ᠠᠩᠬᠠᠳᠤᠭᠠᠷ ᠤᠳᠠᠭᠠᠨ ᠤ ᠮᠠᠯᠴᠢᠳ ᠤᠨ ᠨᠤᠮ ᠪᠢᠴᠢᠭ ᠤᠨ ᠳᠡᠯᠭᠡᠨ ᠦᠵᠡᠭᠦᠯᠦᠯᠭᠡ ᠠᠪᠠᠭ᠎ᠠ ᠬᠤᠰᠢᠭᠤᠨ ᠳᠤ ᠶᠠᠪᠤᠭᠳᠠᠭᠰᠡᠨ ᠪᠠᠶᠢᠨ᠎ᠠ
ᠨᠡᠶᠢᠲᠡᠯᠡᠭᠰᠡᠨ ᠴᠠᠭ᠄
2017/9/27
        ᠨᠠᠷᠠ ᠨᠢ ᠨᠠᠯᠠᠶᠢᠭᠰᠠᠨ ᠰᠢᠷᠭᠠᠯ ᠨᠠᠮᠤᠷ ᠤᠨ ᠨᠢᠬᠡᠨ ᠦᠷᠯᠦᠬᠡ ᠦᠨᠳᠦᠰᠦᠳᠡᠨ ᠤ ᠬᠤᠪᠴᠡᠰᠤ ᠵᠠᠰᠠᠯ ᠎ ᠢᠶᠠᠷ ᠢᠶᠠᠨ ᠭᠤᠶᠤᠭᠰᠠᠨ ᠬᠦᠮᠦᠰ ᠮᠤᠩᠭᠤᠯ ᠪᠠᠭ᠎ᠠ ᠰᠤᠷᠭᠠᠭᠤᠯᠢ ᠶᠢᠨ ᠬᠦᠷᠢᠶ᠎ᠡ ᠤᠷᠤᠭᠤ ᠴᠤᠪᠤᠷᠠᠯᠳᠤᠬᠤ ᠨᠢ ᠠᠳᠡ ᠨᠢᠬᠡᠨ ᠤᠳᠬ᠎ᠠ ᠠᠭᠤᠯᠭ᠎ᠠ ᠲᠠᠢ ᠰᠤᠶᠤᠯ ᠤᠨ ᠠᠵᠢᠯᠯᠠᠭ᠎ᠠ ᠪᠤᠯᠵᠦ ᠪᠠᠶᠢᠭ᠎ᠠ ᠬᠡᠳᠡᠭ ᠨᠢ ᠢᠯᠡᠬᠡᠨ ᠁        ᠠᠪᠠᠭ᠎ᠠ ᠬᠤᠰᠢᠭᠤᠨ ᠤ ᠨᠤᠮ ᠳᠤ ᠪᠠᠭ᠋ᠠᠳᠠᠢ᠂ ᠵᠠᠭᠤ ᠭᠠᠷᠤᠢ ᠬᠦᠮᠦᠨ ᠢᠶᠠᠷ ᠪᠦᠷᠢᠯᠳᠦᠭᠰᠡᠨ ᠳᠤᠰᠬᠠᠢ ᠨᠤᠮ ᠪᠢᠴᠢᠭ ᠳᠠᠨᠢᠯᠴᠠᠭᠤᠯᠤᠨ ᠳᠠᠶᠢᠯᠪᠤᠷᠢᠯᠠᠵᠦ᠂ ᠤᠬᠠᠭᠤᠯᠤᠨ ᠰᠤᠷᠳᠠᠯᠴᠢᠯᠠᠳᠠᠭ ︽ᠨᠤᠮ ᠤᠨ ᠴᠢᠭᠤᠯᠭᠠᠨ︾ ᠬᠤᠯᠪᠤᠭ᠎ᠠ ᠨᠢ ᠨᠡᠶᠢᠬᠡᠮ ᠨᠡᠶᠢᠳᠡ ᠶᠢᠨ ᠨᠤᠮ ᠪᠢᠴᠢᠭ ᠤᠩᠰᠢᠬᠤ᠂ ᠴᠤᠭᠯᠠᠭᠤᠯᠬᠤ᠂ ᠳᠦᠬᠡᠬᠡᠨ ᠳᠡᠯᠬᠡᠷᠡᠬᠦᠯᠬᠦ ᠦᠢᠯᠡᠰ ᠢ ᠰᠤᠷᠳᠠᠯᠴᠢᠯᠠᠨ ᠤᠬᠠᠭᠤᠯᠬᠤ ᠶᠢᠨ ᠲᠦᠯᠦᠬᠡ᠂ ᠠᠪᠠᠭ᠎ᠠ ᠬᠤᠰᠢᠭᠤᠨ ᠤ ᠬᠡᠪᠴᠢᠶᠡᠨ ᠳᠤ ᠨᠤᠮ ᠪᠢᠴᠢᠭ ᠎ ᠲᠤ ᠪᠠᠭ᠋ᠠᠳᠠᠢ ᠬᠡᠰᠡᠭ ᠮᠠᠯᠴᠢᠳ ᠤᠨ ᠬᠤᠪᠢ ᠶᠢᠨ ᠬᠠᠳᠠᠭᠠᠯᠠᠮᠵᠢ ᠳᠤ ᠪᠠᠶᠢᠭ᠎ᠠ ᠨᠤᠮ ᠪᠢᠴᠢᠭ᠂ ᠰᠤᠨᠢᠨ ᠰᠡᠳᠬᠦᠯ ᠢ ᠳᠡᠯᠬᠡᠨ ᠦᠵᠡᠬᠦᠯᠬᠦ ᠠᠵᠢᠯᠯᠠᠭ᠎ᠠ ᠬᠢᠬᠦ ᠪᠠᠷ 9 ᠳ᠋ᠤᠬᠡᠷ ᠰᠠᠷ᠎ᠠ ᠶᠢᠨ 23᠎ ᠤ ᠡᠳᠦᠷ ᠢ ᠪᠤᠯᠵᠤᠵᠦ ᠪᠢᠯᠡ᠃       ᠳᠡᠯᠭᠡᠨ ᠦᠵᠡᠬᠦᠯᠦᠯᠬᠡ ᠳᠤ ᠨᠤᠮ ᠪᠢᠴᠢᠭ ᠢᠶᠠᠨ ᠬᠠᠶᠢᠷᠡᠯᠡᠨ ᠳᠡᠭᠡᠳᠤᠯᠡᠳᠡᠭ ᠲᠦᠴᠢᠭᠡᠳ ᠮᠠᠯᠴᠢᠳ ᠬᠤᠪᠢ ᠎ ᠶᠢᠨ ᠬᠠᠳᠠᠭᠠᠯᠠᠮᠵᠢ ᠳᠠᠭᠠᠨ ᠪᠠᠶᠢᠭ᠎ᠠ‌ᠠᠨᠠᠭᠠᠬᠤ ᠤᠬᠠᠭᠠᠨ᠂ ᠤᠳᠬ᠎ᠠ ᠵᠤᠬᠢᠶᠡᠯ᠂ ᠳᠡᠦᠬᠡ ᠰᠤᠶᠤᠯ᠂ ᠤᠤᠯ ᠤᠨ ᠪᠠᠷᠢᠭᠠᠳᠠ ᠶᠢᠨ ᠳᠠᠩᠰᠠ ᠡᠪᠬᠢᠮᠡᠯ ᠤᠯᠠᠨ ᠬᠦᠷᠢᠶ᠎ᠡ ᠴᠠᠷ᠎ᠠ ᠶᠢ ᠬᠠᠮᠤᠷᠠᠭᠰᠠᠨ  4500 ᠭᠠᠷᠤᠢ ᠨᠤᠮ ᠪᠢᠴᠢᠭ ᠢᠶᠠᠨ ᠳᠡᠯᠬᠡᠨ ᠦᠵᠡᠬᠦᠯᠵᠦ ᠪᠠᠶᠢᠯ᠎ᠠ᠃ ᠡᠪᠦᠭᠡ ᠡᠮᠡᠭᠡ᠂ ᠠᠪᠤ ᠡᠵᠢ᠂ ᠬᠡᠦᠬᠡᠳ ᠤᠳ ᠦᠵᠡᠭᠡ ᠦᠭᠡᠢ ᠤᠯᠠᠨ ᠨᠤᠮ ᠢ ᠱᠤᠬᠤᠭᠠᠷᠬᠠᠨ᠂ ᠨᠤᠮ ᠤᠨ ᠳᠠᠯᠠᠢ ᠳᠤ ᠱᠤᠩᠪᠠᠨ᠎ᠠ᠃ᠳᠤᠰ ᠤᠳᠠᠭᠠᠨ ᠤ ᠮᠠᠯᠴᠢᠳ ᠤᠨ ᠮᠤᠩᠭᠤᠯ ᠨᠤᠮ ᠤᠨ ᠳᠡᠯᠬᠡᠨ ᠦᠵᠡᠬᠦᠯᠦᠯᠬᠡ ᠶᠢᠨ ᠰᠠᠨᠠᠭᠠᠴᠢᠯᠠᠭᠴᠢ᠂ ︽ᠨᠤᠮ ᠎ ᠤᠨ ᠴᠢᠭᠤᠯᠭᠠᠨ︾ ᠬᠤᠯᠪᠤᠭᠠᠨ ᠤ ᠬᠡᠰᠢᠬᠦᠨ ᠳᠡᠬᠦᠰ᠄—— ᠶᠡᠷᠦᠨᠢ ᠮᠠᠰᠢ ᠤᠯᠠᠨ ᠬᠦᠮᠦᠰ ᠨᠤᠮ ᠢ ᠬᠤᠷᠢᠶᠡᠨ ᠴᠤᠭᠯᠠᠭᠤᠯᠵᠤ᠂ ᠬᠠᠳᠠᠭᠠᠯᠠᠳᠠᠭ ᠶᠤᠮ ᠰᠢᠭ ᠯᠠ ᠪᠤᠯᠭᠠᠴᠢᠬᠠᠭᠰᠠᠨ᠂ ᠨᠤᠮ ᠤᠩᠰᠢᠬᠤ ᠬᠦᠮᠦᠨ ᠴᠦᠬᠡᠷᠡᠭᠰᠡᠨ ᠪᠠᠶᠢᠳᠠᠯ ᠨᠡᠶᠢᠳᠡᠮ ᠬᠠᠷᠠᠭᠳᠠᠵᠦ ᠪᠠᠶᠢᠳᠠᠭ᠃ ᠲᠡᠭᠡᠭᠡᠳ ᠨᠢᠬᠡ ᠪᠦᠯᠦᠭ ᠮᠠᠯᠴᠢᠳ ᠢ ᠤᠷᠢᠶᠠᠯᠠᠨ ᠬᠤᠪᠢ ᠶᠢᠨ ᠬᠠᠳᠠᠭᠠᠯᠠᠮᠵᠢ ᠳᠠᠭᠠᠨ ᠪᠠᠶᠢᠭ᠎ᠠ ᠨᠤᠮ ᠢᠶᠠᠨ ᠭᠠᠷᠭᠠᠵᠤ ᠠᠪᠴᠢᠷᠠᠭᠠᠳ ᠬᠦᠮᠦᠰ ᠲᠤ ᠳᠡᠯᠬᠡᠨ ᠦᠵᠡᠬᠦᠯᠵᠦ᠂ ᠨᠤᠮ ᠤᠨ ᠳᠡᠭᠡᠵᠢᠰ ᠠᠴᠠ ᠪᠠᠨ ᠬᠡᠤᠬᠡᠳ ᠳᠡᠬᠦᠤᠨᠡᠷ ᠲᠡᠭᠡᠨ᠂ ᠮᠠᠯᠴᠢᠨ ᠲᠦᠮᠡᠨ ᠳᠡᠭᠡᠨ ᠦᠵᠡᠬᠦᠯᠦᠶ᠎ᠡ ᠰᠤᠨᠢᠷᠬᠠᠭᠤᠯᠵᠦ᠂ ᠨᠤᠮ ᠠᠴᠠ ᠪᠠᠨ ᠤᠶᠤᠨ ᠤᠬᠠᠭᠠᠨ ᠤ ᠰᠢᠮ᠎ᠡ ᠳᠡᠵᠢᠭᠡᠯ ᠬᠦᠷᠳᠡᠬᠡᠶ᠎ᠡ᠃ ᠮᠤᠩᠭᠤᠯ ᠠᠶᠢᠯ ᠮᠤᠩᠭᠤᠯ ᠬᠦᠮᠦᠨ ᠪᠦᠷᠢ ᠳᠡᠭᠡᠨ ᠨᠤᠮ ᠢᠶᠠᠨ ᠤᠩᠰᠢᠭᠠᠰᠡᠢ᠂ ᠨᠤᠮ ᠢᠶᠠᠨ ᠬᠠᠳᠠᠭᠠᠯᠠᠰᠡᠢ᠂ ᠨᠤᠮ ᠢᠶᠠᠨ ᠳᠡᠬᠡᠳᠦᠯᠡᠬᠡᠰᠡᠢ ᠬᠡᠰᠡᠨ ᠰᠠᠨᠠᠭ᠎ᠠ ᠵᠤᠷᠢᠯᠳᠠ ᠪᠠᠷ ᠡᠨᠡ ᠳᠡᠯᠭᠡᠨ ᠦᠵᠡᠬᠦᠯᠦᠯᠬᠡ ᠶᠢ ᠰᠠᠨᠠᠭᠠᠴᠢᠯᠠᠵᠦ ᠬᠢᠭᠰᠡᠨ ᠶᠤᠮ ᠬᠡᠵᠦ ᠤᠴᠢᠷᠯᠠᠪᠠ᠃︽ᠦᠪᠡᠷ ᠢᠶᠠᠨ ᠳᠤᠰᠤ ᠲᠠᠢ ᠶᠢ ᠡᠮᠦᠰᠪᠡᠴᠦ᠂ ᠨᠤᠮ ᠢ ᠳᠤᠷᠭ᠎ᠠ ᠪᠠᠷ ᠪᠠᠷᠢᠨᠳᠠᠭᠯᠠᠳᠠᠭ︾ ᠤᠯᠠᠮᠵᠢᠯᠠᠯᠳᠤ ᠮᠤᠩᠭᠤᠯ ᠵᠠᠩᠰᠢᠯ ᠢᠶᠠᠨ ᠳᠡᠬᠡᠳᠦᠯᠡᠵᠦ᠂ ︽ᠨᠤᠮ ᠤᠨ ᠴᠢᠭᠤᠯᠭᠠᠨ︾ ᠬᠤᠯᠪᠤᠭ᠎ᠠ ᠨᠢ ᠳᠡᠯᠬᠡᠨ ᠦᠵᠡᠬᠦᠯᠦᠯᠬᠡ ᠪᠠᠷ ᠢᠶᠠᠨ ᠳᠠᠮᠵᠢᠭᠤᠯᠵᠦ ᠮᠤᠩᠭᠤᠯ ᠨᠤᠮ ᠪᠢᠴᠢᠭ ᠢᠶᠠᠨ ᠬᠠᠶᠢᠷᠠᠯᠠᠨ ᠳᠡᠬᠡᠳᠦᠯᠡᠳᠡᠭ᠂ ᠨᠤᠮ ᠪᠢᠴᠢᠭ ᠤᠨ ᠤᠬᠠᠭᠠᠨ ᠢ ᠤᠯᠠᠨ ᠎ ᠳᠠᠭᠠᠨ ᠰᠤᠷᠳᠠᠯᠴᠢᠯᠠᠬᠤ ᠶᠢ ᠵᠤᠷᠢᠳᠠᠭ ᠨᠡᠩ ᠤᠯᠠᠨ ᠮᠠᠯᠴᠢᠨ ᠨᠦᠬᠦᠳ ᠢ ᠤᠷᠢᠨ ᠤᠷᠤᠯᠴᠠᠭᠤᠯᠵᠦ᠂ ᠨᠡᠶᠢᠬᠡᠮ ᠨᠡᠶᠢᠳᠡ᠂ ᠰᠤᠷᠭᠠᠭᠤᠯᠢ ᠶᠢᠨ ᠬᠦᠷᠢᠶᠡᠨ ᠳᠤ ᠪᠠᠭ᠎ᠠ ᠵᠠᠯᠠᠭᠤᠰ ᠠᠴᠠ ᠦᠳᠡᠯᠦᠬᠡ ᠨᠠᠰᠤᠳᠠᠳ ᠬᠦᠷᠳᠡᠯ᠎ᠡ ᠨᠤᠮ ᠪᠢᠴᠢᠭ ᠤᠩᠰᠢᠨ ᠰᠣᠨᠢᠷᠬᠠᠬᠤ ᠵᠠᠩ ᠳᠠᠳᠬᠠᠯ ᠢ ᠪᠤᠢ ᠪᠤᠯᠭᠠᠨ᠂ ᠡᠳ᠋ ᠡᠷᠳᠡᠨᠢ᠂ ᠮᠦᠩᠬᠦ ᠳᠦᠬᠦᠷᠢᠭ ᠢ ᠪᠤᠰᠤ ᠨᠤᠮ ᠎ ᠢ ᠳᠡᠬᠡᠳᠦᠯᠡᠨ ᠬᠦᠨᠳᠦᠯᠡᠵᠦ᠂ ᠦᠷ᠎ᠡ ᠰᠢᠮ᠎ᠡ ᠶᠢ ᠨᠢ ᠤᠶᠤᠨ ᠤ ᠬᠦᠷᠳᠡᠬᠡᠯ ᠪᠤᠯᠭᠠᠬᠤ ᠬᠡᠮᠡᠭᠰᠡᠨ ᠨᠠᠨᠳᠢᠨ ᠬᠦᠰᠡᠯ ᠵᠤᠷᠢᠯᠳᠠ ᠨᠢ ᠤᠷᠤᠯᠴᠠᠭᠰᠠᠨ ᠰᠤᠨᠤᠰᠤᠭᠰᠠᠨ ᠪᠦᠬᠦᠨ ᠤ ᠪᠠᠭ᠋ᠠᠷᠬᠠᠯ ᠪᠤᠯᠵᠦ ᠪᠠᠶᠢᠯ᠎ᠠ᠃ᠪᠡᠯᠬᠦᠳᠡᠢ ᠪᠠᠯᠭᠠᠰᠤᠨ ᠤ ᠰᠠᠭᠤᠭᠠᠯᠢ ᠠᠷᠠᠳ ᠴᠢᠷᠮᠠᠶᠢᠯᠳᠤ᠄—— ᠨᠤᠮ ᠤᠨ ᠦᠵᠡᠬᠦᠯᠦᠯᠬᠡ ᠳᠤ ᠤᠷᠤᠯᠴᠠᠭᠠᠳ ᠰᠡᠳᠬᠢᠯ ᠮᠠᠰᠢ ᠦᠨᠳᠤᠷ ᠪᠠᠶᠢᠨ᠎ᠡ᠂ ᠡᠬᠦᠨ ᠢ ᠡᠷᠬᠢᠯᠡᠵᠦ ᠬᠢᠬᠦ ᠳᠤ ᠶᠡᠭᠡ ᠴᠠᠭ ᠵᠠᠷᠤᠴᠠᠭᠤᠯᠤᠭᠰᠠᠨ ᠬᠡᠳᠡᠭ ᠨᠢ ᠭᠠᠷᠴᠠᠭ᠎ᠠ ᠦᠭᠡᠢ᠂ ᠪᠠᠶᠢᠨᠤ ᠸᠢᠴᠠᠲ ᠢᠶᠠᠷ ᠤᠷᠢᠶᠠᠯᠠᠵᠦ ᠪᠠᠶᠢᠯ᠎ᠠ᠃ ᠶᠠᠮᠡᠷ ᠬᠦᠮᠦᠨ ᠪᠠᠶᠡᠨ ᠪᠠᠶᠢᠳᠠᠭ ᠪᠤᠢ︖ ᠨᠤᠮ ᠲᠠᠢ ᠮᠠᠯᠴᠢᠨ ᠪᠠᠶᠡᠨ ᠪᠠᠶᠢᠳᠠᠭ᠂ ᠮᠠᠯ ᠲᠠᠢ ᠮᠠᠯᠴᠢᠨ ᠠᠵᠢᠯᠴᠢ ᠪᠠᠶᠢᠳᠠᠭ ᠪᠠᠶᠢᠨ᠎ᠠ᠃ ᠮᠠᠨ ᠤ ᠬᠦᠳᠡᠭᠡ ᠶᠢᠨ ᠮᠠᠯᠴᠢᠨ ᠮᠠᠰᠢ ᠤᠯᠠᠨ ᠨᠤᠮ ᠤᠩᠰᠢᠵᠦ ᠴᠤᠭᠯᠠᠭᠤᠯᠳᠠᠭ ᠶᠤᠮ ᠪᠠᠶᠢᠨ᠎ᠠ᠂ ᠲᠡᠳᠡᠨ ᠢᠶᠠᠷ ᠢᠶᠠᠨ ᠪᠠᠭ᠋ᠠᠷᠬᠠᠵᠦ ᠪᠠᠶᠢᠨ᠎ᠠ ᠬᠡᠯ᠎ᠡ᠃
 
ᠢᠷᠡᠯᠲᠡ᠄ ᠵᠤᠯᠠ ︵ᠠᠪᠠᠭ᠎ᠠ ᠬᠤᠰᠢᠭᠤᠨ ᠤ ᠲᠧᠯᠸᠢᠰ ᠬᠤᠷᠢᠶ᠎ᠠ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号