ᠨᠢᠬᠡ᠂ ᠲᠢᠩ · ᠪᠠᠭᠠᠳᠤᠷ ᠤᠨ ᠬᠢ ᠭᠤᠷᠪᠠᠳᠤᠭᠠᠷ ᠰᠠᠷ᠎ᠠ ᠶᠢᠨ ᠭᠤᠷᠪᠡᠨ ᠤ ᠡᠳᠤᠷ ᠪᠤᠯᠬᠤ ᠳᠤ ᠡᠷᠳᠠ ᠶᠢᠨ | ᠳᠤᠭᠤᠯ ᠢᠶᠠᠨ ᠨᠢᠬᠡᠨᠳᠠ ᠬᠤᠳᠠᠯᠳᠤᠭᠰᠡᠨ ᠪᠠᠶᠢᠪᠠ᠃ ᠡᠭᠦᠨ ᠳᠤ᠂ ᠳᠤᠯᠤᠭᠠᠨ ᠡᠷ᠎ᠠ ᠳᠤᠭᠤᠯ ᠨᠢ 9000 | ᠲᠦᠭᠦᠷᠢᠭ ᠢᠶᠠᠷ ᠳᠡᠭᠰᠢᠳᠬᠡᠵᠤ᠂ 3 ᠦᠬᠢᠨ ᠳᠤᠭᠤᠯ ᠨᠢ 8000 ᠲᠦᠭᠦᠷᠢᠭ ᠢᠶᠠᠷ ᠳᠡᠭᠰᠢᠳᠬᠡᠵᠤ᠂ ᠨᠦᠬᠦᠬᠡ | ᠬᠤᠶᠡᠷ ᠡᠷ᠎ᠡ ᠳᠤᠭᠤᠯ ᠢ ᠨᠢ ᠵᠡᠷᠬᠡᠯᠡᠳᠡᠭᠡ ᠬᠤᠳᠠ ᠳᠤᠭᠤᠶᠢᠯᠡᠩ ᠤᠨ ᠬᠢᠨ ᠪᠤᠬ᠎ᠠ ᠪᠠᠷ 15000 ᠲᠦᠭᠦᠷᠢᠭ ᠪᠠ | 13000 ᠲᠦᠭᠦᠷᠢᠭ ᠢᠶᠠᠷ ᠦᠷᠳᠡᠬᠡᠯᠡᠨ ᠠᠪᠤᠭᠰᠡᠨ ᠢᠶᠠᠷ ᠨᠠᠶᠢᠳᠠ ᠳᠤ ᠪᠠᠨ ᠠᠷᠪᠡᠨ ᠨᠢᠬᠡᠨ ᠲᠦᠮᠠ ᠳᠠᠪᠤᠨ | ᠮᠢᠩᠭᠠᠨ ᠲᠦᠭᠦᠷᠢᠭ ᠤᠨ ᠤᠷᠤᠯᠭ᠎ᠠ ᠡᠭᠦᠳᠦᠭᠰᠡᠨ ᠪᠠᠶᠢᠨ᠎ᠠ᠃ ᠶᠠᠭᠤᠨ ᠳᠤ ᠡᠶᠢᠮᠤ ᠡᠷᠳᠠ ᠳᠤᠭᠤᠯ ᠢᠶᠠᠨ | ᠬᠤᠳᠠᠯᠳᠤᠵᠤ ᠪᠠᠶᠢᠬᠤ ᠶᠢ ᠯᠠᠪᠯᠠᠬᠤ ᠳᠤ᠂ ᠲᠢᠩ · ᠪᠠᠭᠠᠳᠤᠷ ᠤᠨ ᠪᠦᠰᠡᠭᠦᠢ᠂ ᠡᠷᠳᠡᠨᠢᠴᠢᠮᠡᠭ ᠠᠴᠠ ᠮᠠᠨ ᠤ ᠬᠢ ᠵᠢᠯ | ᠳᠤ ᠪᠠᠨ 4 — 5 ᠰᠠᠷ᠎ᠠ ᠪᠤᠯᠤᠭᠰᠡᠨ ᠳᠤᠭᠤᠯ ᠤᠳ ᠢᠶᠠᠨ ᠤᠷᠢᠳᠴᠢᠯᠠᠵᠤ ᠬᠤᠳᠠᠯᠳᠤᠳᠠᠭ᠂ ᠤᠴᠢᠷ ᠨᠢ ᠪᠡᠯᠴᠢᠬᠡᠷ | ᠤᠰᠤᠨ ᠳᠤ ᠭᠠᠮᠳᠠᠢ ᠮᠦᠷᠳᠡᠬᠡᠨ ᠡᠬᠡ ᠮᠠᠯ ᠤᠨ ᠢᠶᠠᠨ ᠳᠠᠷᠭᠤ ᠬᠦᠴᠦ ᠶᠢ ᠪᠠᠳᠤᠯᠠᠴᠢᠬᠠᠨᠠ ᠭᠡᠯ᠎ᠠ᠃ | ᠬᠤᠶᠡᠷ᠂ ᠲᠢᠩ · ᠪᠠᠭᠠᠳᠤᠷ ᠤᠨ ᠬᠢ ᠵᠢᠯ ᠳᠤ ᠪᠠᠨ ᠳᠠᠪᠢᠭᠠᠳ ᠯᠠ ᠰᠠᠭᠤᠷᠢ ᠡᠬᠡ ᠮᠠᠯ ᠦᠯᠡᠳᠡᠬᠡᠳᠡᠭ᠃ ᠵᠢᠯ | ᠪᠦᠷᠢ ᠳᠠᠪᠢᠭᠠᠳ ᠳᠤᠭᠤᠯ ᠠᠴᠠ ᠪᠠᠨ ᠵᠦᠪᠬᠡᠨ ᠳᠠᠪᠤᠨ ᠦᠬᠢᠨ ᠳᠤᠭᠤᠯ ᠯᠠ ᠰᠢᠯᠢᠨ ᠰᠤᠩᠭᠤᠵᠤ ᠦᠯᠡᠳᠡᠬᠡᠬᠡᠳ | ᠪᠤᠰᠤᠳ ᠢ ᠨᠢ ᠪᠦᠬᠦᠨ ᠢ ᠬᠤᠳᠠᠯᠳᠤᠵᠤ᠂ ᠦᠨᠢᠶᠡᠳ ᠠᠴᠠ ᠪᠠᠨ ᠪᠠᠰᠠ ᠨᠠᠰᠤ ᠰᠢᠳᠤ ᠶᠢ ᠦᠵᠡᠵᠤ ᠪᠠᠶᠢᠭᠠᠳ | ᠳᠠᠪᠤᠨ ᠦᠨᠢᠶ᠎ᠡ ᠶᠢ ᠵᠠᠪᠠᠯ ᠬᠤᠳᠠᠯᠳᠤᠳᠠᠭ ᠪᠠᠶᠢᠨ᠎ᠠ᠃ ᠡᠶᠢᠮᠤ ᠠᠴᠠ ᠳᠠᠪᠢᠭᠠᠳ ᠦᠬᠡᠷ ᠨᠢ ᠠᠷᠪᠡᠨ ᠵᠢᠯ ᠳᠡᠭᠡᠷ᠎ᠠ | ᠪᠠᠨ ᠪᠦᠬᠦᠨ ᠢᠶᠠᠷ ᠢᠶᠠᠨ ᠰᠤᠯᠢᠭᠳᠠᠴᠢᠬᠠᠳᠠᠭ ᠪᠠᠶᠢᠯ᠎ᠠ᠃ | ᠭᠤᠷᠪᠡ᠂ ᠲᠢᠩ · ᠪᠠᠭᠠᠳᠤᠷ ᠪᠠᠷᠤᠭ ᠤᠨ ᠡᠳᠤᠷ᠂ ᠠᠶᠢᠮᠠᠭ᠂ ᠬᠤᠰᠢᠭᠤ᠂ ᠰᠤᠮᠤ ᠪᠠᠯᠭᠠᠰᠤ᠂ ᠭᠠᠴᠠᠭ᠎ᠠ ᠪᠠᠷ | ᠬᠦᠷᠴᠤ᠂ ᠬᠤᠶᠡᠷ ᠬᠤᠷᠠᠯ ᠤᠨ ᠵᠤᠷᠢᠭ ᠰᠠᠨᠠᠭ᠎ᠠ ᠶᠢ ᠤᠯᠠᠮᠵᠢᠯᠠᠵᠤ᠂ ᠬᠢᠴᠢᠶᠠᠯ ᠳᠠᠶᠢᠯᠤᠮᠵᠢ ᠬᠢᠵᠤ ᠶᠠᠭᠠᠷᠠᠤ ᠪᠠᠶᠢᠳᠠᠭ | ᠪᠤᠯᠬᠤᠷ᠂ ᠵᠠᠪ ᠴᠢᠯᠦᠬᠡ ᠭᠠᠷᠪᠠᠯ ᠬᠡᠷᠬᠡᠢ ᠳᠤ ᠪᠠᠨ ᠬᠠᠪᠰᠤᠷᠴᠤ᠂ ᠳᠤᠤᠷ ᠬᠦᠷᠢᠶ᠎ᠡ ᠶᠢ ᠨᠢ ᠵᠠᠰᠠᠵᠤ ᠦᠭᠳᠡᠭ ᠪᠢᠯᠠ᠃ | | ᠲᠦᠷᠪᠡ᠂ ᠲᠢᠩ · ᠪᠠᠭᠠᠳᠤᠷ ᠤᠨ ᠤᠷᠤᠯᠭ᠎ᠠ ᠵᠠᠷᠤᠯᠭ᠎ᠠ ᠶᠢᠨ ᠳᠠᠩᠰᠠ ᠬᠠᠷ᠎ᠠ᠂ ᠭᠠᠴᠠᠭᠠᠨ ᠤ᠂ ᠭᠡᠷ ᠪᠦᠯᠢ ᠶᠢᠨ | ᠬᠡᠰᠡᠨ ᠦᠬᠡᠢ᠂ ᠬᠡᠵᠢᠶᠠᠳᠠ ᠪᠠᠨ ᠨᠠᠷᠢᠨ ᠳᠤᠳᠤᠷᠬᠠᠢ᠂ ᠶᠠᠭᠤᠮ᠎ᠠ ᠪᠦᠬᠦᠨ ᠢ ᠡᠷᠳᠠ ᠠᠴᠠ ᠨᠢᠭᠳᠠᠯᠠᠵᠤ | ᠲᠦᠯᠦᠪᠯᠡᠳᠡᠭ ᠠᠴᠠ ᠪᠤᠯᠵᠤ ᠠᠮᠢ ᠠᠬᠤᠢ ᠨᠢ ᠰᠡᠷᠭᠦᠨ᠂ ᠪᠡᠯᠴᠢᠬᠡᠷ ᠤᠰᠤ ᠨᠢ ᠰᠠᠶᠢᠵᠢᠷᠠᠵᠤ᠂ ᠤᠷᠴᠢᠮ ᠤᠨ ᠠᠷᠪᠡ | ᠭᠠᠷᠤᠢ ᠵᠢᠯ ᠤᠨ ᠳᠤᠷᠰᠢᠳᠠ ᠶᠠᠮᠠᠷ ᠴᠦ ᠡᠪᠡᠰᠤ ᠪᠤᠷᠳᠤᠭᠠᠨ ᠤ ᠵᠠᠷᠤᠳᠠᠯ ᠬᠡᠷᠡᠭᠰᠡᠭᠰᠡᠨ ᠦᠬᠡᠢ ᠪᠠᠷ ᠢᠶᠠᠨ | ᠤᠨᠴᠠᠯᠢᠭᠳᠠᠨ᠎ᠠ᠃ ᠠᠷᠪᠠ ᠭᠠᠷᠤᠢ ᠵᠢᠯ ᠤᠨ ᠡᠮᠤᠨ᠎ᠠ᠂ ᠬᠤᠯᠤᠭᠠᠨ᠎ᠠ ᠰᠢᠪᠠᠵᠢ ᠤᠷᠤᠬᠤ ᠠᠴᠠ ᠰᠡᠷᠬᠡᠶᠢᠯᠡᠨ ᠨᠢᠭᠳᠠ | ᠪᠢᠳᠡᠭᠦᠮᠵᠢᠯᠡᠭᠰᠡᠨ ᠪᠢᠳᠡᠭᠦᠦ ᠫᠧᠩ ᠳᠤ ᠪᠠᠨ ᠬᠠᠳᠠᠭᠠᠯᠠᠭᠰᠠᠨ ᠭᠤᠷᠪᠡᠨ ᠲᠦᠮᠠ ᠭᠠᠷᠤᠢ ᠺᠢᠯᠤᠭ᠍ᠷᠠᠮ ᠭᠠᠮᠰᠢᠭ ᠤᠨ | ᠪᠡᠯᠡᠳᠬᠡᠯ ᠳᠤ ᠵᠤᠷᠢᠭᠤᠯᠤᠯᠳᠠ ᠲᠠᠢ ᠬᠦᠬᠡ ᠡᠪᠡᠰᠤ ᠨᠢ ᠶᠠᠩᠵᠤ ᠢᠶᠠᠷ ᠢᠶᠠᠨ ᠬᠠᠳᠠᠭᠠᠯᠠᠭᠳᠠᠵᠤ ᠪᠠᠶᠢᠯ᠎ᠠ᠃ | ᠳᠠᠪᠤ᠂ ᠲᠢᠩ · ᠪᠠᠭᠠᠳᠤᠷ ᠶᠢᠨ ᠬᠢ ᠫᠧᠩ ᠬᠤᠷᠤᠭᠠᠨ ᠤ ᠪᠦᠳᠦᠬᠡᠨ ᠪᠠᠶᠢᠭᠤᠯᠤᠯᠳᠠ ᠳᠡᠭᠡᠷ᠎ᠠ ᠨᠢᠬᠡ ᠶᠡᠭᠡ | ᠵᠠᠷᠤᠳᠠᠯ ᠤᠷᠤᠭᠤᠯᠳᠠᠭ ᠦᠬᠡᠢ᠃ ᠵᠦᠪᠬᠡᠨ ᠵᠤᠤᠨ ᠭᠠᠮᠰᠢᠭ ᠤᠨ ᠪᠡᠯᠡᠳᠬᠡᠯ ᠳᠤ ᠵᠤᠷᠢᠭᠤᠯᠤᠯᠳᠠ ᠲᠠᠢ ᠨᠢᠭᠳᠠ | ᠪᠢᠳᠡᠭᠦᠮᠵᠢᠯᠡᠭᠰᠡᠨ ᠡᠪᠡᠰᠤ ᠬᠠᠳᠠᠭᠠᠯᠠᠬᠤ ᠫᠧᠩ ᠨᠢᠬᠡ ᠰᠠᠭᠤᠷᠢ᠂ ᠡᠪᠤᠯ ᠦᠨᠢᠶ᠎ᠡ ᠳᠤᠭᠤᠯᠯᠠᠬᠤ ᠦᠶ᠎ᠡ ᠳᠤ ᠳᠤᠭᠤᠯ | ᠢᠶᠠᠨ ᠬᠠᠳᠠᠭᠠᠬᠤ ᠳᠤ ᠵᠤᠷᠢᠭᠤᠯᠤᠯᠳᠠ ᠲᠠᠢ ᠨᠢᠬᠡ ᠪᠠᠭ᠎ᠠ ᠬᠡᠯᠪᠡᠷᠢ ᠶᠢᠨ ᠳᠤᠯᠠᠭᠠᠨ ᠫᠧᠩ ᠲᠠᠢ᠂ ᠪᠤᠰᠤᠳ ᠬᠦᠷᠢᠶ᠎ᠡ | ᠬᠠᠰᠢᠶ᠎ᠡ ᠶᠢ ᠨᠢ ᠤᠨᠢ ᠮᠤᠳᠤ ᠪᠠᠷ ᠳᠤᠬᠢᠯᠢᠭᠵᠢᠭᠤᠯᠵᠤ ᠬᠢᠭᠰᠡᠨ ᠬᠠᠷᠠᠭᠳᠠᠨ᠎ᠠ᠃ ᠡᠷᠳᠡᠨᠢᠴᠢᠮᠡᠭ ᠶᠠᠷᠢᠬᠤ ᠳᠤ ᠪᠠᠨ᠂ | ᠮᠤᠳᠤ ᠪᠠᠷ ᠬᠢᠭᠰᠡᠨ ᠬᠦᠷᠢᠶ᠎ᠡ ᠬᠠᠰᠢᠶ᠎ᠡ ᠨᠢ ᠳᠤᠭᠤᠰᠭ᠎ᠠ ᠪᠤᠶᠤ ᠴᠢᠯᠠᠭᠤ ᠪᠠᠷ ᠬᠢᠭᠰᠡᠨ ᠬᠦᠷᠢᠶ᠎ᠡ ᠬᠠᠰᠢᠶ᠎ᠡ ᠲᠠᠢ | ᠬᠠᠷᠢᠴᠠᠭᠤᠯᠪᠠᠯ᠂ ᠵᠤᠭᠤᠰ ᠮᠦᠩᠭᠦᠨ ᠳᠤ ᠠᠷᠪᠢᠳᠠᠢ ᠮᠦᠷᠳᠡᠬᠡᠨ ᠵᠠᠰᠠᠵᠤ ᠰᠡᠯᠪᠢᠬᠦ ᠳᠤ ᠠᠮᠠᠷ᠂ ᠬᠦᠮᠦᠨ ᠤ | ᠬᠦᠴᠦᠨ ᠳᠤ ᠠᠷᠪᠢᠳᠠᠢ ᠭᠡᠵᠤ ᠪᠠᠶᠢᠯ᠎ᠠ᠃ | ᠵᠢᠷᠭᠤᠭ᠎ᠠ᠂ ᠲᠢᠩ · ᠪᠠᠭᠠᠳᠤᠷ ᠡᠷᠳᠡᠨᠢᠴᠢᠮᠡᠭ ᠤᠨ ᠬᠤᠪᠢ ᠳᠤ ᠠᠪᠴᠤ ᠬᠡᠯᠡᠪᠡᠯ᠂ ᠡᠬᠡ ᠪᠠᠶᠢᠭᠠᠯᠢ ᠪᠠᠨ ᠠᠮᠢ ᠭᠤᠤᠯ | ᠲᠠᠢ ᠪᠠᠨ ᠬᠤᠯᠪᠤᠵᠤ᠂ ᠬᠠᠮᠠᠭᠠᠯᠠᠵᠤ ᠢᠷᠡᠭᠰᠡᠨ ᠢᠶᠠᠷ ᠡᠪᠡᠰᠤ ᠮᠤᠳᠤᠨ ᠤ ᠲᠦᠷᠦᠯ ᠵᠤᠶᠢᠯ ᠨᠢ ᠤᠯᠠᠰᠢᠷᠠᠵᠤ᠂ | ᠠᠮᠢᠳᠠᠨ ᠭᠤᠤᠯᠳᠠᠨ ᠨᠢ ᠨᠡᠮᠡᠭᠳᠡᠭᠰᠡᠨ ᠢᠶᠠᠷ ᠦᠯᠤ ᠪᠠᠷᠠᠨ ᠭᠡᠷ ᠤᠨ ᠢᠶᠠᠨ ᠤᠶᠢᠷᠠᠯᠴᠠᠭᠠᠬᠢ ᠳᠠᠷᠢᠭᠰᠡᠨ ᠮᠤᠳᠤᠨ ᠤ | ᠪᠠᠨ ᠰᠠᠯᠠᠭ᠎ᠠ ᠮᠦᠴᠢᠷ ᠤᠳ ᠲᠤ ᠦᠪᠡᠷ ᠤᠨ ᠭᠠᠷ ᠤᠨ ᠤᠷᠠᠨ ᠢᠶᠠᠨ ᠭᠠᠷᠭᠠᠵᠤ᠂ ᠤᠬᠢᠶᠠᠯᠭᠠᠶᠢᠨ ᠰᠢᠩᠬᠡᠨ ᠤ | ᠰᠠᠪᠠ ᠮᠡᠳᠤ ᠶᠢᠨ ᠬᠠᠶᠠᠭᠳᠠᠮᠠᠯ ᠰᠦᠯᠢᠶᠤᠤ ᠰᠠᠪᠠ ᠤᠳ ᠢᠶᠠᠷ ᠵᠠᠰᠠᠵᠤ ᠭᠠᠷᠭᠠᠭᠰᠡᠨ ᠬᠠᠶᠢᠷᠴᠠᠭ ᠤᠳ ᠢᠶᠠᠨ ᠶᠡᠭᠡ | ᠪᠠᠭ᠎ᠠ ᠠᠳᠠᠯᠢ ᠪᠤᠰᠤ ᠰᠢᠪᠠᠭᠤ ᠤᠷᠤᠵᠤ ᠳᠠᠶᠢᠯᠬᠦ ᠬᠡᠮᠵᠢᠶ᠎ᠡ ᠲᠠᠢ ᠨᠦᠬᠡᠯᠡᠵᠤ᠂ ᠰᠢᠪᠠᠭᠤᠳ ᠲᠤ ᠵᠤᠷᠢᠭᠤᠯᠤᠯᠳᠠ ᠲᠠᠢ | ᠡᠭᠦᠷ ᠪᠡᠯᠡᠳᠬᠡᠵᠤ ᠦᠭᠬᠦᠭᠰᠡᠨ ᠢᠶᠠᠷ᠂ ᠡᠳᠤᠷ ᠤᠨ ᠤᠳᠠᠭᠠᠨ ᠳᠤ ᠪᠠᠨ ᠳᠡᠳᠡᠬᠡᠷ ᠰᠢᠪᠠᠭᠤᠳ ᠴᠦ ᠢᠵᠢᠯᠰᠢᠨ | ᠳᠠᠰᠤᠯᠴᠠᠵᠤ᠂ ᠬᠠᠶᠢᠷᠴᠠᠭ ᠲᠤ ᠨᠢ ᠤᠷᠤᠩᠨᠠᠨ ᠠᠮᠢᠳᠤᠷᠠᠵᠤ᠂ ᠦᠷ᠎ᠠ ᠵᠤᠯᠵᠠᠭ᠎ᠠ ᠢᠶᠠᠨ ᠦᠰᠬᠡᠨ ᠦᠷᠡᠵᠢᠭᠦᠯᠬᠦ | ᠪᠤᠯᠵᠡᠢ᠃ | ᠳᠤᠯᠤᠭ᠎ᠠ᠂ ᠵᠢᠷᠠᠨ ᠨᠠᠰᠤ ᠶᠢ ᠳᠠᠪᠠᠵᠤ ᠶᠠᠪᠤᠭ᠎ᠠ ᠲᠢᠩ · ᠪᠠᠭᠠᠳᠤᠷ᠂ ᠡᠷᠳᠡᠨᠢᠴᠢᠮᠡᠭ ᠬᠤᠶᠡᠷ ᠤᠨ ᠠᠵᠤ ᠠᠮᠢᠳᠤᠷᠠᠯ | ᠨᠢ ᠬᠡᠵᠢᠶᠠᠳᠠ ᠪᠠᠨ ᠪᠠᠶᠠᠷ ᠵᠢᠷᠭᠠᠯ ᠢᠶᠠᠷ ᠲᠦᠭᠦᠷᠡᠩ ᠪᠠᠶᠢᠵᠤ᠂ ᠰᠠᠶ᠋ᠢ ᠯᠠ ᠤᠢ ᠬᠦᠷᠴᠤ ᠪᠠᠶᠢᠭ᠎ᠠ ᠵᠢᠬᠡ ᠤᠮᠪᠤᠯᠤ | ᠳᠤᠨᠵᠢ ᠢᠶᠠᠨ ᠠᠮᠠᠷᠠᠯᠳᠠ ᠶᠢᠨ ᠡᠳᠤᠷ ᠤᠳ ᠢᠶᠠᠷ ᠬᠦᠳᠡᠭᠡ ᠭᠡᠷ ᠲᠡᠭᠡᠨ ᠢᠷᠡᠬᠦ ᠶᠢ ᠱᠠᠭᠠᠷᠳᠠᠨ᠂ ᠬᠠᠷᠠᠬᠠᠨ ᠪᠠᠭ᠎ᠠ | ᠠᠴᠠ ᠨᠢ ᠮᠠᠯᠵᠢᠬᠤ ᠠᠮᠢᠳᠤᠷᠠᠯ ᠳᠤ ᠳᠠᠰᠬᠠᠵᠤ᠂ ᠮᠠᠯ ᠤᠨᠤᠭ᠎ᠠ ᠲᠠᠢ ᠨᠢ ᠡᠬᠡᠨᠢᠭᠰᠢᠭᠦᠯᠦᠨ ᠵᠤᠬᠢᠴᠠᠭᠤᠯᠬᠤ ᠪᠠᠷ | ᠳᠠᠮᠵᠢᠨ᠂ ︽ᠭᠡᠷ ᠪᠦᠯᠢ ᠶᠢᠨ ᠬᠦᠮᠦᠵᠢᠯ︾ ᠢ ᠬᠦᠷᠳᠡᠬᠡᠳᠡᠭ ᠪᠢᠯᠠ᠃ |