| ᠲᠠ ᠣᠯᠠᠨ ᠮᠢᠨᠢ《 ᠠᠮᠢᠳᠣᠷᠠᠯ ᠬᠡᠳᠡᠭ ᠵᠢᠷᠭᠠᠯ ᠲᠠᠭᠤᠯᠠᠭᠰᠠᠨ ᠴᠠᠶᠢᠯᠭᠠᠨ ᠲᠡᠯᠡᠬᠡᠢ᠂ ᠠᠮᠢᠳᠣᠷᠠᠨ᠎ᠠ ᠬᠡᠳᠡᠭ | ᠣᠴᠠᠷᠠᠯ ᠬᠠᠶᠢᠷᠠᠯᠠᠭᠰᠠᠨ ᠰᠠᠶᠢᠨ ᠤ ᠬᠤᠷᠸ᠎ᠠ》 ᠡᠨᠡ ᠲᠠᠭᠤᠣ ᠶᠢ ᠲᠠᠭᠤᠯᠠᠵᠥ᠂ ᠬᠤᠪᠢ ᠪᠡᠶ᠎ᠡ ᠴᠢᠨᠢ ᠡᠷᠡᠬᠦᠯ ᠡᠩᠬᠡ | ᠪᠠᠷ ᠠᠵᠥ ᠲᠦᠷᠦᠵᠥ᠂ ᠬᠤᠳᠠᠯᠠ ᠣᠯᠠᠨ ᠢᠶᠠᠷ ᠢᠶᠠᠨ ᠡᠶᠡᠯᠳᠡᠭ ᠲᠣᠳᠣᠨᠣ ᠪᠠᠶᠠᠰᠣᠨ ᠬᠦᠬᠡᠷᠡᠣᠯᠳᠣᠵᠥ ᠶᠠᠪᠣᠬᠤ | ᠳᠠᠭᠠᠨ᠂ ᠡᠬᠡᠯ ᠲᠦᠮᠡᠨ ᠤ ᠡᠷᠡᠬᠦᠯ ᠡᠩᠬᠡ ᠶᠢᠨ ᠲᠦᠯᠥᠬᠡ ᠡᠳᠣᠷ ᠰᠦᠨᠢ ᠦᠬᠡᠢ ᠵᠢᠳᠬᠦᠵᠥ ᠶᠠᠪᠣᠭ᠎ᠠ ᠡᠮᠴᠢ ᠨᠡᠷ ᠢ | ᠪᠣᠳᠣᠵᠥ ᠰᠠᠨᠠᠵᠥ ᠶᠠᠪᠣᠭᠰᠠᠨ ᠤᠤ᠃ ᠦᠢ ᠣᠯᠠᠨ ᠠᠷᠠᠳ ᠲᠦᠮᠡᠨ ᠤ ᠪᠠᠨ ᠲᠦᠯᠥᠬᠡ ᠦᠪᠡᠷ ᠤᠨ ᠠᠯᠢᠪᠠ ᠪᠠᠨ | ᠦᠷᠡᠭᠳᠡᠬᠦᠯᠵᠥ ᠶᠠᠪᠣᠭ᠎ᠠ ᠣᠯᠠᠨ ᠣᠯᠠᠨ ᠡᠮᠴᠢ ᠨᠠᠷ ᠤᠨ ᠨᠢᠬᠡᠨ ᠨᠢ ᠠᠪᠠᠭ᠎ᠠ ᠬᠤᠰᠢᠭᠤᠨ ᠤ ᠠᠷᠠᠳ ᠤᠨ ᠡᠮᠨᠡᠯᠬᠡ | ᠶᠢᠨ ᠬᠤᠷᠢᠶᠠᠨ ᠤ ᠭᠠᠳᠡᠷ ᠰᠠᠯᠠᠭᠠᠨ ᠤ ᠭᠤᠣᠯᠯᠠᠭᠴᠢ ᠡᠮᠴᠢ ᠨᠣᠮᠢᠨᠳᠠᠯᠢ ᠨᠦᠬᠦᠷ ᠪᠣᠯᠣᠨ᠎ᠠ᠃ | ᠨᠡᠷᠡᠳᠣ ᠡᠮᠴᠢ ᠨᠣᠮᠢᠨᠳᠠᠯᠠᠢ ᠨᠦᠬᠦᠷ1956 ᠣᠨ ᠳᠤ ᠣᠶᠢᠷ᠎ᠠ ᠦᠶ᠎ᠡ ᠶᠢᠨ ᠠᠯᠳᠡᠷᠳᠣ ᠠᠨᠠᠭᠠᠬᠤ | ᠣᠬᠠᠭᠠᠨᠳᠠᠨ ᠯᠣᠪᠰᠠᠩᠴᠦ᠋ᠯᠳᠦᠮ ᠤᠨ ᠮᠡᠨᠳᠦᠯᠡᠭᠰᠡᠨ ᠬᠠᠯᠠᠭᠤᠨ ᠬᠦᠷᠦᠰᠣ᠂ ᠰᠢᠯᠥᠭᠤᠨ ᠴᠠᠭᠠᠨ ᠬᠤᠰᠢᠭᠤᠨ ᠤ | ᠪᠣᠯᠠᠭᠠᠨᠳᠣᠬᠤᠢ ᠰᠣᠮᠣᠨ ᠤ ᠬᠦᠨᠨᠠᠭᠤᠷ ᠭᠠᠴᠠᠭᠠᠨ ᠳᠤ ᠲᠦᠷᠦᠭᠰᠡᠨ ᠪᠠᠶᠢᠨ᠎ᠠ᠃ ᠰᠣᠶᠣᠯᠳᠣ ᠨᠣᠳᠤᠭ ᠤᠨ | ᠬᠤᠶᠢᠴᠢᠰ ᠪᠣᠯᠣᠭᠰᠠᠨ ᠤ ᠬᠤᠪᠢ ᠳᠤ ᠬᠠᠷᠠᠬᠠᠨ ᠪᠠᠭ᠎ᠠ ᠠᠴᠠ ᠪᠠᠨ ᠰᠣᠷᠭᠠᠭᠤᠯᠢ ᠰᠣᠶᠣᠯ ᠤᠨ ᠮᠦᠷ ᠬᠦᠬᠡᠬᠡᠵᠥ | ᠶᠠᠪᠣᠭᠰᠠᠭᠠᠷ1975 ᠣᠨ ᠳᠤ ᠰᠢᠯᠢᠳᠡᠭ ᠪᠦᠳᠦᠮᠵᠢ ᠪᠠᠷ ᠦᠨᠳᠣᠷ ᠲᠣᠮᠳᠠᠳᠣ ᠰᠣᠷᠭᠠᠭᠤᠯᠢ ᠪᠠᠨ ᠲᠡᠬᠦᠰᠦᠭᠰᠡᠨ | ᠪᠣᠯᠪᠠᠴᠣ《 ᠴᠠᠭ ᠲᠦᠷᠦ ᠶᠢᠨ ᠬᠠᠷᠠᠭ᠎ᠠ》 ᠪᠠᠷ ᠴᠢᠨᠠᠭᠰᠢᠳᠠ ᠰᠣᠷᠣᠯᠴᠠᠬᠤ ᠨᠦᠬᠦᠴᠡᠯ ᠦᠬᠡᠢ ᠪᠣᠯᠬᠤᠷ ᠠᠷᠭ᠎ᠠ | ᠪᠣᠰᠣ ᠬᠦᠳᠡᠭᠡ ᠨᠣᠳᠤᠭ ᠲᠠᠭᠠᠨ ᠪᠣᠴᠠᠵᠥ ᠢᠷᠡᠭᠰᠡᠨ ᠪᠠᠶᠢᠨ᠎ᠠ᠃1976 ᠣᠨ ᠤ ᠡᠪᠣᠯ ᠠᠴᠠ ᠶᠡᠭᠡ ᠰᠣᠷᠭᠠᠭᠤᠯᠢ | ᠶᠢᠨ ᠰᠢᠯᠭᠠᠯᠳᠠ ᠶᠢᠨ ᠲᠦᠷᠢᠮ ᠢ ᠡᠬᠢᠯᠠᠨ ᠬᠡᠷᠡᠭᠵᠢᠬᠦᠯᠬᠦ ᠳᠤ ᠨᠣᠮᠢᠨᠳᠠᠯᠠᠢ 1976 ᠣᠨ ᠤ11 ᠰᠠᠷ᠎ᠠ ᠶᠢᠨ | ᠰᠡᠬᠦᠯᠴᠢ ᠪᠠᠷ ᠰᠢᠯᠢᠳᠡᠭ ᠪᠦᠳᠦᠮᠵᠢ ᠪᠠᠷ ᠪᠣᠣᠴᠠᠩ ᠤᠨ ᠡᠮᠨᠡᠯᠬᠡ ᠶᠢᠨ ᠰᠣᠷᠭᠠᠭᠤᠯᠢ ︵ ᠣᠣᠯ ᠤᠨ ᠰᠢᠯᠢ ᠶᠢᠨ | ᠭᠤᠣᠯ ᠠᠶᠢᠮᠠᠭ ᠤᠨ ᠡᠷᠡᠬᠦᠯ ᠬᠠᠮᠠᠭᠠᠯᠠᠯ ᠤᠨ ᠰᠣᠷᠭᠠᠭᠤᠯᠢ︶ ᠳᠤ ᠰᠢᠯᠭᠠᠭᠳᠠᠨ ᠣᠷᠣᠭᠰᠠᠨ ᠪᠣᠯᠪᠠᠴᠣ᠂ ᠲᠣᠰ ᠵᠢᠯ | ᠨᠢ ᠲᠡᠣᠬᠡᠨ ᠳᠤ ᠠᠯᠳᠡᠷᠳᠡᠢ《 ᠲᠡᠮᠣᠷ ᠵᠣᠳ》 ᠲᠣᠬᠢᠶᠠᠯᠳᠣᠭᠰᠠᠨ ᠠᠴᠠ ᠵᠠᠮ ᠬᠠᠭᠠᠭᠳᠠᠨ᠂ ᠲᠡᠷᠬᠡ ᠣᠨᠤᠭ᠎ᠠ | ᠨᠡᠪᠳᠡᠷᠡᠬᠦ ᠪᠠᠨ ᠪᠣᠯᠢᠭᠰᠠᠨ ᠠᠴᠠ ᠠᠷᠭ᠎ᠠ ᠪᠣᠰᠣ ᠲᠠᠷᠠᠭ᠎ᠠ ᠵᠢᠯ ᠤᠨ ᠬᠢᠨᠢ 3 ᠰᠠᠷ᠎ᠠ ᠠᠴᠠ ᠡᠬᠢᠯᠠᠨ1980 ᠣᠨ ᠤ3 | ᠰᠠᠷ᠎ᠠ ᠬᠦᠷᠳᠡᠯ᠎ᠠ ᠡᠸ᠋ᠷᠦ᠋ᠫᠡ ᠡᠮᠨᠡᠯᠬᠡ ᠶᠢᠨ ᠡᠮᠴᠢ ᠶᠢᠨ ᠮᠡᠷᠬᠡᠵᠢᠯ ᠢᠶᠠᠷ ᠰᠣᠷᠣᠯᠴᠠᠭᠰᠠᠨ ᠢᠶᠠᠨ1979 ᠣᠨ ᠳᠤ | ᠲᠦᠷᠦᠭᠰᠡᠨ ᠨᠣᠳᠤᠭ ᠰᠢᠯᠣᠭᠤᠨ ᠴᠠᠭᠠᠨ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠳᠤ ᠭᠠᠳᠡᠷ | ᠰᠠᠯᠠᠭᠠᠨ ᠤ ᠡᠷᠬᠢᠯᠡᠭᠴᠢ ᠡᠮᠴᠢ ᠯᠢ ᠪᠣᠣ ᠴᠠᠩ ᠪᠠ ᠲᠣᠳᠣᠷ ᠰᠠᠯᠠᠭᠠᠨ ᠤ ᠡᠷᠬᠢᠯᠡᠭᠴᠢ ᠡᠮᠴᠢ ᠠᠷᠢᠭᠤᠨᠴᠡᠴᠡᠭ ᠤᠨ | ᠵᠢᠯᠥᠭᠤᠳᠣᠯᠭ᠎ᠠ ᠲᠣᠣᠷ᠎ᠠ ᠨᠢᠬᠡ ᠵᠢᠯ ᠲᠠᠳᠣᠯᠭ᠎ᠠ ᠬᠢᠭᠰᠡᠨ ᠪᠠᠶᠢᠨ᠎ᠠ᠃ 1980 ᠣᠨ ᠤ 3 ᠰᠠᠷ᠎ᠠ ᠳᠤ ᠰᠢᠯᠢᠳᠡᠭ | ᠪᠦᠳᠦᠮᠵᠢ ᠪᠠᠷ ᠡᠮᠨᠡᠯᠬᠡ ᠶᠢᠨ ᠰᠣᠷᠭᠠᠭᠤᠯᠢ ᠪᠠᠨ ᠲᠡᠬᠦᠰᠬᠦ ᠦᠶ᠎ᠡ ᠳᠡᠭᠡᠨ᠂ ᠵᠠᠯᠠᠭᠤ ᠬᠦᠮᠦᠨ ᠤ ᠣᠮᠣᠭᠯᠠᠩ ᠵᠣᠷᠢᠭ | ᠢᠶᠠᠷ ᠰᠣᠷᠣᠭᠰᠠᠨ ᠮᠡᠳᠡᠯᠬᠡ ᠪᠠᠨ ᠵᠢᠩᠬᠢᠨᠢ ᠬᠡᠷᠡᠭᠴᠡᠭᠡ ᠲᠠᠢ ᠭᠠᠵᠠᠷ ᠵᠣᠷᠢᠭᠤᠯᠣᠨ᠎ᠠ ᠬᠡᠵᠥ ᠡᠬᠡ ᠣᠷᠣᠨ ᠤ ᠣᠮᠠᠷᠠᠳᠣ | ᠬᠢᠯᠢ ᠬᠢᠵᠠᠭᠠᠷ ᠤᠨ ᠠᠪᠠᠭ᠎ᠠ ᠬᠤᠰᠢᠭᠤᠨ ᠳᠤ ᠠᠵᠢᠯ ᠤᠨ ᠬᠤᠪᠢᠶᠠᠷᠯᠠᠯᠳᠠ ᠠᠪᠴᠣ᠂ ᠠᠪᠠᠭ᠎ᠠ ᠬᠤᠰᠢᠭᠤᠨ ᠤ | ᠡᠮᠨᠡᠯᠬᠡ ᠶᠢᠨ ᠬᠤᠷᠢᠶᠠᠨ ᠳᠤ ᠢᠷᠡᠵᠥ ᠠᠵᠢᠯᠯᠠᠨ᠂ ᠬᠠᠭᠠᠰ ᠵᠢᠯ x ᠰᠠᠴᠣᠷᠠᠭ ᠤᠨ ᠲᠠᠰᠤᠭ ᠲᠤ ᠪᠣᠯᠪᠠᠰᠣᠷᠠᠭᠰᠠᠨ | ᠢᠶᠠᠨ ᠭᠠᠳᠡᠷ ᠰᠠᠯᠠᠭᠠᠨ ᠤ ᠲᠣᠰᠬᠠᠢ ᠡᠮᠴᠢ ᠪᠣᠯᠵᠥ᠂ ᠠᠪᠠᠭ᠎ᠠ ᠨᠣᠳᠤᠭ ᠤᠨ ᠠᠷᠠᠳ ᠲᠦᠮᠡᠨ ᠤ ᠡᠷᠡᠬᠦᠯ ᠮᠠᠨᠳᠣ ᠶᠢᠨ | ᠲᠦᠯᠥᠬᠡ ᠵᠢᠳᠬᠦᠬᠦ ᠪᠣᠶᠠᠨ ᠤ ᠮᠦᠷ ᠲᠠᠢ ᠪᠣᠷᠬᠠᠨ ᠤ ᠲᠣᠰᠠ ᠲᠠᠢ ᠠᠵᠢᠯ ᠳᠤ ᠭᠠᠪᠰᠢᠭᠠᠶᠢᠯᠠᠭᠰᠠᠨ ᠪᠠᠶᠢᠨ᠎ᠠ᠃ | ᠣᠨᠠᠭᠰᠠᠨ ᠨᠣᠳᠤᠭ ᠤᠨ ᠬᠠᠯᠠᠭᠤᠨ ᠬᠦᠷᠦᠰᠣᠨ ᠠᠴᠠ ᠦᠪᠯᠡᠭᠰᠡᠨ ᠠᠨᠠᠭᠠᠬᠤ ᠣᠬᠠᠭᠠᠨ ᠤ ᠮᠡᠷᠬᠡᠵᠢᠯ ᠢᠶᠠᠨ | ᠲᠡᠬᠡᠳᠣᠯᠡᠵᠥ᠂ ᠠᠪᠠᠭ᠎ᠠ ᠬᠤᠰᠢᠭᠤᠨ ᠤ ᠠᠷᠠᠳ ᠤᠨ ᠡᠮᠨᠡᠯᠬᠡ ᠶᠢᠨ ᠬᠤᠷᠢᠶᠠᠨ ᠳᠤ ᠬᠠᠳᠠᠭᠤᠵᠢᠯᠳᠡᠢ ᠠᠵᠢᠯᠯᠠᠭᠰᠠᠨ | ᠢᠶᠠᠷ ᠣᠬᠤᠷᠬᠠᠨ ᠬᠡᠳᠣᠨ ᠵᠢᠯ ᠬᠠᠳᠠᠭᠤᠵᠢᠨ ᠪᠣᠯᠪᠠᠰᠣᠷᠠᠭᠰᠠᠨ ᠤ ᠣᠯᠠᠮ ᠢᠶᠠᠷ ᠲᠡᠬᠡᠳᠣ ᠱᠠᠳᠣᠨ ᠤ ᠣᠳᠣᠷᠢᠳᠣᠯᠭ᠎ᠠ | ᠨᠡᠷ ᠪᠠ ᠮᠠᠯᠴᠢᠨ ᠲᠦᠮᠡᠨ ᠤ ᠪᠠᠨ ᠢᠳᠡᠬᠡᠯ ᠨᠠᠶᠢᠳᠠᠯᠭ᠎ᠠ ᠶᠢ ᠬᠦᠨ ᠬᠦᠷᠳᠡᠭᠰᠡᠨ ᠠᠴᠠ1985 ᠣᠨ ᠤ ᠨᠢᠬᠡᠳᠣᠬᠡᠷ | ᠰᠠᠷ᠎ᠠ ᠳᠤ ᠠᠪᠠᠭ᠎ᠠ ᠬᠤᠰᠢᠭᠤᠨ ᠲᠦᠪ ᠪᠡᠯᠬᠦᠳᠡᠢ ᠪᠠᠯᠭᠠᠰᠣᠨ ᠠᠴᠠ ᠬᠤᠶᠡᠷ ᠵᠠᠭᠤ ᠢᠯᠡᠬᠦᠥ ᠭᠠᠵᠠᠷ ᠵᠠᠶᠢᠳᠡᠢ᠂ ᠵᠡᠮ | ᠨᠡᠪᠳᠡᠷᠡᠯᠬᠡ ᠶᠢᠨ ᠨᠦᠬᠦᠴᠡᠯ ᠠᠨᠠᠢ᠂ ᠡᠮᠨᠡᠯᠬᠡ ᠶᠢᠨ ᠨᠦᠬᠦᠴᠡᠯ ᠪᠠᠷᠣᠭᠳᠡᠢ᠂ ᠬᠤᠶᠢᠳᠣ ᠬᠢᠯᠢ ᠶᠢᠨ ᠨᠠᠷᠠᠨᠪᠣᠯᠠᠭ | ᠰᠣᠮᠣᠨ ᠤ ᠡᠮᠨᠡᠯᠬᠡ ᠶᠢᠨ ᠬᠤᠷᠢᠶᠠᠨ ᠲᠠᠷᠤᠭ᠎ᠠ ᠪᠠᠷ ᠲᠠᠪᠰᠢᠬᠦᠯᠥᠭᠳᠡᠭᠰᠡᠨ ᠪᠠᠶᠢᠨ᠎ᠠ᠃ ᠬᠡᠷ ᠨᠣᠳᠤᠭ ᠠᠴᠠ ᠪᠠᠨ | ᠬᠤᠯᠠ᠂ ᠬᠦᠮᠦᠨ ᠨᠢ ᠲᠠᠨᠢᠯ ᠪᠢᠰᠢ᠂ ᠭᠠᠵᠠᠷ ᠨᠢ ᠲᠠᠰᠣᠯ ᠪᠣᠰᠣ ᠵᠡᠷᠬᠡ ᠶᠢᠨ ᠣᠯᠠᠨ ᠬᠦᠴᠢᠷᠳᠡᠯ ᠪᠠᠶᠢᠭᠰᠠᠨ | ᠪᠣᠯᠪᠠᠴᠣ ᠠᠷᠠᠳ ᠲᠦᠮᠡᠨ ᠤ ᠪᠠᠨ ᠲᠦᠯᠥᠬᠡ ᠦᠪᠡᠷ ᠤᠨ ᠰᠣᠷᠣᠭᠰᠠᠨ ᠮᠡᠳᠡᠯᠬᠡ ᠮᠡᠷᠬᠡᠵᠢᠯ ᠢᠶᠠᠷ ᠢᠶᠠᠨ | ᠦᠢᠯᠡᠴᠡᠯᠡᠨᠠ ᠬᠡᠳᠡᠭ ᠵᠠᠯᠠᠭᠤ ᠬᠦᠮᠦᠨ ᠤ ᠬᠤᠪᠢᠨ ᠳᠤ ᠶᠠᠭᠠᠬᠢᠬᠤ ᠶᠢᠨ ᠠᠷᠭ᠎ᠠ ᠦᠬᠡᠢ ᠵᠦᠳᠡᠷᠡᠯ ᠲᠠᠢ ᠴᠣ᠋ | ᠵᠢᠳᠬᠦᠯ ᠶᠡᠬᠡᠳᠡᠢ ᠠᠵᠢᠯ ᠳᠤ ᠦᠪᠡᠷ ᠤᠨ ᠡᠷᠬᠡ ᠦᠬᠡᠢ ᠰᠢᠭᠤᠳᠣᠷᠠᠨ ᠵᠢᠳᠬᠦᠭᠰᠡᠨ᠃ | ᠨᠣᠮᠢᠨᠳᠠᠯᠠᠢ ᠡᠮᠴᠢ ᠠᠵᠢᠯ ᠳᠤ ᠣᠷᠣᠭᠰᠠᠨ ᠲᠠᠬᠡᠷ᠎ᠡ ᠵᠠᠭᠤᠨ ᠤ ᠨᠠᠶᠠᠭᠠᠳ ᠣᠨ ᠠᠴᠠ ᠠᠪᠣᠭᠠᠳ ᠣᠳᠣ | ᠪᠣᠯᠳᠡᠯᠡᠬᠢ ᠭᠤᠴᠢᠭᠠᠳ ᠵᠢᠯ ᠤᠨ ᠲᠣᠷᠰᠢᠬᠢ ᠡᠮᠴᠢᠯᠡᠬᠦ ᠶᠠᠪᠣᠴᠠ ᠳᠠᠭᠠᠨ ᠬᠡᠮᠳᠣᠵᠥ ᠪᠡᠷᠳᠡᠭᠰᠡᠨ᠂ ᠢᠳᠡᠬᠡᠯᠡᠵᠥ | ᠬᠠᠪᠣᠳᠰᠠᠨ᠂ ᠦᠳᠡᠬᠡᠷᠡᠵᠥ ᠲᠠᠬᠢᠭᠰᠠᠨ ᠵᠡᠷᠬᠡ ᠶᠢᠨ ᠠᠨᠠᠭᠠᠬᠤ ᠣᠬᠠᠭᠠᠨ ᠤ ᠣᠨᠣᠯ ᠲᠡᠬᠡᠷ᠎ᠡ ᠪᠠᠶᠢᠬᠤ ᠦᠬᠡᠢ ᠣᠯᠠᠨ | ᠣᠯᠠᠨ ᠡᠪᠡᠳᠴᠢᠨ ᠪᠠ ᠡᠪᠡᠳᠴᠢᠳᠡᠨ ᠢ ᠪᠣᠳᠠᠳᠡᠢ ᠦᠢᠯᠡᠳᠣᠯᠬᠡ ᠶᠢᠨ ᠲᠣᠣᠷ᠎ᠠ ᠪᠡᠶᠡᠴᠢᠯᠠᠨ ᠡᠮᠨᠡᠬᠦ ᠳᠡᠭᠡᠨ | ᠰᠠᠨᠳᠣᠷᠴᠣ ᠮᠡᠩᠳᠡᠭᠰᠡᠨ ᠶᠠᠪᠣᠳᠠᠯ ᠴᠣ᠋ ᠵᠦᠩᠳᠡᠬᠡᠨ᠂ ᠡᠳᠡᠬᠡᠷ ᠣᠯᠠᠨ ᠡᠪᠡᠳᠴᠢᠨ ᠪᠠ ᠡᠪᠡᠳᠴᠢᠳᠡᠨ ᠲᠠᠢ ᠵᠢᠩᠬᠢᠨᠢ | ᠦᠢᠯᠡᠳᠣᠯᠬᠡ ᠪᠠᠷ ᠬᠠᠷᠭᠤᠬᠤ ᠳᠤ ᠲᠣᠭᠳᠠᠭᠰᠠᠨ ᠣᠨᠣᠯ ᠤᠨ ᠵᠢᠯᠥᠭᠤᠳᠣᠯᠭ᠎ᠠ ᠪᠠ ᠰᠢᠰᠲ᠋ᠧᠮ ᠲᠠᠢ ᠡᠮᠴᠢᠯᠡᠬᠦ | ᠲᠣᠷᠰᠢᠯᠭ᠎ᠠ ᠦᠬᠡᠢ ᠪᠠᠶᠢᠭᠰᠠᠨ ᠪᠣᠯᠬᠤᠷ ᠦᠪᠡᠷ ᠤᠨ ᠰᠣᠷᠣᠭᠰᠠᠨ ᠮᠡᠳᠡᠯᠬᠡ᠂ ᠰᠣᠳᠣᠯᠣᠭᠰᠠᠨ ᠮᠡᠷᠬᠡᠵᠢᠯ ᠢᠶᠠᠨ ᠶᠠᠭ | ᠦᠬᠡᠢ ᠴᠢᠮᠠᠯᠠᠵᠥ᠂ ᠲᠠᠬᠢᠨ ᠰᠣᠷᠣᠯᠴᠠᠬᠤ ᠪᠠᠷ ᠵᠣᠷᠢᠭ ᠰᠢᠭᠤᠳᠣᠨ᠂ ᠲᠡᠬᠡᠳᠣ ᠱᠠᠳᠣᠨ ᠳᠤ ᠭᠤᠶᠣᠴᠢᠯᠠᠵᠥ | ᠪᠠᠶᠢᠭᠠᠳ1987.1 ᠰᠠᠷ᠎ᠠ ᠠᠴᠠ1988.1 ᠰᠠᠷ᠎ᠠ ᠬᠦᠷᠳᠡᠯ᠎ᠠ ᠨᠡᠨᠵᠢᠩ ᠬᠤᠳᠠ ᠶᠢᠨ ᠨᠢᠬᠡᠳᠣᠬᠡᠷ ᠡᠮᠨᠡᠯᠬᠡ ᠶᠢᠨ | ᠬᠤᠷᠢᠶᠠᠨ ᠳᠤ ᠲᠣᠰᠬᠠᠢ ᠭᠠᠳᠡᠷ ᠰᠠᠯᠠᠭ᠎ᠠ ᠪᠠ ᠮᠢᠨᠴᠣᠷᠡᠬᠦᠯᠬᠦ ᠰᠠᠯᠠᠭᠠᠨ ᠳᠤ ᠡᠷᠬᠢᠯᠡᠭᠴᠢ ᠡᠮᠴᠢ ᠵᠠᠩ ᠢ ᠹᠸᠢ ᠠᠴᠠ | ᠲᠣᠰᠬᠠᠢ ᠡᠯᠢᠬᠡ ᠰᠦᠰᠦᠨ ᠤ ᠭᠠᠳᠡᠷ ᠰᠠᠯᠠᠭᠠᠨ ᠤ ᠮᠠᠰᠠ ᠵᠠᠰᠠᠯ ᠢ ᠨᠢᠬᠡ ᠵᠢᠯ ᠰᠣᠷᠣᠯᠴᠠᠭᠰᠠᠨ ᠪᠠᠶᠢᠨ᠎ᠠ᠃ | | ᠰᠢᠵᠢᠷ ᠠᠯᠳᠠ ᠶᠢ ᠵᠦᠯᠬᠦᠬᠦ ᠲᠣᠳᠣᠮ ᠣᠯᠠᠮ ᠦᠩᠬᠡ ᠨᠢ ᠬᠢᠯᠠᠯᠵᠠᠳᠠᠭ ᠤᠨ ᠵᠢᠮ᠎ᠠ ᠪᠠᠷ ᠲᠣᠰᠬᠠᠢ ᠠᠵᠢᠯ | ᠤᠨ ᠬᠡᠪ ᠪᠣᠯᠪᠠᠰᠣᠷᠠᠯ ᠦᠨᠳᠣᠷ ᠨᠣᠮᠢᠨᠳᠠᠯᠠᠢ ᠡᠮᠴᠢ ᠨᠡᠩ ᠦᠨᠳᠣᠷ ᠲᠦᠪᠰᠢᠨ ᠳᠤ ᠰᠣᠷᠣᠯᠴᠠᠭᠠᠳ ᠪᠣᠴᠠᠵᠥ | ᠢᠷᠡᠭᠰᠡᠨ ᠤ ᠲᠠᠷᠠᠭ᠎ᠠ ᠮᠡᠷᠬᠡᠵᠢᠯ ᠮᠡᠳᠡᠯᠬᠡ ᠨᠢ ᠣᠯᠠᠮ ᠲᠡᠬᠡᠭᠰᠢᠯᠡᠵᠥ᠂ ᠬᠤᠰᠢᠭᠤ ᠡᠮᠨᠡᠯᠬᠡ ᠶᠢᠨ ᠬᠤᠷᠢᠶᠠᠨ ᠳᠤ | ᠲᠣᠰᠬᠠᠢ ᠭᠠᠳᠡᠷ ᠰᠠᠯᠠᠭᠠᠨ ᠤ ᠡᠮᠴᠢ ᠪᠠᠷ ᠠᠵᠢᠯᠯᠠᠵᠥ ᠡᠬᠢᠯᠡᠭᠰᠡᠨ ᠪᠠᠶᠢᠨ᠎ᠠ᠃ ᠲᠣᠬᠠᠢ ᠶᠢᠨ ᠦᠶ᠎ᠡ ᠶᠢᠨ ᠡᠯ᠎ᠠ | ᠲᠠᠯ᠎ᠠ ᠶᠢᠨ ᠬᠢᠵᠠᠭᠠᠷᠳᠠᠮᠠᠯ ᠲᠠᠯ᠎ᠠ ᠶᠢᠨ ᠨᠦᠬᠦᠴᠡᠯ ᠪᠣᠯᠣᠯᠴᠠᠭ᠎ᠠ ᠪᠠᠷ ᠠᠷᠠᠳ ᠲᠦᠮᠡᠨ ᠤ ᠡᠪᠡᠳᠴᠢᠨ ᠡᠮᠬᠡᠭ ᠨᠢ | ᠭᠤᠣᠯᠳᠠᠭᠤ ᠣᠯᠠᠮᠵᠢᠯᠠᠯᠳᠣ ᠮᠣᠩᠭᠤᠯ ᠡᠮ ᠢᠶᠠᠷ ᠡᠮᠨᠡᠨ ᠵᠠᠰᠠᠵᠥ ᠪᠠᠶᠢᠭᠰᠠᠨ ᠪᠦᠬᠡᠳ ᠮᠠᠰᠠ ᠵᠠᠰᠠᠯ ᠬᠢᠨ᠎ᠠ ᠬᠡᠳᠡᠭ | ᠶᠠᠪᠣᠳᠠᠯ ᠲᠣᠩ ᠴᠦᠬᠡᠨ ᠪᠠᠶᠢᠵᠥ᠂ ᠠᠪᠠᠭ᠎ᠠ ᠬᠤᠰᠢᠭᠤ ᠨᠢ ᠬᠢᠯᠢ ᠶᠢᠨ ᠬᠤᠰᠢᠭᠤ ᠪᠣᠯᠣᠭᠰᠠᠨ ᠤ ᠬᠤᠪᠢ ᠳᠤ ᠵᠠᠮ | ᠨᠡᠪᠳᠡᠷᠡᠬᠦᠯᠬᠡ ᠲᠦᠬᠦᠮ ᠦᠬᠡᠢ᠂ ᠬᠠᠷᠢᠠᠩᠭᠤᠢ ᠲᠦᠭᠵᠢᠮᠠᠯ ᠬᠤᠴᠣᠷᠠᠩᠭᠤᠢ ᠪᠠᠶᠢᠳᠠᠯ ᠲᠠᠢ ᠪᠠᠶᠢᠭᠰᠠᠨ ᠢᠶᠠᠷ ᠮᠠᠯᠴᠢᠨ | ᠲᠦᠮᠡᠨ ᠤ ᠡᠪᠡᠳᠴᠢᠨ ᠦᠵᠡᠬᠦᠯᠬᠦ ᠶᠠᠪᠣᠳᠠᠯ ᠲᠣᠶᠢᠯ ᠤᠨ ᠬᠦᠴᠢᠷᠳᠡᠢ ᠪᠠᠶᠢᠭᠰᠠᠨ ᠪᠠᠶᠢᠨ᠎ᠠ᠃ ᠵᠠᠯᠠᠭᠤ ᠬᠦᠮᠦᠨ ᠤ | ᠬᠤᠪᠢ ᠳᠤ ᠨᠣᠮᠢᠨᠳᠠᠯᠠᠢ ᠵᠣᠷᠢᠭᠳᠡᠢ ᠴᠢᠷᠮᠠᠶᠢᠵᠥ᠂ ᠡᠳᠣᠷ ᠨᠢ ᠪᠣᠳᠡᠳᠡᠢ ᠦᠢᠯᠡᠳᠣᠯᠬᠡ ᠪᠠᠷ ᠡᠪᠡᠳᠴᠢᠳᠡᠨ ᠢᠶᠠᠨ | ᠪᠠᠶᠢᠴᠠᠭᠠᠵᠥ᠂ ᠰᠦᠨᠢ ᠨᠢ ᠣᠨᠣᠯ ᠤᠨ ᠲᠣᠬᠠᠢ ᠮᠡᠳᠡᠯᠬᠡ ᠪᠠᠨ ᠬᠤᠷᠠᠮᠳᠣᠭᠤᠯᠣᠭᠰᠠᠨ ᠢᠶᠠᠷ1983 ᠣᠨ ᠳᠤ | ᠠᠪᠠᠭ᠎ᠠ ᠬᠤᠰᠢᠭᠤᠨ ᠳᠤ ᠠᠩᠬᠠᠳᠠᠭᠴᠢ ᠣᠳᠠᠭ᠎ᠠ ᠰᠦᠰᠦᠨ ᠤ ᠴᠢᠯᠠᠭᠤᠵᠢᠯ ᠤᠨ ᠮᠠᠰᠠ ᠵᠠᠰᠠᠯ ᠬᠢᠬᠡᠳ ᠠᠮᠵᠢᠯᠳᠠ | ᠣᠯᠣᠭᠰᠠᠨ ᠶᠠᠪᠣᠳᠠᠯ ᠨᠢ ᠲᠣᠬᠠᠢ ᠶᠢᠨ ᠦᠶ᠎ᠡ ᠳᠡᠭᠡᠨ ᠲᠣᠰ ᠲᠣᠩ ᠰᠠᠶᠢᠨ ᠲᠣᠰᠬᠠᠯ ᠭᠠᠷᠴᠣ ᠠᠵᠢᠯ ᠨᠢᠬᠡᠳᠡᠳ ᠤᠨ | ᠢᠶᠠᠨ ᠡᠮᠣᠨ᠎ᠠ ᠡᠩᠨᠡᠬᠡᠨ ᠳᠤ ᠠᠯᠬᠤᠭᠰᠠᠨ ᠶᠠᠪᠣᠳᠠᠯ ᠪᠣᠯᠣᠭᠰᠠᠨ ᠪᠦᠬᠡᠳ ᠣᠳᠣᠬᠠᠨ ᠪᠣᠯᠳᠠᠯ᠎ᠠ ᠭᠠᠭᠴᠠᠬᠠᠨ ᠰᠦᠰᠦᠨ | ᠤ ᠲᠣᠬᠠᠢ ᠮᠠᠰᠠ ᠵᠠᠰᠠᠯ ᠢ400 ᠭᠠᠷᠣᠢ ᠬᠢᠭᠰᠡᠨ ᠤ ᠬᠠᠮᠳᠣ ᠵᠦᠪᠬᠡᠨ ᠮᠣᠬᠤᠷ ᠣᠯᠣᠭᠠᠢ ᠶᠢᠨ ᠦᠷᠪᠢᠰᠣᠯ ᠶᠢᠨ | ᠮᠡᠰᠠ ᠵᠠᠰᠠᠯ ᠢ 1000 ᠢᠯᠡᠬᠦᠥ ᠬᠦᠮᠦᠨ ᠳᠤ ᠬᠢᠭᠰᠡᠨ ᠪᠠᠶᠢᠨ᠎ᠠ᠃ | ᠨᠠᠶᠠᠭᠠᠳ ᠣᠨ ᠤ ᠦᠶ᠎ᠡ ᠪᠠᠷ ᠲᠦᠯᠥᠪᠯᠡᠬᠡᠳᠣ ᠦᠷᠡᠵᠢᠯ ᠤᠨ ᠠᠵᠢᠯ ᠨᠢ ᠪᠦᠬᠦ ᠣᠯᠣᠰ ᠤᠨ ᠭᠤᠣᠯ ᠠᠵᠢᠯ | ᠤᠨ ᠨᠢᠬᠡ ᠨᠢ ᠪᠠᠶᠢᠭᠰᠠᠨ ᠪᠦᠬᠡᠳ ᠲᠣᠬᠠᠢ ᠶᠢᠨ ᠦᠶ᠎ᠡ ᠶᠢᠨ ᠲᠠᠣᠬᠡᠳᠣ ᠨᠦᠬᠦᠴᠡᠯ᠂ ᠬᠦᠮᠦᠰ ᠤᠨ ᠦᠵᠡᠯ | ᠣᠬᠠᠮᠰᠡᠷ ᠤᠨ ᠨᠦᠯᠦᠬᠡᠯᠠᠯ ᠵᠡᠷᠬᠡ ᠶᠢᠨ ᠰᠢᠯᠳᠠᠭᠠᠨ ᠠᠴᠠ ᠡᠨᠡᠬᠦ ᠠᠵᠢᠯ ᠨᠢ ᠶᠠᠪᠣᠭᠳᠠᠬᠤ ᠳᠤ ᠲᠣᠶᠢᠯ ᠤᠨ | ᠬᠦᠴᠢᠷᠳᠡᠢ ᠪᠠᠶᠢᠪᠠ᠃ ᠬᠡᠪᠡᠴᠣ ᠢᠯᠭᠤᠮ ᠲᠣᠳᠣᠬᠠᠨ ᠮᠣᠩᠭᠤᠯ ᠬᠡᠯᠠᠨ ᠤ ᠣᠬᠠᠭᠤᠯᠭ᠎ᠠ ᠪᠠ ᠲᠠᠳᠮᠠᠭᠠᠢ ᠲᠦᠷᠬᠡᠨ | ᠵᠠᠰᠠᠯ ᠤᠨ ᠰᠠᠶᠢᠨ ᠢᠶᠠᠷ ᠨᠣᠮᠢᠨᠳᠠᠯᠠᠢ ᠨᠦᠬᠦᠷ ᠤᠨ ᠬᠦᠷᠦᠭᠰᠡᠨ ᠭᠠᠵᠠᠷ ᠡᠳᠡᠬᠡᠷ ᠵᠦᠢᠯ ᠨᠢ ᠶᠡᠭᠡ ᠠᠮᠠᠷᠬᠠᠨ | ᠶᠠᠪᠣᠭᠳᠠᠳᠠᠭ ᠪᠣᠯᠬᠤᠷ ᠬᠤᠰᠢᠭᠤ ᠰᠣᠮᠣᠨ ᠤ ᠣᠳᠣᠷᠢᠳᠣᠯᠭ᠎ᠠ ᠠᠴᠠ ᠲᠡᠷᠢᠬᠦᠯᠥᠨ ᠭᠠᠴᠠᠭ᠎ᠠ ᠱᠠᠳᠣᠨ ᠤ | ᠲᠦᠯᠥᠪᠯᠡᠬᠡᠳᠣ ᠦᠷᠡᠵᠢᠯ ᠤᠨ ᠬᠠᠪᠰᠣᠷᠣᠭᠴᠢ ᠬᠦᠷᠳᠡᠯ᠎ᠠ ᠲᠡᠬᠦᠨ ᠢ ᠡᠷᠢᠵᠥ ᠢᠷᠡᠳᠡᠭ ᠣᠳᠠᠭ᠎ᠠ ᠵᠦᠩᠳᠡᠬᠡᠨ | ᠪᠠᠶᠢᠭᠰᠠᠨ ᠪᠦᠬᠡᠳ ᠡᠪᠡᠳᠴᠢᠳᠡᠨ ᠤ ᠦᠬᠡᠳᠡ ᠠᠴᠠ《 ᠴᠢᠳᠠᠬᠤ ᠦᠬᠡᠢ》 ᠬᠡᠳᠡᠭ ᠦᠬᠡ ᠬᠡᠯᠡᠬᠦ ᠶᠢ ᠴᠢᠩᠭ᠎ᠠ | ᠴᠡᠬᠡᠷᠯᠡᠳᠡᠭ ᠠᠴᠠ ᠨᠣᠮᠢᠨᠳᠠᠯᠠᠢ ᠡᠮᠴᠢ1985 ᠣᠨ ᠠᠴᠠ ᠣᠳᠣᠬᠠᠨ ᠪᠣᠯᠳᠠᠯ᠎ᠠ ᠲᠦᠯᠥᠪᠯᠡᠬᠡᠳᠣ ᠦᠷᠡᠵᠢᠯ ᠤᠨ | ᠠᠵᠢᠯ ᠤᠨ ᠲᠠᠯ᠎ᠠ ᠪᠠᠷ1300 ᠢᠯᠡᠬᠦᠥ ᠡᠮᠡᠭᠳᠡᠶᠢᠴᠣᠳ ᠲᠤ ᠵᠢᠷᠮᠣᠰᠣᠯᠡᠬᠦ ᠶᠢ ᠬᠤᠷᠢᠭᠯᠠᠬᠤ ᠮᠠᠰᠠ ᠵᠠᠰᠠᠯ ᠬᠢᠭᠰᠡᠨ | ᠪᠠᠶᠢᠨ᠎ᠠ᠃ | ᠠᠷᠠᠳ ᠲᠦᠮᠡᠨ ᠤ ᠪᠠᠨ ᠡᠷᠡᠬᠦᠯ ᠡᠩᠬᠡ ᠶᠢᠨ ᠲᠦᠯᠥᠬᠡ ᠡᠳᠣᠷ ᠰᠦᠨᠢ ᠦᠬᠡᠢ ᠴᠢᠷᠮᠠᠶᠢᠨ ᠵᠢᠳᠬᠦᠬᠦ ᠪᠠ | ᠲᠣᠬᠠᠶᠢᠯᠠᠭᠰᠠᠨ ᠠᠵᠢᠯ ᠤᠨ ᠶᠣᠰᠣ ᠮᠣᠷᠠᠯ ᠢ ᠲᠡᠬᠡᠳᠣᠯᠡᠨ ᠰᠠᠬᠢᠬᠤ ᠪᠣᠯ ᠨᠣᠮᠢᠨᠳᠠᠯᠠᠢ ᠡᠮᠴᠢ ᠶᠢᠨ ᠦᠷᠬᠦᠯᠵᠢ | ᠪᠠᠷᠢᠮᠳᠠᠯᠠᠳᠠᠭ ᠬᠠᠳᠠᠭᠤ ᠴᠢᠩᠭ᠎ᠠ ᠶᠣᠰᠣ ᠪᠣᠯᠣᠨ᠎ᠠ᠃ ᠶᠡᠷᠡᠬᠡᠳ ᠣᠨ ᠤ ᠡᠬᠢᠴᠢ ᠪᠠᠷ ᠲᠣᠷᠰᠢᠯᠭ᠎ᠠ ᠮᠡᠬᠦᠰ ᠲᠠᠳᠣᠯᠭ᠎ᠠ | ᠶᠢᠨ ᠡᠮᠴᠢ ᠪᠡᠯᠬᠦᠳᠡᠢ ᠪᠠᠯᠭᠠᠰᠣᠨ ᠤ ᠪᠠᠶᠠᠨ ᠠᠭᠤᠯᠠ ᠭᠠᠴᠠᠭᠠᠨ ᠤ ᠮᠠᠯᠴᠢᠨ ᠪᠦᠰᠡᠬᠦᠢ ᠶᠢᠨ ᠰᠠᠪᠠ ᠶᠢ ᠨᠢ | ᠲᠡᠩᠳᠡᠬᠦᠥ ᠬᠤᠰᠣᠭᠰᠠᠨ ᠠᠴᠠ ᠪᠣᠯᠵᠥ᠂ ᠴᠣᠭᠤᠷᠣᠯ ᠡᠬᠦᠰᠦᠭᠰᠡᠨ ᠪᠦᠬᠡᠳ ᠴᠢᠰᠣ ᠭᠠᠷᠣᠭᠠᠳ ᠵᠣᠭᠰᠣᠬᠤ ᠦᠬᠡᠢ᠂ | ᠭᠠᠷᠳᠠᠵᠥ ᠠᠪᠣᠭᠰᠠᠨ ᠡᠮᠴᠢ ᠨᠢ ᠭᠠᠷ ᠢᠶᠠᠨ ᠨᠣᠬᠤᠯᠠᠨ ᠭᠠᠴᠢᠭᠳᠠᠬᠤ ᠦᠶ᠎ᠡ ᠳᠤ᠂ ᠨᠣᠮᠢᠨᠳᠠᠯᠠᠢ ᠡᠮᠴᠢ ᠮᠠᠨᠢ ᠠᠷᠠᠳ | ᠲᠦᠮᠡᠨ ᠤ ᠪᠠᠨ ᠠᠮᠢ ᠨᠠᠰᠣ ᠶᠢ ᠠᠪᠣᠷᠠᠬᠤ ᠶᠢᠨ ᠲᠦᠯᠥᠬᠡ ᠶᠠᠭᠤ ᠴᠣ᠋ ᠬᠡᠯᠡᠯ ᠦᠬᠡᠢ᠂ ᠰᠠᠶᠢᠨ ᠲᠣᠷ᠎ᠠ ᠠᠴᠠ ᠪᠠᠨ | ᠶᠠᠭᠤ ᠴᠣ᠋ ᠬᠡᠯᠠᠯ ᠦᠬᠡᠢ ᠱᠣᠩᠭᠤᠯᠠᠨ ᠣᠷᠣᠵᠥ᠂ ᠲᠠᠬᠢᠨ ᠵᠠᠰᠠᠯ ᠬᠢᠭᠰᠡᠨ ᠪᠦᠬᠡᠳ ᠴᠢᠰᠣ ᠭᠠᠷᠣᠭᠠᠳ ᠲᠣᠭᠳᠠᠬᠤ | ᠦᠬᠡᠢ ᠪᠠᠶᠢᠭᠰᠠᠨ ᠢ ᠨᠢ ᠪᠦᠬᠦ ᠬᠤᠰᠢᠭᠤᠨ ᠤ ᠰᠣᠷᠣᠭᠴᠢᠳ ᠢ ᠴᠣᠭᠯᠠᠭᠤᠯᠵᠥ᠂1000cc ᠢᠯᠡᠬᠦᠥ ᠴᠢᠰᠣ | ᠶᠡᠬᠦᠯᠡᠵᠥ ᠠᠮᠢ ᠨᠠᠰᠣ ᠶᠢ ᠨᠢ ᠠᠪᠣᠷᠠᠵᠥ ᠪᠠᠶᠢᠭᠰᠠᠨ ᠣᠳᠠᠭ᠎ᠠ ᠲᠠᠢ᠃ | 1981 ᠣᠨ ᠳᠤ ᠰᠦᠨᠢᠳ ᠵᠡᠬᠦᠨ ᠬᠤᠰᠢᠭᠤᠨ ᠤ ᠰᠣᠶᠣᠯᠳᠡᠬᠦᠰ ᠬᠡᠳᠡᠭ ᠮᠠᠯᠴᠢᠨ ᠮᠣᠲ᠋ᠣᠷ ᠠᠴᠠ ᠣᠶᠢᠴᠢᠨ | ᠡᠷᠡᠣ᠂ ᠬᠠᠪᠢᠷᠭ᠎ᠠ᠂ ᠲᠣᠮᠳᠠ ᠴᠢᠮᠥᠬᠡ ᠵᠡᠷᠬᠡ ᠨᠢ ᠬᠤᠭᠤᠷᠠᠵᠥ ᠪᠠᠯᠪᠠᠷᠠᠨ᠂ ᠮᠠᠨᠠᠷᠠᠭᠠᠳ ᠰᠡᠬᠡᠬᠦ ᠦᠬᠡᠢ ᠠᠮᠢ | ᠨᠠᠭᠠᠨ᠎ᠠ ᠲᠠᠮᠣ ᠴᠠᠭᠠᠨ᠎ᠠ ᠪᠠᠶᠢᠵᠥ᠂ ᠪᠣᠰᠣᠳ ᠬᠦᠮᠦᠰ ᠶᠠᠭᠠᠬᠢᠬᠤ ᠶᠢᠨ ᠠᠷᠭ᠎ᠠ ᠦᠬᠡᠢ ᠪᠠᠶᠢᠬᠤ ᠦᠶ᠎ᠡ ᠳᠤ | ᠨᠣᠮᠢᠨᠳᠠᠯᠠᠢ ᠰᠢᠳᠣ ᠶᠢ ᠨᠢ ᠲᠡᠮᠣᠷ ᠣᠳᠠᠰᠣ ᠪᠠᠷ ᠪᠣᠭᠤᠭᠠᠳ᠂ ᠬᠤᠭᠤᠷᠠᠵᠥ ᠪᠠᠯᠪᠠᠷᠠᠭᠰᠠᠨ ᠪᠦᠬᠦᠨ ᠢ ᠨᠢ ᠬᠠᠳᠠᠵᠥ | ᠵᠠᠰᠠᠭᠠᠳ᠂ ᠪᠦᠷᠢᠨ ᠪᠦᠳᠦᠨ ᠪᠣᠯᠭᠠᠭᠠᠳ ᠶᠠᠪᠣᠭᠤᠯᠵᠥ ᠪᠠᠶᠢᠭᠰᠠᠨ᠃ 1994 ᠣᠨ ᠳᠤ ᠠᠪᠠᠭ᠎ᠠ ᠬᠤᠰᠢᠭᠤᠨ ᠳᠤ | ᠠᠩᠬᠠᠳᠠᠭᠴᠢ ᠣᠳᠠᠭ᠎ᠠ ᠣᠯᠠᠭᠠᠨ ᠬᠤᠭᠤᠯᠠᠢ ᠶᠢᠨ ᠦᠮᠡᠨ ᠤ ᠵᠠᠰᠠᠯ ᠢ ᠰᠢᠯᠢ ᠶᠢᠨ ᠭᠤᠣᠯ ᠠᠶᠢᠮᠠᠭ ᠤᠨ ᠡᠮᠨᠡᠯᠬᠡ | ᠶᠢᠨ ᠬᠤᠷᠢᠶᠠᠨ ᠤ ᠭᠤᠣᠯᠯᠠᠭᠴᠢ ᠡᠮᠴᠢ ᠲᠠᠪᠬᠤᠷᠪᠠᠶᠡᠷ ᠤᠨ ᠲᠠᠭᠠᠭᠤᠯᠭ᠎ᠠ ᠪᠠᠷ ᠬᠢᠬᠡᠳ ᠠᠮᠵᠢᠯᠳᠠ ᠣᠯᠵᠥ᠂ ᠪᠦᠬᠦ | ᠠᠶᠢᠮᠠᠭ ᠣᠷᠣᠨ ᠢ ᠲᠣᠷᠬᠢᠭᠤᠯᠵᠥ ᠪᠠᠶᠢᠭᠰᠠᠨ᠂ ᠬᠢᠯᠢ ᠶᠢᠨ ᠰᠣᠮᠣ ᠵᠢᠷᠭᠠᠯᠠᠩᠳᠣ ᠰᠣᠮᠣᠨ ᠤ ᠨᠢᠬᠡᠨ ᠡᠪᠡᠳᠴᠢᠳᠡᠨ | ᠴᠠᠭᠠᠨ ᠰᠠᠷ᠎ᠠ ᠶᠢᠨ ᠰᠢᠨ᠎ᠠ ᠶᠢᠨ ᠨᠢᠬᠡᠨ ᠳᠤ ᠮᠣᠬᠤᠷ ᠣᠯᠣᠭᠠᠢ ᠶᠢᠨ ᠴᠣᠭᠤᠷᠣᠯ ᠢᠶᠠᠷ ᠡᠪᠡᠳᠣᠨ ᠰᠠᠨᠳᠣᠷᠴᠣ᠂ | ᠴᠠᠰᠣ ᠵᠣᠳ ᠲᠠᠢ ᠣᠴᠢᠷ ᠨᠠᠷᠠᠨᠪᠣᠯᠠᠭ ᠰᠣᠮᠣ ᠵᠡᠷᠬᠡ ᠬᠡᠳᠣᠨ ᠵᠠᠭᠤᠨ ᠭᠠᠵᠠᠷ ᠢᠶᠠᠷ ᠲᠣᠭᠤᠷᠢᠵᠥ ᠢᠷᠡᠬᠦ ᠴᠢᠮᠡᠭᠡ ᠪᠠᠷ | ᠠᠯᠢᠪᠠ ᠪᠦᠬᠦᠨ ᠢᠶᠠᠨ ᠠᠷᠣ ᠳᠠᠭᠠᠨ ᠲᠠᠶᠠᠭᠳᠠᠵᠥ ᠵᠠᠰᠠᠯ ᠤᠨ ᠦᠷᠦᠬᠡᠨ ᠳᠡᠭᠡᠨ ᠬᠦᠯᠢᠶᠡᠵᠥ ᠪᠠᠶᠢᠭᠰᠠᠨ ᠵᠡᠷᠬᠡ | ᠶᠠᠪᠣᠳᠠᠯ ᠨᠢ ᠨᠣᠮᠢᠨᠳᠠᠯᠠᠢ ᠡᠮᠴᠢ ᠶᠢᠨ ᠠᠷᠠᠳ ᠲᠦᠮᠡᠨ ᠤ ᠠᠮᠢ ᠨᠠᠰᠣ ᠡᠷᠬᠢᠮ ᠨᠠᠨᠳᠢᠨ ᠪᠦᠬᠡᠳ ᠠᠷᠠᠳ ᠲᠦᠮᠡᠨ ᠤ | ᠲᠦᠯᠥᠬᠡ ᠦᠨᠡᠨ ᠰᠡᠳᠬᠢᠯ ᠠᠴᠠ ᠪᠠᠨ ᠦᠢᠯᠡᠴᠢᠯᠡᠨ᠎ᠠ ᠬᠡᠳᠡᠭ ᠢ ᠦᠬᠡ ᠪᠠᠷ ᠪᠢᠰᠢ ᠦᠢᠯᠡᠳᠦᠯᠬᠡ ᠪᠠᠷ ᠬᠡᠷᠡᠴᠢᠯᠡᠵᠥ | ᠢᠷᠡᠭᠰᠡᠨ᠃ | ᠦᠨᠳᠣᠰᠣᠨ ᠱᠠᠳᠣᠨ ᠤ ᠬᠢᠯᠢ ᠶᠢᠨ ᠰᠣᠮᠣ ᠪᠣᠯᠬᠤ — — ᠨᠠᠷᠠᠨᠪᠣᠯᠠᠭ ᠰᠣᠮᠣᠨ ᠤ ᠡᠮᠨᠡᠯᠬᠡ ᠶᠢᠨ ᠬᠤᠷᠢᠶᠠᠨ | ᠳᠤ ᠪᠠᠶᠢᠬᠤ ᠳᠠᠭᠠᠨ ᠵᠦᠪᠬᠡᠨ ᠬᠡᠣᠬᠡᠳ ᠤᠨ ᠪᠠᠶᠢᠷᠢ ᠰᠢᠯᠵᠢᠭᠰᠡᠨ᠂ ᠬᠡᠣᠬᠡᠳ ᠨᠢ ᠬᠡᠳᠡᠰᠣᠨ ᠳᠡᠭᠡᠨ ᠪᠦᠳᠦᠬᠦᠷᠡᠭᠰᠡᠨ | ᠵᠡᠷᠬᠡ ᠶᠢᠨ ᠣᠯᠠᠨ ᠰᠢᠯᠳᠠᠭᠠᠨ ᠠᠴᠠ ᠪᠣᠯᠵᠥ᠂ ᠬᠡᠪ ᠶᠣᠰᠣᠭᠠᠷ ᠲᠦᠷᠦᠵᠥ ᠲᠡᠶᠢᠯᠬᠦ ᠦᠬᠡᠢ᠂ ᠬᠤᠶᠡᠷ ᠶᠠᠰᠣ ᠰᠠᠯᠵᠥ | ᠲᠡᠶᠢᠯᠬᠦ ᠦᠬᠡᠢ᠂ ᠬᠤᠰᠢᠭᠤᠨ ᠠᠴᠠ ᠵᠠᠮ ᠬᠤᠯᠠ᠂ ᠵᠠᠮ ᠲᠣᠩᠰᠣᠯᠠᠭᠠ ᠶᠡᠬᠡᠳᠡᠢ ᠵᠡᠷᠬᠡ ᠶᠢᠨ ᠣᠨᠴᠠ ᠬᠦᠴᠢᠷᠳᠡᠯ | ᠲᠠᠢ ᠦᠶ᠎ᠡ ᠳᠤ ᠨᠣᠮᠢᠨᠳᠠᠯᠠᠢ ᠡᠮᠴᠢ 100 ᠭᠠᠷᠣᠢ ᠬᠡᠣᠬᠡᠳ ᠢ ᠬᠠᠭᠠᠯᠣᠨ ᠠᠪᠴᠣ᠂ ᠣᠯᠠᠨ ᠬᠦᠮᠦᠨ ᠤ ᠠᠮᠢ | ᠠᠪᠣᠷᠠᠵᠥ᠂ ᠣᠯᠠᠨ ᠰᠠᠶᠢᠬᠠᠨ ᠬᠡᠷ ᠪᠦᠯᠢ ᠶᠢ ᠢᠨᠢᠶᠡᠳᠣ ᠲᠠᠢ ᠶᠠᠪᠣᠭᠤᠯᠵᠥ ᠪᠠᠶᠢᠭᠰᠠᠨ᠃ ᠨᠠᠶᠠᠭᠠᠳ ᠣᠨ ᠤ | ᠲᠣᠮᠳᠠᠴᠢ ᠪᠠᠷ ᠶᠡᠬᠡᠭᠤᠣᠯ ᠰᠣᠮᠣᠨ ᠤ ᠡᠷᠳᠡᠨᠢᠠᠠᠭᠤᠯᠠ ᠭᠠᠴᠠᠭᠠᠨ ᠤ ᠮᠠᠯᠴᠢᠨ ᠳᠤ ᠠᠩᠬᠠᠳᠠᠭᠴᠢ ᠣᠳᠠᠭ᠎ᠠ ᠪᠡᠶ᠎ᠡ | ᠲᠠᠭᠠᠭᠠᠵᠥ ᠡᠯᠢᠬᠡᠨ ᠤ ᠬᠤᠷᠣᠬᠠᠢ ᠶᠢᠨ ᠵᠠᠰᠠᠯ ᠢ ᠠᠮᠵᠢᠯᠳᠠ ᠲᠠᠢ ᠬᠢᠭᠰᠡᠨ ᠪᠦᠬᠡᠳ ᠲᠣᠰ ᠨᠠᠰᠣᠳᠡᠨ ᠣᠳᠣ ᠴᠣ᠋ | ᠪᠡᠶ᠎ᠡ ᠡᠷᠡᠬᠦᠯ ᠦᠳᠡᠯᠥᠬᠡ ᠨᠠᠰᠣ ᠪᠠᠨ ᠦᠩᠬᠡᠷᠡᠬᠡᠵᠥ ᠪᠠᠶᠢᠭ᠎ᠠ ᠵᠡᠷᠬᠡ ᠶᠢ ᠬᠡᠯᠡᠬᠦ ᠳᠤ ᠦᠬᠡ ᠠᠷᠪᠢᠳᠡᠵᠥ ᠦᠯᠢᠬᠡᠷ | ᠰᠠᠯᠠᠭᠠᠯᠠᠨ᠎ᠠ᠃ | 《 ᠲᠠᠷᠬᠠᠨ ᠬᠦᠮᠦᠨ ᠢ ᠪᠣᠷᠬᠠᠨ ᠤ ᠣᠷ᠎ᠠ ᠲᠠᠢ》 ᠬᠡᠵᠥ ᠬᠡᠯᠡᠳᠡᠭ ᠢ ᠪᠢ ᠬᠠᠷᠢᠨ《 ᠡᠮᠴᠢ ᠬᠦᠮᠦᠨ | ᠪᠣᠳᠢᠰᠳᠠᠸ᠎ᠠ ᠰᠡᠳᠬᠢᠯ ᠲᠠᠢ᠂ ᠪᠣᠷᠬᠠᠨ ᠤ ᠣᠷ᠎ᠠ ᠲᠠᠢ᠂ ᠪᠣᠶᠠᠨ ᠤ ᠴᠠᠭᠠᠨ ᠮᠦᠷ ᠲᠠᠢ 》 ᠬᠡᠵᠥ ᠨᠡᠮᠡᠵᠥ ᠬᠡᠯᠡᠮᠡᠷ | ᠪᠠᠶᠢᠨ᠎ᠠ᠃ ᠨᠣᠮᠢᠨᠳᠠᠯᠠᠢ ᠡᠮᠴᠢ ᠪᠠᠯᠪᠠᠷᠠᠵᠥ ᠬᠡᠮᠬᠡᠷᠡᠵᠥ᠂ ᠣᠶᠢᠴᠢᠵᠥ ᠲᠣᠰᠴᠣ᠂ ᠡᠪᠡᠳᠴᠣ ᠰᠢᠨᠠᠯᠣᠭᠰᠠᠨ ᠠᠯᠢ | ᠪᠦᠬᠦᠨ ᠢ ᠪᠣᠷᠬᠠᠨ ᠰᠡᠳᠬᠢᠯ ᠢᠶᠠᠷ ᠪᠣᠶᠠᠨ ᠤ ᠦᠢᠯᠡ ᠪᠠᠷ ᠡᠮᠨᠡᠵᠥ ᠡᠳᠡᠬᠡᠵᠥ ᠶᠠᠪᠣᠭᠰᠠᠨ ᠨᠢ ᠦᠨᠡᠨ᠂1981 ᠣᠨ | ᠳᠤ ᠪᠠᠶᠠᠨᠳᠤᠭ ᠰᠣᠮᠣᠨ ᠤ ᠨᠣᠮᠣᠭᠠᠨ ᠭᠠᠴᠠᠭᠠᠨ ᠤ ᠮᠠᠯᠴᠢᠨ ᠮᠣᠷᠢᠨ ᠠᠴᠠ ᠣᠶᠢᠴᠢᠭᠠᠳ ᠲᠠᠷᠢᠬᠢᠨ ᠳᠤᠨᠢ ᠴᠢᠰᠣ | ᠬᠠᠷᠪᠣᠭᠠᠳ ᠮᠡᠳᠡᠭᠡ ᠰᠡᠬᠡᠬᠡ ᠦᠬᠡᠢ21 ᠬᠤᠨᠤᠭ ᠬᠡᠪᠳᠡᠬᠦ ᠦᠶ᠎ᠡ ᠨᠣᠮᠢᠨᠳᠠᠯᠠᠢ ᠡᠮᠴᠢ ᠴᠦᠬᠦᠷᠦᠯ ᠦᠬᠡᠢ | ᠣᠷᠣᠯᠳᠣᠵᠥ ᠪᠠᠶᠢᠭᠠᠳ ᠰᠡᠷᠬᠦᠬᠡᠨ ᠪᠣᠰᠬᠠᠭᠰᠠᠨ ᠪᠦᠬᠡᠳ ᠲᠣᠰ ᠡᠪᠡᠳᠴᠢᠳᠡᠨ ᠣᠳᠠᠭᠠᠨ ᠬᠡᠪᠳᠡᠭᠰᠡᠨ ᠠᠴᠠ | ᠬᠡᠪᠳᠡᠷᠡᠢ ᠶᠢᠨ ᠴᠣᠭᠤᠷᠣᠯ ᠪᠣᠯᠬᠤ ᠦᠶ᠎ᠡ ᠲᠡᠬᠦᠨ ᠤ ᠬᠡᠷ ᠤᠨ ᠬᠦᠮᠦᠰ ᠲᠠᠢ ᠵᠦᠪᠳᠡᠵᠥ ᠪᠠᠶᠢᠭᠠᠳ ᠡᠮᠨᠡᠯᠬᠡ ᠶᠢᠨ | ᠬᠤᠷᠢᠶᠠᠨ ᠤ ᠠᠷᠣ ᠲᠠᠯ᠎ᠠ ᠳᠤ ᠮᠣᠩᠭᠤᠯ ᠬᠡᠷ ᠢ ᠨᠢ ᠪᠠᠷᠢᠭᠤᠯᠣᠨ ᠰᠠᠭᠤᠯᠭᠠᠵᠥ ᠪᠠᠶᠢᠭᠠᠳ ᠬᠠᠭᠠᠰ ᠵᠢᠯ ᠢᠯᠡᠬᠦᠥ ᠡᠮ | ᠰᠣᠯᠢᠵᠥ ᠪᠠᠶᠢᠭᠠᠳ ᠵᠦᠬᠡᠷ ᠪᠣᠯᠭᠠᠨ ᠬᠡᠷ ᠨᠣᠳᠤᠭ ᠳᠤᠨᠢ ᠬᠠᠷᠢᠭᠤᠯᠣᠭᠰᠠᠨ᠂1983 ᠣᠨ ᠳᠤ ᠣᠣᠯ ᠤᠨ | ᠴᠡᠩᠬᠡᠯᠪᠣᠯᠠᠭ ᠰᠣᠮᠣᠨ ᠤ ᠮᠠᠯᠴᠢᠨ ᠤ ᠲᠦᠷᠪᠡᠨ ᠬᠦᠷᠳᠣᠳᠣ ᠲᠷᠠᠺᠡᠲ᠋ᠣᠷ ᠨᠢ ᠬᠦᠷᠪᠡᠬᠡᠳ ᠲᠣᠰ ᠬᠦᠮᠦᠨ ᠤ | ᠬᠦᠵᠦᠬᠦᠥ ᠶᠠᠰᠣ ᠨᠢ ᠬᠤᠭᠤᠷᠠᠨ᠂ ᠭᠠᠪᠠᠯᠠ ᠶᠢᠨ ᠶᠠᠰᠣ ᠨᠢ ᠬᠠᠭᠠᠷᠠᠭᠠᠳ᠂ ᠲᠠᠷᠢᠬᠢ ᠨᠢ ᠭᠤᠭᠤᠵᠢᠬᠤ ᠦᠶ᠎ᠡ | ᠪᠠᠰᠠᠯᠠ ᠨᠣᠮᠢᠨᠳᠠᠯᠠᠢ ᠡᠮᠴᠢ ᠲᠡᠷᠢᠬᠢᠨ ᠤ ᠭᠤᠭᠤᠵᠢᠵᠥ ᠭᠠᠷᠣᠭᠰᠠᠨ ᠬᠡᠰᠡᠭ ᠢ ᠨᠢ ᠮᠠᠰᠠ ᠬᠢᠵᠥ ᠠᠪᠴᠣ ᠡᠳᠡᠬᠡᠵᠥ | ᠪᠠᠶᠢᠭᠰᠠᠨ᠂1989 ᠣᠨ ᠳᠤ ᠨᠠᠷᠠᠨᠪᠣᠯᠠᠭ ᠰᠣᠮᠣᠨ ᠤ ᠡᠷᠳᠡᠨᠢᠣᠪᠣᠭᠠ ᠭᠠᠴᠠᠭᠠᠨ ᠤ ᠮᠠᠯᠴᠢᠨ ᠡᠵᠢ ᠬᠦᠳᠡᠭᠡ ᠬᠡᠷ | ᠲᠡᠭᠡᠨ ᠪᠠᠶᠢᠭᠠᠳ ᠬᠡᠨᠡᠳᠳᠡ ᠲᠠᠷᠢᠬᠢᠨ ᠳᠤᠨᠢ ᠴᠢᠰᠣ ᠬᠠᠷᠪᠣᠭᠠᠳ ᠰᠠᠨᠳᠣᠷᠬᠤ ᠦᠶ᠎ᠡ ᠠᠶᠢᠮᠠᠭ ᠤᠨ ᠲᠣᠰᠬᠠᠢ | ᠮᠡᠷᠬᠡᠵᠢᠯᠳᠡᠨ ᠢᠷᠡᠵᠥ ᠦᠵᠡᠬᠡᠳ《 ᠬᠦᠳᠡᠯᠬᠡᠵᠥ ᠪᠣᠯᠬᠤ ᠦᠬᠡᠢ᠂ ᠬᠤᠶᠢᠴᠢ ᠶᠢᠨ ᠶᠠᠪᠣᠳᠠᠯ ᠢ ᠨᠢ ᠪᠡᠯᠡᠳᠬᠡᠬᠦ | ᠬᠡᠷᠡᠭᠳᠡᠢ》 ᠬᠡᠰᠡᠨ ᠳᠤ ᠦᠷ᠎ᠡ ᠬᠡᠣᠬᠡᠳ ᠨᠢ ᠣᠳᠠᠭᠠᠨ ᠵᠢᠯ ᠡᠨᠡ ᠨᠣᠳᠤᠭ ᠲᠤ ᠡᠮᠴᠢᠯᠡᠵᠥ᠂ ᠡᠮᠴᠢᠯᠡᠭᠡ ᠦᠬᠡᠢ | ᠪᠣᠯᠣᠭᠰᠠᠨ ᠣᠯᠠᠨ ᠡᠪᠡᠳᠴᠢᠳᠡᠨ ᠢ ᠡᠳᠡᠬᠡᠵᠥ ᠶᠠᠪᠣᠭᠰᠠᠨ ᠨᠣᠮᠢᠨᠳᠠᠯᠠᠢ ᠡᠮᠴᠢ ᠶᠢ ᠡᠷᠢᠬᠡᠳ ᠢᠷᠡᠬᠦ ᠦᠶ᠎ᠡ ᠳᠤ ᠲᠡᠷᠡ | ᠮᠠᠨᠢ ᠬᠤᠰᠢᠭᠤ ᠡᠮᠨᠡᠯᠬᠡ ᠳᠡᠭᠡᠨ ᠠᠪᠴᠢᠷᠠᠵᠥ ᠰᠠᠷ᠎ᠠ ᠢᠯᠡᠬᠦᠥ ᠡᠮᠨᠡᠬᠡᠳ ᠢᠯᠡᠷᠡᠢ ᠪᠣᠯᠭᠠᠨ ᠨᠠᠷᠠᠨᠪᠣᠯᠠᠭ ᠳᠤᠨᠢ | ᠪᠣᠴᠠᠭᠠᠨ ᠨᠠᠷᠠᠨ ᠤ ᠲᠣᠣᠷ᠎ᠠ ᠶᠠᠪᠣᠭᠤᠯᠣᠭᠰᠠᠨ᠂2004 ᠣᠨ ᠳᠤ ᠪᠡᠯᠬᠦᠳᠡᠢ ᠪᠠᠯᠭᠠᠰᠣᠨ ᠤ ᠪᠠᠶᠠᠨᠰᠢᠯᠢ ᠭᠠᠴᠠᠭᠠᠨ | ᠤ ᠮᠠᠯᠴᠢᠨ ᠲᠠᠷᠢᠬᠢᠨ ᠳᠤᠨᠢ ᠴᠢᠰᠣ ᠬᠠᠷᠪᠣᠭᠠᠳ ᠰᠠᠨᠳᠣᠷᠬᠤ ᠦᠶ᠎ᠡ ᠪᠠᠰᠠᠯᠠ ᠨᠣᠮᠢᠨᠳᠠᠯᠠᠢ ᠡᠮᠴᠢ21 ᠬᠤᠨᠤᠭ | ᠡᠮᠴᠢᠯᠠᠨ ᠵᠠᠰᠠᠭᠠᠳ ᠡᠳᠡᠬᠡᠭᠰᠡᠨ ᠪᠢᠯᠡ᠃ ᠨᠣᠮᠢᠨᠳᠠᠯᠠᠢ ᠡᠮᠴᠢ ᠣᠳᠣᠬᠠᠨ ᠪᠣᠯᠳᠠᠯ᠎ᠠ ᠭᠤᠴᠢ ᠭᠠᠷᠣᠢ ᠵᠢᠯ ᠤᠨ | ᠡᠮᠴᠢᠯᠡᠭᠡ ᠶᠢᠨ ᠶᠠᠪᠣᠴᠠ ᠳᠠᠭᠠᠨ ᠦᠷᠯᠥᠬᠡ ᠦᠳᠡᠰᠢ ᠶᠢ ᠢᠯᠭᠠᠯ ᠦᠬᠡᠢ᠂ ᠪᠠᠶᠠᠨ ᠶᠠᠳᠠᠭᠤ ᠭᠤᠯᠣᠯ ᠦᠬᠡᠢ᠂ | 《ᠡᠪᠡᠳᠴᠢᠳᠡᠨ ᠡᠮᠨᠡᠬᠦ ᠪᠣᠯ ᠪᠣᠷᠬᠠᠨ ᠲᠡᠭᠷᠢ ᠠᠴᠠ ᠨᠠᠳᠠᠳᠣ ᠲᠠᠭᠠᠯᠭᠠᠭᠰᠠᠨ᠂ ᠪᠣᠴᠠᠭᠠᠵᠥ ᠪᠣᠯᠥᠰᠢ ᠦᠬᠡᠢ | ᠡᠬᠦᠷᠬᠡ》 ᠬᠡᠵᠥ ᠣᠶᠢᠯᠠᠭᠠᠨ᠂ ᠪᠦᠬᠦ ᠬᠦᠴᠦᠨ ᠢᠶᠠᠷ ᠢᠶᠠᠨ ᠵᠢᠳᠬᠦᠨ ᠴᠢᠷᠮᠠᠶᠢᠵᠥ ᠶᠠᠪᠣᠬᠤ ᠳᠠᠭᠠᠨ ᠶᠡᠭᠡ | ᠪᠠᠭ᠎ᠠ5000 ᠢᠯᠡᠬᠦᠥ ᠣᠳᠠᠭᠠᠨ ᠤ ᠮᠠᠰᠠ ᠵᠠᠰᠠᠯ ᠬᠢᠭᠰᠡᠨ ᠪᠦᠬᠡᠳ ᠬᠦᠨᠳᠣ ᠶᠡᠭᠡ ᠮᠠᠰᠠ ᠵᠠᠰᠠᠯ ᠢ100 ᠢᠯᠡᠬᠦᠥ | ᠣᠳᠠᠭ᠎ᠠ ᠠᠮᠵᠢᠯᠳᠠ ᠬᠢᠭᠰᠡᠨ ᠪᠠᠶᠢᠨ᠎ᠠ᠃ | ᠠᠪᠠᠭ᠎ᠠ ᠨᠣᠳᠤᠭ ᠤᠨ ᠠᠷᠠᠳ ᠲᠦᠮᠡᠨ ᠤ ᠪᠠᠨ ᠲᠦᠯᠥᠬᠡ᠂ ᠡᠮ ᠡᠮᠨᠡᠯᠬᠡ ᠶᠢᠨ ᠦᠢᠯᠡᠰ ᠲᠤ ᠠᠷᠠᠯ ᠤᠨ ᠱᠠᠷ | ᠰᠢᠭ᠋ ᠵᠢᠳᠬᠦᠵᠥ ᠶᠠᠪᠣᠭᠰᠠᠨ ᠨᠣᠮᠢᠨᠳᠠᠯᠠᠢ ᠡᠮᠴᠢ᠂1995 ᠣᠨ ᠳᠤ ᠢᠷᠠᠭᠤ ᠠᠯᠳᠡᠷᠳᠡᠢ ᠪᠠᠷ ᠲᠣᠮᠳᠠᠳᠣ ᠣᠯᠣᠰ | ᠤᠨ ᠡᠪ ᠬᠠᠮᠳᠣ ᠨᠠᠮ ᠳᠤ ᠡᠯᠰᠡᠭᠳᠡᠭᠰᠡᠨ ᠪᠦᠬᠡᠳ ᠣᠯᠠᠨ ᠣᠳᠠᠭ᠎ᠠ ᠬᠤᠰᠢᠭᠤ ᠲᠡᠰ ᠤᠨ《 ᠲᠦᠯᠥᠪᠯᠡᠬᠡᠳᠣ | ᠦᠷᠡᠵᠢᠯ ᠤᠨ ᠲᠡᠷᠢᠬᠦᠨ ᠤ ᠬᠦᠮᠦᠨ》《 ᠰᠢᠯᠢᠳᠡᠭ ᠨᠠᠮ ᠤᠨ ᠬᠡᠰᠢᠬᠦᠨ》 ᠢᠶᠠᠷ ᠱᠠᠩᠨᠠᠭᠳᠠᠵᠥ ᠶᠠᠪᠣᠬᠤ ᠳᠠᠭᠠᠨ | ᠲᠡᠷᠡ ᠮᠠᠨᠢ ᠲᠣᠬᠠᠶᠢᠯᠠᠭᠰᠠᠨ ᠠᠵᠢᠯ ᠤᠨ ᠬᠠᠷᠠᠭ᠎ᠠ ᠪᠠᠷ 《 ᠪᠢ ᠠᠯᠳᠡᠷ ᠨᠡᠷ᠎ᠡ ᠳᠤ ᠲᠣᠷ᠎ᠠ ᠦᠬᠡᠢ᠂ ᠠᠪᠠᠭ᠎ᠠ | ᠨᠣᠳᠤᠭ ᠤᠨ ᠠᠷᠠᠳ ᠲᠦᠮᠡᠨ ᠤ ᠪᠠᠨ ᠠᠮᠵᠢᠯᠳᠠ ᠪᠢᠴᠢᠭᠯᠡᠭᠰᠡᠨ ᠴᠢᠷᠡᠢ ᠶᠢ ᠬᠠᠷᠠᠬᠤ ᠲᠣᠷᠡᠳᠡᠢ》 ᠬᠡᠵᠥ ᠱᠣᠭᠯᠢᠭ | ᠬᠡᠯᠡᠵᠥ ᠪᠠᠶᠢᠭᠰᠠᠨ ᠪᠢᠯᠡ᠃ | | |