︽ᠨᠠᠮ ᠤᠨ ᠢᠶᠠᠨ ᠦᠢᠯᠡᠰ ᠲᠤ ᠠᠮᠢ ᠨᠠᠰᠣᠨ ᠠᠴᠠ ᠪᠠᠨ ᠢᠯᠡᠬᠦᠥ ᠬᠠᠶᠢᠷᠡᠳᠡᠢ︾ ᠨᠡᠨ ᠦᠬᠡ ᠶᠢ ᠠᠪᠣᠨ | ᠰᠣᠨᠣᠰᠬᠤ ᠳᠤ ᠲᠠ ᠪᠦᠬᠦᠨ ᠭᠠᠶᠢᠬᠠᠬᠤ ᠮᠠᠭᠠᠳ᠂ ᠬᠡᠳᠡᠯ᠎ᠠ 1954 ᠣᠨ ᠤ ᠠᠪᠠᠭ᠎ᠠ ᠬᠤᠰᠢᠭᠤᠨ ᠤ | ᠠᠩᠬᠠᠳᠠᠭᠴᠢ ᠨᠠᠮ ᠤᠨ ᠡᠬᠦᠷ ᠪᠠᠶᠢᠭᠤᠯᠬᠤ ᠦᠶ᠎ᠡ ᠶᠢᠨ ᠢᠳᠡᠪᠬᠢᠳᠡᠨ᠂ 1955 ᠣᠨ ᠳᠤ ᠲᠣᠮᠳᠠᠳᠣ ᠣᠯᠣᠰ ᠤᠨ | ᠡᠪ ᠬᠠᠮᠳᠣ ᠨᠠᠮ ᠲᠤ ᠦᠩᠬᠡ ᠬᠡᠷᠡᠯᠳᠡᠢ ᠪᠠᠷ ᠡᠯᠰᠡᠭᠳᠡᠭᠰᠡᠨ᠂ ᠠᠬᠠᠮᠠᠳ ᠬᠤᠪᠢᠰᠬᠠᠯᠴᠢ᠂ ᠰᠢᠯᠢᠳᠡᠭ ᠨᠠᠮ ᠤᠨ | ᠬᠡᠰᠢᠬᠦᠨ᠂ ᠨᠠᠶᠠᠨ ᠭᠤᠷᠪᠠᠨ ᠨᠠᠰᠣᠨ ᠤ ᠦᠨᠳᠣᠷ ᠨᠠᠰᠣᠨ ᠰᠡᠬᠦᠳᠡᠷ ᠵᠣᠭᠤᠭᠯᠠᠵᠥ ᠶᠠᠪᠣᠭ᠎ᠠ ᠭᠤᠮᠪᠤ ᠭᠤᠸᠡᠢ ᠳᠤ | ᠠᠪᠴᠣ ᠬᠡᠯᠡᠪᠡᠯ ᠡᠨᠡ ᠪᠣᠯ ᠲᠠᠷᠣᠢ ᠲᠡᠬᠦᠨ ᠤ ᠲᠣᠳᠣᠭᠠᠳᠣ ᠰᠡᠳᠬᠢᠯ ᠤᠨ ᠬᠢᠨᠢ ᠦᠨᠡᠨ ᠦᠬᠡ ᠪᠣᠯᠣᠨ᠎ᠠ᠃ | 1935 ᠣᠨ ᠳᠤ ᠠᠪᠠᠭ᠎ᠠ ᠵᠡᠬᠦᠨ ᠬᠤᠰᠢᠭᠤᠨ ᠤ ᠠᠷᠣ ᠣᠷᠢᠶᠠᠩᠬᠠᠨ ᠤ ᠬᠤᠶᠠᠳᠣᠭᠠᠷ ᠰᠣᠮᠣᠨ ᠳᠤ | ᠲᠦᠷᠦᠭᠰᠡᠨ ᠭᠤᠮᠪᠤ ᠭᠤᠸᠡᠢ ᠴᠠᠭ ᠲᠦᠷᠦ ᠶᠢᠨ ᠬᠠᠷᠠᠭ᠎ᠠ ᠪᠠᠷ ᠰᠣᠷᠭᠠᠭᠤᠯᠢ ᠰᠣᠶᠣᠯ ᠤᠨ ᠮᠦᠷ ᠬᠦᠬᠡᠬᠡᠵᠥ᠂ | ᠪᠢᠴᠢᠭ ᠡᠷᠳᠡᠮ ᠰᠣᠷᠴᠣ ᠴᠢᠳᠠᠭᠰᠠᠨ ᠦᠬᠡᠢ᠃ ᠬᠡᠪᠡᠴᠣ ᠲᠣᠬᠠᠢ ᠶᠢᠨ ᠦᠶ᠎ᠡ ᠳᠤ ᠪᠠᠶᠠᠨᠳᠤᠭ ᠪᠠᠷᠢᠭᠠᠳᠠ ᠶᠢᠨ | ᠠᠬᠠᠮᠠᠳ ᠱᠦᠵᠢ ᠲᠠᠮᠳᠢᠨᠵᠠᠪ ᠵᠡᠷᠬᠡ ᠰᠡᠬᠡᠬᠡᠷᠡᠭᠰᠡᠨ ᠬᠦᠮᠦᠰ ᠲᠠᠢ ᠴᠤᠭ ᠠᠵᠢᠯᠯᠠᠵᠥ ᠪᠠᠶᠢᠭᠰᠠᠨ ᠢᠶᠠᠷ ᠠᠵᠢᠯ ᠤᠨ | ᠲᠠᠰᠢᠷᠠᠮ ᠠᠯᠳᠠᠭ ᠣᠨᠤᠭ ᠰᠣᠷᠣᠯᠴᠠᠵᠥ ᠪᠠᠶᠢᠭᠰᠠᠨ ᠢᠶᠠᠷ ᠵᠠᠬᠢᠳᠠᠯ ᠲᠣᠭᠤᠷᠪᠢᠵᠥ᠂ ᠮᠡᠲ᠋ᠧᠷᠢᠶᠠᠯ ᠣᠩᠰᠢᠵᠥ ᠴᠢᠳᠠᠬᠤ | ᠪᠣᠯᠣᠭᠰᠠᠨ᠃ ᠲᠣᠬᠠᠢ ᠶᠢᠨ ᠦᠶ᠎ᠡ ᠶᠢᠨ ᠠᠪᠠᠭ᠎ᠠ ᠬᠤᠰᠢᠭᠤᠨ ᠤ ᠠᠩᠬᠠᠳᠠᠭᠴᠢ ᠨᠠᠮ ᠤᠨ ᠡᠬᠦᠷ ᠪᠠᠶᠠᠨᠳᠤᠭ ᠰᠣᠮᠣᠨ | ᠤ ᠪᠠᠶᠠᠨᠳᠤᠭ ᠭᠠᠴᠠᠭᠠᠨ ᠳᠤ ᠪᠠᠶᠢᠭᠤᠯᠣᠭᠳᠠᠬᠤ ᠦᠶ᠎ᠡ ᠢᠳᠡᠪᠬᠢᠳᠡᠨ ᠢᠶᠠᠷ ᠠᠵᠢᠯᠠᠯᠠᠵᠥ ᠪᠠᠶᠢᠭᠰᠠᠨ ᠭᠤᠮᠪᠤ ᠭᠤᠸᠡᠢ | ᠠᠷᠪᠠᠨ ᠬᠡᠳᠣᠨ ᠨᠠᠰᠣᠨ ᠠᠴᠠ ᠪᠠᠨ ᠨᠠᠮ ᠤᠨ ᠬᠦᠮᠦᠵᠢᠯ ᠬᠦᠷᠳᠡᠨ᠂ ᠬᠤᠪᠢᠰᠬᠠᠯ ᠨᠡᠶᠢᠬᠡᠮ ᠵᠢᠷᠣᠮ ᠤᠨ ᠲᠦᠯᠥᠬᠡ | ᠪᠦᠬᠦ ᠰᠡᠳᠬᠢᠯ ᠪᠦᠬᠦ ᠵᠣᠷᠢᠭ ᠢᠶᠠᠷ ᠵᠢᠳᠬᠦᠨ ᠴᠢᠷᠮᠠᠶᠢᠵᠥ ᠢᠷᠡᠭᠰᠡᠨ ᠨᠢ ᠦᠨᠡᠨᠳᠡᠢ ᠪᠦᠬᠡᠳ 1955 ᠣᠨ ᠳᠤ ᠡᠪ | ᠬᠠᠮᠳᠣ ᠨᠠᠮ ᠲᠤ ᠡᠯᠰᠡᠭᠳᠡᠭᠰᠡᠨ ᠴᠠᠭ ᠠᠴᠠ ᠪᠠᠨ ᠣᠳᠣ ᠪᠣᠯᠳᠠᠯ᠎ᠠ ᠨᠠᠮ ᠨᠡᠶᠢᠬᠡᠮ ᠵᠢᠷᠣᠮᠳᠣ ᠦᠢᠯᠡᠰ ᠤᠨ ᠲᠦᠯᠥᠬᠡ | ᠦᠪᠡᠷ ᠤᠨ ᠠᠯᠢᠪᠠ ᠪᠠᠨ ᠵᠣᠷᠢᠭᠤᠯᠣᠭᠰᠠᠭᠠᠷ ᠢᠷᠡᠭᠰᠡᠨ᠃ 1956 ᠣᠨ ᠳᠤ ᠠᠪᠠᠭ᠎ᠠ ᠬᠤᠰᠢᠭᠤᠨ ᠤ ᠡᠪᠯᠠᠯ ᠤᠨ | ᠬᠤᠷᠢᠶᠠᠨ ᠳᠤ ᠡᠪᠯᠠᠯ ᠤᠨ ᠺᠠᠳᠡᠷ ᠢᠶᠠᠷ ᠬᠠᠭᠠᠰ ᠵᠢᠯ ᠲᠠᠪᠳᠠᠨ ᠪᠣᠯᠪᠠᠰᠣᠷᠠᠭᠰᠠᠨ ᠤ ᠲᠠᠷᠠᠭ᠎ᠠ ᠠᠪᠠᠭ᠎ᠠ ᠬᠤᠰᠢᠭᠤᠨ ᠤ | ᠵᠢᠷᠭᠤᠳᠣᠭᠠᠷ ᠰᠣᠮᠣᠨ ︵ᠣᠳᠣ ᠶᠢᠨ ᠰᠢᠯᠢᠩᠬᠤᠳᠠ ᠶᠢᠨ ᠪᠣᠯᠠᠭᠠᠨ ᠰᠣᠮᠣ︶ ᠳᠤ ᠡᠪᠯᠠᠯ ᠤᠨ ᠲᠣᠰᠬᠠᠢ ᠺᠠᠳᠡᠷ ᠢᠶᠠᠷ | ᠡᠬᠢᠯᠡᠵᠥ ᠠᠵᠢᠯᠯᠠᠨ᠂ ᠲᠡᠨᠳᠡᠬᠢ ᠡᠯ᠎ᠠ ᠵᠦᠢᠯ ᠤᠨ ᠠᠵᠢᠯ ᠢᠶᠠᠨ ᠲᠦᠩᠬᠡᠵᠢ ᠵᠦᠭᠰᠢᠷᠡᠬᠦᠯᠥᠮᠡᠭᠴᠡ 1958 ᠣᠨ ᠳᠤ | ᠲᠠᠬᠢᠨ ᠠᠪᠠᠭ᠎ᠠ ᠬᠤᠰᠢᠭᠤᠨ ᠤ ᠨᠠᠷᠠᠨᠪᠣᠯᠠᠭ ᠰᠣᠮᠣᠨ ᠳᠤ ᠡᠪᠯᠠᠯ ᠤᠨ ᠺᠠᠳᠡᠷ ᠢᠶᠠᠷ ᠰᠢᠯᠵᠢᠨ ᠢᠷᠡᠵᠥ ᠠᠵᠢᠯᠯᠠᠪᠠ᠃ | ᠭᠤᠮᠪᠤ ᠭᠤᠸᠡᠢ ᠪᠣᠳᠡᠳᠡᠢ ᠠᠵᠢᠯ ᠤᠨ ᠲᠣᠮᠳᠠ ᠪᠠᠨ ᠰᠣᠶᠣᠯ ᠮᠡᠳᠡᠯᠬᠡ ᠶᠢᠨ ᠴᠢᠬᠤᠯᠠ ᠴᠢᠨᠡᠷ ᠪᠠ ᠬᠦᠮᠦᠰ ᠲᠤ | ᠦᠵᠡᠯ ᠰᠠᠨᠠᠭᠠᠨ ᠤ ᠬᠦᠮᠦᠵᠢᠯ ᠬᠦᠷᠳᠡᠬᠡᠬᠦ ᠶᠠᠪᠣᠴᠠ ᠲᠣᠮᠳᠠᠬᠢ ᠰᠢᠨ᠎ᠠ ᠰᠢᠨ᠎ᠠ ᠮᠡᠳᠡᠯᠬᠡ ᠶᠢᠨ ᠴᠢᠬᠤᠯᠠ ᠴᠢᠨᠡᠷ ᠢ | ᠬᠦᠢᠴᠡᠳ ᠣᠶᠢᠯᠠᠭᠠᠬᠤ ᠳᠠᠭᠠᠨ 1959 ᠣᠨ ᠠᠴᠠ 1960 ᠣᠨ ᠬᠦᠷᠳᠡᠯ᠎ᠠ ᠦᠪᠦᠷ ᠮᠣᠩᠭᠤᠯ ᠤᠨ ᠡᠪᠯᠠᠯ ᠤᠨ | ᠰᠣᠷᠭᠠᠭᠤᠯᠢ ᠳᠤ ᠨᠢᠬᠡ ᠵᠢᠯ ᠲᠠᠪᠳᠠᠨ ᠪᠣᠯᠪᠠᠰᠣᠷᠠᠵᠥ᠂ ᠮᠡᠷᠺᠡᠰ ᠯᠧᠨᠢᠨ ᠤ ᠦᠵᠡᠯ ᠪᠠ ᠮᠠᠣ ᠽᠧ ᠳ᠋ᠦᠩ ᠤᠨ | ᠦᠵᠡᠯ ᠰᠠᠨᠠᠭᠠᠨ ᠤ ᠲᠣᠬᠠᠢ ᠦᠪᠡᠷ ᠤᠨ ᠣᠯᠣᠰ ᠲᠦᠷᠦ ᠶᠢᠨ ᠦᠵᠡᠯᠳᠡ ᠲᠠᠨᠢᠯᠳᠠ ᠪᠠ ᠣᠪᠣᠷ ᠰᠣᠷᠳᠠᠯ ᠢᠶᠠᠨ | ᠲᠡᠬᠡᠭᠰᠢᠯᠡᠬᠦᠯᠥᠭᠰᠡᠨ ᠪᠠᠶᠢᠨ᠎ᠠ᠃ ᠲᠣᠬᠠᠢ ᠶᠢᠨ ᠦᠶ᠎ᠡ ᠶᠢᠨ ᠬᠤᠪᠢᠰᠬᠠᠯ ᠤᠨ ᠲᠣᠬᠠᠢ ᠲᠠᠨᠢᠯᠳᠠ ᠦᠨᠳᠣᠷ᠂ ᠨᠠᠮ ᠤᠨ | ᠵᠦᠪ ᠲᠦᠷᠦ ᠶᠢᠨ ᠪᠣᠳᠣᠯᠭ᠎ᠠ ᠶᠢ ᠢᠳᠡᠪᠬᠢᠳᠡᠢ ᠬᠦᠯᠢᠶᠡᠵᠥ ᠠᠪᠬᠤ ᠬᠦᠮᠦᠨ ᠬᠤᠪᠣᠷ᠂ ᠬᠦᠮᠦᠰ ᠤᠨ ᠦᠵᠡᠯ | ᠰᠠᠨᠠᠭ᠎ᠠ ᠬᠤᠴᠣᠷᠠᠩᠭᠤᠢ ᠵᠡᠷᠬᠡ ᠣᠯᠠᠨ ᠲᠠᠯ᠎ᠠ ᠶᠢᠨ ᠨᠦᠬᠦᠴᠡᠯ ᠰᠢᠯᠳᠠᠭᠠᠨ ᠠᠴᠠ ᠰᠢᠯᠳᠠᠭᠠᠯᠠᠭᠳᠠᠵᠥ᠂ ᠲᠡᠬᠡᠳᠣ | ᠱᠠᠳᠣᠨ ᠤ ᠵᠣᠬᠢᠶᠠᠨ ᠪᠠᠶᠢᠭᠤᠯᠥᠯᠳᠠ ᠠᠴᠠ ᠬᠤᠪᠢᠰᠬᠠᠯ ᠳᠤ ᠰᠢᠳᠣᠷᠭᠤ ᠲᠣᠬᠠᠶᠢᠯᠠᠭᠰᠠᠨ ᠠᠵᠢᠯ ᠳᠠᠭᠠᠨ ᠦᠨᠡᠨᠴᠢ | ᠭᠤᠮᠪᠤ ᠭᠤᠸᠡᠢ ᠶᠢ ᠲᠠᠬᠢᠨ 1961 ᠣᠨ ᠠᠴᠠ 1963 ᠣᠨ ᠬᠦᠷᠳᠡᠯ᠎ᠠ ᠪᠠᠶᠠᠨᠳᠤᠭ ᠰᠣᠮᠣᠨ ᠤ ᠨᠠᠮ ᠤᠨ | ᠣᠨᠴᠠ ᠲᠦᠯᠥᠬᠡᠯᠡᠭᠴᠢ ᠪᠠᠷ ᠲᠣᠮᠢᠯᠠᠨ ᠠᠵᠢᠯᠯᠠᠭᠤᠯᠣᠭᠰᠠᠨ ᠤ ᠲᠠᠷᠠᠭ᠎ᠠ ᠪᠠᠷ 1963 ᠣᠨ ᠠᠴᠠ 1985 ᠣᠨ | ᠪᠣᠯᠳᠠᠯ᠎ᠠ ᠵᠢᠷᠭᠠᠯᠠᠩᠳᠣ ᠰᠣᠮᠣᠨ ᠤ ᠨᠠᠮ ᠤᠨ ᠬᠤᠷᠢᠶᠠᠨ ᠳᠤ ᠵᠣᠬᠢᠶᠠᠨ ᠪᠠᠶᠢᠭᠤᠯᠬᠤ ᠬᠡᠰᠢᠬᠦᠨ ︵ᠲᠡᠳ᠋ ᠰᠠᠯᠠᠭ᠎ᠠ | ᠲᠡᠰ︶ ᠢᠶᠠᠷ ᠠᠵᠢᠯᠯᠠᠵᠥ ᠪᠠᠶᠢᠭᠰᠠᠨ ᠢᠶᠠᠨ ᠴᠠᠭ ᠦᠶ᠎ᠡ ᠶᠢᠨ ᠱᠠᠭᠠᠷᠳᠠᠯᠭ᠎ᠠ᠂ ᠰᠣᠶᠣᠯ ᠮᠡᠳᠡᠯᠬᠡ ᠶᠢᠨ ᠮᠦᠴᠢᠳ | ᠢᠶᠠᠷ 1985 ᠣᠨ ᠳᠤ ᠠᠵᠢᠯ ᠠᠴᠠ ᠪᠠᠨ ᠣᠷᠢᠳᠴᠢᠯᠠᠨ ᠠᠮᠣᠰᠬᠢᠭᠰᠡᠨ ᠪᠠᠶᠢᠨ᠎ᠠ᠃ | ᠪᠢᠳᠡ ᠪᠦᠬᠦᠨ ᠤ ᠮᠡᠳᠡᠬᠡᠵᠢ ᠪᠠᠷ ᠲᠣᠬᠠᠢ ᠶᠢᠨ ᠦᠶ᠎ᠡ ᠳᠤ ᠺᠡᠳᠡᠷ ᠦᠨᠳᠣᠰᠣᠨ ᠱᠠᠳᠣᠨ ᠳᠤ ᠠᠵᠢᠯᠯᠠᠨ᠎ᠠ | ᠬᠡᠳᠡᠭ ᠦᠨᠡᠨᠳᠡᠬᠡᠨ ᠮᠠᠯᠴᠢᠨ ᠲᠦᠮᠡᠨ ᠲᠠᠢ ᠴᠤᠭ ᠡᠳᠣᠷᠵᠢᠨ ᠬᠤᠳᠠ ᠬᠤᠷᠤᠭ᠎ᠠ᠂ ᠮᠠᠯ ᠰᠦᠷᠦᠭ᠂ ᠣᠳᠣᠷ | ᠪᠠᠭᠤᠳᠠᠯ ᠢᠶᠠᠷ ᠶᠠᠪᠣᠵᠥ᠂ ᠮᠠᠯᠴᠢᠳ ᠤᠨ ᠲᠣᠮᠳᠠ ᠰᠠᠷ᠎ᠠ ᠬᠤᠷᠢᠨ ᠬᠤᠨᠤᠭ ᠢᠶᠠᠷ ᠬᠦᠨᠵᠡᠬᠡᠶᠢᠷᠡᠨ᠂ ᠮᠠᠯᠴᠢᠳ ᠤᠨ | ᠪᠣᠳᠡᠳᠡᠢ ᠬᠦᠴᠢᠷᠳᠡᠯ ᠢ ᠪᠣᠳᠠᠳᠠᠢ ᠭᠠᠵᠠᠷ ᠲᠤᠨᠢ ᠰᠶᠢᠳᠪᠦᠷᠢᠯᠠᠨ ᠦᠭᠴᠣ᠂ ᠦᠪᠡᠷ ᠤᠨ ᠬᠡᠳᠡᠭ ᠬᠤᠪᠢᠨᠴᠢᠷ | ᠰᠡᠳᠬᠢᠯ ᠶᠡᠷᠣᠨᠢ ᠪᠠᠶᠢᠭᠰᠠᠨ ᠦᠬᠡᠢ ᠬᠡᠳᠡᠭ᠃ ᠡᠳᠣᠷ ᠨᠢ ᠬᠤᠨᠢ ᠪᠠᠨ ᠬᠠᠷᠢᠭᠤᠯᠵᠥ᠂ ᠬᠦᠷᠵᠡᠩ ᠬᠢᠰᠬᠢᠵᠥ | ᠪᠠᠶᠢᠭᠰᠠᠨ ᠴᠣ᠋ ᠣᠷᠣᠢ ᠦᠬᠡᠬᠦᠨ ᠳ᠋ᠧᠩ ᠤᠨ ᠲᠣᠣᠷ᠎ᠠ ᠴᠠᠭ ᠲᠣᠬᠠᠢ ᠶᠢᠨ ᠲᠣᠬᠠᠢ ᠰᠣᠷᠣᠯᠴᠠᠯᠭ᠎ᠠ ᠪᠠᠨ ᠣᠰᠣᠯᠳᠠᠬᠤ | ᠦᠬᠡᠢ ᠪᠠᠶᠢᠭᠰᠠᠨ ᠬᠡᠳᠡᠭ᠃ ᠭᠤᠮᠪᠤ ᠭᠤᠸᠡᠢ ᠦᠨᠳᠣᠰᠣᠨ ᠱᠠᠳᠣᠨ ᠤ ᠨᠠᠮ ᠤᠨ ᠣᠬᠠᠭᠤᠯᠣᠭᠴᠢ᠂ ᠠᠷᠠᠳ ᠤᠨ | ᠬᠠᠪᠰᠣᠷᠣᠭᠴᠢ ᠪᠠᠶᠢᠬᠤ ᠳᠠᠭᠠᠨ ᠮᠠᠯᠴᠢᠨ ᠲᠦᠮᠡᠨ ᠤ ᠪᠠᠨ ᠲᠦᠯᠥᠬᠡ ᠬᠡᠴᠢᠨᠠᠨ ᠬᠦᠴᠢᠷ ᠢ ᠲᠠᠪᠠᠵᠥ ᠬᠡᠴᠢᠨᠠᠨ ᠰᠠᠶᠢᠨ | ᠶᠠᠪᠣᠳᠠᠯ ᠬᠢᠭᠰᠡᠨ ᠢ ᠣᠳᠣ ᠪᠦᠷᠢᠳᠬᠦᠶᠡ ᠪᠡᠷᠬᠡ᠂ ᠭᠤᠮᠪᠤ ᠭᠤᠸᠡᠢ ᠶᠡᠷᠣᠨᠢ ᠪᠦᠷᠢᠳᠬᠡᠨ ᠲᠡᠮᠳᠡᠭᠯᠡᠶ᠎ᠡ ᠬᠡᠵᠥ ᠰᠠᠨᠠᠭ᠎ᠠ | ᠴᠣ᠋ ᠦᠬᠡᠢ᠂ ᠲᠡᠷᠡ ᠪᠦᠬᠦᠳᠡ ᠠᠴᠠ ᠵᠦᠪᠬᠡᠨ ᠨᠢᠬᠡ ᠶᠢ ᠵᠢᠱᠢᠶ᠎ᠠ ᠪᠣᠯᠭᠠᠨ ᠲᠣᠷᠠᠳᠪᠠᠯ 1980 ᠣᠨ ᠤ ᠡᠪᠣᠯ ᠤᠨ | ᠴᠠᠭᠠᠨ ᠵᠣᠳ ᠲᠤ ᠭᠤᠮᠪᠤ ᠭᠤᠸᠡᠢ ᠬᠠᠮᠳᠣ ᠶᠢᠨ ᠮᠠᠯ ᠰᠦᠷᠦᠭ ᠢᠶᠠᠨ ᠮᠡᠨᠳᠣ ᠣᠨᠳᠣᠷᠠᠭᠤᠯᠬᠤ ᠶᠢᠨ ᠲᠦᠯᠥᠬᠡ | ᠦᠪᠡᠷ ᠤᠨ ᠪᠡᠶ᠎ᠡ ᠪᠠᠷ ᠢᠶᠠᠨ ᠲᠠᠭᠠᠭᠤᠯᠣᠨ ᠵᠢᠷᠭᠠᠯᠠᠩᠳᠣ ᠰᠣᠮᠣᠨ ᠤ ᠪᠡᠶᠡᠷᠳᠣ ᠭᠠᠴᠠᠭᠠᠨ ᠠᠴᠠ 2000 ᠢᠯᠡᠬᠦᠥ | ᠬᠤᠨᠢ ᠪᠠᠨ ᠠᠪᠣᠨ ᠰᠢᠯᠢᠩᠬᠤᠳᠠ ᠶᠢᠨ ᠷᠠᠰᠢᠶᠠᠨ ᠰᠣᠮᠣᠨ ᠤ ᠰᠡᠷᠬᠦᠯᠡᠩ ᠭᠠᠴᠠᠭᠠᠨ ᠤ ᠲᠣᠯᠠᠭᠠᠨ ᠠᠭᠤᠯᠨ ᠶᠢᠨ | ᠡᠩᠬᠡᠷ ᠬᠦᠷᠬᠦ ᠳᠤ ᠪᠦᠬᠦᠯᠢ ᠲᠣᠯᠣᠭᠠᠨ ᠡᠳᠣᠷ ᠲᠣᠯᠣᠭᠠᠨ ᠰᠦᠨᠢ ᠶᠠᠪᠣᠭᠰᠠᠨ ᠬᠡᠳᠡᠭ᠃ ᠡᠪᠣᠯ ᠤᠨ ᠴᠠᠭ ᠵᠣᠳ | ᠰᠢᠭᠤᠷᠭᠠᠨ ᠳᠤ ᠪᠡᠯᠡᠳᠬᠡᠯ ᠮᠠᠭᠤᠳᠡᠢ ᠶᠠᠪᠣᠭᠰᠠᠨ ᠪᠣᠯᠬᠤᠷ ᠮᠣᠷᠢᠨ ᠡᠮᠡᠬᠡᠯ ᠲᠡᠬᠡᠷ᠎ᠡ ᠪᠠᠨ ᠭᠠᠨᠵᠣᠭᠠᠯᠠᠨ ᠠᠪᠴᠣ | ᠶᠠᠪᠣᠭᠰᠠᠨ ᠦᠬᠡᠷ ᠤᠨ ᠬᠦᠯᠳᠡᠬᠦᠥ ᠮᠢᠬ᠎ᠠ ᠲᠡᠬᠡᠷ᠎ᠠ ᠪᠠᠨ ᠬᠠᠯᠠᠭᠤᠨ ᠴᠠᠢ ᠳᠤ ᠪᠠᠨ ᠬᠢᠵᠥ ᠲᠡᠪᠳᠣᠬᠡᠨ ᠢᠳᠡᠵᠥ | ᠪᠠᠶᠢᠵᠥ ᠬᠦᠷᠦᠭᠰᠡᠨ ᠬᠡᠳᠡᠭ᠃ ᠭᠤᠮᠪᠤ ᠭᠤᠸᠡᠢ ᠶᠡᠷᠣᠨᠢ ᠬᠡᠴᠢᠨᠡᠨ ᠵᠢᠯ ᠤᠨ ᠲᠣᠷᠰᠢ ᠨᠠᠮ ᠤᠨ ᠦᠢᠯᠡᠰ᠂ ᠠᠷᠠᠳ | ᠲᠦᠮᠡᠨ ᠤ ᠪᠠᠨ ᠲᠦᠯᠥᠬᠡ ᠵᠢᠳᠬᠦᠵᠥ ᠶᠠᠪᠣᠬᠤ ᠳᠠᠭᠠᠨ 1974 ᠣᠨ ᠤ ᠪᠠᠷᠰ ᠵᠢᠯ ᠤᠨ ᠵᠣᠳ᠂ 1977 ᠣᠨ ᠤ | ᠮᠣᠭᠠᠢ ᠵᠢᠯ ᠤᠨ ︽ᠲᠡᠮᠣᠷ ᠵᠣᠳ︾ ᠵᠡᠷᠬᠡ ᠳᠤ ᠬᠠᠮᠳᠣ ᠶᠢᠨ ᠮᠠᠯ ᠰᠦᠷᠦᠭ ᠢᠶᠠᠨ ᠠᠪᠣᠨ ᠣᠳᠣᠷ ᠶᠠᠪᠣᠵᠥ᠂ | ᠮᠠᠨᠳᠣ ᠣᠨᠳᠣᠷᠠᠭᠤᠯᠣᠭᠰᠠᠨ ᠶᠠᠪᠣᠳᠠᠯ ᠪᠢᠰᠢᠬᠦᠢ ᠯᠡ ᠪᠠᠶᠢᠭᠰᠠᠨ᠃ | ᠭᠤᠮᠪᠤ ᠭᠤᠸᠡᠢ ᠬᠦᠴᠢᠷ ᠪᠡᠷᠬᠡ ᠲᠠᠢ ᠣᠨ ᠵᠢᠯ ᠤᠳ ᠲᠤ ᠮᠠᠯᠴᠢᠨ ᠲᠦᠮᠡᠨ ᠲᠠᠢ ᠪᠠᠨ ᠴᠤᠭ ᠣᠯᠠᠨ | ᠣᠳᠠᠭ᠎ᠠ ᠭᠠᠩ ᠭᠠᠴᠢᠭ᠂ ᠵᠣᠳ ᠭᠠᠮᠰᠢᠭ ᠢ ᠲᠣᠭᠤᠯᠵᠥ᠂ ᠮᠠᠯ ᠰᠦᠷᠦᠭ ᠢᠶᠠᠨ ᠮᠡᠨᠳᠣ ᠣᠨᠳᠣᠷᠠᠭᠤᠯᠵᠥ ᠶᠠᠪᠣᠭᠰᠠᠨ | ᠢ ᠲᠡᠬᠡᠳᠣ ᠱᠠᠳᠣᠨ ᠠᠴᠠ ᠦᠨᠳᠣᠷ ᠦᠨᠡᠯᠡᠵᠥ ︽ᠵᠢᠱᠢᠶᠡᠴᠢ ᠡᠪᠯᠠᠯ ᠤᠨ ᠠᠵᠢᠯᠳᠠᠨ︾᠂ ︽ᠰᠢᠯᠢᠳᠡᠭ ᠨᠠᠮ ᠤᠨ | ᠬᠡᠰᠢᠬᠦᠨ︾ ᠤ ᠢᠷᠡᠭᠤ ᠠᠯᠳᠡᠷ ᠢ ᠬᠦᠷᠳᠡᠬᠡᠭᠰᠡᠨ ᠪᠦᠬᠡᠳ ᠲᠠᠯᠠᠭᠠᠳ ᠣᠨ ᠳᠤ ᠪᠠᠰᠠ ᠬᠤᠰᠢᠭᠤ ᠲᠡᠰ ᠤᠨ ︽ | ᠬᠦᠳᠡᠯᠮᠣᠷᠢ ᠶᠢᠨ ᠵᠢᠱᠢᠶᠡᠴᠢ︾ ᠪᠠᠷ ᠰᠣᠩᠭᠤᠭᠳᠠᠨ᠂ ᠲᠣᠬᠠᠢ ᠶᠢᠨ ᠦᠶ᠎ᠡ ᠶᠢᠨ ᠬᠤᠰᠢᠭᠤ ᠨᠠᠮ ᠤᠨ ᠬᠤᠷᠢᠶᠠᠨ ᠤ | ᠱᠦᠵᠢ ᠰᠣᠨᠣᠮ ᠭᠤᠸᠡᠢ ᠶᠢᠨ ᠭᠠᠷ ᠠᠴᠠ ᠬᠦᠬᠢᠬᠦᠯᠥᠯ ᠤᠨ ᠪᠢᠴᠢᠭ ᠭᠠᠷᠳᠡᠵᠥ ᠶᠠᠪᠣᠭᠰᠠᠨ ᠪᠠᠶᠢᠨ᠎ᠠ᠃ | ᠠᠬᠠᠮᠠᠳ ᠨᠠᠮ ᠤᠨ ᠬᠡᠰᠢᠬᠦᠨ ᠭᠤᠮᠪᠤ ᠭᠤᠸᠡᠢ ᠨᠢᠬᠡ ᠨᠠᠰᠣ ᠪᠠᠷ ᠢᠶᠠᠨ ᠨᠠᠮ ᠤᠨ ᠦᠢᠯᠡᠰ ᠤᠨ ᠲᠦᠯᠥᠬᠡ | ᠦᠪᠡᠷ ᠤᠨ ᠡᠬᠦᠷᠬᠡᠯᠡᠵᠥ ᠠᠪᠣᠭᠰᠠᠨ ᠠᠵᠢᠯ ᠤᠨ ᠬᠠᠷᠢᠭᠤᠴᠠᠯᠭ᠎ᠠ ᠪᠠᠨ ᠰᠠᠶᠢᠳᠣᠷ ᠬᠦᠢᠴᠡᠳᠬᠡᠵᠥ᠂ ᠦᠪᠡᠷ ᠤᠨ | ᠬᠢᠬᠦ ᠶᠣᠰᠣᠳᠡᠢ᠂ ᠬᠢᠵᠥ ᠲᠡᠶᠢᠯᠬᠦ ᠠᠵᠢᠯ ᠢᠶᠠᠨ ᠪᠣᠷᠣᠭᠵᠢᠭᠤᠨ ᠪᠦᠬᠡᠳ ᠲᠠᠷᠣᠣᠬᠠᠨ ᠪᠡᠶᠡᠯᠡᠬᠦᠯᠵᠥ ᠶᠠᠪᠣᠭᠰᠠᠨ ᠢᠶᠠᠷ | ᠣᠳᠣ ᠰᠡᠳᠬᠢᠯ ᠲᠡᠨᠢᠬᠦᠨ᠂ ᠰᠠᠨᠠᠭ᠎ᠠ ᠲᠠᠶᠢᠪᠣᠩ ᠦᠳᠡᠯᠥᠬᠡ ᠨᠠᠰᠣᠨ ᠤ ᠵᠣᠯ ᠵᠢᠷᠭᠠᠯ ᠢᠶᠠᠨ ᠡᠳᠡᠯᠡᠵᠥ ᠰᠠᠭᠤᠨ᠎ᠠ᠃ |