ᠦᠷᠬᠡᠨ ᠲᠡᠨᠢᠬᠡᠷ ᠲᠠᠯ᠎ᠠ ᠨᠣᠳᠤᠭ ᠲᠤ ᠣᠯᠠᠨ ᠰᠠᠶᠢᠬᠠᠨ ᠦᠯᠢᠬᠡᠷ ᠲᠣᠮᠤᠭ ᠲᠠᠢ ᠭᠠᠵᠠᠷ ᠣᠰᠣᠨ ᠬᠠᠮᠢᠭ᠎ᠠ ᠭᠠᠵᠠᠷ | ᠴᠣ᠋ ᠪᠠᠶᠢᠳᠠᠭ ᠪᠦᠬᠡᠳ ᠭᠠᠵᠠᠷ ᠣᠷᠣᠨ ᠤ ᠪᠠᠨ ᠣᠷᠭᠤᠮᠠᠯ ᠰᠢᠨᠵᠢ ᠶᠢᠨ ᠣᠨᠴᠠᠯᠢᠭ ᠲᠤ ᠲᠣᠬᠢᠷᠠᠭᠤᠯᠵᠥ ᠲᠠᠪᠣᠨ | ᠬᠤᠰᠢᠭᠤ ᠮᠠᠯ ᠢᠶᠠᠨ ᠮᠠᠯᠯᠠᠨ᠂ ᠨᠡᠬᠦᠳᠡᠯ ᠣᠭᠰᠠᠭᠠᠨ ᠤ ᠪᠠᠨ ᠪᠠᠭᠤᠷᠢ ᠪᠠᠭᠤᠴᠠ ᠶᠢ ᠬᠠᠮᠠᠭᠠᠯᠠᠵᠥ ᠶᠠᠪᠣᠭ᠎ᠠ ᠮᠠᠯᠴᠢᠳ | ᠪᠢᠰᠢᠬᠦᠢ ᠯᠡ ᠣᠯᠠᠨ ᠪᠠᠶᠢᠭᠰᠠᠨ᠂ ᠭᠠᠵᠠᠷ ᠣᠰᠣᠨ ᠤ ᠨᠠᠪᠳᠠᠭ ᠱᠠᠪᠳᠠᠭ ᠨᠢ ᠴᠣ᠋᠂ ᠲᠡᠷᠡ ᠣᠯᠠᠨ ᠰᠠᠶᠢᠬᠠᠨ | ᠪᠣᠰᠤᠭ᠎ᠠ ᠬᠢᠮᠣᠷᠢᠳᠣ ᠮᠠᠯ ᠢᠶᠠᠨ ᠬᠠᠷᠠᠨ ᠪᠠᠶᠠᠰᠴᠣ᠂ ᠲᠡᠳᠬᠦᠨ ᠢᠪᠡᠬᠡᠵᠥ ᠪᠠᠶᠢᠳᠠᠭ ᠪᠠᠶᠢᠬ᠎ᠠ᠂ ᠠᠪᠠᠭ᠎ᠠ ᠬᠤᠰᠢᠭᠤᠨ | ᠤ ᠪᠠᠷᠠᠭᠤᠨ ᠣᠷᠢᠳᠠᠭᠤᠷ ᠬᠠᠶ᠋ᠢ ᠶᠢᠨ ᠭᠤᠪᠢ ᠬᠡᠵᠥ ᠪᠣᠳᠠ ᠪᠣᠳᠠᠷᠭᠠᠨ᠎ᠠ᠂ ᠪᠣᠯᠠᠭ ᠣᠰᠣ ᠲᠠᠢ ᠰᠠᠶᠢᠬᠠᠨ ᠭᠠᠵᠠᠷ | ᠪᠠᠶᠢᠳᠠᠭ ᠨᠢ ᠶᠣᠰᠣᠳᠡᠢ ᠯᠡ ᠲᠡᠮᠡᠭᠡ ᠮᠠᠯᠵᠢ ᠬᠡᠵᠥ ᠲᠡᠬᠡᠳᠣ ᠲᠡᠭᠷᠢ ᠠᠴᠠ ᠰᠣᠶᠣᠷᠬᠠᠭᠰᠠᠨ ᠭᠠᠵᠠᠷ ᠬᠡᠯᠳᠡᠢ᠂ ᠵᠠᠭᠤᠨ | ᠵᠠᠭᠤᠨ ᠤ ᠲᠣᠷᠰᠢ ᠠᠳᠡ ᠭᠠᠵᠠᠷ ᠭᠠᠵᠠᠷ ᠤᠨ ᠣᠯᠠᠨ ᠰᠠᠶᠢᠬᠠᠨ ᠲᠡᠮᠡᠬᠡᠳᠰᠦ᠋ᠷᠦᠭ ᠰᠦᠷᠦᠭ ᠢᠶᠠᠷ ᠴᠣᠭᠯᠠᠨ | ᠬᠤᠵᠢᠷ ᠱᠣ᠋ ᠲᠣᠯᠢᠶᠡᠨ᠂ ᠣᠰᠣᠨ ᠵᠡᠷᠬᠡᠯᠬᠡᠨ ᠲᠣᠮᠳᠠᠭᠤᠷ ᠬᠦᠵᠦᠬᠦᠥ ᠰᠣᠩᠭᠠᠨᠨᠡᠬᠦᠳᠡᠯᠯᠡᠬᠦ ᠨᠢ ᠦᠯᠢᠬᠡᠷ ᠤᠨ | ᠶᠦᠮᠰᠢᠭ᠋᠂ ᠲᠣᠮᠤᠭ ᠤᠨ ᠶᠣᠮᠰᠢᠭ ᠰᠠᠨᠠᠭᠳᠠᠬᠤ ᠪᠣᠯᠪᠡᠴᠣ ᠦᠨᠡᠨᠳᠡᠬᠡᠨ ᠦᠴᠦᠬᠡᠳᠣᠷ ᠤᠨ ᠪᠣᠳᠠᠳᠣ ᠣᠴᠢᠷ ᠰᠠᠨ᠃ | ᠪᠡᠯᠴᠢᠬᠡᠷ ᠨᠣᠳᠤᠭ ᠢ ᠡᠷᠣᠬᠡ ᠳᠤ ᠲᠠᠭᠠᠭᠠᠴᠢᠯᠠᠭᠤᠯᠬᠤ ᠠᠴᠠ ᠡᠮᠣᠨ᠎ᠠ ᠲᠡᠮᠡᠬᠡᠳ ᠨᠢ ᠬᠠᠮᠢᠭ᠎ᠠ ᠬᠤᠯᠠ ᠶᠠᠪᠣᠳᠠᠭ | ᠪᠣᠯᠪᠡᠴᠣ ᠬᠠᠶ᠋ᠢ ᠶᠢᠨ ᠭᠤᠪᠢ ᠨᠢ ᠵᠠᠪᠠᠯ ᠴᠣᠭᠯᠠᠬᠤ ᠶᠣᠰᠣᠳᠡᠢ ᠭᠠᠵᠡᠷ ᠪᠠᠶᠢᠳᠠᠭ ᠨᠢ ᠬᠠᠴᠢᠷᠬᠠᠯᠳᠡᠢ᠃ ᠨᠣᠮ | ᠰᠣᠳᠣᠷ ᠰᠡᠬᠦᠨ ᠲᠡᠣᠬᠡ ᠪᠠᠷᠢᠮᠳᠠ ᠡᠷᠢᠬᠦ ᠳᠤ ᠬᠠᠶ᠋ᠢ ᠶᠢᠨ ᠭᠤᠪᠢ ᠳᠤ ᠪᠣᠰᠣᠳ ᠣᠯᠠᠨ ᠠᠷᠪᠢᠨ ᠬᠠᠭᠤᠴᠢ | ᠰᠣᠳᠣᠯᠣᠯ ᠤᠨ ᠵᠦᠢᠯᠡᠰ ᠪᠠᠶᠢᠳᠠᠭ ᠬᠡᠳᠡᠭ ᠪᠣᠯᠪᠡᠴᠣ ᠲᠡᠮᠡᠬᠡᠨ ᠲᠣᠮᠤᠭ ᠤᠨ ᠲᠣᠬᠠᠢ ᠨᠢᠬᠡᠴᠣ ᠬᠠᠷᠠᠭᠳᠠᠭ᠎ᠠ ᠦᠬᠡᠢ | ᠨᠢ ᠰᠣᠨᠢᠬᠠᠨ᠂ ᠰᠢᠨ᠎ᠠ ᠮᠢᠩᠭᠠᠨ ᠣᠨ ᠦᠩᠬᠡᠷᠡᠩᠬᠦᠳᠡ ᠬᠠᠶ᠋ᠢ ᠶᠢᠨ ᠭᠤᠪᠢ ᠶᠢᠨ ᠵᠡᠬᠦᠨ ᠣᠷᠢᠳᠣ ᠲᠡᠨᠵᠢᠨ ᠲᠡᠬᠡᠷ᠎ᠠ | ᠢᠳᠡ ᠲᠠᠴᠢᠬᠢᠨᠠᠭᠰᠠᠨ ᠬᠦᠬᠡᠬᠡ ᠡᠪᠣᠯ ᠤᠨ ᠯᠡ ᠰᠠᠷ᠎ᠠ ᠪᠠᠷ ᠵᠠᠭᠤᠨ ᠲᠡᠮᠡᠬᠡᠨ ᠤ ᠦᠨᠢᠷ ᠦᠰᠦᠯᠳᠡ ᠶᠢᠨ ᠨᠠᠶᠢᠷ | ᠬᠢᠭᠰᠡᠨ ᠠᠪᠠᠭ᠎ᠠ ᠬᠤᠰᠢᠭᠤᠨ ᠤ ᠪᠠᠶᠠᠨᠴᠠᠭᠠᠨ ᠪᠠᠯᠭᠠᠰᠣᠨ ᠤ ᠣᠯᠠᠨᠪᠣᠯᠠᠭ ᠭᠠᠴᠠᠭᠠᠨ ᠤ ᠬᠠᠰᠢᠷ ᠮᠠᠯᠴᠢᠨ | ᠴᠢᠯᠠᠭᠤᠨᠪᠠᠭᠠᠳᠣᠷ ᠢ ᠰᠣᠷᠪᠣᠯᠵᠢᠯᠠᠭᠰᠠᠨ ᠢᠶᠠᠨ ᠣᠯᠠᠨ ᠪᠦᠬᠦᠨ ᠲᠠᠢ ᠪᠠᠨ ᠬᠤᠪᠢᠶᠠᠯᠴᠡᠶᠡ᠃ | ᠦᠷᠬᠡᠨ ᠭᠤᠪᠢ ᠶᠢᠨ ᠬᠠᠰᠢᠷ ᠮᠠᠯᠴᠢᠨ᠂ ᠠᠯᠳᠡᠷᠳᠣ ᠲᠡᠮᠡᠬᠡᠴᠢᠨ ᠴᠢᠯᠠᠭᠤᠨᠪᠠᠭᠠᠳᠣᠷ ᠭᠤᠸᠡᠢ1956 ᠣᠨ | ᠳᠤ ᠪᠠᠶᠠᠨᠴᠠᠭᠠᠨ ᠰᠣᠮᠣᠨ ᠤ ᠡᠷᠳᠡᠨᠢᠪᠣᠯᠠᠭ ᠭᠠᠴᠠᠭᠠᠨ ᠤ ᠣᠮᠪᠣᠢ ᠶᠢᠨ ᠡᠷᠬᠢᠴᠡᠭ ᠬᠡᠳᠡᠭ ᠲᠡᠮᠡᠬᠡᠳᠣ ᠨᠣᠳᠤᠭ ᠲᠠᠢ | ᠭᠠᠵᠠᠷ ᠲᠦᠷᠦᠭᠰᠡᠨ ᠪᠠᠶᠢᠨ᠎ᠠ᠃ ᠪᠠᠯᠴᠢᠷ ᠪᠠᠭ᠎ᠠ ᠨᠠᠰᠣᠨ ᠳᠠᠭᠠᠨ ᠰᠣᠷᠭᠠᠭᠤᠯᠢ ᠰᠣᠶᠣᠯ ᠤᠨ ᠮᠦᠷ ᠬᠦᠬᠡᠬᠡᠬᠦ ᠪᠠᠷ | ᠪᠠᠶᠢᠭᠰᠠᠨ ᠪᠣᠯᠪᠠᠴᠣ ᠴᠠᠭ ᠲᠦᠷᠦ ᠶᠢᠨ ᠨᠦᠯᠥᠬᠡ ᠪᠠᠷ ᠶᠡᠭᠡ ᠴᠣ᠋ ᠰᠣᠷᠴᠣ ᠴᠢᠳᠠᠭᠰᠠᠨ ᠦᠬᠡᠢ᠂ ᠮᠠᠯᠴᠢᠨ ᠪᠣᠯᠬᠤ | ᠮᠢᠩᠭᠠᠨ ᠮᠡᠷᠬᠡᠵᠢᠯ ᠤᠨ ᠠᠵᠢᠯ ᠢ ᠪᠠᠭᠰᠢ ᠦᠬᠡᠢ ᠰᠣᠷᠴᠣ ᠬᠡᠷᠡᠭᠯᠡᠬᠦ ᠪᠠᠷ ᠣᠷᠣᠯᠳᠣᠵᠥ ᠡᠬᠢᠯᠡᠭᠰᠡᠨ᠂ ᠠᠯᠪᠠᠨ ᠤ | ᠠᠵᠢᠯ ᠳᠤ ᠬᠢᠨᠠᠮᠠᠭᠠᠢ᠂ ᠬᠤᠪᠢᠨ ᠤ ᠠᠮᠢᠳᠣᠷᠠᠯ ᠳᠤ ᠬᠠᠷᠢᠭᠤᠴᠠᠯᠭᠠᠳᠡᠢ ᠪᠠᠶᠢᠳᠠᠭ ᠢᠶᠠᠷ ᠨᠢ ᠴᠢᠯᠠᠭᠤᠨᠪᠠᠭᠠᠳᠣᠷ | ᠭᠤᠸᠡᠢ ᠶᠢ1975 ᠣᠨ ᠳᠤ ᠭᠠᠴᠠᠭᠠᠨ ᠤ ᠲᠡᠳ᠋ ᠲᠠᠷᠤᠭ᠎ᠠ᠂1980 ᠣᠨ ᠠᠴᠠ ᠭᠠᠴᠠᠭᠠᠨ ᠲᠠᠷᠤᠭ᠎ᠠ ᠪᠠᠷ | ᠰᠣᠩᠭᠤᠵᠥ ᠪᠠᠶᠢᠭᠰᠠᠨ ᠪᠣᠯᠪᠠᠴᠣ ᠂ ᠬᠠᠮᠳᠣ ᠣᠯᠠᠨ ᠤ ᠠᠵᠢᠯ ᠬᠢᠨ᠎ᠠ ᠬᠡᠭᠴᠢ ᠦᠩᠬᠡᠷᠡᠭᠰᠡᠨ ᠤ ᠲᠡᠷᠡᠬᠦ ᠲᠣᠷᠰᠢᠯᠭ᠎ᠠ | ᠰᠣᠷᠭᠠᠮᠵᠢ ᠪᠠᠷ ᠬᠢᠳᠡᠭ ᠪᠢᠰᠢ ᠬᠠᠷᠢᠨ ᠪᠢᠴᠢᠭ ᠰᠣᠶᠣᠯ᠂ ᠨᠡᠩ ᠴᠢᠨᠠᠭᠰᠢᠯᠠᠭᠠᠳ ᠬᠢᠳᠡᠳ ᠬᠡᠯᠡ ᠬᠢᠳᠡᠳ | ᠦᠰᠦᠭ ᠢ ᠴᠣ᠋ ᠪᠠᠰᠠ ᠮᠡᠳᠡᠵᠥ ᠣᠶᠢᠯᠠᠭᠠᠬᠤ ᠴᠢᠬᠤᠯᠠᠳᠡᠢ ᠪᠣᠯᠣᠭᠰᠠᠨ ᠴᠠᠭ ᠦᠶ᠎ᠡ ᠶᠢᠨ ᠱᠠᠭᠠᠷᠳᠠᠯᠭ᠎ᠠ ᠲᠠᠢ | ᠪᠣᠯᠣᠭᠰᠠᠨ ᠪᠠ ᠴᠢᠯᠠᠭᠤᠨᠪᠠᠭᠠᠳᠣᠷ ᠭᠤᠸᠡᠢ ᠴᠣ᠋ ᠬᠠᠷᠠᠬᠠᠨ ᠪᠠᠭ᠎ᠠ ᠠᠴᠠ ᠪᠠᠨ ᠦᠪᠡᠷᠳᠡᠬᠡᠨ ᠵᠦᠪᠬᠡᠨ ᠰᠠᠶᠢᠨ | ᠲᠡᠮᠡᠬᠡᠴᠢᠨ ᠪᠣᠯᠣᠨ᠎ᠠ ᠬᠡᠰᠡᠨ ᠭᠠᠭᠴᠠᠬᠠᠨ ᠬᠦᠰᠡᠯ ᠪᠠᠶᠢᠭᠰᠠᠨ ᠠᠴᠠ1984 ᠣᠨ ᠳᠤ ᠭᠠᠴᠠᠭᠠᠨ ᠲᠠᠷᠤᠭ᠎ᠠ ᠶᠢᠨ | ᠲᠣᠰᠢᠶᠠᠯ ᠢᠶᠠᠨ ᠦᠪᠡᠷᠳᠡᠬᠡᠨ ᠲᠣᠰᠢᠶᠠᠵᠥ᠂ ᠬᠠᠨ ᠲᠡᠭᠷᠢ ᠶᠢᠨ ᠬᠤᠷᠮᠣᠢ ᠲᠣᠯᠣᠭᠰᠠᠨ ᠬᠠᠶ᠋ᠢ ᠶᠢᠨ ᠭᠤᠪᠢ ᠪᠠᠨ | ᠬᠠᠯᠢᠭᠤᠨ ᠬᠦᠷᠡᠩ ᠲᠡᠮᠡᠭᠡ ᠪᠠᠷ ᠲᠦᠬᠦᠷᠬᠡᠬᠦ ᠬᠠᠯᠠᠭᠤᠨ ᠰᠡᠳᠬᠢᠯᠳᠣ ᠬᠠᠳᠠᠭᠤᠵᠢᠯᠳᠡᠢ ᠠᠶᠠᠨ ᠳᠠᠭᠠᠨ ᠮᠣᠷᠳᠠᠭᠰᠠᠨ | ᠰᠠᠨ᠃ | 1983 ᠣᠨ ᠳᠤ ᠮᠠᠯ ᠰᠦᠷᠦᠭ ᠢ ᠡᠷᠣᠬᠡ ᠳᠤ ᠲᠠᠭᠠᠭᠠᠴᠢᠯᠠᠭᠤᠯᠬᠤ ᠦᠶ᠎ᠡ ᠪᠠᠷ ᠴᠢᠯᠠᠭᠤᠨᠪᠠᠭᠠᠳᠣᠷ | ᠭᠤᠸᠡᠢ ᠨᠢᠬᠡ ᠢᠩᠬᠡ ᠬᠤᠪᠢᠶᠠᠵᠥ ᠣᠯᠣᠭᠰᠠᠨ ᠪᠦᠬᠡᠳ ᠬᠠᠮᠳᠣ ᠶᠢᠨ ᠲᠡᠮᠡᠬᠡᠨ ᠰᠦᠷᠦᠭ ᠬᠠᠷᠢᠭᠤᠯᠵᠥ ᠶᠠᠪᠣᠭᠰᠠᠨ | ᠢᠶᠠᠷ ᠨᠢ ᠭᠠᠴᠠᠭᠠᠨ ᠠᠴᠠ ᠬᠠᠮᠳᠣ ᠪᠠᠷ ᠡᠳ᠋ᠯᠡᠭ ᠬᠡᠵᠥ ᠨᠢᠬᠡ ᠪᠣᠣᠷ᠎ᠠ ᠦᠭᠬᠦᠭᠰᠡᠨ ᠢᠶᠠᠷ ᠲᠡᠮᠡᠬᠡᠨ ᠰᠦᠷᠦᠭ ᠲᠠᠢ | ᠪᠣᠯᠬᠤ ᠬᠡᠰᠡᠨ ᠬᠦᠰᠡᠯ ᠳᠤᠨᠢ ᠣᠯᠳᠠᠰᠢ ᠦᠬᠡᠢ ᠶᠡᠭᠡ ᠵᠣᠷᠢᠭᠵᠢᠭᠤᠯᠣᠯ ᠪᠣᠯᠣᠭᠰᠠᠨ ᠢᠶᠠᠷ ᠣᠶᠢᠷ᠎ᠡ ᠣᠷᠴᠢᠮ ᠰᠣᠷᠠᠭ | ᠲᠠᠯᠪᠢᠨ ᠴᠢᠩᠨᠠᠵᠥ ᠬᠠᠮᠳᠣ ᠶᠢᠨ ᠬᠤᠪᠢᠶᠠᠵᠥ ᠦᠭᠬᠦᠭᠰᠡᠨ ᠲᠡᠮᠡᠭᠡ ᠪᠠᠨ ᠠᠳᠣᠭᠤ ᠦᠬᠡᠷ ᠢᠶᠠᠷ ᠰᠣᠯᠢᠬᠤ ᠰᠠᠨᠠᠭᠠᠳᠡᠢ | ᠮᠠᠯᠴᠢᠳ ᠠᠴᠠ ᠦᠨ᠎ᠠ ᠬᠠᠶᠢᠷᠠᠯᠠᠯ ᠦᠬᠡᠢ《 ᠮᠣᠩᠭᠤᠯ ᠮᠠᠶᠢᠮᠠᠢ》 ᠬᠢᠵᠥ ᠡᠬᠢᠯᠡᠨ ᠨᠢᠬᠡ ᠬᠤᠶᠡᠷ ᠢᠶᠠᠷ | ᠴᠣᠭᠯᠠᠭᠤᠯᠣᠭᠰᠠᠭᠠᠷ ᠪᠠᠶᠢᠵᠥ ᠦᠨᠥ ᠶᠣᠰᠣᠳᠡᠢ 《 ᠲᠣᠰᠣᠯ ᠢ ᠬᠤᠷᠢᠶᠠᠪᠠᠯ ᠲᠠᠯᠠᠢ ᠪᠣᠯᠣᠨ᠎ᠠ》 ᠬᠡᠳᠡᠭ ᠢᠶᠠᠷ ᠨᠢᠬᠡ | ᠮᠡᠳᠡᠬᠦ ᠳᠤ ᠯᠡ ᠲᠦᠴᠢᠬᠡᠳ ᠲᠡᠮᠡᠭᠡ ᠲᠠᠢ ᠪᠣᠯᠴᠢᠬᠠᠭᠰᠠᠨ ᠪᠠᠶᠢᠯ᠎ᠠ᠃ ᠢᠩᠬᠢᠬᠡᠳ ᠯᠡ ᠬᠠᠯᠢᠭᠤᠨ ᠬᠦᠷᠡᠩ ᠲᠡᠮᠡᠭᠡ | ᠪᠠᠨ ᠦᠷᠡᠵᠢᠬᠦᠯᠥᠨ ᠦᠰᠬᠡᠬᠦ ᠬᠠᠯᠠ ᠬᠦᠴᠢᠷᠳᠡᠢ ᠬᠠᠯᠳᠣᠷᠢᠭ᠎ᠠ ᠶᠡᠬᠡᠳᠡᠢ ᠲᠡᠮᠡᠬᠡᠨ ᠵᠢᠩ ᠤᠨ ᠴᠣᠪᠣᠭ᠎ᠠ ᠡᠬᠢᠯᠡᠭᠰᠡᠨ᠃ | | ᠴᠢᠯᠠᠭᠤᠨᠪᠠᠭᠠᠳᠣᠷ ᠭᠤᠸᠡᠢ ᠶᠢᠨ ᠲᠡᠮᠡᠬᠡᠨ ᠳᠤ ᠬᠠᠶᠢᠷᠡᠳᠡᠢ ᠪᠣᠯᠣᠭᠰᠠᠨ ᠨᠢ ᠪᠠᠰᠠᠴᠣ ᠦᠯᠢᠬᠡᠷ ᠲᠠᠢ ᠶᠣᠮᠰᠠᠨ᠃ | ᠴᠢᠯᠠᠭᠤᠨᠪᠠᠭᠠᠳᠣᠷ ᠭᠤᠸᠡᠢ ᠶᠢ ᠪᠠᠭ᠎ᠠ ᠪᠠᠶᠢᠬᠤ ᠳᠤ ᠡᠷᠳᠡ ᠦᠶ᠎ᠡ ᠶᠢᠨ ᠬᠠᠶ᠋ᠢ ᠶᠢᠨ ᠰᠦᠮ᠎ᠠ ᠶᠢᠨ ᠰᠠᠩᠭᠠᠢ ᠪᠣᠣᠷ᠎ᠠ | ︵ ᠰᠠᠩ ᠤᠨ ᠪᠣᠣᠷ᠎ᠠ ᠬᠡᠰᠡᠨ ᠦᠬᠡ︶ ᠬᠡᠳᠡᠭ ᠬᠦᠮᠦᠨ ᠠᠮᠢᠳᠠᠨ ᠬᠠᠪᠢᠳᠠᠬᠤ ᠶᠢᠨ ᠠᠷᠭ᠎ᠠ ᠦᠬᠡᠢ ᠲᠣᠭᠰᠢᠨ | ᠰᠦᠷᠯᠢᠭ ᠬᠦᠷᠡᠩ ᠪᠣᠣᠷ᠎ᠠ ᠬᠦᠮᠦᠨ ᠠᠷᠠᠳ ᠤᠨ ᠲᠣᠮᠳᠠ ᠦᠯᠢᠬᠡᠷ ᠤᠨ ᠶᠣᠮᠰᠢᠭ ᠶᠠᠷᠢᠭᠳᠠᠳᠠᠳᠠᠭ ᠪᠦᠬᠡᠳ ᠮᠦᠨ | ᠵᠢᠷᠠᠭᠠᠳ ᠣᠨ ᠤ ᠦᠶ᠎ᠡ ᠪᠠᠷ《 ᠲᠠᠮᠣᠷ ᠭᠤᠣᠯᠳᠣ》 ᠬᠡᠳᠡᠭ ᠡᠳᠡᠯᠡᠭᠡ ᠰᠠᠶᠢᠳᠡᠢ᠂ ᠨᠣᠮᠣᠬᠠᠨ ᠮᠦᠷᠳᠡᠬᠡᠨ | ᠬᠤᠷᠳᠣᠨ ᠬᠦᠶᠦᠳᠡᠯ ᠲᠠᠢ ᠠᠳᠠ ᠪᠠᠶᠢᠭᠰᠠᠨ ᠨᠢ ᠬᠤᠶᠠᠷᠬᠠᠨ ᠴᠠᠭ ᠢᠯᠡᠬᠦᠥ ᠳᠤ ᠬᠠᠶ᠋ᠢ ᠶᠢᠨ ᠰᠦᠮ᠎ᠠ ᠠᠴᠠ ᠬᠠᠮᠪᠤ | ᠶᠢᠨ ᠰᠦᠮ᠎ᠠ ᠬᠦᠷᠳᠡᠯ᠎ᠠ ︵ ᠲᠠᠯᠠᠭᠠᠳ ᠭᠠᠵᠠᠷ︶ ᠣᠨᠴᠠᠭᠠᠢ ᠲᠦᠷᠬᠡᠨ ᠶᠠᠪᠣᠳᠠᠯ ᠲᠠᠢ ᠲᠡᠮᠡᠭᠡ ᠪᠠᠶᠢᠭᠰᠠᠨ ᠵᠡᠷᠬᠡ ᠨᠢ | ᠴᠢᠯᠠᠭᠤᠨᠪᠠᠭᠠᠳᠣᠷ ᠭᠤᠸᠡᠢ ᠳᠤ ᠲᠡᠮᠡᠭᠡ ᠪᠠᠨ ᠦᠰᠬᠡᠵᠥ ᠦᠷᠡᠵᠢᠬᠦᠯᠬᠦ ᠬᠠᠯᠠᠭᠤᠨ ᠰᠡᠳᠬᠢᠯ ᠤᠨ ᠰᠠᠭᠤᠷᠢ ᠶᠢ | ᠲᠠᠯᠪᠢᠭᠰᠠᠨ ᠪᠦᠬᠡᠳ ᠨᠡᠩ ᠢᠯᠠᠩᠭᠤᠶ᠎ᠡ1977 ᠣᠨ ᠤ ᠡᠪᠣᠯ ᠤᠨ ᠶᠡᠭᠡ ᠵᠣᠳ ᠦᠪᠦᠷ ᠮᠣᠩᠭᠤᠯ ᠢ ᠨᠡᠶᠢᠳᠡᠮ | ᠬᠠᠮᠣᠷᠠᠨ᠂ ᠵᠣᠳ ᠲᠤ ᠵᠠᠮ ᠨᠡᠪᠳᠡᠷᠡᠯᠬᠡ ᠲᠦᠭᠵᠢᠷᠡᠨ᠂ ᠮᠠᠯ ᠰᠦᠷᠦᠭ ᠬᠦᠨᠳᠣ ᠰᠦᠷᠡᠬᠡᠢ ᠬᠤᠬᠢᠷᠠᠭᠰᠠᠨ ᠲᠡᠷᠡᠬᠦ | ᠭᠠᠴᠢᠭᠳᠠᠯᠳᠣ ᠦᠶ᠎ᠡ ᠳᠤ ᠣᠯᠠᠨᠪᠣᠯᠠᠭ ᠪᠠᠷᠢᠭᠠᠳᠠ ᠶᠢᠨ ᠣᠳᠣᠷ ᠶᠠᠪᠣᠭᠠᠳᠣᠢ ᠪᠠᠶᠢᠭᠰᠠᠨ138 ᠲᠡᠮᠡᠭᠡ ᠨᠢ ᠵᠣᠳ | ᠪᠣᠯᠵᠥ ᠵᠠᠮ ᠪᠣᠭᠤᠭᠳᠠᠬᠤ ᠦᠶ᠎ᠡ ᠳᠤ ᠮᠠᠯᠴᠢᠨ ᠲᠦᠮᠡᠨ ᠢᠶᠠᠨ ᠬᠦᠯ ᠵᠠᠯᠭᠠᠭᠤᠯᠣᠭᠰᠠᠨ ᠴᠣᠷ ᠤᠨ ᠭᠠᠭᠴᠠ | ᠣᠨᠤᠭ᠎ᠠ ᠪᠣᠯᠣᠭᠰᠠᠨ ᠪᠦᠬᠡᠳ ᠮᠠᠯᠴᠢᠨ ᠲᠦᠮᠡᠨ ᠤ ᠪᠠᠨ ᠠᠮᠢ ᠨᠠᠰᠣ ᠶᠢ ᠠᠪᠣᠷᠠᠵᠥ ᠪᠠᠶᠢᠭᠰᠠᠨ ᠣᠳᠠᠭ᠎ᠠ ᠲᠠᠢ᠂ | ᠲᠡᠮᠡᠭᠡ ᠨᠢ ᠭᠠᠩ ᠲᠠᠢ ᠲᠡᠰᠪᠦᠷᠢᠳᠡᠢ᠂ ᠵᠣᠳ ᠲᠤ ᠨᠡᠶᠢᠳᠡᠪᠦᠷᠢᠳᠡᠢ ᠵᠡᠷᠬᠡ ᠣᠯᠠᠨ ᠰᠠᠶᠢᠨ ᠲᠠᠯ᠎ᠠ ᠶᠢ ᠵᠦᠪᠬᠡᠨ | ᠴᠢᠯᠠᠭᠤᠨᠪᠠᠭᠠᠳᠣᠷ ᠭᠤᠸᠡᠢ ᠲᠠᠨᠢᠵᠥ ᠮᠡᠳᠡᠷᠡᠨ᠂ ᠲᠡᠮᠡᠬᠡᠨ ᠳᠤ ᠪᠠᠭᠳᠡᠢ ᠪᠣᠯᠣᠭᠰᠠᠨ ᠨᠢ ᠬᠠᠶ᠋ᠢ ᠶᠢᠨ ᠭᠤᠪᠢ ᠶᠢᠨ | ᠨᠠᠪᠳᠠᠭ ᠱᠠᠪᠳᠠᠭ ᠲᠣᠰᠬᠠᠢ ᠲᠣᠮ ᠰᠢᠪᠡᠨᠡᠭᠰᠡᠨ ᠬᠡᠯᠳᠡᠢ᠃ | ᠲᠡᠮᠡᠭᠡ ᠪᠠᠨ ᠬᠠᠶᠢᠷᠠᠯᠠᠵᠥ ᠬᠠᠮᠠᠭᠠᠯᠠᠵᠥ ᠦᠰᠬᠡᠵᠥ ᠦᠷᠡᠵᠢᠬᠦᠯᠥᠭᠰᠡᠨ ᠴᠢᠯᠠᠭᠤᠨᠪᠠᠭᠠᠳᠣᠷ ᠭᠤᠸᠡᠢ | ᠮᠠᠨᠢ2000 ᠣᠨ ᠤ ᠵᠣᠳ ᠢ ᠲᠡᠮᠡᠬᠡᠨ ᠵᠣᠭᠳᠣᠷ ᠤᠨ ᠢᠶᠠᠨ ᠨᠦᠮᠦᠷᠢ ᠪᠠᠷ ᠠᠵᠢᠭ ᠦᠬᠡᠢ ᠲᠣᠭᠤᠯᠣᠭᠰᠠᠨ ᠪᠦᠬᠡᠳ | ᠲᠡᠮᠡᠬᠡᠨ ᠰᠦᠷᠦᠭ ᠨᠢ ᠦᠨᠢᠷ ᠦᠰᠦᠭᠰᠡᠨ ᠠᠴᠠ2006 ᠣᠨ ᠤ ᠵᠣᠨ ᠪᠣᠯᠬᠤ ᠳᠤ ᠴᠢᠯᠠᠭᠤᠨᠪᠠᠭᠠᠳᠣᠷ ᠭᠤᠸᠡᠢ | ᠶᠢᠨ ᠲᠡᠮᠡᠭᠡ ᠨᠢ ᠨᠢᠬᠡᠨᠳᠠ160 ᠭᠠᠷᠣᠢ ᠪᠣᠯᠣᠭᠰᠠᠨ ᠪᠦᠬᠡᠳ ᠬᠠᠶ᠋ᠢ ᠶᠢᠨ ᠭᠤᠪᠢ ᠪᠠᠨ ᠬᠠᠯᠢᠭᠤᠨ ᠬᠦᠷᠡᠩ ᠲᠡᠮᠡᠭᠡ | ᠪᠠᠷ ᠲᠦᠬᠦᠷᠬᠡᠨᠡ ᠬᠡᠰᠡᠨ ᠬᠦᠰᠡᠯ ᠨᠢ ᠡᠷᠡᠮᠵᠡᠯᠡᠯ ᠲᠠᠢ ᠪᠣᠯᠣᠭᠰᠠᠨ ᠢᠶᠠᠷ ᠨᠠᠶᠢᠵᠠ ᠨᠦᠬᠦᠳ ᠤᠨ ᠢᠶᠠᠨ ᠰᠢᠪᠠᠳᠠᠯᠭ᠎ᠠ | ᠪᠠᠷ2006 ᠣᠨ ᠤ ᠢᠳᠡᠷ ᠶᠢᠰᠣ ᠶᠢᠨ ᠠᠩᠬᠠᠨ ᠤ ᠡᠳᠣᠷ ᠬᠠᠶ᠋ᠢ ᠶᠢᠨ ᠭᠤᠪᠢ ᠶᠢᠨ ᠵᠡᠬᠦᠨ ᠣᠷᠢᠳᠣ ᠲᠡᠨᠵᠢᠨ | ᠲᠡᠬᠡᠷ᠎ᠡ128 ᠬᠦᠴᠦᠳᠣ ᠪᠦᠬᠡ ᠪᠠᠷᠢᠯᠳᠣᠭᠤᠯᠣᠭᠰᠠᠨ《 ᠵᠠᠭᠤᠨ ᠲᠡᠮᠡᠬᠡᠨ ᠤ ᠨᠡᠶᠢᠷ》 ᠢᠶᠠᠨ ᠦᠪᠡᠳᠡᠭᠰᠢ ᠶᠡᠭᠡ | ᠪᠠᠷ ᠡᠷᠬᠢᠯᠡᠨ ᠨᠣᠳᠤᠭ ᠣᠰᠣᠨ ᠤ ᠨᠠᠪᠳᠠᠭ ᠱᠠᠪᠳᠠᠭ ᠢᠶᠠᠨ ᠪᠠᠶᠠᠰᠬᠠᠭᠰᠠᠨ ᠪᠦᠬᠡᠳ ᠬᠤᠯᠠ ᠣᠶᠢᠷ᠎ᠠ ᠶᠢᠨ | ᠦᠵᠡᠭᠴᠢ ᠲᠦᠮᠡᠨ ᠤ ᠬᠠᠯᠠᠭᠤᠨ ᠬᠦᠷᠢᠶᠡᠯᠡᠯ ᠢ ᠲᠣᠰᠣᠭᠰᠠᠨ ᠪᠠᠶᠢᠨ᠎ᠠ᠃ ᠲᠣᠰ ᠣᠳᠠᠭᠠᠨ ᠤ ᠨᠡᠶᠢᠷ ᠲᠤ ᠠᠪᠠᠭ᠎ᠠ | ᠨᠣᠳᠤᠭ ᠤᠨ ᠬᠦᠴᠦᠳᠣ ᠪᠦᠬᠡ ᠠᠯᠳᠠ᠂ ᠬᠠᠷᠢᠰᠢ ᠦᠬᠡᠢ ᠬᠦᠴᠦ ᠴᠢᠳᠠᠯ᠂ ᠬᠠᠷᠢᠭᠤᠯᠵᠥ ᠲᠡᠶᠢᠯᠥᠰᠢ ᠦᠬᠡᠢ ᠮᠡᠭᠡ | ᠮᠡᠷᠬᠡᠵᠢᠯ ᠢᠶᠠᠷ ᠬᠠᠷᠭᠤᠭᠰᠠᠨ ᠪᠦᠬᠦᠨ ᠢᠶᠠᠨ ᠬᠠᠶᠠᠯᠠᠭᠰᠠᠭᠠᠷ ᠦᠵᠦᠯᠡᠵᠥ᠂ ᠮᠦᠩᠬᠦᠨ ᠪᠣᠶᠢᠯᠡ ᠲᠠᠢ ᠴᠠᠭᠠᠨ ᠲᠡᠮᠡᠭᠡ | ᠪᠠᠷ ᠱᠠᠩᠨᠠᠭᠳᠠᠭᠰᠠᠨ ᠪᠣᠯ ᠬᠤᠯᠠ ᠶᠢᠨ ᠮᠣᠷᠢᠨ ᠤ ᠣᠷᠣᠯᠳᠣᠭᠠᠨ ᠳᠤ ᠣᠣᠯ ᠪᠣᠭᠳᠠ ᠠᠭᠤᠯᠠ ᠰᠣᠮᠣᠨ ᠤ ᠰᠠᠷᠠᠭᠤᠯ | ᠭᠠᠴᠠᠭ᠎ᠠ ᠪᠠᠷ ᠨᠣᠳᠤᠭ ᠲᠠᠢ ᠨᠡᠷᠡᠳᠣ ᠣᠶᠠᠭᠠᠴᠢ ᠪᠦᠬᠡᠴᠢᠯᠠᠭᠤ ᠶᠢᠨ ᠦᠰᠦᠬᠡᠢ ᠴᠠᠭᠠᠨ ᠬᠠᠯᠳᠡᠷ ᠮᠣᠷᠢ ᠣᠳᠣᠳᠡᠢ | ᠰᠠᠶᠢᠨ ᠲᠡᠪᠬᠢᠨ ᠬᠦᠴᠦᠳᠣ ᠲᠦᠷᠪᠡᠨ ᠲᠣᠭᠤᠷᠡᠢ ᠪᠠᠷ ᠢᠶᠠᠨ ᠬᠠᠶ᠋ᠢ ᠶᠢᠨ ᠭᠤᠪᠢ ᠶᠢᠨ ᠬᠠᠳᠠᠭᠤ ᠬᠦᠷᠦᠰᠣ ᠶᠢ | ᠲᠣᠷᠬᠢᠭᠤᠯᠣᠨ ᠲᠠᠪᠬᠢᠵᠥ᠂ ᠮᠠᠩᠨᠠᠢ ᠳᠠᠭᠠᠨ ᠲᠣᠭᠤᠰᠣ ᠦᠬᠡᠢ ᠲᠡᠷᠢᠬᠦᠯᠡᠵᠥ᠂ ᠮᠦᠩᠬᠦᠨ ᠡᠮᠡᠬᠡᠯ ᠬᠠᠵᠠᠭᠠᠷ ᠲᠠᠢ | ᠠᠭᠳᠠ ᠮᠣᠷᠢᠨ ᠤ ᠱᠠᠩ ᠲᠣᠰᠴᠣ᠂ ᠬᠠᠶ᠋ᠢ ᠶᠢᠨ ᠭᠤᠪᠢ ᠶᠢᠨ ᠠᠭᠤᠳᠠᠮ ᠲᠡᠨᠢᠬᠦᠨ ᠢ ᠮᠣᠩᠭᠤᠯ ᠮᠣᠷᠢᠨ ᠤ | ᠭᠠᠶᠢᠬᠠᠮ᠎ᠠ ᠬᠤᠷᠳᠣ ᠪᠠᠷ ᠬᠤᠷᠣᠮᠬᠠᠨᠠ ᠲᠣᠭᠤᠯᠣᠭᠰᠠᠨ ᠭᠠᠶᠢᠬᠠᠮᠰᠢᠭᠳᠣ ᠲᠣᠣᠯᠢᠰ ᠢ ᠪᠢᠴᠢᠭᠯᠡᠭᠰᠡᠨ ᠪᠢᠯᠡ᠃ | ᠢᠳᠡᠷ ᠶᠢᠰᠣ ᠶᠢᠨ ᠬᠦᠢᠳᠡᠨ ᠢᠶᠠᠷ ᠡᠬᠢᠯᠡᠭᠰᠡᠨ ᠴᠢᠯᠠᠭᠤᠨᠪᠠᠭᠠᠳᠣᠷ ᠭᠤᠸᠡᠢ ᠶᠢᠨ《 ᠵᠠᠭᠤᠨ ᠲᠡᠮᠡᠬᠡᠨ ᠤ | ᠨᠡᠶᠢᠷ》 ᠠᠪᠠᠭ᠎ᠠ ᠨᠣᠳᠤᠭ ᠤᠨ ᠠᠯᠳᠡᠷ ᠨᠡᠷ᠎ᠡ ᠶᠢ ᠦᠨᠳᠣᠷ ᠮᠠᠨᠳᠣᠭᠤᠯᠵᠥ᠂ ᠣᠷᠣᠨ ᠠᠶᠢᠮᠠᠭ ᠤᠨ ᠣᠳᠣᠨ | ᠲᠧᠯᠸᠢᠰ᠂ ᠣᠷᠣᠨ ᠠᠶᠢᠮᠠᠭ ᠤᠨ ᠡᠳᠣᠷ ᠤᠨ ᠰᠣᠨᠢᠨ ᠤ ᠰᠣᠷᠪᠣᠯᠵᠢᠯᠠᠭᠴᠢ ᠨᠡᠷ ᠪᠠ ᠣᠷᠣᠨ ᠠᠶᠢᠮᠠᠭ ᠤᠨ ᠬᠡᠷᠡᠯ | ᠵᠢᠷᠤᠭ ᠤᠨ ᠪᠠᠭ᠋ᠠᠳᠠᠳ ᠨᠡᠩ ᠴᠢᠨᠠᠭᠰᠢᠯᠠᠭᠠᠳ ᠠᠯᠣᠰ ᠬᠤᠯᠠ ᠲᠠᠶᠢᠸᠡᠨ ᠠᠷᠠᠯ ᠠᠴᠠ ᠬᠡᠷᠡᠯ ᠵᠢᠷᠣᠭᠴᠢᠳ ᠣᠯᠠᠨ | ᠢᠷᠡᠵᠡᠬᠡᠵᠥ᠂ ᠡᠪᠣᠯ ᠤᠨ ᠶᠢᠰᠣ ᠶᠢᠨ ᠬᠦᠢᠳᠡᠨ ᠵᠢᠪᠡᠷ ᠢ ᠲᠣᠭᠤᠯ ᠦᠬᠡᠢ ᠂ ᠦᠵᠡᠬᠦ ᠨᠢᠳᠣᠨ ᠤ ᠪᠠᠨ ᠬᠠᠷᠠᠭ᠎ᠠ ᠶᠢ | ᠬᠤᠵᠢᠷᠯᠠᠵᠥ᠂ ᠴᠢᠯᠠᠭᠤᠨᠪᠠᠭᠠᠳᠣᠷ ᠭᠤᠸᠡᠢ ᠶᠣᠰᠣᠳᠡᠢ ᠲᠡᠮᠡᠬᠡᠨ ᠰᠦᠷᠦᠭ ᠪᠠ ᠲᠡᠷᠬᠡ ᠲᠠᠢ ᠢᠷᠡᠵᠡᠬᠡᠭᠰᠡᠨ ᠵᠣᠴᠢᠳ | ᠲᠠᠢ ᠪᠠᠨ ᠬᠠᠶ᠋ᠢ ᠶᠢᠨ ᠭᠤᠪᠢ ᠪᠠᠨ ᠨᠢᠯ ᠲᠦᠬᠦᠷᠬᠡᠵᠥ᠂ ᠣᠳᠠᠭᠠᠨ ᠡᠳᠣᠷ᠂ ᠵᠣᠵᠠᠭᠠᠨ ᠬᠤᠨᠤᠭ ᠤᠨ ᠮᠦᠷᠦᠬᠡᠳᠣᠯ | ᠢᠶᠠᠨ ᠪᠡᠶᠡᠯᠡᠬᠦᠯᠵᠥ᠂ ᠪᠦᠬᠦᠯᠢ ᠡᠪᠣᠯᠵᠢᠨ ᠬᠠᠶ᠋ᠢ ᠶᠢᠨ ᠭᠤᠪᠢ ᠪᠡᠶᠡᠷ ᠨᠡᠶᠢᠷ ᠢᠶᠠᠷ ᠪᠢᠯᠬᠠᠭᠰᠠᠨ ᠪᠠᠶᠢᠯ᠎ᠠ᠃ | ᠵᠠᠯᠠᠭᠤ ᠨᠠᠰᠣᠨ ᠤ ᠪᠠᠨ ᠵᠢᠪᠬᠤᠭᠤᠯᠢᠭ ᠦᠢᠯᠡᠰ ᠢᠶᠠᠷ《 ᠰᠢᠯᠢᠳᠡᠭ ᠮᠠᠯᠴᠢᠨ 》᠂《 ᠬᠦᠴᠦᠷᠬᠡᠭ | ᠮᠠᠯᠴᠢᠨ 》《 ᠲᠡᠷᠢᠬᠦᠨ ᠤ ᠬᠠᠮᠳᠣ ᠨᠢᠬᠡᠴᠡ》 ᠵᠡᠷᠬᠡ ᠪᠠᠷ ᠨᠠᠮ ᠵᠠᠰᠠᠭ ᠲᠠᠭᠠᠨ ᠦᠨᠡᠯᠡᠭᠳᠡᠵᠥ ᠪᠠᠶᠢᠭᠰᠠᠨ | ᠴᠢᠯᠠᠭᠤᠨᠪᠠᠭᠠᠳᠣᠷ ᠭᠤᠸᠡᠢ ᠦᠪᠦᠷ ᠮᠣᠩᠭᠤᠯ ᠤᠨ ᠣᠳᠣᠨ ᠲᠧᠯᠸᠢᠰ ᠢᠶᠠᠷ ᠬᠠᠶ᠋ᠢ ᠶᠢᠨ ᠭᠤᠪᠢ ᠶᠢᠨ ᠬᠠᠯᠢᠭᠤᠨ | ᠲᠡᠮᠡᠬᠡᠳ ᠲᠠᠢ ᠪᠠᠨ ᠴᠤᠭ ᠦᠵᠡᠭᠴᠢ ᠣᠯᠠᠨ ᠤ ᠬᠠᠷᠠᠭ᠎ᠠ ᠰᠣᠨᠣᠷ ᠢ ᠪᠠᠶᠠᠰᠬᠠᠭᠰᠠᠨ ᠪᠦᠬᠡᠳ ᠲᠠᠬᠢᠨᠳᠠ ᠰᠣᠮᠣ | ᠬᠤᠰᠢᠭᠤᠨ ᠤ ᠪᠠᠨ《 ᠰᠢᠯᠢᠳᠡᠭ ᠲᠡᠮᠡᠬᠡᠴᠢᠨ》᠂《 ᠬᠦᠳᠡᠯᠮᠣᠷᠢ ᠶᠢᠨ ᠵᠢᠱᠢᠶᠡᠴᠢ》 ᠶᠢᠨ ᠢᠷᠡᠭᠤ ᠠᠯᠳᠡᠷ ᠢ | ᠬᠦᠷᠳᠡᠭᠰᠡᠨ ᠪᠦᠬᠡᠳ2012 ᠣᠨ ᠳᠤ ᠪᠣᠯᠣᠭᠰᠠᠨ ᠪᠦᠬᠦ ᠬᠤᠰᠢᠭᠤᠨ ᠤ ᠠᠩᠬᠠᠳᠠᠭᠴᠢ ᠣᠳᠠᠭᠠᠨ ᠤ 《 ᠨᠣᠮᠢᠨ | ᠠᠪᠠᠭ᠎ᠠ》 ᠨᠠᠭᠠᠳᠣᠮ ᠤᠨ ᠶᠡᠭᠡ ᠬᠤᠷᠠᠯ ᠳᠤ《 ᠬᠦᠳᠡᠯᠮᠣᠷᠢ ᠶᠢᠨ ᠵᠢᠱᠢᠶᠡᠴᠢ》 ᠪᠠᠷ ᠰᠣᠩᠭᠤᠭᠳᠠᠨ᠂ ᠬᠠᠶ᠋ᠢ | ᠶᠢᠨ ᠭᠤᠪᠢ ᠶᠢᠨ ᠬᠠᠮᠳᠣ ᠣᠯᠠᠨ ᠤ ᠣᠮᠣᠭᠰᠢᠯ ᠪᠣᠯᠣᠭᠰᠠᠨ ᠪᠠᠶᠢᠨ᠎ᠠ᠃ ᠬᠠᠰᠢᠷ ᠲᠡᠮᠡᠬᠡᠴᠢᠨ ᠴᠢᠯᠠᠭᠤᠨᠪᠠᠭᠠᠳᠣᠷ | ᠭᠤᠸᠡᠢ ᠣᠳᠣ ᠪᠡᠯᠬᠦᠳᠡᠢ ᠪᠠᠯᠭᠠᠰᠣᠨ ᠳᠤ ᠦᠨᠢᠷ ᠦᠳᠬᠡᠨ᠂ ᠦᠶᠦᠭ ᠲᠡᠪᠡᠳᠡᠢ ᠵᠢᠷᠭᠠᠨ ᠰᠠᠭᠤᠵᠥ ᠪᠠᠶᠢᠭ᠎ᠠ᠃ | |