ᠠᠪᠠᠭ᠎ᠠ ᠬᠤᠰᠢᠭᠤ ᠨᠢ ᠬᠤᠸᠠᠷ ᠫᠤᠤᠵᠢᠩ ᠤᠨ ᠦᠵᠡᠬᠦᠯᠦᠯᠭᠡ ᠬᠢᠵᠦ ᠴᠠᠭᠠᠨ‌‍ᠰᠠᠷ᠎ᠠ ᠶᠢᠨ ᠠᠷᠪᠠᠨ ᠲᠠᠪᠤᠨ ᠤ ᠦᠯᠵᠡᠶᠢᠳᠦ ᠪᠠᠶᠠᠷ ᠢ ᠳᠡᠮᠳᠡᠭ᠊
ᠨᠡᠶᠢᠲᠡᠯᠡᠭᠰᠡᠨ ᠴᠠᠭ᠄
2019/2/21
  ᠴᠠᠭᠠᠨ ᠰᠠᠷ᠎ᠠ ᠶᠢᠨ ᠠᠷᠪᠠᠨ ᠲᠠᠪᠤᠨ ᠤ ᠦᠯᠵᠡᠶᠢᠳᠦ ᠪᠠᠶᠠᠷ ᠬᠦᠷᠴᠦ ᠢᠷᠡᠬᠦ ᠳᠠᠰᠢᠷᠠᠮ᠂ 2 ᠰᠠᠷ᠎ᠠ ᠶᠢᠨ 19 ᠤ ᠤᠷᠤᠢ ᠶᠢᠨ 7 ᠴᠠᠭ 30 ᠮᠢᠨᠦ᠋ᠲ ᠲᠤ ᠠᠪᠠᠭ᠎ᠠ ᠬᠤᠰᠢᠭᠤᠨ ᠤ ᠪᠡᠯᠬᠦᠳᠡᠢ ᠪᠠᠯᠭᠠᠰᠤᠨ ᠳᠤ ᠬᠤᠸᠠᠷ ᠫᠤᠤᠵᠢᠩ ᠤᠨ ᠦᠵᠡᠬᠦᠯᠦᠯᠭᠡ ᠶᠠᠪᠤᠭᠳᠠᠵᠦ᠂ ᠦᠷᠭᠡᠨ ᠤᠯᠠᠨ ᠳᠤ ᠪᠠᠶᠠᠷ ᠬᠦᠷ ᠲᠠᠢ ᠡᠶ᠎ᠡ ᠨᠠᠶᠢᠷᠠᠮᠳᠠᠭᠤ ᠪᠠᠶᠠᠷ ᠤᠨ ᠡᠳᠦᠷ ᠤᠨ ᠠᠭᠤᠷ ᠠᠮᠢᠰᠬᠤᠯ ᠢ ᠪᠦᠷᠢᠯᠳᠦᠬᠦᠯᠦᠭᠰᠡᠨ ᠪᠠᠶᠢᠨ᠎ᠠ᠃ᠪᠡᠯᠬᠦᠳᠡᠢ ᠪᠠᠯᠭᠠᠰᠤᠨ ᠤ ᠠᠪᠠᠭ᠎ᠠ ᠠᠭᠤᠳᠠᠮ ᠲᠠᠯᠠᠪᠠᠢ ᠶᠢᠨ ᠬᠤᠶᠢᠳᠤ ᠵᠠᠬ᠎ᠠ ᠳᠤ ᠬᠤᠸᠠᠷ ᠫᠤᠤᠵᠢᠩ ᠤᠨ ᠦᠵᠡᠬᠦᠯᠦᠯᠭᠡ ᠡᠬᠢᠯᠡᠬᠦ ᠳᠤ᠂ ᠦᠷᠭᠡᠨ ᠤᠯᠠᠨ ᠰᠠᠭᠤᠭᠠᠯᠢ ᠠᠷᠠᠳ ᠭᠡᠷ ᠤᠨ ᠬᠦᠮᠦᠰ᠂ ᠨᠠᠶᠢᠵᠠ ᠨᠦᠬᠦᠳ ᠲᠠᠢ  ᠪᠠᠨ ᠬᠠᠮᠳᠤᠪᠡᠷ ᠦᠵᠡᠬᠦᠯᠦᠯᠭᠡ ᠶᠢ ᠰᠤᠨᠢᠷᠬᠠᠬᠤ ᠪᠠᠷ ᠴᠤᠭᠯᠠᠷᠠᠯ᠎ᠠ᠃ ︿ᠡᠶ᠎ᠡ ᠨᠠᠶᠢᠷᠳᠠᠢ᠂ ᠠᠮᠤᠷ ᠲᠦᠪᠰᠢᠨ᠂ ᠠᠭᠠᠷ ᠲᠠᠬᠢ ᠬᠦᠷᠬᠢᠷ᠎ᠠ﹀ ᠬᠡᠬᠦ ᠵᠡᠷᠭᠡ ᠁ ᠤᠯᠠᠨ ᠶᠠᠩᠵᠦ ᠶᠢᠨ ᠬᠤᠸᠠᠷ ᠫᠤᠤᠵᠢᠩ ᠰᠦᠨᠢ ᠶᠢᠨ ᠬᠠᠷᠠᠩᠭᠤᠢ ᠶᠢ ᠵᠦᠰᠦᠨ ᠬᠡᠷᠡᠯᠳᠦᠬᠦᠯᠵᠦ᠂ ᠬᠤᠸᠠᠷ ᠴᠡᠴᠡᠭ ᠤᠨ ᠳᠡᠯᠪᠡᠭᠡ ᠮᠡᠳᠦ ᠦᠩᠭᠡ ᠢᠯᠭᠠᠷᠠᠨ ᠰᠠᠴᠤᠷᠠᠬᠤ ᠳᠤ᠂ ᠵᠢᠵᠢᠭᠭᠡᠨ ᠪᠠᠯᠭᠠᠰᠤᠨ ᠤ ᠠᠭᠠᠷ ᠳᠡᠭᠡᠷ᠎ᠡ ᠭᠤᠶᠢᠳᠠ ᠰᠠᠶᠢᠬᠠᠨ ᠦᠵᠡᠮᠵᠢ ᠵᠢᠷᠤᠭ ᠢ ᠵᠢᠷᠤᠵᠦ ᠪᠠᠶᠢᠯ᠎ᠠ᠃ᠶᠠᠩᠵᠦ ᠶᠠᠩᠵᠦ ᠶᠢᠨ ᠬᠡᠯᠪᠡᠷᠢ ᠲᠦᠷᠬᠦ ᠲᠠᠢ ᠬᠤᠸᠠᠷ ᠫᠤᠤᠵᠢᠩ ᠤᠨ ᠦᠵᠡᠬᠦᠯᠦᠯᠭᠡ ᠪᠠᠷᠤᠭ 30 ᠮᠢᠨᠦ᠋ᠲ ᠦᠷᠬᠦᠯᠵᠢᠯᠡᠵᠦ᠂ ᠰᠦᠨᠢ ᠶᠢᠨ ᠳᠡᠭᠷᠢ ᠳᠤ ᠦᠩᠭᠡ ᠶᠢᠨ ᠰᠤᠯᠤᠩᠭ᠎ᠠ ᠳᠠᠳᠠᠭᠤᠯᠤᠨ᠂ ᠠᠬᠤᠢ ᠲᠠᠯᠠᠪᠠᠢ ᠳᠠᠬᠢ ᠦᠵᠡᠭᠴᠢᠳ ᠤᠨ ᠬᠠᠷᠠᠭ᠎ᠠ ᠰᠡᠳᠬᠢᠯ ᠢ ᠪᠤᠯᠢᠶᠠᠵᠦ᠂ ᠪᠠᠶᠠᠷ ᠬᠦᠷ ᠪᠢᠯᠬᠠᠭᠰᠠᠨ ᠦᠯᠵᠡᠶᠢᠳᠦ ᠪᠠᠶᠠᠷ ᠤᠨ ᠠᠭᠤᠷ ᠠᠮᠢᠰᠬᠤᠯ ᠢ ᠮᠡᠳᠡᠷᠡᠬᠦᠯᠦᠭᠰᠡᠨ ᠤ ᠬᠠᠮᠳᠤ᠂ ᠡᠬᠦᠪᠡᠷ ᠳᠠᠮᠵᠢᠭᠤᠯᠤᠨ ᠪᠦᠬᠦ ᠬᠤᠰᠢᠭᠤᠨ ᠤ ᠠᠷᠠᠳ ᠲᠦᠮᠡᠨ ᠳᠤ ᠰᠢᠨ᠎ᠠ ᠵᠢᠯ ᠴᠠᠭᠠᠨ ᠰᠠᠷ᠎ᠠ ᠶᠢᠨ ᠦᠯᠵᠡᠶᠢᠳᠦ ᠪᠠᠶᠠᠷ ᠤᠨ ᠢᠷᠦᠭᠡᠯ ᠵᠦᠩᠨᠡᠯ ᠢ ᠳᠡᠪᠰᠢᠬᠦᠯᠵᠦ᠂ ᠰᠢᠨ᠎ᠠ ᠨᠢᠭᠡ ᠵᠢᠯ  ᠤᠨ ᠰᠠᠶᠢᠨ ᠰᠠᠶᠢᠬᠠᠨ ᠢ ᠪᠡᠯᠭᠡᠳᠡᠭᠰᠡᠨ ᠪᠠᠶᠢᠨ᠎ᠠ᠃                                                       (ᠰᠠᠷᠠᠨ᠎ᠠ  ᠪᠤᠯᠤᠷ )
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号