ᠠᠪᠠᠭ᠎ᠠ ᠬᠤᠰᠢᠭᠤᠨ ᠤ 2020 ᠤᠨ ᠤ ᠪᠡᠯᠭᠦᠳᠡᠢ ᠶᠢᠨ ᠳᠠᠬᠢᠯᠭ᠎ᠠ ᠵᠢᠴᠢ ᠠᠪᠠᠭ᠎ᠠ ᠬᠤᠰᠢᠭᠤᠨ ᠤ ᠠᠷᠪᠠᠳᠤᠭᠠᠷ ᠬᠤᠭᠤᠴᠠᠭᠠᠨ ᠤ ᠬᠠᠷ᠎ᠠ ᠠᠳᠤᠭᠤᠨ ᠰᠤᠶᠤᠯ ᠤᠨ ᠨᠠᠶᠢᠷ ᠠᠮᠵᠢᠯᠲᠠ ᠲᠠᠢ ᠶᠠᠪᠤᠭᠳᠠᠪᠠ
ᠨᠡᠶᠢᠲᠡᠯᠡᠭᠰᠡᠨ ᠴᠠᠭ᠄
2020/7/23
     ᠨᠠᠷᠠ ᠬᠤᠷ᠎ᠠ ᠲᠡᠩᠴᠡᠵᠦ᠂ ᠨᠠᠶᠢᠷᠠᠭ ᠠᠶᠢᠷᠠᠭ ᠱᠤᠤᠭᠢᠭᠰᠠᠨ ᠨᠠᠯᠠᠭᠠᠷ ᠵᠤᠨ ᠤ ᠨᠠᠶᠢᠷᠲᠠᠢ ᠰᠠᠶᠢᠬᠠᠨ ᠴᠠᠭ  ᠢᠶᠠᠷ᠂ ᠠᠪᠠᠭ᠎ᠠ ᠬᠤᠰᠢᠭᠤᠨ ᠤ 2020 ᠤᠨ ᠤ ᠪᠡᠯᠭᠦᠳᠡᠢ ᠶᠢᠨ ᠳᠠᠬᠢᠯᠭ᠎ᠠ ᠵᠢᠴᠢ ᠠᠪᠠᠭ᠎ᠠ ᠬᠤᠰᠢᠭᠤᠨ ᠤ ᠠᠷᠪᠠᠳᠤᠭᠠᠷ ᠬᠤᠭᠤᠴᠠᠭᠠᠨ ᠤ ᠬᠠᠷ᠎ᠠ ᠠᠳᠤᠭᠤᠨ ᠰᠤᠶᠤᠯ ᠤᠨ ᠨᠠᠶᠢᠷ ᠨᠢ 7 ᠰᠠᠷ᠎ᠠ ᠶᠢᠨ 20 ᠤ ᠡᠳᠦᠷ ᠬᠤᠯᠠ ᠤᠶᠢᠷ᠎ᠠ ᠶᠢᠨ ᠨᠠᠭᠠᠳᠤᠮᠴᠢᠨ ᠢᠶᠠᠨ ᠤᠭᠲᠤᠨ᠂ ᠬᠡᠰᠢᠭ ᠪᠤᠶᠠᠨ ᠬᠤᠷᠤᠶᠢᠯᠠᠨ ᠡᠬᠢᠯᠡᠯ᠎ᠡ᠃      ᠥᠷᠯᠦᠭᠡ ᠶᠢᠨ 8 ᠴᠠᠭ ᠬᠡᠬᠦ ᠳᠤ᠂ ᠳᠠᠬᠢᠯᠭᠠᠴᠢᠨ ᠤᠯᠠᠨ ᠮᠠᠨᠢ ᠰᠠᠶᠢᠬᠠᠨ ᠮᠣᠩᠭᠤᠯ ᠬᠤᠪᠴᠠᠰᠤ ᠪᠠᠷ ᠢᠶᠠᠨ ᠰᠤᠯᠣᠩᠭᠠᠨ ᠲᠤᠶᠠᠭ᠎ᠠ ᠳᠠᠳᠠᠭᠤᠯᠤᠨ ᠭᠤᠶᠤᠵᠦ᠂ ᠪᠡᠯᠭᠦᠳᠡᠢ ᠳᠠᠬᠢᠯᠭ᠎ᠠ ᠶᠢᠨ ᠤᠷᠳᠤᠨ ᠳᠤ ᠴᠤᠭᠯᠠᠷᠠᠨ ᠳᠠᠬᠢᠯᠭ᠎ᠠ  ᠶᠢᠨ ᠶᠤᠰᠤᠯᠠᠯ ᠳᠤ ᠤᠷᠤᠯᠴᠠᠵᠠᠢ᠃ ᠳᠠᠬᠢᠯᠭ᠎ᠠ ᠡᠬᠢᠯᠡᠬᠦ ᠳᠤ ᠬᠤᠰᠢᠭᠤ ᠳᠥᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠠᠴᠠ ᠲᠡᠷᠢᠬᠦᠯᠡᠨ ᠪᠡᠯᠭᠦᠳᠡᠢ ᠰᠢᠳᠦᠭᠡᠨ ᠳᠡᠭᠡᠨ ᠰᠠᠴᠤᠯᠢ ᠡᠷᠭᠦᠨ ᠰᠢᠬᠦᠰᠦ ᠳᠡᠪᠰᠢᠬᠦᠯᠬᠦ ᠳᠤ᠂ ᠡᠯ᠎ᠡ ᠰᠤᠮᠤ ᠪᠠᠯᠭᠠᠰᠤᠨ ᠤ ᠲᠥᠯᠥᠭᠡᠯᠡᠭᠴᠢᠳ ᠤᠨ ᠡᠩᠨᠡᠭᠡ᠂ ᠪᠦᠬᠡᠴᠢᠳ ᠤᠨ ᠡᠩᠨᠡᠭᠡ ᠳᠠᠷᠠᠭᠠᠨᠯᠠᠨ ᠰᠠᠮᠪᠠᠢ ᠬᠠᠳᠠᠭ᠂ ᠰᠠᠭᠠᠯᠢ ᠰᠦᠨ ᠤ ᠳᠡᠭᠡᠵᠢ ᠪᠠᠨ ᠪᠦᠭᠡ ᠪᠡᠯᠭᠦᠳᠡᠢ ᠶᠢᠨ ᠱᠤᠭᠤᠮᠠᠯ ᠤᠨ ᠡᠮᠦᠨ᠎ᠡ ᠡᠷᠭᠦᠵᠡᠭᠡᠵᠦ᠂ ᠶᠤᠰᠤᠯᠠᠯ ᠤᠨ ᠲᠢᠩᠭᠢᠮ ᠳᠤ ᠪᠡᠯᠭᠦᠳᠡᠢ ᠶᠢᠨ ᠦᠴᠢᠯ᠂ ᠬᠠᠳᠠᠭ ᠶᠠᠨᠳᠠᠷ ᠤᠨ ᠳᠠᠭᠠᠳᠬᠠᠯ ᠠᠶᠢᠯᠠᠳᠬᠤ ᠳᠤ ᠪᠦᠬᠦ ᠬᠦᠮᠦᠰ ᠪᠡᠯᠭᠦᠳᠡᠢ ᠰᠢᠲᠦᠭᠡᠨ ᠳᠤ ᠪᠠᠨ ᠰᠦᠭᠦᠳᠦᠨ ᠮᠥᠷᠬᠦᠵᠦ᠂ ᠰᠦᠰᠦᠭ ᠪᠢᠰᠢᠷᠡᠯ ᠢᠶᠠᠨ ᠢᠯᠡᠳᠬᠡᠨ᠂ ᠪᠤᠶᠠᠨ ᠬᠡᠰᠢᠭ ᠢᠶᠠᠨ ᠬᠤᠷᠤᠶᠢᠯᠠᠨ ᠳᠠᠭᠠᠳᠬᠠᠭᠰᠠᠨ ᠤ ᠳᠠᠷᠠᠭ᠎ᠠ ᠳᠠᠬᠢᠯᠭ᠎ᠠ ᠶᠢᠨ ᠬᠡᠰᠢᠭ ᠠᠴᠠ ᠬᠦᠷᠳᠡᠵᠡᠭᠡᠭᠰᠡᠨ ᠪᠠᠶᠢᠨ᠎ᠠ᠃      ᠳᠠᠷᠠᠭ᠎ᠠ ᠨᠢ ᠳᠠᠬᠢᠯᠭᠠᠴᠢᠳ ᠪᠦᠬᠡ ᠪᠡᠯᠭᠦᠳᠡᠢ ᠶᠢᠨ ᠤᠪᠤᠭᠠᠨ ᠳᠤ ᠬᠦᠷᠴᠦ ᠨᠠᠷᠠ ᠵᠥᠪ ᠭᠤᠷᠪᠠ ᠡᠷᠭᠢᠨ ᠮᠥᠷᠬᠦᠵᠦ᠂ ᠠᠯᠢᠪᠠ ᠰᠠᠶᠢᠨ ᠰᠠᠶᠢᠬᠠᠨ ᠤ ᠳᠤᠬᠠᠢ ᠬᠦᠰᠡᠯ ᠵᠥᠩᠨᠡᠯ ᠢᠶᠠᠨ ᠳᠠᠭᠠᠳᠬᠠᠪᠠ᠃      ᠠᠪᠠᠭ᠎ᠠ ᠬᠤᠰᠢᠭᠤᠨ ᠤ ᠠᠷᠪᠠᠳᠤᠭᠠᠷ ᠬᠤᠭᠤᠴᠠᠭᠠᠨ ᠤ ᠬᠠᠷ᠎ᠠ ᠠᠳᠤᠭᠤᠨ ᠰᠤᠶᠤᠯ ᠤᠨ ᠨᠠᠶᠢᠷ ᠤᠨ ᠡᠬᠢᠯᠡᠯᠲᠡ ᠶᠢᠨ ᠶᠤᠰᠤᠯᠠᠯ ᠢ ᠠᠶᠢᠮᠠᠭ ᠤᠨ ᠤᠯᠤᠰ ᠲᠦᠷᠦ ᠶᠢᠨ ᠵᠥᠪᠯᠡᠯᠭᠡᠨ ᠤ ᠳᠡᠳ᠋ ᠲᠡᠷᠢᠬᠦᠯᠡᠭᠴᠢ᠂ ᠠᠪᠠᠭ᠎ᠠ ᠬᠤᠰᠢᠭᠤᠨ ᠤ ᠨᠠᠮ ᠤᠨ ᠬᠤᠷᠢᠶᠠᠨ ᠤ ᠱᠦᠵᠢ ᠬᠠᠰᠪᠠᠶᠠᠷ ᠠᠴᠠ ᠠᠪᠠᠭ᠎ᠠ ᠬᠤᠰᠢᠭᠤᠨ ᠤ 2020 ᠤᠨ ᠤ ᠪᠡᠯᠭᠦᠳᠡᠢ ᠶᠢᠨ ᠳᠠᠬᠢᠯᠭ᠎ᠠ ᠵᠢᠴᠢ ᠠᠪᠠᠭ᠎ᠠ ᠬᠤᠰᠢᠭᠤᠨ ᠤ ᠠᠷᠪᠠᠳᠤᠭᠠᠷ ᠬᠤᠭᠤᠴᠠᠭᠠᠨ ᠤ ᠬᠠᠷ᠎ᠠ ᠠᠳᠤᠭᠤᠨ ᠰᠤᠶᠤᠯ  ᠤᠨ ᠨᠠᠶᠢᠷ ᠵᠢᠩᠭᠢᠨᠢ ᠪᠠᠷ ᠡᠬᠢᠯᠡᠭᠰᠡᠨ ᠢ ᠵᠠᠷᠯᠠᠵᠤ᠂ ᠠᠪᠠᠭ᠎ᠠ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠢᠦᠢ ᠬᠠᠢ ᠴᠧᠩ ᠠᠴᠠ ᠪᠠᠶᠠᠷ ᠤᠨ ᠶᠠᠷᠢᠶ᠎ᠠ ᠬᠢᠵᠦ᠂ ᠠᠬᠤᠢ ᠲᠠᠯᠠᠪᠠᠢ ᠳᠤ ᠰᠠᠭᠠᠳᠠᠭᠰᠠᠨ ᠬᠦᠨᠲᠦᠲᠦ ᠵᠤᠴᠢᠳ ᠪᠤᠯᠤᠨ ᠥᠷᠭᠡᠨ ᠤᠯᠠᠨ ᠨᠠᠭᠠᠳᠤᠮᠴᠢᠳ ᠢ ᠪᠠᠶᠠᠷᠯᠠᠨ ᠤᠭᠳᠦᠵᠦ ᠪᠠᠶᠢᠭ᠎ᠠ ᠪᠠᠨ ᠢᠯᠡᠳᠬᠡᠵᠦ᠂ ᠨᠠᠶᠢᠷ ᠤᠨ ᠥᠪᠡᠳᠡᠭᠰᠢ ᠰᠠᠶᠢᠬᠠᠨ ᠶᠠᠪᠤᠭᠳᠠᠬᠤ ᠶᠢ ᠬᠦᠰᠡᠨ ᠵᠥᠩᠨᠡᠵᠠᠢ᠃ ᠡᠬᠢᠯᠡᠯᠲᠡ ᠶᠢᠨ ᠶᠤᠰᠤᠯᠠᠯ ᠢ ᠠᠪᠠᠭ᠎ᠠ ᠬᠤᠰᠢᠭᠤᠨ ᠤ ᠵᠠᠰᠠᠭ ᠤᠨ ᠤᠷᠳᠦᠨ ᠤ ᠳᠡᠳ᠋ ᠬᠤᠰᠢᠭᠤ ᠳᠠᠷᠤᠭ᠎ᠠ ᠪᠦᠷᠢᠨᠴᠤᠭᠲᠦ ᠡᠷᠬᠢᠯᠡᠵᠠᠢ᠃      ᠳᠤᠰ ᠤᠳᠠᠭᠠᠨ ᠤ ᠨᠠᠶᠢᠷ ᠤᠨ ᠡᠬᠢᠯᠡᠯᠲᠡ ᠶᠢᠨ ᠶᠤᠰᠤᠯᠠᠯ ᠳᠡᠭᠡᠷ᠎ᠠ ᠥᠪᠥᠷ ᠮᠤᠩᠭᠤᠯ ᠤᠨ ᠪᠦᠭᠡ ᠶᠢᠨ ᠨᠡᠶᠢᠭᠡᠮᠯᠢᠭ ᠤᠨ ᠲᠡᠷᠢᠬᠦᠯᠡᠭᠴᠢ ᠭᠠᠯ ᠠᠴᠠ ᠠᠪᠠᠭ᠎ᠠ ᠬᠤᠰᠢᠭᠤᠨ ᠤ ᠨᠠᠮ ᠤᠨ ᠬᠤᠷᠢᠶᠠᠨ ᠤ ᠳᠡᠳ᠋ ᠱᠦᠵᠢ᠂ ᠬᠤᠰᠢᠭᠤ ᠳᠠᠷᠤᠭ᠎ᠠ ᠢᠦᠢ ᠬᠠᠢ ᠴᠧᠩ ᠲᠠᠢ ᠬᠠᠮᠳᠤ ᠪᠠᠷ ︿︿ᠥᠪᠥᠷ ᠮᠤᠩᠭᠤᠯ ᠤᠨ ᠥᠪᠡᠷᠲᠡᠭᠡᠨ ᠵᠠᠰᠠᠬᠤ ᠤᠷᠤᠨ  ᠤ ᠮᠤᠩᠭᠤᠯ ᠪᠦᠬᠡ ᠶᠢᠨ ᠰᠤᠷᠢᠶᠠᠨ ᠤ ᠵᠢᠱᠢᠶ᠎ᠡ ᠦᠵᠡᠬᠦᠯᠬᠦ ᠰᠠᠭᠤᠷᠢᠨ ᠭᠠᠵᠠᠷ﹀﹀ ᠬᠡᠮᠡᠬᠦ ᠫᠠᠶᠢᠰᠠ ᠶᠢ ᠰᠡᠬᠦᠵᠦ᠂ ᠠᠪᠠᠭ᠎ᠠ ᠬᠤᠰᠢᠭᠤ ᠨᠢ ᠪᠠᠰᠠ ᠨᠢᠭᠡᠨ ᠰᠢᠨ᠎ᠡ ᠢᠷᠠᠭᠤ ᠠᠯᠳᠠᠷ ᠳᠤᠰᠤᠭᠰᠠᠨ ᠢ ᠨᠠᠭᠠᠳᠤᠮᠴᠢᠨ ᠤᠯᠠᠨ ᠳᠤ ᠪᠠᠨ ᠲᠠᠨᠢᠭᠤᠯᠤᠯ᠎ᠠ᠃      ᠮᠤᠩᠭᠤᠯ ᠦᠨᠳᠦᠰᠦᠲᠡᠨ ᠤ ᠰᠢᠯᠢᠳᠡᠭ ᠪᠡᠶ᠎ᠡ ᠶᠢᠨ ᠲᠠᠮᠢᠷ ᠤᠨ ᠲᠥᠷᠥᠯ ᠵᠦᠢᠯ ᠪᠤᠯᠬᠤ ︿︿ᠡᠷ᠎ᠡ ᠶᠢᠨ ᠭᠤᠷᠪᠠᠨ ᠨᠠᠭᠠᠳᠤᠮ﹀﹀ ᠢ ᠤᠯᠠᠮ ᠨᠢᠭᠡ ᠠᠯᠬᠤᠮ ᠤᠯᠠᠮᠵᠢᠯᠠᠨ ᠬᠥᠭᠵᠢᠭᠦᠯᠬᠦ ᠶᠢᠨ ᠲᠥᠯᠥᠭᠡ᠂ ᠮᠦᠨ ᠰᠢᠯᠢ ᠶᠢᠨ ᠭᠤᠣᠯ ᠠᠶᠢᠮᠠᠭ ᠤᠨ ᠦᠨᠳᠦᠰᠦᠲᠡᠨ ᠤ ᠤᠯᠠᠮᠵᠢᠯᠠᠯᠲᠤ ᠰᠣᠶᠣᠯ ᠪᠠ ᠠᠪᠠᠭ᠎ᠠ ᠬᠤᠰᠢᠭᠤᠨ ᠤ ᠬᠠᠷ᠎ᠠ ᠠᠳᠤᠭᠤᠨ ᠰᠣᠶᠣᠯ ᠢ ᠶᠡᠬᠡᠪᠡᠷ ᠤᠬᠠᠭᠤᠯᠤᠨ ᠲᠠᠨᠢᠭᠤᠯᠵᠦ᠂ ᠰᠣᠶᠣᠯ ᠵᠢᠭᠤᠯᠴᠢᠯᠠᠯ ᠤᠨ ᠠᠭᠤᠰᠤᠯᠴᠠᠨ ᠬᠥᠭᠵᠢᠬᠦ ᠶᠢ ᠠᠬᠢᠭᠤᠯᠬᠤ ᠡᠬᠦᠳᠡᠨ ᠠᠴᠠ᠂ ᠲᠠᠬᠢᠯᠭ᠎ᠠ ᠳᠠᠭᠤᠰᠤᠭᠰᠠᠨ ᠤ ᠳᠠᠷᠠᠭ᠎ᠠ᠂ ︿︿ᠡᠷ᠎ᠡ ᠶᠢᠨ ᠭᠤᠷᠪᠠᠨ ᠨᠠᠭᠠᠳᠤᠮ﹀﹀ ᠪᠤᠯᠬᠤ ᠤᠯᠮᠵᠢᠯᠠᠯᠲᠦ 256 ᠬᠦᠴᠦᠲᠦ ᠪᠦᠬᠡ ᠶᠢᠨ ᠪᠠᠷᠢᠯᠳᠤᠭᠠᠨ᠂ 30 ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ᠂ ᠤᠯᠠᠮᠵᠢᠯᠠᠯᠲᠦ ᠰᠤᠷ ᠬᠠᠷᠪᠤᠯᠲᠠ ᠶᠢᠨ ᠤᠷᠤᠯᠳᠤᠭᠠᠨ ᠠᠴᠠ ᠭᠠᠳᠠᠨ᠎ᠠ᠂ ᠮᠤᠷᠢᠨ ᠤ ᠡᠳ᠋ᠯᠡᠯ ᠬᠡᠷᠡᠭᠰᠡᠯ  ᠤᠨ ᠳᠡᠯᠭᠡᠨ ᠦᠵᠡᠬᠦᠯᠭᠡ ᠪᠠ ᠠᠳᠠᠯᠢᠳᠬᠠᠯ᠂ ᠴᠡᠭᠡ ᠤᠤᠭᠤᠬᠤ ᠤᠷᠤᠯᠳᠤᠭᠠᠨ ᠵᠡᠷᠭᠡ ᠡᠯᠪᠡᠭ ᠪᠠᠶᠠᠯᠢᠭ ᠠᠭᠤᠯᠭ᠎ᠠ  ᠲᠠᠢ᠂ ᠦᠷᠭᠡᠨ ᠤᠯᠠᠨ ᠮᠠᠯᠴᠢᠳ ᠤᠨ ᠤᠷᠤᠯᠴᠠᠯᠭ᠎ᠠ ᠲᠠᠢ ᠮᠣᠩᠭᠤᠯ ᠨᠤᠲᠤᠭ ᠤᠨ ᠤᠨᠴᠠᠯᠢᠭ ᠢ ᠲᠤᠲᠤᠷᠠᠭᠤᠯᠵᠦ᠂ ᠮᠣᠩᠭᠤᠯ ᠬᠦᠮᠦᠨ ᠤ ᠤᠷ᠎ᠠ ᠴᠢᠳᠠᠯ ᠤᠬᠠᠭᠠᠨ ᠰᠠᠮᠪᠠᠭ᠎ᠠ ᠶᠢ ᠭᠠᠶᠢᠬᠠᠭᠤᠯᠤᠭᠰᠠᠨ ᠨᠢᠵᠢᠬᠢᠷ ᠨᠠᠶᠢᠷ ᠪᠤᠯᠵᠦ ᠥᠩᠭᠡᠷᠡᠯ᠎ᠡ᠃      ᠵᠢᠷᠭᠠᠯᠠᠩᠲᠦ ᠰᠤᠮᠤᠨ ᠤ ᠪᠠᠶᠠᠷᠲᠤ ᠭᠠᠴᠠᠭᠠᠨ ᠤ ᠮᠠᠯᠴᠢᠨ ᠪᠦᠯᠬᠦᠮᠳᠡᠯ᠄ ︽ᠥᠨᠥᠳᠦᠷ ᠪᠡᠯᠭᠦᠳᠡᠢ ᠵᠢᠨ‌‍ᠲ᠋ᠠᠬᠢᠯᠭ᠎ᠠ ᠳᠤ ᠤᠷᠤᠯᠴᠠᠭᠠᠳ ᠰᠡᠳᠬᠢᠯ ᠮᠠᠰᠢ ᠳᠣᠭᠳᠣᠯᠵᠤ ᠪᠠᠶᠢᠨ᠎ᠠ᠃ ᠵᠢᠯ ᠪᠦᠷᠢ ᠦᠨᠳᠦᠰᠦᠲᠡᠨ ᠤ ᠬᠤᠪᠴᠠᠰᠤ ᠵᠠᠰᠠᠯ ᠢᠶᠠᠨ ᠡᠮᠦᠰᠴᠦ᠂ ᠨᠤᠲᠤᠭ ᠤᠨ ᠤᠯᠠᠨ ᠲᠠᠢ ᠪᠠᠨ ᠲᠠᠬᠢᠯᠭ᠎ᠠ ᠳᠤ ᠤᠷᠤᠯᠴᠠᠬᠤ ᠭᠡᠵᠦ ᠮᠠᠰᠢ ᠠᠷᠢᠭᠤᠨ ᠳᠠᠷᠬᠠᠨ ᠶᠠᠪᠤᠳᠠᠯ ᠶᠤᠮ᠃ ᠠᠪᠠᠭ᠎ᠠ ᠨᠤᠲᠤᠭ ᠤᠨ ᠮᠠᠨᠢ ᠳᠡᠨᠵᠢᠨ ᠳᠤ ᠨᠠᠷᠠ ᠬᠤᠷ᠎ᠠ ᠲᠡᠭᠰᠢ᠂ ᠮᠠᠯ ᠰᠦᠷᠦᠭ ᠥᠨᠢᠷ ᠪᠠᠶᠢᠬᠤ ᠶᠢ ᠪᠢ ᠴᠢᠩ ᠰᠡᠳᠬᠢᠯ ᠠᠴᠠ ᠪᠠᠨ ᠳᠠᠭᠠᠳᠬᠠᠵᠤ ᠪᠠᠶᠢᠨ᠎ᠠ︾ ᠭᠡᠯ᠎ᠡ᠃     ᠡᠶᠢᠨᠬᠦ ᠬᠤᠷᠳᠤᠨ ᠬᠦᠯᠦᠭ ᠤᠨ ᠰᠢᠨᠳᠠᠰᠤ ᠶᠢ ᠰᠤᠶᠢᠵᠦ᠂ ᠬᠦᠴᠦᠲᠦ ᠪᠦᠬᠡ ᠶᠢᠨ ᠪᠢᠷ᠎ᠠ ᠶᠢ ᠰᠢᠯᠭᠠᠨ᠂ ᠡᠷᠡᠬᠡᠢ ᠮᠡᠷᠭᠡᠨ ᠬᠠᠷᠪᠤᠭᠠᠴᠢᠳ ᠤᠨ ᠡᠷᠴᠢ ᠬᠦᠴᠦ ᠶᠢ ᠰᠤᠷᠢᠭᠰᠠᠨ᠂ ᠡᠵᠡᠨ ᠳᠡᠭᠡᠲᠦ ᠪᠡᠯᠭᠦᠳᠡᠢ ᠶᠢᠨ ᠰᠢᠳᠦᠭᠡᠨ ᠢᠪᠡᠭᠡᠭᠰᠡᠨ ᠮᠤᠩᠭᠤᠯ ᠨᠠᠭᠠᠳᠤᠮ ᠮᠠᠨᠢ ᠤᠴᠢᠷᠲᠠᠢ ᠰᠠᠶᠢᠬᠠᠨ ᠦᠷᠬᠦᠯᠵᠢᠯᠡᠵᠦ᠂ ᠤᠷᠤᠯᠳᠤᠭᠠᠨ ᠤ ᠳ᠋ᠦᠩ ᠳᠤ᠂ 256 ᠬᠦᠴᠦᠲᠦ ᠪᠦᠬᠡ ᠶᠢᠨ ᠪᠠᠷᠢᠯᠳᠤᠭᠠᠨ ᠳᠤ ᠠᠪᠠᠭ᠎ᠠ ᠬᠤᠰᠢᠭᠤᠨ ᠤ ᠴᠠᠭᠠᠨᠵᠠᠨ᠎ᠠ ᠲᠡᠷᠢᠬᠦᠯᠡᠵᠦ᠂ ᠰᠦᠨᠢᠳ ᠪᠠᠷᠠᠭᠤᠨ ᠬᠤᠰᠢᠭᠤᠨ ᠤ ᠦᠷᠨᠢᠯᠲᠦ ᠳᠡᠳ᠋ᠯᠡᠵᠦ᠂ 30 ᠭᠠᠵᠠᠷ ᠤᠨ ᠠᠯᠤᠰ ᠤᠨ ᠮᠤᠷᠢᠨ ᠤ ᠤᠷᠤᠯᠳᠤᠭᠠᠨ ᠳᠤ ᠠᠪᠠᠭ᠎ᠠ ᠬᠤᠰᠢᠭᠤᠨ ᠤ ︿︿ᠬᠦᠲᠦᠯ ᠬᠤᠷᠳᠦ﹀﹀ ᠭᠠᠯ ᠤᠶᠠᠭᠠᠨ ᠤ ᠴᠢᠩᠵᠤᠷᠢᠭ ᠤᠨ ᠬᠡᠭᠡᠷ ᠮᠤᠷᠢ ᠲᠡᠷᠢᠬᠦᠯᠡᠵᠦ᠂ ᠠᠪᠠᠭ᠎ᠠ ᠬᠤᠰᠢᠭᠤᠨ ᠤ ︿︿ᠲᠤᠲᠤ ᠮᠠᠩᠨᠠᠢ﹀﹀ ᠭᠠᠯ ᠤᠶᠠᠭᠠᠨ ᠤ ᠲᠤᠯᠭ᠎ᠠ ᠶᠢᠨ ᠬᠠᠯᠲᠠᠷ ᠮᠤᠷᠢ ᠳᠡᠳ᠋ᠯᠡᠨ᠂ ᠰᠦᠨᠢᠳ ᠪᠠᠷᠠᠭᠤᠨ ᠬᠤᠰᠢᠭᠤᠨ ᠤ ︿︿ᠰᠦᠨᠢᠳ﹀﹀ ᠭᠠᠯ ᠤᠶᠠᠭᠠᠨ ᠤ ᠡᠷᠳᠡᠨᠢᠪᠠᠭᠠᠲᠤᠷ ᠤᠨ ᠬᠠᠷ᠎ᠠ ᠮᠤᠷᠢ᠂ ᠵᠡᠭᠦᠨ ᠦᠵᠦᠮᠦᠴᠢᠨ ᠬᠤᠰᠢᠭᠤᠨ ᠤ ︿︿ᠦᠵᠦᠮᠦᠴᠢᠨ ᠬᠤᠷᠳᠦ﹀﹀ ᠭᠠᠯ ᠤᠶᠠᠭᠠᠨ ᠤ ᠪᠠᠶᠠᠨᠮᠥ᠋ᠩᠭᠡ ᠶᠢᠨ ᠬᠠᠷ᠎ᠠ ᠮᠤᠷᠢ ᠳᠤᠰ ᠳᠤᠰ ᠭᠤᠳᠠᠭᠠᠷ᠂ ᠲᠦᠲᠦᠭᠡᠷ ᠨᠡᠷ᠎ᠡ ᠳᠤ ᠲᠤᠳᠤᠷᠠᠭᠰᠠᠨ ᠪᠠᠶᠢᠨ᠎ᠠ᠃ ᠤᠯᠠᠮᠵᠢᠯᠠᠯᠲᠦ ᠰᠤᠷ ᠬᠠᠷᠪᠤᠯᠲᠠ ᠶᠢᠨ ᠡᠷᠡᠭᠲᠡᠢ ᠶᠢᠨ ᠳᠤᠭᠤᠶᠢᠯᠠᠩ ᠳᠤ ᠬᠠᠷᠪᠤᠭᠠᠴᠢ ᠰᠦᠨᠢᠳ ᠪᠠᠷᠠᠭᠤᠨ ᠬᠤᠰᠢᠭᠤᠨ ᠤ ᠬᠠᠳᠠᠪᠠᠭᠠᠳᠤᠷ ᠮᠠᠩᠯᠠᠶᠢᠯᠠᠵᠦ᠂ ᠳᠡᠳ᠋ ᠨᠡᠷ᠎ᠡ ᠳᠤ ᠠᠪᠠᠭ᠎ᠠ ᠬᠤᠰᠢᠭᠤᠨ ᠤ ᠵᠢᠷᠤᠮᠲᠦ᠂ ᠬᠤᠳᠠᠭᠠᠷ ᠨᠡᠷ᠎ᠡ ᠳᠤ ᠬᠦᠪᠡᠭᠡᠲᠦ ᠰᠢᠷ᠎ᠠ ᠬᠤᠰᠢᠭᠤᠨ ᠤ ᠲᠤᠤᠯᠢᠰ ᠲᠤᠳᠤᠷᠠᠨ᠂ ᠡᠮᠡᠭᠲᠡᠢ ᠶᠢᠨ ᠳᠤᠭᠤᠶᠢᠯᠠᠩ ᠤᠨ ᠲᠡᠷᠢᠬᠦᠨ ᠨᠡᠷ᠎ᠡ ᠳᠤ ᠪᠠᠶᠠᠨᠨᠠᠭᠤᠷ ᠠᠶᠢᠮᠠᠭ ᠤᠨ ᠨᠤᠭᠤᠨᠵᠠᠶᠠᠭ᠎ᠠ᠂ ᠳᠡᠳ᠋ ᠨᠡᠷ᠎ᠡ ᠳᠤ ᠲᠠᠷᠬᠠᠨ ᠮᠤᠤᠮᠢᠩᠭᠠᠨ ᠬᠤᠯᠪᠤᠭᠠᠲᠦ ᠬᠤᠰᠢᠭᠤᠨ ᠤ ᠶᠦᠩᠭᠦᠷᠦᠨᠣᠼᠤᠸ᠎ᠠ᠂ ᠭᠤᠳᠠᠭᠠᠷ ᠨᠡᠷ᠎ᠡ ᠳᠤ ᠵᠡᠭᠦᠨ ᠥᠵᠦᠮᠦᠴᠢᠨ ᠬᠤᠰᠢᠭᠤᠨ ᠤ ᠮᠤᠩᠭᠤᠯᠰᠠᠴᠤᠷᠠ ᠲᠤᠳᠤᠷᠠᠯ᠎ᠠ᠃      ᠨᠠᠷᠠᠨ ᠵᠠᠯᠠᠵᠦ᠂ ᠬᠤᠷ᠎ᠠ ᠤᠷᠢᠭᠰᠠᠨ ᠨᠤᠮᠢᠨ ᠲᠠᠯ᠎ᠠ ᠶᠢᠨ ᠡᠯᠢᠭᠡᠨ ᠳᠤ᠂ ᠬᠤᠭᠤᠷ ᠴᠤᠭᠤᠷ ᠤᠨ ᠡᠬᠡᠰᠢᠭ  ᠲᠠᠢ᠂ ᠬᠤᠲᠠᠯᠠ ᠣᠯᠠᠨ ᠤ ᠵᠢᠷᠭᠠᠯ ᠪᠢᠯᠬᠠᠭᠰᠠᠨ ᠮᠤᠩᠭᠤᠯ ᠨᠠᠭᠠᠳᠤᠮ ᠮᠠᠨᠢ ᠢᠷᠡᠭᠰᠡᠨ ᠪᠦᠬᠦᠨ ᠤ ᠬᠡᠶᠢᠮᠦᠷᠢ ᠶᠢ ᠰᠡᠷᠭᠦᠭᠡᠵᠦ᠂ ᠢᠷᠡᠬᠦ ᠮᠠᠷᠭᠠᠰᠢ ᠶᠢᠨ ᠬᠦᠭᠵᠢᠯ ᠢ ᠳᠠᠯᠠᠯᠤᠨ ᠤᠷᠮ᠎ᠠ ᠪᠠᠳᠠᠷᠠᠭᠠᠨ᠂ ᠤᠳᠬ᠎ᠠ ᠲᠡᠭᠦᠯᠳᠡᠷ ᠪᠤᠯᠵᠤ ᠥᠩᠭᠡᠷᠡᠯ᠎ᠡ︕
 
ᠢᠷᠡᠯᠲᠡ᠄ ᠠᠪᠠᠭ᠎ᠠ ᠬᠤᠰᠢᠭᠤᠨ ᠤ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号