠥ ᠪᠣᠳᠣᠬᠤ ᠠᠴᠠ ᠲᠦᠷᠦᠭᠰᠡᠨ ᠨᠣᠳᠤᠭ ᠤᠨ ᠢᠶᠠᠨ ᠲᠦᠯᠥᠬᠡ ᠬᠦᠷᠦᠩᠬᠡ | ᠪᠠᠨ ᠬᠦᠨᠳᠦᠷᠦᠭᠰᠡᠨ ᠴᠣ᠋ ᠬᠠᠷᠠᠮᠰᠠᠬᠤ ᠦᠬᠡᠢ ᠬᠡᠵᠥ ᠪᠣᠳᠣᠵᠥ ᠰᠡᠳᠬᠢᠵᠥ᠂ ᠬᠢᠵᠥ ᠪᠠᠶᠠᠯᠠᠬᠦᠯᠵᠥ ᠶᠠᠪᠣᠳᠠᠭ ᠰᠠᠨ᠃ | ᠪᠤᠨᠳᠡᠷᠢ ᠶᠢᠨ ᠰᠢᠷᠡᠭᠡ — ᠪᠣᠳᠣᠯ ᠰᠡᠳᠬᠢᠯ ᠤᠨ ᠬᠢᠨᠢ ᠮᠦᠩᠬᠡ ᠶᠢᠨ ᠣᠶᠠᠭᠠᠰᠣ | ᠰᠢᠯᠢᠳᠡᠭ ᠡᠪ ᠬᠠᠮᠳᠣ ᠨᠠᠮ ᠤᠨ ᠬᠡᠰᠢᠬᠦᠨ ᠣᠶᠣᠨᠬᠡᠷᠡᠯ ᠱᠦᠵᠢ ᠶᠢᠨ ᠣᠷᠣᠰᠢᠨ ᠠᠮᠢᠳᠣᠷᠠᠵᠥ ᠪᠠᠶᠢᠭ᠎ᠠ | ᠨᠣᠳᠤᠭ ᠢ ᠪᠤᠨᠳᠡᠷᠢ ᠬᠡᠳᠡᠭ᠃ ᠪᠤᠨᠳᠡᠷᠢ ᠬᠡᠳᠡᠭ ᠨᠢ ᠪᠣᠮᠠᠨ ᠳ᠋ᠡᠷᠢ ᠬᠡᠳᠡᠭ ᠪᠣᠯᠠᠭ ᠪᠠᠶᠢᠭᠰᠠᠨ ᠢᠶᠠᠨ ᠣᠷᠳᠣ | ᠣᠳᠠᠭᠠᠨ ᠤ ᠲᠠᠭᠤᠳᠠᠯᠭᠠᠨ ᠳᠤ ᠪᠤᠨᠳᠡᠷᠢ ᠬᠡᠮᠡᠨ ᠨᠡᠷᠡᠶᠢᠳᠦᠭᠳᠦᠨ ᠵᠠᠩᠰᠢᠭᠰᠡᠨ ᠪᠠᠶᠢᠯ᠎ᠠ᠃ ᠲᠣᠰ ᠭᠠᠴᠠᠭᠠᠨ ᠤ | ᠮᠠᠯᠴᠢᠨ ᠠᠷᠠᠳ ᠪᠦᠬᠦᠨ ᠢᠶᠠᠷ ᠢᠶᠠᠨ ᠦᠶ᠎ᠡ ᠣᠯᠠᠷᠢᠨ ᠣᠰᠣ ᠪᠣᠯᠠᠭ ᠢᠶᠠᠨ ᠰᠢᠳᠣᠨ ᠣᠷᠭᠤᠮᠠᠯ ᠡᠪᠡᠰᠣ ᠪᠠᠨ | ᠲᠡᠬᠡᠳᠣᠯᠠᠨ ᠠᠮᠣᠷ ᠲᠠᠶᠢᠪᠣᠩ ᠠᠵᠥ ᠲᠦᠷᠦᠨ ᠠᠮᠢᠳᠣᠷᠠᠭᠰᠠᠭᠠᠷ ᠢᠷᠡᠭᠰᠡᠨ ᠶᠣᠮᠰᠠᠨ᠃ ᠠᠩᠬ᠎ᠠ ᠣᠶᠣᠨᠬᠡᠷᠡᠯ ᠢ | ᠲᠣᠰ ᠪᠤᠨᠳᠡᠷᠢ ᠭᠠᠴᠠᠭᠠᠨ ᠳᠤ ᠮᠣᠷᠳᠡᠵᠥ ᠢᠷᠡᠬᠦ ᠦᠶ᠎ᠡ ᠳᠤ ᠭᠠᠴᠠᠭᠠᠨ ᠤ ᠵᠦᠪᠯᠠᠯ ᠠᠴᠠ ᠲᠡᠬᠦᠨ ᠤ ᠣᠣᠯ | ᠭᠠᠴᠠᠭᠠᠨ ᠳᠠᠭᠠᠨ ᠨᠢᠭᠳᠠᠯᠠᠨ ᠪᠣᠳᠣᠭᠴᠢ ᠶᠢᠨ ᠠᠵᠢᠯ ᠢ ᠬᠢᠵᠥ ᠪᠠᠶᠢᠭᠰᠠᠨ ᠢ ᠦᠨᠳᠣᠰᠣᠯᠠᠨ 1984 ᠣᠨ ᠠᠴᠠ | ᠡᠬᠢᠯᠡᠵᠥ ᠪᠤᠨᠳᠡᠷᠢ ᠭᠠᠴᠠᠭᠠᠨ ᠤ ᠡᠮᠡᠭᠳᠡᠶᠢᠴᠣᠳ ᠤᠨ ᠠᠵᠢᠯ ᠶᠢ ᠬᠢᠯᠬᠡᠭᠰᠡᠨ ᠪᠦᠬᠡᠳ ᠣᠯᠠᠮ ᠢᠯᠡᠬᠦᠥ ᠴᠢᠷᠮᠠᠶᠢᠨ | ᠠᠵᠢᠯᠯᠠᠭᠰᠠᠨ ᠤ ᠡᠴᠣᠰ ᠲᠤ 1990 ᠣᠨ ᠤ 7 ᠰᠠᠷ᠎ᠠ ᠳᠤ ᠢᠷᠡᠭᠤ ᠠᠯᠳᠡᠷᠳᠡᠢ ᠪᠠᠷ ᠲᠣᠮᠳᠠᠳᠣ ᠣᠯᠣᠰ ᠤᠨ ᠡᠪ | ᠬᠠᠮᠳᠣ ᠨᠠᠮ ᠳᠤ ᠡᠯᠰᠡᠭᠳᠡᠨ1994 ᠣᠨ ᠠᠴᠠ ᠡᠬᠢᠯᠠᠨ ᠭᠠᠴᠠᠭᠠᠨ ᠤ ᠨᠠᠮ ᠤᠨ ᠡᠬᠦᠷ ᠤᠨ ᠱᠦᠵᠢ ᠪᠠᠷ | ᠰᠣᠩᠭᠤᠭᠳᠠᠨ ᠬᠤᠷᠢᠭᠠᠳ ᠵᠢᠯ ᠠᠵᠢᠯᠯᠠᠵᠥ ᠪᠠᠶᠢᠭᠰᠠᠨ ᠢᠶᠠᠨ2015 ᠣᠨ ᠳᠤ ᠠᠵᠢᠯ ᠠᠴᠠ ᠪᠠᠨ ᠠᠮᠣᠰᠬᠢᠭᠰᠡᠨ | ᠪᠠᠶᠢᠨ᠎ᠠ᠃ | ᠣᠶᠣᠨᠬᠡᠷᠡᠯ ᠱᠦᠵᠢ ᠭᠠᠴᠠᠭᠠᠨ ᠤ ᠨᠠᠮ ᠤᠨ ᠡᠬᠦᠷ ᠤᠨ ᠲᠣᠰᠢᠶᠠᠯ ᠳᠤ ᠭᠠᠷᠣᠭᠰᠠᠨ ᠲᠡᠷᠡ ᠴᠠᠭ ᠦᠶ᠎ᠡ | ᠠᠴᠠ ᠪᠠᠨ ᠡᠬᠢᠯᠠᠨ ᠮᠣᠩᠭᠤᠯ ᠨᠣᠳᠤᠭ ᠤᠨ ᠰᠢᠨ᠎ᠠ ᠨᠡᠶᠢᠬᠡᠮ ᠳᠤ ᠲᠦᠷᠦᠵᠥ ᠦᠰᠦᠭᠰᠡᠨ ᠰᠢᠨ᠎ᠠ ᠴᠠᠭ ᠤᠨ | ᠬᠦᠳᠡᠯᠮᠣᠷᠢᠴᠢ ᠪᠣᠯᠣᠭᠰᠠᠨ ᠤ ᠬᠤᠪᠢ ᠳᠤ《 ᠦᠪᠡᠷ ᠤᠨ ᠪᠡᠶ᠎ᠡ ᠳᠡᠭᠡᠨ ᠬᠠᠷᠢᠭᠤᠴᠠᠵᠥ᠂ ᠠᠷᠠᠳ ᠲᠦᠮᠡᠨ ᠳᠡᠭᠡᠨ | ᠬᠠᠷᠢᠭᠤᠴᠠᠵᠥ᠂ ᠵᠣᠬᠢᠶᠠᠨ ᠪᠠᠶᠢᠭᠤᠯᠥᠯᠳᠠ ᠳᠠᠭᠠᠨ ᠬᠠᠷᠢᠭᠤᠴᠠᠬᠤ》ᠲᠡᠬᠡᠳᠣ ᠬᠡᠮᠵᠢᠶᠠᠨ ᠤ ᠬᠠᠷᠢᠭᠤᠴᠠᠯᠭᠠᠳᠣ | ᠰᠡᠳᠬᠢᠯ ᠢᠶᠠᠷ ᠠᠵᠢᠯ ᠦᠢᠯᠡᠰ ᠲᠡᠭᠡᠨ ᠬᠠᠨᠳᠣᠵᠥ ᠨᠢᠬᠡ ᠴᠣ᠋ ᠬᠤᠪᠢᠨᠴᠢᠷ ᠰᠡᠳᠬᠢᠯ ᠦᠬᠡᠢ ᠪᠦᠬᠦ ᠰᠡᠳᠬᠢᠯ ᠪᠦᠬᠦ | ᠵᠣᠷᠢᠭ ᠢᠶᠠᠷ ᠮᠠᠯᠴᠢᠨ ᠲᠦᠮᠡᠨ ᠤ ᠪᠠᠨ ᠲᠦᠯᠥᠬᠡ ᠵᠢᠳᠬᠦᠨ ᠲᠡᠮᠡᠴᠡᠵᠥ ᠢᠷᠡᠭᠰᠡᠨ ᠶᠣᠮ᠃ | ᠲᠡᠬᠦᠨ ᠢ ᠠᠩᠬ᠎ᠠ ᠨᠠᠮ ᠤᠨ ᠡᠬᠦᠷ ᠤᠨ ᠲᠣᠰᠢᠶᠠᠯ ᠳᠤ ᠭᠠᠷᠬᠤ ᠦᠶ᠎ᠡ ᠳᠤ ᠭᠠᠴᠠᠭᠠᠨ ᠤ ᠰᠣᠶᠣᠯ ᠤᠨ | ᠬᠦᠳᠡᠯᠬᠡᠬᠡᠨ ᠤ ᠬᠡᠷ ᠪᠠᠷᠢᠭᠰᠠᠨ ᠦᠯᠡᠳᠡᠭᠳᠡᠯ ᠦᠷᠢ ᠬᠡᠵᠥ ᠲᠦᠷᠪᠡᠨ ᠲᠦᠮᠡᠨ ᠲᠦᠬᠦᠷᠢᠭ ᠪᠠᠶᠢᠭᠰᠠᠨ ᠢ | ᠲᠡᠷᠡ《ᠡᠳᠣᠷ ᠣᠳᠠᠪᠠᠯ ᠬᠦᠣ ᠮᠦᠩᠬᠦ ᠨᠢ ᠴᠣ᠋ ᠦᠰᠦᠨ᠎ᠠ》ᠬᠡᠵᠥ ᠡᠬᠦᠷ ᠵᠦᠪᠯᠠᠯ ᠤᠨ ᠪᠣᠰᠣᠳ ᠬᠡᠰᠢᠬᠦᠳ ᠲᠠᠢ | ᠪᠠᠨ ᠵᠦᠪᠳᠡᠯᠴᠡᠨ ᠬᠠᠮᠳᠣᠪᠡᠷ ᠪᠡᠯᠡ ᠬᠤᠷᠠᠮᠳᠣᠭᠤᠯᠣᠨ ᠲᠦᠯᠥᠬᠦ ᠪᠠᠷ ᠵᠣᠷᠢᠭ ᠰᠢᠭᠤᠳᠣᠨ᠂ ᠭᠠᠴᠠᠭᠠᠨ ᠤ | ᠬᠡᠰᠢᠬᠦᠳ ᠲᠡᠭᠡᠨ ᠣᠬᠠᠭᠤᠯᠭ᠎ᠠ ᠬᠢᠵᠥ ᠲᠠᠶᠢᠴᠢᠯᠠᠨ ᠲᠠᠭᠠᠭᠤᠯᠣᠭᠰᠠᠨ ᠤ ᠡᠴᠣᠰ ᠲᠤ ᠡᠷᠣᠬᠡ ᠪᠦᠷᠢ ᠠᠴᠠ 800. | 00 ᠲᠦᠬᠦᠷᠢᠭ ᠲᠠᠳᠠᠪᠣᠷᠢᠯᠠᠵᠥ ᠡᠨᠡᠬᠦ ᠦᠷᠢ ᠶᠢ ᠲᠦᠯᠥᠬᠦ ᠶᠢ ᠬᠡᠰᠢᠬᠦᠳ ᠨᠢᠬᠡ ᠰᠡᠳᠬᠢᠯ ᠢᠶᠠᠷ ᠵᠦᠪᠰᠢᠶᠡᠷᠡᠭᠰᠡᠨ | ᠠᠴᠠ ᠲᠡᠷᠡ ᠲᠠᠷᠣᠶᠢᠬᠠᠨ ᠲᠦᠯᠥᠭᠰᠡᠨ ᠪᠠᠶᠢᠨ᠎ᠠ᠃ ᠢᠩᠬᠢᠬᠡᠳ ᠲᠡᠷᠡ ᠶᠣᠰᠣᠳᠡᠢ《 ᠦᠷᠢ ᠦᠬᠡᠢ ᠪᠣᠯ ᠪᠠᠶᠠᠨ᠂ | ᠡᠪᠡᠳᠴᠢᠨ ᠦᠬᠡᠢ ᠪᠣᠯ ᠵᠢᠷᠭᠠᠯ 》 ᠬᠡᠵᠥ ᠠᠵᠢᠯ ᠢᠶᠠᠨ ᠡᠬᠢᠯᠡᠬᠦᠯᠥᠭᠰᠡᠨ ᠪᠢᠯᠡ᠃ | ᠲᠡᠬᠦᠨ ᠤ ᠲᠣᠰᠢᠶᠠᠯ ᠳᠤ ᠭᠠᠷᠣᠭᠰᠠᠨ ᠤ ᠲᠠᠷᠠᠭᠠᠬᠠᠨ 2000 ᠣᠨ ᠠᠴᠠ ᠡᠬᠢᠯᠡᠭᠰᠡᠨ ᠡᠯᠳᠡᠪ ᠵᠦᠢᠯ ᠤᠨ | ᠪᠠᠶᠢᠭᠠᠯᠢ ᠶᠢᠨ ᠭᠠᠢ ᠭᠠᠮᠰᠢᠭ ᠨᠢ ᠨᠢᠬᠡᠨ《 ᠲᠦᠷᠦᠬᠦᠴᠢ ᠭᠠᠯᠠᠭᠤ 》ᠪᠣᠯᠣᠭᠰᠠᠨ ᠲᠡᠬᠦᠨ ᠳᠤ ᠠᠪᠴᠣ ᠬᠡᠯᠡᠪᠡᠯ | ᠪᠠᠭ᠎ᠠ ᠪᠣᠰᠣ ᠲᠠᠷᠣᠭᠠᠰᠣ ᠠᠪᠴᠢᠷᠠᠭᠰᠠᠨ ᠨᠢ ᠮᠡᠳᠡᠬᠡᠵᠢ᠂ 2003 ᠣᠨ ᠳᠤ ᠲᠡᠳᠡᠨ ᠤ ᠪᠤᠨᠳᠡᠷᠢ ᠭᠠᠴᠠᠭᠠᠨ ᠤ | ᠨᠠᠶᠠᠭᠠᠳ ᠲᠦᠮᠡᠨ ᠮᠣ᠋ ᠨᠣᠳᠤᠭ ᠨᠡᠶᠢᠳᠡᠮ ᠴᠡᠷᠴᠡᠬᠠᠢ ᠶᠢᠨ ᠭᠠᠮᠰᠢᠭ ᠪᠣᠯᠵᠥ ᠲᠦᠩᠬᠡᠵᠢ ᠣᠷᠭᠤᠭᠰᠠᠨ ᠰᠢᠮᠡᠯᠢᠭ | ᠪᠡᠯᠴᠢᠬᠡᠷ ᠢ ᠴᠡᠷᠴᠡᠬᠠᠢ ᠬᠠᠷᠢᠨ ᠲᠡᠬᠦᠨ ᠤ ᠭᠠᠴᠠᠭᠠᠨ ᠤ 2 ᠲᠦᠮᠡᠨ ᠲᠣᠯᠣᠭᠠᠢ ᠮᠠᠯ ᠠᠴᠠ ᠲᠡᠷᠢᠬᠦᠯᠥᠨ《 | ᠵᠣᠭᠤᠭᠯᠠᠬᠤ 》 ᠶᠠᠪᠣᠳᠠᠯ ᠪᠠᠶᠢᠩᠭᠤ ᠭᠠᠷᠴᠣ ᠡᠪᠦᠯ ᠬᠠᠪᠣᠷ ᠦᠩᠬᠡᠷᠡᠬᠦ ᠶᠢ ᠪᠢᠳᠡᠬᠡᠢ ᠬᠡᠯᠡ᠂ ᠡᠨᠡ ᠵᠣᠨ ᠨᠠᠮᠣᠷ ᠢ | ᠶᠠᠭᠠᠬᠢᠵᠥ ᠦᠩᠬᠡᠷᠡᠬᠦ ᠶᠢ ᠪᠣᠳᠣᠬᠤ ᠨᠢ ᠲᠣᠯᠭᠠᠮ᠎ᠠ ᠪᠣᠯᠣᠭᠰᠠᠨ ᠪᠠᠶᠢᠯ᠎ᠠ᠃ ᠬᠡᠷᠪᠡ《 ᠮᠠᠯᠴᠢᠳ ᠤᠨ ᠮᠠᠯ ᠰᠦᠷᠦᠭ | ᠲᠡᠷᠭᠤ ᠠᠪᠴᠣ ᠠᠮᠵᠢᠬᠤ ᠦᠬᠡᠢ ᠪᠣᠯ ᠮᠠᠯᠴᠢᠳ ᠤᠨ ᠣᠷᠣᠯᠭ᠎ᠠ ᠶᠢ ᠨᠦᠯᠦᠬᠡᠯᠡᠨ᠎ᠠ᠂ ᠵᠣᠨ ᠤ ᠪᠡᠯᠴᠢᠬᠡᠷ ᠦᠬᠡᠢ | ᠪᠣᠯ ᠡᠪᠣᠯ ᠬᠠᠪᠣᠷ ᠢ ᠬᠢᠷᠬᠢᠨ ᠲᠣᠭᠤᠯᠬᠤ ᠪᠣᠯ ᠶᠡᠭᠡ ᠠᠰᠠᠭᠤᠳᠠᠯ 》ᠡᠳᠡᠬᠡᠷ ᠢ ᠪᠣᠳᠣᠬᠤ ᠪᠦᠷᠢ ᠣᠶᠣᠨᠬᠡᠷᠡᠯ | ᠱᠦᠵᠢ ᠶᠢᠨ ᠣᠨᠳᠠᠬᠤ ᠨᠣᠶᠢᠷ ᠬᠤᠯᠵᠢᠵᠥ ᠰᠡᠳᠬᠢᠯ ᠵᠣᠪᠠᠨᠢᠭᠰᠠᠨ ᠢ ᠭᠠᠭᠴᠠ ᠬᠤᠶᠡᠷ ᠦᠬᠡ ᠪᠠᠷ ᠢᠯᠡᠳᠬᠡᠬᠦ ᠶᠢᠨ | ᠠᠷᠭ᠎ᠠ ᠦᠬᠡᠢ ᠪᠠᠶᠢᠭᠰᠠᠨ᠃᠂ ᠢᠩᠬᠢᠬᠡᠳ ᠲᠡᠷᠡ ᠬᠢᠴᠢᠨᠠᠨ ᠬᠤᠨᠤᠭ ᠪᠣᠳᠣᠭᠰᠠᠨ ᠤ ᠡᠴᠦᠰ ᠲᠤ ᠪᠠᠯᠭᠠᠰᠣᠨ ᠤ ᠪᠠᠨ | ᠨᠠᠮ ᠵᠠᠰᠠᠭ ᠲᠤ ᠮᠡᠳᠡᠬᠦᠯᠥᠨ ᠴᠢᠨᠠᠭᠰᠢᠳᠠ ᠬᠤᠰᠢᠭᠤ ᠮᠠᠯ ᠠᠵᠥ ᠠᠬᠤᠢ ᠶᠢᠨ ᠲᠣᠪᠴᠢᠶ᠎ᠡ ᠵᠡᠷᠬᠡ ᠬᠤᠯᠪᠣᠭᠳᠠᠯ | ᠪᠦᠬᠦᠢ ᠪᠠᠶᠢᠭᠤᠯᠥᠯᠭᠠ ᠨᠢᠬᠡᠴᠡ ᠳᠤ ᠲᠠᠷᠣᠶᠢᠬᠠᠨ ᠰᠠᠨᠠᠯ ᠲᠡᠪᠰᠢᠬᠦᠯᠵᠥ《 ᠮᠠᠰᠢ ᠲᠣᠯᠭᠠᠮ᠎ᠠ 》ᠪᠣᠯᠭᠠᠭᠰᠠᠨ ᠢᠶᠠᠷ | ᠲᠡᠬᠡᠳᠣ ᠱᠠᠳᠣᠨ ᠤ ᠬᠤᠯᠪᠣᠭᠳᠠᠯ ᠪᠦᠬᠦᠢ ᠪᠠᠶᠢᠭᠤᠯᠥᠯᠭᠠ ᠨᠢᠬᠡᠴᠡ ᠠᠴᠠ ᠲᠠᠷᠣᠶᠢᠬᠠᠨ ᠰᠢᠯᠢ ᠶᠢᠨ ᠭᠤᠣᠯ ᠠᠶᠢᠮᠠᠭ | ᠤᠨ ᠲᠠᠯ᠎ᠠ ᠨᠣᠳᠤᠭ ᠤᠨ ᠠᠵᠢᠯᠯᠠᠬᠤ ᠦᠷᠳᠡᠬᠡᠨ ᠠᠴᠠ ᠲᠣᠰᠬᠠᠢ ᠮᠡᠷᠬᠡᠵᠢᠯᠳᠡ ᠵᠠᠯᠠᠨ ᠠᠪᠴᠢᠷᠠᠵᠥ᠂ ᠬᠤᠰᠢᠭᠤ | ᠲᠠᠯ᠎ᠠ ᠨᠣᠳᠤᠭ ᠤᠨ ᠠᠵᠢᠯᠯᠠᠬᠤ ᠦᠷᠳᠡᠬᠡᠨ ᠠᠴᠠ ᠡᠮ ᠰᠠᠴᠣᠬᠤ ᠨᠢᠰᠬᠡᠯ ᠲᠣᠬᠢᠷᠠᠭᠤᠯᠬᠤ ᠶᠢᠨ ᠬᠠᠮᠳᠣ ᠴᠡᠷᠴᠡᠬᠠᠢ | ᠶᠢᠨ ᠡᠮ ᠢ ᠦᠷᠳᠡᠭ ᠦᠬᠡᠢ ᠬᠠᠩᠭᠠᠬᠤ ᠪᠣᠯᠣᠭᠰᠠᠨ ᠢᠶᠠᠷ ᠣᠶᠣᠨᠬᠡᠷᠡᠯ ᠱᠦᠵᠢ ᠬᠡᠰᠢᠬᠦᠳ ᠢᠶᠠᠨ ᠲᠠᠭᠠᠭᠤᠯᠣᠨ | ᠢᠳᠡᠪᠬᠢᠳᠡᠢ ᠬᠠᠮᠵᠢᠯᠴᠠᠵᠥ ᠲᠠᠪᠢᠭᠠᠳ ᠡᠳᠣᠷ ᠰᠢᠷᠭᠠᠭᠤ ᠠᠵᠢᠯᠯᠠᠭᠰᠠᠨ ᠢᠶᠠᠷ ᠪᠦᠬᠦ ᠭᠠᠴᠠᠭᠠᠨ ᠤ ᠪᠠᠨ ᠶᠡᠬᠡᠩᠬᠡᠢ | ᠨᠣᠳᠤᠭ ᠪᠡᠯᠴᠢᠬᠡᠷ ᠤᠨ ᠴᠡᠷᠴᠡᠬᠠᠢ ᠶᠢᠨ ᠭᠠᠮᠰᠢᠭ ᠢ ᠪᠦᠳᠦᠮᠵᠢᠳᠡᠢ ᠰᠠᠶᠢᠨ ᠢᠶᠠᠷ ᠬᠤᠷᠢᠭᠯᠠᠵᠥ ᠴᠢᠳᠠᠭᠰᠠᠨ ᠪᠠᠶᠢᠨ᠎ᠠ᠃ | | ᠣᠯᠠᠨ ᠵᠢᠯ ᠤᠨ ᠮᠠᠯ ᠮᠠᠯᠵᠢᠭᠰᠠᠨ ᠲᠣᠷᠰᠢᠯᠭ᠎ᠠ ᠠᠴᠠ ᠦᠵᠡᠪᠡᠯ ᠰᠠᠭᠤᠷᠢ ᠪᠦᠳᠦᠬᠡᠨ ᠪᠠᠶᠢᠭᠤᠯᠥᠯᠳᠠ ᠪᠣᠯ | ᠦᠨᠳᠣᠰᠣᠨ ᠱᠠᠳᠣᠨ ᠤ ᠬᠠᠮᠤᠭ ᠬᠡᠪᠡᠷᠡᠭ ᠵᠦᠢᠯ ᠪᠦᠬᠡᠳ ᠬᠠᠮᠤᠭ ᠭᠤᠣᠯᠳᠠᠯᠭᠠᠳᠣ ᠪᠦᠳᠦᠬᠡᠨ ᠪᠠᠶᠢᠭᠤᠯᠥᠯᠳᠠ | ᠬᠡᠳᠡᠭ ᠢ ᠦᠨᠡᠨᠬᠦ ᠣᠶᠢᠯᠠᠭᠠᠭᠰᠠᠨ ᠣᠶᠣᠨᠬᠡᠷᠡᠯ ᠱᠦᠵᠢ ᠮᠠᠯᠵᠢᠬᠤ ᠡᠷᠣᠬᠡ ᠪᠠᠷ ᠬᠦᠨᠵᠡᠬᠡᠶᠢᠷᠡᠬᠦ ᠶᠠᠪᠣᠴᠠ ᠲᠣᠮᠳᠠ | ᠪᠠᠨ ᠲᠣᠰ ᠭᠠᠴᠠᠭᠠᠨ ᠤ ᠪᠠᠨ ᠰᠢᠨᠡᠬᠡᠨ ᠡᠷᠣᠬᠡ ᠲᠣᠰᠠᠭᠠᠷᠯᠠᠭᠰᠠᠨ ᠭᠤᠷᠪᠠᠨ ᠵᠠᠯᠠᠭᠤ ᠬᠤᠣᠰ ᠤᠨ ᠰᠠᠭᠤᠷᠢ | ᠪᠦᠳᠦᠬᠡᠨ ᠪᠠᠶᠢᠭᠤᠯᠥᠯᠳᠠ ᠪᠠᠷᠣᠭᠳᠡᠢ ᠪᠠᠶᠢᠭᠰᠠᠨ ᠢ ᠣᠯᠵᠥ ᠮᠡᠳᠡᠭᠰᠡᠨ ᠤ ᠪᠠᠨ ᠲᠠᠷᠠᠭ᠎ᠠ ᠪᠠᠷ ᠲᠣᠰᠬᠠᠢ ᠲᠡᠬᠡᠭᠰᠢ | ᠲᠣᠰᠬᠠᠵᠥ ᠪᠠᠶᠢᠭᠠᠳ ᠲᠡᠯᠡᠬᠡᠢ ᠶᠢᠨ ᠪᠠᠩᠬᠢ ᠶᠢᠨ ᠲᠡᠮᠵᠢᠯᠬᠡ ᠶᠢ ᠢᠳᠡᠪᠬᠢᠳᠡᠢ ᠡᠷᠡᠮᠵᠡᠯᠡᠨ ᠣᠯᠵᠥ ᠡᠳᠡᠬᠡᠷ ᠭᠤᠷᠪᠠᠨ | ᠡᠷᠣᠬᠡ ᠪᠦᠷᠢ ᠳᠡᠭᠡᠨ ᠲᠣᠰᠪᠣᠷᠢ 100 ᠲᠡᠭᠰᠢ ᠲᠦᠷᠪᠡᠯᠵᠢᠨ ᠮᠧᠲᠷ ᠤᠨ ᠲᠠᠯᠠᠪᠡᠢ ᠪᠦᠬᠦᠢ ᠲᠣᠯᠠᠭᠠᠨ ᠫᠧᠩ | ᠪᠠᠶᠢᠭᠤᠯᠣᠨ ᠦᠭᠴᠣ ᠠᠵᠢᠯ ᠠᠮᠢᠳᠣᠷᠠᠯ ᠢᠶᠠᠨ ᠦᠬᠡᠳᠡ ᠲᠠᠳᠠᠬᠤ ᠳᠤ ᠨᠢ ᠴᠢᠮᠠᠯᠠᠰᠢ ᠦᠬᠡᠢ ᠶᠡᠭᠡ ᠦᠢᠯᠡᠳᠣᠯ | ᠦᠵᠡᠬᠦᠯᠵᠥ ᠪᠠᠶᠢᠭᠰᠠᠨ᠃ ᠲᠣᠬᠠᠢ ᠶᠢᠨ ᠦᠶ᠎ᠡ ᠶᠢᠨ ᠠᠶᠢᠮᠠᠭ ᠤᠨ ᠵᠡᠬᠢᠷᠭ᠎ᠠ ᠠᠴᠠ ᠰᠠᠨᠠᠭᠠᠴᠢᠯᠠᠨ ᠶᠠᠪᠣᠭᠳᠠᠭᠤᠯᠵᠥ | ᠪᠠᠶᠢᠭᠰᠠᠨ ᠬᠤᠶᠢᠳᠣ ᠬᠤᠰᠢᠭᠤ ᠰᠣᠮᠣᠨ ᠤ ᠨᠣᠳᠤᠭ ᠲᠤ ᠬᠡᠰᠡᠭᠯᠠᠨ ᠬᠤᠪᠢᠶᠠᠵᠥ ᠡᠬᠡᠯᠵᠢᠯᠠᠨ ᠮᠠᠯᠵᠢᠬᠤ ᠲᠦᠷᠦ ᠶᠢᠨ | ᠪᠣᠳᠣᠯᠭ᠎ᠠ ᠶᠢ ᠶᠠᠪᠣᠭᠳᠠᠭᠤᠯᠬᠤ ᠦᠶ᠎ᠡ ᠳᠤ《 ᠡᠪᠡᠰᠣ ᠲᠠᠢ ᠪᠣᠯ ᠮᠠᠯ ᠲᠠᠢ ᠪᠠᠶᠢᠳᠠᠭ 》 ᠠᠭᠤᠣ ᠶᠡᠭᠡ ᠮᠠᠯᠵᠢᠯ | ᠤᠨ ᠶᠣᠰᠣ ᠶᠢ ᠵᠢᠷᠣᠬᠡ ᠰᠡᠳᠬᠢᠯ ᠢᠶᠠᠷ ᠢᠶᠠᠨ ᠮᠡᠳᠡᠷᠡᠨ ᠵᠦᠪᠰᠢᠶᠡᠷᠡᠳᠡᠭ ᠣᠶᠣᠨᠬᠡᠷᠡᠯ ᠱᠦᠵᠢ ᠠᠴᠠ ᠡᠨᠡᠬᠦ ᠠᠵᠢᠯ ᠢ | ᠲᠣᠩ ᠶᠡᠭᠡ ᠴᠢᠬᠤᠯᠠᠴᠢᠯᠠᠨ ᠦᠵᠡᠵᠥ᠂ ᠮᠠᠯᠴᠢᠨ ᠲᠦᠮᠡᠨ ᠢᠶᠠᠨ ᠣᠬᠠᠭᠠᠷᠠᠭᠤᠯᠣᠨ ᠲᠠᠭᠠᠭᠤᠯᠬᠤ ᠶᠢᠨ ᠬᠠᠮᠳᠣ | ᠵᠣᠬᠢᠬᠤ ᠲᠠᠯ᠎ᠠ ᠠᠴᠠ ᠠᠵᠥ ᠠᠬᠤᠢ ᠶᠢᠨ ᠦᠷ᠎ᠡ ᠠᠰᠢᠭ ᠢ ᠨᠢ ᠠᠷᠪᠢᠯᠠᠬᠤ ᠡᠬᠦᠳᠡᠨ ᠠᠴᠠ ᠨᠣᠳᠤᠭ ᠪᠡᠯᠴᠢᠬᠡᠷ ᠢᠶᠠᠨ | ᠰᠢᠨᠵᠢᠯᠡᠬᠦ ᠣᠬᠠᠭᠠᠨᠴᠢ ᠪᠠᠷ ᠬᠤᠪᠢᠷᠢᠯᠠᠵᠥ ᠨᠣᠳᠤᠭ ᠪᠡᠯᠴᠢᠬᠡᠷ ᠤᠨ ᠦᠷ᠎ᠡ ᠠᠰᠢᠭ ᠢ ᠬᠠᠮᠤᠭ ᠦᠨᠳᠣᠷ ᠬᠡᠪᠴᠢᠶᠠᠨ | ᠳᠤ ᠠᠰᠢᠭᠯᠠᠬᠤ ᠶᠢ ᠵᠣᠷᠢᠭᠵᠢᠭᠤᠯᠬᠤ ᠪᠠᠷ ᠡᠷᠣᠬᠡ ᠪᠦᠷᠢ ᠶᠢᠨ ᠬᠤᠪᠢᠳᠠᠵᠥ ᠠᠪᠣᠭᠰᠠᠨ ᠨᠣᠳᠤᠭ ᠪᠡᠯᠴᠢᠬᠡᠷ ᠲᠤᠨᠢ | ᠪᠣᠳᠠᠳᠡᠢ ᠪᠠᠶᠢᠴᠠᠭᠠᠯᠳᠠ ᠬᠢᠵᠥ ᠪᠡᠯᠴᠢᠬᠡᠷ ᠡᠪᠡᠰᠣᠨ ᠤ ᠭᠠᠷᠣᠴᠠ ᠶᠢ ᠦᠨᠳᠣᠰᠣᠯᠠᠵᠥ ᠣᠯᠠᠨ ᠲᠦᠷᠦᠯ ᠬᠤᠪᠢᠶᠠᠨ | ᠲᠣᠣᠷ ᠬᠦᠷᠢᠶ᠎ᠡ ᠪᠠᠨ ᠠᠮᠢᠳᠣᠯᠢᠭ ᠲᠠᠳᠠᠬᠤ ᠶᠢ ᠰᠠᠨᠠᠭᠤᠯᠵᠥ ᠪᠣᠳᠠᠳᠡᠢ ᠠᠵᠢᠯᠯᠠᠭᠰᠠᠨ ᠢᠶᠠᠷ ᠲᠡᠬᠡᠷ᠎ᠡ ᠱᠠᠳᠣᠨ ᠤ | ᠮᠡᠷᠬᠡᠵᠢᠯᠳᠠᠨ ᠨᠡᠷ ᠤᠨ ᠦᠨᠳᠣᠷ ᠦᠨᠡᠯᠡᠯᠳᠡ ᠶᠢ ᠣᠯᠵᠥ ᠪᠦᠬᠦ ᠭᠠᠴᠠᠭᠠᠨ ᠤ ᠨᠠᠶᠠᠨ ᠬᠤᠪᠢ ᠶᠢᠨ ᠨᠣᠳᠤᠭ | ᠪᠡᠯᠴᠢᠬᠡᠷ ᠢ ᠲᠣᠣᠷᠯᠠᠨ ᠪᠢᠳᠡᠬᠦᠮᠵᠢᠯᠡᠵᠥ ᠨᠣᠳᠤᠭ ᠪᠡᠯᠴᠢᠬᠡᠷ ᠤᠨ ᠬᠦᠷᠦᠰᠣ ᠰᠢᠷᠣᠢ ᠶᠢᠨ ᠬᠠᠮᠠᠭᠠᠯᠠᠯ ᠳᠤ | ᠣᠮᠳᠣᠭᠠᠶᠢᠯᠠᠵᠥ ᠪᠣᠯᠥᠰᠢ ᠢᠳᠡᠪᠬᠢ ᠦᠢᠯᠡᠳᠣᠯ ᠦᠵᠡᠬᠦᠯᠵᠥ ᠴᠢᠳᠠᠭᠰᠠᠨ ᠪᠠᠶᠢᠨ᠎ᠠ᠃ | 2012 ᠣᠨ ᠳᠤ ᠪᠤᠨᠳᠡᠷᠢ ᠨᠣᠳᠤᠭ ᠲᠤ ᠪᠠᠰᠠ ᠨᠢᠬᠡᠨ ᠣᠳᠠᠭᠠᠨ ᠤ ᠬᠦᠮᠡᠯᠢ ᠲᠠᠭᠠᠨ᠎ᠠ ᠶᠢᠨ ᠰᠢᠪᠡᠵᠢ | ᠬᠤᠷᠣᠬᠠᠢ ᠶᠢᠨ ᠭᠠᠮᠰᠢᠭ ᠲᠠᠬᠢᠨᠳᠠ ᠨᠦᠮᠦᠷᠢᠯᠠ᠃ ᠲᠡᠷᠡᠬᠦ ᠬᠤᠷᠣᠬᠠᠢ ᠶᠢᠨ ᠬᠤᠣᠷ ᠬᠦᠨᠦᠬᠡᠯ ᠨᠢ ᠴᠡᠷᠴᠡᠬᠠᠢ ᠶᠢᠨ | ᠭᠠᠮᠰᠢᠭ ᠢ ᠪᠣᠳᠣᠪᠠᠯ ᠨᠡᠩ ᠬᠦᠨᠳᠣ ᠨᠣᠴᠢᠳᠡᠢ᠂ ᠣᠴᠢᠷ ᠨᠢ ᠴᠡᠷᠴᠡᠬᠠᠢ ᠪᠣᠯ ᠲᠠᠭᠠᠨ᠎ᠠ ᠮᠠᠩᠬᠢᠷ ᠵᠡᠷᠬᠡ ᠶᠢᠨ | ᠭᠠᠰᠢᠭᠤᠨ ᠵᠣᠶᠢᠯ ᠢ ᠢᠳᠡᠬᠦ ᠦᠬᠡᠢ ᠵᠡᠷᠬᠡ ᠶᠢᠨ ᠣᠨᠴᠠᠯᠢᠭ ᠲᠠᠢ ᠪᠠᠶᠢᠭᠰᠠᠨ ᠪᠣᠯ ᠡᠨᠡᠬᠦ ᠬᠠᠷ᠎ᠠ ᠬᠤᠷᠣᠬᠠᠢ ᠬᠠᠷᠢᠨ | ᠬᠡᠷᠡᠯ ᠢᠯᠴᠢ ᠨᠢ ᠦᠵᠡᠭᠳᠡᠬᠦ ᠦᠬᠡᠢ ᠲᠦᠢᠮᠡᠷ ᠮᠡᠳᠣ ᠪᠦᠬᠦᠨ ᠢ ᠴᠦᠯᠪᠡᠨ ᠠᠪᠳᠠᠭ ᠪᠠᠶᠢᠨ᠎ᠠ᠃ ᠨᠣᠳᠤᠭ ᠪᠡᠯᠴᠢᠬᠡᠷ᠂ | ᠮᠠᠯ ᠰᠦᠷᠦᠭ ᠢᠶᠠᠨ ᠶᠠᠭᠤᠨ ᠤ ᠲᠡᠷᠢᠬᠦᠨ ᠳᠤ ᠲᠠᠯᠪᠢᠳᠠᠭ ᠣᠶᠣᠨᠬᠡᠷᠡᠯ ᠱᠦᠵᠢ ᠨᠣᠳᠤᠭ ᠣᠰᠣ᠂ ᠮᠠᠯᠴᠢᠨ ᠲᠦᠮᠡᠨ | ᠤ ᠪᠠᠨ ᠲᠦᠯᠥᠬᠡ ᠰᠡᠳᠬᠢᠯ ᠵᠣᠪᠠᠨᠢᠬᠤ ᠳᠠᠭᠠᠨ ᠪᠠᠰᠠᠯᠠ《 ᠨᠢᠭᠤᠷ ᠢᠶᠠᠨ ᠰᠢᠷᠢᠯᠡᠬᠡᠳ 》 ᠬᠤᠯᠪᠣᠭᠳᠠᠯ ᠪᠦᠬᠦᠢ | ᠪᠠᠶᠢᠭᠤᠯᠥᠯᠭᠠ ᠨᠢᠬᠡᠴᠡ ᠶᠢ ᠡᠷᠢᠨ ᠬᠦᠴᠢᠷ ᠵᠣᠪᠠᠯᠠᠩ ᠢᠶᠠᠨ ᠲᠣᠭᠠᠴᠢᠭᠰᠠᠨ ᠤ ᠡᠴᠣᠰ ᠲᠤ ᠵᠦᠪᠬᠡᠨ ᠲᠣᠰᠣᠨ ᠤ | ᠵᠡᠷᠣᠳᠡᠯ ᠢ ᠨᠢ ᠦᠪᠡᠷᠳᠡᠬᠡᠨ ᠭᠠᠷᠭᠠᠬᠤ ᠲᠡᠬᠡᠳᠣ ᠱᠠᠳᠣᠨ ᠤ ᠬᠠᠯᠠᠭᠤᠨ ᠲᠡᠮᠵᠢᠯᠬᠡ ᠶᠢ ᠣᠯᠵᠥ ᠪᠦᠬᠦ ᠭᠠᠴᠠᠭᠠᠨ ᠤ | ᠪᠠᠨ ᠨᠣᠳᠤᠭ ᠲᠤ ᠡᠮ ᠰᠠᠴᠣᠵᠥ ᠨᠣᠳᠤᠭ ᠪᠡᠯᠴᠢᠬᠡᠷ ᠢᠶᠠᠨ ᠬᠦᠨᠦᠬᠡᠯᠳᠣ ᠬᠤᠷᠣᠬᠠᠢ ᠶᠢᠨ ᠭᠠᠮᠰᠢᠭ ᠠᠴᠠ ᠲᠠᠬᠢᠨᠳᠠ | ᠠᠪᠣᠷᠠᠭᠰᠠᠨ ᠶᠣᠮᠰᠠᠨ᠃ | ᠮᠠᠯᠴᠢᠨ ᠲᠦᠮᠡᠨ — ᠣᠷᠬᠢᠵᠥ ᠪᠣᠯᠣᠰᠢ ᠦᠬᠡᠢ ᠡᠬᠦᠷᠢᠳᠡ ᠶᠢᠨ ᠬᠠᠨᠢ | ᠨᠠᠮ ᠠᠷᠠᠳ ᠲᠦᠮᠡᠨ ᠤ ᠪᠠᠨ ᠲᠦᠯᠥᠬᠡ ᠨᠢᠬᠡ ᠰᠡᠳᠬᠢᠯ ᠢᠶᠠᠷ ᠵᠢᠳᠬᠦᠵᠥ ᠶᠠᠪᠣᠭᠰᠠᠨ ᠣᠶᠣᠨᠬᠡᠷᠡᠯ | ᠭᠠᠴᠠᠭᠠᠨ ᠤ ᠪᠠᠨ ᠨᠠᠮ ᠤᠨ ᠡᠬᠦᠷ ᠤᠨ ᠱᠦᠵᠢ ᠶᠢᠨ ᠲᠣᠰᠢᠶᠠᠯ ᠳᠤ ᠪᠠᠶᠢᠬᠤ ᠬᠤᠭᠤᠴᠠᠭᠠᠨ ᠳᠠᠭᠠᠨ ᠦᠨᠳᠣᠰᠣᠨ | ᠱᠠᠳᠣᠨ ᠤ ᠰᠠᠯᠪᠣᠷᠢ ᠵᠣᠬᠢᠶᠠᠨ ᠪᠠᠶᠢᠭᠤᠯᠥᠯᠳᠠ ᠶᠢᠨ ᠦᠢᠯᠡᠰ ᠢ ᠶᠡᠬᠡᠳᠡ ᠠᠩᠬᠠᠷᠣᠨ ᠬᠠᠯᠠᠮᠵᠢᠯᠠᠵᠥ ᠵᠢᠯᠥᠭᠤᠳᠣᠨ | ᠲᠠᠭᠠᠭᠤᠯᠣᠭᠰᠠᠨ ᠢᠶᠠᠷ ᠡᠯ᠎ᠠ ᠵᠣᠬᠢᠶᠠᠨ ᠪᠠᠶᠢᠭᠤᠯᠥᠯᠳᠠ ᠨᠢ ᠪᠠᠶᠠᠷᠯᠠᠭᠤᠰᠢᠳᠡᠢ ᠰᠠᠶᠢᠨ ᠠᠮᠵᠢᠯᠳᠠ ᠪᠦᠳᠦᠬᠡᠯ ᠢ ᠣᠯᠵᠥ | ᠴᠢᠳᠠᠭᠰᠠᠨ ᠪᠢᠯᠡ᠃ | 1995 ᠣᠨ ᠳᠤ ᠲᠣᠰ ᠭᠠᠴᠠᠭᠠᠨ ᠤ ᠵᠠᠯᠠᠭᠤ ᠣᠶᠣᠳᠠᠨ ᠡᠮᠴᠢ ᠪᠦᠷᠢᠨᠪᠡᠶᠡᠷ ᠬᠦᠬᠡᠬᠤᠳᠠ ᠶᠢᠨ ᠡᠮᠨᠡᠯᠬᠡ | ᠶᠢᠨ ᠰᠣᠷᠭᠠᠭᠤᠯᠢ ᠠᠴᠠ ᠲᠡᠬᠦᠰᠴᠣ ᠢᠷᠡᠭᠰᠡᠨ ᠤ ᠪᠠᠨ ᠲᠠᠷᠠᠭ᠎ᠠ ᠬᠦᠳᠡᠭᠡ ᠨᠣᠳᠤᠭ ᠢᠶᠠᠷ ᠢᠶᠠᠨ ᠲᠣᠭᠤᠷᠢᠨ ᠡᠮᠴᠢᠯᠡᠬᠦ | ᠦᠶ᠎ᠡ ᠳᠤ ᠣᠶᠣᠨᠬᠡᠷᠡᠯ ᠱᠦᠵᠢ ᠠᠴᠠ ᠲᠡᠬᠦᠨ ᠳᠤ ᠲᠣᠩ ᠶᠡᠭᠡ ᠠᠵᠥ ᠠᠬᠤᠢ ᠪᠠ ᠰᠡᠳᠬᠢᠯ ᠰᠠᠨᠠᠭᠠᠨ ᠤ | ᠵᠣᠷᠢᠭᠵᠢᠭᠤᠯᠣᠯ ᠣᠯᠭᠤᠭᠰᠠᠨ ᠢᠶᠠᠷ ᠲᠡᠷᠡ ᠬᠦᠳᠡᠭᠡ ᠨᠣᠳᠤᠭ ᠤᠨ ᠡᠮ ᠡᠮᠨᠡᠯᠬᠡ ᠶᠢᠨ ᠦᠢᠯᠡᠰ ᠲᠤ ᠭᠠᠷᠮᠠᠭᠠᠢ | ᠬᠤᠪᠢ ᠨᠡᠮᠡᠬᠦᠷᠢ ᠦᠵᠡᠬᠦᠯᠥᠭᠰᠡᠨ ᠢᠶᠠᠷ ᠦᠯᠥ ᠪᠠᠷᠠᠨ 1996 ᠣᠨ ᠳᠤ ᠦᠪᠦᠷ ᠮᠣᠩᠭᠤᠯ ᠤᠨ ᠦᠪᠡᠷᠳᠡᠬᠡᠨ | ᠵᠠᠰᠠᠬᠤ ᠣᠷᠣᠨ ᠤ ᠡᠪᠯᠠᠯ ᠤᠨ ᠲᠦᠯᠥᠬᠡᠯᠡᠭᠴᠢ᠂ ᠵᠠᠯᠭᠠᠭᠠᠳ 1998 ᠣᠨ ᠳᠤ ᠲᠣᠮᠳᠠᠳᠣ ᠣᠯᠣᠰ ᠤᠨ ᠡᠪ | ᠬᠠᠮᠳᠣ ᠵᠠᠯᠠᠭᠤᠴᠣᠳ ᠤᠨ ᠡᠪᠯᠠᠯ ᠤᠨ ᠠᠷᠪᠠᠨ ᠲᠦᠷᠪᠡᠳᠣᠬᠡᠷ ᠬᠤᠭᠤᠴᠠᠭᠠᠨ ᠤ ᠲᠦᠯᠥᠬᠡᠯᠡᠭᠴᠢ ᠪᠠᠷ | ᠰᠣᠩᠭᠤᠭᠳᠠᠵᠥ ᠨᠡᠶᠢᠰᠯᠠᠯ ᠬᠤᠳᠠ — ᠪᠡᠬᠡᠵᠢᠩ ᠳᠤ ᠬᠦᠷᠴᠣ ᠡᠪᠯᠠᠯ ᠤᠨ ᠵᠣᠬᠢᠶᠠᠨ ᠪᠠᠶᠢᠭᠤᠯᠥᠯᠳᠠ ᠶᠢᠨ | ᠣᠳᠣᠷᠢᠳᠣᠯᠭ᠎ᠠ ᠨᠡᠷ ᠲᠠᠢ ᠠᠭᠤᠯᠵᠠᠵᠥ ᠣᠷᠣᠨ ᠨᠣᠳᠤᠭ ᠪᠠ ᠬᠤᠪᠢ ᠬᠦᠮᠦᠨ ᠳᠡᠭᠡᠨ ᠬᠢᠵᠠᠭᠠᠯᠠᠰᠢ ᠦᠬᠡᠢ ᠶᠡᠭᠡ | ᠦᠩᠬᠡ ᠬᠡᠷᠡᠯ ᠠᠪᠴᠢᠷᠠᠭᠰᠠᠨ ᠪᠠ ᠲᠣᠰ ᠭᠠᠴᠠᠭᠠᠨ ᠤ ᠵᠢᠷ ᠤᠨ ᠮᠠᠯᠴᠢᠨ ᠪᠦᠰᠡᠬᠦᠢ ᠲᠣᠷᠵᠢᠫᠠᠭᠮᠠ ᠬᠤᠰᠢᠭᠤ | ᠲᠡᠰ ᠤᠨ《3.8》 ᠶᠢᠨ ᠣᠯᠠᠭᠠᠨ ᠲᠣᠭᠴᠢ ᠪᠠᠷ ᠰᠣᠩᠭᠤᠭᠳᠠᠵᠥ ᠪᠠᠶᠢᠭᠰᠠᠨ ᠶᠠᠪᠣᠳᠠᠯ ᠨᠢ ᠣᠶᠣᠨᠬᠡᠷᠡᠯ ᠱᠦᠵᠢ | ᠶᠢᠨ ᠬᠠᠪᠰᠣᠷᠣᠯᠭ᠎ᠠ ᠲᠡᠮᠵᠢᠯᠬᠡ ᠪᠠ ᠪᠣᠳᠡᠳᠡᠢ ᠵᠢᠭᠠᠨ ᠵᠢᠯᠥᠭᠤᠳᠣᠯᠭ᠎ᠠ ᠠᠴᠠ ᠰᠠᠯᠵᠥ ᠴᠢᠳᠠᠬᠤ ᠦᠬᠡᠢ ᠨᠢ ᠮᠡᠳᠡᠬᠡᠵᠢ | ᠃ | ᠴᠠᠭ ᠦᠶ᠎ᠡ ᠬᠡᠳᠣᠶᠢᠪᠡᠷ ᠲᠦᠷᠬᠡᠨ ᠬᠦᠭᠵᠢᠵᠥ ᠪᠠᠶᠢᠭᠰᠠᠨ ᠪᠣᠯᠪᠠᠴᠣ ᠦᠨᠳᠣᠰᠣᠨ ᠱᠠᠳᠣᠨ ᠳᠤ ᠰᠣᠷᠭᠠᠨ | ᠬᠦᠮᠦᠵᠢᠯ ᠠᠷᠡᠢ ᠯᠡ ᠲᠡᠬᠡᠵᠥ ᠶᠡᠭᠡ ᠲᠦᠬᠡᠮᠡᠯᠵᠢᠬᠡ ᠦᠬᠡᠢ ᠵᠠᠯᠠᠭᠤᠴᠣᠳ ᠤᠨ ᠰᠣᠶᠣᠯ ᠤᠨ ᠠᠮᠢᠳᠣᠷᠠᠯ | ᠬᠤᠴᠣᠷᠣᠩᠭᠤᠢ᠂ ᠨᠡᠩ ᠢᠯᠠᠩᠭᠤᠶ᠎ᠡ ᠰᠣᠷᠭᠠᠭᠤᠯᠢ ᠠᠴᠠ ᠡᠮᠣᠨᠡᠬᠢ ᠬᠡᠣᠬᠡᠳ ᠲᠣᠩ ᠭᠠᠭᠴᠠᠭᠠᠷᠳᠡᠩᠭᠤᠢ ᠪᠠᠶᠢᠭ᠎ᠠ ᠶᠢ | ᠣᠯᠵᠥ ᠮᠡᠳᠡᠭᠰᠡᠨ ᠣᠶᠣᠨᠬᠡᠷᠡᠯ ᠱᠦᠵᠢ ᠬᠤᠰᠢᠭᠤ ᠬᠡᠣᠬᠡᠳ ᠤᠨ ᠴᠡᠴᠡᠷᠯᠢᠭ ᠵᠡᠷᠬᠡ ᠬᠠᠮᠢᠶ᠎ᠡ ᠪᠦᠬᠦᠢ ᠪᠠᠶᠢᠭᠤᠯᠥᠯᠭᠠ | ᠨᠢᠬᠡᠴᠡ ᠲᠠᠢ ᠬᠠᠷᠢᠴᠠᠵᠥ ᠪᠠᠶᠢᠭᠠᠳ ᠰᠣᠶᠣᠯ ᠤᠨ ᠬᠦᠳᠡᠯᠬᠡᠬᠡᠨ ᠤ ᠲᠦᠪ ᠲᠡᠭᠡᠨ ᠬᠡᠣᠬᠡᠳ ᠤᠨ ᠴᠡᠴᠡᠷᠯᠢᠭ | ᠪᠠᠶᠢᠭᠤᠯᠣᠭᠰᠠᠨ ᠨᠢ ᠨᠣᠳᠤᠭ ᠣᠰᠣᠨ ᠤ ᠦᠷ᠎ᠡ ᠬᠡᠣᠬᠡᠳ ᠤᠨ ᠲᠦᠯᠥᠬᠡ ᠶᠠᠪᠣᠭᠳᠠᠭᠤᠯᠣᠭᠰᠠᠨ ᠪᠠᠰᠠ ᠨᠢᠬᠡᠨ | ᠪᠣᠶᠠᠨᠰᠠᠭ ᠠᠵᠢᠯᠯᠠᠭ᠎ᠠ ᠪᠢᠯᠡ᠃ᠣᠶᠣᠨᠬᠡᠷᠡᠯ ᠱᠦᠵᠢ 1997 ᠣᠨ ᠳᠤ ᠰᠡᠬᠡᠬᠡᠳᠡᠳ ᠤᠨ《 ᠬᠦᠳᠡᠭᠡ | ᠪᠠᠭᠤᠭᠰᠠᠨ》ᠭᠤᠴᠢᠨ ᠵᠢᠯ ᠤᠨ ᠣᠢ ᠶᠢ ᠲᠣᠬᠢᠶᠠᠯᠳᠣᠭᠤᠯᠣᠨ ᠪᠠᠭ᠎ᠠ ᠬᠡᠮᠵᠢᠶᠠᠨ ᠤ ᠨᠠᠭᠠᠳᠣᠮ ᠵᠣᠬᠢᠶᠠᠨ | ᠪᠠᠶᠢᠭᠤᠯᠵᠥ ᠮᠠᠯᠴᠢᠳ ᠪᠠ ᠰᠡᠬᠡᠬᠡᠳᠡᠨ ᠨᠡᠷ ᠤᠨ ᠡᠷᠬᠢᠴᠠᠬᠦᠯᠥᠯ ᠲᠣᠷᠠᠳᠬᠠᠯ ᠢ ᠪᠠᠳᠣᠳᠬᠠᠭᠰᠠᠨ ᠪᠦᠬᠡᠳ ᠲᠣᠰ | ᠣᠳᠠᠭᠠᠨ ᠤ1 28 ᠪᠦᠬᠡ ᠶᠢᠨ ᠪᠠᠷᠢᠯᠳᠣᠭᠠᠨ ᠳᠤ ᠲᠣᠰ ᠭᠠᠴᠠᠭᠠᠨ ᠤ ᠰᠡᠴᠡᠨᠪᠠᠭᠠᠳᠤᠷ ᠲᠡᠷᠢᠬᠦᠯᠵᠥ 30 ᠭᠠᠵᠠᠷ | ᠤᠨ ᠡᠮᠡᠬᠡᠯᠳᠣ ᠮᠣᠷᠢᠨ ᠤ ᠣᠷᠣᠯᠳᠣᠭᠠᠨ ᠳᠤ ᠪᠠᠶᠠᠨᠪᠢᠯᠢᠭ᠍ᠳᠦ ᠭᠠᠴᠠᠭᠠᠨ ᠤ ᠲᠡᠬᠦᠰ ᠤᠨ ᠮᠣᠷᠢ ᠲᠡᠷᠢᠬᠦᠯᠵᠥ ᠲᠣᠰ | ᠲᠣᠰ ᠬᠠᠯᠠᠭᠤᠨ ᠬᠤᠰᠢᠭᠤᠳᠣ ᠠᠳᠣᠭᠤ ᠪᠠᠷ ᠱᠠᠩᠨᠠᠭᠳᠠᠭᠰᠠᠨ ᠪᠠᠶᠢᠨ᠎ᠠ᠃ | ᠮᠠᠯᠴᠢᠨ ᠲᠦᠮᠡᠨ ᠤ ᠰᠣᠶᠣᠯ ᠣᠷᠠᠯᠢᠭ ᠲᠠᠩ ᠴᠣᠯᠭᠤᠢ ᠪᠠᠶᠢᠳᠠᠭ ᠵᠦᠢᠯ ᠳᠤ ᠴᠢᠭᠯᠡᠬᠦᠯᠥᠨ ᠣᠶᠣᠨᠬᠡᠷᠡᠯ ᠱᠦᠵᠢ | 1998 ᠣᠨ ᠳᠤ ᠭᠠᠴᠠᠭᠠᠨ ᠤ ᠪᠠᠨ ᠨᠠᠮ ᠤᠨ ᠡᠬᠦᠷ ᠠᠷᠠᠳ ᠤᠨ ᠵᠦᠪᠯᠠᠯ ᠤᠨ ᠨᠦᠬᠦᠳ ᠲᠠᠢ ᠪᠠᠨ | ᠵᠦᠪᠳᠡᠯᠴᠡᠵᠥ ᠪᠠᠶᠢᠭᠠᠳ 1998 ᠣᠨ ᠳᠤ ᠪᠤᠨᠳᠡᠷᠢ ᠭᠠᠴᠠᠭᠠᠨ ᠤ ᠮᠠᠯᠴᠢᠳ ᠤᠨ ᠬᠤᠶᠠᠳᠣᠭᠠᠷ ᠣᠳᠠᠭᠠᠨ ᠤ | ᠠᠷᠠᠳ ᠤᠨ ᠶᠡᠭᠡ ᠨᠡᠶᠢᠷ ᠢ ᠦᠪᠡᠳᠡᠭᠰᠢ ᠶᠡᠭᠡ ᠪᠠᠷ ᠡᠷᠬᠢᠯᠠᠨ ᠶᠠᠪᠣᠭᠳᠠᠭᠤᠯᠬᠤ ᠳᠠᠭᠠᠨ ᠠᠬᠠᠮᠠᠳ ᠣᠳᠣᠷᠢᠳᠣᠯᠭ᠎ᠠ᠂ | ᠵᠢᠱᠢᠶᠡᠴᠢ ᠮᠠᠯᠴᠢᠨ᠂ ᠮᠢᠩᠭᠠᠳᠣ ᠶᠢᠨ ᠡᠷᠣᠬᠡ ᠵᠡᠷᠬᠡ ᠲᠡᠷᠢᠬᠦᠨ ᠤ ᠮᠠᠯᠴᠢᠳ ᠢᠶᠠᠨ ᠬᠦᠬᠢᠬᠦᠯᠥᠨ ᠱᠠᠩᠨᠠᠬᠤ ᠶᠢᠨ | ᠬᠠᠮᠳᠣ ᠬᠦᠬᠡᠬᠤᠳᠠ ᠠᠴᠠ ᠠᠯᠳᠡᠷᠳᠣ ᠲᠠᠭᠤᠴᠢᠨ ᠯᠾᠡᠰᠦ᠋ᠷᠣᠩ ᠵᠡᠷᠬᠡ ᠶᠢᠨ ᠣᠷᠠᠯᠢᠭᠴᠢᠳ ᠢ ᠵᠠᠯᠠᠨ ᠠᠪᠴᠢᠷᠠᠵᠥ | ᠰᠣᠶᠣᠯ ᠣᠷᠠᠯᠢᠭ ᠤᠨ ᠲᠣᠭᠯᠠᠯᠳᠠ ᠭᠠᠷᠭᠠᠨ ᠮᠠᠯᠴᠢᠳ ᠢᠶᠠᠨ ᠪᠠᠶᠠᠰᠬᠠᠬᠤ ᠶᠢᠨ ᠬᠠᠮᠳᠣ ᠮᠣᠩᠭᠤᠯ ᠦᠨᠳᠣᠰᠣᠳᠡᠨ ᠤ | ᠡᠷ᠎ᠡ ᠶᠢᠨ ᠭᠤᠷᠪᠠᠨ ᠨᠠᠭᠠᠳᠣᠮ ᠪᠣᠯᠬᠤ 128 ᠬᠦᠴᠦᠳᠣ ᠪᠦᠬᠡ ᠶᠢᠨ ᠪᠠᠷᠢᠯᠳᠣᠭᠠᠨ ᠳᠤ ᠲᠣᠰ ᠭᠠᠴᠠᠭᠠᠨ ᠤ | ᠰᠠᠶᠢᠨᠪᠡᠶᠡᠷ ᠲᠡᠷᠢᠬᠦᠯᠵᠥ᠂ ᠬᠤᠯᠠ ᠶᠢᠨ ᠮᠣᠷᠢᠨ ᠤ ᠣᠷᠣᠯᠳᠣᠭᠠᠨ ᠳᠤ ᠪᠠᠷᠠᠭᠤᠨ ᠰᠦᠨᠢᠳ ᠬᠤᠰᠢᠭᠤᠨ ᠤ ᠨᠡᠷᠡᠳᠣ | ᠣᠶᠠᠭᠠᠴᠢ ᠬᠡᠬᠡᠷᠡᠯᠳᠣ ᠶᠢᠨ ᠰᠠᠷᠠᠯ ᠮᠠᠩᠨᠠᠢ ᠳᠠᠭᠠᠨ ᠲᠣᠭᠤᠰᠣ ᠦᠬᠡᠢ ᠬᠤᠷᠳᠣᠯᠠᠨ ᠲᠠᠪᠬᠢᠵᠥ ᠬᠠᠯᠠᠭᠤᠨ | ᠬᠤᠰᠢᠭᠤᠳᠣ ᠠᠳᠣᠭᠤ ᠪᠠᠷ ᠲᠣᠰ ᠲᠣᠰ ᠱᠠᠩᠨᠠᠭᠳᠠᠭᠰᠠᠨ ᠪᠢᠯᠡ᠃ | ᠨᠣᠳᠤᠭ ᠣᠰᠣᠨ ᠤ ᠪᠠᠨ ᠶᠠᠳᠠᠭᠤ ᠬᠦᠴᠢᠷᠳᠡᠢ ᠬᠡᠰᠡᠭ ᠮᠠᠯᠴᠢᠨ ᠢ ᠡᠷᠳᠡ ᠨᠢᠬᠡᠨ ᠡᠳᠣᠷ ᠴᠢᠨᠡᠬᠡᠯᠢᠭᠵᠢᠯ | ᠤᠨ ᠵᠠᠮ ᠢᠶᠠᠷ ᠵᠠᠮᠨᠠᠭᠤᠯᠬᠤ ᠶᠢᠨ ᠲᠦᠯᠥᠬᠡ ᠣᠶᠣᠨᠬᠡᠷᠡᠯ ᠱᠦᠵᠢ ᠲᠡᠬᠡᠳᠣ ᠱᠠᠳᠣᠨ ᠳᠤ ᠭᠤᠶᠣᠴᠢᠯᠠᠵᠥ ᠪᠠᠶᠢᠭᠠᠳ | 2013 ᠣᠨ ᠳᠤ 153 ᠲᠣᠯᠣᠭᠠᠢ ᠬᠤᠨᠢ᠂ 2014 ᠣᠨ ᠳᠤ 133 ᠲᠣᠯᠣᠭᠠᠢ ᠬᠤᠨᠢ ᠠᠪᠴᠢᠷᠠᠵᠥ | ᠭᠠᠴᠠᠭᠠᠨ ᠤ ᠪᠠᠨ ᠶᠠᠳᠠᠭᠤ ᠡᠷᠣᠬᠡ ᠳᠤ ᠬᠤᠪᠢᠶᠠᠨ ᠦᠭᠴᠣ ᠲᠡᠳᠡᠨ ᠤ ᠠᠳᠠᠯ ᠠᠮᠢᠳᠣᠷᠠᠯ ᠢᠶᠠᠨ ᠦᠬᠡᠳᠡ ᠨᠢ | ᠲᠠᠳᠠᠬᠤ ᠳᠤ ᠠᠵᠥ ᠠᠬᠤᠢ ᠶᠢᠨ ᠪᠣᠳᠠᠳᠣ ᠠᠰᠢᠭ ᠬᠦᠷᠳᠡᠬᠡᠨ ᠦᠭᠬᠦᠭᠰᠡᠨ ᠪᠠᠶᠢᠨ᠎ᠠ᠃ | ᠮᠦᠨᠴᠣ ᠬᠤᠰᠢᠭᠤ ᠵᠣᠬᠢᠶᠠᠨ ᠪᠠᠶᠢᠭᠤᠯᠬᠤ ᠬᠡᠯᠳᠡᠰ ᠤᠨ ᠪᠣᠳᠡᠳᠡᠢ ᠲᠡᠮᠵᠢᠯᠬᠡ ᠪᠠᠷ ᠭᠠᠴᠠᠭᠠᠨ ᠤ | ᠬᠦᠳᠡᠯᠬᠡᠬᠡᠨ ᠤ ᠬᠡᠷ ᠢ ᠵᠠᠰᠠᠨ ᠰᠡᠯᠪᠢᠬᠦ ᠬᠤᠶᠡᠷ ᠲᠦᠮᠡᠨ ᠲᠦᠬᠦᠷᠢᠭ ᠢ ᠡᠷᠡᠮᠵᠡᠯᠡᠨ ᠣᠯᠵᠥ ᠭᠠᠴᠠᠭᠠᠨ ᠤ ᠪᠠᠨ | ᠰᠣᠶᠣᠯ ᠤᠨ ᠬᠡᠷ ᠢ ᠲᠠᠬᠢᠨᠳᠠ ᠪᠦᠷᠢᠨᠰᠢᠬᠦᠯᠥᠭᠰᠡᠨ ᠪᠠᠶᠢᠨ᠎ᠠ᠃ | ᠦᠬᠡᠳᠡᠷᠬᠡᠭ ᠰᠡᠳᠬᠢᠯ — ᠣᠷᠣᠯᠠᠭᠤᠯᠵᠥ ᠪᠣᠯᠣᠰᠢ ᠦᠬᠡᠢ ᠨᠠᠨᠳᠢᠨ ᠦᠪ | ᠨᠣᠳᠤᠭ ᠣᠰᠣ᠂ ᠠᠷᠠᠳ ᠲᠦᠮᠡᠨ ᠤ ᠪᠠᠨ ᠲᠦᠯᠥᠬᠡ ᠨᠢᠬᠡ ᠰᠡᠳᠬᠢᠯ ᠢᠶᠠᠷ ᠭᠤᠶᠠᠴᠢ ᠦᠬᠡᠢ ᠵᠢᠳᠬᠦᠵᠥ | ᠶᠠᠪᠣᠭᠰᠠᠨ ᠣᠶᠣᠨᠬᠡᠷᠡᠯ ᠱᠦᠵᠢ ᠶᠢᠨ ᠦᠵᠡᠯ ᠰᠠᠨᠠᠭ᠎ᠠ ᠦᠢᠯᠡᠰ ᠪᠦᠳᠦᠬᠡᠯ ᠢ ᠲᠡᠬᠡᠳᠣ ᠱᠠᠳᠣᠨ ᠤ ᠨᠠᠮ ᠵᠠᠰᠠᠭ ᠠᠴᠠ | ᠦᠨᠳᠣᠷ ᠦᠨᠠᠯᠠᠨ 2000 ᠣᠨ ᠳᠤ ᠲᠡᠬᠦᠨ ᠤ ᠪᠠᠶᠢᠭ᠎ᠠ ᠪᠤᠨᠳᠡᠷᠢ ᠭᠠᠴᠠᠭᠠᠨ ᠤ ᠨᠠᠮ ᠤᠨ ᠡᠬᠦᠷ ᠢ ᠬᠤᠰᠢᠭᠤ | ᠲᠡᠰ ᠤᠨ《 ᠦᠨᠳᠣᠰᠣᠨ ᠱᠠᠳᠣᠨ ᠤ ᠲᠡᠷᠢᠬᠦᠨ ᠤ ᠨᠠᠮ ᠤᠨ ᠡᠬᠦᠷ 》᠂ 2002 ᠣᠨ ᠳᠤ ᠬᠤᠰᠢᠭᠤ ᠲᠡᠰ | ᠤᠨ《ᠲᠡᠷᠢᠬᠦᠨ ᠤ ᠨᠠᠮ ᠤᠨ ᠡᠬᠦᠷ 》 ᠢᠶᠠᠷ ᠲᠣᠰ ᠲᠣᠰ ᠬᠦᠬᠢᠬᠦᠯᠥᠨ ᠵᠣᠷᠢᠭᠵᠢᠭᠤᠯᠣᠭᠰᠠᠨ ᠪᠦᠬᠡᠳ ᠣᠶᠣᠨᠬᠡᠷᠡᠯ | ᠱᠦᠵᠢ ᠦᠪᠡᠷᠳᠡᠬᠡᠨ ᠪᠠᠰᠠ 1990 ᠣᠨ ᠤ 10 ᠰᠠᠷ᠎ᠠ ᠳᠤ ᠦᠪᠦᠷ ᠮᠣᠩᠭᠤᠯ ᠤᠨ ᠦᠪᠡᠷᠳᠡᠬᠡᠨ ᠵᠠᠰᠠᠬᠤ | ᠣᠷᠣᠨ ᠤ ᠵᠢᠷᠭᠤᠳᠣᠭᠠᠷ ᠬᠤᠭᠤᠴᠠᠭᠠᠨ ᠤ ᠡᠮᠡᠭᠳᠡᠶᠢᠴᠣᠳ ᠤᠨ ᠲᠦᠯᠥᠬᠡᠯᠡᠭᠴᠢ ᠪᠠᠷ ᠰᠣᠩᠭᠤᠭᠳᠠᠨ ᠣᠷᠣᠨ ᠤ | ᠲᠦᠪ — ᠬᠦᠬᠡᠬᠤᠳᠡ ᠳᠤ ᠦᠪᠡᠳᠡᠭᠰᠢ ᠶᠡᠭᠡ ᠬᠤᠷᠠᠯᠳᠣᠭᠠᠨ ᠳᠤ ᠣᠷᠣᠯᠴᠠᠵᠥ ᠲᠣᠬᠠᠢ ᠶᠢᠨ ᠦᠶ᠎ᠡ ᠶᠢᠨ ᠦᠪᠦᠷ | ᠮᠣᠩᠭᠤᠯ ᠤᠨ ᠣᠳᠣᠷᠢᠳᠣᠯᠭ᠎ᠠ ᠪᠠᠶᠢᠭᠰᠠᠨ ᠪᠦᠬᠡ ᠲᠡᠷᠢᠬᠦᠯᠡᠭᠴᠢ ᠨᠡᠷ ᠲᠠᠢ ᠪᠡᠶᠡᠴᠢᠯᠠᠨ ᠠᠭᠤᠯᠵᠠᠵᠥ ᠵᠣᠷᠢᠭᠵᠢᠭᠤᠯᠣᠯ | ᠬᠦᠬᠢᠬᠦᠯᠥᠯ ᠢ ᠬᠦᠷᠳᠡᠵᠥ ᠶᠠᠪᠣᠭᠰᠠᠨ ᠤ ᠬᠠᠮᠳᠣ 1998 ᠣᠨ ᠳᠤ ᠪᠦᠬᠦ ᠠᠶᠢᠮᠠᠭ ᠤᠨ《 ᠰᠢᠯᠢᠳᠡᠭ ᠨᠠᠮ ᠤᠨ | ᠬᠡᠰᠢᠬᠦᠨ 》᠂2001 ᠣᠨ ᠳᠤ ᠰᠢᠯᠢ ᠶᠢᠨ ᠭᠤᠣᠯ ᠠᠶᠢᠮᠠᠭ ᠤᠨ ᠡᠮᠡᠭᠳᠡᠶᠢᠴᠣᠳ ᠤᠨ ᠬᠤᠯᠪᠣᠭᠠᠳᠣ ᠬᠤᠷᠠᠯ | ᠠᠴᠠ ᠣᠯᠭᠤᠭᠰᠠᠨ ᠪᠦᠬᠦ ᠠᠶᠢᠮᠠᠭ ᠤᠨ《 ᠬᠤᠶᠡᠷ ᠢ ᠰᠣᠷᠴᠣ᠂ ᠬᠤᠶᠡᠷ ᠢ ᠠᠳᠠᠯᠢᠳᠬᠠᠬᠤ 》ᠠᠵᠢᠯ ᠤᠨ《 | ᠠᠷᠪᠠᠨ ᠭᠠᠪᠰᠢᠭᠠᠶᠢᠯᠠᠭᠴᠢ 》 ᠶᠢᠨ ᠨᠢᠬᠡ᠂ 2017 ᠣᠨ ᠳᠤ ᠬᠤᠰᠢᠭᠤ ᠲᠡᠰ ᠤᠨ《 ᠪᠣᠯᠪᠠᠰᠣᠨ ᠴᠢᠨᠡᠬᠡᠯᠢᠭ | ᠡᠷᠣᠬᠡ 》ᠵᠡᠷᠬᠡ ᠶᠢᠨ ᠢᠷᠡᠭᠤ ᠠᠯᠳᠡᠷ ᠢ ᠲᠡᠬᠡᠳᠣᠯᠠᠵᠥ ᠶᠠᠪᠣᠭ᠎ᠠ ᠪᠢᠯᠡ᠃ | ᠲᠦᠷᠦᠭᠰᠡᠨ ᠨᠣᠳᠤᠭ ᠤᠨ ᠢᠶᠠᠨ ᠰᠢᠮᠡᠯᠢᠭ ᠬᠦᠷᠦᠰᠣᠨ ᠲᠡᠬᠡᠷ᠎ᠡ ᠲᠦᠷᠦ ᠬᠦᠷᠦᠨ᠂ ᠲᠦᠮᠡᠨ ᠢᠷᠬᠡᠨ ᠳᠡᠭᠡᠨ | ᠵᠢᠳᠬᠦᠵᠥ ᠶᠠᠪᠣᠭᠰᠠᠨ ᠣᠶᠣᠨᠬᠡᠷᠡᠯ ᠱᠦᠵᠢ ᠣᠳᠣ《 ᠠᠯᠪᠠᠨ 》 ᠤ ᠲᠣᠰᠢᠶᠠᠯ ᠦᠬᠡᠢ ᠴᠣ᠋ ᠠᠷᠠᠳ ᠲᠦᠮᠡᠨ ᠳᠡᠭᠡᠨ | ᠦᠢᠯᠡᠴᠢᠯᠡᠬᠦ ᠵᠣᠷᠢᠭ ᠰᠠᠨᠠᠭ᠎ᠠ᠂ ᠦᠢᠯᠡ ᠠᠵᠢᠯᠯᠠᠭ᠎ᠠ ᠪᠠᠨ ᠲᠠᠶᠠᠭᠳᠠᠭ᠎ᠠ ᠦᠬᠡᠢ᠂ 2015 ᠣᠨ ᠤ ᠰᠡᠬᠦᠯᠴᠢ ᠪᠠᠷ | ᠦᠪᠡᠷ ᠢᠶᠠᠨ《 ᠬᠠᠶᠢᠷ᠎ᠡ 》ᠬᠡᠮᠡᠬᠦ ᠡᠨᠡᠷᠢᠯ ᠤᠨ ᠪᠣᠶᠠᠨᠰᠠᠭ ᠬᠤᠯᠪᠣᠭ᠎ᠠ ᠶᠢ ᠡᠬᠦᠰᠬᠡᠨ ᠪᠠᠶᠢᠭᠤᠯᠵᠥ ᠵᠦᠳᠡᠷᠡᠭᠰᠡᠨ | ᠮᠠᠯᠴᠢᠨ᠂ ᠵᠣᠪᠠᠭᠰᠠᠨ ᠢᠷᠬᠡᠨ ᠳᠡᠭᠡᠨ ᠬᠠᠷᠠᠮ ᠦᠬᠡᠢ ᠵᠢᠳᠬᠦᠬᠦ ᠪᠠᠷ ᠴᠢᠮᠡᠶᠢᠵᠥ ᠶᠠᠪᠣᠭ᠎ᠠ ᠪᠢᠯᠡ᠃ | ᠭᠠᠯ ᠣᠰᠣᠨ ᠤ ᠵᠣᠪᠠᠯᠠᠩ ᠨᠢᠳᠣ ᠦᠬᠡᠢ ᠪᠠᠶᠢᠳᠠᠭ ᠤᠨ ᠵᠢᠮ᠎ᠠ ᠪᠠᠷ 2016 ᠣᠨ ᠤ 4 ᠰᠠᠷ᠎ᠠ ᠳᠤ | ᠵᠡᠬᠦᠨ ᠦᠵᠦᠮᠦᠴᠢᠨ ᠬᠤᠰᠢᠭᠤᠨ ᠤ ᠰᠠᠮᠠᠢ ᠰᠣᠮᠣᠨ ᠤ ᠲᠣᠰᠣᠨᠪᠣᠯᠠᠭ ᠭᠠᠴᠠᠭᠠᠨ ᠳᠤ ᠪᠣᠯᠣᠭᠰᠠᠨ ᠶᠡᠭᠡ ᠲᠦᠢᠮᠡᠷ ᠢ | ᠰᠣᠨᠣᠰᠣᠭᠰᠠᠨ ᠤ ᠲᠠᠷᠠᠭ᠎ᠠ ᠪᠠᠷ ᠣᠶᠣᠨᠬᠡᠷᠡᠯ《 ᠱᠦᠵᠢ》ᠬᠤᠯᠪᠣᠭᠠᠨ ᠤ ᠨᠦᠬᠦᠳ ᠢᠶᠠᠨ ᠲᠠᠷᠡ ᠲᠠᠷᠣᠶᠢᠬᠠᠨ | ᠲᠠᠶᠢᠴᠢᠯᠠᠨ 5000.00 ᠲᠦᠬᠦᠷᠢᠭ ᠤᠨ ᠪᠡᠯᠡ ᠮᠦᠩᠬᠦ ᠴᠣᠭᠯᠠᠭᠤᠯᠵᠥ ᠭᠠᠮᠰᠢᠭᠳᠠᠭᠰᠠᠨ ᠮᠠᠯᠴᠢᠳ ᠲᠤ ᠢᠯᠡᠬᠡᠨ | ᠪᠠᠭ᠎ᠠ ᠴᠣ᠋ ᠬᠡᠰᠡᠨ ᠮᠠᠯᠴᠢᠨ ᠬᠦᠮᠦᠨ ᠤ ᠦᠷᠦᠪᠴᠢ ᠰᠡᠳᠬᠢᠯ ᠢ ᠢᠯᠡᠳᠬᠡᠭᠰᠡᠨ ᠪᠣᠯ 2017 ᠣᠨ ᠳᠤ ᠠᠪᠠᠭ᠎ᠠ | ᠬᠤᠰᠢᠭᠤᠨ ᠤ ᠪᠠᠨ ᠣᠷᠴᠢᠨ ᠲᠣᠭᠤᠷᠢᠨ ᠢ ᠬᠠᠮᠠᠭᠠᠯᠠᠬᠤ ᠵᠣᠷᠢᠯᠭ᠎ᠠ ᠪᠠᠷ ᠪᠠᠶᠢᠭᠤᠯᠣᠭᠳᠠᠭᠰᠠᠨ《 ᠲᠣᠯᠭ᠎ᠠ | 》ᠬᠤᠯᠪᠣᠭᠠᠨ ᠤ ᠬᠡᠰᠢᠬᠦᠳ ᠲᠠᠢ ᠬᠠᠮᠳᠣᠷᠠᠨ ᠠᠪᠠᠭ᠎ᠠ ᠬᠤᠰᠢᠭᠤᠨ ᠤ《 ᠴᠣᠯᠮᠣᠨ》ᠨᠠᠰᠣᠳᠠᠶᠢᠴᠣᠳ ᠤᠨ | ᠠᠰᠠᠷᠠᠮᠵᠢ ᠶᠢᠨ ᠭᠠᠵᠠᠷ ᠤᠨ ᠨᠠᠰᠣᠳᠡᠶᠢᠴᠣᠳ ᠪᠠ ᠠᠵᠢᠯᠳᠠᠳ ᠢ ᠪᠣᠯᠭᠤᠭᠠᠨ ᠲᠣᠬᠤᠨᠢᠭᠤᠯᠣᠭᠰᠠᠨ ᠪᠠᠶᠢᠨ᠎ᠠ᠃ | 2018 ᠣᠨ ᠳᠤ ᠰᠡᠬᠡᠬᠡᠳᠡᠨ《 ᠨᠣᠳᠤᠭ ᠪᠣᠴᠠᠭᠰᠠᠨ 》40 ᠵᠢᠯ ᠤᠨ ᠣᠢ ᠶᠢ ᠲᠣᠬᠢᠶᠠᠯᠳᠣᠭᠤᠯᠣᠨ ᠭᠠᠴᠠᠭᠠᠨ | ᠤ ᠨᠠᠮ ᠤᠨ ᠬᠡᠰᠢᠬᠦᠨ ᠤ ᠭᠤᠣᠯᠳᠠᠯᠭᠠᠳᠣ ᠡᠷᠣᠬᠡ ᠶᠢ ᠵᠣᠬᠢᠶᠠᠨ ᠪᠠᠶᠢᠭᠤᠯᠵᠥ ᠭᠠᠴᠠᠭᠠᠨ ᠤ ᠪᠠᠨ ᠦᠨᠳᠣᠷ | ᠨᠠᠰᠣᠳᠠᠶᠢᠴᠣᠳ ᠢ ᠲᠣᠬᠤᠨᠢᠭᠤᠯᠣᠭᠰᠠᠨ ᠤ ᠬᠠᠮᠳᠣ ᠨᠠᠰᠣᠳᠡᠶᠢᠴᠣᠳ ᠢᠶᠠᠷ ᠭᠤᠣᠯᠯᠠᠭᠰᠠᠨ ᠱᠠᠭ᠎ᠠ ᠶᠢᠨ | ᠣᠷᠣᠯᠳᠣᠭᠠᠨ ᠢ ᠵᠣᠬᠢᠶᠠᠨ ᠪᠠᠶᠢᠭᠤᠯᠵᠥ ᠪᠣᠶᠠᠨ ᠤ ᠦᠢᠯᠡᠰ ᠲᠤ ᠢᠳᠡᠪᠬᠢᠳᠡᠢ ᠣᠷᠣᠯᠴᠠᠵᠥ ᠪᠠᠶᠢᠭ᠎ᠠ ᠭᠤᠷᠪᠠᠨ | ᠨᠠᠰᠣᠳᠡᠶᠢᠴᠣᠳ ᠢᠶᠠᠨ ᠱᠠᠩᠨᠠᠨ ᠣᠷᠮᠠᠰᠢᠭᠤᠯᠣᠭᠰᠠᠨ ᠪᠠᠶᠢᠨ᠎ᠠ᠃ | ᠶᠡᠷᠣᠨᠢ ᠠᠷᠠᠳ ᠲᠦᠮᠡᠨ ᠤ ᠪᠠᠨ ᠲᠦᠯᠥᠬᠡ ᠵᠢᠳᠬᠦᠬᠦ ᠬᠠᠷᠢᠭᠤᠴᠠᠯᠭᠠᠳᠣ ᠰᠡᠳᠬᠢᠯᠬᠡ ᠲᠠᠢ ᠬᠦᠮᠦᠰ | ᠲᠤ《 ᠠᠯᠪᠠᠨ ᠤ 》᠂《 ᠬᠤᠪᠢᠨ ᠤ 》ᠬᠡᠳᠡᠭ ᠬᠤᠪᠢᠶᠡᠷᠢᠯᠠᠯ ᠪᠠᠶᠢᠳᠠᠭ ᠦᠬᠡᠢ ᠬᠡᠳᠡᠭ ᠢ ᠣᠶᠣᠨᠬᠡᠷᠡᠯ《 | ᠱᠦᠵᠢ 》 ᠶᠢᠨ ᠦᠢᠯᠡ ᠠᠵᠢᠯᠯᠠᠭ᠎ᠠ᠂ ᠦᠬᠡ ᠶᠠᠷᠢᠶᠠᠨ ᠠᠴᠠ ᠣᠶᠢᠯᠠᠭᠠᠵᠥ ᠮᠡᠳᠡᠯ᠎ᠠ᠃ ᠡᠶᠢᠮᠣᠷᠬᠦ ᠴᠠᠭ ᠦᠶ᠎ᠡ᠂ | ᠨᠣᠳᠤᠭ ᠣᠷᠣᠨ ᠳᠠᠭᠠᠨ ᠵᠦᠪ ᠰᠡᠳᠬᠢᠯ ᠢᠶᠠᠷ ᠬᠠᠷᠢᠭᠤᠴᠠᠭᠰᠠᠨ ᠵᠦᠪ ᠡᠨᠧᠷᠬᠢ ᠲᠠᠢ ᠬᠦᠮᠦᠰ ᠣᠯᠠᠨ ᠪᠣᠯᠪᠠᠯ | ᠨᠡᠶᠢᠬᠡᠮ ᠨᠡᠶᠢᠳᠡ᠂ ᠬᠦᠮᠦᠨ ᠠᠷᠠᠳ ᠮᠠᠨᠢ ᠣᠯᠠᠮ ᠣᠷᠣᠭᠰᠢᠯᠠᠨ ᠲᠠᠪᠰᠢᠬᠤ ᠨᠢ ᠲᠠᠮᠵᠢᠭ ᠦᠬᠡᠢ᠃ ᠲᠠᠭᠤᠷᠢᠶᠠᠯ ᠤᠨ | ᠬᠦᠴᠦᠨ ᠬᠢᠵᠠᠭᠠᠯᠠᠰᠢ ᠦᠬᠡᠢ ᠬᠡᠳᠡᠭ ᠨᠢ ᠦᠨᠡᠨ ᠪᠣᠯᠣᠭᠠᠰᠠᠢ᠃ |