ᠠᠯᠳᠠᠨ ᠨᠠᠮᠣᠷ ᠤᠨ ᠰᠢᠷᠭᠠᠯ ᠡᠷᠡᠨ ᠢᠶᠠᠷ ᠠᠪᠠᠭ᠎ᠠ ᠨᠣᠳᠤᠭ ᠤᠨ ᠠᠷᠣ ᠬᠢᠯᠢ — — ᠨᠠᠷᠠᠨᠪᠣᠯᠠᠭ ᠰᠣᠮᠣᠨ ᠤ | ᠠᠭᠤᠳᠠᠮ ᠨᠣᠳᠤᠭ ᠢᠶᠠᠷ ᠬᠦᠩᠬᠡᠨ ᠮᠠᠰᠢᠨ ᠢᠶᠠᠷ ᠲᠣᠪᠳᠣᠯᠣᠨ ᠶᠠᠪᠣᠬᠤ ᠳᠤ ᠲᠡᠨᠢᠬᠡᠷ ᠲᠡᠭᠰᠢᠬᠡᠨ ᠲᠠᠯ᠎ᠠ ᠬᠤᠷᠳᠣᠨ | ᠮᠠᠰᠢᠨ ᠤ ᠬᠤᠷᠳᠣᠴᠠ ᠪᠠᠷ ᠲᠡᠯᠡᠭᠳᠡᠬᠦ ᠶᠣᠮᠰᠢᠭ ᠬᠢᠵᠠᠭᠠᠷ ᠦᠬᠡᠢ ᠦᠷᠬᠦᠯᠵᠢᠯᠠᠨ᠎ᠠ᠃ ᠶᠠᠭ ᠡᠨᠡᠬᠦ ᠦᠶ᠎ᠡ ᠪᠠᠷ | ᠬᠦᠩᠬᠡᠨ ᠮᠠᠰᠢᠨ ᠤ ᠲᠠᠭᠤᠨ ᠰᠢᠩᠬᠡᠬᠡᠯᠳᠡ ᠪᠠᠷ《 ᠠᠪᠠᠭ᠎ᠠ ᠶᠢᠨ ᠠᠭᠤᠳᠠᠮ ᠨᠣᠳᠤᠭ ᠡ᠂ ᠠᠪᠤ ᠶᠢᠨ ᠠᠪᠤ ᠶᠢᠨ | ᠨᠣᠳᠤᠭ ᠶᠣᠮ》 ᠬᠡᠬᠦ ᠠᠶ᠎ᠠ ᠲᠠᠭᠤᠨ ᠣᠶᠠᠩᠭᠠᠷᠠᠨ᠂ ᠰᠣᠨᠣᠰᠣᠭᠰᠠᠨ ᠬᠦᠮᠦᠨ ᠪᠣᠯᠭᠠᠨ ᠢ ᠪᠠᠶᠢᠭᠠᠯᠢ ᠣᠷᠴᠢᠨ ᠤ | ᠬᠦᠨ ᠲᠠᠩᠰᠤᠭ᠂ ᠨᠡᠯᠣᠬᠡᠷ ᠠᠭᠤᠳᠠᠮ ᠳᠤ ᠠᠭᠤᠰᠣᠨ ᠰᠢᠩᠬᠡᠬᠡᠵᠥ᠂ ᠬᠦᠮᠦᠨ ᠪᠠᠶᠢᠭᠠᠯᠢ ᠶᠢᠨ ᠨᠢᠬᠡ | ᠴᠣᠭᠴᠠᠵᠢᠭᠰᠠᠨ ᠰᠡᠷᠡᠯ ᠰᠡᠳᠬᠢᠬᠦᠢ ᠶᠢᠨ ᠬᠢᠵᠠᠭᠠᠷ ᠦᠬᠡᠢ ᠬᠦᠨ ᠣᠷᠣᠭᠤ ᠲᠦᠯᠬᠢᠨ ᠪᠣᠳᠣᠯᠭᠠᠰᠢᠷᠠᠭᠤᠯᠬᠤ ᠲᠡᠷᠡᠬᠦ | ᠬᠡᠭᠱᠡᠨ ᠳᠤ ᠡᠨᠡᠬᠦ ᠨᠣᠳᠤᠭ ᠪᠣᠯ ᠲᠣᠰ ᠲᠠᠭᠤᠨ ᠤ ᠠᠶᠠᠯᠭᠤ ᠶᠢ ᠵᠣᠬᠢᠶᠠᠭᠰᠠᠨ᠂ ᠣᠷᠠᠨ ᠪᠦᠳᠦᠬᠡᠯᠴᠢ ᠴᠢᠷᠮᠠᠶᠢᠯᠳᠣ | ᠶᠢᠨ ᠣᠨᠠᠭᠰᠠᠨ ᠰᠢᠷᠣᠢ᠂《 ᠠᠪᠠᠭ᠎ᠠ ᠶᠢᠨ ᠨᠠᠷᠠᠨᠪᠣᠯᠠᠭ》 ᠬᠡᠬᠦ ᠬᠠᠵᠠᠭᠤᠳᠡᠬᠢ ᠬᠦᠮᠦᠨ ᠤ ᠦᠬᠡᠨ ᠰᠦᠪᠡᠭᠴᠢ ᠳᠤ | ᠪᠣᠳᠣᠯ ᠲᠠᠰᠣᠯᠠᠭᠳᠠᠵᠥ᠂ ᠣᠷᠠᠨ ᠪᠦᠳᠦᠬᠡᠯ ᠤᠨ ᠢᠷᠠᠭᠤ ᠬᠦᠨ ᠠᠴᠠ ᠣᠰᠣ ᠨᠣᠳᠤᠭ ᠤᠨ ᠬᠦᠮᠦᠨ ᠠᠷᠠᠳ ᠤᠨ | ᠲᠣᠬᠠᠢ ᠬᠠᠯᠠᠭᠤᠨ ᠶᠡᠷᠢᠶ᠎ᠡ ᠬᠦᠣᠷᠨᠢᠯᠠ᠃ | ᠮᠠᠨ ᠤ ᠣᠷᠣᠨ ᠤ ᠣᠷᠠᠨ ᠪᠦᠳᠦᠬᠡᠯᠴᠢ᠂ ᠠᠶᠠᠯᠭᠤ ᠵᠣᠬᠢᠶᠠᠭᠴᠢ᠂ ᠮᠣᠷᠢᠨ ᠬᠤᠭᠤᠷᠴᠢ ᠴᠢᠷᠮᠠᠶᠢᠯᠳᠣ | ᠲᠡᠬᠡᠷ᠎ᠡ ᠵᠠᠭᠤᠨ ᠤ ᠲᠠᠯᠠᠭᠠᠳ ᠣᠨ ᠢᠶᠠᠷ ᠠᠪᠠᠭ᠎ᠠ ᠬᠤᠰᠢᠭᠤᠨ ᠤ ᠨᠠᠷᠠᠨᠪᠣᠯᠠᠭ ᠰᠣᠮᠣᠨ ᠤ ᠪᠠᠶᠠᠨᠰᠢᠯᠢ ᠭᠠᠴᠠᠭᠠᠨ ᠤ | ᠪᠣᠩᠬᠤᠨ ᠬᠡᠳᠡᠭ ᠭᠠᠵᠠᠷ ᠡᠬᠡᠯ ᠵᠢᠷ ᠤᠨ ᠮᠠᠯᠴᠢᠨ ᠤ ᠬᠡᠷ ᠲᠤ ᠲᠦᠷᠦᠭᠰᠡᠨ ᠪᠠᠶᠢᠨ᠎ᠠ᠃ ᠣᠷᠡᠨ ᠪᠦᠳᠦᠬᠡᠯᠴᠢ | ᠴᠢᠷᠮᠠᠶᠢᠯᠳᠣ ᠪᠠᠯᠴᠢᠷ ᠠᠬᠤᠢ ᠨᠠᠰᠣᠨ ᠳᠠᠭᠠᠨ ᠡᠬᠡᠯ ᠵᠢᠷ ᠤᠨ ᠮᠠᠯᠴᠢᠨ ᠤ ᠬᠡᠣᠬᠡᠳ ᠲᠠᠢ ᠠᠳᠡᠯᠢ ᠪᠠᠷ ᠬᠤᠷᠠᠭ᠎ᠠ | ᠲᠣᠭᠤᠯ ᠲᠠᠢ ᠪᠠᠨ ᠨᠠᠭᠠᠳᠣᠨ ᠦᠰᠦᠭᠰᠡᠨ ᠪᠦᠬᠡᠳ ᠲᠣᠯᠣᠭᠠᠨ ᠨᠠᠰᠣ ᠬᠦᠷᠦᠩᠬᠦᠳᠡ ᠪᠠᠨ ᠲᠣᠬᠠᠢ ᠶᠢᠨ ᠦᠶ᠎ᠡ ᠶᠢᠨ | ᠭᠠᠴᠠᠭᠠᠨ ᠠᠴᠠ ᠡᠷᠬᠢᠯᠡᠭᠰᠡᠨ ᠠᠷᠠᠳ ᠤᠨ ᠰᠣᠷᠭᠠᠭᠤᠯᠢ ᠳᠤ ᠴᠠᠭᠠᠨ ᠲᠣᠯᠣᠭᠠᠢ ᠨᠢᠳᠣᠯᠣᠨ᠂ ᠮᠣᠩᠭᠤᠯ ᠬᠡᠯᠡ ᠪᠠᠨ | ᠦᠰᠦᠭᠴᠢᠯᠠᠨ ᠣᠩᠰᠢᠭᠰᠠᠭᠠᠷ ᠭᠤᠷᠪᠠᠳᠣᠭᠠᠷ ᠣᠨ ᠪᠣᠯᠬᠤ ᠦᠶ᠎ᠡ ᠪᠠᠷ ᠭᠠᠴᠠᠭᠠᠨ ᠤ ᠰᠣᠷᠭᠠᠭᠤᠯᠢ ᠲᠠᠷᠬᠠᠨ᠂ | ᠰᠣᠮᠣᠨ ᠲᠦᠪ ᠲᠡᠬᠡᠷ᠎ᠡ ᠰᠣᠷᠭᠠᠭᠤᠯᠢ ᠲᠦᠪᠯᠡᠷᠡᠬᠦᠯᠬᠦ ᠶᠢ ᠲᠠᠭᠠᠯᠳᠣᠨ ᠨᠠᠷᠠᠨᠪᠣᠯᠠᠭ ᠰᠣᠮᠣᠨ ᠲᠦᠪ — — ᠴᠠᠭᠠᠨ | ᠣᠪᠣᠭ᠎ᠠ ᠳᠤ ᠬᠦᠷᠴᠣ1982 ᠣᠨ ᠳᠤ ᠪᠠᠭ᠎ᠠ ᠰᠣᠷᠭᠠᠭᠤᠯᠢ ᠪᠠᠨ ᠲᠡᠬᠦᠰᠬᠡᠬᠡᠳ ᠬᠦᠳᠡᠭᠡ ᠪᠠᠨ ᠪᠣᠴᠠᠵᠥ᠂ ᠮᠠᠯ | ᠤᠨ ᠢᠶᠠᠨ ᠲᠡᠷᠬᠡᠳᠡ᠂ ᠰᠦᠷᠦᠭ ᠤᠨ ᠢᠶᠠᠨ ᠵᠠᠬ᠎ᠠ ᠳᠤ᠂ ᠬᠤᠯᠠ ᠶᠢᠨ ᠬᠤᠯᠠᠬᠢ ᠬᠤᠷᠭᠤ ᠠᠭᠤᠯᠠ ᠶᠢ ᠰᠢᠷᠳᠡᠨ᠂ | ᠬᠤᠭᠤᠯᠠᠢ ᠮᠡᠳᠡᠨ ᠲᠠᠭᠤᠣ ᠠᠶᠠᠯᠣᠨ ᠪᠠᠶᠢᠵᠥ ᠬᠡᠳᠣᠨ ᠵᠢᠯ ᠡᠯᠡᠬᠡᠯᠠ᠃ | ᠣᠷᠠᠨ ᠪᠦᠳᠦᠬᠡᠯᠴᠢ ᠴᠢᠷᠮᠠᠶᠢᠯᠳᠣ ᠶᠢᠨ ᠨᠠᠭᠠᠴᠣ ᠡᠮᠡᠭᠡ ᠨᠢ《 ᠦᠨᠦᠴᠢᠨ ᠴᠠᠭᠠᠨ ᠪᠣᠳᠣᠭᠤ》 ᠵᠡᠷᠬᠡ | ᠠᠷᠠᠳ ᠤᠨ ᠲᠠᠭᠤᠣ ᠶᠢ ᠰᠠᠶᠢᠬᠠᠨ ᠲᠠᠭᠤᠯᠠᠳᠠᠭ ᠲᠠᠷᠢᠭᠠᠩᠭ᠎ᠠ ᠣᠳᠣᠮ ᠤᠨ ᠬᠦᠮᠦᠨ ᠪᠠᠶᠢᠭᠰᠠᠨ ᠪᠦᠬᠡᠳ ᠠᠪᠤ ᠨᠢ | ᠡᠬᠡ ᠣᠷᠣᠨ ᠢᠶᠠᠨ ᠴᠢᠯᠥᠬᠡᠯᠡᠬᠦ ᠲᠠᠶᠢᠨ ᠳᠤ ᠲᠣᠯᠣᠭᠠᠨ ᠵᠢᠯ ᠶᠠᠪᠣᠭᠰᠠᠨ ᠠᠬᠠᠮᠠᠳ《 ᠴᠢᠯᠥᠬᠡᠯᠡᠬᠦ ᠴᠡᠷᠢᠭ》 | ᠪᠠᠶᠢᠭᠰᠠᠨ᠂ ᠴᠢᠷᠮᠠᠶᠢᠯᠳᠣ ᠶᠢᠨ ᠲᠡᠬᠡᠳᠣᠰ ᠨᠢ ᠲᠣᠬᠠᠢ ᠶᠢᠨ ᠦᠶ᠎ᠡ ᠶᠢᠨ ᠨᠡᠬᠦᠳᠡᠯ ᠪᠠᠭᠤᠳᠠᠯ ᠤᠨ ᠣᠷᠳᠣ ᠠᠶᠠᠨ | ᠳᠤ ᠴᠣ᠋ ᠬᠡᠰᠡᠨ ᠨᠣᠮ ᠰᠣᠳᠣᠷ ᠢᠶᠠᠨ ᠲᠡᠬᠡᠳᠣᠯᠡᠳᠡᠭ ᠰᠣᠶᠣᠯᠴᠢ ᠰᠣᠷᠪᠣᠯᠵᠢᠯᠠᠳᠣ ᠡᠷᠣᠬᠡ ᠪᠠᠶᠢᠯ᠎ᠠ ᠬᠡᠰᠡᠨ᠂ | ᠬᠡᠪᠡᠴᠣ ᠴᠠᠭ ᠲᠦᠷᠦ ᠶᠢᠨ ᠡᠯᠡᠭᠳᠡᠯ ᠰᠦᠢᠳᠣᠯ᠂ ᠲᠡᠯᠡᠬᠡᠢ ᠶᠢᠷᠳᠢᠨᠴᠣ ᠶᠢᠨ ᠬᠤᠪᠢᠷᠠᠯ ᠰᠣᠯᠢᠭᠳᠠᠯ ᠢᠶᠠᠷ ᠲᠡᠳᠡᠬᠡᠷ | ᠣᠯᠠᠨ ᠨᠣᠮ ᠰᠣᠳᠣᠷ᠂ ᠲᠡᠣᠬᠡᠨ ᠪᠢᠴᠢᠭ ᠪᠦᠬᠦᠨ ᠢ《 ᠦᠬᠡᠢ》 ᠪᠣᠯᠭᠠᠭᠰᠠᠨ ᠴᠣ᠋ ᠮᠣᠩᠭᠤᠯ ᠬᠦᠮᠦᠨ ᠤ ᠶᠠᠰᠣᠨ | ᠳᠤ ᠰᠢᠩᠬᠡᠭᠰᠡᠨ ᠪᠠᠶᠢᠭᠠᠯᠢ ᠲᠡᠯᠡᠬᠡᠢ ᠳᠡᠭᠡᠨ ᠬᠠᠶᠢᠷᠡᠳᠡᠢ᠂ ᠨᠠᠷᠠᠨ ᠰᠠᠷᠠᠨ ᠤ ᠰᠠᠴᠣᠷᠠᠭ ᠠᠴᠠ ᠡᠷᠴᠢ ᠡᠨᠧᠷᠬᠢ ᠠᠪᠴᠣ | ᠂ ᠦᠪᠡᠷ ᠢ ᠪᠠᠨ ᠲᠡᠬᠦᠯᠳᠡᠷᠵᠢᠬᠦᠯᠥᠨ ᠴᠢᠷᠮᠠᠶᠢᠳᠠᠭ ᠠᠪᠢᠶᠡᠰ ᠪᠢᠯᠢᠭ ᠢ ᠦᠯᠡᠳᠡᠬᠡᠵᠥ ᠦᠭᠬᠦᠭᠰᠡᠨ ᠢᠶᠠᠷ᠂ ᠡᠬᠡᠯ | ᠵᠢᠷ ᠤᠨ ᠮᠠᠯᠴᠢᠨ ᠤ ᠬᠦᠣ ᠴᠢᠷᠮᠠᠶᠢᠯᠳᠣ ᠪᠠᠭ᠎ᠠ ᠨᠠᠰᠣᠨ ᠠᠴᠠ ᠪᠠᠨ ᠲᠠᠭᠤᠨ ᠳᠤ ᠲᠡᠳᠣᠢ ᠴᠣ᠋ ᠲᠣᠷᠠᠳᠡᠢ ᠪᠠᠶᠢᠭᠰᠠᠨ | ᠪᠢᠰᠢ ᠪᠣᠯᠪᠠᠴᠣ ᠮᠣᠩᠭᠤᠯ ᠨᠣᠳᠤᠭ ᠤᠨ ᠵᠢᠯ ᠤᠨ ᠲᠦᠷᠪᠡᠨ ᠣᠯᠠᠷᠢᠯ ᠤᠨ ᠦᠩᠬᠡ ᠨᠢ ᠲᠡᠯᠡᠬᠡᠢ ᠶᠢᠨ ᠶᠡᠮᠡᠷᠴᠣ | ᠣᠷᠠᠨ ᠱᠣᠭᠤᠮᠠᠯᠴᠢ ᠪᠦᠳᠦᠬᠡᠵᠥ ᠴᠢᠳᠠᠬᠤ ᠦᠬᠡᠢ ᠣᠷᠠᠨ ᠭᠠᠶᠢᠬᠠᠮᠰᠢᠭ ᠲᠠᠢ᠂ ᠪᠠᠭ᠋ᠠᠷᠬᠠᠭᠠᠳ ᠬᠠᠨᠣᠰᠢ ᠦᠬᠡᠢ | ᠪᠠᠶᠢᠭᠠᠯᠢ ᠶᠢᠨ ᠦᠪᠡᠷ ᠤᠨ ᠦᠩᠬᠡ ᠲᠠᠢ ᠪᠠᠶᠢᠭᠰᠠᠨ ᠪᠣᠯᠬᠤᠷ ᠴᠢᠷᠮᠠᠶᠢᠯᠳᠣ ᠲᠡᠷᠡ ᠪᠣᠯᠭᠠᠨ ᠢ ᠵᠢᠷᠣᠬᠡ ᠰᠡᠳᠬᠢᠯ | ᠢᠶᠠᠷ ᠢᠶᠠᠨ ᠪᠠᠭ᠋ᠠᠷᠬᠠᠨ ᠬᠠᠶᠢᠷᠠᠯᠠᠵᠥ᠂ ᠠᠷᠠᠳ ᠲᠦᠮᠡᠨ ᠤ ᠪᠠᠨ ᠵᠢᠷᠣᠬᠡ ᠰᠡᠳᠬᠢᠯ ᠳᠤ ᠬᠦᠷᠬᠦ ᠢᠷᠡᠭᠤ ᠲᠠᠩᠰᠤᠭ | ᠲᠠᠭᠤᠨ ᠠᠶᠠᠯᠭᠤ ᠶᠢ ᠪᠦᠳᠦᠬᠡᠬᠦ ᠦᠭᠬᠢᠶᠡᠮᠣᠷᠴᠢ ᠬᠠᠯᠠᠭᠤᠨ ᠰᠢᠮ᠎ᠠ ᠱᠦᠯᠳᠣ ᠶᠢ ᠪᠠᠶᠢᠭᠠᠯᠢ ᠲᠡᠯᠡᠬᠡᠢ ᠠᠴᠠ ᠪᠠᠨ | ᠦᠯᠡᠮᠵᠢ ᠶᠡᠭᠡ ᠦᠪ ᠬᠦᠷᠣᠩᠬᠡ ᠠᠪᠴᠣ᠂ ᠡᠬᠦᠨ ᠤ ᠣᠯᠠᠮ ᠠᠴᠠ ᠣᠩᠭᠤᠳ ᠰᠡᠷᠡᠯ ᠨᠢ ᠣᠨᠳᠠᠷᠡᠰᠢ ᠦᠬᠡᠢ | ᠬᠦᠭᠵᠢᠨ ᠪᠠᠳᠠᠷᠠᠭᠰᠠᠨ ᠬᠡᠯᠳᠡᠢ᠃ | ᠮᠣᠷᠢᠨ ᠤ ᠬᠡᠶᠢᠮᠥᠷᠢ ᠦᠬᠡᠳᠡ ᠪᠠᠨ ᠲᠡᠯᠡᠯᠣᠭᠰᠠᠨ ᠪᠠᠶᠠᠨᠰᠢᠯᠢ ᠨᠣᠳᠤᠭ ᠨᠢ ᠲᠣᠬᠠᠢ ᠶᠢᠨ ᠦᠶ᠎ᠡ ᠮᠣᠷᠢᠨ | ᠬᠤᠭᠤᠷ ᠢᠶᠠᠷ ᠠᠷᠠᠳ ᠲᠦᠮᠡᠨ ᠢᠶᠠᠨ ᠣᠶᠠᠷᠠᠭᠠᠬᠤ ᠣᠷᠠᠨ ᠪᠦᠳᠦᠬᠡᠯᠴᠢ ᠨᠣᠳᠤᠭ ᠤᠨ ᠬᠦᠣ — ᠴᠢᠷᠮᠠᠶᠢᠯᠳᠣ ᠪᠠᠨ | ᠲᠡᠷᠬᠡᠳᠡ ᠪᠠᠨ ᠠᠪᠴᠣ ᠦᠯᠡᠳᠡᠬᠡᠭᠰᠡᠨ ᠦᠬᠡᠢ᠃ ᠴᠢᠷᠮᠠᠶᠢᠯᠳᠣ ᠮᠠᠨᠢ1986 ᠣᠨ ᠳᠤ ᠠᠪᠠᠭ᠎ᠠ ᠬᠤᠰᠢᠭᠤᠨ ᠤ | ᠣᠯᠠᠭᠠᠨᠮᠦ᠋ᠴᠢᠷ ᠲᠤ ᠪᠦᠵᠢᠭᠴᠢᠨ ᠢᠶᠠᠷ ᠡᠬᠢᠯᠡᠵᠥ ᠠᠵᠢᠯᠯᠠᠨ ᠣᠷᠠᠯᠢᠭᠴᠢᠨ ᠪᠣᠯᠬᠤ᠂ ᠨᠣᠳᠤᠭ ᠣᠰᠣᠨ ᠤ ᠠᠷᠠᠳ | ᠲᠦᠮᠡᠨ ᠳᠡᠭᠡᠨ ᠨᠡᠩ ᠴᠢᠨᠠᠭᠰᠢᠳᠠ ᠬᠦᠮᠦᠨ ᠲᠦᠷᠦᠯᠬᠢᠳᠡᠨ ᠤ ᠨᠡᠨᠳᠢᠨ ᠪᠦᠳᠦᠬᠡᠯ ᠰᠡᠳᠬᠢᠯ ᠤᠨ ᠠᠷᠢᠭᠤᠨ ᠲᠡᠯᠡᠰ | ᠢᠶᠠᠷ ᠠᠮᠢᠯᠠᠬᠤ ᠣᠷᠠᠨ ᠪᠦᠳᠦᠬᠡᠯ ᠵᠣᠬᠢᠶᠠᠨᠪᠦ᠋ᠳᠦᠬᠡᠬᠦ ᠵᠢᠷᠭᠠᠯᠳᠡᠢ ᠮᠦᠷᠳᠡᠬᠡᠨ ᠵᠣᠪᠠᠭᠤᠷᠢᠳᠡᠢ᠂ ᠣᠯᠠᠮ ᠢᠯᠡᠬᠦᠥ | ᠵᠣᠪᠠᠭ᠋ᠣ ᠶᠢᠨ ᠣᠯᠠᠮ ᠠᠴᠠ ᠣᠯᠠᠮ ᠰᠠᠶᠢᠨ ᠦᠨᠡᠳᠣ ᠪᠦᠳᠦᠬᠡᠯ ᠮᠡᠨᠳᠣᠯᠡᠳᠡᠭ ᠣᠷᠠᠯᠢᠭᠴᠢᠨ ᠤ ᠵᠡᠮ ᠢᠶᠠᠨ ᠢᠩᠬᠢᠵᠥ | ᠢᠯᠥᠮᠬᠡᠨ ᠡᠬᠢᠯᠡᠭᠰᠡᠨ ᠰᠠᠨ᠃ | ᠰᠢᠯᠢᠳᠡᠭ ᠱᠠᠪᠢ ᠬᠦᠮᠦᠵᠢᠬᠦᠯᠬᠦ ᠳᠤ ᠡᠷᠬᠡᠪᠰᠢ ᠰᠠᠶᠢᠨ ᠪᠠᠭᠰᠢ ᠲᠣᠬᠢᠶᠠᠳᠠᠭ ᠤᠨ ᠵᠢᠮ᠎ᠡ ᠪᠠᠷ ᠠᠷᠪᠠᠨ | ᠨᠡᠢᠮᠡᠳᠡᠢ ᠬᠦᠳᠡᠭᠡ ᠶᠢᠨ ᠪᠣᠷᠣ ᠬᠦᠥ ᠴᠢᠷᠮᠠᠶᠢᠯᠳᠣ ᠶᠢ ᠠᠩᠬ᠎ᠠ ᠣᠯᠠᠭᠠᠨᠮᠦ᠋ᠴᠢᠷ ᠲᠤ ᠢᠷᠡᠬᠦ ᠳᠤ ᠮᠠᠨ ᠤ ᠣᠷᠣᠨ ᠤ | ᠨᠡᠷᠡᠳᠣ ᠲᠠᠭᠤᠴᠢᠨ᠂ ᠮᠣᠷᠢᠨ ᠬᠤᠭᠤᠷᠴᠢ ᠲᠣ᠂ ᠬᠤᠷᠴᠠᠪᠠᠭᠠᠳᠣᠷ ᠪᠠᠭᠰᠢ ᠲᠣᠬᠢᠶᠠᠨ ᠠᠩᠬᠠᠯᠠᠨ ᠲᠦᠬᠦᠮ ᠨᠣᠲ | ᠠᠴᠠ ᠡᠬᠢᠯᠠᠨ ᠣᠷᠠᠯᠢᠭ ᠰᠣᠶᠣᠯ ᠤᠨ ᠵᠠᠮ ᠮᠦᠷ ᠢ ᠰᠢᠰᠲ᠋ᠧᠮ ᠲᠠᠢ ᠵᠢᠭᠠᠨ ᠰᠣᠷᠭᠠᠭᠰᠠᠨ ᠢᠶᠠᠷ ᠣᠶᠣᠨ ᠤ ᠪᠣᠯᠠᠭ | ᠤᠨ ᠣᠨᠳᠣᠷᠤᠭ᠎ᠠ ᠪᠣᠯᠣᠭᠰᠠᠨ ᠣᠷᠠᠨ ᠪᠦᠳᠦᠬᠡᠯ ᠲᠣᠭᠤᠷᠪᠢᠬᠤ ᠠᠪᠢᠶᠠᠰᠯᠢᠭ ᠵᠠᠯᠠᠭᠤ ᠴᠢᠷᠮᠠᠶᠢᠯᠳᠣ ᠮᠠᠨᠢ ᠣᠬᠤᠷᠬᠠᠨ | ᠬᠤᠭᠤᠴᠠᠭᠠᠨ ᠳᠤ ᠬᠦᠭᠵᠢᠮ ᠤᠨ ᠨᠣᠲ ᠶᠢ ᠡᠵᠡᠮᠰᠢᠨ ᠪᠣᠯᠪᠠᠰᠣᠷᠠᠵᠥ1987 ᠣᠨ ᠳᠤ《 ᠮᠣᠩᠭᠤᠯ ᠬᠡᠷ᠂ ᠮᠢᠨᠥ | ᠡᠵᠢ》 ᠬᠡᠬᠦ ᠣᠷᠠᠨ ᠪᠦᠳᠦᠬᠡᠯ ᠳᠤ ᠠᠶ᠎ᠠ ᠵᠣᠬᠢᠶᠠᠨ ᠪᠦᠳᠦᠬᠡᠭᠰᠡᠨ ᠨᠢ ᠰᠣᠨᠣᠰᠣᠭᠴᠢ ᠣᠯᠠᠨ ᠪᠦᠬᠦᠨ ᠳᠡᠭᠡᠨ | ᠶᠡᠬᠡᠬᠡᠨ ᠲᠠᠭᠠᠯᠠᠭᠳᠠᠭᠰᠠᠨ ᠪᠦᠬᠡᠳ ᠴᠢᠷᠮᠠᠶᠢᠯᠳᠣ ᠮᠠᠨᠢ ᠣᠷᠠᠨ ᠪᠦᠳᠦᠬᠡᠯ ᠤᠨ ᠭᠠᠷᠤᠭ᠎ᠠ ᠪᠠᠨ ᠢᠩᠬᠢᠵᠥ ᠦᠨᠳᠣᠷᠬᠡᠨ | ᠠᠮᠵᠢᠯᠳᠠ ᠪᠠᠷ ᠡᠬᠢᠯᠡᠭᠰᠡᠨ ᠪᠢᠯᠡ᠃ | ᠠᠩᠬᠠᠨ ᠤ ᠣᠷᠠᠨ ᠪᠦᠳᠦᠬᠡᠯ ᠢᠶᠠᠨ ᠵᠣᠬᠢᠶᠠᠨ ᠪᠦᠳᠦᠬᠡᠵᠥ ᠰᠣᠨᠣᠰᠣᠭᠴᠢ ᠲᠦᠮᠡᠨ ᠳᠡᠭᠡᠨ ᠬᠦᠷᠬᠡᠭᠰᠡᠨ ᠤ | ᠲᠠᠷᠠᠭ᠎ᠠ ᠰᠠᠶ᠋ᠢ ᠴᠢᠷᠮᠠᠶᠢᠯᠳᠣ ᠦᠪᠡᠷ ᠤᠨ ᠮᠡᠳᠡᠯᠬᠡ ᠲᠣᠳᠠᠭᠤ ᠮᠡᠷᠬᠡᠵᠢᠯ ᠲᠠᠳᠠᠭᠤ ᠪᠠᠨ ᠣᠶᠢᠯᠠᠭᠠᠨ᠂ ᠣᠷᠠᠯᠢᠭ ᠤᠨ | ᠮᠡᠳᠡᠯᠬᠡ ᠮᠡᠷᠬᠡᠵᠢᠯ ᠢᠶᠠᠷ ᠢᠶᠠᠨ ᠣᠯᠠᠮ ᠬᠠᠳᠠᠭᠤᠵᠢᠯᠳᠡᠢ᠂ ᠰᠢᠰᠲ᠋ᠧᠮ ᠲᠠᠢ ᠰᠣᠷᠣᠯᠴᠠᠬᠤ ᠪᠠᠷ ᠵᠣᠷᠢᠭ ᠰᠢᠭᠤᠳᠣᠨ᠂ | 1987 ᠣᠨ ᠠᠴᠠ ᠡᠬᠢᠯᠠᠨ ᠠᠷᠠᠳ ᠤᠨ ᠣᠷᠠᠯᠢᠭᠴᠢᠨ ᠮᠠᠰᠢᠪᠡᠳᠣ ᠪᠠᠭᠰᠢ ᠠᠴᠠ᠂1988 ᠣᠨ ᠳᠤ ᠴᠧᠩ | ᠪᠡᠶᠡᠷ ᠪᠠᠭᠰᠢ ᠠᠴᠠ ᠂2001 ᠣᠨ ᠠᠴᠠ ᠡᠬᠢᠯᠠᠨ ᠣᠳᠣ ᠪᠣᠯᠳᠠᠯ᠎ᠠ ᠠᠯᠳᠡᠷᠳᠣ ᠮᠣᠷᠢᠨ ᠬᠤᠭᠤᠷᠴᠢ ᠴᠢ᠊᠂ ᠪᠣᠯᠠᠭ | ᠪᠠᠭᠰᠢ ᠠᠴᠠ ᠮᠣᠷᠢᠨ ᠬᠤᠭᠤᠷ ᠤᠨ ᠮᠡᠷᠬᠡᠵᠢᠯ ᠰᠣᠷᠣᠭᠰᠠᠭᠠᠷ ᠪᠠᠶᠢᠭ᠎ᠠ ᠪᠦᠬᠡᠳ ᠣᠯᠠᠭᠠᠨᠮᠦ᠋ᠴᠢᠷ ᠤᠨ《 ᠨᠢᠬᠡ ᠳᠤ | ᠮᠡᠷᠬᠡᠰᠢᠨ ᠣᠯᠠᠨ ᠳᠤ ᠴᠢᠳᠠᠪᠣᠷᠢᠵᠢᠬᠤ》 ᠠᠵᠢᠯ ᠤᠨ ᠴᠢᠬᠤᠯᠠᠴᠢᠯᠠᠭ᠎ᠠ ᠪᠠᠷ1988 — —1990 ᠣᠨ | ᠪᠣᠯᠳᠠᠯ᠎ᠠ ᠬᠦᠬᠡᠬᠤᠳᠠᠨ᠎ᠠ ᠭᠣ᠂ ᠴᠡᠩᠬᠡᠯᠳᠣ ᠪᠠᠭᠰᠢ ᠠᠴᠠ ᠬᠤᠪᠢᠰ ᠬᠦᠭᠵᠢᠮ ᠢ ᠰᠢᠰᠲ᠋ᠧᠮᠴᠢᠯᠡᠨ ᠰᠣᠷᠣᠭᠰᠠᠨ | ᠪᠠᠶᠢᠨ᠎ᠠ᠃ | ᠠᠶᠠᠯᠭᠤ ᠵᠣᠬᠢᠶᠠᠭᠴᠢ ᠴᠢᠷᠮᠠᠶᠢᠯᠳᠣ1986 ᠣᠨ ᠳᠤ ᠠᠵᠢᠯ ᠳᠤ ᠭᠠᠷᠣᠭᠰᠠᠨ ᠠᠴᠠ ᠬᠤᠶᠢᠰᠢ | ᠬᠠᠳᠠᠭᠤᠵᠢᠯᠳᠡᠢ ᠴᠢᠷᠮᠠᠶᠢᠨ᠂ ᠲᠠᠰᠣᠷᠠᠯᠳᠠ ᠦᠬᠡᠢ ᠮᠡᠷᠬᠡᠵᠢᠯ ᠢᠶᠠᠨ ᠲᠡᠭᠡᠭᠰᠢᠯᠡᠬᠦᠯᠥᠨ᠂ ᠨᠦᠷᠢ ᠶᠡᠭᠡ ᠬᠦᠳᠡᠯᠮᠣᠷᠢ | ᠵᠠᠷᠣᠴᠠᠭᠤᠯᠣᠨ᠂ ᠣᠷᠠᠨ ᠪᠦᠳᠦᠬᠡᠯ ᠤᠨ ᠦᠨᠳᠣᠷ ᠬᠤᠷᠢᠶᠠᠯᠳᠠ ᠲᠠᠢ ᠠᠵᠢᠯᠯᠠᠭᠰᠠᠨ ᠢᠶᠠᠷ《 ᠨᠢᠬᠡ ᠳᠤ ᠮᠡᠷᠬᠡᠰᠢᠨ | ᠣᠯᠠᠨ ᠳᠤ ᠴᠢᠳᠠᠪᠣᠷᠢᠵᠢᠭᠰᠠᠨ》 ᠲᠣᠭᠯᠠᠭᠴᠢ ᠬᠡᠮᠡᠨ ᠣᠯᠣᠰ ᠣᠷᠣᠨ ᠤ ᠱᠠᠩᠨᠠᠯ ᠬᠦᠬᠢᠬᠦᠯᠥᠯ ᠢ ᠣᠯᠠᠨᠳᠠ | ᠬᠦᠷᠳᠡᠵᠡᠢ᠃ | ᠣᠷᠠᠨ ᠪᠦᠳᠦᠬᠡᠯ ᠤᠨ ᠵᠠᠮ ᠢᠶᠠᠷ ᠴᠦᠬᠦᠷᠡᠰᠢ ᠦᠬᠡᠢ ᠵᠠᠮᠨᠠᠭᠰᠠᠨ ᠴᠢᠷᠮᠠᠶᠢᠯᠳᠣ ᠣᠷᠠᠨ ᠪᠦᠳᠦᠬᠡᠯ ᠤᠨ | ᠪᠣᠯᠣᠷ ᠲᠠᠯᠠᠰᠳᠣ ᠶᠢ ᠲᠡᠬᠡᠳᠣᠯᠡᠬᠦ ᠲᠣᠳᠣᠮ ᠦᠪᠡᠷ ᠤᠨ ᠰᠣᠷᠣᠭᠰᠠᠨ ᠢᠶᠠᠨ ᠲᠠᠰᠣᠷᠠᠯᠳᠠ ᠦᠬᠡᠢ ᠴᠢᠮᠠᠯᠠᠨ1993 | ᠣᠨ ᠠᠴᠠ 1997 ᠣᠨ ᠬᠦᠷᠳᠡᠯ᠎ᠠ ᠦᠪᠦᠷ ᠮᠣᠩᠭᠤᠯ ᠤᠨ ᠦᠨᠳᠣᠰᠣᠳᠡᠨ ᠤ ᠪᠠᠭᠰᠢ ᠶᠢᠨ ᠲᠡᠬᠡᠳᠣ ᠰᠣᠷᠭᠠᠭᠤᠯᠢ | ᠶᠢᠨ ᠣᠷᠠᠯᠢᠭ ᠤᠨ ᠰᠠᠯᠪᠣᠷᠢ ᠳᠤ ᠰᠣᠷᠣᠯᠴᠠᠭᠰᠠᠨ ᠪᠦᠬᠡᠳ ᠡᠬᠦᠨ ᠤ ᠲᠠᠭᠠᠣ ᠡᠳᠣᠢ ᠲᠡᠳᠣᠢ ᠣᠷᠠᠨ ᠪᠦᠳᠦᠬᠡᠯ | ᠵᠣᠬᠢᠶᠠᠨ ᠪᠦᠳᠦᠬᠡᠵᠥ᠂ ᠡᠯ᠎ᠠ ᠠᠶᠢᠮᠠᠭ ᠬᠤᠳᠠ ᠶᠢᠨ ᠣᠷᠣᠯᠳᠣᠭᠠᠨ ᠲᠡᠮᠡᠴᠡᠬᠡᠨ ᠳᠤ ᠣᠯᠠᠨ ᠣᠳᠠᠭ᠎ᠠ ᠣᠷᠣᠯᠴᠠᠭᠠᠳ | ᠣᠳᠣᠳᠡᠢ ᠰᠠᠶᠢᠨ ᠦᠨᠳᠣᠷ ᠪᠦᠳᠦᠮᠵᠢ ᠣᠯᠣᠭᠰᠠᠨ ᠪᠠᠶᠢᠨ᠎ᠠ᠃ ᠦᠩᠬᠡᠷᠡᠭᠰᠡᠨ ᠤ ᠲᠡᠷᠡ ᠣᠯᠠᠨ ᠠᠮᠵᠢᠯᠳᠠ | ᠪᠦᠳᠦᠬᠡᠯ ᠪᠦᠬᠦᠨ ᠤ ᠲᠣᠮᠳᠠ ᠠᠴᠠ ᠬᠡᠳᠣ ᠶᠢ ᠲᠣᠷᠠᠳᠪᠠᠯ1996 ᠣᠨ ᠳᠤ ᠪᠦᠬᠦ ᠠᠶᠢᠮᠠᠭ ᠤᠨ ᠣᠯᠠᠭᠠᠨᠮᠦ᠋ᠴᠢᠷ | ᠤᠨ ᠴᠢᠭᠤᠯᠭᠠᠨ ᠳᠤ《 ᠠᠰᠠᠷ》 ᠬᠦᠭᠵᠢᠮ ᠢ ᠲᠣᠭᠯᠠᠭᠰᠠᠨ ᠬᠤᠪᠢᠰ ᠤᠨ ᠭᠤᠴᠣᠯᠠᠯ《 ᠠᠴᠢᠳᠣ》 ᠪᠠᠷ | ᠲᠣᠭᠯᠠᠯᠳᠠ ᠶᠢᠨ ᠭᠤᠷᠪᠠᠳᠣᠭᠠᠷ ᠲᠡᠰ ᠤᠨ ᠱᠠᠩᠨᠠᠯ ᠬᠦᠷᠳᠡᠭᠰᠡᠨ ᠪᠠᠶᠢᠨ᠎ᠠ᠃ | 2001 ᠣᠨ ᠳᠤ ᠬᠦᠬᠡᠬᠤᠳᠠ ᠳᠤ ᠪᠣᠯᠣᠭᠰᠠᠨ ᠮᠢᠩᠭᠠᠨ ᠮᠣᠷᠢᠨ ᠬᠤᠭᠤᠷᠴᠢ ᠶᠢᠨ ᠬᠢᠨᠢᠰ ᠤᠨ ᠲᠡᠮᠳᠡᠭᠯᠡᠯ | ᠡᠬᠦᠳᠬᠦ ᠶᠡᠭᠡ ᠨᠡᠶᠢᠷ ᠲᠤ ᠮᠢᠩᠭᠠᠨ ᠮᠣᠷᠢᠨ ᠬᠤᠭᠤᠷᠴᠢ ᠶᠢᠨ ᠠᠩᠬᠢ ᠶᠢᠨ ᠲᠠᠷᠤᠭ᠎ᠠ ᠪᠠᠷ ᠰᠣᠩᠭᠤᠭᠳᠠᠭᠰᠠᠨ | ᠪᠦᠬᠡᠳ ᠢᠷᠠᠭᠤ ᠠᠯᠳᠡᠷᠳᠡᠢ ᠪᠠᠷ ᠬᠢᠨᠢᠰ ᠤᠨ ᠲᠡᠮᠳᠡᠭᠯᠠᠯ ᠳᠤ ᠨᠡᠷ᠎ᠡ ᠪᠠᠨ ᠮᠦᠩᠬᠡᠯᠡᠭᠰᠡᠨ ᠪᠠᠶᠢᠨ᠎ᠠ᠃ | 2005 ᠣᠨ ᠳᠤ ᠪᠦᠬᠦ ᠠᠶᠢᠮᠠᠭ ᠤᠨ ᠣᠯᠠᠭᠠᠨᠮᠣᠴᠢᠷ ᠤᠨ ᠣᠷᠠᠯᠢᠭ ᠤᠨ ᠲᠣᠭᠯᠠᠯᠳᠠ ᠳᠤ ᠴᠢᠷᠮᠠᠶᠢᠯᠳᠣ ᠶᠢᠨ | ᠭᠤᠣᠯᠯᠠᠨ ᠨᠡᠶᠢᠷᠡᠭᠤᠯᠵᠥ᠂ ᠬᠦᠭᠵᠢᠮ ᠵᠣᠬᠢᠴᠠᠭᠤᠯᠵᠥ᠂ ᠠᠪᠠᠭ᠎ᠠ ᠬᠤᠰᠢᠭᠤᠨ ᠤ ᠣᠯᠠᠭᠠᠨᠮᠦᠴᠢᠷ ᠤᠨ ᠬᠠᠮᠳᠣ ᠣᠯᠠᠨ | ᠲᠠᠢ ᠪᠠᠨ ᠲᠣᠭᠯᠠᠭᠰᠠᠨ《 ᠰᠢᠯᠢ ᠶᠢᠨ ᠭᠠᠯᠵᠠᠭᠤ ᠪᠠᠭᠠᠳᠣᠷ》 ᠨᠢ ᠨᠢᠬᠡᠳᠣᠬᠡᠷ ᠲᠡᠰ ᠤᠨ ᠱᠠᠩᠨᠠᠯ ᠬᠦᠷᠳᠡᠭᠰᠡᠨ | ᠪᠦᠬᠡᠳ ᠪᠦᠬᠦ ᠠᠶᠢᠮᠠᠭ ᠤᠨ ᠠᠷᠪᠠᠨ ᠲᠦᠷᠪᠡᠳᠣᠬᠡᠷ ᠬᠤᠭᠤᠴᠠᠭᠠᠨ ᠤ ᠣᠯᠠᠭᠠᠨᠮᠦᠴᠢᠷ ᠤᠨ ᠣᠷᠠᠯᠢᠭ ᠤᠨ ᠴᠣᠭᠯᠠᠭᠠᠨ | ᠤ ᠲᠠᠭᠤᠷᠢᠯᠢᠭ ᠤᠨ ᠲᠦᠷᠦᠯ ᠤᠨ ᠮᠦᠩᠬᠦᠨ ᠮᠧᠲ᠋ᠡᠯ ᠢ ᠬᠦᠷᠳᠡᠪᠡ᠃ ᠲᠣᠰ《 ᠰᠢᠯᠢ ᠶᠢᠨ ᠭᠠᠯᠵᠠᠭᠤ ᠪᠠᠭᠠᠳᠣᠷ》 | ᠪᠦᠳᠦᠬᠡᠯ ᠨᠢ ᠬᠤᠶᠠᠳᠣᠭᠠᠷ ᠣᠳᠠᠭᠠᠨ ᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ ᠤ ᠠᠷᠠᠳ ᠤᠨ | ᠰᠣᠶᠣᠯ ᠤᠨ《 ᠠᠷᠠᠳ》 ᠱᠠᠩᠨᠠᠯ ᠤᠨ ᠰᠢᠯᠭᠠᠷᠠᠭᠤᠯᠥᠯᠳᠠ ᠳᠤ ᠰᠢᠯᠢᠳᠡᠭ ᠪᠦᠳᠦᠬᠡᠯ ᠤᠨ ᠱᠠᠩᠨᠠᠯ ᠬᠦᠷᠳᠡᠵᠥ᠂ | ᠨᠣᠳᠤᠭ ᠣᠷᠣᠨ ᠤ ᠪᠠᠨ ᠣᠷᠠᠯᠢᠭᠴᠢᠳ ᠤᠨ ᠨᠡᠷ᠎ᠡ ᠠᠯᠳᠡᠷ ᠢ ᠶᠡᠭᠡ ᠦᠨᠳᠣᠷ ᠲᠤ ᠡᠷᠬᠦᠭᠰᠡᠨ ᠪᠠᠶᠢᠨ᠎ᠠ᠃ | 2007 ᠣᠨ ᠳᠤ ᠪᠦᠬᠦ ᠣᠷᠣᠨ ᠤ ᠲᠦᠷᠪᠡᠳᠣᠬᠡᠷ ᠣᠳᠠᠭᠠᠨ ᠤ ᠣᠷᠠᠯᠢᠭ ᠤᠨ ᠣᠷᠣᠯᠳᠣᠭᠠᠨ ᠳᠤ ᠲᠡᠬᠦᠨ | ᠤ ᠠᠶᠠᠯᠭᠤ ᠵᠣᠬᠢᠶᠠᠭᠰᠠᠨ《 ᠡᠵᠢ》 ᠬᠡᠬᠦ ᠲᠠᠭᠤᠨ ᠨᠢ ᠵᠣᠬᠢᠶᠠᠨ ᠪᠦᠳᠦᠬᠡᠯᠬᠡ ᠶᠢᠨ ᠬᠤᠶᠠᠳᠣᠭᠠᠷ ᠲᠡᠰ ᠤᠨ | ᠱᠠᠩᠨᠠᠯ ᠬᠦᠷᠳᠡᠪᠡ᠃ | ᠴᠢᠷᠮᠠᠶᠢᠯᠳᠣ ᠶᠢᠨ ᠵᠣᠬᠢᠶᠠᠨ ᠪᠦᠳᠦᠬᠡᠭᠰᠡᠨ《 ᠰᠢᠯᠢ ᠶᠢᠨ ᠣᠶᠠᠩᠭ᠎ᠠ》 ᠬᠡᠬᠦ ᠪᠦᠳᠦᠬᠡᠯ ᠨᠢ 2007 | ᠣᠨ ᠳᠤ ᠢᠷᠭᠠᠢ ᠬᠤᠳᠠᠨ ᠳᠤ ᠶᠠᠪᠣᠭᠳᠠᠭᠰᠠᠨ ᠪᠦᠬᠦ ᠣᠯᠣᠰ ᠤᠨ ᠭᠤᠷᠪᠠᠳᠣᠭᠠᠷ ᠣᠳᠠᠭᠠᠨ ᠤ ᠴᠦᠬᠡᠨ ᠲᠣᠭᠠᠳᠣ | ᠦᠨᠳᠣᠰᠣᠳᠡᠨ ᠤ ᠠᠷᠠᠳ ᠤᠨ ᠲᠠᠭᠤᠷᠢᠯᠢᠭ ᠤᠨ ᠶᠡᠭᠡ ᠣᠷᠣᠯᠳᠣᠭᠠᠨ ᠳᠤ ᠠᠯᠳᠠᠨ ᠮᠧᠲ᠋ᠠᠯ ᠬᠦᠷᠳᠡᠪᠡ᠃ | 2008 ᠣᠨ ᠳᠤ ᠮᠣᠩᠭᠤᠯ ᠣᠷᠣᠨ ᠤ ᠪᠠᠨ ᠠᠭᠤᠯᠠ ᠬᠠᠶᠢᠷᠬᠠᠨ ᠤ ᠡᠷᠴᠢ ᠬᠦᠴᠦᠨ᠂ ᠡᠨᠧᠷᠬᠢ ᠬᠠᠶᠢᠷ᠎ᠠ | ᠳᠤ ᠰᠦᠵᠢᠭᠯᠡᠨ ᠮᠦᠷᠬᠦᠵᠥ᠂ ᠪᠢᠰᠢᠷᠡᠨ ᠪᠠᠭ᠋ᠠᠳᠣᠬᠤ ᠳᠠᠭᠠᠨ ᠵᠣᠬᠢᠶᠠᠨ ᠪᠦᠳᠦᠬᠡᠭᠰᠡᠨ ᠮᠣᠷᠢᠨ ᠬᠤᠭᠤᠷ ᠤᠨ | ᠨᠡᠶᠢᠷᠡᠯ《 ᠰᠢᠳᠣᠬᠡᠨ》 ᠨᠢ ᠪᠦᠬᠦ ᠠᠶᠢᠮᠠᠭ ᠤᠨ ᠣᠯᠠᠭᠠᠨᠮᠦ᠋ᠴᠢᠷ ᠤᠨ ᠣᠷᠣᠯᠳᠣᠭᠠᠨ ᠳᠤ ᠵᠣᠬᠢᠶᠠᠨ ᠪᠦᠳᠦᠬᠡᠯᠬᠡ | ᠶᠢᠨ ᠨᠢᠬᠡᠳᠣᠬᠡᠷ ᠲᠡᠰ ᠤᠨ ᠱᠠᠩᠨᠠᠯ ᠬᠦᠷᠳᠡᠭᠰᠡᠨ ᠪᠦᠬᠡᠳ2011 ᠣᠨ ᠳᠤ《 ᠬᠠᠭᠠᠨ ᠠᠳᠣᠭᠤᠨ ᠵᠣᠰᠠᠭᠠᠯ》 | ᠬᠡᠬᠦ ᠪᠦᠬᠦ ᠣᠷᠣᠨ ᠤ ᠬᠡᠪᠴᠢᠶᠡᠨ ᠳᠤ ᠶᠠᠪᠣᠭᠳᠠᠭᠰᠠᠨ ᠮᠣᠷᠢᠨ ᠬᠤᠭᠤᠷ ᠤᠨ ᠶᠡᠭᠡ ᠣᠷᠣᠯᠳᠣᠭᠠᠨ ᠳᠤ ᠰᠢᠯᠢᠳᠡᠭ | ᠠᠮᠵᠢᠯᠳᠠ ᠣᠯᠵᠥ᠂ ᠮᠣᠷᠢᠨ ᠬᠤᠭᠤᠷ ᠤᠨ ᠶᠡᠭᠡ ᠪᠠᠭᠰᠢ ᠴᠢ᠊᠂ ᠪᠣᠯᠠᠭ ᠤᠨ ᠦᠨᠳᠣᠷ ᠦᠨᠡᠯᠡᠯᠳᠡ ᠶᠢ ᠣᠯᠣᠭᠰᠠᠨ | ᠪᠠᠶᠢᠨ᠎ᠠ᠃ ᠡᠨᠡᠬᠦ ᠪᠦᠳᠦᠬᠡᠯ ᠨᠢ ᠡᠬᠦᠨ ᠤ ᠣᠯᠠᠮ ᠢᠶᠠᠷ ᠪᠣᠰᠣᠳ ᠣᠷᠣᠨ ᠨᠣᠳᠤᠭ ᠢᠶᠠᠷ ᠣᠯᠠᠨ ᠣᠳᠠᠭ᠎ᠠ | ᠲᠣᠭᠯᠠᠭᠳᠠᠵᠥ᠂ ᠮᠣᠷᠢᠨ ᠬᠤᠭᠤᠷ ᠤᠨ ᠣᠮᠣᠭᠰᠢᠯ ᠪᠣᠯᠣᠭᠰᠠᠨ ᠣᠷᠠᠨ ᠪᠦᠳᠦᠬᠡᠯ ᠪᠣᠯᠣᠭᠰᠠᠨ ᠪᠠᠶᠢᠨ᠎ᠠ᠃ | 2010 ᠣᠨ ᠳᠤ ᠬᠦᠪᠡᠬᠡᠳᠣ ᠰᠢᠷ᠎ᠡ ᠬᠤᠰᠢᠭᠤᠨ ᠳᠤ ᠪᠣᠯᠣᠭᠰᠠᠨ ᠲᠠᠪᠣᠳᠣᠭᠠᠷ ᠣᠳᠠᠭᠠᠨ ᠤ | ᠣᠯᠠᠭᠠᠨᠮᠦ᠋ᠴᠢᠷ ᠤᠨ ᠣᠷᠣᠯᠳᠣᠭᠠᠨ ᠳᠤ ᠡᠷ᠎ᠡ ᠶᠢᠨ ᠭᠤᠷᠪᠠᠨ ᠨᠠᠭᠠᠳᠣᠮ ᠢ ᠬᠦᠭᠵᠢᠮᠳᠡᠵᠥ ᠬᠠᠷᠠᠭᠤᠯᠣᠭᠰᠠᠨ ᠬᠤᠪᠢᠰ | ᠤᠨ ᠭᠤᠷᠪᠠᠯᠠᠯ《 ᠨᠠᠭᠠᠳᠣᠮ ᠤᠨ ᠦᠩᠬᠡ》 ᠨᠢ ᠲᠣᠭᠯᠠᠯᠳᠠ ᠶᠢᠨ ᠭᠤᠷᠪᠠᠳᠣᠭᠠᠷ ᠲᠡᠰ ᠤᠨ ᠱᠠᠩᠨᠠᠯ ᠬᠦᠷᠳᠡᠪᠡ᠃ | 2010 ᠣᠨ ᠳᠤ ᠪᠦᠬᠦ ᠣᠯᠣᠰ ᠤᠨ ᠵᠢᠷᠭᠤᠳᠣᠭᠠᠷ ᠣᠳᠠᠭᠠᠨ ᠤ ᠣᠯᠣᠰ ᠤᠨ ᠲᠡᠰ ᠤᠨ ᠪᠣᠳᠡᠰ ᠤᠨ ᠪᠣᠰᠣ | ᠰᠣᠶᠣᠯ ᠤᠨ ᠦᠪ ᠤᠨ《 ᠲᠡᠭᠷᠢᠯᠢᠭ ᠠᠵᠢᠨᠠᠢ》 ᠬᠤᠨᠳᠠᠭᠠᠳᠣ ᠣᠷᠣᠯᠳᠣᠭᠠᠨ ᠳᠤ ᠣᠷᠢᠭᠳᠠᠨ ᠣᠷᠣᠯᠴᠠᠬᠤ | ᠳᠠᠭᠠᠨ《 ᠮᠣᠷᠢᠨ ᠬᠤᠭᠤᠷ᠂ ᠲᠣᠪᠰᠢᠭᠤᠷ᠂ ᠬᠤᠪᠢᠰ᠂ ᠲᠦᠷᠪᠡᠨ ᠣᠳᠠᠰᠣᠳᠣ ᠬᠤᠭᠤᠷ》 ᠵᠡᠷᠬᠡ ᠬᠦᠭᠵᠢᠮ ᠢᠶᠠᠨ | ᠮᠠᠭᠳᠠᠨ ᠲᠠᠭᠤᠯᠠᠭᠰᠠᠨ ᠲᠣᠣᠯᠢ《 ᠲᠦᠷᠪᠡᠨ ᠬᠦᠭᠵᠢᠮ ᠤᠨ ᠮᠠᠭᠳᠠᠭᠤ》 ᠨᠢ ᠠᠯᠳᠠᠨ ᠮᠧᠲ᠋ᠡᠯ ᠬᠦᠷᠳᠡᠵᠡᠢ᠃ | 2011 ᠣᠨ ᠳᠤ ᠲᠡᠬᠦᠨ ᠤ ᠵᠣᠬᠢᠶᠠᠨ ᠪᠦᠳᠦᠬᠡᠭᠰᠡᠨ《 ᠶᠡᠷᠡᠨ ᠵᠢᠯ ᠤᠨ ᠲᠠᠭᠤᠯᠠᠯ》 ᠨᠢ ᠰᠢᠯᠢ ᠶᠢᠨ | ᠭᠤᠣᠯ ᠠᠶᠢᠮᠠᠭ ᠤᠨ16 ᠳ᠋ᠣᠭᠠᠷ ᠬᠤᠭᠤᠴᠠᠭᠠᠨ ᠤ ᠣᠯᠠᠭᠠᠮᠦᠴᠢᠷ ᠤᠨ ᠣᠷᠠᠯᠢᠭ ᠤᠨ ᠴᠢᠭᠤᠯᠭᠠᠨ ᠤ ᠵᠣᠬᠢᠶᠠᠨ | ᠪᠦᠳᠦᠬᠡᠯᠬᠡ ᠶᠢᠨ ᠨᠢᠬᠡᠳᠣᠬᠡᠷ ᠲᠡᠰ ᠤᠨ ᠱᠠᠩᠨᠠᠯ ᠬᠦᠷᠳᠡᠬᠦ ᠶᠢᠨ ᠵᠡᠷᠬᠡᠴᠡᠭᠡ ᠲᠣᠰ ᠵᠢᠯ ᠵᠣᠬᠢᠶᠠᠭᠰᠠᠨ《 | ᠬᠡᠶᠢᠮᠥᠷᠢ》 ᠬᠡᠬᠦ ᠬᠦᠭᠵᠢᠮ ᠨᠢ ᠰᠢᠯᠢ ᠶᠢᠨ ᠭᠤᠣᠯ ᠠᠶᠢᠮᠠᠭ ᠤᠨ16 ᠳ᠋ᠣᠭᠠᠷ ᠬᠤᠭᠤᠴᠠᠭᠠᠨ ᠤ ᠣᠷᠠᠯᠢᠭ ᠤᠨ | ᠴᠣᠭᠯᠠᠭᠠᠨ ᠤ ᠠᠶ᠎ᠡ ᠵᠣᠬᠢᠶᠠᠭᠰᠠᠨ ᠨᠢᠬᠡᠳᠣᠬᠡᠷ ᠲᠡᠰ ᠤᠨ ᠱᠠᠩᠨᠠᠯ ᠬᠦᠷᠳᠡᠪᠡ᠃ | ᠣᠷᠠᠯᠢᠭ ᠲᠤ ᠣᠯᠣᠰ ᠤᠨ ᠬᠢᠯᠢ ᠪᠠᠶᠢᠳᠠᠭ ᠦᠬᠡᠢ ᠶᠢᠨ ᠵᠢᠮ᠎ᠠ ᠪᠠᠷ 2013 ᠣᠨ ᠳᠤ ᠣᠷᠠᠨ ᠪᠦᠳᠦᠬᠡᠯᠴᠢ | ᠬᠠᠰᠪᠣᠯᠣᠳ ᠲᠠᠢ ᠬᠠᠮᠳᠣᠷᠠᠨ ᠮᠣᠩᠭᠤᠯ ᠣᠯᠣᠰ ᠲᠤ《 ᠲᠡᠯᠬᠡᠷ ᠬᠠᠶᠢᠷ᠎ᠠ ᠶᠢᠨ ᠽᠠᠨᠪᠦᠯᠢᠭ》 ᠬᠡᠬᠦ ᠬᠤᠪᠢ ᠬᠦᠮᠦᠨ | ᠤ ᠣᠷᠠᠨ ᠪᠦᠳᠦᠬᠡᠯ ᠤᠨ ᠲᠣᠭᠯᠠᠯᠳᠠ ᠭᠠᠷᠭᠠᠵᠥ᠂ ᠣᠯᠣᠰ ᠤᠨ ᠲᠣᠳᠣᠭᠠᠳᠣ ᠭᠠᠳᠠᠭᠠᠳᠣ ᠶᠢᠨ ᠦᠵᠡᠭᠴᠢ | ᠰᠣᠨᠣᠰᠣᠭᠴᠢᠳ ᠤᠨ ᠬᠠᠯᠠᠭᠤᠨ ᠬᠦᠷᠢᠶᠡᠯᠡᠯ ᠢ ᠣᠯᠣᠭᠰᠠᠨ ᠪᠦᠬᠡᠳᠮᠣᠩᠭᠤᠯ ᠣᠯᠣᠰ ᠤᠨ ᠣᠳᠬ᠎ᠠ ᠵᠣᠬᠢᠶᠠᠯ | ᠰᠣᠶᠣᠯ ᠢ ᠬᠦᠭᠵᠢᠬᠦᠯᠥᠨ ᠴᠡᠴᠡᠭᠯᠡᠬᠦᠯᠬᠦ ᠪᠣᠶᠡᠨᠳᠣ ᠦᠢᠯᠡᠰ ᠲᠤ ᠣᠯᠠᠨ ᠵᠢᠯ ᠤᠨ ᠲᠣᠷᠰᠢ ᠨᠦᠷᠢ ᠶᠡᠭᠡ ᠬᠢᠴᠢᠶᠡᠯ | ᠵᠢᠳᠬᠦᠯ ᠢᠶᠠᠨ ᠬᠠᠷᠠᠮ ᠦᠬᠡᠢ ᠵᠣᠷᠢᠭᠤᠯᠣᠭᠰᠠᠨ ᠠᠷᠢᠭᠤᠨ ᠵᠠᠮᠨᠠᠯ ᠢ ᠦᠨᠡᠯᠡᠵᠥ᠂ ᠮᠣᠩᠭᠤᠯ ᠣᠯᠣᠰ ᠤᠨ ᠰᠣᠶᠣᠯ | ᠤᠨ ᠶᠠᠮᠣᠨ ᠠᠴᠠ《 ᠣᠳᠬ᠎ᠠ ᠵᠣᠬᠢᠶᠠᠯ ᠤᠨ ᠲᠦᠯᠥᠬᠡ》 ᠬᠡᠬᠦ ᠬᠦᠨᠳᠣᠳᠣ ᠱᠠᠩᠨᠠᠯ ᠬᠦᠷᠳᠡᠬᠡᠪᠡ᠃ | 2014 ᠣᠨ ᠤ10 ᠰᠠᠷ᠎ᠠ ᠶᠢᠨ29 ᠤ ᠡᠳᠣᠷ ᠮᠣᠩᠭᠤᠯ ᠣᠯᠣᠰ ᠤᠨ ᠨᠡᠶᠢᠰᠯᠠᠯ ᠤᠨ ᠢᠷᠬᠡᠳ ᠤᠨ | ᠲᠦᠯᠥᠬᠡᠯᠡᠭᠴᠢᠳ ᠤᠨ ᠶᠡᠭᠡ ᠬᠤᠷᠠᠯ ᠤᠨ ᠲᠠᠷᠤᠭ᠎ᠠ ᠳ᠋᠊᠂ ᠪᠠᠳᠣᠳᠣᠯᠭᠠ ᠪᠠ ᠨᠡᠶᠢᠰᠯᠠᠯ ᠤᠨ ᠵᠠᠰᠠᠭ ᠲᠠᠷᠤᠭ᠎ᠠ ᠪᠦᠬᠡᠳ | ᠣᠯᠠᠭᠠᠨᠪᠠᠭᠠᠳᠣᠷ ᠬᠤᠳᠠ ᠶᠢᠨ ᠵᠠᠬᠢᠷᠣᠭᠴᠢ ᠡ᠊᠂ ᠪᠠᠳᠣᠠᠭᠤᠯᠠ ᠠᠴᠠ375 ᠵᠢᠯ ᠤᠨ ᠣᠢ ᠶᠢᠨ ᠮᠧᠲ᠋ᠡᠯ ᠢᠶᠠᠷ | ᠱᠠᠩᠨᠠᠪᠠ᠃ | 2015 ᠣᠨ ᠤ3 ᠰᠠᠷ᠎ᠠ ᠶᠢᠨ23 ᠤ ᠡᠳᠣᠷ ᠲᠡᠯᠡᠬᠡᠢ ᠶᠢᠨ ᠮᠣᠩᠭᠤᠯ ᠲᠣᠭᠤᠷᠭᠠᠳᠠᠨ ᠤ ᠪᠣᠯᠪᠠᠰᠣᠷᠠᠯ | ᠰᠢᠨᠵᠢᠯᠡᠬᠦ ᠣᠬᠠᠭᠠᠨ ᠤ ᠠᠺᠡᠳᠧᠮᠢ ᠶᠢᠨ ᠬᠡᠰᠢᠬᠦᠨ ᠪᠣᠯᠣᠭᠰᠠᠨ ᠪᠠᠶᠢᠨ᠎ᠠ᠃ | 2015 ᠣᠨ ᠤ4 ᠰᠡᠷ᠎ᠡ ᠶᠢᠨ8 ᠤ ᠡᠳᠣᠷ ᠲᠡᠯᠡᠬᠡᠢ ᠶᠢᠨ ᠮᠣᠩᠭᠤᠯ ᠲᠣᠭᠤᠷᠭᠠᠳᠠᠨ ᠤ ᠪᠣᠯᠪᠠᠰᠣᠷᠠᠯ | ᠰᠣᠶᠣᠯ ᠰᠢᠨᠵᠢᠯᠡᠬᠦ ᠣᠬᠠᠭᠠᠨ ᠤ ᠠᠺᠡᠳᠧᠮᠢ ᠠᠴᠠ ᠲᠡᠯᠡᠬᠡᠢ ᠶᠢᠨ ᠮᠣᠩᠭᠤᠯ ᠲᠣᠭᠤᠷᠭᠠᠳᠠᠨ ᠤ《 ᠰᠣᠶᠣᠯ ᠣᠷᠠᠯᠢᠭ | ᠤᠨ ᠭᠠᠪᠢᠶ᠎ᠡ》 ᠣᠳᠣᠨ ᠢᠶᠠᠷ ᠱᠠᠩᠨᠠᠪᠠ᠃ | 2017 ᠣᠨ ᠳᠤ ᠠᠪᠠᠭ᠎ᠠ ᠨᠣᠳᠤᠭ ᠤᠨ ᠢᠶᠠᠨ ᠠᠭᠤᠯᠠ ᠣᠰᠣᠨ ᠢ ᠮᠠᠭᠳᠠᠵᠥ ᠰᠢᠯᠥᠭᠯᠡᠵᠥ ᠨᠣᠲᠯᠠᠭᠰᠠᠨ《 | ᠮᠦᠩᠬᠡ ᠲᠡᠭᠷᠢ ᠶᠢᠨ ᠬᠦᠴᠦᠨ ᠳᠤᠷ》 ᠬᠡᠬᠦ ᠪᠦᠳᠦᠬᠡᠯ ᠨᠢ ᠡᠨᠡ ᠵᠢᠯ ᠪᠠᠷᠠᠭᠤᠨ ᠪᠠᠭᠠᠷᠢᠨ ᠳᠤ ᠶᠠᠪᠣᠭᠳᠠᠭᠰᠠᠨ ᠪᠦᠬᠦ | ᠣᠷᠣᠨ ᠤ ᠣᠯᠠᠭᠠᠨᠮᠦ᠋ᠴᠢᠷ ᠪᠠᠶᠢᠭᠤᠯᠣᠭᠳᠠᠭᠰᠠᠨ60 ᠵᠢᠯ ᠤᠨ ᠣᠢ ᠶᠢᠨ ᠪᠡᠶᠡᠷ ᠤᠨ ᠣᠷᠠᠯᠢᠭ ᠤᠨ ᠶᠡᠭᠡ ᠨᠡᠶᠢᠷ ᠲᠤ | ᠨᠢᠬᠡᠳᠣᠬᠡᠷ ᠲᠡᠰ ᠤᠨ ᠪᠦᠳᠦᠬᠡᠯ ᠢᠶᠠᠷ ᠲᠣᠳᠣᠷᠠᠵᠥ᠂ ᠠᠯᠳᠠᠨ ᠮᠧᠲ᠋ᠠᠯ ᠤᠨ ᠶᠡᠭᠡ ᠱᠠᠩᠨᠠᠯ ᠭᠠᠷᠳᠠᠭᠰᠠᠨ ᠪᠠᠶᠢᠨ᠎ᠠ᠃ | ᠠᠪᠠᠭ᠎ᠠ ᠨᠣᠳᠤᠭ ᠤᠨ ᠨᠡᠷᠡᠳᠣ ᠣᠷᠠᠨ ᠪᠦᠳᠦᠬᠡᠯᠴᠢ ᠴᠢᠷᠮᠠᠶᠢᠯᠳᠣ ᠭᠤᠴᠢᠭᠠᠳ ᠵᠢᠯ ᠤᠨ ᠣᠷᠠᠯᠢᠭ ᠤᠨ | ᠵᠣᠬᠢᠶᠠᠨ ᠪᠦᠳᠦᠬᠡᠬᠦ ᠶᠠᠪᠣᠴᠠ ᠲᠣᠮᠳᠠ ᠣᠳᠣ ᠪᠣᠯᠳᠠᠯ᠎ᠠ《 ᠰᠠᠶᠢᠬᠠᠨ ᠮᠣᠩᠭᠤᠯ ᠨᠣᠳᠤᠭ》᠂《 ᠠᠪᠠᠭ᠎ᠠ ᠶᠢᠨ | ᠠᠭᠤᠳᠠᠮ ᠨᠣᠳᠤᠭ》᠂《 ᠠᠪᠠᠭ᠎ᠠ ᠣᠯᠠᠭᠠᠨᠮᠦ᠋ᠴᠢᠷ》᠂《 ᠬᠡᠶᠢᠮᠣᠷᠢ ᠨᠢ ᠦᠬᠡᠳᠡ ᠪᠠᠨ ᠶᠡᠬᠡᠭᠤᠣᠯ ᠮᠢᠨᠢ》 | ᠵᠡᠷᠬᠡ ᠠᠷᠠᠳ ᠲᠦᠮᠡᠨ ᠤ ᠵᠢᠷᠣᠬᠡ ᠰᠡᠳᠬᠢᠯ ᠳᠤ ᠬᠦᠷᠦᠭᠰᠡᠨ ᠨᠢᠬᠡ ᠵᠠᠭᠤ ᠢᠯᠡᠬᠦᠥ ᠲᠠᠭᠤᠨ ᠤ ᠠᠶ᠎ᠠ ᠨᠣᠲ | ᠵᠣᠬᠢᠶᠠᠵᠥ᠂ ᠡᠬᠦᠨ ᠤ ᠲᠣᠳᠣᠷ᠎ᠠ ᠲᠠᠯᠠᠭᠠᠳ ᠬᠤᠪᠢ ᠪᠦᠳᠦᠬᠡᠯ ᠨᠢ ᠠᠷᠠᠳ ᠲᠦᠮᠡᠨ ᠳᠡᠭᠡᠨ ᠮᠡᠳᠡᠷᠡᠭᠳᠡᠭᠰᠡᠨ | ᠣᠷᠠᠯᠢᠭ ᠤᠨ ᠣᠬᠢ ᠰᠠᠶᠢᠨ ᠪᠦᠳᠦᠬᠡᠯ ᠪᠣᠯᠣᠭᠰᠠᠨ ᠶᠣᠮ᠃ ᠡᠳᠡᠬᠡᠷ ᠣᠯᠠᠨ ᠤ ᠲᠣᠮᠳᠠ ᠠᠴᠠ2009 ᠣᠨ ᠳᠤ | ᠵᠣᠬᠢᠶᠠᠭᠳᠠᠭᠰᠠᠨ《 ᠠᠪᠠᠭ᠎ᠠ ᠶᠢᠨ ᠠᠭᠤᠳᠠᠮ ᠨᠣᠳᠤᠭ》 ᠨᠢ ᠮᠠᠨ ᠤ ᠣᠷᠣᠨ ᠤ ᠣᠳᠬ᠎ᠠ ᠣᠷᠠᠯᠢᠭ ᠤᠨ ᠬᠠᠮᠤᠭ | ᠲᠡᠬᠡᠳᠣ ᠱᠠᠩᠨᠠᠯ ᠪᠣᠯᠬᠤ《 ᠰᠠᠷᠠᠨ᠎ᠠ》 ᠱᠠᠩᠨᠠᠯ ᠢ ᠠᠮᠵᠢᠯᠳᠠ ᠲᠠᠢ ᠲᠣᠰᠣᠭᠰᠠᠨ ᠪᠠᠶᠢᠨ᠎ᠠ᠃ | ᠣᠷᠠᠨ ᠪᠦᠳᠦᠬᠡᠯ ᠳᠡᠭᠡᠨ ᠦᠨᠡᠨ ᠵᠢᠷᠣᠬᠡᠨ ᠠᠴᠠ ᠪᠠᠨ ᠬᠠᠶᠢᠷᠠᠳᠡᠢ ᠣᠯᠠᠭᠠᠨᠮᠦ᠋ᠴᠢᠷ ᠤᠨ ᠠᠬᠠᠮᠠᠳ | ᠲᠣᠭᠯᠠᠭᠴᠢ ᠴᠢᠷᠮᠠᠶᠢᠯᠳᠣ ᠶᠢᠨ ᠭᠤᠴᠢ ᠭᠠᠷᠣᠢ ᠵᠢᠯ ᠤᠨ ᠣᠷᠠᠯᠢᠭ ᠤᠨ ᠵᠠᠮᠨᠠᠯ ᠳᠠᠭᠠᠨ ᠦᠪᠦᠷ ᠮᠣᠩᠭᠤᠯ ᠤᠨ | ᠰᠣᠶᠣᠯ ᠤᠨ ᠲᠢᠩᠬᠢᠮ ᠠᠴᠠ ᠮᠡᠳᠡᠷᠡᠭᠰᠡᠨ《 ᠮᠣᠷᠢᠨ ᠬᠤᠭᠤᠷ ᠤᠨ ᠪᠣᠶᠢᠯᠠᠭᠠ ᠲᠠᠷᠣᠯᠭ᠎ᠠ 》 ᠶᠢᠨ ᠣᠷᠣᠨ ᠤ | ᠲᠡᠰ ᠤᠨ ᠪᠣᠳᠠᠰ ᠤᠨ ᠪᠣᠰᠣ ᠰᠣᠶᠣᠯ ᠤᠨ ᠦᠪ ᠤᠨ ᠦᠪᠯᠠᠨ ᠣᠯᠠᠮᠵᠢᠯᠠᠭᠴᠢ᠂ ᠦᠪᠦᠷ ᠮᠣᠩᠭᠤᠯ ᠤᠨ ᠣᠳᠬ᠎ᠠ | ᠣᠷᠠᠯᠢᠭ ᠤᠨ ᠬᠤᠯᠪᠣᠭ᠎ᠠ ᠵᠡᠷᠬᠡ ᠪᠠᠶᠢᠭᠤᠯᠥᠯᠭᠠ ᠨᠢᠬᠡᠴᠡ ᠠᠴᠠ ᠣᠯᠭᠤᠭᠰᠠᠨ《 ᠣᠯᠠᠭᠠᠨᠮᠦ᠋ᠴᠢᠷ ᠤᠨ ᠦᠢᠯᠡᠰ ᠲᠤ | ᠭᠤᠴᠢ ᠭᠠᠷᠣᠢ ᠵᠢᠯ ᠠᠵᠢᠯᠯᠠᠭᠰᠠᠨ ᠲᠡᠷᠢᠬᠦᠨ ᠤ ᠬᠤᠪᠢ ᠬᠦᠮᠦᠨ》᠂ ᠠᠶᠢᠮᠠᠭ ᠤᠨ ᠨᠠᠮ ᠤᠨ ᠬᠤᠷᠢᠶ᠎ᠡ᠂ ᠠᠶᠢᠮᠠᠭ | ᠤᠨ ᠵᠠᠬᠢᠷᠭ᠎ᠠ ᠠᠴᠠ《 ᠮᠠᠨ ᠤ ᠠᠶᠢᠮᠠᠭ ᠤᠨ ᠣᠯᠠᠭᠠᠨᠮᠦ᠋ᠴᠢᠷ ᠤᠨ ᠠᠬᠠᠮᠠᠳ ᠲᠣᠭᠯᠠᠭᠴᠢ》᠂ 《 ᠮᠣᠷᠢᠨ | ᠬᠤᠭᠤᠷ ᠤᠨ ᠲᠦᠯᠥᠬᠡᠯᠡᠭᠴᠢ》ᠵᠡᠷᠬᠡ ᠶᠢᠨ ᠢᠷᠡᠭᠤ ᠠᠯᠳᠡᠷ ᠢ ᠣᠯᠭᠤᠭᠰᠠᠨ ᠪᠠᠶᠢᠨ᠎ᠠ᠃ ᠡᠬᠦᠨ ᠤ ᠣᠯᠠᠮ ᠢᠶᠠᠷ | 2011 ᠣᠨ ᠤ ᠪᠦᠬᠦ ᠠᠶᠢᠮᠠᠭ ᠤᠨ《 ᠰᠢᠯᠢᠳᠡᠭ ᠬᠦᠭᠵᠢᠮ ᠤᠨ ᠵᠣᠬᠢᠶᠠᠯᠴᠢ》᠂ ᠪᠦᠬᠦ ᠬᠤᠰᠢᠭᠤᠨ ᠤ | ᠣᠶᠣᠨ ᠤ ᠪᠣᠯᠪᠠᠰᠣᠨ ᠤ ᠪᠦᠳᠦᠬᠡᠨ ᠪᠠᠶᠢᠭᠤᠯᠥᠯᠳᠠ ᠶᠢᠨ《 ᠲᠡᠷᠢᠬᠦᠨ ᠤ ᠬᠤᠪᠢ ᠬᠦᠮᠦᠨ 》 ᠵᠡᠷᠬᠡ ᠶᠢᠨ | ᠢᠷᠠᠭᠤ ᠠᠯᠳᠡᠷ ᠢ ᠣᠯᠠᠨ ᠣᠳᠠᠭ᠎ᠠ ᠬᠦᠷᠳᠡᠵᠥ ᠦᠩᠬᠡᠷᠡᠭᠰᠡᠨ ᠪᠢᠯᠡ᠃ | ᠨᠡᠩ ᠢᠯᠠᠩᠭᠤᠶ᠎ᠡ ᠨᠠᠮ ᠤᠨ ᠠᠷᠪᠡ ᠶᠢᠰᠣᠳᠦᠬᠡᠷ ᠬᠤᠷᠠᠯᠳᠣᠭᠠᠨ ᠠᠮᠵᠢᠯᠳᠠ ᠲᠠᠢ ᠬᠤᠷᠠᠯᠳᠣᠭᠰᠠᠨ ᠤ | ᠲᠠᠷᠠᠭ᠎ᠠ ᠪᠠᠷ ᠶᠡᠷᠣᠩᠬᠡᠢ ᠱᠦᠵᠢ ᠰᠢ ᠶᠢᠨ ᠫᠢᠩ ᠨᠦᠬᠦᠷ ᠠᠴᠠ ᠦᠪᠡᠷ ᠤᠨ ᠪᠡᠶ᠎ᠡ ᠪᠠᠷ ᠢᠶᠠᠨ ᠪᠦᠬᠦ ᠣᠷᠣᠨ ᠤ | ᠣᠯᠠᠭᠠᠨᠮᠦ᠋ᠴᠢᠷ ᠲᠤ ᠵᠡᠬᠢᠳᠠᠯ ᠪᠢᠴᠢᠵᠥ ᠵᠣᠷᠢᠭᠵᠢᠭᠤᠯᠣᠭᠰᠠᠨ ᠶᠠᠪᠣᠳᠠᠯ ᠨᠢ ᠦᠪᠡᠷ ᠤᠨ ᠪᠠᠭ᠋ᠠᠷᠬᠠᠨ ᠠᠵᠢᠯᠯᠠᠭᠰᠠᠭᠠᠷ | ᠢᠷᠡᠭᠰᠡᠨ ᠣᠯᠠᠭᠠᠨᠮᠦ᠋ᠴᠢᠷ ᠲᠡᠭᠡᠨ ᠦᠨᠡᠨ ᠵᠢᠷᠣᠬᠡᠨ ᠠᠴᠠ ᠪᠠᠨ ᠬᠠᠶᠢᠷᠡᠳᠡᠢ ᠴᠢᠷᠮᠠᠶᠢᠯᠳᠣ ᠳᠤ ᠶᠣᠰᠣᠳᠡᠢ ᠬᠡᠯᠡᠵᠥ | ᠲᠡᠶᠢᠯᠥᠰᠢ ᠦᠬᠡᠢ ᠲᠣᠭᠳᠣᠯᠣᠯ ᠢᠩᠳᠣᠯᠥᠯ ᠲᠦᠷᠦᠭᠳᠡᠬᠦᠯᠵᠥ᠂ ᠬᠤᠰᠢᠭᠤ ᠨᠠᠮ ᠤᠨ ᠬᠤᠷᠢᠶ᠎ᠡ᠂ ᠣᠬᠠᠭᠤᠯᠬᠤ | ᠬᠡᠯᠳᠡᠰ᠂ ᠨᠠᠮ ᠤᠨ ᠰᠣᠷᠭᠠᠭᠤᠯᠢ ᠵᠡᠷᠬᠡ ᠪᠠᠶᠢᠭᠤᠯᠥᠯᠭᠠ ᠨᠢᠬᠡᠴᠡ ᠶᠢᠨ ᠣᠳᠣᠷᠢᠳᠣᠯᠭ᠎ᠠ ᠪᠠᠭᠰᠢᠨᠡᠷ ᠤᠨ | ᠵᠢᠯᠥᠭᠤᠳᠣᠯᠭ᠎ᠠ ᠲᠣᠣᠷ᠎ᠠ ᠰᠢ ᠶᠢᠨ ᠫᠢᠩ ᠶᠡᠷᠣᠩᠬᠡᠢ ᠱᠦᠵᠢ ᠶᠢᠨ《 ᠣᠳᠬ᠎ᠠ ᠣᠷᠠᠯᠢᠭ ᠤᠨ ᠹᠡᠷᠣᠨᠲ ᠲᠡᠬᠡᠷ᠎ᠡ | ᠨᠠᠮᠢᠷᠠᠭᠰᠠᠨ — — ᠲᠠᠷᠬᠠᠨ ᠲᠤᠭ》 ᠬᠡᠬᠦ ᠶᠠᠷᠢᠶᠠᠨ ᠤ ᠭᠤᠣᠯ ᠰᠡᠳᠣᠪ ᠤᠨ ᠲᠣᠭᠤᠷᠢᠨ ᠳᠤ ᠣᠯᠠᠨ ᠣᠳᠠᠭᠠᠨ ᠤ | ᠶᠠᠷᠢᠯᠴᠠᠨ ᠰᠣᠳᠣᠯᠣᠭᠰᠠᠨ ᠤ ᠣᠯᠠᠮ ᠢᠶᠠᠷ ᠣᠷᠮ᠎ᠠ ᠵᠣᠷᠢᠭ ᠨᠢ ᠣᠯᠠᠮ ᠬᠦᠪᠴᠢᠯᠡᠭᠳᠡᠨ᠂ ᠵᠡᠬᠦᠨ ᠰᠦᠨᠢᠳ | ᠨᠣᠳᠤᠭ ᠲᠠᠢ ᠮᠠᠨ ᠤ ᠣᠷᠣᠨ ᠤ ᠨᠡᠷᠡᠳᠣ ᠢᠷᠡᠭᠤ ᠨᠠᠶᠢᠷᠠᠭᠴᠢ ᠶᠣ᠂ ᠡᠷᠳᠡᠨᠢᠳᠣᠭᠳᠣᠬᠤ ᠲᠠᠢ ᠸᠡᠶᠢᠴᠡᠲ ᠪᠠᠷ | ᠣᠷᠢᠨ ᠪᠣᠯᠵᠣᠭᠰᠠᠨ ᠤ ᠣᠯᠠᠮ ᠢᠶᠠᠷ ᠪᠦᠬᠦ ᠣᠷᠣᠨ ᠤ ᠣᠯᠠᠭᠠᠨᠮᠦ᠋ᠴᠢᠷ ᠪᠠᠶᠢᠭᠤᠯᠣᠭᠳᠠᠭᠰᠠᠨ60 ᠵᠢᠯ ᠤᠨ ᠣᠢ ᠶᠢᠨ | ᠪᠠᠶᠡᠷ ᠪᠠ ᠶᠡᠷᠣᠩᠬᠡᠢ ᠱᠦᠵᠢ ᠶᠢᠨ ᠱᠠᠭᠠᠷᠳᠠᠭᠰᠠᠨ ᠴᠠᠭ ᠡᠷᠡᠨ ᠤ ᠵᠣᠷᠢᠭ ᠰᠠᠨᠠᠭᠠᠨ ᠳᠤ ᠵᠣᠬᠢᠴᠠᠭᠤᠯᠣᠭᠰᠠᠨ | ᠣᠷᠣᠭᠰᠢᠯᠡᠯᠳᠡ ᠶᠢᠨ ᠮᠠᠷᠱ ᠪᠦᠬᠦᠢ ᠠᠶᠠᠯᠭᠤ《 ᠠᠭᠤᠳᠠᠮ ᠲᠠᠯ᠎ᠠ ᠶᠢᠨ ᠬᠦᠩᠬᠡᠨ ᠮᠣᠷᠢᠳᠣ ᠴᠡᠷᠢᠭ》 ᠬᠡᠬᠦ | ᠨᠡᠶᠢᠷᠡᠯ ᠲᠠᠭᠤᠣ ᠪᠠᠨ ᠲᠣᠭᠳᠣᠯᠣᠭᠰᠠᠨ ᠰᠡᠳᠬᠢᠯ ᠢᠶᠠᠨ ᠲᠡᠷᠣᠵᠥ ᠶᠠᠳᠠᠨ ᠪᠦᠳᠦᠬᠡᠭᠰᠡᠨ ᠢᠶᠠᠷ ᠲᠡᠬᠡᠳᠣ ᠱᠠᠳᠣᠨ ᠤ | ᠣᠯᠠᠨ ᠣᠳᠣᠷᠢᠳᠣᠯᠭ᠎ᠠ ᠨᠡᠷ ᠪᠠ ᠣᠯᠠᠭᠠᠨᠮᠦ᠋ᠴᠢᠷ ᠤᠨ ᠣᠯᠠᠨ ᠲᠣᠭᠯᠠᠭᠴᠢ ᠶᠢᠨ ᠬᠠᠯᠠᠭᠤᠨ ᠲᠠᠭᠠᠰᠢᠶᠠᠯ ᠢ | ᠬᠦᠯᠢᠶᠡᠵᠥ《 ᠴᠠᠭ ᠡᠷᠡᠨ ᠤ ᠲᠠᠭᠤᠨ ᠬᠤᠭᠤᠯᠠᠢ》 ᠪᠣᠯᠣᠭᠰᠠᠨ ᠬᠡᠵᠥ ᠦᠨᠳᠣᠷ ᠦᠨᠡᠯᠡᠭᠳᠡᠭᠰᠡᠨ ᠤ ᠬᠠᠮᠳᠣ ᠮᠠᠨ | ᠤ ᠣᠷᠣᠨ ᠤ《 ᠦᠨᠢᠷ ᠴᠡᠴᠡᠭ》 ᠰᠡᠳᠬᠦᠯ ᠤᠨ ᠣᠷᠴᠢᠭᠤᠯᠣᠭᠴᠢ ᠴᠠᠭᠴᠢᠨ ᠢᠶᠠᠷ ᠲᠠᠮᠵᠢᠨ ᠬᠡᠳᠡᠳ ᠬᠡᠯᠡᠨ ᠳᠤ | ᠣᠷᠴᠢᠭᠤᠯᠣᠭᠳᠠᠨ ᠵᠢᠷᠬᠢᠬᠡ ᠰᠦᠯᠵᠢᠶ᠎ᠡ ᠵᠡᠷᠬᠡ ᠪᠠᠷ ᠲᠠᠮᠵᠢᠨ ᠪᠦᠬᠦ ᠣᠯᠣᠰ ᠤᠨ ᠡᠯ᠎ᠠ ᠭᠠᠵᠠᠷ ᠲᠤ ᠲᠠᠷᠬᠠᠭᠰᠠᠨ | ᠪᠠᠶᠢᠨ᠎ᠠ᠃ | ᠮᠠᠨ ᠤ ᠣᠷᠣᠨ ᠤ ᠣᠷᠠᠨ ᠪᠦᠳᠦᠬᠡᠯᠴᠢ᠂ ᠠᠶᠠᠯᠭᠤ ᠵᠣᠬᠢᠶᠠᠭᠴᠢ᠂ ᠮᠣᠷᠢᠨ ᠬᠤᠭᠤᠷᠴᠢ ᠴᠢᠷᠮᠠᠶᠢᠯᠳᠣ | ᠮᠠᠨᠢ《 ᠠᠭᠤᠳᠠᠮ ᠲᠠᠯ᠎ᠠ ᠶᠢᠨ ᠬᠦᠩᠬᠡᠨ ᠮᠣᠷᠢᠳᠣ ᠴᠡᠷᠢᠭ》 ᠬᠡᠬᠦ ᠨᠠᠶᠢᠷᠠᠯ ᠬᠦᠭᠵᠢᠮ ᠤᠨ ᠪᠦᠳᠦᠬᠡᠯ ᠢᠶᠠᠨ | 2018 ᠣᠨ ᠤ ᠴᠠᠭᠠᠨ ᠰᠠᠷ᠎ᠠ ᠶᠢᠨ ᠦᠳᠡᠰᠢᠯᠡᠭᠡ ᠳᠤ ᠣᠷᠣᠯᠴᠠᠭᠤᠯᠬᠤ ᠪᠠᠷ ᠣᠯᠠᠮ ᠢᠳᠡᠪᠬᠢᠳᠡᠢ | ᠪᠣᠯᠪᠠᠰᠣᠷᠠᠭᠤᠯᠬᠤ ᠶᠢᠨ ᠬᠠᠮᠳᠣ ᠰᠢ ᠶᠢᠨ ᠫᠢᠩ ᠶᠡᠷᠣᠩᠬᠡᠢ ᠱᠦᠵᠢ ᠶᠢᠨ ᠪᠦᠬᠦ ᠣᠷᠣᠨ ᠤ ᠣᠯᠠᠭᠠᠨᠮᠦ᠋ᠴᠢᠷ ᠲᠤ | ᠣᠣᠯ ᠤᠨ ᠪᠠᠶᠢᠭᠰᠠᠨ《 ᠦᠢᠯᠡᠴᠡᠯᠡᠭᠡ᠂ ᠣᠬᠠᠭᠤᠯᠭ᠎ᠠ᠂ ᠲᠣᠭᠯᠠᠬᠤ᠂ ᠵᠢᠭᠠᠨ ᠵᠢᠯᠥᠭᠤᠳᠬᠤ 》 ᠵᠡᠷᠬᠡ ᠲᠦᠷᠪᠡᠨ | ᠦᠢᠯᠡᠳᠣᠯ ᠤᠨ ᠲᠡᠬᠡᠷ᠎ᠠ ᠪᠠᠰᠠ《 ᠦᠪᠯᠠᠨ ᠣᠯᠠᠮᠵᠢᠯᠠᠬᠤ ᠪᠠ ᠵᠣᠬᠢᠶᠠᠨ ᠪᠦᠳᠦᠬᠡᠬᠦ》 ᠶᠢ ᠣᠶᠠᠯᠳᠣᠭᠤᠯᠬᠤ | ᠵᠢᠭᠠᠪᠣᠷᠢ ᠶᠣᠰᠣᠭᠠᠷ ᠴᠢᠷᠮᠠᠶᠢᠨ ᠵᠢᠳᠬᠦᠵᠥ᠂《 ᠣᠷᠠᠯᠢᠭ ᠤᠨ ᠰᠢᠯᠢᠳᠡᠭ ᠪᠦᠳᠦᠬᠡᠯ ᠢᠶᠠᠨ ᠠᠷᠠᠳ ᠲᠦᠮᠡᠨ ᠳᠡᠭᠡᠨ | ᠬᠦᠷᠬᠡᠬᠦ》 ᠣᠶᠢᠭ᠎ᠠ ᠬᠦᠳᠡᠯᠮᠣᠷᠢ ᠶᠢᠨ ᠣᠷᠮ᠎ᠠ ᠲᠠᠢ ᠪᠦᠳᠦᠬᠡᠯ ᠢᠶᠠᠨ ᠨᠣᠲ᠋ᠠᠯᠠᠵᠥ ᠶᠠᠪᠣᠨ᠎ᠠ᠃ | |