ᠠᠪᠠᠭ᠎ᠠ ᠬᠤᠰᠢᠭᠤᠨ ᠤ ᠮᠣᠩᠭᠤᠯ ᠡᠮ ᠡᠮᠨᠡᠯᠭᠡ ᠶᠢᠨ  ᠣᠶᠢᠯᠡᠰ ᠰᠢᠨ᠎ᠡ ᠭᠦᠭᠵᠢᠯᠳᠡ ᠪᠠᠨ ᠣᠭᠳᠣᠯ᠎ᠠ
ᠨᠡᠶᠢᠲᠡᠯᠡᠭᠰᠡᠨ ᠴᠠᠭ᠄
2019/7/5
 ᠣᠶᠢᠷ᠎ᠠ ᠶᠢᠨ ᠵᠢᠯ ᠳᠤ᠂ ᠠᠪᠠᠭ᠎ᠠ ᠬᠤᠰᠢᠭᠤ ᠨᠢ ᠡᠮᠴᠢᠯᠡᠭᠡᠨ ᠤ ᠴᠢᠨᠠᠷ ᠴᠢᠨᠰᠠᠭ᠎ᠠ ᠪᠤᠯᠤᠨ ᠣᠶᠢᠯᠡᠴᠢᠯᠡᠭᠡ ᠶᠢ ᠰᠠᠶᠢᠵᠢᠷᠠᠭᠤᠯᠬᠤ ᠪᠠᠷ ᠳᠠᠮᠵᠢᠨ ᠠᠷᠠᠳ ᠤᠨ ᠠᠮᠢᠳᠣᠷᠠᠯ ᠢ ᠳᠡᠭᠡᠭᠰᠢᠯᠡᠬᠦᠯᠬᠦ ᠶᠢ ᠠᠬᠢᠭᠤᠯᠬᠤ  ᠎ ᠪᠠᠷ ᠭᠠᠷᠳᠠᠴᠠ ᠪᠤᠯᠭᠠᠨ᠂ ᠮᠣᠩᠭᠤᠯ ᠡᠮᠨᠡᠯᠭᠡ ᠶᠢᠨ ᠬᠤᠷᠢᠶᠠᠨ ᠤ ᠡᠮᠴᠢᠯᠡᠬᠡᠨ ᠤ ᠣᠷᠴᠢᠨ ᠳᠣᠭᠤᠷᠢᠨ ᠢ ᠰᠠᠶᠢᠵᠢᠷᠠᠭᠤᠯᠵᠣ᠂ ᠣᠶᠢᠯᠡᠴᠢᠯᠡᠭᠡᠨ ᠤ ᠬᠢᠷᠢ ᠲᠦᠪᠰᠢᠨ ᠢ ᠳᠡᠭᠡᠭᠰᠢᠯᠡᠬᠦᠯᠬᠦ ᠵᠡᠷᠭᠡ ᠳᠠᠯ᠎ᠠ ᠳᠤ ᠬᠦᠴᠦᠯᠨᠨ ᠴᠢᠷᠮᠠᠶᠢᠭᠰᠡᠨ ᠠᠴᠠ ᠠᠪᠠᠭ᠎ᠠ ᠬᠤᠰᠢᠭᠤᠨ ᠤ ᠮᠣᠩᠭᠤᠯ ᠡᠮ ᠡᠮᠨᠡᠯᠭᠡ ᠶᠢᠨ ᠣᠶᠢᠯᠡᠰ ᠰᠢᠨ᠎ᠡ ᠭᠦᠭᠵᠢᠯᠳᠡ ᠲᠠᠢ ᠪᠤᠯᠤᠭᠰᠠᠨ ᠪᠠᠶᠢᠨ᠎ᠠ᠃ᠣᠶᠢᠷ᠎ᠠ ᠶᠢᠨ ᠡᠳᠣᠷ᠂ ᠰᠣᠷᠪᠣᠯᠵᠢᠯᠠᠭᠴᠢ ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠳᠠᠪᠣᠨ ᠵᠠᠰᠠᠯ ᠤᠨ ᠰᠠᠯᠠᠭᠠᠨ ᠳᠤ ᠬᠦᠷᠬᠦ ᠳᠤ᠂ ᠣᠯᠠᠮᠵᠢᠯᠠᠯᠳᠣ ᠳᠠᠪᠣᠨ ᠵᠠᠰᠠᠯ ᠢᠶᠠᠷ ᠪᠡᠶ᠎ᠡ ᠪᠠᠨ ᠡᠮᠨᠡᠬᠦᠯᠵᠣ ᠪᠠᠶᠢᠭ᠎ᠠ ᠡᠪᠡᠳᠴᠢᠳᠡᠨ ᠮᠠᠰᠢ ᠤᠯᠡᠨ ᠪᠠᠶᠢᠭ᠎ᠠ ᠶᠢ ᠣᠯᠵᠣ ᠬᠠᠷᠠᠯ᠎ᠠ᠃ ᠡᠮᠨᠡᠬᠦᠯᠬᠦ ᠪᠠᠷ ᠢᠷᠡᠭᠰᠡᠨ 79 ᠨᠠᠰᠣᠲᠠᠢ ᠨᠠᠷᠠᠨᠪᠣᠯᠠᠭ ᠰᠣᠮᠣᠨ ᠤ ᠦᠷᠬᠡᠨᠳᠠᠯ᠎ᠠ ᠭᠠᠴᠠᠭᠠᠨ ᠤ ᠮᠠᠯᠴᠢᠨ ᠵᠢᠭᠵᠢᠳ ᠭᠤᠸᠠᠢ ᠰᠣᠷᠪᠣᠯᠵᠢᠯᠠᠭᠴᠢ ᠳᠤ ᠬᠡᠯᠡᠬᠦ ᠳᠡᠭᠡᠨ᠄      — ᠮᠣᠩᠭᠤᠯ ᠡᠮᠨᠡᠯᠭᠡ ᠶᠢᠨ ᠬᠤᠷᠢᠶ᠎ᠠ ᠨᠢ ᠦᠩᠭᠡᠷᠡᠭᠰᠡᠨ ᠢᠶᠠᠨ ᠪᠣᠳᠣᠪᠠᠯ ᠶᠡᠭᠡ ᠰᠠᠶᠢᠵᠢᠷᠠᠵᠣ ᠪᠠᠶᠢᠨ᠎ᠠ᠃ ᠡᠮᠴᠢ ᠰᠣᠪᠢᠯᠠᠭᠴᠢᠳ ᠤᠨ ᠤᠪᠤᠷ ᠰᠣᠷᠳᠠᠯ ᠶᠡᠭᠡ ᠰᠠᠶᠢᠨ᠂ ᠡᠮᠴᠢ ᠶᠢᠨ ᠮᠡᠷᠭᠡᠵᠢᠯ  ᠴᠦ ᠳᠡᠭᠡᠭᠰᠢᠯᠡᠭᠰᠡᠨ ᠪᠠᠶᠢᠨ᠎ᠠ᠃ ᠪᠢ ᠣᠯᠠᠨ ᠵᠢᠯ ᠮᠦᠩᠬᠦᠨ ᠵᠡᠬᠦᠣ ᠬᠠᠤᠬᠤᠭᠤᠯᠵᠤ ᠦᠩᠭᠡᠷᠡᠭᠰᠡᠨ᠂ ᠡᠨᠡ ᠣᠳᠠᠭ᠎ᠠ ᠮᠣᠩᠭᠤᠯ ᠡᠮᠨᠡᠯᠭᠡ ᠶᠢᠨ ᠬᠤᠷᠢᠶᠠᠨ ᠳᠤ ᠢᠷᠡᠵᠣ ᠬᠠᠤᠬᠤᠭᠤᠯᠤᠭᠰᠡᠨ ᠨᠢ ᠶᠡᠭᠡ ᠣᠶᠢᠯᠡᠳᠣᠯ ᠭᠠᠷᠴᠦ ᠪᠠᠶᠢᠨ᠎ᠠ᠃ ᠮᠢᠨᠣ ᠲᠦᠩᠬᠦ ᠨᠢᠷᠦᠭᠤᠨ ᠤ ᠬᠡᠰᠡᠭ ᠤᠨ ᠦᠶ᠎ᠡ ᠮᠦᠭᠡᠷᠰᠣᠯᠠᠵᠣ᠂ ᠳᠣᠣᠷᠠᠳᠣ ᠪᠡᠶ᠎ᠡ ᠮᠡᠳᠡᠷᠡᠯ ᠦᠭᠡᠢ᠂ ᠠᠯᠬᠤᠵᠣ ᠳᠠᠶᠢᠯᠬᠦ ᠦᠭᠡᠢ᠂ ᠵᠠᠰᠠᠯ ᠬᠢᠬᠦ ᠎ ᠠᠴᠠ ᠦᠬᠡᠷ᠎ᠡ ᠠᠷᠭ᠎ᠠ ᠦᠭᠡᠢ ᠭᠡᠵᠣ ᠶᠠᠷᠢᠵᠣ ᠪᠠᠶᠢᠭᠰᠡᠨ᠂ ᠬᠡᠳᠡᠯ᠎ᠡ ᠠᠳᠡ ᠢᠷᠡᠭᠡᠳ ᠮᠦᠩᠬᠦᠨ ᠵᠡᠬᠦᠣ ᠬᠠᠤᠬᠤᠭᠤᠯᠤᠭᠰᠡᠨ ᠤ ᠳᠠᠷᠠᠭ᠎ᠠ ᠶᠡᠭᠡ ᠳᠣᠰᠠ ᠪᠣᠯᠵᠣ ᠪᠠᠶᠢᠨ᠎ᠠ᠂ ᠣᠳᠣ ᠪᠠᠭ᠎ᠠ ᠰᠠᠭ᠎ᠠ ᠠᠯᠬᠤᠵᠣ ᠳᠠᠶᠢᠯᠳᠡᠭ ᠪᠣᠯᠣᠭᠰᠡᠨ᠃2016 ᠣᠨ ᠳᠤ᠂ ᠠᠪᠠᠭ᠎ᠠ ᠬᠤᠰᠢᠭᠤᠨ ᠤ ᠮᠣᠩᠭᠤᠯ ᠡᠮᠨᠡᠯᠬᠡ ᠶᠢᠨ ᠬᠤᠷᠢᠶ᠎ᠠ ᠨᠢ ᠪᠦᠬᠦ ᠳᠠᠯ᠎ᠠ ᠪᠠᠷ ᠦᠷᠬᠡᠳᠬᠡᠨ ᠪᠠᠶᠢᠭᠤᠯᠤᠭᠳᠠᠭᠰᠠᠨ ᠠᠴᠠ ᠨᠠᠰᠢ᠂ ᠡᠯ᠎ᠡ ᠲᠦᠷᠦᠯ ᠤᠨ ᠳᠣᠨᠤᠭ ᠳᠦᠬᠦᠭᠡᠷᠣᠮᠵᠢ᠂ ᠡᠮ ᠡᠮᠴᠢᠯᠡᠬᠡᠨ ᠤ ᠦᠢᠯᠡᠴᠢᠯᠡᠭᠡ ᠎ ᠨᠢ ᠶᠡᠬᠡᠬᠡᠨ ᠰᠠᠶᠢᠵᠢᠷᠠᠭᠰᠠᠨ ᠶᠤᠮ᠃ ᠢᠯᠠᠩᠭᠤᠶ᠎ᠠ ᠤᠷᠤᠨ ᠨᠤᠳᠤᠭ ᠤᠨ ᠴᠢᠨᠠᠷ ᠲᠠᠢ ᠳᠠᠭᠠᠷᠠᠵᠦ ᠬᠦᠷᠦᠭᠰᠡᠨ ᠠᠴᠠ ᠪᠤᠯᠤᠭᠰᠠᠨ ᠦᠶ᠎ᠡ ᠬᠡᠰᠢᠬᠦᠨ ᠤ ᠡᠪᠡᠳᠴᠢᠨ ᠤᠯᠠᠨ ᠭᠠᠷᠳᠠᠭ ᠪᠠᠶᠢᠳᠠᠯ ᠳᠤ ᠳᠤᠬᠢᠷᠠᠭᠤᠯᠵᠦ᠂ ᠣᠯᠠᠮᠵᠢᠯᠠᠯᠳᠣ ᠳᠠᠪᠣᠨ ᠵᠠᠰᠠᠯ ᠤᠨ ᠰᠠᠯᠠᠭ᠎ᠠ ᠶᠢ ᠣᠯᠠᠮ ᠴᠢᠩᠭᠠᠳᠬᠠᠨ ᠪᠠᠶᠢᠭᠤᠯᠵᠦ᠂ ᠬᠠᠨᠠᠬᠤ᠂ ᠬᠠᠳᠬᠤᠬᠤ᠂ ᠢᠯᠢᠬᠦ᠂ ᠵᠢᠩ ᠳᠠᠯᠪᠢᠬᠤ᠂ ᠵᠡᠰ ᠰᠣᠷᠣᠭᠤᠯ ᠵᠡᠷᠭᠡ ᠪᠠᠶᠢᠭᠠᠯᠢᠯᠢᠭ ᠵᠠᠰᠠᠯ ᠢᠶᠠᠷ ᠬᠦᠮᠦᠨ ᠤ ᠪᠡᠶ᠎ᠡ ᠶᠢᠨ ᠡᠯ᠎ᠡ ᠵᠣᠶᠢᠯ ᠤᠨ ᠬᠤᠶᠠᠩ᠂ ᠳᠣᠯᠠᠢ ᠡᠪᠡᠳᠴᠢᠨ᠂ ᠬᠡᠷᠦᠬᠦ ᠴᠢᠨᠠᠷ ᠲᠠᠢ ᠦᠶ᠎ᠡ ᠬᠡᠰᠢᠬᠦᠨ ᠤ ᠡᠪᠡᠳᠴᠢᠨ᠂ ᠬᠠᠪᠤᠳᠠᠷ᠂ ᠬᠤᠳᠣᠭᠤᠳᠣ ᠬᠡᠳᠡᠰᠣᠨ ᠤ ᠠᠷᠬᠠᠭ ᠵᠡᠷᠭᠡ ᠶᠢ ᠮᠤᠩᠭᠤᠯ ᠡᠮ ᠲᠠᠢ ᠤᠶᠠᠯᠳᠤᠭᠤᠯᠤᠨ ᠡᠮᠨᠡᠨ ᠵᠠᠰᠠᠭᠰᠡᠨ ᠢᠶᠠᠷ ᠢᠯᠡᠷᠬᠡᠢ ᠡᠮᠴᠢᠯᠡᠬᠡᠨ ᠤ ᠤᠶᠢᠯᠠᠳᠤᠯ ᠭᠠᠷᠴᠦ᠂ ᠣᠯᠠᠨ ᠲᠦᠮᠡᠨ ᠤ ᠬᠠᠯᠠᠭᠤᠨ ᠬᠦᠷᠢᠶᠡᠯᠡᠯ ᠢ ᠣᠯᠣᠭᠰᠡᠨ ᠶᠤᠮ᠃ ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠳᠠᠷᠤᠭ᠎ᠠ ᠪᠠᠳᠣᠪᠢᠯᠢᠭ᠌᠄— ᠮᠠᠨ ᠤ ᠡᠮᠨᠡᠯᠭᠡ ᠶᠢᠨ ᠬᠤᠷᠢᠶ᠎ᠠ ᠨᠢ 2016 ᠣᠨ ᠳᠤ ᠰᠢᠨ᠎ᠡ ᠪᠠᠷ ᠪᠠᠶᠢᠭᠤᠯᠵᠣ᠂ 2016 ᠣᠨ ᠠᠴᠠ ᠨᠠᠭᠠᠰᠢ ᠡᠯ᠎ᠡ ᠳᠠᠯ᠎ᠠ ᠶᠢᠨ ᠠᠵᠢᠯ  ᠶᠠᠪᠤᠬᠤ ᠳᠤᠳᠤᠮ ᠰᠢᠨ᠎ᠡ ᠬᠤᠪᠢᠷᠠᠯᠳᠠ ᠭᠠᠷᠴᠦ ᠪᠠᠶᠢᠨ᠎ᠠ᠃ ᠣᠨᠴᠠᠭᠠᠶᠢᠯᠠᠨ ᠡᠨᠡ ᠬᠤᠶᠠᠷ ᠵᠢᠯ ᠤᠨ ᠬᠠᠨᠳᠣᠰᠢ ᠪᠠᠷ ᠦᠵᠡᠪᠡᠯ᠂ ᠳᠠᠪᠣᠨ ᠵᠠᠰᠠᠯ ᠤᠨ ᠳᠠᠰᠤᠭ ᠨᠢ ᠶᠡᠬᠡᠪᠡᠷ ᠬᠦᠭᠵᠢᠵᠣ ᠪᠠᠶᠢᠨ᠎ᠠ᠂ ᠣᠣᠯ ᠎ ᠨᠢ ᠮᠠᠨ ᠤ ᠡᠮᠨᠡᠯᠭᠡ ᠶᠢᠨ ᠬᠤᠷᠢᠶᠠᠨ ᠳᠤ ᠡᠶᠢᠮᠦ ᠠᠷᠪᠢᠨ ᠡᠪᠡᠳᠴᠢᠳᠡᠨ ᠪᠠᠶᠢᠳᠠᠭ ᠦᠭᠡᠢ᠂ ᠠᠪᠠᠭ᠎ᠠ ᠶᠢᠨ ᠠᠷᠠᠳ ᠲᠦᠮᠡᠨ ᠣᠯᠠᠮᠵᠢᠯᠠᠯᠳᠣ ᠳᠠᠪᠣᠨ ᠵᠠᠰᠠᠯ ᠤᠨ ᠳᠠᠰᠤᠭ ᠢ ᠴᠣ᠋ ᠣᠶᠢᠯᠠᠭᠠᠳᠠᠭ ᠦᠭᠡᠢ ᠪᠠᠶᠢᠭᠰᠡᠨ᠂ ᠪᠢᠳᠡ ᠳᠣᠣᠷ ᠰᠦᠯᠵᠢᠶ᠎ᠡ᠂ ᠸᠢᠴᠠᠲ ᠳᠠᠪᠴᠠᠩ ᠵᠡᠷᠭᠡ ᠢ ᠠᠰᠢᠭᠯᠠᠵᠣ᠂ ᠪᠠᠶᠢᠩᠭᠤ ᠬᠦᠳᠡᠭᠡ ᠪᠠᠭᠤᠨ ᠡᠮᠴᠢᠯᠡᠭᠡ ᠬᠢᠬᠦ ᠪᠠᠷ ᠳᠠᠮᠵᠢᠨ ᠣᠬᠠᠭᠤᠯᠣᠭᠰᠡᠨ ᠠᠴᠠ ᠣᠳᠣ ᠡᠪᠡᠳᠴᠢᠳᠡᠨ ᠶᠡᠭᠡ ᠪᠠᠷ ᠣᠯᠠᠰᠢᠷᠠᠵᠡᠢ᠃ ᠡᠬᠦᠨ ᠠᠴᠠ ᠭᠠᠳᠠᠨ᠎ᠠ ᠪᠠᠰᠠ ᠠᠶᠢᠮᠠᠭ ᠎ ᠤᠨ ᠮᠣᠩᠭᠤᠯ ᠡᠮᠨᠡᠯᠭᠡ ᠶᠢᠨ ᠬᠤᠷᠢᠶᠠᠨ ᠠᠴᠠ ᠰᠠᠶᠢᠨᠴᠣᠭᠳᠣ ᠡᠮᠴᠢ ᠶᠢ ᠳᠣᠮᠢᠯᠡᠨ᠂ ᠮᠠᠨ ᠤ ᠬᠤᠷᠢᠶᠠᠨ ᠳᠤ ᠢᠷᠡᠵᠣ ᠠᠵᠢᠯᠯᠠᠭᠤᠯᠣᠭᠰᠡᠨ ᠠᠴᠠ ᠨᠠᠰᠢ᠂ ᠡᠮᠨᠡᠯᠭᠡ ᠳᠤ ᠰᠠᠭᠤᠬᠤ ᠬᠦᠮᠦᠨ ᠣᠯᠠᠮ ᠣᠯᠠᠰᠢᠷᠠᠵᠣ᠂ ᠡᠬᠦᠳᠡᠨ ᠡᠮᠨᠡᠯᠭᠡ ᠶᠢᠨ ᠡᠪᠡᠳᠴᠢᠳᠡᠨ ᠬᠡᠳᠣᠨ ᠳᠠᠬᠢᠨ ᠢᠶᠠᠷ ᠨᠡᠮᠡᠭᠳᠡᠭᠰᠡᠨ ᠪᠠᠶᠢᠨ᠎ᠠ᠃ᠰᠠᠶᠢᠨᠴᠣᠭᠳᠣ ᠪᠣᠯ ᠰᠢᠯᠢ ᠶᠢᠨ ᠭᠤᠣᠯ ᠠᠶᠢᠮᠠᠭ ᠤᠨ ᠮᠣᠩᠭᠤᠯ ᠡᠮᠨᠡᠯᠭᠡ ᠶᠢᠨ ᠬᠤᠷᠢᠶᠠᠨ ᠤ ᠡᠮᠴᠢ ᠪᠣᠯᠣᠨ᠎ᠠ᠃ 2018 ᠣᠨ ᠤ 9 ᠰᠠᠷ᠎ᠠ ᠳᠤ ᠳᠣᠰᠠᠯᠠᠬᠤ ᠡᠮᠴᠢ ᠪᠠᠷ ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠎ ᠳᠤ ᠢᠷᠡᠵᠣ᠂ ᠨᠢᠭᠡ ᠵᠢᠯ ᠤᠨ ᠬᠤᠭᠤᠴᠠᠭ᠎ᠠ ᠲᠠᠢ ᠬᠤᠷᠢᠶᠠᠨ ᠤ ᠳᠡᠳ᠋ ᠳᠠᠷᠤᠭ᠎ᠠ ᠶᠢᠨ ᠳᠣᠰᠢᠶᠠᠯ ᠢ ᠡᠬᠦᠷᠭᠡᠯᠡᠵᠣ᠂ ᠳᠠᠪᠣᠨ ᠵᠠᠰᠠᠯ ᠤᠨ ᠰᠠᠯᠠᠭᠠᠨ ᠤ ᠠᠵᠢᠯ ᠢ ᠭᠤᠣᠯ ᠬᠠᠷᠢᠭᠤᠴᠠᠵᠦ ᠪᠠᠶᠢᠭ᠎ᠠ ᠪᠦᠬᠡᠳ ᠡᠳᠣᠷ ᠪᠦᠷᠢ ᠶᠢᠨ ᠡᠬᠦᠳᠡᠨ ᠡᠮᠨᠡᠯᠭᠡ ᠶᠢᠨ ᠳᠤᠰᠴᠦ ᠡᠮᠴᠢᠯᠡᠵᠦ ᠪᠠᠶᠢᠭ᠎ᠠ ᠡᠪᠡᠳᠴᠢᠳᠠᠨ ᠤ ᠳᠤᠭ᠎ᠠ ᠵᠢᠷᠠᠭᠠᠳ ᠬᠦᠮᠦᠨ ᠤᠳᠠᠭ᠎ᠠ ᠳᠤ ᠬᠦᠷᠴᠦ ᠪᠠᠶᠢᠨ᠎ᠠ᠃     ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠳᠡᠳ᠋ ᠳᠠᠷᠤᠭ᠎ᠠ ᠰᠠᠶᠢᠨᠴᠣᠭᠳᠣ᠄     — ᠮᠠᠨ ᠤ ᠠᠪᠠᠭ᠎ᠠ ᠶᠢᠨ ᠮᠣᠩᠭᠤᠯ ᠡᠮᠨᠡᠯᠭᠡ ᠶᠢᠨ ᠬᠤᠷᠢᠶ᠎ᠠ ᠨᠢ ᠪᠦᠬᠦᠶᠢᠯᠡ ᠣᠯᠠᠮᠵᠢᠯᠠᠯᠳᠣ ᠵᠠᠰᠠᠯ ᠤᠨ ᠲᠦᠷᠦᠯ ᠢ ᠪᠦᠷ ᠬᠢᠵᠣ ᠪᠠᠶᠢᠨ᠎ᠠ᠃ ᠣᠯᠠᠮᠵᠢᠯᠠᠯᠳᠣ ᠵᠠᠰᠠᠯ ᠪᠣᠯ ᠮᠣᠩᠭᠤᠯ ᠠᠨᠠᠭᠠᠬᠤ ᠣᠬᠠᠭᠠᠨ ᠤ ᠣᠬᠢ ᠰᠣᠳᠣ᠂ ᠮᠦᠨᠴᠦ ᠪᠦᠬᠦᠶᠢᠯᠡ ᠠᠷᠠᠳ ᠲᠦᠮᠡᠨ ᠤ ᠡᠪᠡᠳᠴᠢᠨ ᠢ ᠡᠳᠡᠬᠡᠬᠡᠬᠦ ᠳᠤ ᠳᠣᠩ ᠳᠣᠰᠠᠯᠠᠮᠵᠢ ᠪᠣᠯᠳᠠᠭ ᠠᠨᠠᠭᠠᠬᠤ ᠣᠬᠠᠭᠠᠨ ᠪᠣᠯᠣᠨ᠎ᠠ᠂ ᠣᠳᠣ ᠶᠢᠨ ᠬᠦᠮᠦᠰ ᠡᠮ ᠵᠠᠯᠠᠵᠣ ᠰᠣᠳᠠᠯ ᠤᠨ ᠵᠡᠬᠦᠣ ᠬᠠᠤᠬᠤᠭᠤᠯᠬᠤ ᠳᠣᠷ᠎ᠠ ᠦᠭᠡᠢ ᠪᠣᠯᠣᠭᠰᠡᠨ᠂ ᠡᠶᠢᠮᠦ ᠪᠣᠯᠬᠤᠷ ᠬᠦᠮᠦᠨ ᠤ ᠪᠡᠶ᠎ᠡ ᠳᠤ ᠬᠤᠣᠷ ᠦᠭᠡᠢ᠂ ᠶᠠᠮᠠᠷᠪᠠ  ᠰᠦᠷᠭᠡᠤ  ᠣᠶᠢᠯᠡᠳᠣᠯ ᠦᠭᠡᠢ ᠪᠠᠶᠢᠭᠠᠯᠢᠯᠢᠭ ᠵᠠᠰᠠᠯ ᠪᠣᠯᠬᠤ ᠣᠯᠠᠮᠵᠢᠯᠠᠯᠳᠣ ᠵᠠᠰᠠᠯ ᠣᠷᠣᠭᠤ ᠬᠠᠨᠳᠣᠬᠤ ᠬᠦᠮᠦᠨ ᠣᠯᠠᠨ ᠪᠣᠯᠣᠭᠰᠡᠨ ᠪᠠᠶᠢᠨ᠎ᠠ᠃ ᠣᠯᠠᠮᠵᠢᠯᠠᠯᠳᠣ ᠵᠠᠰᠠᠯ ᠨᠢ ᠣᠳᠣ ᠶᠢᠨ ᠬᠦᠮᠦᠨ ᠤ ᠡᠮᠴᠢᠯᠡᠬᠡᠨ ᠤ ᠱᠠᠭᠠᠷᠳᠠᠯᠭ᠎ᠠ ᠳᠤ ᠨᠡᠶᠢᠴᠡᠵᠣ᠂ ᠮᠠᠨ ᠤ ᠮᠣᠩᠭᠤᠯ ᠡᠮᠨᠡᠯᠭᠡ ᠶᠢᠨ ᠬᠤᠷᠢᠶᠠᠨ ᠤ ᠣᠯᠠᠮᠵᠢᠯᠠᠯᠳᠣ ᠵᠠᠰᠠᠯ ᠢ ᠬᠦᠯᠢᠶᠡᠨ ᠠᠪᠴᠦ ᠪᠠᠶᠢᠭ᠎ᠠ ᠬᠦᠮᠦᠨ ᠣᠯᠠᠰᠢᠷᠠᠭᠰᠡᠨ ᠪᠠᠶᠢᠨ᠎ᠠ᠃ᠦᠨᠢᠷ ᠪᠠᠶᠠᠯᠢᠭ ᠰᠣᠶᠣᠯ ᠤᠨ ᠦᠪ ᠬᠦᠷᠦᠩᠭᠡ ᠲᠠᠢ᠂ ᠳᠠᠯ᠎ᠠ ᠨᠣᠳᠤᠭ ᠤᠨ ᠡᠮᠳᠣ ᠪᠣᠳᠠᠰ ᠨᠢ ᠮᠣᠩᠭᠤᠯ ᠠᠨᠠᠭᠠᠬᠤ ᠣᠬᠠᠭᠠᠨ ᠤ ᠴᠢᠬᠤᠯᠠ ᠨᠢᠭᠡᠨ ᠪᠦᠷᠢᠯᠳᠣᠬᠦᠨ ᠬᠡᠰᠡᠭ ᠪᠤᠯᠬᠤ ᠶᠤᠮ᠃ ᠮᠣᠩᠭᠤᠯ ᠡᠮ ᠡᠮᠨᠡᠯᠭᠡ ᠶᠢᠨ ᠣᠶᠢᠯᠡᠰ ᠤᠨ ᠭᠦᠭᠵᠢᠯᠳᠡ ᠶᠢ ᠣᠯᠠᠮ ᠨᠢᠭᠡ ᠠᠯᠬᠤᠮ ᠭᠦᠭᠵᠢᠬᠦᠯᠬᠦ ᠶᠢᠨ ᠳᠣᠰᠠᠳᠠ᠂ ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠎ ᠶᠢᠨ ᠬᠤᠷᠢᠶ᠎ᠠ ᠨᠢ ᠳᠠᠯ᠎ᠠ ᠨᠣᠳᠤᠭ ᠤᠨ ᠡᠮᠳᠣ ᠪᠣᠳᠠᠰ ᠤᠨ ᠨᠡᠶᠢᠳᠡᠮ ᠪᠠᠶᠢᠴᠠᠭᠠᠯᠳᠠ ᠶᠢ ᠢᠳᠡᠪᠬᠢᠲᠠᠢ ᠪᠠᠷ ᠦᠷᠨᠢᠬᠦᠯᠵᠣ᠂ ᠤᠳᠤᠬᠠᠨ ᠪᠣᠯᠳᠠᠯ᠎ᠠ ᠪᠦᠬᠦ ᠬᠤᠰᠢᠭᠤᠨ ᠤ ᠨᠣᠳᠤᠭ ᠪᠡᠯᠴᠢᠭᠡᠷ ᠠᠴᠠ ᠨᠡᠶᠢᠳᠡ ᠬᠤᠶᠠᠷ ᠵᠠᠭᠤᠭᠠᠳ ᠡᠮᠳᠣ ᠪᠣᠳᠠᠰ ᠤᠨ ᠵᠠᠭᠪᠣᠷ ᠢ ᠴᠣᠭᠯᠠᠭᠤᠯᠣᠭᠰᠡᠨ ᠪᠠᠶᠢᠨ᠎ᠠ᠃    ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠱᠦᠵᠢ ᠮᠦᠩᠭᠡᠪᠠᠶᠠᠷ᠄    — 2016 ᠣᠨ ᠠᠴᠠ ᠮᠠᠨ ᠤ ᠡᠮᠨᠡᠯᠭᠡ ᠶᠢᠨ ᠬᠤᠷᠢᠶ᠎ᠠ ᠨᠢ ᠣᠳᠣ ᠪᠣᠯᠳᠠᠯ᠎ᠠ ᠪᠠᠨ ᠨᠢᠭᠡᠨᠳᠡ 280 ᠭᠠᠷᠣᠢ ᠲᠦᠷᠦᠯ ᠤᠨ ᠡᠮᠳᠣ ᠪᠣᠳᠠᠰ ᠤᠨ ᠵᠠᠭᠪᠣᠷ ᠢ ᠴᠣᠭᠯᠠᠭᠤᠯᠣᠭᠠᠳ ᠪᠠᠶᠢᠨ᠎ᠠ᠃ ᠡᠨᠡ ᠠᠵᠢᠯ ᠢ ᠬᠢᠳᠡᠭ ᠤᠨ ᠭᠤᠣᠯ ᠰᠢᠯᠳᠠᠭᠠᠨ ᠨᠢ ᠨᠢᠭᠡ ᠳᠤ᠂ ᠰᠣᠷᠭᠠᠨ ᠬᠦᠮᠦᠵᠢᠯ ᠳᠤ ᠬᠡᠷᠡᠭᠯᠡᠨ᠎ᠡ᠃ ᠦᠪᠡᠷ ᠤᠨ ᠡᠮᠴᠢ ᠠᠵᠢᠯᠳᠡᠨ ᠪᠠ ᠰᠠᠶ᠋ᠢᠬᠠᠨ ᠰᠣᠷᠭᠠᠭᠤᠯᠢ ᠳᠡᠬᠦᠰᠦᠭᠰᠡᠨ ᠰᠣᠷᠣᠭᠴᠢᠳ ᠲᠤ ᠡᠮᠳᠣ ᠪᠣᠳᠠᠰ ᠢᠶᠠᠨ ᠳᠠᠨᠢᠭᠤᠯᠬᠤ ᠵᠤᠷᠢᠯᠭ᠎ᠠ ᠠᠴᠠ ᠶᠤᠮ᠃ ᠪᠠᠰᠠ ᠨᠢᠬᠡ ᠰᠢᠯᠳᠠᠭᠠᠨ ᠨᠢ᠂ ᠣᠳᠣᠬᠠᠨ ᠳᠤ ᠡᠪᠡᠰᠣ ᠪᠡᠯᠴᠢᠭᠡᠷ ᠳᠠᠴᠢᠷᠳᠠᠵᠣ᠂ ᠨᠢᠭᠡ ᠬᠡᠰᠡᠭ  ᠤᠤᠯ ᠤᠨ ᠪᠠᠶᠢᠭᠰᠡᠨ ᠣᠷᠭᠤᠮᠠᠯ ᠣᠳᠣ ᠪᠠᠶᠢᠬᠤ ᠦᠭᠡᠢ ᠪᠣᠯᠵᠣ ᠪᠠᠶᠢᠨ᠎ᠠ᠂ ᠡᠶᠢᠨᠬᠦ ᠪᠢᠳᠡ ᠳᠡᠬᠦᠨ ᠤ ᠦᠷ᠎ᠡ ᠵᠢᠮᠢᠰ ᠢ ᠨᠢ ᠬᠠᠳᠠᠭᠠᠯᠠᠵᠣ ᠪᠠᠶᠢᠪᠠᠯ ᠠᠯᠢ ᠨᠢᠭᠡᠨ ᠡᠳᠣᠷ ᠳᠠᠬᠢᠨ ᠳᠠᠷᠢᠬᠤ ᠪᠣᠯᠣᠯᠴᠠᠭ᠎ᠠ ᠲᠠᠢ᠂ ᠣᠳᠣ ᠮᠠᠨ ᠤ ᠡᠮᠨᠡᠯᠬᠡ ᠶᠢᠨ ᠬᠤᠷᠢᠶ᠎ᠠ ᠨᠢ ᠪᠠᠰᠠ ᠳᠠᠷᠢᠵᠣ ᠦᠷᠡᠵᠢᠬᠦᠯᠬᠦ ᠳᠠᠯ᠎ᠠ ᠶᠢᠨ ᠠᠵᠢᠯ ᠢ ᠬᠢᠬᠦ ᠪᠠᠷ ᠲᠦᠯᠦᠪᠯᠡᠵᠣ ᠪᠠᠶᠢᠨ᠎ᠠ᠃     ᠮᠣᠩᠭᠤᠯ ᠡᠮ ᠨᠢ ᠦᠪᠡᠷ ᠤᠨ ᠪᠦᠷᠢᠨ ᠳᠡᠬᠦᠯᠳᠡᠷ ᠣᠨᠣᠯ ᠤᠨ ᠤᠬᠠᠭᠳᠠᠬᠤᠨ ᠲᠠᠢ ᠪᠠᠶᠢᠵᠣ᠂ ᠣᠳᠠᠭᠠᠨ ᠴᠢᠨᠠᠷ ᠲᠠᠢ ᠡᠪᠡᠳᠴᠢᠨ᠂ ᠲᠦᠪᠡᠭ ᠲᠠᠢ ᠡᠪᠡᠳᠴᠢᠨ ᠵᠡᠷᠭᠡ ᠢ ᠵᠠᠰᠠᠨ ᠡᠮᠨᠡᠬᠦᠯᠬᠦ ᠳᠤ ᠠᠮᠣᠷ ᠲᠦᠪᠰᠢᠨ᠂ ᠡᠮᠴᠢᠯᠡᠭᠡᠨ ᠎ ᠤ ᠣᠶᠢᠯᠡᠳᠣᠯ ᠢᠶᠠᠷ ᠰᠠᠶᠢᠨ᠂ ᠦᠨ᠎ᠡ ᠪᠠᠷ ᠬᠢᠮᠳᠠᠬᠠᠨ᠂ ᠰᠦᠷᠬᠡᠤ ᠨᠦᠯᠦᠭᠡ ᠪᠠᠭ᠎ᠠ ᠵᠡᠷᠭᠡ ᠣᠨᠴᠠᠯᠢᠭ ᠲᠠᠢ ᠪᠠᠶᠢᠳᠠᠭ ᠃ ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠡᠮ ᠨᠠᠶᠢᠷᠠᠭᠤᠯᠭ᠎ᠠ ᠶᠢᠨ ᠳᠠᠰᠤᠭ ᠨᠢ ᠨᠢᠬᠡᠨᠳᠡ ᠠᠩᠬ᠎ᠠ ᠠᠯᠬᠤᠮ ᠤᠨ ᠪᠠᠶᠢᠭᠤᠯᠣᠯᠳᠠ ᠶᠢᠨ ᠱᠠᠳᠣᠨ ᠳᠠᠭᠠᠨ ᠪᠠᠶᠢᠵᠣ᠂ ᠣᠳᠠᠯ ᠦᠭᠡᠢ ᠠᠰᠢᠭᠯᠠᠯᠳᠠ ᠳᠤ ᠣᠷᠣᠨ᠂ ᠦᠪᠡᠷ ᠤᠨ ᠬᠡᠰᠡᠨ ᠮᠣᠩᠭᠤᠯ ᠡᠮ ᠢᠶᠠᠨ ᠨᠠᠶᠢᠷᠠᠭᠤᠯᠤᠨ ᠪᠤᠷᠤᠯᠠᠭᠤᠯᠬᠤ ᠪᠣᠯᠣᠨ᠎ᠠ ᠬᠡᠵᠣ ᠬᠤᠷᠢᠶᠠᠨ ᠳᠠᠷᠤᠭ᠎ᠠ ᠪᠠᠳᠣᠪᠢᠯᠢᠭ᠌ ᠪᠢᠳᠡᠨ ᠳᠤ ᠪᠠᠶᠠᠷᠳᠠᠶᠢᠬᠠᠨ ᠶᠠᠷᠢᠵᠣ ᠪᠠᠶᠢᠯ᠎ᠠ᠃ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶᠠᠨ ᠤ ᠳᠠᠷᠤᠭ᠎ᠠ ᠪᠠᠳᠣᠪᠢᠯᠢᠭ᠌᠄— ᠣᠣᠯ ᠨᠢ ᠮᠠᠨ ᠤ ᠬᠤᠰᠢᠭᠤ ᠨᠢ ᠮᠣᠩᠭᠤᠯ ᠡᠮ ᠤᠨ ᠨᠠᠶᠢᠷᠠᠭᠤᠯᠭ᠎ᠠ ᠶᠢᠨ ᠳᠠᠰᠤᠭ ᠬᠡᠵᠣ ᠪᠠᠶᠢᠳᠠᠭ ᠦᠭᠡᠢ᠂ ᠣᠳᠣ ᠪᠠᠷᠢᠮᠵᠢᠶ᠎ᠠ ᠶᠣᠰᠣᠭᠠᠷ ᠰᠢᠨ᠎ᠡ ᠪᠠᠷ ᠪᠠᠶᠢᠭᠤᠯᠣᠨ᠂ ᠬᠤᠣᠷᠳᠣ ᠡᠮ ᠤᠨ ᠰᠢᠯᠭᠠᠨ ᠪᠠᠶᠢᠴᠠᠭᠠᠯᠳᠠ ᠶᠢᠨ ᠱᠠᠳᠣᠨ ᠎ ᠳᠤ ᠬᠦᠷᠦᠭᠡᠳ ᠪᠠᠶᠢᠨ᠎ᠠ᠂ ᠡᠭᠦᠨ ᠢ ᠬᠢᠵᠣ ᠳᠠᠭᠤᠰᠪᠠᠯ ᠪᠢᠳᠡ ᠳᠡᠭᠡᠭᠰᠢ ᠮᠡᠳᠡᠬᠦᠯᠦᠨ ᠬᠢᠷᠢ ᠳᠡᠩᠴᠡᠪᠡᠯ᠂ ᠪᠦᠬᠦ ᠬᠤᠰᠢᠭᠤᠨ ᠤ ᠮᠣᠩᠭᠤᠯ ᠡᠮ ᠨᠠᠶᠢᠷᠠᠭᠤᠯᠬᠤ ᠠᠵᠢᠯ ᠢ ᠡᠬᠢᠯᠡᠨ ᠬᠠᠷᠢᠭᠤᠴᠠᠬᠤ ᠪᠣᠯᠣᠨ᠎ᠠ᠃ ᠡᠨᠡ ᠵᠢᠯ ᠠᠴᠠ ᠮᠠᠨ ᠤ ᠬᠤᠷᠢᠶ᠎ᠠ ᠨᠢ ᠪᠠᠰᠠ ᠡᠷᠡᠬᠦᠯ ᠮᠡᠨᠳᠣ ᠶᠢᠨ ᠰᠣᠪᠢᠯᠠᠯᠳᠠ ᠶᠢᠨ ᠬᠠᠮᠢᠶ᠎ᠠ ᠲᠠᠢ ᠠᠵᠢᠯ ᠢ ᠬᠢᠵᠣ᠂ ᠬᠠᠯᠠᠮᠵᠢ ᠨᠠᠰᠣᠲᠠᠶᠢᠴᠣᠳ ᠤᠨ ᠬᠦᠷᠢᠶᠡᠯᠡᠩ ᠳᠤ ᠳᠣᠰᠬᠠᠢ ᠡᠮᠨᠡᠯᠭᠡ ᠶᠢᠨ ᠳᠠᠰᠤᠭ ᠭᠠᠷᠭᠠᠨ᠂ ᠭᠠᠳᠠᠨ᠎ᠠ ᠠᠴᠠ ᠵᠣᠭᠠᠴᠠᠬᠤ ᠎ ᠪᠠᠷ ᠢᠷᠡᠭᠰᠡᠨ ᠬᠦᠮᠦᠨ ᠳᠤ ᠡᠷᠡᠬᠦᠯ ᠮᠡᠨᠳᠣ ᠶᠢᠨ ᠰᠣᠪᠢᠯᠠᠯᠳᠠ ᠵᠡᠷᠭᠡ ᠣᠶᠢᠯᠡᠴᠢᠯᠡᠭᠡ ᠬᠠᠩᠭᠠᠬᠤ ᠠᠵᠢᠯ ᠢ ᠬᠢᠬᠦ ᠪᠣᠯᠣᠨ᠎ᠠ᠃ᠠᠪᠠᠭ᠎ᠠ ᠬᠤᠰᠢᠭᠤᠨ ᠤ ᠮᠣᠩᠭᠤᠯ ᠡᠮᠨᠡᠯᠭᠡ ᠶᠢᠨ ᠬᠤᠷᠢᠶ᠎ᠠ ᠨᠢ ᠳᠣᠳᠣᠭᠠᠳᠣ ᠴᠢᠳᠠᠪᠬᠢ ᠪᠠᠨ ᠳᠡᠭᠡᠭᠰᠢᠯᠡᠬᠦᠯᠵᠣ᠂ ᠣᠳᠣᠬᠢᠴᠢᠯᠠᠭᠰᠡᠨ ᠡᠮᠨᠡᠯᠭᠡ ᠶᠢᠨ ᠬᠤᠷᠢᠶ᠎ᠠ ᠶᠢ ᠪᠠᠶᠢᠭᠤᠯᠬᠤ ᠬᠠᠷᠠᠯᠳᠠ ᠪᠠᠷ᠂ ᠰᠢᠨ᠎ᠡ ᠰᠡᠳᠬᠢᠬᠦᠢ ᠰᠢᠨ᠎ᠡ ᠡᠬᠦᠳᠣᠯᠳᠡ ᠪᠠᠷ ᠴᠢᠷᠮᠠᠶᠢᠨ ᠣᠷᠣᠭᠰᠢᠯᠠᠵᠣ᠂ ᠡᠮᠴᠢᠯᠡᠭᠡᠨ ᠤ ᠰᠠᠭᠤᠷᠢ ᠲᠦᠬᠦᠬᠡᠷᠦᠮᠵᠢ᠂ ᠡᠮᠴᠢᠯᠡᠬᠦ ᠣᠶᠢᠯᠡᠴᠢᠯᠡᠭᠡ᠂ ᠮᠠᠯᠵᠢᠬᠤ ᠣᠷᠣᠨ ᠲᠠᠢ ᠣᠶᠠᠯᠳᠣᠭᠰᠡᠨ ᠣᠶᠢᠯᠡᠴᠢᠯᠡᠭᠡᠨ ᠤ ᠬᠡᠯᠪᠡᠷᠢ᠂ ᠡᠮᠴᠢ ᠶᠢᠨ ᠡᠩᠨᠡᠭᠡ ᠵᠡᠷᠭᠡ ᠳᠠᠯ᠎ᠠ ᠪᠠᠷ ᠢᠯᠡᠳᠳᠡ ᠰᠠᠶᠢᠵᠢᠷᠠᠵᠣ᠂ ᠠᠪᠠᠭ᠎ᠠ ᠬᠤᠰᠢᠭᠤᠨ ᠤ ᠮᠣᠩᠭᠤᠯ ᠡᠮ ᠡᠮᠨᠡᠯᠭᠡ ᠶᠢᠨ ᠣᠶᠢᠯᠡᠰ ᠨᠢ ᠨᠢᠭᠡᠨ ᠰᠢᠨ᠎ᠡ ᠲᠦᠷᠢ ᠲᠦᠷᠬᠦ ᠪᠠᠷ ᠰᠠᠶᠢᠨ ᠰᠠᠶᠢᠬᠠᠨ ᠢᠷᠡᠬᠡᠲᠣᠢ ᠪᠠᠨ ᠣᠭᠳᠣᠵᠣ ᠪᠠᠶᠢᠭ᠎ᠠ ᠶᠣᠮ᠃
 
ᠢᠷᠡᠯᠲᠡ᠄ ᠠᠪᠠᠭ᠎ᠠ ᠬᠤᠰᠢᠭᠤᠨ ᠤ ᠲᠧᠯᠸᠢᠰ ᠬᠤᠷᠢᠶ᠎ᠠ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号