11 ᠰᠠᠷ᠎ᠠ ᠶᠢᠨ 26 ᠤ ᠦᠳᠠ ᠶᠢᠨ ᠬᠤᠶᠢᠨ᠎ᠠ᠂ ᠠᠪᠠᠭ᠎ᠠ ᠬᠤᠰᠢᠭᠤᠨ ᠳᠤ ᠴᠠᠰᠤ ᠤᠷᠤᠵᠤ ᠵᠠᠮ | ᠨᠠᠪᠳᠠᠷᠠᠯᠬᠡ ᠶᠠᠪᠤᠵᠤ ᠰᠠᠭᠤᠬᠤ ᠳᠤ ᠲᠦᠬᠦᠮ ᠦᠬᠡᠢ ᠪᠤᠯᠤᠯ᠎ᠠ᠃ ᠵᠠᠰᠠᠮᠠᠯ ᠵᠠᠮ ᠤᠨ ᠰᠠᠭᠠᠳ ᠦᠬᠡᠢ ᠨᠠᠪᠳᠠᠷᠠᠬᠦ ᠶᠢ | ᠦᠨᠡᠨ ᠬᠦ ᠪᠠᠳᠤᠯᠠᠵᠤ᠂ ᠦᠷᠬᠡᠨ ᠤᠯᠠᠨ ᠠᠷᠡᠳ ᠲᠦᠮᠡᠨ ᠤ ᠠᠮᠤᠷ ᠲᠦᠪᠰᠢᠨ ᠢᠶᠠᠷ ᠠᠶᠠᠯᠠᠬᠤ ᠳᠤ ᠰᠠᠶᠢᠳᠤᠷ | ᠦᠢᠯᠡᠴᠢᠯᠡᠬᠦ ᠶᠢᠨ ᠲᠦᠯᠤᠬᠡ᠂ ᠠᠪᠠᠭ᠎ᠠ ᠬᠤᠰᠢᠭᠤᠨ ᠤ ᠵᠠᠰᠠᠮᠠᠯ ᠵᠠᠮ ᠤᠨ ᠠᠷᠠᠴᠢᠯᠠᠨ ᠬᠠᠮᠠᠭᠠᠯᠠᠬᠤ ᠲᠦᠪ ᠤᠨ ᠬᠢᠨ | ᠲᠠᠷᠤᠢ ᠲᠦᠷᠬᠡᠨ ᠬᠦᠳᠡᠯᠤᠯᠴᠠᠵᠤ᠂ ᠴᠠᠰᠤ ᠴᠠᠪᠠᠷᠯᠡᠬᠦ ᠲᠤᠰᠬᠠᠢ ᠮᠠᠰᠢᠨ ᠬᠦᠳᠡᠯᠬᠡᠨ᠂ ᠮᠠᠰᠢᠨ ᠮᠧᠬᠠᠨᠢᠭ ᠢᠶᠠᠷ | ᠭᠤᠤᠯ ᠪᠤᠯᠭᠠᠵᠤ᠂ ᠬᠦᠮᠤᠨ ᠤ ᠬᠦᠴᠤ ᠪᠠᠷ ᠬᠠᠪᠰᠤᠷᠤᠮᠵᠢ ᠪᠤᠯᠭᠠᠨ᠂ ᠴᠠᠰᠤ ᠬᠠᠶᠢᠯᠤᠭᠤᠯᠤᠭᠴᠢ ᠡᠳ᠋ ᠢ | ᠲᠤᠬᠢᠷᠠᠮᠵᠢᠳᠡᠢ ᠦᠶ᠎ᠠ ᠳᠤ ᠵᠤᠬᠢᠬᠤ ᠬᠡᠮᠵᠢᠶ᠎ᠠ ᠪᠠᠷ ᠰᠠᠴᠤᠵᠤ᠂ ᠴᠠᠰᠤ ᠴᠠᠪᠠᠷᠯᠡᠬᠦ ᠠᠵᠢᠯ ᠢ ᠡᠮᠬᠢ ᠵᠢᠷᠤᠮ ᠲᠠᠢ | ᠦᠷᠨᠢᠬᠦᠯᠪᠡ᠃ | 26 ᠤ ᠡᠳᠤᠷ ᠤᠨ ᠦᠳᠠ ᠶᠢᠨ ᠬᠤᠶᠢᠨ᠎ᠠ ᠠᠴᠠ 27 ᠤ ᠡᠳᠤᠷ ᠪᠤᠯᠳᠠᠯ᠎ᠠ᠂ ᠵᠠᠰᠠᠮᠠᠯ ᠵᠠᠮ ᠤᠨ | ᠠᠷᠠᠴᠢᠯᠠᠨ ᠬᠠᠮᠠᠭᠠᠯᠠᠬᠤ ᠲᠦᠪ ᠤᠨ ᠠᠵᠢᠯᠳᠠᠳ ᠦᠷᠬᠦᠯᠵᠢᠯᠡᠨ ᠴᠠᠰᠤ ᠴᠠᠪᠠᠷᠯᠠᠵᠤ ᠵᠠᠮ ᠨᠠᠪᠳᠠᠡᠯᠬᠡ ᠶᠢᠨ ᠰᠠᠭᠠᠳ | ᠦᠬᠡᠢ ᠨᠠᠪᠳᠠᠷᠠᠬᠦ ᠶᠢ ᠪᠠᠳᠤᠯᠠᠵᠤ᠂ ︽ ᠠᠮᠤᠷ ᠲᠦᠪᠰᠢᠨ ᠢ ᠲᠠᠷᠢᠬᠦᠨ ᠳᠤ ᠲᠠᠯᠪᠢᠬᠤ᠂ ᠤᠷᠢᠳᠴᠢᠯᠡᠨ ᠰᠡᠷᠬᠡᠶᠢᠯᠡᠬᠦ | ᠪᠠᠷ ᠭᠤᠤᠯ ᠪᠤᠯᠭᠠᠬᠤ᠂ ᠶᠠᠷᠤᠩᠬᠡᠶᠢᠯᠡᠨ ᠵᠠᠰᠠᠬᠤ︾ ᠴᠢᠭᠯᠡᠯᠳᠡ ᠶᠢ ᠪᠠᠷᠢᠮᠳᠠᠯᠠᠨ᠂ ᠴᠠᠰᠤ ᠬᠤᠷᠠᠭᠰᠡᠨ ᠵᠠᠮ ᠤᠨ | ᠬᠡᠰᠡᠭ ᠲᠤ ᠰᠠᠷᠠᠮᠵᠢ ᠶᠢᠨ ᠲᠡᠮᠳᠡᠭ ᠫᠠᠶᠢᠰᠠ ᠢᠯᠡᠷᠬᠡᠶᠢᠯᠡᠯ ᠪᠤᠰᠬᠠᠨ᠂ ᠵᠠᠮ ᠤᠨ ᠪᠠᠶᠢᠳᠠᠯ ᠤᠨ ᠮᠡᠳᠡᠭᠡ ᠵᠠᠩᠬᠢ ᠶᠢ | ᠴᠠᠭ ᠲᠤᠬᠠᠢ ᠳᠤᠨᠢ ᠨᠠᠶᠢᠳᠠᠯᠠᠵᠤ᠂ ᠨᠠᠭᠠᠰᠢ ᠴᠠᠭᠠᠰᠢ ᠦᠩᠬᠡᠷᠡᠬᠦ ᠤᠯᠠᠨ ᠲᠦᠮᠡᠨ ᠪᠤᠯᠤᠨ ᠵᠢᠯᠤᠭᠤᠴᠢ ᠨᠠᠷ ᠤᠨ | ᠠᠮᠤᠷ ᠲᠦᠪᠰᠢᠨ ᠢᠶᠠᠷ ᠠᠶᠠᠯᠠᠬᠤ ᠳᠤ ᠲᠤᠰᠠᠯᠠᠮᠵᠢ ᠦᠵᠡᠬᠦᠯᠦᠭᠰᠡᠨ ᠪᠠᠶᠢᠨ᠎ᠠ᠃ ᠲᠤᠰ ᠤᠳᠠᠭᠠᠨ ᠤ ᠴᠠᠰᠤ | ᠴᠡᠪᠡᠷᠯᠡᠬᠦ ᠠᠵᠢᠯ ᠳᠤ 8 ᠮᠠᠰᠢᠨ ᠲᠡᠷᠬᠡ᠂ 10 ᠬᠦᠮᠤᠨ ᠣᠳᠠᠭ᠎ᠠ ᠬᠦᠳᠡᠯᠬᠡᠨ᠂ 1 ᠲᠦᠮᠡ 3000 ᠺᠦᠪ ᠮᠧᠲᠷ | ᠴᠠᠰᠤ ᠴᠠᠪᠠᠷᠯᠡᠵᠤ᠂ 2 ᠲᠤᠨ ᠴᠠᠰᠤ ᠬᠠᠶᠢᠯᠤᠭᠤᠯᠬᠤ ᠡᠳ᠋ ᠰᠠᠴᠤᠵᠤ᠂ ᠬᠠᠰᠢᠭᠳᠠᠭᠰᠡᠨ 1 ᠲᠤᠮᠤ ᠪᠠᠷᠠᠭᠠᠨ ᠤ | ᠲᠡᠷᠬᠡ ᠵᠢᠴᠢ 2 ᠵᠢᠯᠤᠭᠤᠴᠢ ᠶᠢ ᠠᠪᠤᠷᠠᠨ ᠲᠤᠰᠠᠯᠠᠵᠤ᠂ ᠨᠠᠭᠠᠰᠢ ᠴᠠᠭᠠᠰᠢ ᠦᠩᠬᠡᠷᠡᠬᠦ ᠲᠡᠷᠬᠡ ᠤᠨᠤᠭ᠎ᠠ ᠵᠢᠴᠢ | ᠵᠢᠯᠤᠭᠤᠴᠢ ᠶᠢᠨ ᠠᠮᠤᠷ ᠲᠦᠪᠰᠢᠨ ᠢᠶᠠᠷ ᠠᠶᠠᠯᠠᠬᠤ ᠶᠢ ᠦᠨᠡᠡᠬᠦ ᠪᠠᠳᠤᠯᠠᠪᠠ᠃ |