| ᠪᠦᠬᠦ ᠣᠷᠣᠨ ᠤ ᠵᠢᠷᠭᠤᠳᠣᠭᠠᠷ ᠬᠤᠭᠤᠴᠠᠭᠠᠨ ᠤ ᠡᠮᠡᠭᠳᠡᠶᠢᠴᠣᠳ ᠤᠨ ᠬᠤᠯᠪᠣᠭᠠᠳᠣ ᠬᠤᠷᠠᠯ ᠤᠨ | ᠲᠦᠯᠥᠬᠡᠯᠡᠭᠴᠢ᠂ | ᠠᠶᠢᠮᠠᠭ ᠤᠨ ᠲᠡᠰ ᠤᠨ ᠰᠢᠯᠢᠳᠡᠭ ᠨᠠᠮ ᠤᠨ ᠬᠡᠰᠢᠬᠦᠨ ᠣᠶᠣᠨᠬᠡᠷᠡᠯ ᠤᠨ ᠲᠣᠬᠠᠢ ᠰᠣᠷᠪᠣᠯᠵᠢᠯᠠᠭ᠎ᠠ | ᠡᠷᠳᠡ ᠲᠡᠬᠡᠳᠣ ᠶᠢᠨ ᠡᠪᠦᠭᠡ ᠲᠡᠬᠡᠳᠣᠰ ᠠᠴᠠ ᠪᠠᠨ ᠦᠪᠯᠡᠵᠥ ᠢᠷᠡᠭᠰᠡᠨ ᠡᠨᠡ ᠰᠠᠶᠢᠬᠠᠨ ᠨᠣᠳᠤᠭ ᠣᠷᠣᠨ | ᠳᠠᠭᠠᠨ ᠡᠵᠡᠨ ᠨᠢ ᠪᠣᠯᠵᠥ᠂ ᠡᠷᠢᠨ ᠴᠠᠭ ᠤᠨ ᠬᠦᠭᠵᠢᠯ ᠲᠠᠪᠰᠢᠯ ᠤᠨ ᠬᠦᠭ ᠠᠶᠢᠵᠢᠮ ᠳᠤ ᠠᠯᠬᠤᠭ᠎ᠠ ᠨᠡᠶᠢᠯᠡᠬᠦᠯᠥᠨ | ᠂ ᠬᠡᠳᠣᠨ ᠮᠢᠩᠭᠠᠨ ᠵᠢᠯ ᠢᠶᠠᠷ ᠣᠯᠠᠮᠵᠢᠯᠠᠵᠥ ᠢᠷᠡᠭᠰᠡᠨ ᠮᠠᠯ ᠠᠵᠥ ᠠᠬᠤᠢ ᠪᠠᠨ ᠰᠠᠶᠢᠳᠣᠷ ᠡᠷᠬᠢᠯᠡᠵᠥ᠂ ᠬᠡᠨ ᠠᠴᠠ | ᠴᠣ᠋ ᠲᠣᠳᠠᠬᠤ ᠦᠬᠡᠢ ᠪᠠᠶᠠᠨ ᠴᠢᠨᠡᠬᠡᠯᠢᠭ ᠣᠷᠣᠰᠢᠨ ᠠᠮᠢᠳᠣᠷᠠᠵᠥ ᠢᠷᠡᠭᠰᠡᠨ ᠮᠠᠯᠴᠢᠨ ᠲᠦᠮᠡᠨ ᠮᠣᠩᠭᠤᠯ ᠨᠣᠳᠤᠭ | ᠲᠤ ᠮᠢᠨᠢ ᠮᠣᠩ ᠦᠬᠡᠢ ᠣᠯᠠᠨ ᠪᠠᠶᠢᠬᠤ ᠨᠢ ᠮᠡᠳᠡᠬᠡᠵᠢ᠃ ᠰᠢᠷᠠᠭᠴᠢᠨ ᠭᠠᠭ᠋ᠠᠢ ᠵᠢᠯ ᠤᠨ ᠬᠠᠩᠰᠢ ᠨᠡᠬᠡᠬᠡᠭᠰᠡᠨ ᠤ | ᠲᠠᠷᠠᠭᠠᠬᠠᠨ ᠵᠠᠪᠰᠢᠶᠠᠨ ᠲᠣᠬᠢᠶᠠᠯ ᠬᠠᠷᠭᠤᠵᠥ ᠠᠪᠠᠭ᠎ᠠ ᠨᠣᠳᠤᠭ ᠲᠠᠭᠠᠨ ᠠᠵᠢᠯᠴᠢ ᠮᠠᠯᠴᠢᠨ ᠤ ᠲᠣᠭᠠᠨ ᠳᠤ ᠪᠠᠭᠳᠠᠨ | ᠠᠷᠠᠳ ᠣᠯᠠᠨ ᠤ ᠪᠠᠨ ᠲᠠᠭᠠᠭᠤᠯᠣᠭᠴᠢ ᠪᠣᠯᠣᠨ ᠬᠢᠯᠡᠷᠡᠵᠥ ᠶᠠᠪᠣᠭ᠎ᠠ ᠣᠶᠣᠨᠬᠡᠷᠡᠯ ᠡᠬᠡᠴᠢ ᠲᠠᠢ ᠠᠭᠤᠯᠵᠠᠨ | ᠲᠠᠨᠢᠯᠴᠠᠵᠥ᠂ ᠡᠬᠦᠨ ᠤ ᠣᠯᠠᠮ ᠢᠶᠠᠷ ᠲᠡᠬᠦᠨ ᠤ ᠬᠦᠮᠦᠨ ᠳᠤ ᠡᠬᠡᠯᠢᠳᠡᠢ᠂ ᠬᠦᠳᠡᠯᠮᠣᠷᠢ ᠳᠤ ᠰᠢᠵᠢᠷᠠᠭᠤᠨ ᠵᠠᠩ | ᠰᠣᠷᠳᠠᠯ ᠢ ᠣᠶᠢᠯᠠᠭᠠᠨ ᠬᠦᠨᠳᠦᠳᠬᠡᠬᠦ ᠶᠢᠨ ᠵᠡᠷᠬᠡᠴᠡᠭᠡ ᠰᠣᠳᠣᠨ ᠰᠠᠶᠢᠬᠠᠨ ᠦᠢᠯᠡ ᠠᠵᠢᠯᠯᠠᠭ᠎ᠠ ᠶᠢ ᠨᠢ | ᠰᠣᠷᠪᠣᠯᠵᠢᠯᠠᠨ ᠪᠢᠴᠢᠭᠰᠡᠨ ᠲᠡᠮᠳᠡᠭᠯᠠᠯ ᠨᠢ ᠡᠨᠡ ᠪᠢᠯᠡ᠃ | ᠲᠦᠷᠦᠭᠰᠡᠨ ᠨᠣᠳᠤᠭ — ᠲᠡᠮᠡᠴᠡᠵᠥ ᠶᠠᠪᠣᠬᠤ ᠶᠢᠨ ᠦᠨᠢᠳᠠ ᠶᠢᠨ ᠪᠠᠳᠣᠶᠣᠰᠣ | ᠮᠣᠩᠭᠤᠯ ᠦᠨᠳᠣᠰᠣᠳᠡᠨ ᠤ ᠮᠢᠨᠢ ᠲᠡᠣᠬᠡᠨ ᠳᠤ ᠡᠷᠳᠡ ᠲᠡᠬᠡᠳᠣ ᠠᠴᠠ ᠪᠠᠨ ᠪᠦᠰᠡᠬᠦᠢ ᠣᠬᠠᠭᠠᠨ ᠢᠶᠠᠷ ᠢᠶᠠᠨ | ᠪᠦᠬᠦᠯᠢ ᠪᠦᠳᠦᠨ ᠨᠣᠳᠤᠭ ᠣᠷᠣᠨ ᠢᠶᠠᠨ ᠲᠡᠬᠡᠭᠰᠢ ᠨᠢ ᠲᠡᠳᠡᠵᠥ ᠶᠠᠪᠣᠭᠰᠠᠨ ᠰᠢᠯᠢᠳᠡᠭ ᠡᠮᠡᠭᠳᠡᠢ ᠣᠯᠠᠨ ᠪᠠᠶᠢᠭᠰᠠᠨ | ᠨᠢ ᠮᠡᠳᠡᠬᠡᠵᠢ᠂ ᠣᠳᠣ ᠴᠣ᠋ ᠬᠡᠰᠡᠨ ᠲᠠᠯ᠎ᠠ ᠪᠠᠨ ᠰᠢᠭ᠋ ᠠᠭᠤᠳᠠᠮ ᠰᠠᠷᠠᠭᠤᠯ ᠣᠬᠠᠭᠠᠨ ᠲᠠᠢ ᠲᠠᠪᠣᠨ ᠬᠤᠰᠢᠭᠤ ᠮᠠᠯ | ᠢᠶᠠᠨ ᠲᠡᠭᠰᠢ ᠦᠰᠬᠡᠨ᠂ ᠲᠠᠩᠰᠤᠭ ᠰᠠᠶᠢᠬᠠᠨ ᠴᠢᠨᠡᠬᠡᠯᠢᠭ ᠠᠮᠢᠳᠣᠷᠠᠯ ᠢᠶᠠᠨ ᠴᠣᠭᠴᠠᠯᠠᠵᠥ ᠶᠠᠪᠣᠭ᠎ᠠ ᠲᠠᠨᠢᠯ ᠲᠠᠰᠣᠯ | ᠪᠦᠰᠡᠬᠦᠶᠢᠴᠣᠣᠯ ᠣᠯᠠᠨ ᠪᠠᠶᠢᠭ᠎ᠠ ᠶᠢᠨ ᠨᠢᠬᠡᠨ ᠨᠢ ᠠᠪᠠᠭ᠎ᠠ ᠬᠤᠰᠢᠭᠤᠨ ᠤ ᠪᠠᠶᠠᠨᠴᠠᠭᠠᠨ ᠪᠠᠯᠭᠠᠰᠣᠨ ᠤ ᠪᠤᠨᠳᠡᠷᠢ | ᠭᠠᠴᠠᠭᠠᠨ ᠤ ᠣᠣᠯ ᠤᠨ ᠨᠠᠮ ᠤᠨ ᠡᠬᠦᠷ ᠤᠨ ᠱᠦᠵᠢ᠂ ᠰᠢᠯᠢᠳᠡᠭ ᠨᠠᠮ ᠤᠨ ᠬᠡᠰᠢᠬᠦᠨ ᠣᠶᠣᠨᠬᠡᠷᠡᠯ ᠪᠠᠶᠢᠭ᠎ᠠ᠃ | ᠰᠢᠯᠢᠳᠡᠭ ᠨᠠᠮ ᠤᠨ ᠬᠡᠰᠢᠬᠦᠨ ᠣᠶᠣᠨᠬᠡᠷᠡᠯ1961 ᠣᠨ ᠳᠤ ᠣᠣᠯ ᠪᠠᠶᠠᠨᠴᠠᠭᠠᠨ ᠰᠣᠮᠣᠨ ᠤ ᠠᠯᠳᠠᠨᠬᠠᠩᠭᠠᠢ | ᠭᠠᠴᠠᠭᠠᠨ ᠤ ᠪᠠᠷᠠᠭᠤᠨ ᠣᠪᠣᠭᠠᠳᠣ ᠬᠡᠳᠡᠭ ᠭᠠᠵᠠᠷ ᠠᠶᠢᠯ ᠤᠨ ᠭᠤᠷᠪᠠᠨ ᠬᠡᠣᠬᠡᠳ ᠤᠨ ᠪᠠᠭ᠎ᠠ ᠦᠬᠢᠨ ᠨᠢ ᠪᠣᠯᠵᠥ | ᠲᠦᠷᠦᠭᠰᠡᠨ ᠪᠢᠯᠡ᠃1968 ᠣᠨ ᠳᠤ ᠠᠪᠠᠭ᠎ᠠ ᠬᠤᠰᠢᠭᠤᠨ ᠤ ᠮᠣᠩᠭᠤᠯ ᠪᠠᠭ᠎ᠠ ᠰᠣᠷᠭᠠᠭᠤᠯᠢ ᠳᠤ ᠠᠩᠬ᠎ᠠ | ᠰᠣᠷᠭᠠᠭᠤᠯᠢ ᠶᠢᠨ ᠪᠣᠱᠤᠭ᠎ᠠ ᠶᠢ ᠠᠯᠬᠤᠵᠥ ᠣᠷᠣᠨ ᠤ ᠲᠡᠰ ᠤᠨ ᠰᠢᠯᠢᠳᠡᠭ ᠪᠠᠭᠰᠢ ᠱᠢᠷᠣᠨᠵᠢᠳ ᠶᠢᠨ ᠰᠣᠷᠣᠭᠴᠢ | ᠪᠣᠯᠣᠭᠰᠠᠨ ᠢᠶᠠᠨ1978 ᠣᠨ ᠳᠤ ᠠᠩᠬ᠎ᠠ ᠲᠣᠮᠳᠠ ᠪᠠᠨ ᠠᠮᠵᠢᠯᠳᠠ ᠲᠠᠢ ᠲᠡᠬᠦᠰᠬᠡᠬᠡᠳ ᠲᠣᠬᠠᠢ ᠶᠢᠨ ᠦᠶ᠎ᠡ ᠶᠢᠨ | ᠨᠦᠬᠦᠴᠡᠯ ᠪᠣᠯᠥᠯᠴᠠᠭᠠ ᠪᠠᠷᠣᠭᠳᠡᠢ ᠪᠠᠶᠢᠭᠰᠠᠨ ᠤ ᠬᠠᠷᠠᠭ᠎ᠠ ᠪᠠᠷ ᠴᠢᠨᠠᠭᠰᠢᠳᠡ ᠰᠣᠷᠭᠠᠭᠤᠯᠢ ᠲᠠᠪᠰᠢᠵᠥ ᠴᠢᠳᠠᠭᠰᠠᠨ | ᠦᠬᠡᠢ᠂ ᠬᠦᠳᠡᠭᠡ ᠨᠣᠳᠤᠭ ᠲᠠᠭᠠᠨ ᠪᠣᠴᠠᠵᠥ ᠬᠦᠳᠡᠯᠮᠣᠷᠢ ᠦᠢᠯᠡᠳᠪᠦᠷᠢᠯᠠᠯ ᠳᠤ ᠣᠷᠣᠯᠴᠠᠭᠰᠠᠨ ᠪᠠᠶᠢᠨ᠎ᠠ᠃ | ᠣᠶᠣᠨᠬᠡᠷᠡᠯ ᠤᠨ ᠨᠠᠭᠠᠴᠣ ᠡᠪᠦᠭᠡ ᠬᠦᠩᠰᠡᠭ ᠬᠡᠭᠴᠢ ᠬᠦᠮᠦᠨ ᠬᠠᠮᠪᠤ ᠶᠢᠨ ᠰᠦᠮ᠎ᠠ ᠶᠢᠨ ᠮᠢᠩᠭᠠᠨ ᠬᠠᠷ᠎ᠠ ᠠᠳᠣᠭᠤ | ᠶᠢ ᠨᠢᠬᠡ ᠨᠠᠰᠣ ᠪᠠᠷ ᠢᠶᠠᠨ ᠣᠰᠣᠯᠠᠵᠥ ᠦᠰᠬᠡᠭᠰᠡᠨ ᠬᠦᠮᠦᠨ ᠬᠡᠵᠥ ᠨᠣᠳᠤᠭ ᠣᠰᠣᠨ ᠤ ᠬᠢᠨᠢ ᠲᠣᠮᠣᠭᠯᠠᠵᠥ | ᠶᠠᠷᠢᠯᠴᠠᠳᠠᠭ᠃ ᠪᠠᠭ᠎ᠠ ᠨᠠᠰᠣᠨ ᠤ ᠣᠶᠣᠨᠬᠡᠷᠡᠯ ᠡᠶᠢᠮᠣᠷᠬᠦᠣ ᠡᠬᠡᠯ ᠵᠢᠷ ᠤᠨ ᠮᠠᠯᠴᠢᠨ ᠠᠶᠢᠯ ᠤᠨ ᠬᠡᠣᠬᠡᠳ ᠪᠣᠯᠵᠥ | ᠦᠰᠣᠨ᠂ ᠠᠩᠬ᠎ᠠ ᠲᠣᠮᠳᠠ ᠪᠠᠨ ᠲᠡᠬᠦᠰᠬᠡᠬᠡᠳ ᠬᠦᠳᠡᠭᠡ ᠨᠣᠳᠤᠭ ᠲᠠᠭᠠᠨ ᠪᠣᠴᠠᠭᠰᠠᠨ ᠪᠣᠯᠬᠤᠷ ᠭᠠᠴᠠᠭᠠᠨ ᠠᠴᠠ | ᠨᠢ ᠣᠶᠣᠨᠬᠡᠷᠡᠯ ᠢ ᠨᠢᠬᠡ ᠵᠢᠯ ᠨᠢᠭᠳᠠᠯᠠᠨ ᠪᠣᠳᠣᠭᠴᠢ ᠶᠢᠨ ᠠᠵᠢᠯ ᠬᠢᠯᠬᠡᠭᠰᠡᠨ ᠨᠢ ᠨᠠᠰᠣᠨ ᠲᠣᠷᠰᠢᠳᠡ ᠪᠠᠨ ᠮᠠᠯᠴᠢᠨ | ᠠᠷᠠᠳ ᠤᠨ ᠢᠶᠠᠨ ᠲᠦᠯᠥᠬᠡ ᠵᠢᠳᠬᠦᠬᠦ ᠲᠡᠬᠦᠰᠬᠡᠯ ᠦᠬᠡᠢ ᠠᠶᠠᠨ ᠳᠤ ᠬᠦᠯ ᠲᠠᠯᠪᠢᠭᠰᠠᠨ ᠬᠡᠯᠳᠡᠢ᠃ | ᠲᠡᠬᠡᠷ᠎ᠡ ᠵᠠᠭᠤᠨ ᠤ ᠨᠠᠶᠠᠭᠠᠳ ᠣᠨ ᠢᠶᠠᠷ ᠣᠶᠣᠨᠬᠡᠷᠡᠯ ᠤᠨ ᠬᠦᠳᠡᠭᠡ ᠶᠢᠨ ᠬᠠᠷ᠎ᠠ ᠪᠣᠷᠣ ᠠᠵᠢᠯ ᠲᠠᠭᠠᠨ ᠵᠣᠷᠢᠭ | ᠰᠢᠨᠳᠠᠷᠠᠯ ᠦᠬᠡᠢ ᠵᠢᠳᠬᠦᠵᠥ ᠶᠠᠪᠣᠭᠰᠠᠨ ᠵᠢᠪᠬᠤᠭᠠᠯᠢᠭ ᠲᠦᠷᠢ ᠨᠢ ᠦᠶ᠎ᠡ ᠶᠢᠨ ᠵᠠᠯᠠᠭᠤᠴᠣᠳ ᠤᠨ ᠬᠠᠷᠠᠭ᠎ᠠ ᠶᠢ | ᠬᠤᠵᠢᠷᠯᠠᠵᠥ ᠶᠠᠪᠣᠬᠤ ᠳᠤ ᠵᠠᠪᠠᠯ ᠬᠤᠣᠰᠯᠠᠨ ᠵᠢᠷᠭᠠᠳᠠᠭ ᠬᠤᠷᠸ᠎ᠠ ᠶᠢᠨ ᠵᠢᠮ᠎ᠠ ᠪᠠᠷ ᠵᠡᠷᠬᠡᠯᠡᠳᠡᠭᠡ ᠪᠤᠨᠳᠡᠷᠢ ᠭᠠᠴᠠᠭᠠᠨ | ᠤ ᠬᠤᠪᠢᠰᠬᠠᠯᠳᠣ ᠬᠡᠭᠴᠢ ᠵᠠᠯᠠᠭᠤ ᠲᠠᠢ ᠵᠠᠩ ᠠᠭᠠᠯᠢ ᠲᠠᠭᠠᠷᠠᠭᠰᠠᠨ ᠤ ᠣᠯᠠᠮ ᠢᠶᠠᠷ1980 ᠣᠨ ᠳᠤ ᠲᠠᠪᠣᠨ | ᠬᠠᠨ᠎ᠠ ᠲᠠᠢ ᠮᠣᠩᠭᠤᠯ ᠬᠡᠷ ᠲᠠᠢ ᠲᠦᠬᠦᠮᠬᠡᠨ ᠠᠶᠢᠯ ᠪᠣᠯᠵᠥ ᠡᠷᠳᠡᠮ ᠤᠨ ᠣᠬᠠᠭᠠᠨ ᠪᠠᠶᠢᠭᠰᠠᠨ ᠬᠦᠮᠦᠨ ᠳᠤ ᠡᠳ᠋ | ᠤᠨ ᠬᠦᠷᠦᠩᠬᠡ ᠲᠣᠬᠢᠶᠠᠬᠤ ᠪᠠᠶᠢᠯᠬᠦᠢ ᠬᠡᠵᠥ ᠢᠳᠡᠬᠡᠯ ᠲᠡᠬᠦᠯᠳᠡᠷ ᠪᠣᠳᠣᠵᠥ ᠶᠠᠪᠣᠭᠰᠠᠨ᠃ ᠴᠠᠭ ᠦᠶ᠎ᠡ ᠶᠢᠨ | ᠣᠷᠣᠭᠰᠢᠯᠠᠯᠳᠠ ᠪᠠᠷ ᠣᠳᠠᠭᠰᠠᠨ ᠦᠬᠡᠢ ᠮᠠᠯ ᠪᠡᠯᠴᠢᠬᠡᠷ ᠤᠨ ᠬᠤᠣᠰ ᠲᠠᠭᠠᠭᠠᠴᠢᠯᠠᠯᠳᠠ ᠡᠬᠢᠯᠡᠵᠥ ᠡᠳᠡᠨᠡᠶᠢᠬᠢᠨ 3 | ᠪᠣᠳᠠ᠂27 ᠪᠣᠭ ᠮᠠᠯ ᠬᠤᠪᠢᠶᠠᠷᠢᠯᠠᠨ ᠣᠯᠵᠥ ᠠᠪᠠᠭ᠎ᠠ ᠶᠢᠨ ᠠᠭᠤᠳᠠᠮ ᠲᠠᠯ᠎ᠠ ᠳᠤ ᠡᠬᠡᠯ ᠵᠢᠷ ᠤᠨ ᠮᠠᠯᠴᠢᠨ | ᠮᠣᠩᠭᠤᠯ ᠠᠶᠢᠯ ᠨᠡᠮᠡᠭᠳᠡᠭᠰᠡᠨ ᠡ᠃ ᠢᠩᠬᠢᠬᠡᠳ ᠵᠠᠯᠠᠭᠤ ᠨᠠᠰᠣᠨ ᠤ ᠣᠨᠳᠣᠷᠡᠰᠢ ᠦᠬᠡᠢ ᠣᠷᠬᠢᠯᠥᠮᠠ ᠬᠠᠯᠠᠭᠤᠨ | ᠵᠣᠷᠢᠭ ᠰᠦᠰᠦ ᠪᠠ ᠴᠣᠴᠠᠰᠢ ᠦᠬᠡᠢ ᠡᠷᠴᠢ ᠬᠦᠴᠦᠨ ᠢᠶᠠᠷ ᠬᠤᠩᠭᠤᠷ ᠬᠤᠶᠠᠭᠤᠯᠠ ᠴᠢᠷᠮᠠᠶᠢᠨ ᠵᠢᠳᠬᠦᠭᠰᠡᠨ ᠢᠶᠠᠷ | ᠣᠬᠤᠷᠬᠠᠨ ᠬᠡᠳᠣᠨ ᠵᠢᠯ ᠳᠤ ᠮᠠᠯ ᠰᠦᠷᠦᠭ ᠨᠢ ᠦᠨᠢᠷ ᠦᠰᠴᠣ1998 ᠣᠨ ᠳᠤ ᠠᠩᠬ᠎ᠠ ᠣᠳᠠᠭ᠎ᠠ ᠪᠠᠨ | ᠮᠣᠩᠭᠤᠯ ᠨᠣᠳᠤᠭ ᠲᠠᠭᠠᠨ ᠮᠢᠩᠭᠠᠨ ᠮᠠᠯ ᠪᠡᠯᠴᠢᠬᠡᠭᠰᠡᠨ ᠠᠵᠢᠯᠴᠢ ᠮᠠᠯᠴᠢᠨ ᠪᠣᠯᠵᠥ ᠮᠢᠩᠭᠠᠨ ᠮᠠᠯ ᠤᠨ ᠮᠠᠶᠢᠯᠠᠭ᠎ᠠ | ᠪᠠᠷ ᠨᠣᠳᠤᠭ ᠣᠰᠣᠨ ᠤ ᠨᠠᠪᠳᠠᠭ ᠱᠠᠪᠳᠠᠭ ᠢᠶᠠᠨ ᠪᠠᠶᠠᠷᠯᠠᠭᠤᠯᠣᠭᠰᠠᠨ ᠪᠢᠯᠡ᠃ ᠬᠦᠳᠡᠯᠮᠣᠷᠢᠴᠢ ᠬᠦᠮᠦᠨ ᠤ ᠬᠠᠯᠠᠮᠵᠢ | ᠬᠠᠶᠢᠷ᠎ᠠ ᠶᠢᠨ ᠭᠠᠷ ᠲᠠᠭᠠᠵᠥ ᠬᠠᠯᠠᠭᠤᠨ ᠬᠤᠰᠢᠭᠤᠳᠣ ᠮᠠᠯ ᠨᠢ ᠴᠣ᠋ ᠦᠨᠢᠷ ᠦᠰᠴᠣ ᠪᠠᠶᠢᠭᠰᠠᠨ ᠴᠣ᠋ ᠲᠦᠷᠦᠭᠰᠡᠨ | ᠨᠣᠳᠤᠭ ᠤᠨ ᠢᠶᠠᠨ ᠬᠡᠰᠡᠭ ᠴᠢᠯᠠᠭᠤ ᠰᠢᠷᠬᠡᠭ ᠡᠪᠡᠰᠣ ᠶᠢ ᠨᠢ ᠴᠣ᠋ ᠬᠠᠶᠢᠷᠠᠯᠠᠨ ᠬᠢᠮᠠᠭᠠᠳᠠᠳᠠᠭ ᠣᠶᠣᠨᠬᠡᠷᠡᠯ ᠰᠢᠨ᠎ᠠ | ᠮᠢᠩᠭᠠᠨ ᠣᠨ ᠡᠬᠢᠯᠡᠭᠰᠡᠨ ᠠᠴᠠ ᠨᠠᠰᠢᠬᠢ ᠮᠠᠯ ᠪᠡᠯᠴᠢᠬᠡᠷ ᠤᠨ ᠵᠦᠷᠢᠴᠠᠯ ᠬᠤᠷᠴᠠᠳᠣᠭᠰᠠᠨ ᠴᠠᠭ ᠦᠶ᠎ᠡ ᠳᠤ ᠦᠪᠡᠷ | ᠤᠨ14000 ᠢᠯᠡᠬᠦᠥ ᠮᠣ᠋ ᠪᠠᠯᠴᠢᠬᠡᠷ ᠢᠶᠠᠨ ᠬᠠᠪᠣᠷᠵᠢᠶᠡ᠂ ᠡᠪᠦᠯᠵᠢᠶ᠎ᠡ ᠬᠡᠵᠥ ᠬᠡᠳᠣᠨ ᠬᠡᠰᠡᠭ ᠬᠤᠪᠢᠶᠠᠨ ᠮᠠᠯᠵᠢᠵᠥ | ᠪᠡᠯᠴᠢᠬᠡᠷ ᠰᠡᠯᠬᠦᠬᠦ ᠶᠢᠨ ᠵᠡᠷᠬᠡᠴᠡᠭᠡ ᠪᠣᠰᠣᠳ ᠤᠨ ᠲᠦᠮᠡ ᠢᠯᠡᠬᠦᠥ ᠮᠣ᠋ ᠪᠡᠯᠴᠢᠬᠡᠷ ᠢ ᠲᠦᠷᠢᠶᠠᠰᠣᠯᠠᠨ ᠬᠠᠪᠣᠷ ᠵᠣᠨ | ᠤ ᠣᠷᠭᠤᠴᠠ ᠶᠢᠨ ᠦᠶ᠎ᠡ ᠪᠠ ᠨᠠᠮᠣᠷ ᠤᠨ ᠰᠡᠬᠦᠯᠴᠢ ᠶᠢᠨ ᠡᠪᠡᠰᠣ ᠦᠷᠡᠯᠡᠬᠦ ᠬᠤᠭᠤᠴᠠᠭᠠᠨ ᠤ ᠡᠪᠡᠰᠣ ᠪᠡᠯᠴᠢᠬᠡᠷ | ᠤᠨ ᠵᠣᠬᠢᠴᠠᠯ ᠢ ᠮᠠᠰᠢᠳᠠ ᠠᠩᠬᠠᠷᠣᠨ ᠬᠠᠯᠠᠮᠵᠢᠯᠠᠵᠥ ᠢᠷᠡᠭᠰᠡᠨ ᠠᠴᠠ ᠡᠳᠡᠨᠡᠶᠢᠬᠢᠨ ᠤ ᠪᠡᠯᠴᠢᠬᠡᠷ ᠨᠢ ᠬᠠᠪᠢ ᠲᠦᠰᠦᠷ | ᠲᠡᠭᠡᠨ ᠣᠷᠭᠤᠴᠠ ᠰᠠᠶᠢᠨ ᠢᠭᠴᠣ ᠦᠳᠬᠡᠨ ᠪᠠᠶᠢᠳᠠᠭ ᠪᠢᠯᠡ᠃ ᠮᠠᠯᠴᠢᠨ ᠬᠦᠮᠦᠨ ᠤ ᠣᠣᠷ ᠰᠡᠳᠬᠢᠬᠦᠢ ᠳᠤ ᠯᠠ | ᠪᠠᠶᠢᠳᠠᠭ ᠮᠠᠯ ᠪᠡᠯᠴᠢᠬᠡᠷ ᠤᠨ ᠵᠣᠬᠢᠴᠠᠯ ᠢ ᠬᠢᠨᠠᠮᠠᠭᠠᠢ ᠰᠠᠶᠢᠨ ᠣᠶᠠᠯᠳᠣᠭᠤᠯᠣᠭᠰᠠᠨ ᠢᠶᠠᠷ ᠡᠳᠡᠨᠡᠶᠢᠬᠢᠨ ᠴᠣ᠋ ᠣᠯᠠᠨ | ᠵᠢᠯ ᠮᠠᠯᠵᠢᠯ ᠤᠨ ᠲᠣᠮᠣ ᠠᠯᠳᠡᠷ ᠢ ᠡᠷᠬᠦᠵᠥ᠂ ᠨᠣᠳᠤᠭ ᠣᠰᠣᠨ ᠳᠠᠭᠠᠨ ᠠᠯᠳᠡᠷᠳᠡᠢ ᠴᠢᠨᠡᠬᠡᠯᠢᠭ ᠡᠷᠣᠬᠡ ᠪᠣᠯᠵᠥ | ᠶᠠᠪᠣᠭᠰᠠᠨ ᠪᠦᠬᠡᠳ ᠵᠦᠪᠬᠡᠨ2018 ᠣᠨ ᠤ ᠨᠠᠮᠣᠷ ᠬᠡᠬᠦ ᠳᠤ500 ᠢᠯᠡᠬᠦᠥ ᠬᠤᠷᠠᠭ᠎ᠠ᠂50 ᠢᠯᠡᠬᠦᠥ ᠲᠣᠭᠤᠯ | ᠵᠠᠷᠣᠴᠠᠭᠤᠯᠣᠨ ᠲᠠᠪᠢᠭᠠᠳ ᠲᠦᠮᠡᠨ ᠲᠦᠬᠦᠷᠢᠭ ᠤᠨ ᠣᠷᠣᠯᠭ᠎ᠠ ᠡᠬᠦᠳᠴᠣ ᠦᠷᠬᠦᠯᠵᠢᠯᠠᠨ ᠨᠣᠳᠤᠭ ᠣᠷᠣᠨ ᠳᠠᠭᠠᠨ | ᠴᠢᠨᠡᠬᠡᠯᠢᠭᠵᠢᠯ ᠤᠨ ᠲᠠᠭᠠᠭᠤᠯᠣᠭᠴᠢ ᠬᠡᠬᠦ ᠨᠠᠨᠳᠢᠨ ᠠᠯᠳᠡᠷ ᠢᠶᠠᠨ ᠦᠷᠬᠦᠯᠵᠢᠯᠠᠨ ᠪᠠᠳᠣᠯᠠᠵᠥ ᠪᠠᠶᠢᠭ᠎ᠠ | ᠪᠦᠬᠡᠳ2019 