ᠪᠣᠶᠠᠨ ᠤ ᠢᠪᠡᠬᠡᠯ ᠲᠠᠢ ᠦᠢᠯᠡᠰ ᠤᠨ ᠬᠠᠷᠭᠤᠢ ᠭᠠᠳᠡᠷ ᠰᠠᠯᠠᠭᠠᠨ ᠤ ᠨᠡᠷᠡᠳᠣ ᠡᠮᠴᠢ᠂ ᠠᠪᠠᠭ᠎ᠠ ᠬᠤᠰᠢᠭᠤᠨ ᠤ ᠡᠮᠨᠡᠯᠬᠡ ᠶᠢᠨ ᠬᠤᠷᠢᠶᠠᠨ ᠤ ᠡᠮᠴᠢ ᠨᠣᠮᠢᠨᠳᠠᠯᠠᠢ ᠶᠢ ᠲᠡᠮᠳᠡᠭᠯᠡᠪᠡ
ᠨᠡᠶᠢᠲᠡᠯᠡᠭᠰᠡᠨ ᠴᠠᠭ᠄
2020/4/16
   ᠲᠠ ᠣᠯᠠᠨ ᠮᠢᠨᠢ《 ᠠᠮᠢᠳᠣᠷᠠᠯ ᠬᠡᠳᠡᠭ ᠵᠢᠷᠭᠠᠯ ᠲᠠᠭᠤᠯᠠᠭᠰᠠᠨ ᠴᠠᠶᠢᠯᠭᠠᠨ ᠲᠡᠯᠡᠬᠡᠢ᠂ ᠠᠮᠢᠳᠣᠷᠠᠨ᠎ᠠ ᠬᠡᠳᠡᠭ ᠣᠴᠠᠷᠠᠯ ᠬᠠᠶᠢᠷᠠᠯᠠᠭᠰᠠᠨ ᠰᠠᠶᠢᠨ ᠤ ᠬᠤᠷᠸ᠎ᠠ 》ᠡᠨᠡ ᠲᠠᠭᠤᠣ ᠶᠢ ᠲᠠᠭᠤᠯᠠᠵᠥ᠂ ᠬᠤᠪᠢ ᠪᠡᠶ᠎ᠡ ᠴᠢᠨᠢ ᠡᠷᠡᠬᠦᠯ ᠡᠩᠬᠡ  ᠪᠠᠷ ᠠᠵᠥ ᠲᠦᠷᠦᠵᠥ᠂  ᠬᠤᠳᠠᠯᠠ ᠣᠯᠠᠨ ᠢᠶᠠᠷ ᠢᠶᠠᠨ ᠡᠶᠡᠯᠳᠡᠭ ᠲᠣᠳᠣᠨᠣ ᠪᠠᠶᠠᠰᠣᠨ ᠬᠦᠭᠡᠷᠡᠯᠳᠤᠵᠦ ᠶᠠᠪᠣᠬᠤ  ᠳᠠᠭᠠᠨ᠂ ᠡᠬᠡᠯ ᠲᠦᠮᠡᠨ ᠤ ᠡᠷᠡᠬᠦᠯ ᠡᠩᠬᠡ ᠶᠢᠨ ᠲᠦᠯᠥᠬᠡ ᠡᠳᠣᠷ ᠰᠦᠨᠢ ᠦᠬᠡᠢ ᠵᠢᠳᠬᠦᠵᠥ ᠶᠠᠪᠣᠭ᠎ᠠ ᠡᠮᠴᠢ ᠨᠡᠷ ᠢ ᠪᠣᠳᠣᠵᠥ ᠰᠠᠨᠠᠵᠥ ᠶᠠᠪᠣᠭᠰᠠᠨ ᠤᠤ᠃ ᠦᠢ ᠣᠯᠠᠨ ᠠᠷᠠᠳ ᠲᠦᠮᠡᠨ ᠤ ᠪᠠᠨ ᠲᠦᠯᠥᠬᠡ ᠦᠪᠡᠷ ᠤᠨ ᠠᠯᠢᠪᠠ ᠪᠠᠨ ᠦᠷᠡᠭᠳᠡᠬᠦᠯᠵᠥ ᠶᠠᠪᠣᠭ᠎ᠠ ᠣᠯᠠᠨ ᠣᠯᠠᠨ ᠡᠮᠴᠢ ᠨᠠᠷ ᠤᠨ ᠨᠢᠬᠡᠨ ᠨᠢ ᠠᠪᠠᠭ᠎ᠠ ᠬᠤᠰᠢᠭᠤᠨ ᠤ ᠠᠷᠠᠳ ᠤᠨ ᠡᠮᠨᠡᠯᠬᠡ  ᠶᠢᠨ ᠬᠤᠷᠢᠶᠠᠨ ᠤ ᠭᠠᠳᠡᠷ ᠰᠠᠯᠠᠭᠠᠨ ᠤ ᠭᠤᠣᠯᠯᠠᠭᠴᠢ ᠡᠮᠴᠢ ᠨᠣᠮᠢᠨᠳᠠᠯᠢ ᠨᠦᠬᠦᠷ ᠪᠣᠯᠣᠨ᠎ᠠ᠃
    ᠨᠡᠷᠡᠳᠣ ᠡᠮᠴᠢ ᠨᠣᠮᠢᠨᠳᠠᠯᠠᠢ ᠨᠦᠬᠦᠷ 1956 ᠣᠨ ᠳᠤ ᠣᠶᠢᠷ᠎ᠠ ᠦᠶ᠎ᠡ ᠶᠢᠨ ᠠᠯᠳᠡᠷᠳᠣ ᠠᠨᠠᠭᠠᠬᠤ ᠣᠬᠠᠭᠠᠨᠳᠠᠨ ᠯᠣᠪᠰᠠᠩᠴᠦ᠋ᠯᠳᠦᠮ ᠤᠨ ᠮᠡᠨᠳᠦᠯᠡᠭᠰᠡᠨ ᠬᠠᠯᠠᠭᠤᠨ ᠬᠦᠷᠦᠰᠣ᠂ ᠰᠢᠯᠥᠭᠤᠨ ᠴᠠᠭᠠᠨ ᠬᠤᠰᠢᠭᠤᠨ ᠤ ᠪᠣᠯᠠᠭᠠᠨᠳᠣᠬᠤᠢ ᠰᠣᠮᠣᠨ ᠤ ᠬᠦᠨᠨᠠᠭᠤᠷ ᠭᠠᠴᠠᠭᠠᠨ ᠳᠤ ᠲᠦᠷᠦᠭᠰᠡᠨ ᠪᠠᠶᠢᠨ᠎ᠠ᠃ ᠰᠣᠶᠣᠯᠳᠣ ᠨᠣᠳᠤᠭ ᠤᠨ ᠬᠤᠶᠢᠴᠢᠰ ᠪᠣᠯᠣᠭᠰᠠᠨ ᠤ ᠬᠤᠪᠢ ᠳᠤ ᠬᠠᠷᠠᠬᠠᠨ ᠪᠠᠭ᠎ᠠ ᠠᠴᠠ ᠪᠠᠨ ᠰᠣᠷᠭᠠᠭᠤᠯᠢ ᠰᠣᠶᠣᠯ ᠤᠨ ᠮᠦᠷ ᠬᠦᠬᠡᠬᠡᠵᠥ ᠶᠠᠪᠣᠭᠰᠠᠭᠠᠷ 1975 ᠣᠨ ᠳᠤ ᠰᠢᠯᠢᠳᠡᠭ ᠪᠦᠳᠦᠮᠵᠢ ᠪᠠᠷ ᠦᠨᠳᠣᠷ ᠲᠣᠮᠳᠠᠳᠣ ᠰᠣᠷᠭᠠᠭᠤᠯᠢ ᠪᠠᠨ ᠲᠡᠬᠦᠰᠦᠭᠰᠡᠨ ᠪᠣᠯᠪᠠᠴᠣ《ᠴᠠᠭ ᠲᠦᠷᠦ ᠶᠢᠨ ᠬᠠᠷᠠᠭ᠎ᠠ 》 ᠪᠠᠷ ᠴᠢᠨᠠᠭᠰᠢᠳᠠ ᠰᠣᠷᠣᠯᠴᠠᠬᠤ ᠨᠦᠬᠦᠴᠡᠯ ᠦᠬᠡᠢ ᠪᠣᠯᠬᠤᠷ ᠠᠷᠭ᠎ᠠ ᠪᠣᠰᠣ ᠬᠦᠳᠡᠭᠡ ᠨᠣᠳᠤᠭ ᠲᠠᠭᠠᠨ ᠪᠣᠴᠠᠵᠥ ᠢᠷᠡᠭᠰᠡᠨ ᠪᠠᠶᠢᠨ᠎ᠠ᠃ 1976 ᠣᠨ ᠤ ᠡᠪᠣᠯ ᠠᠴᠠ ᠶᠡᠭᠡ ᠰᠣᠷᠭᠠᠭᠤᠯᠢ  ᠶᠢᠨ ᠰᠢᠯᠭᠠᠯᠳᠠ ᠶᠢᠨ ᠲᠦᠷᠢᠮ ᠢ ᠡᠬᠢᠯᠠᠨ ᠬᠡᠷᠡᠭᠵᠢᠬᠦᠯᠬᠦ ᠳᠤ ᠨᠣᠮᠢᠨᠳᠠᠯᠠᠢ 1976 ᠣᠨ ᠤ 11 ᠰᠠᠷ᠎ᠠ ᠶᠢᠨ ᠰᠡᠬᠦᠯᠴᠢ ᠪᠠᠷ ᠰᠢᠯᠢᠳᠡᠭ ᠪᠦᠳᠦᠮᠵᠢ ᠪᠠᠷ ᠪᠣᠣᠴᠠᠩ ᠤᠨ ᠡᠮᠨᠡᠯᠬᠡ ᠶᠢᠨ ᠰᠣᠷᠭᠠᠭᠤᠯᠢ ︵ᠣᠣᠯ ᠤᠨ ᠰᠢᠯᠢ ᠶᠢᠨ ᠭᠤᠣᠯ ᠠᠶᠢᠮᠠᠭ ᠤᠨ ᠡᠷᠡᠬᠦᠯ ᠬᠠᠮᠠᠭᠠᠯᠠᠯ ᠤᠨ ᠰᠣᠷᠭᠠᠭᠤᠯᠢ︶ ᠳᠤ ᠰᠢᠯᠭᠠᠭᠳᠠᠨ ᠣᠷᠣᠭᠰᠠᠨ ᠪᠣᠯᠪᠠᠴᠣ᠂ ᠲᠣᠰ ᠵᠢᠯ  ᠨᠢ ᠲᠡᠣᠬᠡᠨ ᠳᠤ ᠠᠯᠳᠡᠷᠳᠡᠢ《 ᠲᠡᠮᠣᠷ ᠵᠣᠳ》 ᠲᠣᠬᠢᠶᠠᠯᠳᠣᠭᠰᠠᠨ ᠠᠴᠠ ᠵᠠᠮ ᠬᠠᠭᠠᠭᠳᠠᠨ᠂ ᠲᠡᠷᠬᠡ ᠣᠨᠤᠭ᠎ᠠ ᠨᠡᠪᠳᠡᠷᠡᠬᠦ ᠪᠠᠨ ᠪᠣᠯᠢᠭᠰᠠᠨ ᠠᠴᠠ ᠠᠷᠭ᠎ᠠ ᠪᠣᠰᠣ ᠲᠠᠷᠠᠭ᠎ᠠ ᠵᠢᠯ ᠤᠨ ᠬᠢᠨᠢ 3 ᠰᠠᠷ᠎ᠠ ᠠᠴᠠ ᠡᠬᠢᠯᠠᠨ 1980 ᠣᠨ ᠤ 3 ᠰᠠᠷ᠎ᠠ ᠬᠦᠷᠳᠡᠯ᠎ᠠ ᠡᠸᠦ᠋ᠷᠦᠫᠡ ᠡᠮᠨᠡᠯᠬᠡ ᠶᠢᠨ ᠡᠮᠴᠢ ᠶᠢᠨ ᠮᠡᠷᠬᠡᠵᠢᠯ ᠢᠶᠠᠷ ᠰᠣᠷᠣᠯᠴᠠᠭᠰᠠᠨ ᠢᠶᠠᠨ 1979 ᠣᠨ  ᠳᠤ ᠲᠦᠷᠦᠭᠰᠡᠨ ᠨᠣᠳᠤᠭ ᠰᠢᠯᠣᠭᠤᠨ ᠴᠠᠭᠠᠨ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠳᠤ  ᠭᠠᠳᠡᠷ ᠰᠠᠯᠠᠭᠠᠨ ᠤ ᠡᠷᠬᠢᠯᠡᠭᠴᠢ ᠡᠮᠴᠢ ᠯᠢ ᠪᠣᠣ ᠴᠠᠩ ᠪᠠ ᠲᠣᠳᠣᠷ ᠰᠠᠯᠠᠭᠠᠨ ᠤ ᠡᠷᠬᠢᠯᠡᠭᠴᠢ ᠡᠮᠴᠢ ᠠᠷᠢᠭᠤᠨᠴᠡᠴᠡᠭ ᠤᠨ ᠵᠢᠯᠥᠭᠤᠳᠣᠯᠭ᠎ᠠ ᠲᠣᠣᠷ᠎ᠠ ᠨᠢᠬᠡ ᠵᠢᠯ ᠲᠠᠳᠣᠯᠭ᠎ᠠ ᠬᠢᠭᠰᠡᠨ ᠪᠠᠶᠢᠨ᠎ᠠ᠃ 1980 ᠣᠨ ᠤ 3 ᠰᠠᠷ᠎ᠠ ᠳᠤ ᠰᠢᠯᠢᠳᠡᠭ ᠪᠦᠳᠦᠮᠵᠢ ᠪᠠᠷ ᠡᠮᠨᠡᠯᠬᠡ ᠶᠢᠨ ᠰᠣᠷᠭᠠᠭᠤᠯᠢ ᠪᠠᠨ ᠲᠡᠬᠦᠰᠬᠦ ᠦᠶ᠎ᠡ ᠳᠡᠭᠡᠨ᠂ ᠵᠠᠯᠠᠭᠤ ᠬᠦᠮᠦᠨ ᠤ ᠣᠮᠣᠭᠯᠠᠩ ᠵᠣᠷᠢᠭ  ᠢᠶᠠᠷ ᠰᠣᠷᠣᠭᠰᠠᠨ ᠮᠡᠳᠡᠯᠬᠡ ᠪᠠᠨ ᠵᠢᠩᠬᠢᠨᠢ ᠬᠡᠷᠡᠭᠴᠡᠭᠡ ᠲᠠᠢ ᠭᠠᠵᠠᠷ ᠵᠣᠷᠢᠭᠤᠯᠣᠨ᠎ᠠ ᠬᠡᠵᠥ ᠡᠬᠡ ᠣᠷᠣᠨ ᠤ ᠣᠮᠠᠷᠠᠳᠣ ᠬᠢᠯᠢ ᠬᠢᠵᠠᠭᠠᠷ ᠤᠨ ᠠᠪᠠᠭ᠎ᠠ ᠬᠤᠰᠢᠭᠤᠨ ᠳᠤ ᠠᠵᠢᠯ ᠤᠨ ᠬᠤᠪᠢᠶᠠᠷᠯᠠᠯᠳᠠ ᠠᠪᠴᠣ᠂ ᠠᠪᠠᠭ᠎ᠠ ᠬᠤᠰᠢᠭᠤᠨ ᠤ ᠡᠮᠨᠡᠯᠬᠡ ᠶᠢᠨ ᠬᠤᠷᠢᠶᠠᠨ ᠳᠤ ᠢᠷᠡᠵᠥ ᠠᠵᠢᠯᠯᠠᠨ᠂ ᠬᠠᠭᠠᠰ ᠵᠢᠯ x ᠰᠠᠴᠣᠷᠠᠭ ᠤᠨ ᠲᠠᠰᠤᠭ ᠲᠤ ᠪᠣᠯᠪᠠᠰᠣᠷᠠᠭᠰᠠᠨ  ᠢᠶᠠᠨ ᠭᠠᠳᠡᠷ ᠰᠠᠯᠠᠭᠠᠨ ᠤ ᠲᠣᠰᠬᠠᠢ ᠡᠮᠴᠢ ᠪᠣᠯᠵᠥ᠂ ᠠᠪᠠᠭ᠎ᠠ ᠨᠣᠳᠤᠭ ᠤᠨ ᠠᠷᠠᠳ ᠲᠦᠮᠡᠨ ᠤ ᠡᠷᠡᠬᠦᠯ ᠮᠠᠨᠳᠣ ᠶᠢᠨ ᠲᠦᠯᠥᠬᠡ ᠵᠢᠳᠬᠦᠬᠦ ᠪᠣᠶᠠᠨ ᠤ ᠮᠦᠷ ᠲᠠᠢ ᠪᠣᠷᠬᠠᠨ ᠤ ᠲᠣᠰᠠ ᠲᠠᠢ ᠠᠵᠢᠯ ᠳᠤ ᠭᠠᠪᠰᠢᠭᠠᠶᠢᠯᠠᠭᠰᠠᠨ ᠪᠠᠶᠢᠨ᠎ᠠ᠃   ᠣᠨᠠᠭᠰᠠᠨ ᠨᠣᠳᠤᠭ ᠤᠨ ᠬᠠᠯᠠᠭᠤᠨ ᠬᠦᠷᠦᠰᠣᠨ ᠠᠴᠠ ᠦᠪᠯᠡᠭᠰᠡᠨ ᠠᠨᠠᠭᠠᠬᠤ ᠣᠬᠠᠭᠠᠨ ᠤ ᠮᠡᠷᠬᠡᠵᠢᠯ ᠢᠶᠠᠨ ᠲᠡᠬᠡᠳᠣᠯᠡᠵᠥ᠂ ᠠᠪᠠᠭ᠎ᠠ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠳᠤ ᠬᠠᠳᠠᠭᠤᠵᠢᠯᠳᠡᠢ ᠠᠵᠢᠯᠯᠠᠭᠰᠠᠨ  ᠢᠶᠠᠷ ᠣᠬᠤᠷᠬᠠᠨ ᠬᠡᠳᠣᠨ ᠵᠢᠯ ᠬᠠᠳᠠᠭᠤᠵᠢᠨ ᠪᠣᠯᠪᠠᠰᠣᠷᠠᠭᠰᠠᠨ ᠤ ᠣᠯᠠᠮ ᠢᠶᠠᠷ ᠲᠡᠬᠡᠳᠣ ᠱᠠᠳᠣᠨ ᠤ ᠣᠳᠣᠷᠢᠳᠣᠯᠭ᠎ᠠ ᠨᠡᠷ ᠪᠠ ᠮᠠᠯᠴᠢᠨ ᠲᠦᠮᠡᠨ ᠤ ᠪᠠᠨ ᠢᠳᠡᠬᠡᠯ ᠨᠠᠶᠢᠳᠠᠯᠭ᠎ᠠ ᠶᠢ ᠬᠦᠨ ᠬᠦᠷᠳᠡᠭᠰᠡᠨ ᠠᠴᠠ 1985 ᠣᠨ ᠤ ᠨᠢᠬᠡᠳᠣᠬᠡᠷ ᠰᠠᠷ᠎ᠠ ᠳᠤ ᠠᠪᠠᠭ᠎ᠠ ᠬᠤᠰᠢᠭᠤᠨ ᠲᠦᠪ ᠪᠡᠯᠬᠦᠳᠡᠢ ᠪᠠᠯᠭᠠᠰᠣᠨ ᠠᠴᠠ ᠬᠤᠶᠡᠷ ᠵᠠᠭᠤ ᠢᠯᠡᠬᠦᠥ ᠭᠠᠵᠠᠷ ᠵᠠᠶᠢᠳᠡᠢ᠂ ᠵᠡᠮ ᠨᠡᠪᠳᠡᠷᠡᠯᠬᠡ ᠶᠢᠨ ᠨᠦᠬᠦᠴᠡᠯ ᠠᠨᠠᠢ᠂ ᠡᠮᠨᠡᠯᠬᠡ ᠶᠢᠨ ᠨᠦᠬᠦᠴᠡᠯ ᠪᠠᠷᠣᠭᠳᠡᠢ᠂ ᠬᠤᠶᠢᠳᠣ ᠬᠢᠯᠢ ᠶᠢᠨ ᠨᠠᠷᠠᠨᠪᠣᠯᠠᠭ ᠰᠣᠮᠣᠨ ᠤ ᠡᠮᠨᠡᠯᠬᠡ ᠶᠢᠨ ᠬᠤᠷᠢᠶᠠᠨ ᠲᠠᠷᠤᠭ᠎ᠠ ᠪᠠᠷ ᠲᠠᠪᠰᠢᠬᠦᠯᠥᠭᠳᠡᠭᠰᠡᠨ ᠪᠠᠶᠢᠨ᠎ᠠ᠃ ᠬᠡᠷ ᠨᠣᠳᠤᠭ ᠠᠴᠠ ᠪᠠᠨ ᠬᠤᠯᠠ᠂ ᠬᠦᠮᠦᠨ ᠨᠢ ᠲᠠᠨᠢᠯ ᠪᠢᠰᠢ᠂ ᠭᠠᠵᠠᠷ ᠨᠢ ᠲᠠᠰᠣᠯ ᠪᠣᠰᠣ ᠵᠡᠷᠬᠡ ᠶᠢᠨ ᠣᠯᠠᠨ ᠬᠦᠴᠢᠷᠳᠡᠯ ᠪᠠᠶᠢᠭᠰᠠᠨ ᠪᠣᠯᠪᠠᠴᠣ ᠠᠷᠠᠳ ᠲᠦᠮᠡᠨ ᠤ ᠪᠠᠨ ᠲᠦᠯᠥᠬᠡ ᠦᠪᠡᠷ ᠤᠨ ᠰᠣᠷᠣᠭᠰᠠᠨ ᠮᠡᠳᠡᠯᠬᠡ ᠮᠡᠷᠬᠡᠵᠢᠯ ᠢᠶᠠᠷ ᠢᠶᠠᠨ ᠦᠢᠯᠡᠴᠢᠯᠡᠨ᠎ᠡ ᠬᠡᠳᠡᠭ ᠵᠠᠯᠠᠭᠤ ᠬᠦᠮᠦᠨ ᠤ ᠬᠤᠪᠢᠨ ᠳᠤ ᠶᠠᠭᠠᠬᠢᠬᠤ ᠶᠢᠨ ᠠᠷᠭ᠎ᠠ ᠦᠬᠡᠢ ᠵᠦᠳᠡᠷᠡᠯ ᠲᠠᠢ ᠴᠣ᠋ ᠵᠢᠳᠬᠦᠯ ᠶᠡᠬᠡᠳᠡᠢ ᠠᠵᠢᠯ ᠳᠤ ᠦᠪᠡᠷ ᠤᠨ ᠡᠷᠬᠡ ᠦᠬᠡᠢ ᠰᠢᠭᠤᠳᠣᠷᠠᠨ ᠵᠢᠳᠬᠦᠭᠰᠡᠨ᠃     ᠨᠣᠮᠢᠨᠳᠠᠯᠠᠢ ᠡᠮᠴᠢ ᠠᠵᠢᠯ ᠳᠤ ᠣᠷᠣᠭᠰᠠᠨ ᠲᠠᠬᠡᠷ᠎ᠡ ᠵᠠᠭᠤᠨ ᠤ ᠨᠠᠶᠠᠭᠠᠳ ᠣᠨ ᠠᠴᠠ ᠠᠪᠣᠭᠠᠳ ᠣᠳᠣ ᠪᠣᠯᠳᠡᠯᠡᠬᠢ ᠭᠤᠴᠢᠭᠠᠳ ᠵᠢᠯ ᠤᠨ ᠲᠣᠷᠰᠢᠬᠢ ᠡᠮᠴᠢᠯᠡᠬᠦ ᠶᠠᠪᠣᠴᠠ ᠳᠠᠭᠠᠨ ᠬᠡᠮᠳᠣᠵᠥ ᠪᠡᠷᠳᠡᠭᠰᠡᠨ᠂ ᠢᠳᠡᠬᠡᠯᠡᠵᠥ ᠬᠠᠪᠤᠳᠤᠭᠰᠠᠨ᠂ ᠦᠳᠡᠬᠡᠷᠡᠵᠥ ᠲᠠᠬᠢᠭᠰᠠᠨ ᠵᠡᠷᠬᠡ ᠶᠢᠨ ᠠᠨᠠᠭᠠᠬᠤ ᠣᠬᠠᠭᠠᠨ ᠤ ᠣᠨᠣᠯ ᠲᠡᠬᠡᠷ᠎ᠡ ᠪᠠᠶᠢᠬᠤ ᠦᠬᠡᠢ ᠣᠯᠠᠨ ᠣᠯᠠᠨ ᠡᠪᠡᠳᠴᠢᠨ ᠪᠠ ᠡᠪᠡᠳᠴᠢᠳᠡᠨ ᠢ ᠪᠣᠳᠠᠳᠡᠢ ᠦᠢᠯᠡᠳᠣᠯᠬᠡ ᠶᠢᠨ ᠲᠣᠣᠷ᠎ᠠ ᠪᠡᠶᠡᠴᠢᠯᠠᠨ ᠡᠮᠨᠡᠬᠦ ᠳᠡᠭᠡᠨ ᠰᠠᠨᠳᠣᠷᠴᠣ ᠮᠡᠩᠳᠡᠭᠰᠡᠨ ᠶᠠᠪᠣᠳᠠᠯ ᠴᠣ᠋ ᠵᠦᠩᠳᠡᠬᠡᠨ᠂ ᠡᠳᠡᠬᠡᠷ ᠣᠯᠠᠨ ᠡᠪᠡᠳᠴᠢᠨ ᠪᠠ ᠡᠪᠡᠳᠴᠢᠳᠡᠨ ᠲᠠᠢ ᠵᠢᠩᠬᠢᠨᠢ ᠦᠢᠯᠡᠳᠣᠯᠬᠡ ᠪᠠᠷ ᠬᠠᠷᠭᠤᠬᠤ ᠳᠤ ᠲᠣᠭᠳᠠᠭᠰᠠᠨ ᠣᠨᠣᠯ ᠤᠨ ᠵᠢᠯᠥᠭᠤᠳᠣᠯᠭ᠎ᠠ ᠪᠠ ᠰᠢᠰᠲ᠋ᠧᠮ ᠲᠠᠢ ᠡᠮᠴᠢᠯᠡᠬᠦ ᠲᠣᠷᠰᠢᠯᠭ᠎ᠠ ᠦᠬᠡᠢ ᠪᠠᠶᠢᠭᠰᠠᠨ ᠪᠣᠯᠬᠤᠷ ᠦᠪᠡᠷ ᠤᠨ ᠰᠣᠷᠣᠭᠰᠠᠨ ᠮᠡᠳᠡᠯᠬᠡ᠂ ᠰᠣᠳᠣᠯᠣᠭᠰᠠᠨ ᠮᠡᠷᠬᠡᠵᠢᠯ ᠢᠶᠠᠨ ᠶᠠᠭ ᠦᠬᠡᠢ ᠴᠢᠮᠠᠯᠠᠵᠥ᠂ ᠲᠠᠬᠢᠨ ᠰᠣᠷᠣᠯᠴᠠᠬᠤ ᠪᠠᠷ ᠵᠣᠷᠢᠭ ᠰᠢᠭᠤᠳᠣᠨ᠂ ᠲᠡᠬᠡᠳᠣ ᠱᠠᠳᠣᠨ ᠳᠤ ᠭᠤᠶᠣᠴᠢᠯᠠᠵᠥ ᠪᠠᠶᠢᠭᠠᠳ 1987 ᠣᠨ ᠤ 1 ᠰᠠᠷ᠎ᠠ ᠠᠴᠠ 1988 ᠣᠨ ᠤ 1 ᠰᠠᠷ᠎ᠠ ᠬᠦᠷᠳᠡᠯ᠎ᠠ ᠨᠡᠨᠵᠢᠩ ᠬᠤᠳᠠ ᠶᠢᠨ ᠨᠢᠬᠡᠳᠣᠬᠡᠷ ᠡᠮᠨᠡᠯᠬᠡ ᠶᠢᠨ ᠬᠤᠷᠢᠶᠠᠨ ᠳᠤ ᠲᠣᠰᠬᠠᠢ ᠭᠠᠳᠡᠷ ᠰᠠᠯᠠᠭ᠎ᠠ ᠪᠠ ᠮᠢᠨᠴᠣᠷᠡᠬᠦᠯᠬᠦ ᠰᠠᠯᠠᠭᠠᠨ ᠳᠤ ᠡᠷᠬᠢᠯᠡᠭᠴᠢ ᠡᠮᠴᠢ ᠵᠠᠩ ᠢ ᠹᠸᠢ ᠠᠴᠠ ᠲᠣᠰᠬᠠᠢ ᠡᠯᠢᠬᠡ ᠰᠦᠰᠦᠨ ᠤ ᠭᠠᠳᠡᠷ ᠰᠠᠯᠠᠭᠠᠨ ᠤ ᠮᠠᠰᠠ ᠵᠠᠰᠠᠯ ᠢ ᠨᠢᠬᠡ ᠵᠢᠯ ᠰᠣᠷᠣᠯᠴᠠᠭᠰᠠᠨ ᠪᠠᠶᠢᠨ᠎ᠠ᠃      ᠰᠢᠵᠢᠷ ᠠᠯᠳᠠ ᠶᠢ ᠵᠦᠯᠬᠦᠬᠦ ᠲᠣᠳᠣᠮ ᠣᠯᠠᠮ ᠦᠩᠬᠡ ᠨᠢ ᠬᠢᠯᠠᠯᠵᠠᠳᠠᠭ ᠤᠨ ᠵᠢᠮ᠎ᠠ ᠪᠠᠷ ᠲᠣᠰᠬᠠᠢ ᠠᠵᠢᠯ  ᠤᠨ ᠬᠡᠪ ᠪᠣᠯᠪᠠᠰᠣᠷᠠᠯ ᠦᠨᠳᠣᠷ ᠨᠣᠮᠢᠨᠳᠠᠯᠠᠢ ᠡᠮᠴᠢ ᠨᠡᠩ ᠦᠨᠳᠣᠷ ᠲᠦᠪᠰᠢᠨ ᠳᠤ ᠰᠣᠷᠣᠯᠴᠠᠭᠠᠳ ᠪᠣᠴᠠᠵᠥ ᠢᠷᠡᠭᠰᠡᠨ ᠤ ᠲᠠᠷᠠᠭ᠎ᠠ ᠮᠡᠷᠬᠡᠵᠢᠯ ᠮᠡᠳᠡᠯᠬᠡ ᠨᠢ ᠣᠯᠠᠮ ᠲᠡᠬᠡᠭᠰᠢᠯᠡᠵᠥ᠂ ᠬᠤᠰᠢᠭᠤ ᠡᠮᠨᠡᠯᠬᠡ ᠶᠢᠨ ᠬᠤᠷᠢᠶᠠᠨ ᠳᠤ ᠲᠣᠰᠬᠠᠢ ᠭᠠᠳᠡᠷ ᠰᠠᠯᠠᠭᠠᠨ ᠤ ᠡᠮᠴᠢ ᠪᠠᠷ ᠠᠵᠢᠯᠯᠠᠵᠥ ᠡᠬᠢᠯᠡᠭᠰᠡᠨ ᠪᠠᠶᠢᠨ᠎ᠠ᠃  ᠲᠣᠬᠠᠢ ᠶᠢᠨ ᠦᠶ᠎ᠡ ᠶᠢᠨ ᠡᠯ᠎ᠠ ᠲᠠᠯ᠎ᠠ ᠶᠢᠨ ᠬᠢᠵᠠᠭᠠᠷᠳᠠᠮᠠᠯ ᠲᠠᠯ᠎ᠠ ᠶᠢᠨ ᠨᠦᠬᠦᠴᠡᠯ ᠪᠣᠯᠣᠯᠴᠠᠭ᠎ᠠ ᠪᠠᠷ ᠠᠷᠠᠳ ᠲᠦᠮᠡᠨ ᠤ ᠡᠪᠡᠳᠴᠢᠨ ᠡᠮᠬᠡᠭ ᠨᠢ ᠭᠤᠣᠯᠳᠠᠭᠤ ᠣᠯᠠᠮᠵᠢᠯᠠᠯᠳᠣ ᠮᠣᠩᠭᠤᠯ ᠡᠮ ᠢᠶᠠᠷ ᠡᠮᠨᠡᠨ ᠵᠠᠰᠠᠵᠥ ᠪᠠᠶᠢᠭᠰᠠᠨ ᠪᠦᠬᠡᠳ ᠮᠠᠰᠠ ᠵᠠᠰᠠᠯ ᠬᠢᠨ᠎ᠠ ᠬᠡᠳᠡᠭ ᠶᠠᠪᠣᠳᠠᠯ ᠲᠣᠩ ᠴᠦᠬᠡᠨ ᠪᠠᠶᠢᠵᠥ᠂ ᠠᠪᠠᠭ᠎ᠠ ᠬᠤᠰᠢᠭᠤ ᠨᠢ ᠬᠢᠯᠢ ᠶᠢᠨ ᠬᠤᠰᠢᠭᠤ ᠪᠣᠯᠣᠭᠰᠠᠨ ᠤ ᠬᠤᠪᠢ ᠳᠤ ᠵᠠᠮ ᠨᠡᠪᠳᠡᠷᠡᠬᠦᠯᠬᠡ ᠲᠦᠬᠦᠮ ᠦᠬᠡᠢ᠂ ᠬᠠᠷᠢᠴᠠᠩᠭᠤᠢ ᠲᠦᠭᠵᠢᠮᠠᠯ ᠬᠤᠴᠣᠷᠠᠩᠭᠤᠢ ᠪᠠᠶᠢᠳᠠᠯ ᠲᠠᠢ ᠪᠠᠶᠢᠭᠰᠠᠨ ᠢᠶᠠᠷ ᠮᠠᠯᠴᠢᠨ ᠲᠦᠮᠡᠨ ᠤ ᠡᠪᠡᠳᠴᠢᠨ ᠦᠵᠡᠬᠦᠯᠬᠦ ᠶᠠᠪᠣᠳᠠᠯ ᠲᠣᠶᠢᠯ ᠤᠨ ᠬᠦᠴᠢᠷᠳᠡᠢ ᠪᠠᠶᠢᠭᠰᠠᠨ ᠪᠠᠶᠢᠨ᠎ᠠ᠃ ᠵᠠᠯᠠᠭᠤ ᠬᠦᠮᠦᠨ ᠤ ᠬᠤᠪᠢ ᠳᠤ ᠨᠣᠮᠢᠨᠳᠠᠯᠠᠢ ᠵᠣᠷᠢᠭᠳᠡᠢ ᠴᠢᠷᠮᠠᠶᠢᠵᠥ᠂ ᠡᠳᠣᠷ ᠨᠢ ᠪᠣᠳᠡᠳᠡᠢ ᠦᠢᠯᠡᠳᠣᠯᠬᠡ ᠪᠠᠷ ᠡᠪᠡᠳᠴᠢᠳᠡᠨ  ᠢᠶᠠᠨ ᠪᠠᠶᠢᠴᠠᠭᠠᠵᠥ᠂ ᠰᠦᠨᠢ ᠨᠢ ᠣᠨᠣᠯ ᠤᠨ ᠲᠣᠬᠠᠢ ᠮᠡᠳᠡᠯᠬᠡ ᠪᠠᠨ ᠬᠤᠷᠠᠮᠳᠣᠭᠤᠯᠣᠭᠰᠠᠨ ᠢᠶᠠᠷ 1983 ᠣᠨ ᠳᠤ ᠠᠪᠠᠭ᠎ᠠ ᠬᠤᠰᠢᠭᠤᠨ ᠳᠤ ᠠᠩᠬᠠᠳᠠᠭᠴᠢ ᠣᠳᠠᠭ᠎ᠠ ᠰᠦᠰᠦᠨ ᠤ ᠴᠢᠯᠠᠭᠤᠵᠢᠯ ᠤᠨ ᠮᠠᠰᠠ ᠵᠠᠰᠠᠯ ᠬᠢᠬᠡᠳ ᠠᠮᠵᠢᠯᠳᠠ ᠣᠯᠣᠭᠰᠠᠨ ᠶᠠᠪᠣᠳᠠᠯ ᠨᠢ ᠲᠣᠬᠠᠢ ᠶᠢᠨ ᠦᠶ᠎ᠡ ᠳᠡᠭᠡᠨ ᠲᠣᠩ ᠰᠠᠶᠢᠨ ᠲᠣᠰᠬᠠᠯ ᠭᠠᠷᠴᠣ ᠠᠵᠢᠯ ᠨᠢᠬᠡᠳᠡᠳ ᠤᠨ ᠢᠶᠠᠨ ᠡᠮᠣᠨ᠎ᠠ ᠡᠩᠨᠡᠬᠡᠨ ᠳᠤ ᠠᠯᠬᠤᠭᠰᠠᠨ ᠶᠠᠪᠣᠳᠠᠯ ᠪᠣᠯᠣᠭᠰᠠᠨ ᠪᠦᠬᠡᠳ ᠣᠳᠣᠬᠠᠨ ᠪᠣᠯᠳᠠᠯ᠎ᠠ ᠭᠠᠭᠴᠠᠬᠠᠨ ᠰᠦᠰᠦᠨ ᠤ ᠲᠣᠬᠠᠢ ᠮᠠᠰᠠ ᠵᠠᠰᠠᠯ ᠢ 400 ᠭᠠᠷᠣᠢ ᠬᠢᠭᠰᠡᠨ ᠤ ᠬᠠᠮᠳᠣ ᠵᠦᠪᠬᠡᠨ ᠮᠣᠬᠤᠷ ᠣᠯᠣᠭᠠᠢ ᠶᠢᠨ ᠦᠷᠪᠢᠰᠣᠯ   ᠶᠢᠨ ᠮᠡᠰᠠ ᠵᠠᠰᠠᠯ ᠢ 1000 ᠢᠯᠡᠬᠦᠥ ᠬᠦᠮᠦᠨ ᠳᠤ ᠬᠢᠭᠰᠡᠨ ᠪᠠᠶᠢᠨ᠎ᠠ᠃
     ᠨᠠᠶᠠᠭᠠᠳ ᠣᠨ ᠤ ᠦᠶ᠎ᠡ ᠪᠠᠷ ᠲᠦᠯᠥᠪᠯᠡᠬᠡᠳᠣ ᠦᠷᠡᠵᠢᠯ ᠤᠨ ᠠᠵᠢᠯ ᠨᠢ ᠪᠦᠬᠦ ᠣᠯᠣᠰ ᠤᠨ ᠭᠤᠣᠯ ᠠᠵᠢᠯ  ᠤᠨ ᠨᠢᠬᠡ ᠨᠢ ᠪᠠᠶᠢᠭᠰᠠᠨ ᠪᠦᠬᠡᠳ ᠲᠣᠬᠠᠢ ᠶᠢᠨ ᠦᠶ᠎ᠡ ᠶᠢᠨ ᠲᠠᠣᠬᠡᠳᠣ ᠨᠦᠬᠦᠴᠡᠯ᠂ ᠬᠦᠮᠦᠰ ᠤᠨ ᠦᠵᠡᠯ ᠣᠬᠠᠮᠰᠡᠷ ᠤᠨ ᠨᠦᠯᠦᠬᠡᠯᠠᠯ ᠵᠡᠷᠬᠡ ᠶᠢᠨ ᠰᠢᠯᠳᠠᠭᠠᠨ ᠠᠴᠠ ᠡᠨᠡᠬᠦ ᠠᠵᠢᠯ ᠨᠢ ᠶᠠᠪᠣᠭᠳᠠᠬᠤ ᠳᠤ ᠲᠣᠶᠢᠯ ᠤᠨ ᠬᠦᠴᠢᠷᠳᠡᠢ ᠪᠠᠶᠢᠪᠠ᠃ ᠬᠡᠪᠡᠴᠣ ᠢᠯᠭᠤᠮ ᠲᠣᠳᠣᠬᠠᠨ ᠮᠣᠩᠭᠤᠯ ᠬᠡᠯᠠᠨ ᠤ ᠣᠬᠠᠭᠤᠯᠭ᠎ᠠ ᠪᠠ ᠲᠠᠳᠮᠠᠭᠠᠢ ᠲᠦᠷᠬᠡᠨ ᠵᠠᠰᠠᠯ ᠤᠨ ᠰᠠᠶᠢᠨ ᠢᠶᠠᠷ ᠨᠣᠮᠢᠨᠳᠠᠯᠠᠢ ᠨᠦᠬᠦᠷ ᠤᠨ ᠬᠦᠷᠦᠭᠰᠡᠨ ᠭᠠᠵᠠᠷ ᠡᠳᠡᠬᠡᠷ ᠵᠦᠢᠯ ᠨᠢ ᠶᠡᠭᠡ ᠠᠮᠠᠷᠬᠠᠨ ᠶᠠᠪᠣᠭᠳᠠᠳᠠᠭ ᠪᠣᠯᠬᠤᠷ ᠬᠤᠰᠢᠭᠤ ᠰᠣᠮᠣᠨ ᠤ ᠣᠳᠣᠷᠢᠳᠣᠯᠭ᠎ᠠ ᠠᠴᠠ ᠲᠡᠷᠢᠭᠦᠯᠡᠨ ᠭᠠᠴᠠᠭ᠎ᠠ ᠱᠠᠳᠣᠨ ᠤ ᠲᠦᠯᠥᠪᠯᠡᠬᠡᠳᠣ ᠦᠷᠡᠵᠢᠯ ᠤᠨ ᠬᠠᠪᠰᠣᠷᠣᠭᠴᠢ ᠬᠦᠷᠳᠡᠯ᠎ᠠ ᠲᠡᠬᠦᠨ ᠢ ᠡᠷᠢᠵᠥ ᠢᠷᠡᠳᠡᠭ ᠣᠳᠠᠭ᠎ᠠ ᠵᠦᠩᠳᠡᠬᠡᠨ ᠪᠠᠶᠢᠭᠰᠠᠨ ᠪᠦᠬᠡᠳ ᠡᠪᠡᠳᠴᠢᠳᠡᠨ ᠤ ᠦᠬᠡᠳᠡ ᠠᠴᠠ《 ᠴᠢᠳᠠᠬᠤ ᠦᠬᠡᠢ 》ᠬᠡᠳᠡᠭ ᠦᠬᠡ ᠬᠡᠯᠡᠬᠦ ᠶᠢ ᠴᠢᠩᠭ᠎ᠠ ᠴᠡᠬᠡᠷᠯᠡᠳᠡᠭ ᠠᠴᠠ ᠨᠣᠮᠢᠨᠳᠠᠯᠠᠢ ᠡᠮᠴᠢ 1985 ᠣᠨ ᠠᠴᠠ ᠣᠳᠣᠬᠠᠨ ᠪᠣᠯᠳᠠᠯ᠎ᠠ ᠲᠦᠯᠥᠪᠯᠡᠬᠡᠳᠣ ᠦᠷᠡᠵᠢᠯ ᠤᠨ ᠠᠵᠢᠯ ᠤᠨ ᠲᠠᠯ᠎ᠠ ᠪᠠᠷ 1300 ᠢᠯᠡᠬᠦᠥ ᠡᠮᠡᠭᠳᠡᠶᠢᠴᠣᠳ ᠲᠤ ᠵᠢᠷᠮᠣᠰᠣᠯᠡᠬᠦ ᠶᠢ ᠬᠤᠷᠢᠭᠯᠠᠬᠤ ᠮᠠᠰᠠ ᠵᠠᠰᠠᠯ ᠬᠢᠭᠰᠡᠨ ᠪᠠᠶᠢᠨ᠎ᠠ᠃     ᠠᠷᠠᠳ ᠲᠦᠮᠡᠨ ᠤ ᠪᠠᠨ ᠡᠷᠡᠬᠦᠯ ᠡᠩᠬᠡ ᠶᠢᠨ ᠲᠦᠯᠥᠬᠡ ᠡᠳᠣᠷ ᠰᠦᠨᠢ ᠦᠬᠡᠢ ᠴᠢᠷᠮᠠᠶᠢᠨ ᠵᠢᠳᠬᠦᠬᠦ ᠪᠠ ᠲᠣᠬᠠᠶᠢᠯᠠᠭᠰᠠᠨ ᠠᠵᠢᠯ ᠤᠨ ᠶᠣᠰᠣ ᠮᠣᠷᠠᠯ ᠢ ᠲᠡᠬᠡᠳᠣᠯᠡᠨ ᠰᠠᠬᠢᠬᠤ ᠪᠣᠯ ᠨᠣᠮᠢᠨᠳᠠᠯᠠᠢ ᠡᠮᠴᠢ ᠶᠢᠨ ᠦᠷᠬᠦᠯᠵᠢ ᠪᠠᠷᠢᠮᠳᠠᠯᠠᠳᠠᠭ ᠬᠠᠳᠠᠭᠤ ᠴᠢᠩᠭ᠎ᠠ ᠶᠣᠰᠣ ᠪᠣᠯᠣᠨ᠎ᠠ᠃ ᠶᠡᠷᠡᠬᠡᠳ ᠣᠨ ᠤ ᠡᠬᠢ ᠪᠠᠷ ᠲᠣᠷᠰᠢᠯᠭ᠎ᠠ ᠮᠡᠬᠦᠰ ᠲᠠᠳᠣᠯᠭ᠎ᠠ  ᠶᠢᠨ ᠡᠮᠴᠢ ᠪᠡᠯᠬᠦᠳᠡᠢ ᠪᠠᠯᠭᠠᠰᠣᠨ ᠤ ᠪᠠᠶᠠᠨ ᠠᠭᠤᠯᠠ ᠭᠠᠴᠠᠭᠠᠨ ᠤ ᠮᠠᠯᠴᠢᠨ ᠪᠦᠰᠡᠬᠦᠢ ᠶᠢᠨ ᠰᠠᠪᠠ ᠶᠢ ᠨᠢ ᠲᠡᠩᠳᠡᠬᠦᠥ ᠬᠤᠰᠣᠭᠰᠠᠨ ᠠᠴᠠ ᠪᠣᠯᠵᠥ᠂ ᠴᠣᠭᠤᠷᠣᠯ ᠡᠬᠦᠰᠦᠭᠰᠡᠨ ᠪᠦᠬᠡᠳ ᠴᠢᠰᠣ ᠭᠠᠷᠣᠭᠠᠳ ᠵᠣᠭᠰᠣᠬᠤ ᠦᠬᠡᠢ᠂ ᠭᠠᠷᠳᠠᠵᠥ ᠠᠪᠣᠭᠰᠠᠨ ᠡᠮᠴᠢ ᠨᠢ ᠭᠠᠷ ᠢᠶᠠᠨ ᠨᠣᠬᠤᠯᠠᠨ ᠭᠠᠴᠢᠭᠳᠠᠬᠤ ᠦᠶ᠎ᠡ ᠳᠤ᠂ ᠨᠣᠮᠢᠨᠳᠠᠯᠠᠢ ᠡᠮᠴᠢ ᠮᠠᠨᠢ ᠠᠷᠠᠳ ᠲᠦᠮᠡᠨ ᠤ ᠪᠠᠨ ᠠᠮᠢ  ᠨᠠᠰᠣ ᠶᠢ ᠠᠪᠣᠷᠠᠬᠤ ᠶᠢᠨ ᠲᠦᠯᠥᠬᠡ ᠰᠠᠶᠢᠨ ᠲᠣᠷ᠎ᠠ ᠠᠴᠠ ᠪᠠᠨ ᠶᠠᠭᠤ ᠴᠣ᠋ ᠬᠡᠯᠠᠯ ᠦᠬᠡᠢ ᠱᠣᠩᠭᠤᠯᠠᠨ ᠣᠷᠣᠵᠥ᠂ ᠲᠠᠬᠢᠨ ᠵᠠᠰᠠᠯ ᠬᠢᠭᠰᠡᠨ ᠪᠦᠬᠡᠳ ᠴᠢᠰᠣ ᠭᠠᠷᠣᠭᠠᠳ ᠲᠣᠭᠳᠠᠬᠤ ᠦᠬᠡᠢ ᠪᠠᠶᠢᠭᠰᠠᠨ ᠢ ᠨᠢ ᠪᠦᠬᠦ ᠬᠤᠰᠢᠭᠤᠨ ᠤ ᠰᠣᠷᠣᠭᠴᠢᠳ ᠢ ᠴᠣᠭᠯᠠᠭᠤᠯᠵᠥ᠂ 1000cc ᠢᠯᠡᠬᠦᠥ ᠴᠢᠰᠣ ᠶᠡᠬᠦᠯᠡᠵᠥ ᠠᠮᠢ ᠨᠠᠰᠣ ᠶᠢ  ᠨᠢ ᠠᠪᠣᠷᠠᠵᠥ ᠪᠠᠶᠢᠭᠰᠠᠨ ᠣᠳᠠᠭ᠎ᠠ ᠲᠠᠢ᠃     1981ᠣᠨ ᠳᠤ ᠰᠦᠨᠢᠳ ᠵᠡᠬᠦᠨ ᠬᠤᠰᠢᠭᠤᠨ ᠤ ᠰᠣᠶᠣᠯᠳᠡᠬᠦᠰ ᠬᠡᠳᠡᠭ ᠮᠠᠯᠴᠢᠨ ᠮᠣᠲ᠋ᠣᠷ ᠠᠴᠠ ᠣᠶᠢᠴᠢᠨ ᠡᠷᠡᠣ᠂ ᠬᠠᠪᠢᠷᠭ᠎ᠠ᠂ ᠲᠣᠮᠳᠠ ᠴᠢᠮᠥᠬᠡ ᠵᠡᠷᠬᠡ ᠨᠢ ᠬᠤᠭᠤᠷᠠᠵᠥ ᠪᠠᠯᠪᠠᠷᠠᠨ᠂ ᠮᠠᠨᠠᠷᠠᠭᠠᠳ ᠰᠡᠬᠡᠬᠦ ᠦᠬᠡᠢ ᠠᠮᠢ ᠨᠠᠭᠠᠨ᠎ᠠ ᠲᠠᠮᠣ ᠴᠠᠭᠠᠨ᠎ᠠ ᠪᠠᠶᠢᠵᠥ᠂ ᠪᠣᠰᠣᠳ ᠬᠦᠮᠦᠰ ᠶᠠᠭᠠᠬᠢᠬᠤ ᠶᠢᠨ ᠠᠷᠭ᠎ᠠ ᠦᠬᠡᠢ ᠪᠠᠶᠢᠬᠤ ᠦᠶ᠎ᠡ ᠳᠤ ᠨᠣᠮᠢᠨᠳᠠᠯᠠᠢ ᠰᠢᠳᠣ ᠶᠢ ᠨᠢ ᠲᠡᠮᠣᠷ ᠣᠳᠠᠰᠣ ᠪᠠᠷ ᠪᠣᠭᠤᠭᠠᠳ᠂ ᠬᠤᠭᠤᠷᠠᠵᠥ ᠪᠠᠯᠪᠠᠷᠠᠭᠰᠠᠨ ᠪᠦᠬᠦᠨ ᠢ ᠨᠢ ᠬᠠᠳᠠᠵᠥ ᠵᠠᠰᠠᠭᠠᠳ᠂ ᠪᠦᠷᠢᠨ ᠪᠦᠳᠦᠨ ᠪᠣᠯᠭᠠᠭᠠᠳ ᠶᠠᠪᠣᠭᠤᠯᠵᠥ ᠪᠠᠶᠢᠭᠰᠠᠨ᠃ 1994 ᠣᠨ ᠳᠤ ᠠᠪᠠᠭ᠎ᠠ ᠬᠤᠰᠢᠭᠤᠨ ᠳᠤ ᠠᠩᠬᠠᠳᠠᠭᠴᠢ ᠣᠳᠠᠭ᠎ᠠ ᠣᠯᠠᠭᠠᠨ ᠬᠤᠭᠤᠯᠠᠢ ᠶᠢᠨ ᠦᠮᠡᠨ ᠤ ᠵᠠᠰᠠᠯ ᠢ ᠰᠢᠯᠢ ᠶᠢᠨ ᠭᠤᠣᠯ ᠠᠶᠢᠮᠠᠭ ᠤᠨ ᠡᠮᠨᠡᠯᠬᠡ  ᠶᠢᠨ ᠬᠤᠷᠢᠶᠠᠨ ᠤ ᠭᠤᠣᠯᠯᠠᠭᠴᠢ ᠡᠮᠴᠢ ᠲᠠᠪᠬᠤᠷᠪᠠᠶᠡᠷ ᠤᠨ ᠲᠠᠭᠠᠭᠤᠯᠭ᠎ᠠ ᠪᠠᠷ ᠬᠢᠬᠡᠳ ᠠᠮᠵᠢᠯᠳᠠ ᠣᠯᠵᠥ᠂ ᠪᠦᠬᠦ ᠠᠶᠢᠮᠠᠭ ᠣᠷᠣᠨ ᠢ ᠲᠣᠷᠬᠢᠭᠤᠯᠵᠥ ᠪᠠᠶᠢᠭᠰᠠᠨ᠂ ᠬᠢᠯᠢ ᠶᠢᠨ ᠰᠣᠮᠣ ᠵᠢᠷᠭᠠᠯᠠᠩᠳᠣ ᠰᠣᠮᠣᠨ ᠤ ᠨᠢᠬᠡᠨ ᠡᠪᠡᠳᠴᠢᠳᠡᠨ ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠳᠤ ᠮᠣᠬᠤᠷ ᠣᠯᠣᠭᠠᠢ ᠶᠢᠨ ᠴᠣᠭᠤᠷᠣᠯ ᠢᠶᠠᠷ ᠡᠪᠡᠳᠣᠨ ᠰᠠᠨᠳᠣᠷᠴᠣ᠂ ᠴᠠᠰᠣ ᠵᠣᠳ ᠲᠠᠢ ᠣᠴᠢᠷ ᠨᠠᠷᠠᠨᠪᠣᠯᠠᠭ ᠰᠣᠮᠣ ᠵᠡᠷᠬᠡ ᠬᠡᠳᠣᠨ ᠵᠠᠭᠤᠨ ᠭᠠᠵᠠᠷ ᠢᠶᠠᠷ ᠲᠣᠭᠤᠷᠢᠵᠥ ᠢᠷᠡᠬᠦ ᠴᠢᠮᠡᠭᠡ ᠪᠠᠷ ᠠᠯᠢᠪᠠ ᠪᠦᠬᠦᠨ ᠢᠶᠠᠨ ᠠᠷᠣ ᠳᠠᠭᠠᠨ ᠲᠠᠶᠠᠭᠳᠠᠵᠥ ᠵᠠᠰᠠᠯ ᠤᠨ ᠦᠷᠦᠬᠡᠨ ᠳᠡᠭᠡᠨ ᠬᠦᠯᠢᠶᠡᠵᠥ ᠪᠠᠶᠢᠭᠰᠠᠨ ᠵᠡᠷᠬᠡ ᠶᠠᠪᠣᠳᠠᠯ ᠨᠢ ᠨᠣᠮᠢᠨᠳᠠᠯᠠᠢ ᠡᠮᠴᠢ ᠶᠢᠨ ᠠᠷᠠᠳ ᠲᠦᠮᠡᠨ ᠤ ᠠᠮᠢ ᠨᠠᠰᠣ ᠡᠷᠬᠢᠮ ᠨᠠᠨᠳᠢᠨ ᠪᠦᠬᠡᠳ ᠠᠷᠠᠳ ᠲᠦᠮᠡᠨ ᠤ ᠲᠦᠯᠥᠬᠡ ᠦᠨᠡᠨ ᠰᠡᠳᠬᠢᠯ ᠠᠴᠠ ᠪᠠᠨ ᠦᠢᠯᠡᠴᠢᠯᠡᠨ᠎ᠠ ᠬᠡᠳᠡᠭ ᠢ ᠦᠬᠡ ᠪᠠᠷ ᠪᠢᠰᠢ ᠦᠢᠯᠡᠳᠦᠯᠬᠡ ᠪᠠᠷ ᠬᠡᠷᠡᠴᠢᠯᠡᠵᠥ ᠢᠷᠡᠭᠰᠡᠨ᠃     ᠦᠨᠳᠣᠰᠣᠨ ᠱᠠᠳᠣᠨ ᠤ ᠬᠢᠯᠢ ᠶᠢᠨ ᠰᠣᠮᠣ ᠪᠣᠯᠬᠤ  — ᠨᠠᠷᠠᠨᠪᠣᠯᠠᠭ ᠰᠣᠮᠣᠨ ᠤ ᠡᠮᠨᠡᠯᠬᠡ ᠶᠢᠨ ᠬᠤᠷᠢᠶᠠᠨ  ᠳᠤ ᠪᠠᠶᠢᠬᠤ ᠳᠠᠭᠠᠨ ᠵᠦᠪᠬᠡᠨ ᠬᠡᠣᠬᠡᠳ ᠤᠨ ᠪᠠᠶᠢᠷᠢ ᠰᠢᠯᠵᠢᠭᠰᠡᠨ᠂ ᠬᠡᠣᠬᠡᠳ ᠨᠢ ᠬᠡᠳᠡᠰᠣᠨ ᠳᠡᠭᠡᠨ ᠪᠦᠳᠦᠬᠦᠷᠡᠭᠰᠡᠨ ᠵᠡᠷᠬᠡ ᠶᠢᠨ ᠣᠯᠠᠨ ᠰᠢᠯᠳᠠᠭᠠᠨ ᠠᠴᠠ ᠪᠣᠯᠵᠥ᠂ ᠬᠡᠪ ᠶᠣᠰᠣᠭᠠᠷ ᠲᠦᠷᠦᠵᠥ ᠲᠡᠶᠢᠯᠬᠦ ᠦᠬᠡᠢ᠂ ᠬᠤᠶᠡᠷ ᠶᠠᠰᠣ ᠰᠠᠯᠵᠥ ᠲᠡᠶᠢᠯᠬᠦ ᠦᠬᠡᠢ᠂ ᠬᠤᠰᠢᠭᠤᠨ ᠠᠴᠠ ᠵᠠᠮ ᠬᠤᠯᠠ᠂ ᠵᠠᠮ ᠲᠣᠩᠰᠣᠯᠠᠭ᠎ᠠ ᠶᠡᠬᠡᠳᠡᠢ ᠵᠡᠷᠬᠡ ᠶᠢᠨ ᠣᠨᠴᠠ ᠬᠦᠴᠢᠷᠳᠡᠯ  ᠲᠠᠢ ᠦᠶ᠎ᠡ ᠳᠤ ᠨᠣᠮᠢᠨᠳᠠᠯᠠᠢ ᠡᠮᠴᠢ 100 ᠭᠠᠷᠣᠢ ᠬᠡᠣᠬᠡᠳ ᠢ ᠬᠠᠭᠠᠯᠣᠨ ᠠᠪᠴᠣ᠂ ᠣᠯᠠᠨ ᠬᠦᠮᠦᠨ ᠤ ᠠᠮᠢ ᠠᠪᠣᠷᠠᠵᠥ᠂ ᠣᠯᠠᠨ ᠰᠠᠶᠢᠬᠠᠨ ᠬᠡᠷ ᠪᠦᠯᠢ ᠶᠢ ᠢᠨᠢᠶᠡᠳᠣ ᠲᠠᠢ ᠶᠠᠪᠣᠭᠤᠯᠵᠥ ᠪᠠᠶᠢᠭᠰᠠᠨ᠃ ᠨᠠᠶᠠᠭᠠᠳ ᠣᠨ ᠤ ᠲᠣᠮᠳᠠᠴᠢ ᠪᠠᠷ ᠶᠡᠬᠡᠭᠤᠣᠯ ᠰᠣᠮᠣᠨ ᠤ ᠡᠷᠳᠡᠨᠢᠠᠠᠭᠤᠯᠠ ᠭᠠᠴᠠᠭᠠᠨ ᠤ ᠮᠠᠯᠴᠢᠨ ᠳᠤ ᠠᠩᠬᠠᠳᠠᠭᠴᠢ ᠣᠳᠠᠭ᠎ᠠ ᠪᠡᠶ᠎ᠡ ᠲᠠᠭᠠᠭᠠᠵᠥ ᠡᠯᠢᠬᠡᠨ ᠤ ᠬᠤᠷᠣᠬᠠᠢ ᠶᠢᠨ ᠵᠠᠰᠠᠯ ᠢ ᠠᠮᠵᠢᠯᠳᠠ ᠲᠠᠢ ᠬᠢᠭᠰᠡᠨ ᠪᠦᠬᠡᠳ ᠲᠣᠰ ᠨᠠᠰᠣᠳᠡᠨ ᠣᠳᠣ ᠴᠣ᠋ ᠪᠡᠶ᠎ᠡ ᠡᠷᠡᠬᠦᠯ ᠦᠳᠡᠯᠥᠬᠡ ᠨᠠᠰᠣ ᠪᠠᠨ ᠦᠩᠬᠡᠷᠡᠬᠡᠵᠥ ᠪᠠᠶᠢᠭ᠎ᠠ ᠵᠡᠷᠬᠡ ᠶᠢ ᠬᠡᠯᠡᠬᠦ ᠳᠤ ᠦᠬᠡ ᠠᠷᠪᠢᠳᠡᠵᠥ ᠦᠯᠢᠬᠡᠷ ᠰᠠᠯᠠᠭᠠᠯᠠᠨ᠎ᠠ᠃   《 ᠲᠠᠷᠬᠠᠨ ᠬᠦᠮᠦᠨ ᠢ ᠪᠣᠷᠬᠠᠨ ᠤ ᠣᠷ᠎ᠠ ᠲᠠᠢ》ᠬᠡᠵᠥ ᠬᠡᠯᠡᠳᠡᠭ ᠢ ᠪᠢ ᠬᠠᠷᠢᠨ《 ᠡᠮᠴᠢ ᠬᠦᠮᠦᠨ ᠪᠣᠳᠢᠰᠳᠠᠸ᠎ᠠ ᠰᠡᠳᠬᠢᠯ ᠲᠠᠢ᠂ ᠪᠣᠷᠬᠠᠨ ᠤ ᠣᠷ᠎ᠠ ᠲᠠᠢ᠂ ᠪᠣᠶᠠᠨ ᠤ ᠴᠠᠭᠠᠨ ᠮᠦᠷ ᠲᠠᠢ 》ᠬᠡᠵᠥ ᠨᠡᠮᠡᠵᠥ ᠬᠡᠯᠡᠮᠡᠷ ᠪᠠᠶᠢᠨ᠎ᠠ᠃ ᠨᠣᠮᠢᠨᠳᠠᠯᠠᠢ ᠡᠮᠴᠢ ᠪᠠᠯᠪᠠᠷᠠᠵᠥ ᠬᠡᠮᠬᠡᠷᠡᠵᠥ᠂ ᠣᠶᠢᠴᠢᠵᠥ ᠲᠣᠰᠴᠣ᠂ ᠡᠪᠡᠳᠴᠣ ᠰᠢᠨᠠᠯᠣᠭᠰᠠᠨ ᠠᠯᠢ ᠪᠦᠬᠦᠨ ᠢ ᠪᠣᠷᠬᠠᠨ ᠰᠡᠳᠬᠢᠯ ᠢᠶᠠᠷ ᠪᠣᠶᠠᠨ ᠤ ᠦᠢᠯᠡ ᠪᠠᠷ ᠡᠮᠨᠡᠵᠥ ᠡᠳᠡᠬᠡᠵᠥ ᠶᠠᠪᠣᠭᠰᠠᠨ ᠨᠢ ᠦᠨᠡᠨ᠃ 1981 ᠣᠨ ᠳᠤ ᠪᠠᠶᠠᠨᠳᠤᠭ ᠰᠣᠮᠣᠨ ᠤ ᠨᠣᠮᠣᠭᠠᠨ ᠭᠠᠴᠠᠭᠠᠨ ᠤ ᠮᠠᠯᠴᠢᠨ ᠮᠣᠷᠢᠨ ᠠᠴᠠ ᠣᠶᠢᠴᠢᠭᠠᠳ ᠲᠠᠷᠢᠬᠢᠨ ᠳᠤᠨᠢ ᠴᠢᠰᠣ ᠬᠠᠷᠪᠣᠭᠠᠳ ᠮᠡᠳᠡᠭᠡ ᠰᠡᠬᠡᠬᠡ ᠦᠬᠡᠢ 21 ᠬᠤᠨᠤᠭ ᠬᠡᠪᠳᠡᠬᠦ ᠦᠶ᠎ᠡ ᠨᠣᠮᠢᠨᠳᠠᠯᠠᠢ ᠡᠮᠴᠢ ᠴᠦᠬᠦᠷᠦᠯ ᠦᠬᠡᠢ ᠣᠷᠣᠯᠳᠣᠵᠥ ᠪᠠᠶᠢᠭᠠᠳ ᠰᠡᠷᠬᠦᠬᠡᠨ ᠪᠣᠰᠬᠠᠭᠰᠠᠨ ᠪᠦᠬᠡᠳ ᠲᠣᠰ ᠡᠪᠡᠳᠴᠢᠳᠡᠨ ᠣᠳᠠᠭᠠᠨ ᠬᠡᠪᠳᠡᠭᠰᠡᠨ ᠠᠴᠠ ᠬᠡᠪᠳᠡᠷᠡᠢ ᠶᠢᠨ ᠴᠣᠭᠤᠷᠣᠯ ᠪᠣᠯᠬᠤ ᠦᠶ᠎ᠡ ᠲᠡᠬᠦᠨ ᠤ ᠬᠡᠷ ᠤᠨ ᠬᠦᠮᠦᠰ ᠲᠠᠢ ᠵᠦᠪᠳᠡᠵᠥ ᠪᠠᠶᠢᠭᠠᠳ ᠡᠮᠨᠡᠯᠬᠡ ᠶᠢᠨ ᠬᠤᠷᠢᠶᠠᠨ ᠤ ᠠᠷᠣ ᠲᠠᠯ᠎ᠠ ᠳᠤ ᠮᠣᠩᠭᠤᠯ ᠬᠡᠷ ᠢ ᠨᠢ ᠪᠠᠷᠢᠭᠤᠯᠣᠨ ᠰᠠᠭᠤᠯᠭᠠᠵᠥ ᠪᠠᠶᠢᠭᠠᠳ ᠬᠠᠭᠠᠰ ᠵᠢᠯ ᠢᠯᠡᠬᠦᠥ ᠡᠮ ᠰᠣᠯᠢᠵᠥ ᠪᠠᠶᠢᠭᠠᠳ ᠵᠦᠬᠡᠷ ᠪᠣᠯᠭᠠᠨ ᠬᠡᠷ ᠨᠣᠳᠤᠭ ᠳᠤᠨᠢ ᠬᠠᠷᠢᠭᠤᠯᠣᠭᠰᠠᠨ᠃ 1983 ᠣᠨ ᠳᠤ ᠣᠣᠯ ᠤᠨ ᠴᠡᠩᠬᠡᠯᠪᠣᠯᠠᠭ ᠰᠣᠮᠣᠨ ᠤ ᠮᠠᠯᠴᠢᠨ ᠤ ᠲᠦᠷᠪᠡᠨ ᠬᠦᠷᠳᠣᠳᠣ ᠲᠷᠠᠺᠲ᠋ᠤᠷ ᠨᠢ ᠬᠦᠷᠪᠡᠬᠡᠳ ᠲᠣᠰ ᠬᠦᠮᠦᠨ ᠤ ᠬᠦᠵᠦᠭᠦᠦ ᠶᠢᠨ ᠶᠠᠰᠣ ᠨᠢ ᠬᠤᠭᠤᠷᠠᠨ᠂ ᠭᠠᠪᠠᠯᠠ ᠶᠢᠨ ᠶᠠᠰᠣ ᠨᠢ ᠬᠠᠭᠠᠷᠠᠭᠠᠳ᠂ ᠲᠠᠷᠢᠬᠢ ᠨᠢ ᠭᠤᠭᠤᠵᠢᠬᠤ ᠦᠶ᠎ᠡ ᠪᠠᠰᠠᠯᠠ ᠨᠣᠮᠢᠨᠳᠠᠯᠠᠢ ᠡᠮᠴᠢ ᠲᠡᠷᠢᠬᠢᠨ ᠤ ᠭᠤᠭᠤᠵᠢᠵᠥ ᠭᠠᠷᠣᠭᠰᠠᠨ ᠬᠡᠰᠡᠭ ᠢ ᠨᠢ ᠮᠠᠰᠠ ᠵᠠᠰᠠᠯ ᠬᠢᠵᠥ ᠡᠳᠡᠬᠡᠵᠥ ᠪᠠᠶᠢᠭᠰᠠᠨ᠃ 1989 ᠣᠨ ᠳᠤ ᠨᠠᠷᠠᠨᠪᠣᠯᠠᠭ ᠰᠣᠮᠣᠨ ᠤ ᠡᠷᠳᠡᠨᠢᠣᠪᠣᠭ᠎ᠠ ᠭᠠᠴᠠᠭᠠᠨ ᠤ ᠮᠠᠯᠴᠢᠨ ᠡᠵᠢ ᠬᠦᠳᠡᠭᠡ ᠬᠡᠷ  ᠲᠡᠭᠡᠨ ᠪᠠᠶᠢᠭᠠᠳ ᠬᠡᠨᠡᠳᠳᠡ ᠲᠠᠷᠢᠬᠢᠨ ᠳᠤᠨᠢ ᠴᠢᠰᠣ ᠬᠠᠷᠪᠣᠭᠠᠳ ᠰᠠᠨᠳᠣᠷᠬᠤ ᠦᠶ᠎ᠡ ᠠᠶᠢᠮᠠᠭ ᠤᠨ ᠲᠣᠰᠬᠠᠢ ᠮᠡᠷᠬᠡᠵᠢᠯᠳᠡᠨ ᠢᠷᠡᠵᠥ ᠦᠵᠡᠬᠡᠳ《 