ᠪᠡᠯᠭᠦᠳᠡᠢ ᠶᠢᠨ ᠲᠤᠪᠴᠢ ᠨᠠᠮᠲᠠᠷ
ᠨᠡᠶᠢᠲᠡᠯᠡᠭᠰᠡᠨ ᠴᠠᠭ᠄
2020/4/29
     ᠪᠡᠯᠭᠦᠳᠡᠢ ᠪᠣᠯ ᠮᠣᠩᠭᠤᠯ ᠤᠨ ᠬᠢᠶᠠᠨ ᠶᠠᠰᠤᠲᠠᠨ ᠤ ᠪᠤᠷᠵᠢᠬᠢᠨ ᠣᠪᠣᠭ ᠤᠨ ᠬᠦᠮᠦᠨ᠂ ᠡᠵᠡᠨ ᠴᠢᠩᠬᠢᠰ ᠤᠨ ᠲᠦᠷᠦᠭᠰᠡᠨ ᠲᠡᠭᠦᠦ ᠪᠦᠯᠦᠭᠡ᠃ ᠨᠡᠶᠢᠲᠡ ᠶᠢᠨ ᠣᠨ ᠲᠣᠭᠠᠯᠠᠯ ᠤᠨ 12 ᠳ᠋ᠣᠭᠠᠷ ᠵᠠᠭᠤᠨ ᠤ ᠲᠤᠮᠳᠠᠴᠢ ᠰᠡᠭᠦᠯᠴᠢ ᠶᠢᠨ ᠥᠶ᠎ᠡ ᠳᠤ ᠣᠨᠣᠨ ᠮᠦᠷᠡᠨ ᠤ ᠡᠬᠢᠨ ᠳᠡᠯᠢᠭᠦᠨ ᠪᠣᠯᠲᠠᠭ ᠬᠡᠮᠡᠬᠦ ᠭᠠᠵᠠᠷ ᠲᠤ ᠡᠴᠢᠭᠡ ᠶᠢᠰᠦᠭᠡᠢ ᠪᠠᠭᠠᠳᠤᠷ᠂ ᠡᠬᠡ ᠰᠣᠴᠢᠬᠢᠯ ᠬᠠᠳᠤᠨ ᠠᠴᠠ ᠮᠠᠨᠳᠤᠯᠡᠵᠠᠢ᠃
     ᠪᠣᠭᠳᠠ ᠴᠢᠩᠬᠢᠰ ᠬᠠᠭᠠᠨ ᠶᠡᠭᠡ ᠮᠣᠩᠭᠤᠯ ᠤᠯᠤᠰ ᠢ ᠪᠠᠶᠢᠭᠤᠯᠬᠤ ᠶᠠᠪᠤᠴᠠ ᠳᠤ ᠲᠡᠷᠡᠪᠡᠷ ᠬᠠᠷᠢᠴᠠᠯᠠᠰᠢ ᠦᠭᠡᠢ ᠵᠢᠳᠭᠦᠯ ᠭᠠᠷᠭᠠᠭᠰᠠᠨ ᠪᠣᠯᠬᠤᠷ ᠡᠳᠦᠭᠡ ᠪᠣᠯᠲᠠᠯ᠎ᠠ ᠮᠣᠩᠭᠤᠯ ᠤᠨ ᠲᠡᠣᠬᠡᠨ ᠲᠡᠭᠡᠷ᠎ᠡ ᠠᠯᠳᠠᠷ ᠨᠡᠷ᠎ᠡ ᠨᠢ ᠪᠠᠯᠠᠷᠠᠰᠢ ᠦᠭᠡᠢ ᠥᠯᠡᠳᠡᠵᠦ ᠪᠠᠶᠢᠭ᠎ᠠ ᠶᠤᠮ᠃ ᠡᠭᠦᠨ ᠢᠶᠠᠷ ᠪᠠᠷᠠᠬᠤ ᠦᠭᠡᠢ ᠲᠡᠷᠡ ᠨᠢ ᠵᠦᠪᠬᠡᠨ ᠤᠶᠤᠨ ᠣᠬᠠᠭᠠᠨ ᠢᠶᠠᠷ ᠭᠠᠶᠢᠬᠠᠭᠳᠠᠵᠤ᠂ ᠴᠡᠷᠢᠭ ᠤᠨ ᠡᠷᠲᠡᠮ ᠢᠶᠠᠷ ᠠᠯᠳᠠᠷᠰᠢᠭᠰᠠᠨ ᠲᠡᠳᠦᠢ ᠦᠭᠡᠢ᠂ ᠲᠣᠬᠠᠢ ᠶᠢᠨ ᠴᠠᠭ ᠥᠶ᠎ᠡ ᠶᠢᠨ ᠠᠯᠳᠠᠷᠲᠤ ᠪᠦᠬᠡ ᠬᠦᠮᠦᠨ ᠪᠠᠶᠢᠭᠰᠠᠨ ᠤᠴᠢᠷ ᠠᠴᠠ ᠲᠡᠣᠬᠡᠨ ᠲᠡᠮᠳᠡᠭᠯᠡᠯ ᠳᠤ ᠮᠦᠨ ᠴᠦ ᠲᠡᠭᠦᠨ ᠢ ᠪᠦᠬᠡ ᠪᠡᠯᠭᠦᠳᠡᠢ ᠬᠡᠮᠡᠨ ᠬᠦᠨᠳᠦᠳᠭᠡᠨ ᠲᠠᠭᠤᠳᠠᠳᠠᠭ ᠠᠵᠤᠭᠤ᠃ ᠡᠶᠢᠮᠦ ᠶᠢᠨ ᠤᠴᠢᠷ ᠠᠴᠠ ᠴᠢᠩᠬᠢᠰ ᠬᠠᠭᠠᠨ ᠠᠴᠠ ︽ᠪᠡᠯᠭᠦᠳᠡᠢ ᠶᠢᠨ ᠪᠦᠬᠡ᠂ ᠬᠠᠰᠠᠷ ᠤᠨ ᠬᠠᠪᠤ ᠪᠦᠬᠦᠢ ᠶᠢᠨ ᠲᠤᠯᠠᠳᠠ ᠪᠢ ᠰᠠᠶ᠋ᠢ ᠳᠡᠯᠡᠬᠡᠢ ᠳ᠋ᠠᠬᠢᠨ ᠢ ᠣᠯᠵᠤᠬᠤᠢ︾ ᠬᠡᠮᠡᠨ ᠦᠨᠡᠯᠡᠭᠰᠡᠨ ᠪᠠᠶᠢᠳᠠᠭ᠃
     ᠪᠡᠯᠭᠦᠳᠡᠢ ᠨᠤᠶᠠᠨ ᠪᠣᠯ ᠣᠳᠣᠬᠢ ᠠᠪᠠᠭ᠎ᠠ᠂ ᠠᠪᠬᠠᠨᠠᠷᠴᠤᠤᠯ ᠤᠨ ᠡᠪᠦᠭᠡ ᠲᠡᠭᠡᠳᠦᠰ ᠪᠣᠯᠬᠤ ᠶᠤᠮ᠃ ᠪᠡᠯᠭᠦᠳᠡᠢ ᠨᠣᠶᠠᠨ ᠪᠣᠭᠳᠠ ᠴᠢᠩᠭᠢᠰ ᠤᠨ ᠲᠡᠭᠦᠦ ᠪᠣᠯᠬᠤ ᠤᠴᠢᠷ ᠠᠴᠠ ᠲᠡᠭᠦᠨ ᠤ ᠤᠳᠤᠮ ᠤᠭᠰᠠᠭ᠎ᠠ᠂ ᠬᠠᠷᠢᠶᠠᠳᠤ ᠢᠷᠭᠡᠳ ᠤᠨ ᠲᠥᠪᠯᠡᠷᠡᠩᠭᠦᠢ ᠰᠠᠭᠤᠷᠢᠰᠢᠭᠰᠠᠨ ᠭᠠᠵᠠᠷ ᠨᠣᠳᠤᠭ ᠢ ᠠᠪᠠᠭ᠎ᠠ ᠬᠡᠮᠡᠨ ᠨᠠᠷᠡᠯᠡᠵᠠᠢ᠃1206 ᠣᠨ ᠳᠤ ᠶᠡᠭᠡ ᠮᠤᠩᠭᠤᠯ ᠤᠯᠤᠰ ᠪᠠᠶᠢᠭᠤᠯᠤᠭᠳᠠᠭᠰᠠᠨ ᠤ ᠳᠠᠷᠠᠭ᠎ᠠ᠂ ᠴᠢᠩᠬᠢᠰ ᠬᠠᠭᠠᠨ ᠠᠴᠠ ᠲᠡᠭᠦᠨ ᠳᠤ ᠣᠨᠣᠨ ᠮᠦᠷᠡᠨ ᠪᠣᠯᠣᠨ ᠬᠡᠷᠦᠯᠦᠨ ᠮᠦᠷᠡᠨ ᠤ ᠲᠤᠮᠳᠠᠳᠤ ᠤᠷᠤᠰᠬᠠᠯ ᠳᠠᠭᠠᠤ ᠳᠠᠬᠢ ᠭᠠᠵᠠᠷ ᠨᠣᠳᠤᠭ ᠪᠠ ᠮᠤᠩᠭᠤᠯ ᠤᠨ ᠵᠠᠭᠦᠨ ᠭᠠᠷᠤᠨ ᠲᠥᠮᠡᠨ ᠤ ᠭᠤᠷᠪᠠᠨ ᠮᠢᠩᠭᠠᠨ ᠡᠷᠦᠬᠡ ᠢᠷᠭᠡᠳ ᠢ ᠬᠤᠪᠢ ᠪᠣᠯᠭᠠᠨ ᠬᠦᠷᠲᠡᠭᠡᠭᠰᠡᠨ ᠪᠠᠶᠢᠨ᠎ᠠ᠃ ᠡᠳᠡᠭᠡᠷ ᠨᠢ ᠤᠳᠤᠬᠢ ᠠᠪᠠᠭ᠎ᠠ᠂ ᠠᠪᠬᠠᠨᠠᠷ ᠮᠤᠩᠭᠤᠯ ᠤᠨ ᠰᠠᠭᠤᠷᠢ ᠢᠷᠭᠡᠳ ᠪᠣᠯᠣᠭᠰᠠᠨ ᠶᠤᠮ᠃
