ᠴᠠᠰᠤ ᠰᠢᠭᠤᠷᠭᠠᠨ ᠢ ᠰᠦᠷᠴᠤ ᠵᠠᠮ ᠬᠠᠷᠢᠯᠴᠠᠭᠠᠨ ᠤ ᠠᠮᠤᠷ ᠲᠦᠪᠰᠢᠨ ᠢ ᠪᠦᠬᠦ ᠬᠦᠴᠤᠨ ᠢᠶᠠᠷ ᠢᠶᠠᠨ ᠪᠠᠳᠤᠯᠠᠪᠠ
ᠨᠡᠶᠢᠲᠡᠯᠡᠭᠰᠡᠨ ᠴᠠᠭ᠄
2023/11/29
        11 ᠰᠠᠷ᠎ᠠ ᠶᠢᠨ 26᠎ ᠤ ᠦᠳᠠ ᠶᠢᠨ ᠬᠤᠶᠢᠨ᠎ᠠ᠂ ᠠᠪᠠᠭ᠎ᠠ ᠬᠤᠰᠢᠭᠤᠨ ᠳᠤ ᠴᠠᠰᠤ ᠤᠷᠤᠵᠤ ᠵᠠᠮ ᠨᠠᠪᠳᠠᠷᠠᠯᠬᠡ ᠶᠠᠪᠤᠵᠤ ᠰᠠᠭᠤᠬᠤ ᠳᠤ ᠲᠦᠬᠦᠮ ᠦᠬᠡᠢ ᠪᠤᠯᠤᠯ᠎ᠠ᠃ ᠵᠠᠰᠠᠮᠠᠯ ᠵᠠᠮ ᠤᠨ ᠰᠠᠭᠠᠳ ᠦᠬᠡᠢ ᠨᠠᠪᠳᠠᠷᠠᠬᠦ ᠶᠢ ᠦᠨᠡᠨ ᠬᠦ ᠪᠠᠳᠤᠯᠠᠵᠤ᠂ ᠦᠷᠬᠡᠨ ᠤᠯᠠᠨ ᠠᠷᠡᠳ ᠲᠦᠮᠡᠨ ᠤ ᠠᠮᠤᠷ ᠲᠦᠪᠰᠢᠨ ᠢᠶᠠᠷ ᠠᠶᠠᠯᠠᠬᠤ ᠳᠤ ᠰᠠᠶᠢᠳᠤᠷ ᠦᠢᠯᠡᠴᠢᠯᠡᠬᠦ ᠶᠢᠨ ᠲᠦᠯᠤᠬᠡ᠂ ᠠᠪᠠᠭ᠎ᠠ ᠬᠤᠰᠢᠭᠤᠨ ᠤ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠲᠦᠪ ᠤᠨ ᠬᠢᠨ ᠲᠠᠷᠤᠢ ᠲᠦᠷᠬᠡᠨ ᠬᠦᠳᠡᠯᠤᠯᠴᠠᠵᠤ᠂ ᠴᠠᠰᠤ ᠴᠠᠪᠠᠷᠯᠡᠬᠦ ᠲᠤᠰᠬᠠᠢ ᠮᠠᠰᠢᠨ ᠬᠦᠳᠡᠯᠬᠡᠨ᠂ ᠮᠠᠰᠢᠨ ᠮᠧᠬᠠᠨᠢᠭ ᠢᠶᠠᠷ ᠭᠤᠤᠯ ᠪᠤᠯᠭᠠᠵᠤ᠂ ᠬᠦᠮᠤᠨ ᠤ ᠬᠦᠴᠤ ᠪᠠᠷ ᠬᠠᠪᠰᠤᠷᠤᠮᠵᠢ ᠪᠤᠯᠭᠠᠨ᠂ ᠴᠠᠰᠤ ᠬᠠᠶᠢᠯᠤᠭᠤᠯᠤᠭᠴᠢ ᠡᠳ᠋ ᠢ ᠲᠤᠬᠢᠷᠠᠮᠵᠢᠳᠡᠢ ᠦᠶ᠎ᠠ ᠳᠤ ᠵᠤᠬᠢᠬᠤ ᠬᠡᠮᠵᠢᠶ᠎ᠠ ᠪᠠᠷ ᠰᠠᠴᠤᠵᠤ᠂ ᠴᠠᠰᠤ ᠴᠠᠪᠠᠷᠯᠡᠬᠦ ᠠᠵᠢᠯ ᠢ ᠡᠮᠬᠢ ᠵᠢᠷᠤᠮ ᠲᠠᠢ ᠦᠷᠨᠢᠬᠦᠯᠪᠡ᠃        26᠎ ᠤ ᠡᠳᠤᠷ ᠤᠨ ᠦᠳᠠ ᠶᠢᠨ ᠬᠤᠶᠢᠨ᠎ᠠ ᠠᠴᠠ 27᠎ ᠤ ᠡᠳᠤᠷ ᠪᠤᠯᠳᠠᠯ᠎ᠠ᠂ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠲᠦᠪ ᠤᠨ ᠠᠵᠢᠯᠳᠠᠳ ᠦᠷᠬᠦᠯᠵᠢᠯᠡᠨ ᠴᠠᠰᠤ ᠴᠠᠪᠠᠷᠯᠠᠵᠤ ᠵᠠᠮ ᠨᠠᠪᠳᠠᠡᠯᠬᠡ ᠶᠢᠨ ᠰᠠᠭᠠᠳ ᠦᠬᠡᠢ ᠨᠠᠪᠳᠠᠷᠠᠬᠦ ᠶᠢ ᠪᠠᠳᠤᠯᠠᠵᠤ᠂ ︽ ᠠᠮᠤᠷ ᠲᠦᠪᠰᠢᠨ ᠢ ᠲᠠᠷᠢᠬᠦᠨ ᠳᠤ ᠲᠠᠯᠪᠢᠬᠤ᠂ ᠤᠷᠢᠳᠴᠢᠯᠡᠨ ᠰᠡᠷᠬᠡᠶᠢᠯᠡᠬᠦ ᠎ ᠪᠠᠷ ᠭᠤᠤᠯ ᠪᠤᠯᠭᠠᠬᠤ᠂ ᠶᠠᠷᠤᠩᠬᠡᠶᠢᠯᠡᠨ ᠵᠠᠰᠠᠬᠤ︾ ᠴᠢᠭᠯᠡᠯᠳᠡ ᠶᠢ ᠪᠠᠷᠢᠮᠳᠠᠯᠠᠨ᠂ ᠴᠠᠰᠤ ᠬᠤᠷᠠᠭᠰᠡᠨ ᠵᠠᠮ ᠤᠨ ᠬᠡᠰᠡᠭ ᠲᠤ ᠰᠠᠷᠠᠮᠵᠢ ᠶᠢᠨ ᠲᠡᠮᠳᠡᠭ ᠫᠠᠶᠢᠰᠠ ᠢᠯᠡᠷᠬᠡᠶᠢᠯᠡᠯ ᠪᠤᠰᠬᠠᠨ᠂ ᠵᠠᠮ ᠤᠨ ᠪᠠᠶᠢᠳᠠᠯ ᠤᠨ ᠮᠡᠳᠡᠭᠡ ᠵᠠᠩᠬᠢ ᠶᠢ ᠴᠠᠭ ᠲᠤᠬᠠᠢ ᠳᠤᠨᠢ ᠨᠠᠶᠢᠳᠠᠯᠠᠵᠤ᠂ ᠨᠠᠭᠠᠰᠢ ᠴᠠᠭᠠᠰᠢ ᠦᠩᠬᠡᠷᠡᠬᠦ ᠤᠯᠠᠨ ᠲᠦᠮᠡᠨ ᠪᠤᠯᠤᠨ ᠵᠢᠯᠤᠭᠤᠴᠢ ᠨᠠᠷ ᠤᠨ ᠠᠮᠤᠷ ᠲᠦᠪᠰᠢᠨ ᠢᠶᠠᠷ ᠠᠶᠠᠯᠠᠬᠤ ᠳᠤ ᠲᠤᠰᠠᠯᠠᠮᠵᠢ ᠦᠵᠡᠬᠦᠯᠦᠭᠰᠡᠨ ᠪᠠᠶᠢᠨ᠎ᠠ᠃ ᠲᠤᠰ ᠤᠳᠠᠭᠠᠨ ᠤ ᠴᠠᠰᠤ ᠴᠡᠪᠡᠷᠯᠡᠬᠦ ᠠᠵᠢᠯ ᠳᠤ 8 ᠮᠠᠰᠢᠨ ᠲᠡᠷᠬᠡ᠂ 10 ᠬᠦᠮᠤᠨ ᠣᠳᠠᠭ᠎ᠠ ᠬᠦᠳᠡᠯᠬᠡᠨ᠂ 1 ᠲᠦᠮᠡ 3000 ᠺᠦᠪ ᠮᠧᠲᠷ ᠴᠠᠰᠤ ᠴᠠᠪᠠᠷᠯᠡᠵᠤ᠂ 2 ᠲᠤᠨ ᠴᠠᠰᠤ ᠬᠠᠶᠢᠯᠤᠭᠤᠯᠬᠤ ᠡᠳ᠋ ᠰᠠᠴᠤᠵᠤ᠂ ᠬᠠᠰᠢᠭᠳᠠᠭᠰᠡᠨ 1 ᠲᠤᠮᠤ ᠪᠠᠷᠠᠭᠠᠨ ᠤ ᠲᠡᠷᠬᠡ ᠵᠢᠴᠢ 2 ᠵᠢᠯᠤᠭᠤᠴᠢ ᠶᠢ ᠠᠪᠤᠷᠠᠨ ᠲᠤᠰᠠᠯᠠᠵᠤ᠂ ᠨᠠᠭᠠᠰᠢ ᠴᠠᠭᠠᠰᠢ ᠦᠩᠬᠡᠷᠡᠬᠦ ᠲᠡᠷᠬᠡ ᠤᠨᠤᠭ᠎ᠠ ᠵᠢᠴᠢ ᠵᠢᠯᠤᠭᠤᠴᠢ ᠶᠢᠨ ᠠᠮᠤᠷ ᠲᠦᠪᠰᠢᠨ ᠢᠶᠠᠷ ᠠᠶᠠᠯᠠᠬᠤ ᠶᠢ ᠦᠨᠡᠡᠬᠦ ᠪᠠᠳᠤᠯᠠᠪᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号