ᠠᠪᠠᠭ᠎ᠠ ᠨᠤᠳᠤᠭ ᠤᠨ ᠠᠩᠬᠠᠨ ᠤ ᠷᠤᠮᠠᠨ ᠪᠤᠯᠬᠤ ︽ᠠᠪᠠᠭ᠎ᠠ ᠴᠠᠭᠠᠨ ᠠᠭᠤᠯᠠ ᠪᠤᠶᠤ ᠬᠦᠲᠦᠯᠦᠭᠡ ᠮᠤᠷᠢ | ᠲᠠᠢ ᠬᠦᠮᠦᠨ︾ ᠨᠤᠮ ᠤᠶᠢᠷ᠎ᠠ ᠳᠤ ᠦᠪᠦᠷ ᠮᠤᠩᠭᠤᠯ ᠤᠨ ᠰᠤᠶᠤᠯ ᠤᠨ ᠳᠠᠭᠤᠤ ᠬᠦᠭᠵᠢᠮ ᠲᠦᠷᠰᠦ ᠰᠢᠩᠭᠡᠭᠡᠯᠳᠡ | ᠶᠢᠨ ᠬᠡᠪᠯᠡᠯ ᠤᠨ ᠬᠤᠷᠢᠶᠠᠨ ᠠᠴᠠ ᠬᠡᠪᠯᠡᠭᠳᠡᠨ ᠭᠠᠷᠴᠤ᠂ ᠤᠩᠰᠢᠭᠴᠢᠳ ᠤᠨ ᠬᠦᠷᠳᠡᠭᠡᠯ ᠪᠤᠯᠭᠠᠯ᠎ᠠ᠃ | ︽ᠠᠪᠠᠭ᠎ᠠ ᠴᠠᠭᠠᠨ ᠠᠭᠤᠯᠠ ᠪᠤᠶᠤ ᠬᠦᠲᠦᠯᠦᠭᠡ ᠮᠤᠷᠢ ᠲᠠᠢ ᠬᠦᠮᠦᠨ︾ ᠨᠤᠮ ᠤᠨ ᠵᠤᠬᠢᠶᠠᠭᠴᠢ ᠠᠰᠬᠠᠨ | ᠪᠤᠯ ᠠᠪᠠᠭ᠎ᠠ ᠬᠤᠰᠢᠭᠤᠨ ᠤ ᠪᠡᠯᠬᠦᠳᠡᠢ ᠪᠠᠯᠭᠠᠰᠤᠨ ᠤ ᠪᠤᠨᠳᠠᠷᠢ ᠭᠠᠴᠠᠭᠠᠨ ᠤ ᠤᠤᠭᠠᠯ᠃ 2018 ᠤᠨ ᠠᠴᠠ | ᠡᠨᠡᠬᠦ ᠪᠦᠲᠦᠭᠡᠯ ᠢᠶᠠᠨ ᠲᠤᠭᠤᠷᠪᠢᠵᠦ ᠡᠬᠢᠯᠡᠵᠠᠢ᠃ ᠨᠤᠮ ᠳᠤ ︽ᠠᠪᠠᠭ᠎ᠠ ᠴᠠᠭᠠᠨ ᠠᠭᠤᠯᠠ︾ ᠳᠠᠭᠤᠨ ᠤ ᠲᠤᠬᠠᠢ | ᠤᠯᠠᠮᠵᠢᠯᠠᠯ ᠶᠠᠷᠢᠶᠠᠨ ᠤ ᠨᠢᠭᠡ ᠪᠤᠯᠵᠦ ᠶᠠᠷᠢᠭᠳᠠᠳᠠᠭ ᠠᠷᠦ ᠬᠠᠯᠬ᠎ᠠ ᠶᠢᠨ ᠠᠳᠤᠭᠤᠨ ᠤ ᠡᠷᠢᠯᠴᠢᠨ ᠵᠠᠯᠠᠭᠤ᠂ ᠠᠪᠠᠭ᠎ᠠ | ᠨᠤᠳᠤᠭ ᠤᠨ ᠠᠪᠠᠭ᠎ᠠ ᠴᠠᠭᠠᠨ ᠠᠭᠤᠯᠠ ᠶᠢᠨ ᠡᠩᠭᠡᠷ ᠲᠦᠰᠢᠵᠦ ᠠᠮᠢᠳᠤᠷᠠᠳᠠᠭ ᠨᠢᠭᠡ ᠬᠡᠤᠬᠡᠨ ᠤ ᠲᠤᠬᠠᠢ ᠳᠤᠮᠤᠭ | ᠶᠠᠷᠢᠶᠠᠨ ᠠᠴᠠ ᠡᠰᠢ ᠠᠪᠴᠦ ᠰᠡᠳᠦᠪᠯᠡᠨ ᠪᠢᠴᠢᠵᠠᠢ᠃ | ᠨᠤᠮ ᠤᠨ ᠵᠤᠬᠢᠶᠠᠭᠴᠢ ᠠᠰᠬᠠᠨ᠄ | — ᠡᠨᠡ ᠷᠤᠮᠠᠨ ᠪᠤᠯ ᠶᠠᠭᠠᠬᠢᠬᠤ ᠠᠷᠭ᠎ᠠ ᠦᠭᠡᠢ ᠠᠪᠠᠭ᠎ᠠ ᠴᠠᠭᠠᠨ ᠠᠭᠤᠯᠠ ᠬᠡᠬᠦ ᠳᠠᠭᠤᠤ ᠲᠠᠢ ᠨᠢᠭᠡᠨ | ᠲᠠᠯ᠎ᠠ ᠪᠠᠷ ᠬᠤᠯᠪᠤᠭ᠎ᠠ ᠲᠠᠢ᠂ 1989 ᠤᠨ ᠳᠤ ᠠᠷᠦ ᠮᠤᠩᠭᠤᠯ ᠤᠨ ᠤᠷᠠᠯᠢᠭ ᠤᠨ ᠪᠦᠯᠬᠦᠮ ᠮᠠᠨ ᠤ ᠬᠤᠰᠢᠭᠤᠨ | ᠳᠤ ᠢᠷᠡᠵᠦ ᠳᠤᠭᠯᠠᠭᠰᠡᠨ᠂ ᠳᠡᠭᠡᠭᠡᠳ ᠡᠨᠡ ᠠᠪᠠᠭ᠎ᠠ ᠴᠠᠭᠠᠨ ᠠᠭᠤᠯᠠ ᠬᠡᠬᠦ ᠳᠠᠭᠤᠤ ᠶᠢ ᠠᠩᠬ᠎ᠠ ᠤᠳᠠᠭ᠎ᠠ | ᠰᠤᠨᠤᠰᠤᠭᠰᠡᠨ ᠶᠤᠮ᠂ ᠳᠡᠷᠡ ᠵᠢᠯ ᠲᠦᠩᠭᠡᠵᠢ ᠬᠤᠷᠢ ᠭᠠᠷᠴᠦ ᠪᠠᠶᠢᠵᠠᠢ᠃ ᠡᠨᠡ ᠳᠠᠭᠤᠤ ᠶᠢ ᠰᠤᠨᠤᠰᠤᠭᠰᠠᠨ ᠴᠠᠭ | ᠠᠴᠠ ᠪᠠᠨ ᠡᠨᠡ ᠳᠠᠭᠤᠨ ᠤ ᠦᠯᠢᠭᠡᠷ ᠲᠤ ᠡᠷᠭᠡ ᠦᠭᠡᠢ ᠤᠶᠠᠷᠠᠵᠦ ᠬᠠᠶᠢᠯᠵᠦ᠂ ᠨᠢᠭᠡ ᠺᠢᠨᠤ᠋ ᠶᠤᠮ ᠤᠤ ᠵᠤᠬᠢᠶᠠᠯ | ᠪᠤᠯᠭᠠᠪᠠᠯ ᠶᠠᠭᠠᠬᠢᠭᠰᠠᠨ ᠭᠤᠶᠤ ᠪᠤᠢ ᠭᠡᠵᠦ ᠪᠤᠳᠤᠵᠦ ᠪᠠᠶᠢᠭᠰᠠᠨ᠂ ᠡᠨᠡ ᠪᠤᠳᠤᠯ ᠶᠡᠷᠦ ᠬᠠᠶᠠᠭᠳᠠᠭ᠎ᠠ ᠦᠭᠡᠢ᠂ | 2013 ᠤᠨ ᠳᠤ ᠺᠢᠨᠤ᠋ ᠪᠢᠴᠢᠵᠤ᠂ ᠳᠤᠬᠠᠢ ᠶᠢᠨ ᠦᠶ᠎ᠡ ᠳᠤ ᠤᠯᠠᠨ ᠵᠦᠢᠯ ᠤᠨ ᠰᠢᠯᠳᠠᠭᠠᠨ ᠠᠴᠠ ᠲᠤᠭᠯᠠᠵᠦ | ᠳᠡᠶᠢᠯᠦᠭᠡ ᠦᠭᠡᠢ ᠶᠤᠮ᠃ ᠬᠡᠬᠦ ᠳᠡᠭᠡᠨ ᠵᠠᠷᠢᠮ ᠨᠦᠬᠦᠳ ᠡᠨᠡ ᠪᠦᠲᠦᠭᠡᠯ ᠴᠢᠨᠢ ᠰᠠᠶᠢᠬᠠᠨ ᠰᠡᠳᠦᠪ ᠪᠠᠶᠢᠨ᠎ᠠ ᠭᠡᠮᠡᠨ | ᠬᠠᠷᠠᠮᠰᠠᠵᠦ ᠷᠤᠮᠠᠨ ᠪᠤᠯᠭᠠᠬᠤ ᠰᠠᠨᠠᠯ ᠦᠭᠴᠠᠢ᠃ ᠢᠩᠭᠢᠭᠡᠳ 2018 ᠤᠨ ᠳᠤ ᠪᠢᠴᠢᠭᠰᠡᠨ ᠺᠢᠨᠤ᠋ ᠤᠨ ᠢᠶᠠᠨ | ᠰᠠᠭᠤᠷᠢᠨ ᠳᠡᠭᠡᠷ᠎ᠡ ᠪᠦᠬᠦᠯᠢ ᠨᠢᠭᠡ ᠵᠢᠯ ᠪᠢᠴᠢᠵᠦ ᠳᠠᠭᠤᠰᠬᠠᠭᠰᠠᠨ ᠶᠤᠮ᠃ | ᠲᠤᠰ ᠷᠤᠮᠠᠨ ᠨᠢ ᠬᠠᠶᠢᠷ᠎ᠠ ᠪᠠᠷ ᠰᠢᠵᠢᠮᠯᠡᠵᠦ᠂ ᠳᠡᠯᠡᠭᠡᠢ ᠶᠢᠨ ᠬᠤᠶᠠᠳᠤᠭᠠᠷ ᠳᠠᠶᠢᠨ ᠢᠶᠠᠷ ᠠᠷᠦ ᠦᠵᠡᠭᠳᠡᠯ | ᠪᠤᠯᠭᠠᠨ᠂ ᠵᠦᠪᠯᠡᠯᠳᠦ ᠮᠤᠩᠭᠤᠯ ᠤᠨ ᠬᠤᠯᠪᠤᠭᠠᠳᠤ ᠴᠡᠷᠢᠭ ᠤᠨ ᠠᠳᠤᠭᠤᠴᠢᠨ ᠵᠠᠯᠠᠭᠤ ᠴᠢᠨᠳᠠᠮᠤᠨᠢ᠂ ᠠᠪᠠᠭ᠎ᠠ | ᠨᠤᠳᠤᠭ ᠤᠨ ᠠᠪᠠᠭ᠎ᠠ ᠴᠠᠭᠠᠨ ᠠᠭᠤᠯᠠ ᠶᠢᠨ ᠡᠩᠭᠡᠷ ᠲᠤ ᠠᠵᠦ ᠲᠦᠷᠦᠨ ᠠᠮᠢᠳᠤᠷᠠᠳᠠᠭ ᠲᠦᠷᠡᠶᠢᠮᠠ ᠬᠡᠤᠬᠡᠨ ᠤ | ᠲᠦᠷᠢ ᠶᠢ ᠱᠤᠭᠤᠵᠦ᠂ ᠵᠠᠯᠠᠭᠤ ᠬᠤᠤᠰ ᠤᠨ ᠤᠶᠢᠯᠠ ᠶᠠᠪᠤᠳᠠᠯ ᠦᠯᠢᠭᠡᠷ ᠤᠴᠠᠷᠠᠯ ᠢᠶᠠᠷ ᠳᠠᠮᠵᠢᠭᠤᠯᠤᠨ ᠦᠯᠢᠭᠡᠷ | ᠦᠨᠠᠨ ᠢ ᠤᠷᠠᠨ ᠲᠦᠷᠰᠦᠯᠢᠭ ᠢᠶᠠᠷ ᠠᠮᠢᠯᠠᠭᠤᠯᠤᠨ ᠪᠢᠴᠢᠵᠦ᠂ ᠡᠬᠡ ᠤᠷᠤᠨ ᠤ ᠬᠠᠶᠢᠷ᠎ᠠ᠂ ᠦᠨᠳᠦᠰᠦᠳᠡᠨ | ᠤᠭᠰᠠᠭᠠᠳᠠᠨ ᠤ ᠬᠠᠶᠢᠷ᠎ᠠ᠂ ᠠᠬᠠᠨ ᠳᠡᠬᠦᠦᠰ ᠤᠨ ᠬᠠᠶᠢᠷ᠎ᠠ᠂ ᠬᠦᠮᠦᠨ ᠬᠦᠮᠦᠨ ᠤ ᠬᠠᠶᠢᠷ᠎ᠠ ᠶᠢ ᠢᠯᠡᠳᠭᠡᠬᠦ ᠶᠢ | ᠵᠤᠷᠢᠭᠰᠠᠨ ᠪᠠᠶᠢᠨ᠎ᠠ᠃ | ᠨᠤᠮ ᠤᠨ ᠵᠤᠬᠢᠶᠠᠭᠴᠢ ᠠᠰᠠᠬᠠᠨ᠄ | — ᠵᠤᠬᠢᠶᠠᠯ ᠪᠢᠴᠢᠭᠰᠡᠨ ᠵᠤᠷᠢᠯᠭ᠎ᠠ ᠶᠢᠨ ᠨᠢᠭᠡ ᠨᠢ ᠵᠤᠬᠢᠶᠠᠯ ᠤᠨ ᠦᠯᠢᠭᠡᠷ ᠢ ᠤᠩᠰᠢᠭᠴᠢ ᠤᠯᠠᠨ | ᠳᠠᠭᠠᠨ ᠬᠦᠷᠭᠡᠬᠦ ᠶᠢ ᠵᠤᠷᠢᠭᠰᠠᠨ᠃ ᠬᠤᠶᠠᠷ ᠲᠤ ᠮᠠᠨ ᠤ ᠠᠪᠠᠭ᠎ᠠ ᠨᠤᠳᠤᠭ ᠤᠨ ᠬᠡᠯᠡ ᠬᠡᠯᠡᠯᠭᠡ᠂ ᠦᠭᠡ ᠶᠠᠷᠢᠶ᠎ᠠ | ᠲᠤᠶᠢᠯ ᠤᠨ ᠦᠪᠡᠷᠮᠢᠴᠠ᠂ ᠤᠶᠠᠩᠭᠠᠯᠢᠭ ᠰᠠᠶᠢᠬᠠᠨ ᠪᠠᠶᠢᠳᠠᠭ᠃ ᠮᠠᠯᠵᠢᠬᠤ ᠰᠤᠶᠤᠯ ᠠᠴᠠ ᠵᠠᠶᠢᠳᠠᠵᠦ ᠪᠠᠶᠢᠭ᠎ᠠ ᠴᠠᠭ | ᠲᠤ ᠠᠪᠠᠭ᠎ᠠ ᠨᠤᠳᠤᠭ ᠤᠨ ᠦᠪᠡᠷᠮᠢᠴᠠ ᠬᠡᠯᠡ ᠬᠡᠯᠡᠯᠭᠡ ᠡᠷᠭᠡ ᠦᠭᠡᠢ ᠬᠠᠶᠠᠭᠳᠠᠵᠦ ᠪᠠᠶᠢᠭ᠎ᠠ ᠦᠵᠡᠭᠳᠡᠯ ᠤᠷᠤᠰᠢᠵᠦ | ᠪᠠᠶᠢᠨ᠎ᠠ᠂ ᠳᠡᠶᠢᠮᠦ ᠤᠴᠢᠷ ᠠᠴᠠ ᠲᠤᠰ ᠵᠤᠬᠢᠶᠠᠯ ᠳᠠᠭᠠᠨ ᠠᠪᠠᠭ᠎ᠠ ᠨᠤᠳᠤᠭ ᠤᠨ ᠮᠠᠯᠵᠢᠬᠤ ᠰᠤᠶᠤᠯ ᠲᠠᠢ | ᠬᠤᠯᠪᠤᠭᠳᠠᠭᠰᠠᠨ ᠦᠭᠡ ᠬᠡᠯᠡᠯᠭᠡ ᠶᠢ ᠲᠤᠰᠬᠠᠢ ᠪᠢᠴᠢᠵᠦ ᠦᠯᠡᠳᠡᠭᠡᠬᠦ ᠪᠠᠷ ᠵᠤᠷᠢᠯ᠎ᠠ᠃ | ᠤᠩᠰᠢᠭᠴᠢ ᠲᠦᠮᠡᠨᠪᠠᠶᠠᠷ᠄ | — ᠪᠢ ᠬᠦᠰᠡᠵᠦ ᠬᠦᠯᠢᠶᠡᠵᠦ ᠪᠠᠶᠢᠭᠰᠠᠨ ᠤᠯᠠᠨ ᠤᠩᠰᠢᠭᠴᠢ ᠶᠢᠨ ᠨᠢᠭᠡ᠂ ᠠᠩᠬᠠᠨ ᠤ ᠤᠩᠰᠢᠭᠴᠢ | ᠶᠢᠨ ᠬᠢᠨᠢ ᠨᠢᠭᠡ ᠪᠤᠯᠤᠭᠰᠠᠨ ᠳᠤ ᠪᠠᠶᠠᠷᠳᠠᠢ ᠪᠠᠶᠢᠨ᠎ᠠ᠃ ᠤᠳᠤᠬᠠᠨ ᠡᠬᠢᠨ ᠤ ᠨᠢᠭᠡ ᠪᠦᠯᠦᠭ ᠢ ᠨᠢ ᠤᠩᠰᠢᠭᠠᠳ | ᠪᠠᠶᠢᠭ᠎ᠠ᠂ ᠬᠠᠮᠤᠭ ᠤᠨ ᠶᠡᠭᠡ ᠲᠦᠷᠦᠭᠳᠡᠯ ᠪᠤᠯ ᠬᠡᠯᠡ ᠬᠡᠯᠡᠯᠭᠡ ᠮᠠᠰᠢ ᠳᠤᠳᠤᠨᠤ᠂ ᠠᠮᠢᠳᠤᠷᠠᠯ ᠳᠤ ᠤᠶᠢᠷᠠᠬᠠᠨ᠂ | ᠪᠠᠭ᠎ᠠ ᠶᠢᠨ ᠦᠶ᠎ᠠ ᠳᠤ ᠶᠠᠷᠢᠵᠦ ᠰᠤᠨᠤᠰᠴᠦ ᠪᠠᠶᠢᠭᠰᠠᠨ ᠬᠡᠯᠡ ᠬᠡᠯᠡᠯᠭᠡ ᠪᠠᠶᠢᠨ᠎ᠠ᠂ ᠤᠳᠤᠬᠠᠨ ᠪᠠᠰᠠ ᠵᠠᠷᠢᠮ ᠨᠢ | ᠬᠠᠶᠠᠭᠳᠠᠵᠦ ᠪᠠᠶᠢᠭ᠎ᠠ᠃ ᠬᠠᠮᠤᠭ ᠭᠤᠤᠯ ᠨᠢ ᠪᠠᠭ᠎ᠠ ᠶᠢᠨ ᠦᠶ᠎ᠠ ᠶᠢᠨ ᠮᠠᠯᠵᠢᠬᠤ ᠠᠮᠢᠳᠤᠷᠠᠯ᠂ ᠪᠠᠶᠢᠭᠠᠯᠢ ᠠᠬᠤᠢ᠂ | ᠬᠠᠮᠤᠭ ᠤᠨ ᠵᠢᠵᠢᠭ ᠰᠠᠵᠢᠭ ᠲᠦᠷᠰᠦᠯᠡᠯ ᠤᠳ ᠢ ᠨᠢᠳᠤᠨ ᠳᠤ ᠦᠵᠡᠭᠳᠡᠮ᠎ᠡ ᠰᠠᠶᠢᠬᠠᠨ ᠢᠯᠡᠳᠭᠡᠵᠦ ᠭᠠᠷᠭᠠᠵᠡᠢ᠃ | ᠨᠤᠮ ᠤᠨ ᠭᠠᠷᠴᠠᠭ ᠢ ᠦᠵᠡᠬᠦ ᠲᠠᠢ ᠵᠡᠷᠭᠡ ᠮᠠᠨ ᠤ ᠨᠤᠳᠤᠭ ᠤᠨ ᠪᠠᠶᠢᠭᠠᠯᠢ ᠠᠮᠢᠳᠤᠷᠠᠯ ᠢ ᠲᠦᠷᠰᠦᠯᠡᠭᠰᠡᠨ᠂ | ᠵᠤᠬᠢᠶᠠᠯ ᠳᠠᠬᠢ ᠲᠦᠷᠢ ᠶᠢᠨ ᠨᠠᠷᠠ ᠤᠳ ᠨᠢ ᠪᠠᠰᠠ ᠮᠠᠨ ᠤ ᠪᠠᠭ᠎ᠠ ᠶᠢᠨ ᠦᠶ᠎ᠠ ᠳᠤ ᠪᠠᠶᠢᠭᠰᠠᠨ ᠨᠤᠳᠤᠭ ᠤᠨ | ᠬᠦᠮᠦᠰ ᠤᠨ ᠨᠠᠷᠠ ᠪᠠᠷ ᠨᠡᠷᠡᠯᠡᠵᠦ ᠪᠢᠴᠢᠭᠰᠡᠨ ᠢ ᠬᠠᠷᠠᠬᠤ ᠪᠠᠷ ᠵᠤᠬᠢᠶᠠᠯ ᠳᠤᠳᠤᠷ᠎ᠠ ᠡᠷᠭᠡ ᠦᠭᠡᠢ ᠠᠭᠤᠰᠴᠦ᠂ ᠶᠠᠭ | ᠯᠡ ᠲᠡᠷᠡ ᠦᠶ᠎ᠠ ᠶᠢᠨ ᠠᠮᠢᠳᠤᠷᠠᠯ ᠳᠤ ᠤᠷᠤᠭᠰᠡᠨ ᠰᠢᠭ᠃ ᠪᠠᠰᠠ ᠭᠤᠤᠯ ᠲᠦᠷᠢ ᠶᠢᠨ ᠬᠠᠶᠢᠷ᠎ᠠ ᠰᠡᠳᠬᠢᠯᠭᠡ᠂ | ᠵᠠᠩ ᠠᠷᠠᠨᠰᠢᠨ᠂ ᠴᠢᠩᠭ᠎ᠠ ᠬᠠᠳᠠᠭᠤ ᠵᠤᠷᠢᠭ ᠰᠦᠰᠦ ᠵᠡᠷᠭᠡ ᠪᠠ ᠦᠭᠡ ᠨᠠᠶᠢᠷᠠᠯᠭ᠎ᠠ ᠪᠦᠷᠢ ᠠᠴᠠ ᠨᠢ ᠰᠠᠶᠢᠬᠠᠨ | ᠳᠠᠭᠠᠰᠢᠶᠠᠯ ᠠᠪᠤᠯ᠎ᠠ᠃ ᠦᠯᠢᠭᠡᠷ ᠨᠢ 1945 ᠣᠨ ᠤ ᠤᠷᠤᠰ ᠮᠤᠩᠭᠤᠯ ᠤᠨ ᠬᠤᠯᠪᠤᠭᠠᠳᠤ ᠴᠡᠷᠢᠭ ᠤᠨ ᠲᠤᠬᠠᠢ | ᠶᠢᠨ ᠦᠶ᠎ᠠ ᠶᠢᠨ ᠪᠠᠶᠢᠳᠠᠯ ᠲᠠᠢ ᠵᠤᠬᠢᠴᠠᠭᠰᠠᠨ ᠵᠡᠷᠭᠡ ᠤᠯᠠᠨ ᠲᠠᠯ᠎ᠠ ᠠᠴᠠ ᠵᠤᠬᠢᠶᠠᠯ ᠤᠨ ᠦᠷᠨᠢᠵᠦ ᠪᠠᠶᠢᠭ᠎ᠠ ᠳᠡᠤᠭᠡᠨ | ᠦᠢᠯᠡ ᠶᠠᠪᠤᠳᠠᠯ ᠨᠢ ᠦᠨᠳᠦᠰᠦ ᠰᠠᠭᠤᠷᠢ ᠲᠠᠢ᠂ ᠠᠮᠢᠳᠤᠷᠠᠯ ᠤᠨ ᠦᠨᠠᠨ ᠳᠤ ᠰᠠᠭᠤᠷᠢᠯᠠᠭᠰᠠᠨ ᠵᠤᠬᠢᠶᠠᠯ ᠭᠡᠵᠦ | ᠪᠠᠭ᠋ᠠᠷᠬᠠᠵᠦ ᠪᠠᠶᠢᠨ᠎ᠠ᠃ | ᠭᠠᠯ ᠵᠠᠯᠠᠭᠤ ᠬᠤᠷᠢᠨ ᠨᠠᠰᠤᠨ ᠳᠤ ᠰᠡᠳᠬᠢᠯ ᠤᠨ ᠬᠦᠨ ᠳᠡᠭᠡᠨ ᠳᠡᠭᠡᠭᠡᠭᠰᠡᠭᠡᠷ ᠶᠠᠪᠤᠭᠰᠠᠨ ᠴᠢᠩ ᠬᠦᠰᠡᠯ ᠨᠢ | ᠦᠨᠦᠳᠦᠷ ᠪᠡᠶᠡᠯᠡᠯ ᠢᠶᠠᠨ ᠤᠯᠵᠦ᠂ ᠠᠪᠠᠭ᠎ᠠ ᠨᠤᠳᠤᠭ ᠤᠨ ᠤᠷᠠᠨ ᠵᠤᠬᠢᠶᠠᠯ ᠤᠨ ᠳᠡᠤᠬᠡᠨ ᠳᠤ ᠰᠢᠨ᠎ᠠ ᠬᠠᠭᠤᠳᠠᠰᠦ | ᠪᠢᠴᠢᠭᠯᠡᠵᠦ᠂ ᠤᠩᠰᠢᠭᠴᠢ ᠲᠦᠮᠡᠨ ᠤ ᠤᠶᠤᠨ ᠤ ᠶᠢᠷᠳᠢᠨᠴᠦ ᠶᠢ ᠪᠠᠶᠠᠰᠬᠠᠵᠦ ᠪᠠᠶᠢᠨ᠎ᠠ᠃ | ᠠᠰᠬᠠᠨ᠂ 1989 ᠤᠨ ᠠᠴᠠ ᠠᠵᠢᠯ ᠤᠨ ᠭᠠᠷᠤᠭ᠎ᠠ ᠪᠠᠨ ᠡᠬᠢᠯᠡᠬᠦᠯᠵᠦ᠂ ᠠᠪᠠᠭ᠎ᠠ ᠨᠤᠳᠤᠭ ᠤᠨ ᠢᠶᠠᠨ | ᠷᠠᠳᠢᠤ᠋ ᠲᠧᠯᠸᠢᠰ ᠲᠤ ᠬᠤᠷᠢᠨ ᠬᠡᠳᠦᠨ ᠵᠢᠯ ᠠᠵᠢᠯᠯᠠᠵᠦ᠂ ᠦᠨᠳᠦᠰᠦᠨ ᠱᠠᠳᠤᠨ ᠤ ᠴᠢᠮᠡᠭᠡ ᠮᠡᠳᠡᠭᠡᠯᠡᠯ ᠤᠨ ᠦᠢᠯᠡᠰ | ᠲᠤ ᠭᠠᠪᠢᠶ᠎ᠠ ᠵᠢᠳᠬᠦᠯ ᠦᠵᠡᠬᠦᠯᠵᠦ ᠪᠠᠶᠢᠵᠠᠢ᠃ 2013 ᠤᠨ ᠠᠴᠠ ᠤᠳᠤ ᠪᠤᠯᠳᠠᠯ᠎ᠠ ᠠᠪᠠᠭ᠎ᠠ ᠬᠤᠰᠢᠭᠤᠨ ᠤ | ᠰᠢᠨᠵᠢᠯᠡᠬᠦ ᠤᠬᠠᠭᠠᠨ ᠲᠧᠭᠨᠢᠭ ᠮᠡᠷᠭᠡᠵᠢᠯ ᠤᠨ ᠨᠡᠶᠢᠭᠡᠮᠯᠢᠭ ᠲᠤ ᠠᠵᠢᠯᠯᠠᠵᠦ ᠪᠤᠢ᠃ ᠲᠡᠷᠡᠪᠡᠷ ︽ᠠᠪᠠᠭ᠎ᠠ ᠴᠠᠭᠠᠨ | ᠠᠭᠤᠯᠠ︾᠂ ︽ᠭᠠᠯ ᠱᠤᠩᠬᠤᠷ︾᠂ ︽ᠬᠢᠯᠢᠩ ᠬᠠᠷ᠎ᠠ ᠶᠢᠨ ᠳᠡᠬᠦᠯᠢᠭᠡᠨ︾ ᠵᠡᠷᠭᠡ ᠺᠢᠨᠤ᠋ ᠵᠦᠴᠦᠭᠡ᠂ ᠬᠤᠱᠤᠩ | ᠱᠤᠭ᠂ ᠳᠠᠭᠤᠨ ᠤ ᠰᠢᠯᠦᠭ᠂ ᠦᠭᠦᠯᠡᠯᠭᠡ ᠵᠡᠷᠭᠡ ᠵᠤᠬᠢᠶᠠᠯ ᠪᠦᠲᠦᠭᠡᠯ ᠢᠶᠠᠨ ᠨᠡᠶᠢᠳᠡᠯᠡᠬᠦᠯᠵᠦ ᠦᠩᠭᠡᠷᠡᠵᠠᠢ᠃ ᠡᠬᠦᠨ | ᠳᠤ ᠲᠦᠯᠦᠭᠡᠯᠡᠬᠦ ᠪᠦᠲᠦᠭᠡᠯ ︽ᠬᠡᠤᠬᠡᠳ ᠪᠠᠭ᠎ᠠ ᠶᠢᠨ ᠨᠠᠰᠦ︾᠂ ︽ᠲᠤᠮᠤᠭᠠᠷᠠᠵᠦ ᠶᠠᠪᠤᠭ᠎ᠠ ᠨᠠᠰᠦ︾ ᠬᠡᠬᠦ ᠳᠠᠭᠤᠤ | ᠶᠢᠨ ᠰᠢᠯᠦᠭ ᠲᠠᠢ ᠪᠢᠯᠡ᠃ ᠳᠡᠭᠡᠷ᠎ᠡ ᠵᠠᠭᠤᠨ ᠤ ᠨᠠᠶᠠᠭᠠᠳ ᠤᠨ ᠳᠤ ᠵᠤᠬᠢᠶᠠᠭᠳᠠᠭᠰᠠᠨ ︽ᠲᠤᠮᠤᠭᠠᠷᠠᠵᠦ ᠶᠠᠪᠤᠭ᠎ᠠ | ᠨᠠᠰᠦ︾ ᠬᠡᠬᠦ ᠳᠠᠭᠤᠤ ᠨᠢ ᠠᠷᠦ᠂ ᠦᠪᠦᠷ ᠮᠤᠩᠭᠤᠯ ᠳᠤ ᠨᠡᠶᠢᠳᠡᠮ ᠳᠠᠭᠤᠯᠠᠭᠳᠠᠵᠦ ᠪᠠᠶᠢᠵᠠᠢ᠃ ᠤᠯᠤᠰ | ᠪᠠᠶᠢᠭᠤᠯᠤᠭᠳᠠᠭᠰᠠᠨ 70 ᠵᠢᠯ ᠤᠨ ᠤᠢ ᠳᠤ ᠵᠤᠷᠢᠭᠤᠯᠤᠭᠰᠠᠨ ︽ᠦᠨᠢᠷ ᠴᠡᠴᠡᠭ︾᠂ ︽ᠬᠤᠨ ᠭᠠᠯᠠᠭᠤ︾ | ᠰᠡᠳᠬᠦᠯ ᠠᠴᠠ ᠡᠷᠬᠢᠯᠡᠭᠰᠡᠨ ᠤᠷᠠᠨ ᠵᠤᠬᠢᠶᠠᠯ ᠤᠨ ᠤᠷᠤᠯᠳᠤᠭᠠᠨ ᠳᠤ ︽ᠳᠡᠮᠡᠭᠡ ᠤᠨᠤᠭᠰᠠᠨ ᠬᠦᠮᠦᠨ ᠳᠠᠭᠠᠷᠠᠬᠤ | ᠦᠭᠡᠢ︾᠂ ︽ᠤᠶᠠᠭᠠᠴᠢ ᠮᠤᠷᠢ ᠬᠡᠤᠬᠡᠳ ᠭᠤᠷᠪᠠ︾ ᠦᠬᠦᠯᠡᠯᠭᠡ ᠨᠢ ᠳᠤᠰᠪᠤᠷᠢ ᠬᠤᠶᠠᠷ᠂ ᠭᠤᠷᠪᠠᠳᠤᠭᠠᠷ ᠳᠡᠰ | ᠲᠤ ᠳᠤᠳᠤᠷᠠᠵᠦ ᠪᠠᠶᠢᠭᠰᠠᠨ ᠤᠳᠠᠭ᠎ᠠ ᠲᠠᠢ᠃ ᠰᠢᠨ᠎ᠠ ᠤᠷᠠᠨ ᠪᠦᠲᠦᠭᠡᠯ ︽ᠳᠠᠶᠢᠴᠢᠨ ᠠᠪᠤᠷᠭᠤ ᠭᠠᠯᠱᠤᠩᠬᠤᠷ︾ | ᠬᠡᠬᠦ ᠷᠤᠮᠠᠨ ᠨᠢ ᠤᠳᠠᠬᠤ ᠦᠭᠡᠢ ᠬᠡᠪᠯᠡᠭᠳᠡᠬᠦ ᠪᠠᠷ ᠪᠠᠶᠢᠨ᠎ᠠ᠃ |