     ᠬᠤᠵᠢᠮ ᠨᠢ ᠮᠤᠩᠭᠤᠯ ᠬᠠᠭᠠᠨᠳᠤ ᠲᠦᠷᠦ ᠠᠴᠠ ᠳᠤᠳᠤᠷ ᠭᠠᠵᠠᠷ ᠤᠨ ᠭᠤᠸᠠᠩᠨᠢᠩ ᠴᠦᠯᠭᠡ ᠪᠣᠯᠣᠨ ᠡᠸᠡᠵᠸᠦ ᠴᠥᠯᠭᠡ ᠶᠢᠨ 11603 ᠡᠷᠦᠭᠡ ᠶᠢ ᠪᠡᠯᠭᠦᠳᠡᠢ ᠳᠤ ᠬᠤᠪᠢ ᠪᠣᠯᠭᠠᠨ ᠥᠭᠴᠡᠢ᠃ ᠪᠡᠯᠭᠦᠳᠡᠢ 1227 ᠣᠨ ᠳᠤ ᠴᠡᠷᠢᠭ ᠳᠠᠶᠢᠴᠢᠯᠠᠨ ᠯᠢᠶᠤᠤᠳᠦ᠋ᠩ ᠤᠨ ᠤᠷᠪᠠᠯᠭᠠᠨ ᠢ ᠲᠥᠪᠰᠢᠳᠭᠡᠪᠡ᠃ 1236 ᠣᠨ ᠳᠤ ᠥᠭᠡᠳᠡᠢ ᠬᠠᠭᠠᠨ ᠠᠴᠠ ᠠᠪᠠᠭ᠎ᠠ ᠪᠡᠯᠭᠦᠳᠡᠢ ᠳᠡᠭᠡᠨ ᠭᠤᠸᠠᠩᠨᠢᠩ ᠸᠠᠩ ᠴᠤᠯᠠ ᠬᠠᠶᠢᠷᠠᠯᠠᠪᠠ᠃ ᠵᠢᠶᠠᠩᠨᠠᠨ ᠭᠠᠵᠠᠷ ᠢ ᠲᠥᠪᠰᠢᠳᠭᠡᠭᠰᠡᠨ ᠤ ᠳᠠᠷᠠᠭ᠎ᠠ ᠰᠸᠡᠵᠸᠦ ᠴᠦᠯᠭᠡ ᠪᠣᠯᠣᠨ ᠴᠢᠶᠠᠨᠱᠠᠨ ᠵᠸᠦ ᠶᠢᠨ 18000 ᠡᠷᠦᠬᠡ ᠶᠢ ᠨᠡᠮᠡᠵᠦ ᠰᠤᠶᠤᠷᠬᠠᠪᠠ᠃      ᠪᠡᠯᠭᠦᠳᠡᠢ ᠨᠣᠶᠠᠨ ᠰᠡᠳᠬᠢᠯ ᠰᠠᠨᠠᠭ᠎ᠠ ᠠᠭᠤᠳᠠᠮ ᠪᠠᠭᠲᠠᠭᠠᠮᠵᠢ ᠲᠠᠢ᠂ ᠵᠠᠩ ᠴᠢᠨᠠᠷ ᠲᠤᠭᠲᠠᠭᠤᠨ ᠲᠥᠪᠯᠡᠭᠦᠨ ᠤᠴᠢᠷ ᠠᠴᠠ ᠵᠠᠭᠤ ᠰᠢᠬᠠᠮ ᠨᠠᠰᠤᠯᠠᠵᠤ᠂ ᠦᠷ᠎ᠡ ᠬᠡᠣᠬᠡᠳ ᠨᠢ ᠦᠨᠢᠷ ᠥᠳᠭᠡᠨ ᠥᠰᠦᠭᠰᠡᠨ ᠬᠡᠮᠡᠨ ᠠᠪᠠᠭᠠᠴᠤᠤᠯ ᠬᠠᠭᠤᠴᠢᠯᠠᠳᠠᠭ᠃      ᠵᠢᠷᠤᠭ ᠰᠡᠭᠦᠳᠡᠷ ᠤᠨ ᠢᠷᠡᠯᠲᠡ᠄ ᠠᠪᠠᠭ᠎ᠠ ᠬᠤᠰᠢᠭᠤᠨ ᠤ ᠤᠯᠠᠨ ᠨᠡᠶᠢᠲᠡ ᠶᠢᠨ ᠸᠠᠴᠢᠲ ᠲᠠᠪᠴᠠᠩ ᠪᠣᠯᠣᠨ ᠪᠠᠢ ᠳ᠋ᠦ᠋ ᠰᠦᠯᠵᠢᠶ᠎ᠡ 
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号