ᠬᠦᠳᠡᠯᠬᠡᠵᠥ ᠪᠣᠯᠬᠤ ᠦᠬᠡᠢ᠂ ᠬᠤᠶᠢᠳᠠᠬᠢ ᠶᠠᠪᠣᠳᠠᠯ ᠢ ᠨᠢ ᠪᠡᠯᠡᠳᠬᠡᠬᠦ ᠬᠡᠷᠡᠭᠳᠡᠢ 》ᠬᠡᠰᠡᠨ ᠳᠤ ᠦᠷ᠎ᠡ ᠬᠡᠣᠬᠡᠳ ᠨᠢ ᠣᠳᠠᠭᠠᠨ ᠵᠢᠯ ᠡᠨᠡ ᠨᠣᠳᠤᠭ ᠲᠤ ᠡᠮᠴᠢᠯᠡᠵᠥ᠂ ᠡᠮᠴᠢᠯᠡᠭᠡ ᠦᠬᠡᠢ ᠪᠣᠯᠣᠭᠰᠠᠨ ᠣᠯᠠᠨ ᠡᠪᠡᠳᠴᠢᠳᠡᠨ ᠢ ᠡᠳᠡᠬᠡᠵᠥ ᠶᠠᠪᠣᠭᠰᠠᠨ ᠨᠣᠮᠢᠨᠳᠠᠯᠠᠢ ᠡᠮᠴᠢ ᠶᠢ ᠡᠷᠢᠬᠡᠳ ᠢᠷᠡᠬᠦ ᠦᠶ᠎ᠡ ᠳᠤ ᠲᠡᠷᠡ ᠮᠠᠨᠢ ᠬᠤᠰᠢᠭᠤ ᠡᠮᠨᠡᠯᠬᠡ ᠳᠡᠭᠡᠨ ᠠᠪᠴᠢᠷᠠᠵᠥ ᠰᠠᠷ᠎ᠠ ᠢᠯᠡᠬᠦᠥ ᠡᠮᠨᠡᠬᠡᠳ ᠢᠯᠡᠷᠡᠢ ᠪᠣᠯᠭᠠᠨ ᠨᠠᠷᠠᠨᠪᠣᠯᠠᠭ  ᠰᠤᠮᠤᠨ ᠳᠤᠨᠢ ᠪᠣᠴᠠᠭᠠᠨ ᠨᠠᠷᠠᠨ ᠤ ᠲᠣᠣᠷ᠎ᠠ ᠶᠠᠪᠣᠭᠤᠯᠣᠭᠰᠠᠨ᠃ 2004 ᠣᠨ ᠳᠤ ᠪᠡᠯᠬᠦᠳᠡᠢ ᠪᠠᠯᠭᠠᠰᠣᠨ ᠤ ᠪᠠᠶᠠᠨᠰᠢᠯᠢ ᠭᠠᠴᠠᠭᠠᠨ ᠤ ᠮᠠᠯᠴᠢᠨ ᠲᠠᠷᠢᠬᠢᠨ ᠳᠤᠨᠢ ᠴᠢᠰᠣ ᠬᠠᠷᠪᠣᠭᠠᠳ ᠰᠠᠨᠳᠣᠷᠬᠤ ᠦᠶ᠎ᠡ ᠪᠠᠰᠠᠯᠠ ᠨᠣᠮᠢᠨᠳᠠᠯᠠᠢ ᠡᠮᠴᠢ 21 ᠬᠤᠨᠤᠭ ᠡᠮᠴᠢᠯᠠᠨ ᠵᠠᠰᠠᠭᠠᠳ ᠡᠳᠡᠬᠡᠭᠰᠡᠨ ᠪᠢᠯᠡ᠃ ᠨᠣᠮᠢᠨᠳᠠᠯᠠᠢ ᠡᠮᠴᠢ ᠣᠳᠣᠬᠠᠨ ᠪᠣᠯᠳᠠᠯ᠎ᠠ ᠭᠤᠴᠢ ᠭᠠᠷᠣᠢ ᠵᠢᠯ ᠤᠨ ᠡᠮᠴᠢᠯᠡᠭᠡ ᠶᠢᠨ ᠶᠠᠪᠣᠴᠠ ᠳᠠᠭᠠᠨ ᠦᠷᠯᠥᠬᠡ ᠦᠳᠡᠰᠢ ᠶᠢ ᠢᠯᠭᠠᠯ ᠦᠬᠡᠢ᠂ ᠪᠠᠶᠠᠨ ᠶᠠᠳᠠᠭᠤ ᠭᠤᠯᠣᠯ ᠦᠬᠡᠢ᠂《ᠡᠪᠡᠳᠴᠢᠳᠡᠨ ᠡᠮᠨᠡᠬᠦ ᠪᠣᠯ ᠪᠣᠷᠬᠠᠨ ᠲᠡᠭᠷᠢ ᠠᠴᠠ ᠨᠠᠳᠠᠳᠣ ᠲᠠᠭᠠᠯᠭᠠᠭᠰᠠᠨ᠂ ᠪᠣᠴᠠᠭᠠᠵᠥ ᠪᠣᠯᠥᠰᠢ ᠦᠬᠡᠢ ᠡᠬᠦᠷᠬᠡ 》ᠬᠡᠵᠥ ᠣᠶᠢᠯᠠᠭᠠᠨ᠂ ᠪᠦᠬᠦ ᠬᠦᠴᠦᠨ ᠢᠶᠠᠷ ᠢᠶᠠᠨ ᠵᠢᠳᠬᠦᠨ ᠴᠢᠷᠮᠠᠶᠢᠵᠥ ᠶᠠᠪᠣᠬᠤ ᠳᠠᠭᠠᠨ ᠶᠡᠭᠡ ᠪᠠᠭ᠎ᠠ 5000 ᠢᠯᠡᠬᠦᠥ ᠣᠳᠠᠭᠠᠨ ᠤ ᠮᠠᠰᠠ ᠵᠠᠰᠠᠯ ᠬᠢᠭᠰᠡᠨ ᠪᠦᠬᠡᠳ ᠬᠦᠨᠳᠣ ᠶᠡᠭᠡ ᠮᠠᠰᠠ ᠵᠠᠰᠠᠯ ᠢ 100 ᠢᠯᠡᠬᠦᠥ ᠣᠳᠠᠭ᠎ᠠ ᠠᠮᠵᠢᠯᠳᠠ ᠲᠠᠢ ᠬᠢᠭᠰᠡᠨ ᠪᠠᠶᠢᠨ᠎ᠠ᠃    ᠠᠪᠠᠭ᠎ᠠ ᠨᠣᠳᠤᠭ ᠤᠨ ᠠᠷᠠᠳ ᠲᠦᠮᠡᠨ ᠤ ᠪᠠᠨ ᠲᠦᠯᠥᠬᠡ᠂ ᠡᠮ ᠡᠮᠨᠡᠯᠬᠡ ᠶᠢᠨ ᠦᠢᠯᠡᠰ ᠲᠤ ᠠᠷᠠᠯ ᠤᠨ ᠱᠠᠷ ᠰᠢᠭ᠋ ᠵᠢᠳᠬᠦᠵᠥ ᠶᠠᠪᠣᠭᠰᠠᠨ ᠨᠣᠮᠢᠨᠳᠠᠯᠠᠢ ᠡᠮᠴᠢ᠂ 1995 ᠣᠨ ᠳᠤ ᠢᠷᠠᠭᠤ ᠠᠯᠳᠡᠷᠳᠡᠢ ᠪᠠᠷ ᠲᠣᠮᠳᠠᠳᠣ ᠣᠯᠣᠰ  ᠤᠨ ᠡᠪ ᠬᠠᠮᠳᠣ ᠨᠠᠮ ᠳᠤ ᠡᠯᠰᠡᠭᠳᠡᠭᠰᠡᠨ ᠪᠦᠬᠡᠳ ᠣᠯᠠᠨ ᠣᠳᠠᠭ᠎ᠠ ᠬᠤᠰᠢᠭᠤ ᠲᠡᠰ ᠤᠨ《 ᠲᠦᠯᠥᠪᠯᠡᠬᠡᠳᠣ ᠦᠷᠡᠵᠢᠯ ᠤᠨ ᠲᠡᠷᠢᠬᠦᠨ ᠤ ᠬᠦᠮᠦᠨ 》᠂《 ᠰᠢᠯᠢᠳᠡᠭ ᠨᠠᠮ ᠤᠨ ᠬᠡᠰᠢᠬᠦᠨ 》 ᠢᠶᠠᠷ ᠱᠠᠩᠨᠠᠭᠳᠠᠵᠥ ᠶᠠᠪᠣᠬᠤ  ᠳᠠᠭᠠᠨ ᠲᠡᠷᠡ ᠮᠠᠨᠢ ᠲᠣᠬᠠᠶᠢᠯᠠᠭᠰᠠᠨ ᠠᠵᠢᠯ ᠤᠨ ᠬᠠᠷᠠᠭ᠎ᠠ ᠪᠠᠷ《 ᠪᠢ ᠠᠯᠳᠡᠷ ᠨᠡᠷ᠎ᠡ ᠳᠤ ᠲᠣᠷ᠎ᠠ ᠦᠬᠡᠢ᠂  ᠠᠪᠠᠭ᠎ᠠ ᠨᠣᠳᠤᠭ ᠤᠨ ᠠᠷᠠᠳ ᠲᠦᠮᠡᠨ ᠤ ᠪᠠᠨ ᠠᠮᠵᠢᠯᠳᠠ ᠪᠢᠴᠢᠭᠯᠡᠭᠰᠡᠨ ᠴᠢᠷᠡᠢ ᠶᠢ ᠬᠠᠷᠠᠬᠤ ᠲᠣᠷᠡᠳᠡᠢ 》ᠬᠡᠵᠥ ᠱᠣᠭᠯᠢᠭ ᠬᠡᠯᠡᠵᠥ ᠪᠠᠶᠢᠭᠰᠠᠨ ᠪᠢᠯᠡ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号