ᠣᠨ ᠤ ᠬᠠᠪᠣᠷ ᠤᠨ ᠲᠣᠮᠳᠠᠴᠢ ᠪᠠᠷ500 ᠢᠯᠡᠬᠦᠥ ᠣᠷᠢᠶᠠᠩᠬᠠᠨ ᠬᠤᠨᠢᠨ ᠤ ᠲᠦᠯ | ᠲᠣᠰᠴᠣ100% ᠪᠠᠷ ᠪᠣᠶᠢᠵᠢᠭᠤᠯᠣᠨ᠂ ᠣᠳᠣᠬᠠᠨ ᠦᠬᠡᠷ ᠤᠨ ᠲᠦᠯ ᠭᠤᠴᠢᠭᠠᠳ ᠲᠣᠭᠤᠯ ᠲᠣᠰᠴᠣ ᠪᠠᠶᠢᠭ᠎ᠠ | ᠪᠦᠬᠡᠳ ᠡᠨᠡ ᠵᠢᠯ ᠨᠠᠶᠠᠭᠠᠳ ᠲᠣᠭᠤᠯ ᠲᠣᠰᠬᠤ ᠪᠠᠷ ᠲᠦᠰᠦᠪᠯᠡᠵᠥ ᠪᠠᠶᠢᠭ᠎ᠠ᠃ ᠮᠠᠩᠨᠤᠭ ᠲᠣᠷᠭᠠᠨ ᠪᠡᠯᠴᠢᠬᠡᠷ | ᠲᠡᠬᠡᠷ᠎ᠡ ᠠᠰᠬᠠᠷᠠᠭᠰᠠᠨ ᠰᠣᠪᠣᠳ ᠰᠢᠭ᠋ ᠪᠡᠯᠴᠢᠭᠰᠡᠨ ᠮᠢᠩᠭᠠᠨ ᠴᠠᠭᠠᠨ ᠬᠤᠨᠢᠳ ᠢ ᠬᠠᠷᠠᠭᠠᠳ ᠶᠠᠭᠠᠬᠢᠭᠰᠠᠨ ᠰᠠᠶᠢᠬᠠᠨ | ᠮᠠᠯ ᠪᠣᠢ ᠬᠡᠵᠥ ᠠᠳᠠᠭᠠᠷᠬᠠᠭᠰᠠᠨ ᠪᠠᠭ᠋ᠠᠷᠬᠠᠭᠰᠠᠨ ᠬᠦᠮᠦᠰ ᠣᠯᠠᠨ ᠪᠠᠶᠢᠳᠠᠭ ᠴᠣ᠋ ᠡᠪᠡᠰᠣ ᠪᠣᠷᠳᠤᠭ᠎ᠠ᠂ ᠣᠬᠢᠶᠠᠯᠳᠠ | ᠴᠢᠳᠬᠤᠯᠳᠠ᠂ ᠬᠦᠳᠡᠯᠮᠣᠷᠢ ᠬᠦᠴᠦ ᠬᠡᠳ ᠵᠢᠯ ᠪᠦᠷᠢ ᠭᠤᠴᠢᠭᠠᠳ ᠲᠦᠮᠡᠨ ᠲᠦᠬᠦᠷᠢᠭ ᠤᠨ ᠪᠡᠯᠡ ᠵᠠᠷᠣᠴᠠᠭᠤᠯᠵᠥ᠂ | ᠦᠪᠡᠷᠳᠡᠬᠡᠨ ᠪᠠᠰᠠ ᠡᠳᠣᠷ ᠰᠦᠨᠢ ᠦᠬᠡᠢ ᠬᠡᠳᠣᠨ ᠮᠠᠯ ᠤᠨ ᠢᠶᠠᠨ ᠬᠤᠶᠢᠨ᠎ᠠ ᠠᠴᠠ ᠰᠠᠨᠠᠭ᠎ᠠ ᠣᠨᠤᠭ᠎ᠠ ᠪᠣᠯᠵᠥ | ᠪᠣᠷᠬᠢ ᠪᠣᠬᠢᠰᠬᠢᠯ ᠦᠬᠡᠢ ᠵᠢᠳᠬᠦᠵᠥ ᠶᠠᠪᠣᠳᠠᠭ ᠢ ᠨᠢ ᠮᠡᠳᠡᠬᠦ ᠬᠦᠮᠦᠨ ᠣᠯᠠᠨ ᠪᠢᠰᠢ ᠪᠠᠶᠢᠬ᠎ᠠ᠃ ᠦᠪᠡᠷ ᠤᠨ ᠬᠡᠳᠡᠭ | ᠮᠦᠩᠬᠡ ᠶᠢᠨ ᠲᠠᠷᠬᠠᠨ ᠪᠠᠷᠢᠯᠳᠤᠭ᠎ᠠ ᠲᠠᠢ ᠡᠨᠡ ᠯᠠ ᠰᠠᠶᠢᠬᠠᠨ ᠨᠣᠳᠤᠭ ᠣᠰᠣᠨ ᠳᠠᠭᠠᠨ ᠣᠷᠢᠳ ᠬᠤᠵᠢᠳ3 | ᠰᠠᠭᠤᠷᠢ ᠮᠠᠰᠢᠨ ᠬᠤᠳᠳᠤᠭ᠂30 ᠲᠠᠰᠣᠯᠭ᠎ᠠ ᠲᠣᠯᠠᠭᠠᠨ ᠫᠧᠩ᠂300 ᠲᠡᠭᠰᠢ ᠲᠦᠷᠪᠡᠯᠵᠢᠨ ᠲᠠᠯᠠᠪᠡᠢ ᠪᠦᠬᠦᠢ | ᠬᠤᠷᠤᠭ᠎ᠠ ᠬᠠᠰᠢᠶᠠᠨ ᠤ ᠪᠦᠳᠦᠬᠡᠨ ᠪᠠᠶᠢᠭᠤᠯᠥᠯᠳᠠ ᠬᠢᠬᠦ ᠶᠢᠨ ᠬᠠᠮᠳᠣ ᠪᠠᠰᠠ2 ᠰᠠᠭᠤᠷᠢ ᠣᠰᠣ ᠲᠡᠬᠡᠬᠡᠳᠡᠭ | ᠪᠦᠳᠦᠬᠦᠨ ᠲᠡᠷᠬᠡ᠂1 ᠰᠠᠭᠤᠷᠢ ᠬᠤᠷᠠᠭ᠎ᠠ ᠲᠡᠬᠡᠬᠡᠳᠡᠭ ᠠᠴᠢᠶᠠᠨ ᠤ ᠮᠠᠰᠢᠨ ᠵᠡᠷᠬᠡ ᠠᠴᠠ ᠦᠭᠰᠦᠬᠦᠯᠥᠨ ᠡᠪᠡᠰᠣ | ᠬᠠᠳᠣᠬᠤ ᠮᠠᠰᠢᠨ᠂ ᠲᠣᠣᠷ ᠬᠦᠷᠢᠶ᠎ᠡ ᠵᠡᠷᠬᠡ ᠶᠢᠨ ᠦᠨᠳᠣᠰᠣᠨ ᠪᠦᠳᠦᠬᠡᠨ ᠪᠠᠶᠢᠭᠤᠯᠥᠯᠳᠠ ᠳᠠᠭᠠᠨ ᠣᠷᠢᠳ ᠬᠤᠵᠢᠳ | ᠬᠤᠶᠡᠷ ᠵᠠᠭᠤ ᠢᠯᠡᠬᠦᠥ ᠲᠦᠮᠡᠨ ᠲᠦᠬᠦᠷᠢᠭ ᠤᠨ ᠪᠠᠯᠠᠨ ᠮᠦᠩᠬᠦ ᠵᠠᠷᠣᠴᠠᠭᠤᠯᠬᠤ ᠳᠠᠭᠠᠨ ᠭᠠᠭᠴᠠᠬᠠᠨ ᠣᠳᠠᠭ᠎ᠠ ᠴᠣ᠋ | ᠭᠠᠷ ᠲᠠᠳᠠᠭ᠎ᠠ ᠦᠬᠡᠢ᠂ ᠡᠨᠡ ᠯᠠ ᠰᠠᠶᠢᠬᠠᠨ ᠨᠣᠳᠤᠭ ᠣᠰᠣᠨ ᠤ ᠦᠭᠬᠦᠬᠡᠵᠢ ᠬᠡᠰᠢᠭ ᠢᠶᠠᠷ ᠪᠢᠳᠠ ᠪᠦᠬᠦᠨ | ᠢᠩᠬᠢᠵᠥ ᠦᠬᠡᠳᠡᠷᠬᠡᠭ ᠦᠩᠬᠡᠳᠡᠢ ᠶᠠᠪᠣᠭ᠎ᠠ ᠬᠡᠵᠥ ᠪᠣᠳᠣᠬᠤ ᠠᠴᠠ ᠲᠦᠷᠦᠭᠰᠡᠨ ᠨᠣᠳᠤᠭ ᠤᠨ ᠢᠶᠠᠨ ᠲᠦᠯᠥᠬᠡ | ᠬᠦᠷᠦᠩᠬᠡ ᠪᠠᠨ ᠬᠦᠨᠳᠦᠷᠦᠭᠰᠡᠨ ᠴᠣ᠋ ᠬᠠᠷᠠᠮᠰᠠᠬᠤ ᠦᠬᠡᠢ ᠬᠡᠵᠥ ᠪᠣᠳᠣᠵᠥ ᠰᠡᠳᠬᠢᠵᠥ᠂ ᠬᠢᠵᠥ ᠪᠠᠶᠠᠯᠠᠬᠦᠯᠵᠥ | ᠶᠠᠪᠣᠳᠠᠭ ᠰᠠᠨ᠃ | ᠪᠤᠨᠳᠡᠷᠢ ᠶᠢᠨ ᠰᠢᠷᠡᠭᠡ — ᠪᠣᠳᠣᠯ ᠰᠡᠳᠬᠢᠯ ᠤᠨ ᠬᠢᠨᠢ ᠮᠦᠩᠬᠡ ᠶᠢᠨ ᠣᠶᠠᠭᠠᠰᠣ | ᠰᠢᠯᠢᠳᠡᠭ ᠡᠪ ᠬᠠᠮᠳᠣ ᠨᠠᠮ ᠤᠨ ᠬᠡᠰᠢᠬᠦᠨ ᠣᠶᠣᠨᠬᠡᠷᠡᠯ ᠱᠦᠵᠢ ᠶᠢᠨ ᠣᠷᠣᠰᠢᠨ ᠠᠮᠢᠳᠣᠷᠠᠵᠥ ᠪᠠᠶᠢᠭ᠎ᠠ ᠨᠣᠳᠤᠭ | ᠢ ᠪᠤᠨᠳᠡᠷᠢ ᠬᠡᠳᠡᠭ᠃ ᠪᠤᠨᠳᠡᠷᠢ ᠬᠡᠳᠡᠭ ᠨᠢ ᠪᠣᠮᠠᠨ ᠳ᠋ᠡᠷᠢ ᠬᠡᠳᠡᠭ ᠪᠣᠯᠠᠭ ᠪᠠᠶᠢᠭᠰᠠᠨ ᠢᠶᠠᠨ ᠣᠷᠳᠣ ᠣᠳᠠᠭᠠᠨ ᠤ | ᠲᠠᠭᠤᠳᠠᠯᠭᠠᠨ ᠳᠤ ᠪᠤᠨᠳᠡᠷᠢ ᠬᠡᠮᠡᠨ ᠨᠡᠷᠡᠶᠢᠳᠦᠭᠳᠦᠨ ᠵᠠᠩᠰᠢᠭᠰᠡᠨ ᠪᠠᠶᠢᠯ᠎ᠠ᠃ ᠲᠣᠰ ᠭᠠᠴᠠᠭᠠᠨ ᠤ ᠮᠠᠯᠴᠢᠨ ᠠᠷᠠᠳ | ᠪᠦᠬᠦᠨ ᠢᠶᠠᠷ ᠢᠶᠠᠨ ᠦᠶ᠎ᠡ ᠣᠯᠠᠷᠢᠨ ᠣᠰᠣ ᠪᠣᠯᠠᠭ ᠢᠶᠠᠨ ᠰᠢᠳᠣᠨ ᠣᠷᠭᠤᠮᠠᠯ ᠡᠪᠡᠰᠣ ᠪᠠᠨ ᠲᠡᠬᠡᠳᠣᠯᠠᠨ ᠠᠮᠣᠷ | ᠲᠠᠶᠢᠪᠣᠩ ᠠᠵᠥ ᠲᠦᠷᠦᠨ ᠠᠮᠢᠳᠣᠷᠠᠭᠰᠠᠭᠠᠷ ᠢᠷᠡᠭᠰᠡᠨ ᠶᠣᠮᠰᠠᠨ᠃ ᠠᠩᠬ᠎ᠠ ᠣᠶᠣᠨᠬᠡᠷᠡᠯ ᠢ ᠲᠣᠰ ᠪᠤᠨᠳᠡᠷᠢ | ᠭᠠᠴᠠᠭᠠᠨ ᠳᠤ ᠮᠣᠷᠳᠡᠵᠥ ᠢᠷᠡᠬᠦ ᠦᠶ᠎ᠡ ᠳᠤ ᠭᠠᠴᠠᠭᠠᠨ ᠤ ᠵᠦᠪᠯᠠᠯ ᠠᠴᠠ ᠲᠡᠬᠦᠨ ᠤ ᠣᠣᠯ ᠭᠠᠴᠠᠭᠠᠨ ᠳᠠᠭᠠᠨ | ᠨᠢᠭᠳᠠᠯᠠᠨ ᠪᠣᠳᠣᠭᠴᠢ ᠶᠢᠨ ᠠᠵᠢᠯ ᠢ ᠬᠢᠵᠥ ᠪᠠᠶᠢᠭᠰᠠᠨ ᠢ ᠦᠨᠳᠣᠰᠣᠯᠠᠨ 1984 ᠣᠨ ᠠᠴᠠ ᠡᠬᠢᠯᠡᠵᠥ ᠪᠤᠨᠳᠡᠷᠢ | ᠭᠠᠴᠠᠭᠠᠨ ᠤ ᠡᠮᠡᠭᠳᠡᠶᠢᠴᠣᠳ ᠤᠨ ᠠᠵᠢᠯ ᠶᠢ ᠬᠢᠯᠬᠡᠭᠰᠡᠨ ᠪᠦᠬᠡᠳ ᠣᠯᠠᠮ ᠢᠯᠡᠬᠦᠥ ᠴᠢᠷᠮᠠᠶᠢᠨ ᠠᠵᠢᠯᠯᠠᠭᠰᠠᠨ ᠤ | ᠡᠴᠣᠰ ᠲᠤ 1990 ᠣᠨ ᠤ7 ᠰᠠᠷ᠎ᠠ ᠳᠤ ᠢᠷᠡᠭᠤ ᠠᠯᠳᠡᠷᠳᠡᠢ ᠪᠠᠷ ᠲᠣᠮᠳᠠᠳᠣ ᠣᠯᠣᠰ ᠤᠨ ᠡᠪ ᠬᠠᠮᠳᠣ ᠨᠠᠮ ᠳᠤ | ᠡᠯᠰᠡᠭᠳᠡᠨ1994 ᠣᠨ ᠠᠴᠠ ᠡᠬᠢᠯᠠᠨ ᠭᠠᠴᠠᠭᠠᠨ ᠤ ᠨᠠᠮ ᠤᠨ ᠡᠬᠦᠷ ᠤᠨ ᠱᠦᠵᠢ ᠪᠠᠷ ᠰᠣᠩᠭᠤᠭᠳᠠᠨ ᠬᠤᠷᠢᠭᠠᠳ | ᠵᠢᠯ ᠠᠵᠢᠯᠯᠠᠵᠥ ᠪᠠᠶᠢᠭᠰᠠᠨ ᠢᠶᠠᠨ2015 ᠣᠨ ᠳᠤ ᠠᠵᠢᠯ ᠠᠴᠠ ᠪᠠᠨ ᠠᠮᠣᠰᠬᠢᠭᠰᠡᠨ ᠪᠠᠶᠢᠨ᠎ᠠ᠃ | ᠣᠶᠣᠨᠬᠡᠷᠡᠯ ᠱᠦᠵᠢ ᠭᠠᠴᠠᠭᠠᠨ ᠤ ᠨᠠᠮ ᠤᠨ ᠡᠬᠦᠷ ᠤᠨ ᠲᠣᠰᠢᠶᠠᠯ ᠳᠤ ᠭᠠᠷᠣᠭᠰᠠᠨ ᠲᠡᠷᠡ ᠴᠠᠭ ᠦᠶ᠎ᠡ ᠠᠴᠠ | ᠪᠠᠨ ᠡᠬᠢᠯᠠᠨ ᠮᠣᠩᠭᠤᠯ ᠨᠣᠳᠤᠭ ᠤᠨ ᠰᠢᠨ᠎ᠠ ᠨᠡᠶᠢᠬᠡᠮ ᠳᠤ ᠲᠦᠷᠦᠵᠥ ᠦᠰᠦᠭᠰᠡᠨ ᠰᠢᠨ᠎ᠠ ᠴᠠᠭ ᠤᠨ ᠬᠦᠳᠡᠯᠮᠣᠷᠢᠴᠢ | ᠪᠣᠯᠣᠭᠰᠠᠨ ᠤ ᠬᠤᠪᠢ ᠳᠤ《 ᠦᠪᠡᠷ ᠤᠨ ᠪᠡᠶ᠎ᠡ ᠳᠡᠭᠡᠨ ᠬᠠᠷᠢᠭᠤᠴᠠᠵᠥ᠂ ᠠᠷᠠᠳ ᠲᠦᠮᠡᠨ ᠳᠡᠭᠡᠨ ᠬᠠᠷᠢᠭᠤᠴᠠᠵᠥ᠂ | ᠵᠣᠬᠢᠶᠠᠨ ᠪᠠᠶᠢᠭᠤᠯᠥᠯᠳᠠ ᠳᠠᠭᠠᠨ ᠬᠠᠷᠢᠭᠤᠴᠠᠬᠤ》ᠲᠡᠬᠡᠳᠣ ᠬᠡᠮᠵᠢᠶᠠᠨ ᠤ ᠬᠠᠷᠢᠭᠤᠴᠠᠯᠭᠠᠳᠣ ᠰᠡᠳᠬᠢᠯ ᠢᠶᠠᠷ ᠠᠵᠢᠯ | ᠦᠢᠯᠡᠰ ᠲᠡᠭᠡᠨ ᠬᠠᠨᠳᠣᠵᠥ ᠨᠢᠬᠡ ᠴᠣ᠋ ᠬᠤᠪᠢᠨᠴᠢᠷ ᠰᠡᠳᠬᠢᠯ ᠦᠬᠡᠢ ᠪᠦᠬᠦ ᠰᠡᠳᠬᠢᠯ ᠪᠦᠬᠦ ᠵᠣᠷᠢᠭ ᠢᠶᠠᠷ ᠮᠠᠯᠴᠢᠨ | ᠲᠦᠮᠡᠨ ᠤ ᠪᠠᠨ ᠲᠦᠯᠥᠬᠡ ᠵᠢᠳᠬᠦᠨ ᠲᠡᠮᠡᠴᠡᠵᠥ ᠢᠷᠡᠭᠰᠡᠨ ᠶᠣᠮ᠃ | ᠲᠡᠬᠦᠨ ᠢ ᠠᠩᠬ᠎ᠠ ᠨᠠᠮ ᠤᠨ ᠡᠬᠦᠷ ᠤᠨ ᠲᠣᠰᠢᠶᠠᠯ ᠳᠤ ᠭᠠᠷᠬᠤ ᠦᠶ᠎ᠡ ᠳᠤ ᠭᠠᠴᠠᠭᠠᠨ ᠤ ᠰᠣᠶᠣᠯ ᠤᠨ | ᠬᠦᠳᠡᠯᠬᠡᠬᠡᠨ ᠤ ᠬᠡᠷ ᠪᠠᠷᠢᠭᠰᠠᠨ ᠦᠯᠡᠳᠡᠭᠳᠡᠯ ᠦᠷᠢ ᠬᠡᠵᠥ ᠲᠦᠷᠪᠡᠨ ᠲᠦᠮᠡᠨ ᠲᠦᠬᠦᠷᠢᠭ ᠪᠠᠶᠢᠭᠰᠠᠨ ᠢ | ᠲᠡᠷᠡ《ᠡᠳᠣᠷ ᠣᠳᠠᠪᠠᠯ ᠬᠦᠣ ᠮᠦᠩᠬᠦ ᠨᠢ ᠴᠣ᠋ ᠦᠰᠦᠨ᠎ᠠ》ᠬᠡᠵᠥ ᠡᠬᠦᠷ ᠵᠦᠪᠯᠠᠯ ᠤᠨ ᠪᠣᠰᠣᠳ ᠬᠡᠰᠢᠬᠦᠳ ᠲᠠᠢ | ᠪᠠᠨ ᠵᠦᠪᠳᠡᠯᠴᠡᠨ ᠬᠠᠮᠳᠣᠪᠡᠷ ᠪᠡᠯᠡ ᠬᠤᠷᠠᠮᠳᠣᠭᠤᠯᠣᠨ ᠲᠦᠯᠥᠬᠦ ᠪᠠᠷ ᠵᠣᠷᠢᠭ ᠰᠢᠭᠤᠳᠣᠨ᠂ ᠭᠠᠴᠠᠭᠠᠨ ᠤ | ᠬᠡᠰᠢᠬᠦᠳ ᠲᠡᠭᠡᠨ ᠣᠬᠠᠭᠤᠯᠭ᠎ᠠ ᠬᠢᠵᠥ ᠲᠠᠶᠢᠴᠢᠯᠠᠨ ᠲᠠᠭᠠᠭᠤᠯᠣᠭᠰᠠᠨ ᠤ ᠡᠴᠣᠰ ᠲᠤ ᠡᠷᠣᠬᠡ ᠪᠦᠷᠢ ᠠᠴᠠ800. | 00 ᠲᠦᠬᠦᠷᠢᠭ ᠲᠠᠳᠠᠪᠣᠷᠢᠯᠠᠵᠥ ᠡᠨᠡᠬᠦ ᠦᠷᠢ ᠶᠢ ᠲᠦᠯᠥᠬᠦ ᠶᠢ ᠬᠡᠰᠢᠬᠦᠳ ᠨᠢᠬᠡ ᠰᠡᠳᠬᠢᠯ ᠢᠶᠠᠷ ᠵᠦᠪᠰᠢᠶᠡᠷᠡᠭᠰᠡᠨ | ᠠᠴᠠ ᠲᠡᠷᠡ ᠲᠠᠷᠣᠶᠢᠬᠠᠨ ᠲᠦᠯᠥᠭᠰᠡᠨ ᠪᠠᠶᠢᠨ᠎ᠠ᠃ ᠢᠩᠬᠢᠬᠡᠳ ᠲᠡᠷᠡ ᠶᠣᠰᠣᠳᠡᠢ《 ᠦᠷᠢ ᠦᠬᠡᠢ ᠪᠣᠯ ᠪᠠᠶᠠᠨ᠂ | ᠡᠪᠡᠳᠴᠢᠨ ᠦᠬᠡᠢ ᠪᠣᠯ ᠵᠢᠷᠭᠠᠯ》 ᠬᠡᠵᠥ ᠠᠵᠢᠯ ᠢᠶᠠᠨ ᠡᠬᠢᠯᠡᠬᠦᠯᠥᠭᠰᠡᠨ ᠪᠢᠯᠡ᠃ | ᠲᠡᠬᠦᠨ ᠤ ᠲᠣᠰᠢᠶᠠᠯ ᠳᠤ ᠭᠠᠷᠣᠭᠰᠠᠨ ᠤ ᠲᠠᠷᠠᠭᠠᠬᠠᠨ 2000 ᠣᠨ ᠠᠴᠠ ᠡᠬᠢᠯᠡᠭᠰᠡᠨ ᠡᠯᠳᠡᠪ ᠵᠦᠢᠯ ᠤᠨ | ᠪᠠᠶᠢᠭᠠᠯᠢ ᠶᠢᠨ ᠭᠠᠢ ᠭᠠᠮᠰᠢᠭ ᠨᠢ ᠨᠢᠬᠡᠨ《 ᠲᠦᠷᠦᠬᠦᠴᠢ ᠭᠠᠯᠠᠭᠤ》ᠪᠣᠯᠣᠭᠰᠠᠨ ᠲᠡᠬᠦᠨ ᠳᠤ ᠠᠪᠴᠣ ᠬᠡᠯᠡᠪᠡᠯ | ᠪᠠᠭ᠎ᠠ ᠪᠣᠰᠣ ᠲᠠᠷᠣᠭᠠᠰᠣ ᠠᠪᠴᠢᠷᠠᠭᠰᠠᠨ ᠨᠢ ᠮᠡᠳᠡᠬᠡᠵᠢ᠂2003 ᠣᠨ ᠳᠤ ᠲᠡᠳᠡᠨ ᠤ ᠪᠤᠨᠳᠡᠷᠢ ᠭᠠᠴᠠᠭᠠᠨ ᠤ | ᠨᠠᠶᠠᠭᠠᠳ ᠲᠦᠮᠡᠨ ᠮᠣ᠋ ᠨᠣᠳᠤᠭ ᠨᠡᠶᠢᠳᠡᠮ ᠴᠡᠷᠴᠡᠬᠠᠢ ᠶᠢᠨ ᠭᠠᠮᠰᠢᠭ ᠪᠣᠯᠵᠥ ᠲᠦᠩᠬᠡᠵᠢ ᠣᠷᠭᠤᠭᠰᠠᠨ ᠰᠢᠮᠡᠯᠢᠭ | ᠪᠡᠯᠴᠢᠬᠡᠷ ᠢ ᠴᠡᠷᠴᠡᠬᠠᠢ ᠬᠠᠷᠢᠨ ᠲᠡᠬᠦᠨ ᠤ ᠭᠠᠴᠠᠭᠠᠨ ᠤ2 ᠲᠦᠮᠡᠨ ᠲᠣᠯᠣᠭᠠᠢ ᠮᠠᠯ ᠠᠴᠠ ᠲᠡᠷᠢᠬᠦᠯᠥᠨ《 | ᠵᠣᠭᠤᠭᠯᠠᠬᠤ》 ᠶᠠᠪᠣᠳᠠᠯ ᠪᠠᠶᠢᠩᠭᠤ ᠭᠠᠷᠴᠣ ᠡᠪᠦᠯ ᠬᠠᠪᠣᠷ ᠦᠩᠬᠡᠷᠡᠬᠦ ᠶᠢ ᠪᠢᠳᠡᠬᠡᠢ ᠬᠡᠯᠡ᠂ ᠡᠨᠡ ᠵᠣᠨ ᠨᠠᠮᠣᠷ ᠢ | ᠶᠠᠭᠠᠬᠢᠵᠥ ᠦᠩᠬᠡᠷᠡᠬᠦ ᠶᠢ ᠪᠣᠳᠣᠬᠤ ᠨᠢ ᠲᠣᠯᠭᠠᠮ᠎ᠠ ᠪᠣᠯᠣᠭᠰᠠᠨ ᠪᠠᠶᠢᠯ᠎ᠠ᠃ ᠬᠡᠷᠪᠡ《 ᠮᠠᠯᠴᠢᠳ ᠤᠨ ᠮᠠᠯ ᠰᠦᠷᠦᠭ | ᠲᠡᠷᠭᠤ ᠠᠪᠴᠣ ᠠᠮᠵᠢᠬᠤ ᠦᠬᠡᠢ ᠪᠣᠯ ᠮᠠᠯᠴᠢᠳ ᠤᠨ ᠣᠷᠣᠯᠭ᠎ᠠ ᠶᠢ ᠨᠦᠯᠦᠬᠡᠯᠡᠨ᠎ᠠ᠂ ᠵᠣᠨ ᠤ ᠪᠡᠯᠴᠢᠬᠡᠷ ᠦᠬᠡᠢ | ᠪᠣᠯ ᠡᠪᠣᠯ ᠬᠠᠪᠣᠷ ᠢ ᠬᠢᠷᠬᠢᠨ ᠲᠣᠭᠤᠯᠬᠤ ᠪᠣᠯ ᠶᠡᠭᠡ ᠠᠰᠠᠭᠤᠳᠠᠯ》ᠡᠳᠡᠬᠡᠷ ᠢ ᠪᠣᠳᠣᠬᠤ ᠪᠦᠷᠢ ᠣᠶᠣᠨᠬᠡᠷᠡᠯ ᠱᠦᠵᠢ | ᠶᠢᠨ ᠣᠨᠳᠠᠬᠤ ᠨᠣᠶᠢᠷ ᠬᠤᠯᠵᠢᠵᠥ ᠰᠡᠳᠬᠢᠯ ᠵᠣᠪᠠᠨᠢᠭᠰᠠᠨ ᠢ ᠭᠠᠭᠴᠠ ᠬᠤᠶᠡᠷ ᠦᠬᠡ ᠪᠠᠷ ᠢᠯᠡᠳᠬᠡᠬᠦ ᠶᠢᠨ ᠠᠷᠭ᠎ᠠ | ᠦᠬᠡᠢ ᠪᠠᠶᠢᠭᠰᠠᠨ᠃᠂ ᠢᠩᠬᠢᠬᠡᠳ ᠲᠡᠷᠡ ᠬᠢᠴᠢᠨᠠᠨ ᠬᠤᠨᠤᠭ ᠪᠣᠳᠣᠭᠰᠠᠨ ᠤ ᠡᠴᠦᠰ ᠲᠤ ᠪᠠᠯᠭᠠᠰᠣᠨ ᠤ ᠪᠠᠨ ᠨᠠᠮ | ᠵᠠᠰᠠᠭ ᠲᠤ ᠮᠡᠳᠡᠬᠦᠯᠥᠨ ᠴᠢᠨᠠᠭᠰᠢᠳᠠ ᠬᠤᠰᠢᠭᠤ ᠮᠠᠯ ᠠᠵᠥ ᠠᠬᠤᠢ ᠶᠢᠨ ᠲᠣᠪᠴᠢᠶ᠎ᠡ ᠵᠡᠷᠬᠡ ᠬᠤᠯᠪᠣᠭᠳᠠᠯ ᠪᠦᠬᠦᠢ | ᠪᠠᠶᠢᠭᠤᠯᠥᠯᠭᠠ ᠨᠢᠬᠡᠴᠡ ᠳᠤ ᠲᠠᠷᠣᠶᠢᠬᠠᠨ ᠰᠠᠨᠠᠯ ᠲᠡᠪᠰᠢᠬᠦᠯᠵᠥ《 ᠮᠠᠰᠢ ᠲᠣᠯᠭᠠᠮ᠎ᠠ》ᠪᠣᠯᠭᠠᠭᠰᠠᠨ ᠢᠶᠠᠷ ᠲᠡᠬᠡᠳᠣ | ᠱᠠᠳᠣᠨ ᠤ ᠬᠤᠯᠪᠣᠭᠳᠠᠯ ᠪᠦᠬᠦᠢ ᠪᠠᠶᠢᠭᠤᠯᠥᠯᠭᠠ ᠨᠢᠬᠡᠴᠡ ᠠᠴᠠ ᠲᠠᠷᠣᠶᠢᠬᠠᠨ ᠰᠢᠯᠢ ᠶᠢᠨ ᠭᠤᠣᠯ ᠠᠶᠢᠮᠠᠭ ᠤᠨ | ᠲᠠᠯ᠎ᠠ ᠨᠣᠳᠤᠭ ᠤᠨ ᠠᠵᠢᠯᠯᠠᠬᠤ ᠦᠷᠳᠡᠬᠡᠨ ᠠᠴᠠ ᠲᠣᠰᠬᠠᠢ ᠮᠡᠷᠬᠡᠵᠢᠯᠳᠡ ᠵᠠᠯᠠᠨ ᠠᠪᠴᠢᠷᠠᠵᠥ᠂ ᠬᠤᠰᠢᠭᠤ ᠲᠠᠯ᠎ᠠ | ᠨᠣᠳᠤᠭ ᠤᠨ ᠠᠵᠢᠯᠯᠠᠬᠤ ᠦᠷᠳᠡᠬᠡᠨ ᠠᠴᠠ ᠡᠮ ᠰᠠᠴᠣᠬᠤ ᠨᠢᠰᠬᠡᠯ ᠲᠣᠬᠢᠷᠠᠭᠤᠯᠬᠤ ᠶᠢᠨ ᠬᠠᠮᠳᠣ ᠴᠡᠷᠴᠡᠬᠠᠢ ᠶᠢᠨ | ᠡᠮ ᠢ ᠦᠷᠳᠡᠭ ᠦᠬᠡᠢ ᠬᠠᠩᠭᠠᠬᠤ ᠪᠣᠯᠣᠭᠰᠠᠨ ᠢᠶᠠᠷ ᠣᠶᠣᠨᠬᠡᠷᠡᠯ ᠱᠦᠵᠢ ᠬᠡᠰᠢᠬᠦᠳ ᠢᠶᠠᠨ ᠲᠠᠭᠠᠭᠤᠯᠣᠨ | ᠢᠳᠡᠪᠬᠢᠳᠡᠢ ᠬᠠᠮᠵᠢᠯᠴᠠᠵᠥ ᠲᠠᠪᠢᠭᠠᠳ ᠡᠳᠣᠷ ᠰᠢᠷᠭᠠᠭᠤ ᠠᠵᠢᠯᠯᠠᠭᠰᠠᠨ ᠢᠶᠠᠷ ᠪᠦᠬᠦ ᠭᠠᠴᠠᠭᠠᠨ ᠤ ᠪᠠᠨ ᠶᠡᠬᠡᠩᠬᠡᠢ | ᠨᠣᠳᠤᠭ ᠪᠡᠯᠴᠢᠬᠡᠷ ᠤᠨ ᠴᠡᠷᠴᠡᠬᠠᠢ ᠶᠢᠨ ᠭᠠᠮᠰᠢᠭ ᠢ ᠪᠦᠳᠦᠮᠵᠢᠳᠡᠢ ᠰᠠᠶᠢᠨ ᠢᠶᠠᠷ ᠬᠤᠷᠢᠭᠯᠠᠵᠥ ᠴᠢᠳᠠᠭᠰᠠᠨ ᠪᠠᠶᠢᠨ᠎ᠠ᠃ | | ᠣᠯᠠᠨ ᠵᠢᠯ ᠤᠨ ᠮᠠᠯ ᠮᠠᠯᠵᠢᠭᠰᠠᠨ ᠲᠣᠷᠰᠢᠯᠭ᠎ᠠ ᠠᠴᠠ ᠦᠵᠡᠪᠡᠯ ᠰᠠᠭᠤᠷᠢ ᠪᠦᠳᠦᠬᠡᠨ ᠪᠠᠶᠢᠭᠤᠯᠥᠯᠳᠠ ᠪᠣᠯ | ᠦᠨᠳᠣᠰᠣᠨ ᠱᠠᠳᠣᠨ ᠤ ᠬᠠᠮᠤᠭ ᠬᠡᠪᠡᠷᠡᠭ ᠵᠦᠢᠯ ᠪᠦᠬᠡᠳ ᠬᠠᠮᠤᠭ ᠭᠤᠣᠯᠳᠠᠯᠭᠠᠳᠣ ᠪᠦᠳᠦᠬᠡᠨ ᠪᠠᠶᠢᠭᠤᠯᠥᠯᠳᠠ | ᠬᠡᠳᠡᠭ ᠢ ᠦᠨᠡᠨᠬᠦ ᠣᠶᠢᠯᠠᠭᠠᠭᠰᠠᠨ ᠣᠶᠣᠨᠬᠡᠷᠡᠯ ᠱᠦᠵᠢ ᠮᠠᠯᠵᠢᠬᠤ ᠡᠷᠣᠬᠡ ᠪᠠᠷ ᠬᠦᠨᠵᠡᠬᠡᠶᠢᠷᠡᠬᠦ ᠶᠠᠪᠣᠴᠠ ᠲᠣᠮᠳᠠ | ᠪᠠᠨ ᠲᠣᠰ ᠭᠠᠴᠠᠭᠠᠨ ᠤ ᠪᠠᠨ ᠰᠢᠨᠡᠬᠡᠨ ᠡᠷᠣᠬᠡ ᠲᠣᠰᠠᠭᠠᠷᠯᠠᠭᠰᠠᠨ ᠭᠤᠷᠪᠠᠨ ᠵᠠᠯᠠᠭᠤ ᠬᠤᠣᠰ ᠤᠨ ᠰᠠᠭᠤᠷᠢ | ᠪᠦᠳᠦᠬᠡᠨ ᠪᠠᠶᠢᠭᠤᠯᠥᠯᠳᠠ ᠪᠠᠷᠣᠭᠳᠡᠢ ᠪᠠᠶᠢᠭᠰᠠᠨ ᠢ ᠣᠯᠵᠥ ᠮᠡᠳᠡᠭᠰᠡᠨ ᠤ ᠪᠠᠨ ᠲᠠᠷᠠᠭ᠎ᠠ ᠪᠠᠷ ᠲᠣᠰᠬᠠᠢ ᠲᠡᠬᠡᠭᠰᠢ | ᠲᠣᠰᠬᠠᠵᠥ ᠪᠠᠶᠢᠭᠠᠳ ᠲᠡᠯᠡᠬᠡᠢ ᠶᠢᠨ ᠪᠠᠩᠬᠢ ᠶᠢᠨ ᠲᠡᠮᠵᠢᠯᠬᠡ ᠶᠢ ᠢᠳᠡᠪᠬᠢᠳᠡᠢ ᠡᠷᠡᠮᠵᠡᠯᠡᠨ ᠣᠯᠵᠥ ᠡᠳᠡᠬᠡᠷ ᠭᠤᠷᠪᠠᠨ | ᠡᠷᠣᠬᠡ ᠪᠦᠷᠢ ᠳᠡᠭᠡᠨ ᠲᠣᠰᠪᠣᠷᠢ100 ᠲᠡᠭᠰᠢ ᠲᠦᠷᠪᠡᠯᠵᠢᠨ ᠮᠧᠲᠷ ᠤᠨ ᠲᠠᠯᠠᠪᠡᠢ ᠪᠦᠬᠦᠢ ᠲᠣᠯᠠᠭᠠᠨ ᠫᠧᠩ | ᠪᠠᠶᠢᠭᠤᠯᠣᠨ ᠦᠭᠴᠣ ᠠᠵᠢᠯ ᠠᠮᠢᠳᠣᠷᠠᠯ ᠢᠶᠠᠨ ᠦᠬᠡᠳᠡ ᠲᠠᠳᠠᠬᠤ ᠳᠤ ᠨᠢ ᠴᠢᠮᠠᠯᠠᠰᠢ ᠦᠬᠡᠢ ᠶᠡᠭᠡ ᠦᠢᠯᠡᠳᠣᠯ | ᠦᠵᠡᠬᠦᠯᠵᠥ ᠪᠠᠶᠢᠭᠰᠠᠨ᠃ ᠲᠣᠬᠠᠢ ᠶᠢᠨ ᠦᠶ᠎ᠡ ᠶᠢᠨ ᠠᠶᠢᠮᠠᠭ ᠤᠨ ᠵᠡᠬᠢᠷᠭ᠎ᠠ ᠠᠴᠠ ᠰᠠᠨᠠᠭᠠᠴᠢᠯᠠᠨ ᠶᠠᠪᠣᠭᠳᠠᠭᠤᠯᠵᠥ | ᠪᠠᠶᠢᠭᠰᠠᠨ ᠬᠤᠶᠢᠳᠣ ᠬᠤᠰᠢᠭᠤ ᠰᠣᠮᠣᠨ ᠤ ᠨᠣᠳᠤᠭ ᠲᠤ ᠬᠡᠰᠡᠭᠯᠠᠨ ᠬᠤᠪᠢᠶᠠᠵᠥ ᠡᠬᠡᠯᠵᠢᠯᠠᠨ ᠮᠠᠯᠵᠢᠬᠤ ᠲᠦᠷᠦ ᠶᠢᠨ | ᠪᠣᠳᠣᠯᠭ᠎ᠠ ᠶᠢ ᠶᠠᠪᠣᠭᠳᠠᠭᠤᠯᠬᠤ ᠦᠶ᠎ᠡ ᠳᠤ《 ᠡᠪᠡᠰᠣ ᠲᠠᠢ ᠪᠣᠯ ᠮᠠᠯ ᠲᠠᠢ ᠪᠠᠶᠢᠳᠠᠭ》 ᠠᠭᠤᠣ ᠶᠡᠭᠡ ᠮᠠᠯᠵᠢᠯ ᠤᠨ | ᠶᠣᠰᠣ ᠶᠢ ᠵᠢᠷᠣᠬᠡ ᠰᠡᠳᠬᠢᠯ ᠢᠶᠠᠷ ᠢᠶᠠᠨ ᠮᠡᠳᠡᠷᠡᠨ ᠵᠦᠪᠰᠢᠶᠡᠷᠡᠳᠡᠭ ᠣᠶᠣᠨᠬᠡᠷᠡᠯ ᠱᠦᠵᠢ ᠠᠴᠠ ᠡᠨᠡᠬᠦ ᠠᠵᠢᠯ ᠢ | ᠲᠣᠩ ᠶᠡᠭᠡ ᠴᠢᠬᠤᠯᠠᠴᠢᠯᠠᠨ ᠦᠵᠡᠵᠥ᠂ ᠮᠠᠯᠴᠢᠨ ᠲᠦᠮᠡᠨ ᠢᠶᠠᠨ ᠣᠬᠠᠭᠠᠷᠠᠭᠤᠯᠣᠨ ᠲᠠᠭᠠᠭᠤᠯᠬᠤ ᠶᠢᠨ ᠬᠠᠮᠳᠣ | ᠵᠣᠬᠢᠬᠤ ᠲᠠᠯ᠎ᠠ ᠠᠴᠠ ᠠᠵᠥ ᠠᠬᠤᠢ ᠶᠢᠨ ᠦᠷ᠎ᠡ ᠠᠰᠢᠭ ᠢ ᠨᠢ ᠠᠷᠪᠢᠯᠠᠬᠤ ᠡᠬᠦᠳᠡᠨ ᠠᠴᠠ ᠨᠣᠳᠤᠭ ᠪᠡᠯᠴᠢᠬᠡᠷ ᠢᠶᠠᠨ | ᠰᠢᠨᠵᠢᠯᠡᠬᠦ ᠣᠬᠠᠭᠠᠨᠴᠢ ᠪᠠᠷ ᠬᠤᠪᠢᠷᠢᠯᠠᠵᠥ ᠨᠣᠳᠤᠭ ᠪᠡᠯᠴᠢᠬᠡᠷ ᠤᠨ ᠦᠷ᠎ᠡ ᠠᠰᠢᠭ ᠢ ᠬᠠᠮᠤᠭ ᠦᠨᠳᠣᠷ ᠬᠡᠪᠴᠢᠶᠠᠨ | ᠳᠤ ᠠᠰᠢᠭᠯᠠᠬᠤ ᠶᠢ ᠵᠣᠷᠢᠭᠵᠢᠭᠤᠯᠬᠤ ᠪᠠᠷ ᠡᠷᠣᠬᠡ ᠪᠦᠷᠢ ᠶᠢᠨ ᠬᠤᠪᠢᠳᠠᠵᠥ ᠠᠪᠣᠭᠰᠠᠨ ᠨᠣᠳᠤᠭ ᠪᠡᠯᠴᠢᠬᠡᠷ ᠲᠤᠨᠢ | ᠪᠣᠳᠠᠳᠡᠢ ᠪᠠᠶᠢᠴᠠᠭᠠᠯᠳᠠ ᠬᠢᠵᠥ ᠪᠡᠯᠴᠢᠬᠡᠷ ᠡᠪᠡᠰᠣᠨ ᠤ ᠭᠠᠷᠣᠴᠠ ᠶᠢ ᠦᠨᠳᠣᠰᠣᠯᠠᠵᠥ ᠣᠯᠠᠨ ᠲᠦᠷᠦᠯ ᠬᠤᠪᠢᠶᠠᠨ | ᠲᠣᠣᠷ ᠬᠦᠷᠢᠶ᠎ᠡ ᠪᠠᠨ ᠠᠮᠢᠳᠣᠯᠢᠭ ᠲᠠᠳᠠᠬᠤ ᠶᠢ ᠰᠠᠨᠠᠭᠤᠯᠵᠥ ᠪᠣᠳᠠᠳᠡᠢ ᠠᠵᠢᠯᠯᠠᠭᠰᠠᠨ ᠢᠶᠠᠷ ᠲᠡᠬᠡᠷ᠎ᠡ ᠱᠠᠳᠣᠨ ᠤ | ᠮᠡᠷᠬᠡᠵᠢᠯᠳᠠᠨ ᠨᠡᠷ ᠤᠨ ᠦᠨᠳᠣᠷ ᠦᠨᠡᠯᠡᠯᠳᠡ ᠶᠢ ᠣᠯᠵᠥ ᠪᠦᠬᠦ ᠭᠠᠴᠠᠭᠠᠨ ᠤ ᠨᠠᠶᠠᠨ ᠬᠤᠪᠢ ᠶᠢᠨ ᠨᠣᠳᠤᠭ | ᠪᠡᠯᠴᠢᠬᠡᠷ ᠢ ᠲᠣᠣᠷᠯᠠᠨ ᠪᠢᠳᠡᠬᠦᠮᠵᠢᠯᠡᠵᠥ ᠨᠣᠳᠤᠭ ᠪᠡᠯᠴᠢᠬᠡᠷ ᠤᠨ ᠬᠦᠷᠦᠰᠣ ᠰᠢᠷᠣᠢ ᠶᠢᠨ ᠬᠠᠮᠠᠭᠠᠯᠠᠯ ᠳᠤ | ᠣᠮᠳᠣᠭᠠᠶᠢᠯᠠᠵᠥ ᠪᠣᠯᠥᠰᠢ ᠢᠳᠡᠪᠬᠢ ᠦᠢᠯᠡᠳᠣᠯ ᠦᠵᠡᠬᠦᠯᠵᠥ ᠴᠢᠳᠠᠭᠰᠠᠨ ᠪᠠᠶᠢᠨ᠎ᠠ᠃ | 2012 ᠣᠨ ᠳᠤ ᠪᠤᠨᠳᠡᠷᠢ ᠨᠣᠳᠤᠭ ᠲᠤ ᠪᠠᠰᠠ ᠨᠢᠬᠡᠨ ᠣᠳᠠᠭᠠᠨ ᠤ ᠬᠦᠮᠡᠯᠢ ᠲᠠᠭᠠᠨ᠎ᠠ ᠶᠢᠨ ᠰᠢᠪᠡᠵᠢ | ᠬᠤᠷᠣᠬᠠᠢ ᠶᠢᠨ ᠭᠠᠮᠰᠢᠭ ᠲᠠᠬᠢᠨᠳᠠ ᠨᠦᠮᠦᠷᠢᠯᠠ᠃ ᠲᠡᠷᠡᠬᠦ ᠬᠤᠷᠣᠬᠠᠢ ᠶᠢᠨ ᠬᠤᠣᠷ ᠬᠦᠨᠦᠬᠡᠯ ᠨᠢ ᠴᠡᠷᠴᠡᠬᠠᠢ ᠶᠢᠨ | ᠭᠠᠮᠰᠢᠭ ᠢ ᠪᠣᠳᠣᠪᠠᠯ ᠨᠡᠩ ᠬᠦᠨᠳᠣ ᠨᠣᠴᠢᠳᠡᠢ᠂ ᠣᠴᠢᠷ ᠨᠢ ᠴᠡᠷᠴᠡᠬᠠᠢ ᠪᠣᠯ ᠲᠠᠭᠠᠨ᠎ᠠ ᠮᠠᠩᠬᠢᠷ ᠵᠡᠷᠬᠡ ᠶᠢᠨ | ᠭᠠᠰᠢᠭᠤᠨ ᠵᠣᠶᠢᠯ ᠢ ᠢᠳᠡᠬᠦ ᠦᠬᠡᠢ ᠵᠡᠷᠬᠡ ᠶᠢᠨ ᠣᠨᠴᠠᠯᠢᠭ ᠲᠠᠢ ᠪᠠᠶᠢᠭᠰᠠᠨ ᠪᠣᠯ ᠡᠨᠡᠬᠦ ᠬᠠᠷ᠎ᠠ ᠬᠤᠷᠣᠬᠠᠢ ᠬᠠᠷᠢᠨ | ᠬᠡᠷᠡᠯ ᠢᠯᠴᠢ ᠨᠢ ᠦᠵᠡᠭᠳᠡᠬᠦ ᠦᠬᠡᠢ ᠲᠦᠢᠮᠡᠷ ᠮᠡᠳᠣ ᠪᠦᠬᠦᠨ ᠢ ᠴᠦᠯᠪᠡᠨ ᠠᠪᠳᠠᠭ ᠪᠠᠶᠢᠨ᠎ᠠ᠃ ᠨᠣᠳᠤᠭ ᠪᠡᠯᠴᠢᠬᠡᠷ᠂ | ᠮᠠᠯ ᠰᠦᠷᠦᠭ ᠢᠶᠠᠨ ᠶᠠᠭᠤᠨ ᠤ ᠲᠡᠷᠢᠬᠦᠨ ᠳᠤ ᠲᠠᠯᠪᠢᠳᠠᠭ ᠣᠶᠣᠨᠬᠡᠷᠡᠯ ᠱᠦᠵᠢ ᠨᠣᠳᠤᠭ ᠣᠰᠣ᠂ ᠮᠠᠯᠴᠢᠨ ᠲᠦᠮᠡᠨ | ᠤ ᠪᠠᠨ ᠲᠦᠯᠥᠬᠡ ᠰᠡᠳᠬᠢᠯ ᠵᠣᠪᠠᠨᠢᠬᠤ ᠳᠠᠭᠠᠨ ᠪᠠᠰᠠᠯᠠ《 ᠨᠢᠭᠤᠷ ᠢᠶᠠᠨ ᠰᠢᠷᠢᠯᠡᠬᠡᠳ》 ᠬᠤᠯᠪᠣᠭᠳᠠᠯ ᠪᠦᠬᠦᠢ | ᠪᠠᠶᠢᠭᠤᠯᠥᠯᠭᠠ ᠨᠢᠬᠡᠴᠡ ᠶᠢ ᠡᠷᠢᠨ ᠬᠦᠴᠢᠷ ᠵᠣᠪᠠᠯᠠᠩ ᠢᠶᠠᠨ ᠲᠣᠭᠠᠴᠢᠭᠰᠠᠨ ᠤ ᠡᠴᠣᠰ ᠲᠤ ᠵᠦᠪᠬᠡᠨ ᠲᠣᠰᠣᠨ ᠤ | ᠵᠡᠷᠣᠳᠡᠯ ᠢ ᠨᠢ ᠦᠪᠡᠷᠳᠡᠬᠡᠨ ᠭᠠᠷᠭᠠᠬᠤ ᠲᠡᠬᠡᠳᠣ ᠱᠠᠳᠣᠨ ᠤ ᠬᠠᠯᠠᠭᠤᠨ ᠲᠡᠮᠵᠢᠯᠬᠡ ᠶᠢ ᠣᠯᠵᠥ ᠪᠦᠬᠦ ᠭᠠᠴᠠᠭᠠᠨ ᠤ | ᠪᠠᠨ ᠨᠣᠳᠤᠭ ᠲᠤ ᠡᠮ ᠰᠠᠴᠣᠵᠥ ᠨᠣᠳᠤᠭ ᠪᠡᠯᠴᠢᠬᠡᠷ ᠢᠶᠠᠨ ᠬᠦᠨᠦᠬᠡᠯᠳᠣ ᠬᠤᠷᠣᠬᠠᠢ ᠶᠢᠨ ᠭᠠᠮᠰᠢᠭ ᠠᠴᠠ ᠲᠠᠬᠢᠨᠳᠠ | ᠠᠪᠣᠷᠠᠭᠰᠠᠨ ᠶᠣᠮᠰᠠᠨ᠃ | ᠮᠠᠯᠴᠢᠨ ᠲᠦᠮᠡᠨ — ᠣᠷᠬᠢᠵᠥ ᠪᠣᠯᠣᠰᠢ ᠦᠬᠡᠢ ᠡᠬᠦᠷᠢᠳᠡ ᠶᠢᠨ ᠬᠠᠨᠢ | ᠨᠠᠮ ᠠᠷᠠᠳ ᠲᠦᠮᠡᠨ ᠤ ᠪᠠᠨ ᠲᠦᠯᠥᠬᠡ ᠨᠢᠬᠡ ᠰᠡᠳᠬᠢᠯ ᠢᠶᠠᠷ ᠵᠢᠳᠬᠦᠵᠥ ᠶᠠᠪᠣᠭᠰᠠᠨ ᠣᠶᠣᠨᠬᠡᠷᠡᠯ ᠭᠠᠴᠠᠭᠠᠨ ᠤ | ᠪᠠᠨ ᠨᠠᠮ ᠤᠨ ᠡᠬᠦᠷ ᠤᠨ ᠱᠦᠵᠢ ᠶᠢᠨ ᠲᠣᠰᠢᠶᠠᠯ ᠳᠤ ᠪᠠᠶᠢᠬᠤ ᠬᠤᠭᠤᠴᠠᠭᠠᠨ ᠳᠠᠭᠠᠨ ᠦᠨᠳᠣᠰᠣᠨ ᠱᠠᠳᠣᠨ ᠤ | ᠰᠠᠯᠪᠣᠷᠢ ᠵᠣᠬᠢᠶᠠᠨ ᠪᠠᠶᠢᠭᠤᠯᠥᠯᠳᠠ ᠶᠢᠨ ᠦᠢᠯᠡᠰ ᠢ ᠶᠡᠬᠡᠳᠡ ᠠᠩᠬᠠᠷᠣᠨ ᠬᠠᠯᠠᠮᠵᠢᠯᠠᠵᠥ ᠵᠢᠯᠥᠭᠤᠳᠣᠨ | ᠲᠠᠭᠠᠭᠤᠯᠣᠭᠰᠠᠨ ᠢᠶᠠᠷ ᠡᠯ᠎ᠠ ᠵᠣᠬᠢᠶᠠᠨ ᠪᠠᠶᠢᠭᠤᠯᠥᠯᠳᠠ ᠨᠢ ᠪᠠᠶᠠᠷᠯᠠᠭᠤᠰᠢᠳᠡᠢ ᠰᠠᠶᠢᠨ ᠠᠮᠵᠢᠯᠳᠠ ᠪᠦᠳᠦᠬᠡᠯ ᠢ ᠣᠯᠵᠥ | ᠴᠢᠳᠠᠭᠰᠠᠨ ᠪᠢᠯᠡ᠃ | 1995 ᠣᠨ ᠳᠤ ᠲᠣᠰ ᠭᠠᠴᠠᠭᠠᠨ ᠤ ᠵᠠᠯᠠᠭᠤ ᠣᠶᠣᠳᠠᠨ ᠡᠮᠴᠢ ᠪᠦᠷᠢᠨᠪᠡᠶᠡᠷ ᠬᠦᠬᠡᠬᠤᠳᠠ ᠶᠢᠨ ᠡᠮᠨᠡᠯᠬᠡ ᠶᠢᠨ | ᠰᠣᠷᠭᠠᠭᠤᠯᠢ ᠠᠴᠠ ᠲᠡᠬᠦᠰᠴᠣ ᠢᠷᠡᠭᠰᠡᠨ ᠤ ᠪᠠᠨ ᠲᠠᠷᠠᠭ᠎ᠠ ᠬᠦᠳᠡᠭᠡ ᠨᠣᠳᠤᠭ ᠢᠶᠠᠷ ᠢᠶᠠᠨ ᠲᠣᠭᠤᠷᠢᠨ ᠡᠮᠴᠢᠯᠡᠬᠦ | ᠦᠶ᠎ᠡ ᠳᠤ ᠣᠶᠣᠨᠬᠡᠷᠡᠯ ᠱᠦᠵᠢ ᠠᠴᠠ ᠲᠡᠬᠦᠨ ᠳᠤ ᠲᠣᠩ ᠶᠡᠭᠡ ᠠᠵᠥ ᠠᠬᠤᠢ ᠪᠠ ᠰᠡᠳᠬᠢᠯ ᠰᠠᠨᠠᠭᠠᠨ ᠤ | ᠵᠣᠷᠢᠭᠵᠢᠭᠤᠯᠣᠯ ᠣᠯᠭᠤᠭᠰᠠᠨ ᠢᠶᠠᠷ ᠲᠡᠷᠡ ᠬᠦᠳᠡᠭᠡ ᠨᠣᠳᠤᠭ ᠤᠨ ᠡᠮ ᠡᠮᠨᠡᠯᠬᠡ ᠶᠢᠨ ᠦᠢᠯᠡᠰ ᠲᠤ ᠭᠠᠷᠮᠠᠭᠠᠢ | ᠬᠤᠪᠢ ᠨᠡᠮᠡᠬᠦᠷᠢ ᠦᠵᠡᠬᠦᠯᠥᠭᠰᠡᠨ ᠢᠶᠠᠷ ᠦᠯᠥ ᠪᠠᠷᠠᠨ1996 ᠣᠨ ᠳᠤ ᠦᠪᠦᠷ ᠮᠣᠩᠭᠤᠯ ᠤᠨ ᠦᠪᠡᠷᠳᠡᠬᠡᠨ | ᠵᠠᠰᠠᠬᠤ ᠣᠷᠣᠨ ᠤ ᠡᠪᠯᠠᠯ ᠤᠨ ᠲᠦᠯᠥᠬᠡᠯᠡᠭᠴᠢ᠂ ᠵᠠᠯᠭᠠᠭᠠᠳ1998 ᠣᠨ ᠳᠤ ᠲᠣᠮᠳᠠᠳᠣ ᠣᠯᠣᠰ ᠤᠨ ᠡᠪ ᠬᠠᠮᠳᠣ | ᠵᠠᠯᠠᠭᠤᠴᠣᠳ ᠤᠨ ᠡᠪᠯᠠᠯ ᠤᠨ ᠠᠷᠪᠠᠨ ᠲᠦᠷᠪᠡᠳᠣᠬᠡᠷ ᠬᠤᠭᠤᠴᠠᠭᠠᠨ ᠤ ᠲᠦᠯᠥᠬᠡᠯᠡᠭᠴᠢ ᠪᠠᠷ ᠰᠣᠩᠭᠤᠭᠳᠠᠵᠥ | ᠨᠡᠶᠢᠰᠯᠠᠯ ᠬᠤᠳᠠ — ᠪᠡᠬᠡᠵᠢᠩ ᠳᠤ ᠬᠦᠷᠴᠣ ᠡᠪᠯᠠᠯ ᠤᠨ ᠵᠣᠬᠢᠶᠠᠨ ᠪᠠᠶᠢᠭᠤᠯᠥᠯᠳᠠ ᠶᠢᠨ ᠣᠳᠣᠷᠢᠳᠣᠯᠭ᠎ᠠ ᠨᠡᠷ ᠲᠠᠢ | ᠠᠭᠤᠯᠵᠠᠵᠥ ᠣᠷᠣᠨ ᠨᠣᠳᠤᠭ ᠪᠠ ᠬᠤᠪᠢ ᠬᠦᠮᠦᠨ ᠳᠡᠭᠡᠨ ᠬᠢᠵᠠᠭᠠᠯᠠᠰᠢ ᠦᠬᠡᠢ ᠶᠡᠭᠡ ᠦᠩᠬᠡ ᠬᠡᠷᠡᠯ ᠠᠪᠴᠢᠷᠠᠭᠰᠠᠨ | ᠪᠠ ᠲᠣᠰ ᠭᠠᠴᠠᠭᠠᠨ ᠤ ᠵᠢᠷ ᠤᠨ ᠮᠠᠯᠴᠢᠨ ᠪᠦᠰᠡᠬᠦᠢ ᠲᠣᠷᠵᠢᠫᠠᠭᠮᠠ ᠬᠤᠰᠢᠭᠤ ᠲᠡᠰ ᠤᠨ《3.8》 ᠶᠢᠨ | ᠣᠯᠠᠭᠠᠨ ᠲᠣᠭᠴᠢ ᠪᠠᠷ ᠰᠣᠩᠭᠤᠭᠳᠠᠵᠥ ᠪᠠᠶᠢᠭᠰᠠᠨ ᠶᠠᠪᠣᠳᠠᠯ ᠨᠢ ᠣᠶᠣᠨᠬᠡᠷᠡᠯ ᠱᠦᠵᠢ ᠶᠢᠨ ᠬᠠᠪᠰᠣᠷᠣᠯᠭ᠎ᠠ | ᠲᠡᠮᠵᠢᠯᠬᠡ ᠪᠠ ᠪᠣᠳᠡᠳᠡᠢ ᠵᠢᠭᠠᠨ ᠵᠢᠯᠥᠭᠤᠳᠣᠯᠭ᠎ᠠ ᠠᠴᠠ ᠰᠠᠯᠵᠥ ᠴᠢᠳᠠᠬᠤ ᠦᠬᠡᠢ ᠨᠢ ᠮᠡᠳᠡᠬᠡᠵᠢ᠃ | | ᠴᠠᠭ ᠦᠶ᠎ᠡ ᠬᠡᠳᠣᠶᠢᠪᠡᠷ ᠲᠦᠷᠬᠡᠨ ᠬᠦᠭᠵᠢᠵᠥ ᠪᠠᠶᠢᠭᠰᠠᠨ ᠪᠣᠯᠪᠠᠴᠣ ᠦᠨᠳᠣᠰᠣᠨ ᠱᠠᠳᠣᠨ ᠳᠤ ᠰᠣᠷᠭᠠᠨ | ᠬᠦᠮᠦᠵᠢᠯ ᠠᠷᠡᠢ ᠯᠡ ᠲᠡᠬᠡᠵᠥ ᠶᠡᠭᠡ ᠲᠦᠬᠡᠮᠡᠯᠵᠢᠬᠡ ᠦᠬᠡᠢ ᠵᠠᠯᠠᠭᠤᠴᠣᠳ ᠤᠨ ᠰᠣᠶᠣᠯ ᠤᠨ ᠠᠮᠢᠳᠣᠷᠠᠯ | ᠬᠤᠴᠣᠷᠣᠩᠭᠤᠢ᠂ ᠨᠡᠩ ᠢᠯᠠᠩᠭᠤᠶ᠎ᠡ ᠰᠣᠷᠭᠠᠭᠤᠯᠢ ᠠᠴᠠ ᠡᠮᠣᠨᠡᠬᠢ ᠬᠡᠣᠬᠡᠳ ᠲᠣᠩ ᠭᠠᠭᠴᠠᠭᠠᠷᠳᠡᠩᠭᠤᠢ ᠪᠠᠶᠢᠭ᠎ᠠ ᠶᠢ | ᠣᠯᠵᠥ ᠮᠡᠳᠡᠭᠰᠡᠨ ᠣᠶᠣᠨᠬᠡᠷᠡᠯ ᠱᠦᠵᠢ ᠬᠤᠰᠢᠭᠤ ᠬᠡᠣᠬᠡᠳ ᠤᠨ ᠴᠡᠴᠡᠷᠯᠢᠭ ᠵᠡᠷᠬᠡ ᠬᠠᠮᠢᠶ᠎ᠡ ᠪᠦᠬᠦᠢ ᠪᠠᠶᠢᠭᠤᠯᠥᠯᠭᠠ | ᠨᠢᠬᠡᠴᠡ ᠲᠠᠢ ᠬᠠᠷᠢᠴᠠᠵᠥ ᠪᠠᠶᠢᠭᠠᠳ ᠰᠣᠶᠣᠯ ᠤᠨ ᠬᠦᠳᠡᠯᠬᠡᠬᠡᠨ ᠤ ᠲᠦᠪ ᠲᠡᠭᠡᠨ ᠬᠡᠣᠬᠡᠳ ᠤᠨ ᠴᠡᠴᠡᠷᠯᠢᠭ | ᠪᠠᠶᠢᠭᠤᠯᠣᠭᠰᠠᠨ ᠨᠢ ᠨᠣᠳᠤᠭ ᠣᠰᠣᠨ ᠤ ᠦᠷ᠎ᠡ ᠬᠡᠣᠬᠡᠳ ᠤᠨ ᠲᠦᠯᠥᠬᠡ ᠶᠠᠪᠣᠭᠳᠠᠭᠤᠯᠣᠭᠰᠠᠨ ᠪᠠᠰᠠ ᠨᠢᠬᠡᠨ | ᠪᠣᠶᠠᠨᠰᠠᠭ ᠠᠵᠢᠯᠯᠠᠭ᠎ᠠ ᠪᠢᠯᠡ᠃ | ᠣᠶᠣᠨᠬᠡᠷᠡᠯ ᠱᠦᠵᠢ1997 ᠣᠨ ᠳᠤ ᠰᠡᠬᠡᠬᠡᠳᠡᠳ ᠤᠨ《 ᠬᠦᠳᠡᠭᠡ ᠪᠠᠭᠤᠭᠰᠠᠨ》ᠭᠤᠴᠢᠨ ᠵᠢᠯ ᠤᠨ ᠣᠢ | ᠶᠢ ᠲᠣᠬᠢᠶᠠᠯᠳᠣᠭᠤᠯᠣᠨ ᠪᠠᠭ᠎ᠠ ᠬᠡᠮᠵᠢᠶᠠᠨ ᠤ ᠨᠠᠭᠠᠳᠣᠮ ᠵᠣᠬᠢᠶᠠᠨ ᠪᠠᠶᠢᠭᠤᠯᠵᠥ ᠮᠠᠯᠴᠢᠳ ᠪᠠ ᠰᠡᠬᠡᠬᠡᠳᠡᠨ ᠨᠡᠷ ᠤᠨ | ᠡᠷᠬᠢᠴᠠᠬᠦᠯᠥᠯ ᠲᠣᠷᠠᠳᠬᠠᠯ ᠢ ᠪᠠᠳᠣᠳᠬᠠᠭᠰᠠᠨ ᠪᠦᠬᠡᠳ ᠲᠣᠰ ᠣᠳᠠᠭᠠᠨ ᠤ128 ᠪᠦᠬᠡ ᠶᠢᠨ ᠪᠠᠷᠢᠯᠳᠣᠭᠠᠨ ᠳᠤ | ᠲᠣᠰ ᠭᠠᠴᠠᠭᠠᠨ ᠤ ᠰᠴᠴᠠᠨᠪᠠᠭᠠᠳᠣᠷ ᠲᠡᠷᠢᠬᠦᠯᠵᠥ30 ᠭᠠᠵᠠᠷ ᠤᠨ ᠡᠮᠡᠬᠡᠯᠳᠣ ᠮᠣᠷᠢᠨ ᠤ ᠣᠷᠣᠯᠳᠣᠭᠠᠨ ᠳᠤ | ᠪᠠᠶᠠᠨᠪᠢᠯᠢᠭ᠍ᠳᠦ ᠭᠠᠴᠠᠭᠠᠨ ᠤ ᠲᠡᠬᠦᠰ ᠤᠨ ᠮᠣᠷᠢ ᠲᠡᠷᠢᠬᠦᠯᠵᠥ ᠲᠣᠰ ᠲᠣᠰ ᠬᠠᠯᠠᠭᠤᠨ ᠬᠤᠰᠢᠭᠤᠳᠣ ᠠᠳᠣᠭᠤ ᠪᠠᠷ | ᠱᠠᠩᠨᠠᠭᠳᠠᠭᠰᠠᠨ ᠪᠠᠶᠢᠨ᠎ᠠ᠃ | ᠮᠠᠯᠴᠢᠨ ᠲᠦᠮᠡᠨ ᠤ ᠰᠣᠶᠣᠯ ᠣᠷᠠᠯᠢᠭ ᠲᠠᠩ ᠴᠣᠯᠭᠤᠢ ᠪᠠᠶᠢᠳᠠᠭ ᠵᠦᠢᠯ ᠳᠤ ᠴᠢᠭᠯᠡᠬᠦᠯᠥᠨ ᠣᠶᠣᠨᠬᠡᠷᠡᠯ | ᠱᠦᠵᠢ1998 ᠣᠨ ᠳᠤ ᠭᠠᠴᠠᠭᠠᠨ ᠤ ᠪᠠᠨ ᠨᠠᠮ ᠤᠨ ᠡᠬᠦᠷ ᠠᠷᠠᠳ ᠤᠨ ᠵᠦᠪᠯᠠᠯ ᠤᠨ ᠨᠦᠬᠦᠳ ᠲᠠᠢ ᠪᠠᠨ | ᠵᠦᠪᠳᠡᠯᠴᠡᠵᠥ ᠪᠠᠶᠢᠭᠠᠳ1998 ᠣᠨ ᠳᠤ ᠪᠤᠨᠳᠡᠷᠢ ᠭᠠᠴᠠᠭᠠᠨ ᠤ ᠮᠠᠯᠴᠢᠳ ᠤᠨ ᠬᠤᠶᠠᠳᠣᠭᠠᠷ ᠣᠳᠠᠭᠠᠨ ᠤ | ᠠᠷᠠᠳ ᠤᠨ ᠶᠡᠭᠡ ᠨᠡᠶᠢᠷ ᠢ ᠦᠪᠡᠳᠡᠭᠰᠢ ᠶᠡᠭᠡ ᠪᠠᠷ ᠡᠷᠬᠢᠯᠠᠨ ᠶᠠᠪᠣᠭᠳᠠᠭᠤᠯᠬᠤ ᠳᠠᠭᠠᠨ ᠠᠬᠠᠮᠠᠳ ᠣᠳᠣᠷᠢᠳᠣᠯᠭ᠎ᠠ᠂ | ᠵᠢᠱᠢᠶᠡᠴᠢ ᠮᠠᠯᠴᠢᠨ᠂ ᠮᠢᠩᠭᠠᠳᠣ ᠶᠢᠨ ᠡᠷᠣᠬᠡ ᠵᠡᠷᠬᠡ ᠲᠡᠷᠢᠬᠦᠨ ᠤ ᠮᠠᠯᠴᠢᠳ ᠢᠶᠠᠨ ᠬᠦᠬᠢᠬᠦᠯᠥᠨ ᠱᠠᠩᠨᠠᠬᠤ ᠶᠢᠨ | ᠬᠠᠮᠳᠣ ᠬᠦᠬᠡᠬᠤᠳᠠ ᠠᠴᠠ ᠠᠯᠳᠡᠷᠳᠣ ᠲᠠᠭᠤᠴᠢᠨ ᠯᠾᠡᠰᠦ᠋ᠷᠣᠩ ᠵᠡᠷᠬᠡ ᠶᠢᠨ ᠣᠷᠠᠯᠢᠭᠴᠢᠳ ᠢ ᠵᠠᠯᠠᠨ ᠠᠪᠴᠢᠷᠠᠵᠥ | ᠰᠣᠶᠣᠯ ᠣᠷᠠᠯᠢᠭ ᠤᠨ ᠲᠣᠭᠯᠠᠯᠳᠠ ᠭᠠᠷᠭᠠᠨ ᠮᠠᠯᠴᠢᠳ ᠢᠶᠠᠨ ᠪᠠᠶᠠᠰᠬᠠᠬᠤ ᠶᠢᠨ ᠬᠠᠮᠳᠣ ᠮᠣᠩᠭᠤᠯ ᠦᠨᠳᠣᠰᠣᠳᠡᠨ ᠤ | ᠡᠷ᠎ᠡ ᠶᠢᠨ ᠭᠤᠷᠪᠠᠨ ᠨᠠᠭᠠᠳᠣᠮ ᠪᠣᠯᠬᠤ128 ᠬᠦᠴᠦᠳᠣ ᠪᠦᠬᠡ ᠶᠢᠨ ᠪᠠᠷᠢᠯᠳᠣᠭᠠᠨ ᠳᠤ ᠲᠣᠰ ᠭᠠᠴᠠᠭᠠᠨ ᠤ | ᠰᠠᠶᠢᠨᠪᠡᠶᠡᠷ ᠲᠡᠷᠢᠬᠦᠯᠵᠥ᠂ ᠬᠤᠯᠠ ᠶᠢᠨ ᠮᠣᠷᠢᠨ ᠤ ᠣᠷᠣᠯᠳᠣᠭᠠᠨ ᠳᠤ ᠪᠠᠷᠠᠭᠤᠨ ᠰᠦᠨᠢᠳ ᠬᠤᠰᠢᠭᠤᠨ ᠤ ᠨᠡᠷᠡᠳᠣ | ᠣᠶᠠᠭᠠᠴᠢ ᠬᠡᠬᠡᠷᠡᠯᠳᠣ ᠶᠢᠨ ᠰᠠᠷᠠᠯ ᠮᠠᠩᠨᠠᠢ ᠳᠠᠭᠠᠨ ᠲᠣᠭᠤᠰᠣ ᠦᠬᠡᠢ ᠬᠤᠷᠳᠣᠯᠠᠨ ᠲᠠᠪᠬᠢᠵᠥ ᠬᠠᠯᠠᠭᠤᠨ | ᠬᠤᠰᠢᠭᠤᠳᠣ ᠠᠳᠣᠭᠤ ᠪᠠᠷ ᠲᠣᠰ ᠲᠣᠰ ᠱᠠᠩᠨᠠᠭᠳᠠᠭᠰᠠᠨ ᠪᠢᠯᠡ᠃ | ᠨᠣᠳᠤᠭ ᠣᠰᠣᠨ ᠤ ᠪᠠᠨ ᠶᠠᠳᠠᠭᠤ ᠬᠦᠴᠢᠷᠳᠡᠢ ᠬᠡᠰᠡᠭ ᠮᠠᠯᠴᠢᠨ ᠢ ᠡᠷᠳᠡ ᠨᠢᠬᠡᠨ ᠡᠳᠣᠷ ᠴᠢᠨᠡᠬᠡᠯᠢᠭᠵᠢᠯ ᠤᠨ | ᠵᠠᠮ ᠢᠶᠠᠷ ᠵᠠᠮᠨᠠᠭᠤᠯᠬᠤ ᠶᠢᠨ ᠲᠦᠯᠥᠬᠡ ᠣᠶᠣᠨᠬᠡᠷᠡᠯ ᠱᠦᠵᠢ ᠲᠡᠬᠡᠳᠣ ᠱᠠᠳᠣᠨ ᠳᠤ ᠭᠤᠶᠣᠴᠢᠯᠠᠵᠥ | ᠪᠠᠶᠢᠭᠠᠳ2013 ᠣᠨ ᠳᠤ153 ᠲᠣᠯᠣᠭᠠᠢ ᠬᠤᠨᠢ᠂2014 ᠣᠨ ᠳᠤ133 ᠲᠣᠯᠣᠭᠠᠢ ᠬᠤᠨᠢ ᠠᠪᠴᠢᠷᠠᠵᠥ | ᠭᠠᠴᠠᠭᠠᠨ ᠤ ᠪᠠᠨ ᠶᠠᠳᠠᠭᠤ ᠡᠷᠣᠬᠡ ᠳᠤ ᠬᠤᠪᠢᠶᠠᠨ ᠦᠭᠴᠣ ᠲᠡᠳᠡᠨ ᠤ ᠠᠳᠠᠯ ᠠᠮᠢᠳᠣᠷᠠᠯ ᠢᠶᠠᠨ ᠦᠬᠡᠳᠡ ᠨᠢ | ᠲᠠᠳᠠᠬᠤ ᠳᠤ ᠠᠵᠥ ᠠᠬᠤᠢ ᠶᠢᠨ ᠪᠣᠳᠠᠳᠣ ᠠᠰᠢᠭ ᠬᠦᠷᠳᠡᠬᠡᠨ ᠦᠭᠬᠦᠭᠰᠡᠨ ᠪᠠᠶᠢᠨ᠎ᠠ᠃ | ᠮᠦᠨᠴᠣ ᠬᠤᠰᠢᠭᠤ ᠵᠣᠬᠢᠶᠠᠨ ᠪᠠᠶᠢᠭᠤᠯᠬᠤ ᠬᠡᠯᠳᠡᠰ ᠤᠨ ᠪᠣᠳᠡᠳᠡᠢ ᠲᠡᠮᠵᠢᠯᠬᠡ ᠪᠠᠷ ᠭᠠᠴᠠᠭᠠᠨ ᠤ ᠬᠦᠳᠡᠯᠬᠡᠬᠡᠨ ᠤ | ᠬᠡᠷ ᠢ ᠵᠠᠰᠠᠨ ᠰᠡᠯᠪᠢᠬᠦ ᠬᠤᠶᠡᠷ ᠲᠦᠮᠡᠨ ᠲᠦᠬᠦᠷᠢᠭ ᠢ ᠡᠷᠡᠮᠵᠡᠯᠡᠨ ᠣᠯᠵᠥ ᠭᠠᠴᠠᠭᠠᠨ ᠤ ᠪᠠᠨ ᠰᠣᠶᠣᠯ ᠤᠨ ᠬᠡᠷ ᠢ | ᠲᠠᠬᠢᠨᠳᠠ ᠪᠦᠷᠢᠨᠰᠢᠬᠦᠯᠥᠭᠰᠡᠨ ᠪᠠᠶᠢᠨ᠎ᠠ᠃ | | ᠦᠬᠡᠳᠡᠷᠬᠡᠭ ᠰᠡᠳᠬᠢᠯ — ᠣᠷᠣᠯᠠᠭᠤᠯᠵᠥ ᠪᠣᠯᠣᠰᠢ ᠦᠬᠡᠢ ᠨᠠᠨᠳᠢᠨ ᠦᠪ | ᠨᠣᠳᠤᠭ ᠣᠰᠣ᠂ ᠠᠷᠠᠳ ᠲᠦᠮᠡᠨ ᠤ ᠪᠠᠨ ᠲᠦᠯᠥᠬᠡ ᠨᠢᠬᠡ ᠰᠡᠳᠬᠢᠯ ᠢᠶᠠᠷ ᠭᠤᠶᠠᠴᠢ ᠦᠬᠡᠢ ᠵᠢᠳᠬᠦᠵᠥ | ᠶᠠᠪᠣᠭᠰᠠᠨ ᠣᠶᠣᠨᠬᠡᠷᠡᠯ ᠱᠦᠵᠢ ᠶᠢᠨ ᠦᠵᠡᠯ ᠰᠠᠨᠠᠭ᠎ᠠ ᠦᠢᠯᠡᠰ ᠪᠦᠳᠦᠬᠡᠯ ᠢ ᠲᠡᠬᠡᠳᠣ ᠱᠠᠳᠣᠨ ᠤ ᠨᠠᠮ ᠵᠠᠰᠠᠭ ᠠᠴᠠ | ᠦᠨᠳᠣᠷ ᠦᠨᠠᠯᠠᠨ2000 ᠣᠨ ᠳᠤ ᠲᠡᠬᠦᠨ ᠤ ᠪᠠᠶᠢᠭ᠎ᠠ ᠪᠤᠨᠳᠡᠷᠢ ᠭᠠᠴᠠᠭᠠᠨ ᠤ ᠨᠠᠮ ᠤᠨ ᠡᠬᠦᠷ ᠢ ᠬᠤᠰᠢᠭᠤ ᠲᠡᠰ | ᠤᠨ《 ᠦᠨᠳᠣᠰᠣᠨ ᠱᠠᠳᠣᠨ ᠤ ᠲᠡᠷᠢᠬᠦᠨ ᠤ ᠨᠠᠮ ᠤᠨ ᠡᠬᠦᠷ》᠂ 2002 ᠣᠨ ᠳᠤ ᠬᠤᠰᠢᠭᠤ ᠲᠡᠰ | ᠤᠨ《ᠲᠡᠷᠢᠬᠦᠨ ᠤ ᠨᠠᠮ ᠤᠨ ᠡᠬᠦᠷ》 ᠢᠶᠠᠷ ᠲᠣᠰ ᠲᠣᠰ ᠬᠦᠬᠢᠬᠦᠯᠥᠨ ᠵᠣᠷᠢᠭᠵᠢᠭᠤᠯᠣᠭᠰᠠᠨ ᠪᠦᠬᠡᠳ ᠣᠶᠣᠨᠬᠡᠷᠡᠯ | ᠱᠦᠵᠢ ᠦᠪᠡᠷᠳᠡᠬᠡᠨ ᠪᠠᠰᠠ 1990 ᠣᠨ ᠤ10 ᠰᠠᠷ᠎ᠠ ᠳᠤ ᠦᠪᠦᠷ ᠮᠣᠩᠭᠤᠯ ᠤᠨ ᠦᠪᠡᠷᠳᠡᠬᠡᠨ ᠵᠠᠰᠠᠬᠤ ᠣᠷᠣᠨ | ᠤ ᠵᠢᠷᠭᠤᠳᠣᠭᠠᠷ ᠬᠤᠭᠤᠴᠠᠭᠠᠨ ᠤ ᠡᠮᠡᠭᠳᠡᠶᠢᠴᠣᠳ ᠤᠨ ᠲᠦᠯᠥᠬᠡᠯᠡᠭᠴᠢ ᠪᠠᠷ ᠰᠣᠩᠭᠤᠭᠳᠠᠨ ᠣᠷᠣᠨ ᠤ ᠲᠦᠪ — | ᠬᠦᠬᠡᠬᠤᠳᠡ ᠳᠤ ᠦᠪᠡᠳᠡᠭᠰᠢ ᠶᠡᠭᠡ ᠬᠤᠷᠠᠯᠳᠣᠭᠠᠨ ᠳᠤ ᠣᠷᠣᠯᠴᠠᠵᠥ ᠲᠣᠬᠠᠢ ᠶᠢᠨ ᠦᠶ᠎ᠡ ᠶᠢᠨ ᠦᠪᠦᠷ ᠮᠣᠩᠭᠤᠯ | ᠤᠨ ᠣᠳᠣᠷᠢᠳᠣᠯᠭ᠎ᠠ ᠪᠠᠶᠢᠭᠰᠠᠨ ᠪᠦᠬᠡ ᠲᠡᠷᠢᠬᠦᠯᠡᠭᠴᠢ ᠨᠡᠷ ᠲᠠᠢ ᠪᠡᠶᠡᠴᠢᠯᠠᠨ ᠠᠭᠤᠯᠵᠠᠵᠥ ᠵᠣᠷᠢᠭᠵᠢᠭᠤᠯᠣᠯ | ᠬᠦᠬᠢᠬᠦᠯᠥᠯ ᠢ ᠬᠦᠷᠳᠡᠵᠥ ᠶᠠᠪᠣᠭᠰᠠᠨ ᠤ ᠬᠠᠮᠳᠣ 1998 ᠣᠨ ᠳᠤ ᠪᠦᠬᠦ ᠠᠶᠢᠮᠠᠭ ᠤᠨ《 ᠰᠢᠯᠢᠳᠡᠭ ᠨᠠᠮ ᠤᠨ | ᠬᠡᠰᠢᠬᠦᠨ》᠂2001 ᠣᠨ ᠳᠤ ᠰᠢᠯᠢ ᠶᠢᠨ ᠭᠤᠣᠯ ᠠᠶᠢᠮᠠᠭ ᠤᠨ ᠡᠮᠡᠭᠳᠡᠶᠢᠴᠣᠳ ᠤᠨ ᠬᠤᠯᠪᠣᠭᠠᠳᠣ ᠬᠤᠷᠠᠯ ᠠᠴᠠ | ᠣᠯᠭᠤᠭᠰᠠᠨ ᠪᠦᠬᠦ ᠠᠶᠢᠮᠠᠭ ᠤᠨ《 ᠬᠤᠶᠡᠷ ᠢ ᠰᠣᠷᠴᠣ᠂ ᠬᠤᠶᠡᠷ ᠢ ᠠᠳᠠᠯᠢᠳᠬᠠᠬᠤ》ᠠᠵᠢᠯ ᠤᠨ《 ᠠᠷᠪᠠᠨ | ᠭᠠᠪᠰᠢᠭᠠᠶᠢᠯᠠᠭᠴᠢ》 ᠶᠢᠨ ᠨᠢᠬᠡ᠂2017 ᠣᠨ ᠳᠤ ᠬᠤᠰᠢᠭᠤ ᠲᠡᠰ ᠤᠨ《 ᠪᠣᠯᠪᠠᠰᠣᠨ ᠴᠢᠨᠡᠬᠡᠯᠢᠭ ᠡᠷᠣᠬᠡ》 | ᠵᠡᠷᠬᠡ ᠶᠢᠨ ᠢᠷᠡᠭᠤ ᠠᠯᠳᠡᠷ ᠢ ᠲᠡᠬᠡᠳᠣᠯᠠᠵᠥ ᠶᠠᠪᠣᠭ᠎ᠠ ᠪᠢᠯᠡ᠃ | ᠲᠦᠷᠦᠭᠰᠡᠨ ᠨᠣᠳᠤᠭ ᠤᠨ ᠢᠶᠠᠨ ᠰᠢᠮᠡᠯᠢᠭ ᠬᠦᠷᠦᠰᠣᠨ ᠲᠡᠬᠡᠷ᠎ᠡ ᠲᠦᠷᠦ ᠬᠦᠷᠦᠨ᠂ ᠲᠦᠮᠡᠨ ᠢᠷᠬᠡᠨ ᠳᠡᠭᠡᠨ | ᠵᠢᠳᠬᠦᠵᠥ ᠶᠠᠪᠣᠭᠰᠠᠨ ᠣᠶᠣᠨᠬᠡᠷᠡᠯ ᠱᠦᠵᠢ ᠣᠳᠣ《 ᠠᠯᠪᠠᠨ》 ᠤ ᠲᠣᠰᠢᠶᠠᠯ ᠦᠬᠡᠢ ᠴᠣ᠋ ᠠᠷᠠᠳ ᠲᠦᠮᠡᠨ ᠳᠡᠭᠡᠨ | ᠦᠢᠯᠡᠴᠢᠯᠡᠬᠦ ᠵᠣᠷᠢᠭ ᠰᠠᠨᠠᠭ᠎ᠠ᠂ ᠦᠢᠯᠡ ᠠᠵᠢᠯᠯᠠᠭ᠎ᠠ ᠪᠠᠨ ᠲᠠᠶᠠᠭᠳᠠᠭ᠎ᠠ ᠦᠬᠡᠢ᠂2015 ᠣᠨ ᠤ ᠰᠡᠬᠦᠯᠴᠢ ᠪᠠᠷ | ᠦᠪᠡᠷ ᠢᠶᠠᠨ《 ᠬᠠᠶᠢᠷ᠎ᠡ》ᠬᠡᠮᠡᠬᠦ ᠡᠨᠡᠷᠢᠯ ᠤᠨ ᠪᠣᠶᠠᠨᠰᠠᠭ ᠬᠤᠯᠪᠣᠭ᠎ᠠ ᠶᠢ ᠡᠬᠦᠰᠬᠡᠨ ᠪᠠᠶᠢᠭᠤᠯᠵᠥ ᠵᠦᠳᠡᠷᠡᠭᠰᠡᠨ | ᠮᠠᠯᠴᠢᠨ᠂ ᠵᠣᠪᠠᠭᠰᠠᠨ ᠢᠷᠬᠡᠨ ᠳᠡᠭᠡᠨ ᠬᠠᠷᠠᠮ ᠦᠬᠡᠢ ᠵᠢᠳᠬᠦᠬᠦ ᠪᠠᠷ ᠴᠢᠮᠡᠶᠢᠵᠥ ᠶᠠᠪᠣᠭ᠎ᠠ ᠪᠢᠯᠡ᠃ | ᠭᠠᠯ ᠣᠰᠣᠨ ᠤ ᠵᠣᠪᠠᠯᠠᠩ ᠨᠢᠳᠣ ᠦᠬᠡᠢ ᠪᠠᠶᠢᠳᠠᠭ ᠤᠨ ᠵᠢᠮ᠎ᠠ ᠪᠠᠷ 2016 ᠣᠨ ᠤ4 ᠰᠠᠷ᠎ᠠ ᠳᠤ ᠵᠡᠬᠦᠨ | ᠦᠵᠦᠮᠦᠴᠢᠨ ᠬᠤᠰᠢᠭᠤᠨ ᠤ ᠰᠠᠮᠠᠢ ᠰᠣᠮᠣᠨ ᠤ ᠲᠣᠰᠣᠨᠪᠣᠯᠠᠭ ᠭᠠᠴᠠᠭᠠᠨ ᠳᠤ ᠪᠣᠯᠣᠭᠰᠠᠨ ᠶᠡᠭᠡ ᠲᠦᠢᠮᠡᠷ ᠢ | ᠰᠣᠨᠣᠰᠣᠭᠰᠠᠨ ᠤ ᠲᠠᠷᠠᠭ᠎ᠠ ᠪᠠᠷ ᠣᠶᠣᠨᠬᠡᠷᠡᠯ《 ᠱᠦᠵᠢ》ᠬᠤᠯᠪᠣᠭᠠᠨ ᠤ ᠨᠦᠬᠦᠳ ᠢᠶᠠᠨ ᠲᠠᠷᠡ ᠲᠠᠷᠣᠶᠢᠬᠠᠨ | ᠲᠠᠶᠢᠴᠢᠯᠠᠨ5000.00 ᠲᠦᠬᠦᠷᠢᠭ ᠤᠨ ᠪᠡᠯᠡ ᠮᠦᠩᠬᠦ ᠴᠣᠭᠯᠠᠭᠤᠯᠵᠥ ᠭᠠᠮᠰᠢᠭᠳᠠᠭᠰᠠᠨ ᠮᠠᠯᠴᠢᠳ ᠲᠤ ᠢᠯᠡᠬᠡᠨ | ᠪᠠᠭ᠎ᠠ ᠴᠣ᠋ ᠬᠡᠰᠡᠨ ᠮᠠᠯᠴᠢᠨ ᠬᠦᠮᠦᠨ ᠤ ᠦᠷᠦᠪᠴᠢ ᠰᠡᠳᠬᠢᠯ ᠢ ᠢᠯᠡᠳᠬᠡᠭᠰᠡᠨ ᠪᠣᠯ 2017 ᠣᠨ ᠳᠤ ᠠᠪᠠᠭ᠎ᠠ | ᠬᠤᠰᠢᠭᠤᠨ ᠤ ᠪᠠᠨ ᠣᠷᠴᠢᠨ ᠲᠣᠭᠤᠷᠢᠨ ᠢ ᠬᠠᠮᠠᠭᠠᠯᠠᠬᠤ ᠵᠣᠷᠢᠯᠭ᠎ᠠ ᠪᠠᠷ ᠪᠠᠶᠢᠭᠤᠯᠣᠭᠳᠠᠭᠰᠠᠨ《 | ᠲᠣᠯᠭ᠎ᠠ》ᠬᠤᠯᠪᠣᠭᠠᠨ ᠤ ᠬᠡᠰᠢᠬᠦᠳ ᠲᠠᠢ ᠬᠠᠮᠳᠣᠷᠠᠨ ᠠᠪᠠᠭ᠎ᠠ ᠬᠤᠰᠢᠭᠤᠨ ᠤ《 ᠴᠣᠯᠮᠣᠨ》ᠨᠠᠰᠣᠳᠠᠶᠢᠴᠣᠳ | ᠤᠨ ᠠᠰᠠᠷᠠᠮᠵᠢ ᠶᠢᠨ ᠭᠠᠵᠠᠷ ᠤᠨ ᠨᠠᠰᠣᠳᠡᠶᠢᠴᠣᠳ ᠪᠠ ᠠᠵᠢᠯᠳᠠᠳ ᠢ ᠪᠣᠯᠭᠤᠭᠠᠨ ᠲᠣᠬᠤᠨᠢᠭᠤᠯᠣᠭᠰᠠᠨ ᠪᠠᠶᠢᠨ᠎ᠠ᠃ | 2018 ᠣᠨ ᠳᠤ ᠰᠡᠬᠡᠬᠡᠳᠡᠨ《 ᠨᠣᠳᠤᠭ ᠪᠣᠴᠠᠭᠰᠠᠨ》40 ᠵᠢᠯ ᠤᠨ ᠣᠢ ᠶᠢ ᠲᠣᠬᠢᠶᠠᠯᠳᠣᠭᠤᠯᠣᠨ ᠭᠠᠴᠠᠭᠠᠨ | ᠤ ᠨᠠᠮ ᠤᠨ ᠬᠡᠰᠢᠬᠦᠨ ᠤ ᠭᠤᠣᠯᠳᠠᠯᠭᠠᠳᠣ ᠡᠷᠣᠬᠡ ᠶᠢ ᠵᠣᠬᠢᠶᠠᠨ ᠪᠠᠶᠢᠭᠤᠯᠵᠥ ᠭᠠᠴᠠᠭᠠᠨ ᠤ ᠪᠠᠨ ᠦᠨᠳᠣᠷ | ᠨᠠᠰᠣᠳᠠᠶᠢᠴᠣᠳ ᠢ ᠲᠣᠬᠤᠨᠢᠭᠤᠯᠣᠭᠰᠠᠨ ᠤ ᠬᠠᠮᠳᠣ ᠨᠠᠰᠣᠳᠡᠶᠢᠴᠣᠳ ᠢᠶᠠᠷ ᠭᠤᠣᠯᠯᠠᠭᠰᠠᠨ ᠱᠠᠭ᠎ᠠ ᠶᠢᠨ | ᠣᠷᠣᠯᠳᠣᠭᠠᠨ ᠢ ᠵᠣᠬᠢᠶᠠᠨ ᠪᠠᠶᠢᠭᠤᠯᠵᠥ ᠪᠣᠶᠠᠨ ᠤ ᠦᠢᠯᠡᠰ ᠲᠤ ᠢᠳᠡᠪᠬᠢᠳᠡᠢ ᠣᠷᠣᠯᠴᠠᠵᠥ ᠪᠠᠶᠢᠭ᠎ᠠ ᠭᠤᠷᠪᠠᠨ | ᠨᠠᠰᠣᠳᠡᠶᠢᠴᠣᠳ ᠢᠶᠠᠨ ᠱᠠᠩᠨᠠᠨ ᠣᠷᠮᠠᠰᠢᠭᠤᠯᠣᠭᠰᠠᠨ ᠪᠠᠶᠢᠨ᠎ᠠ᠃ | ᠶᠡᠷᠣᠨᠢ ᠠᠷᠠᠳ ᠲᠦᠮᠡᠨ ᠤ ᠪᠠᠨ ᠲᠦᠯᠥᠬᠡ ᠵᠢᠳᠬᠦᠬᠦ ᠬᠠᠷᠢᠭᠤᠴᠠᠯᠭᠠᠳᠣ ᠰᠡᠳᠬᠢᠯᠬᠡ ᠲᠠᠢ ᠬᠦᠮᠦᠰ ᠲᠤ《 | ᠠᠯᠪᠠᠨ ᠤ》᠂《 ᠬᠤᠪᠢᠨ ᠤ》ᠬᠡᠳᠡᠭ ᠬᠤᠪᠢᠶᠡᠷᠢᠯᠠᠯ ᠪᠠᠶᠢᠳᠠᠭ ᠦᠬᠡᠢ ᠬᠡᠳᠡᠭ ᠢ ᠣᠶᠣᠨᠬᠡᠷᠡᠯ《 ᠱᠦᠵᠢ》 ᠶᠢᠨ | ᠦᠢᠯᠡ ᠠᠵᠢᠯᠯᠠᠭ᠎ᠠ᠂ ᠦᠬᠡ ᠶᠠᠷᠢᠶᠠᠨ ᠠᠴᠠ ᠣᠶᠢᠯᠠᠭᠠᠵᠥ ᠮᠡᠳᠡᠯ᠎ᠠ᠃ ᠡᠶᠢᠮᠣᠷᠬᠦ ᠴᠠᠭ ᠦᠶ᠎ᠡ᠂ ᠨᠣᠳᠤᠭ ᠣᠷᠣᠨ | ᠳᠠᠭᠠᠨ ᠵᠦᠪ ᠰᠡᠳᠬᠢᠯ ᠢᠶᠠᠷ ᠬᠠᠷᠢᠭᠤᠴᠠᠭᠰᠠᠨ ᠵᠦᠪ ᠡᠨᠧᠷᠬᠢ ᠲᠠᠢ ᠬᠦᠮᠦᠰ ᠣᠯᠠᠨ ᠪᠣᠯᠪᠠᠯ ᠨᠡᠶᠢᠬᠡᠮ ᠨᠡᠶᠢᠳᠡ᠂ | ᠬᠦᠮᠦᠨ ᠠᠷᠠᠳ ᠮᠠᠨᠢ ᠣᠯᠠᠮ ᠣᠷᠣᠭᠰᠢᠯᠠᠨ ᠲᠠᠪᠰᠢᠬᠤ ᠨᠢ ᠲᠠᠮᠵᠢᠭ ᠦᠬᠡᠢ᠃ ᠲᠠᠭᠤᠷᠢᠶᠠᠯ ᠤᠨ ᠬᠦᠴᠦᠨ | ᠬᠢᠵᠠᠭᠠᠯᠠᠰᠢ ᠦᠬᠡᠢ ᠬᠡᠳᠡᠭ ᠨᠢ ᠦᠨᠡᠨ ᠪᠣᠯᠣᠭᠠᠰᠠᠢ᠃ |