ᠣᠷᠠᠯᠢᠭ ᠤᠨ ᠬᠦᠷᠳᠡᠬᠡᠯ ᠠᠴᠠ ᠣᠬᠠᠭᠠᠨ ᠤ ᠡᠷᠴᠢ ᠬᠠᠶᠢᠨᠡᠮ
ᠨᠡᠶᠢᠲᠡᠯᠡᠭᠰᠡᠨ ᠴᠠᠭ᠄
2020/1/22
 《 ᠲᠡᠬᠡᠳᠣ ᠲᠡᠭᠷᠢ ᠠᠴᠠ ᠢᠵᠡᠭᠤᠷ ᠲᠠᠢ ᠢᠷᠡᠭᠤ ᠰᠠᠶᠢᠬᠠᠨ ᠮᠣᠩᠭᠤᠯ ᠬᠡᠯᠡ ᠪᠠᠨ ᠶᠡᠷᠢᠵᠥ ᠬᠡᠯᠡᠨ ᠲᠡᠯᠬᠡᠷᠡᠬᠦᠯᠵᠥ ᠶᠠᠪᠣᠬᠤ ᠪᠣᠯ ᠮᠢᠨᠣ ᠲᠠᠷᠬᠠᠨ ᠡᠬᠦᠷᠬᠡ》 ᠬᠡᠵᠥ ᠰᠠᠨᠠᠵᠥ ᠪᠣᠳᠣᠨ ᠬᠦᠢᠴᠡᠳᠬᠡᠵᠥ ᠶᠠᠪᠣᠭ᠎ᠠ  ᠷᠢᠨᠴᠢᠨᠳᠣᠭᠳᠣᠬᠤ  ᠪᠣᠯ ᠠᠪᠠᠭ᠎ᠠ ᠬᠤᠰᠢᠭᠤᠨ ᠤ ᠨᠠᠷᠠᠨᠪᠣᠯᠠᠭ ᠰᠣᠮᠣᠨ ᠤ ᠵᠢᠷᠭᠠᠯᠠᠩᠳᠣ ᠭᠠᠴᠠᠭᠠᠨ ᠤ ᠵᠢᠷ ᠤᠨ ᠨᠢᠬᠡᠨ ᠮᠠᠯᠴᠢᠨ ᠶᠣᠮ᠃    ᠠᠪᠠᠭ᠎ᠠ ᠨᠣᠳᠤᠭ ᠤᠨ ᠨᠠᠷᠠᠨᠪᠣᠯᠠᠭ ᠰᠣᠮᠣ ᠪᠣᠯ ᠣᠣᠯ ᠠᠴᠠ ᠪᠠᠨ ᠬᠡᠯᠡ ᠶᠠᠷᠢᠶ᠎ᠠ ᠰᠠᠶᠢᠳᠡᠢ᠂ ᠬᠡᠨ ᠳᠤ ᠴᠣ᠋ ᠠᠪᠳᠠᠭᠳᠠᠭ ᠦᠬᠡᠢ ᠴᠡᠴᠡᠨ ᠣᠬᠠᠭᠠᠨᠳᠣ ᠬᠦᠮᠦᠰ ᠣᠯᠠᠨ ᠭᠠᠷᠳᠠᠭ᠂ ᠮᠦᠨᠴᠣ ᠠᠮᠢᠳᠣ ᠶᠠᠷᠢᠶᠠᠨ ᠤ ᠬᠡᠯᠡ ᠪᠠᠶᠠᠯᠢᠭ ᠪᠣᠯᠬᠤᠷ ᠣᠯᠠᠨ ᠠᠷᠪᠢᠨ ᠬᠠᠪᠣᠳᠣ ᠦᠬᠡ᠂ ᠵᠦᠢᠷ ᠦᠬᠡ ᠪᠠᠷ ᠮᠣᠩᠭᠤᠯ ᠬᠡᠯᠡ ᠪᠠᠨ ᠪᠠᠶᠠᠯᠢᠭᠵᠢᠭᠤᠯᠵᠥ ᠲᠡᠬᠦᠯᠳᠡᠷᠵᠢᠬᠦᠯᠵᠥ ᠢᠷᠡᠭᠰᠡᠨ ᠨᠣᠳᠤᠭ ᠶᠣᠮ᠃ ᠡᠨᠡ ᠰᠠᠶᠢᠬᠠᠨ ᠲᠣᠮᠤᠭ ᠤᠨ ᠶᠣᠮᠰᠢᠭ ᠠᠮᠢᠳᠣ ᠪᠠᠶᠢᠭᠠᠯᠢ ᠶᠢᠨ ᠲᠠᠷᠬᠠᠨ ᠨᠣᠳᠤᠭ ᠲᠤ ᠷᠢᠨᠴᠢᠨᠳᠣᠭᠳᠣᠬᠤ 1954 ᠣᠨ ᠤ ᠨᠠᠮᠣᠷ ᠤᠨ ᠡᠬᠢᠨ ᠰᠠᠷ᠎ᠠ ᠪᠠᠷ《 ᠣᠯᠠᠭᠠᠨ ᠣᠪᠣᠭ᠎ᠠ 》 ᠶᠢᠨ ᠵᠡᠬᠦᠨ ᠮᠦᠷᠦᠨ ᠲᠡᠬᠡᠷ᠎ᠡ  ᠴᠢᠳᠣᠷ ᠤᠨ ᠮᠣᠷᠢ᠂ ᠱᠦᠯᠥᠨ ᠤ ᠬᠤᠨᠢ ᠲᠠᠢ ᠶᠠᠳᠠᠭᠤᠯᠢᠭ ᠠᠶᠢᠯ ᠳᠤ ᠲᠦᠷᠦᠭᠰᠡᠨ ᠪᠢᠯᠡ᠃ ᠨᠠᠭᠠᠴᠣ ᠡᠮᠡᠭᠡ ᠨᠢ ᠪᠠᠩᠵᠢᠳ ᠬᠡᠭᠴᠢ ᠰᠦᠰᠦᠭ ᠪᠢᠰᠢᠷᠡᠯ ᠲᠠᠢ ᠬᠦᠮᠦᠨ ᠪᠠᠶᠢᠭᠰᠠᠨ ᠢᠶᠠᠷ ᠵᠠᠯᠠᠭᠤ ᠽᠠᠨᠳᠠᠨ ᠨᠠᠰᠣᠨ ᠳᠠᠭᠠᠨ ᠠᠯᠳᠠ ᠮᠦᠷᠬᠦᠯ ᠢᠶᠠᠷ ᠠᠷᠣᠨᠰᠢ ᠪᠠᠨ ᠣᠯᠠᠭᠠᠨᠪᠠᠭᠠᠳᠣᠷ ᠲᠤ ᠭᠤᠷᠪᠠ ᠣᠳᠠᠭ᠎ᠠ᠂ ᠣᠷᠣᠭᠰᠢ ᠪᠠᠨ ᠣᠳᠠᠢ ᠠᠭᠤᠯᠠᠨ ᠳᠤ ᠬᠤᠶᠡᠷ ᠣᠳᠠᠭ᠎ᠠ ᠬᠦᠷᠴᠣ ᠪᠠᠶᠢᠭᠰᠠᠨ ᠬᠡᠳᠡᠭ᠃ ᠪᠠᠭ᠎ᠠ ᠨᠠᠰᠣᠨ ᠤ ᠷᠢᠨᠴᠢᠨᠳᠣᠭᠳᠣᠬᠤ 1964 ᠣᠨ ᠤ ᠲᠣᠬᠠᠢ ᠶᠢᠨ ᠦᠶ᠎ᠡ ᠶᠢᠨ ᠨᠡᠷᠡᠳᠣ ᠰᠣᠮᠣᠨ ᠲᠦᠪ ᠲᠤ ᠨᠠᠮᠰᠡᠷᠡᠢ ᠪᠠᠭᠰᠢ ᠶᠢᠨ ᠱᠠᠪᠢ ᠪᠣᠯᠵᠥ ᠰᠣᠷᠣᠯᠴᠠᠵᠥ ᠪᠠᠶᠢᠬᠤ ᠳᠠᠭᠠᠨ ᠬᠤᠶᠡᠷ ᠣᠨ ᠠᠴᠠ ᠪᠠᠨ《ᠦᠰᠦᠷᠴᠣ》 ᠲᠦᠷᠪᠡᠳᠣᠬᠡᠷ ᠣᠨ ᠳᠤ ᠣᠷᠣᠵᠥ ᠪᠠᠶᠢᠭᠰᠠᠨ ᠪᠦᠬᠡᠳ1967 ᠣᠨ ᠳᠤ ᠪᠠᠭ᠎ᠠ ᠨᠠᠰᠣᠨ ᠤ ᠴᠠᠶᠢᠯᠭᠠᠨ ᠰᠡᠳᠬᠢᠯ ᠢᠶᠠᠷ ᠰᠣᠷᠭᠠᠭᠤᠯᠢ ᠠᠴᠠ《 ᠣᠷᠭᠤᠨ》ᠲᠠᠯᠠᠭᠠᠳ ᠭᠠᠵᠠᠷ ᠶᠠᠪᠠᠭᠠᠨ ᠬᠦᠶᠦᠵᠥ ᠶᠠᠪᠣᠭᠰᠠᠨ ᠢᠶᠠᠷ ᠲᠠᠬᠢᠨ ᠰᠣᠷᠭᠠᠭᠤᠯᠢ ᠶᠢᠨ ᠬᠠᠭᠠᠯᠭ᠎ᠠ ᠶᠢ ᠲᠠᠳᠠᠭᠰᠠᠨ ᠦᠬᠡᠢ᠂ ᠦᠪᠡᠰᠣᠪᠡᠨ ᠰᠣᠷᠬᠤ ᠠᠮᠢᠳᠣᠷᠠᠯ ᠤᠨ ᠶᠡᠭᠡ ᠰᠣᠷᠭᠠᠭᠤᠯᠢ ᠳᠤ ᠲᠡᠬᠦᠰᠴᠣ ᠲᠠᠶᠢᠯᠬᠦ ᠦᠬᠡᠢ ᠵᠢᠳᠬᠦᠵᠥ ᠶᠠᠪᠣᠭ᠎ᠠ᠃    ᠲᠡᠬᠡᠷ᠎ᠡ ᠵᠠᠭᠤᠨ ᠤ ᠵᠢᠷᠠᠭᠠᠳ ᠣᠨ ᠤ ᠰᠡᠬᠦᠯᠴᠢ ᠶᠢᠨ《 ᠲᠦᠷᠪᠡᠨ ᠣᠳᠣᠬᠢᠴᠢᠯᠠᠯᠳᠠ》 ᠶᠢ ᠪᠡᠶᠡᠯᠡᠬᠦᠯᠬᠦ ᠬᠠᠳᠠᠭᠤ ᠪᠡᠷᠬᠡ ᠬᠦᠨᠳᠣ ᠬᠦᠳᠡᠯᠮᠣᠷᠢ ᠳᠤ ᠲᠠᠪᠳᠠᠭᠳᠠᠵᠥ ᠶᠠᠪᠣᠭᠰᠠᠨ ᠷᠢᠨᠴᠢᠨᠳᠣᠭᠳᠣᠬᠤ ᠶᠢᠨ ᠪᠠᠶᠢᠭᠰᠠᠨ  ᠣᠣᠯ  ᠤᠨ ᠵᠢᠷᠭᠠᠯᠠᠩᠳᠣ ᠪᠠᠭ ᠨᠢ ᠵᠢᠷᠭᠠᠯᠠᠩᠳᠣ᠂ ᠲᠦᠰᠢᠩᠭᠤᠪᠢ ᠬᠡᠬᠦ ᠬᠤᠶᠡᠷ ᠪᠠᠭ ᠪᠣᠯᠣᠨ ᠰᠠᠯᠬᠤ ᠦᠶ᠎ᠡ ᠳᠤ ᠷᠢᠨᠴᠢᠨᠳᠣᠭᠳᠣᠬᠤ ᠵᠢᠷᠭᠠᠯᠠᠩᠳᠣ ᠪᠠᠭ ᠤᠨ ᠢᠶᠠᠨ ᠲᠤᠭ᠎ᠠ ᠪᠦᠷᠢᠳᠬᠡᠭᠴᠢ ᠪᠣᠯᠵᠥ ᠠᠩᠬᠠᠨ ᠤ《 ᠠᠯᠪᠠᠨ》 ᠤ ᠠᠵᠢᠯ ᠳᠤ ᠣᠷᠣᠭᠰᠠᠨ ᠠᠴᠠ ᠡᠬᠢᠯᠠᠨ ᠪᠠᠷᠢᠭᠠᠳᠠ ᠨᠡᠶᠢᠳᠡ ᠶᠢᠨ ᠡᠷᠣᠬᠡ ᠶᠢᠨ ᠴᠡᠷᠢᠭ ᠤᠨ ᠰᠣᠮᠣᠨ ᠲᠠᠷᠤᠭ᠎ᠠ᠂ ᠡᠪᠯᠠᠯ ᠤᠨ ᠡᠬᠦᠷ ᠤᠨ ᠱᠦᠵᠢ᠂ ᠨᠢᠭᠳᠠᠯᠠᠨ ᠪᠣᠳᠣᠭᠴᠢ᠂ ᠨᠠᠮ ᠤᠨ ᠡᠬᠦᠷ ᠤᠨ ᠱᠦᠵᠢ ᠵᠡᠷᠬᠡ ᠶᠢᠨ ᠠᠯᠢ ᠣᠯᠠᠨ ᠵᠣᠬᠢᠶᠠᠨ ᠪᠠᠶᠢᠭᠤᠯᠥᠯᠳᠠ ᠶᠢᠨ ᠠᠵᠢᠯ ᠳᠤ ᠭᠠᠪᠰᠢᠭᠠᠶᠢᠯᠠᠵᠥ ᠪᠠᠶᠢᠭᠰᠠᠨ ᠢᠶᠠᠨ2000 ᠣᠨ ᠳᠤ《 ᠠᠯᠪᠠᠨ》ᠠᠵᠢᠯ ᠠᠴᠠ ᠪᠠᠨ ᠠᠮᠣᠰᠬᠢᠭᠰᠡᠨ ᠪᠠᠶᠢᠨ᠎ᠠ᠃
   
ᠷᠢᠨᠴᠢᠨᠳᠣᠭᠳᠣᠬᠤ ᠬᠡᠳᠣᠶᠢᠪᠡᠷ ᠭᠤᠷᠪᠠᠭ᠋ᠠᠨ ᠵᠢᠯ ᠰᠣᠷᠭᠠᠭᠤᠯᠢ ᠶᠢᠨ ᠮᠦᠷ ᠬᠦᠬᠡᠬᠡᠭᠰᠡᠨ ᠪᠣᠯᠪᠠᠴᠣ ᠲᠦᠷᠦᠯᠬᠢ ᠮᠣᠩᠭᠤᠯ ᠬᠡᠯᠡ ᠪᠠᠨ ᠠᠮᠳᠡᠷᠬᠠᠨ ᠬᠡᠷᠡᠭᠯᠡᠵᠥ ᠰᠣᠷᠣᠯᠴᠠᠵᠥ ᠢᠷᠡᠭᠰᠡᠨ ᠪᠢᠯᠡ᠃ ᠵᠠᠯᠠᠭᠤ ᠨᠠᠰᠣᠨ ᠤ ᠣᠷᠬᠢᠯᠥᠮ᠎ᠠ ᠬᠠᠯᠠᠭᠤᠨ ᠰᠡᠳᠬᠢᠯ ᠢᠶᠠᠷ1977 ᠣᠨ ᠠᠴᠠ ᠡᠬᠢᠯᠠᠨ ᠦᠪᠡᠷ ᠤᠨ ᠦᠵᠡᠵᠥ ᠬᠠᠷᠠᠨ ᠪᠣᠳᠣᠵᠥ ᠰᠡᠳᠬᠢᠵᠥ ᠶᠠᠪᠣᠭᠰᠠᠨ ᠵᠦᠢᠯᠡᠰ ᠢᠶᠠᠨ ᠲᠣᠯᠣᠭᠠᠢ ᠬᠤᠯᠪᠣᠨ ᠰᠡᠬᠦᠯ ᠲᠠᠷᠣᠬᠤ ᠬᠡᠯᠪᠡᠷᠢ ᠪᠠᠷ ᠪᠢᠴᠢᠭᠯᠡᠵᠥ ᠢᠷᠡᠭᠰᠡᠨ ᠢᠶᠠᠨ2015 ᠣᠨ ᠳᠤ ᠦᠪᠡᠷ ᠤᠨ ᠵᠢᠷᠠᠨ ᠨᠢᠬᠡᠨ ᠨᠠᠰᠣᠨ ᠤ《 ᠵᠢᠯ》 ᠣᠷᠣᠬᠤ ᠪᠡᠶᠡᠷ ᠢᠶᠠᠨ ᠲᠣᠬᠢᠶᠠᠯᠳᠣᠭᠤᠯᠣᠨ《 ᠲᠠᠪᠤ ᠴᠢᠭ ᠲᠠᠪᠤ》 ᠬᠡᠬᠦ ᠬᠠᠮᠤᠭ ᠠᠩᠬᠠᠨ ᠤ ᠰᠢᠯᠦᠭ ᠤᠨ ᠲᠡᠬᠦᠪᠦᠷᠢ ᠪᠠᠨ400 ᠲᠡᠪᠳᠡᠷ ᠬᠡᠪᠯᠡᠬᠦᠯᠵᠥ ᠨᠠᠰᠣᠨ ᠪᠡᠶᠡᠷ ᠢ  ᠨᠢ ᠪᠡᠯᠬᠡᠯᠡᠬᠦ ᠪᠠᠷ ᠢᠷᠡᠭᠰᠡᠨ ᠬᠡᠣᠬᠡᠳ ᠲᠡᠬᠦᠥ ᠨᠡᠷ ᠲᠡᠭᠡᠨ《 ᠭᠠᠷ ᠤᠨ ᠪᠡᠯᠡᠭ》 ᠪᠣᠯᠭᠠᠨ ᠪᠠᠷᠢᠭᠰᠠᠨ ᠪᠢᠯᠡ᠃ ᠲᠡᠬᠦᠨ ᠤ ᠡᠨᠡᠬᠦ ᠨᠣᠮ ᠤᠨ ᠪᠡᠯᠡᠭ ᠲᠠᠢ ᠴᠠᠭᠠᠨ ᠰᠠᠷ᠎ᠠ ᠨᠢ ᠬᠡᠣᠬᠡᠳ ᠲᠡᠬᠦᠣᠨᠡᠷ ᠤᠨ ᠢᠶᠠᠨ ᠬᠠᠯᠠᠭᠤᠨ ᠲᠠᠭᠠᠰᠢᠶᠠᠯ ᠢ ᠬᠦᠷᠳᠡᠵᠥ᠂ ᠬᠡᠣᠬᠡᠳ ᠲᠡᠬᠦᠥ ᠨᠡᠷ ᠨᠢ ᠬᠡᠷ ᠪᠦᠯᠢ ᠲᠣᠳᠣᠷ᠎ᠠ ᠪᠠᠨ ᠨᠣᠮ ᠲᠠᠢ ᠪᠣᠯᠬᠤ᠂ ᠨᠣᠮ ᠪᠢᠴᠢᠭ ᠢ ᠲᠡᠬᠡᠳᠣᠯᠡᠬᠦ ᠬᠠᠯᠠᠭᠤᠨ ᠣᠷᠮᠠᠰ ᠢ ᠨᠢ ᠬᠦᠭᠵᠢᠬᠡᠵᠥ ᠴᠢᠳᠠᠭᠰᠠᠨ ᠪᠠᠶᠢᠨ᠎ᠠ᠃     ᠪᠠᠭ᠎ᠠ ᠨᠠᠰᠣᠨ ᠤ ᠬᠡᠨᠡᠨ ᠴᠡᠶᠢᠯᠭᠠᠨ ᠬᠡᠶᠢᠷᠬᠡᠯ ᠢᠶᠠᠷ ᠰᠣᠶᠣᠯ ᠤᠨ ᠮᠦᠷ ᠠᠴᠠ ᠬᠤᠯᠠᠳᠠᠭᠰᠠᠨ ᠷᠢᠨᠴᠢᠨᠳᠣᠭᠳᠣᠬᠤ ᠬᠢᠴᠢᠶᠠᠯ ᠤᠨ ᠲᠡᠩᠬᠢᠮ ᠳᠤ ᠪᠢᠰᠢ ᠰᠦᠷᠦᠭ ᠤᠨ ᠲᠡᠷᠬᠡᠳᠡ ᠰᠠᠷᠠᠨ ᠤ ᠬᠡᠷᠡᠯ ᠳᠤ ᠨᠣᠮ ᠰᠡᠳᠬᠦᠯ ᠣᠩᠰᠢᠬᠤ ᠶᠢ ᠪᠠᠶᠢᠩᠭᠤ ᠪᠠᠷᠢᠮᠳᠠᠯᠠᠳᠠᠭ ᠠᠴᠠ ᠣᠨᠣᠯ ᠤᠨ ᠲᠣᠬᠠᠢ ᠪᠢᠰᠢ ᠬᠠᠷᠢᠨ ᠠᠮᠢᠳᠣᠷᠠᠯ ᠤᠨ ᠲᠣᠬᠠᠢ ᠣᠯᠠᠨ ᠰᠠᠶᠢᠬᠠᠨ ᠦᠬᠡ ᠦᠬᠦᠯᠡᠪᠦᠷᠢ ᠲᠠᠢ ᠪᠣᠯᠵᠥ ᠠᠮᠵᠢᠭᠰᠠᠨ ᠪᠠᠶᠢᠨ᠎ᠠ᠃ ᠲᠡᠷᠡ ᠲᠡᠬᠡᠷ᠎ᠡ ᠵᠠᠭᠤᠨ ᠤ ᠨᠠᠶᠠᠭᠠᠳ ᠣᠨ  ᠠᠴᠠ ᠡᠬᠢᠯᠠᠨ《 ᠦᠨᠢᠷ ᠴᠡᠴᠡᠭ》᠂《 ᠦᠪᠦᠷ ᠮᠣᠩᠭᠤᠯ ᠤᠨ ᠮᠠᠯ ᠠᠵᠥ ᠠᠬᠤᠢ》᠂《 ᠲᠡᠯᠡᠬᠡᠢ ᠶᠢᠨ ᠣᠳᠬ᠎ᠠ ᠵᠣᠬᠢᠶᠠᠯ》᠂《 ᠣᠷᠤᠭ ᠬᠡᠷ ᠪᠦᠯᠢ ᠨᠡᠶᠢᠬᠡᠮ》᠂《 ᠦᠪᠦᠷ ᠮᠣᠩᠭᠤᠯ ᠤᠨ ᠵᠠᠯᠠᠭᠤᠴᠣᠳ》᠂《 ᠦᠪᠦᠷ ᠮᠣᠩᠭᠤᠯ ᠤᠨ ᠡᠳᠣᠷ ᠤᠨ ᠰᠣᠨᠢᠨ》᠂《 ᠰᠢᠯᠢ ᠶᠢᠨ ᠭᠤᠣᠯ ᠤᠨ ᠡᠳᠣᠷ ᠤᠨ ᠰᠣᠨᠢᠨ》 ᠵᠡᠷᠬᠡ ᠶᠢᠨ ᠣᠯᠠᠨ ᠰᠡᠳᠬᠦᠯ ᠢᠶᠠᠨ ᠭᠤᠴᠢᠨ ᠵᠢᠯ ᠲᠠᠰᠣᠷᠠᠭ᠎ᠠ ᠦᠬᠡᠢ ᠵᠠᠬᠢᠶᠠᠯᠠᠨ ᠣᠩᠰᠢᠵᠥ ᠦᠪᠡᠷ ᠤᠨ ᠮᠡᠳᠡᠯᠬᠡ ᠪᠠᠨ ᠲᠠᠰᠣᠷᠠᠯᠳᠠ ᠦᠬᠡᠢ ᠪᠠᠶᠠᠯᠢᠭᠵᠢᠭᠤᠯᠳᠠᠭ ᠪᠠᠶᠢᠨ᠎ᠠ᠃    
ᠬᠠᠮᠳᠣᠷᠡᠯ ᠨᠡᠶᠢᠳᠡ ᠶᠢᠨ ᠲᠦᠯᠥᠬᠡ ᠬᠠᠷᠠᠮ ᠦᠬᠡᠢ ᠵᠢᠳᠬᠦᠵᠥ ᠶᠠᠪᠣᠬᠤ ᠳᠠᠭᠠᠨ ᠷᠢᠨᠴᠢᠨᠳᠣᠭᠳᠣᠬᠤ ᠬᠤᠪᠢᠨ ᠤ ᠠᠮᠢᠳᠣᠷᠠᠯ ᠢᠶᠠᠨ ᠬᠠᠶᠠᠭᠠᠨ ᠳᠤᠨᠢ ᠬᠠᠶᠠᠭ᠎ᠠ ᠦᠬᠡᠢ᠂ ᠮᠠᠯ ᠰᠦᠷᠦᠭ ᠤᠨ ᠢᠶᠠᠨ ᠪᠣᠳᠠᠭᠠᠯᠢ ᠪᠡᠶ᠎ᠡ ᠶᠢ ᠰᠠᠶᠢᠵᠢᠷᠠᠭᠤᠯᠬᠤ ᠪᠠᠷ ᠵᠢᠳᠬᠦᠨ2004 ᠣᠨ ᠠᠴᠠ ᠡᠬᠢᠯᠠᠨ ᠦᠷ᠎ᠡ ᠶᠢᠨ ᠮᠠᠯ ᠢ ᠲᠦᠪᠯᠡᠷᠡᠬᠦᠯᠥᠨ ᠰᠢᠯᠢᠳᠡᠭᠵᠢᠬᠦᠯᠬᠦ  ᠪᠠᠷ ᠲᠡᠮᠵᠢᠨ ᠭᠠᠴᠠᠭᠠᠨ ᠤ ᠪᠠᠨ ᠣᠯᠠᠨ ᠲᠦᠮᠡᠨ ᠳᠤ ᠪᠣᠳᠠᠳᠡᠢ ᠰᠠᠶᠢᠨ ᠦᠷ᠎ᠡ ᠠᠰᠢᠭ ᠬᠦᠷᠳᠡᠬᠡᠵᠥ ᠢᠷᠡᠭᠰᠡᠨ ᠵᠡᠷᠬᠡ  ᠨᠢ ᠠᠪᠠᠭ᠎ᠠ ᠨᠣᠳᠤᠭ ᠤᠨ ᠮᠠᠯᠴᠢᠳ ᠤᠨ ᠠᠵᠢᠯᠴᠢ ᠬᠢᠴᠢᠶᠡᠩᠬᠦᠢ ᠶᠢ ᠬᠠᠷᠠᠭᠤᠯᠵᠥ ᠪᠠᠶᠢᠭᠰᠠᠨ ᠪᠣᠯ ᠦᠪᠡᠷ ᠤᠨ ᠪᠢᠴᠢᠵᠥ ᠬᠡᠪᠯᠡᠬᠦᠯᠥᠭᠰᠡᠨ ᠰᠢᠯᠦᠭ ᠤᠨ ᠲᠡᠬᠦᠪᠦᠷᠢ ᠪᠠᠨ ᠰᠢᠯᠢ ᠶᠢᠨ ᠭᠤᠣᠯ ᠠᠶᠢᠮᠠᠭ ᠤᠨ ᠠᠵᠢᠯ ᠮᠡᠷᠬᠡᠵᠢᠯ ᠤᠨ ᠲᠡᠬᠡᠳᠣ ᠰᠣᠷᠭᠠᠭᠤᠯᠢ ᠳᠤ30 ᠲᠡᠪᠳᠡᠷ᠂ ᠠᠪᠠᠭ᠎ᠠ ᠬᠤᠰᠢᠭᠤᠨ ᠤ ᠮᠣᠩᠭᠤᠯ ᠪᠠᠭ᠎ᠠ ᠰᠣᠷᠭᠠᠭᠤᠯᠢ ᠳᠤ40 ᠲᠡᠪᠳᠡᠷ ᠦᠷᠳᠡᠭ ᠦᠬᠡᠢ ᠬᠠᠨᠳᠢᠪᠯᠠᠭᠰᠠᠨ ᠵᠡᠷᠬᠡ ᠨᠢ ᠨᠠᠷᠠᠨᠪᠣᠯᠠᠭ ᠰᠣᠮᠣᠨ ᠤ ᠮᠠᠯᠴᠢᠳ ᠵᠦᠪᠬᠡᠨ ᠴᠠᠰᠣᠨ ᠲᠡᠬᠡᠷ᠎ᠡ ᠮᠠᠯ ᠤᠨ ᠮᠦᠷ ᠲᠠᠢ ᠪᠢᠰᠢ ᠴᠠᠭᠠᠰᠣᠨ ᠲᠡᠬᠡᠷ᠎ᠡ ᠪᠠᠰᠠ ᠡᠷᠳᠡᠮ ᠤᠨ ᠮᠦᠷ ᠲᠠᠢ ᠬᠡᠳᠡᠭ ᠢ ᠬᠠᠷᠠᠭᠤᠯᠵᠥ ᠪᠠᠶᠢᠭᠰᠠᠨ ᠰᠠᠨ᠃    ᠰᠢᠨ᠎ᠠ ᠡᠷᠡᠨ ᠤ ᠮᠠᠯᠴᠢᠨ ᠷᠢᠨᠴᠢᠨᠳᠣᠭᠳᠣᠬᠤ ᠰᠢᠷᠭᠠᠭᠤ ᠬᠦᠳᠡᠯᠮᠣᠷᠢ ᠶᠢᠨ ᠢᠶᠠᠨ ᠰᠢᠮ᠎ᠠ ᠱᠦᠯᠳᠣ ᠪᠠᠷ ᠰᠢᠯᠢᠳᠡᠭ ᠠᠮᠢᠳᠣᠷᠠᠯ ᠢᠶᠠᠨ ᠴᠣᠭᠴᠠᠯᠠᠵᠥ ᠶᠠᠪᠣᠬᠤ ᠳᠠᠭᠠᠨ ᠦᠪᠡᠷ ᠤᠨ ᠠᠯᠢᠪᠡ ᠪᠠᠨ ᠦᠷᠡᠭᠳᠡᠬᠦᠯᠵᠥ ᠶᠠᠪᠣᠭᠰᠠᠨ ᠦᠩᠬᠡᠷᠡᠭᠰᠡᠨ ᠤ ᠠᠬᠠᠮᠠᠳ ᠤᠳ ᠢᠶᠠᠨ ᠮᠠᠷᠳᠠᠭᠰᠠᠨ ᠦᠬᠡᠢ᠂ ᠠᠵᠢᠯ ᠠᠴᠠ ᠪᠠᠨ《 ᠠᠮᠣᠰᠬᠢᠭᠰᠡᠨ》 ᠤ ᠲᠠᠷᠠᠭ᠎ᠠ  ᠪᠠᠷ ᠦᠪᠡᠷ ᠤᠨ ᠬᠤᠪᠢ ᠶᠢᠨ ᠵᠠᠷᠣᠳᠠᠯ ᠢᠶᠠᠷ ᠢᠶᠠᠨ ᠨᠣᠳᠤᠭ ᠣᠷᠣᠨ ᠤ ᠣᠪᠣᠭᠠᠨ ᠲᠠᠬᠢᠯᠭ᠎ᠠ ᠳᠠᠭᠠᠨ ᠵᠣᠷᠢᠭᠤᠯᠣᠨ《 ᠬᠤᠣᠰ ᠲᠠᠭᠠᠭᠠᠴᠢᠯᠠᠯᠳᠠ》 ᠶᠢᠨ ᠬᠤᠷᠢᠨ ᠵᠢᠯ ᠤᠨ ᠣᠢ ᠤᠨ ᠲᠠᠷᠠᠭᠠᠬᠢ《 ᠶᠡᠭᠡ ᠵᠢᠷᠭᠠᠯᠠᠩᠳᠣ》 ᠭᠠᠴᠠᠭᠠᠨ ᠤ ᠪᠠᠨ ᠲᠠᠪᠣᠨ ᠬᠤᠰᠢᠭᠤ ᠮᠠᠯ ᠲᠠᠢ 15 ᠡᠷᠣᠬᠡ ᠶᠢ ᠰᠣᠩᠭᠤᠵᠥ《ᠮᠠᠯᠵᠢᠬᠤ ᠰᠣᠶᠣᠯ  ᠢᠶᠠᠨ ᠲᠡᠬᠡᠳᠦᠯᠡᠭᠰᠡᠨ ᠵᠢᠱᠢᠶᠡᠴᠢ ᠡᠷᠣᠬᠡ》 ᠪᠠᠷ ᠱᠠᠩᠨᠠᠨ ᠣᠷᠮᠠᠰᠢᠭᠤᠯᠣᠭᠰᠠᠨ ᠪᠠᠶᠢᠨ᠎ᠠ᠃ ᠲᠡᠬᠦᠨ ᠤ ᠲᠠᠷᠠᠭ᠎ᠠ ᠪᠠᠷ 2008 ᠣᠨ ᠳᠤ ᠭᠠᠴᠠᠭᠠᠨ ᠤ ᠪᠠᠨ ᠰᠢᠨ᠎ᠠ ᠲᠣᠮᠳᠠᠳᠣ ᠣᠯᠣᠰ ᠪᠠᠶᠢᠭᠤᠯᠣᠭᠳᠠᠭᠰᠠᠨ ᠠᠴᠠ ᠨᠠᠰᠢᠬᠢ ᠠᠩᠬᠠᠨ ᠤ ᠨᠠᠮ ᠤᠨ ᠡᠬᠦᠷ ᠤᠨ ᠱᠦᠵᠢ᠂ ᠠᠩᠬᠠᠨ ᠤ ᠭᠠᠴᠠᠭᠠᠨ ᠲᠠᠷᠤᠭ᠎ᠠ᠂ ᠠᠩᠬᠠᠨ ᠤ ᠬᠦᠮᠦᠨ ᠤ ᠡᠮᠴᠢ᠂ ᠠᠩᠬᠠᠨ ᠤ ᠮᠠᠯ  ᠤᠨ ᠡᠮᠴᠢ  ᠵᠡᠷᠬᠡ ᠭᠠᠴᠠᠭᠠᠨ ᠤ ᠨᠢᠬᠡᠳᠣᠬᠡᠷ ᠦᠶ᠎ᠡ ᠶᠢᠨ ᠬᠠᠷᠢᠭᠤᠴᠠᠯᠭᠠᠳᠠᠨ ᠠᠷᠪᠠᠭᠠᠳ ᠨᠠᠰᠣᠳᠡᠨ ᠢ ᠬᠦᠨᠳᠦᠳᠬᠡᠨ ᠲᠣᠬᠤᠨᠢᠭᠤᠯᠬᠤ ᠬᠦᠳᠡᠯᠬᠡᠬᠡᠨ ᠶᠠᠪᠣᠭᠳᠠᠭᠤᠯᠵᠥ᠂ ᠦᠰᠪᠦᠷᠢ ᠵᠠᠯᠠᠭᠤᠴᠣᠳ ᠲᠠᠭᠠᠨ ᠨᠠᠰᠣᠳᠠᠨ ᠢᠶᠠᠨ ᠬᠦᠨᠳᠦᠯᠡᠬᠦ᠂ ᠬᠦᠳᠡᠯᠮᠣᠷᠢ ᠶᠢ ᠬᠦᠨᠳᠦᠳᠬᠡᠬᠦ ᠦᠵᠡᠯ ᠰᠠᠨᠠᠭᠠᠨ ᠤ ᠬᠦᠮᠦᠵᠢᠯ ᠬᠢᠵᠥ ᠴᠢᠳᠠᠭᠰᠠᠨ ᠪᠠᠶᠢᠨ᠎ᠠ᠃ ᠲᠡᠬᠦᠨ ᠤ ᠲᠠᠷᠠᠭ᠎ᠠ  ᠪᠠᠷ2015 ᠣᠨ ᠳᠤ《 ᠮᠣᠩᠭᠤᠯ ᠤᠨ ᠨᠢᠭᠤᠴᠠ ᠲᠣᠪᠴᠢᠶᠠᠨ》 ᠬᠡᠮᠡᠬᠦ ᠬᠠᠭᠠᠨ ᠰᠣᠳᠣᠷ ᠢ ᠨᠣᠮ ᠤᠨ ᠪᠠᠷᠢᠨᠳᠠᠭ ᠲᠠᠢ ᠬᠠᠮᠳᠣ ᠭᠠᠴᠠᠭᠠᠨ ᠤ ᠪᠠᠨ50 ᠰᠢᠬᠠᠮ ᠡᠷᠣᠬᠡ ᠳᠤ ᠦᠷᠳᠡᠭ ᠦᠬᠡᠢ ᠲᠠᠷᠬᠠᠭᠠᠵᠥ ᠢᠵᠡᠭᠤᠷ ᠣᠭᠰᠠᠭ᠎ᠠ᠂ ᠢᠷᠡᠭᠤ ᠮᠣᠩᠭᠤᠯ ᠬᠡᠯᠡ ᠪᠠᠨ ᠡᠷᠬᠢᠮᠯᠠᠨ ᠲᠡᠬᠡᠳᠣᠯᠡᠬᠦ ᠶᠢ ᠰᠣᠷᠳᠠᠯᠴᠢᠯᠠᠭᠰᠠᠨ ᠶᠣᠮ᠃     ᠮᠣᠩᠭᠤᠯ ᠨᠣᠳᠤᠭ ᠮᠣᠩᠭᠤᠯ ᠠᠮᠢᠳᠣᠷᠠᠯ ᠮᠣᠩᠭᠤᠯ ᠨᠣᠮ ᠪᠢᠴᠢᠭ ᠢᠶᠠᠨ ᠲᠡᠬᠡᠳᠣᠯᠠᠨ ᠰᠢᠳᠣᠵᠥ ᠢᠷᠡᠭᠰᠡᠨ ᠷᠢᠨᠴᠢᠨᠳᠣᠭᠳᠣᠬᠤ 1987 ᠣᠨ ᠳᠤ ᠬᠤᠰᠢᠭᠤ ᠲᠡᠰ ᠤᠨ ᠵᠢᠱᠢᠶᠡᠴᠢ ᠮᠠᠯᠴᠢᠨ᠂1992 ᠣᠨ ᠳᠤ  ᠬᠤᠰᠢᠭᠤ ᠲᠡᠰ ᠤᠨ ᠬᠦᠳᠡᠯᠮᠣᠷᠢ ᠶᠢᠨ ᠵᠢᠱᠢᠶᠡᠴᠢ᠂ 1997 ᠣᠨ ᠳᠤ ᠠᠶᠢᠮᠠᠭ ᠲᠡᠰ ᠤᠨ《 ᠭᠠᠮᠰᠢᠭ ᠲᠠᠢ ᠲᠡᠮᠡᠴᠡᠵᠥ ᠮᠠᠯ  ᠢᠶᠠᠨ ᠮᠡᠨᠳᠣ ᠬᠠᠮᠠᠭᠠᠯᠠᠭᠰᠠᠨ ᠬᠦᠳᠡᠯᠮᠣᠷᠢ ᠶᠢᠨ ᠵᠢᠱᠢᠶᠡᠴᠢ》 ᠪᠠ ᠣᠯᠠᠨ ᠣᠳᠠᠭᠠᠨ ᠤ ᠰᠣᠮᠣ ᠭᠠᠴᠠᠭᠠᠨ ᠤ《 ᠲᠡᠷᠢᠬᠦᠨ ᠤ ᠬᠤᠪᠢ ᠬᠦᠮᠦᠨ》᠂ ᠠᠪᠠᠭ᠎ᠠ ᠬᠤᠰᠢᠭᠤᠨ ᠤ ᠡᠯ᠎ᠠ ᠨᠣᠮ ᠤᠨ ᠲᠡᠯᠬᠡᠬᠦᠷ ᠤᠨ《 ᠠᠵᠡᠳᠡᠢ ᠣᠩᠰᠢᠭᠴᠢ》᠂《 ᠮᠣᠩᠭᠤᠯ ᠨᠣᠮ ᠤᠨ ᠴᠢᠭᠤᠯᠭᠠᠨ ᠤ ᠢᠳᠡᠪᠬᠢᠳᠡᠨ》 ᠵᠡᠷᠬᠡ ᠶᠢᠨ ᠣᠯᠠᠨ ᠰᠠᠶᠢᠬᠠᠨ ᠢᠷᠠᠭᠤ ᠠᠯᠳᠡᠷ ᠢᠶᠠᠷ ᠡᠩᠬᠡᠷ ᠢᠶᠠᠨ ᠴᠢᠮᠡᠭᠰᠡᠨ ᠪᠦᠬᠡᠳ ᠡᠨᠡ ᠵᠢᠯ ᠪᠠᠰᠠ《 ᠦᠨᠢᠷ ᠴᠡᠴᠡᠭ》᠂《 ᠲᠡᠯᠡᠬᠡᠢ ᠶᠢᠨ ᠣᠳᠬ᠎ᠠ ᠵᠣᠬᠢᠶᠠᠯ》᠂《 ᠣᠷᠤᠭ ᠬᠡᠷ ᠪᠦᠯᠢ ᠨᠡᠶᠢᠬᠡᠮ》᠂《 ᠦᠪᠦᠷ ᠮᠣᠩᠭᠤᠯ ᠤᠨ ᠮᠠᠯ ᠠᠵᠥ ᠠᠬᠤᠢ》᠂《 ᠦᠪᠦᠷ ᠮᠣᠩᠭᠤᠯ ᠤᠨ ᠡᠳᠣᠷ ᠤᠨ ᠰᠣᠨᠢᠨ》᠂《 ᠰᠢᠯᠢ ᠶᠢᠨ ᠭᠤᠣᠯ ᠤᠨ ᠡᠳᠣᠷ ᠤᠨ ᠰᠣᠨᠢᠨ》 ᠵᠡᠷᠬᠡ ᠶᠢᠨ ᠣᠯᠠᠨ ᠰᠠᠶᠢᠬᠠᠨ ᠮᠣᠩᠭᠤᠯ ᠰᠡᠳᠬᠦᠯ ᠢᠶᠠᠨ ᠵᠠᠬᠢᠶᠠᠯᠠᠵᠥ ᠣᠶᠠᠩᠭ᠎ᠠ ᠶᠢᠨ ᠬᠦᠣᠷᠬᠡᠢ ᠲᠠᠢ ᠬᠦᠳᠡᠭᠡ ᠳᠡᠭᠡᠨ ᠣᠬᠠᠭᠠᠨ ᠤ ᠬᠦᠷᠦᠩᠬᠡ ᠨᠡᠮᠡᠷᠢᠯᠡᠵᠥ ᠶᠠᠪᠣᠨ᠎ᠠ᠃                                  
 
ᠢᠷᠡᠯᠲᠡ᠄ ᠴ᠊᠂ ᠪᠣᠯᠣᠳ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号