ᠣᠷᠢᠶᠠᠩᠬᠠᠨ ᠨᠣᠳᠤᠭ ᠤᠨ ᠠᠷᠠᠳ ᠲᠦᠮᠡᠨ ᠮᠢᠨᠢ᠂ ᠷᠠᠳᠢᠤ᠋ ᠵᠢᠷᠣᠭᠳᠣ ᠠᠴᠠ ᠦᠪᠦᠷ ᠮᠣᠩᠭᠤᠯ ᠤᠨ | ᠦᠪᠡᠷᠳᠡᠬᠡᠨ ᠵᠠᠰᠠᠬᠤ ᠣᠷᠣᠨ ᠪᠠᠶᠢᠭᠤᠯᠣᠭᠳᠠᠭᠰᠠᠨ ᠦᠪᠡᠳᠡᠭᠰᠢ ᠶᠡᠭᠡ ᠶᠣᠰᠣᠯᠠᠯ ᠢ ᠰᠡᠳᠬᠢᠯ ᠲᠣᠭᠳᠣᠯᠣᠨ ᠦᠵᠡᠵᠥ | ᠰᠠᠭᠤᠬᠤ ᠳᠠᠭᠠᠨ ᠣᠳᠣ ᠠᠴᠠ ᠲᠠᠯᠠᠨ ᠵᠢᠯ ᠤᠨ ᠡᠮᠣᠨ᠎ᠠ ᠨᠡᠨ ᠨᠣᠳᠤᠭ ᠤᠨ ᠣᠮᠣᠭᠳᠣ ᠬᠦᠪᠡᠬᠦᠨ ᠮᠢᠩᠵᠣᠣᠷ ᠵᠠᠩᠬᠢ | 1949 ᠣᠨ ᠳᠤ ᠪᠦᠬᠦ ᠣᠯᠣᠰ ᠤᠨ ᠣᠯᠣᠰ ᠲᠦᠷᠦ ᠶᠢᠨ ᠵᠦᠪᠯᠡᠯᠬᠡᠨ ᠤ ᠬᠤᠷᠠᠯᠳᠣᠭᠠᠨ ᠳᠤ ᠠᠪᠠᠭ᠎ᠠ | ᠨᠣᠳᠤᠭ ᠠᠴᠠ ᠭᠠᠭᠴᠠᠭᠠᠷ ᠣᠷᠣᠯᠴᠠᠨ᠂ ᠮᠣᠩᠭᠤᠯ ᠡᠷ᠎ᠡ ᠶᠢᠨ ᠲᠣᠷᠪᠢᠯᠢᠭ ᠠᠯᠬᠤᠴᠠ ᠪᠠᠷ ᠲᠢᠶᠡᠨ ᠠᠨ ᠮᠧᠨ | ᠲᠠᠯᠠᠪᠡᠢ ᠳᠤ ᠴᠡᠬᠡᠵᠢ ᠲᠡᠨᠡᠶᠢᠨ ᠠᠯᠬᠤᠵᠥ ᠪᠠᠶᠢᠭᠰᠠᠨ ᠢ ᠲᠠ ᠪᠦᠬᠦᠨ ᠰᠣᠨᠣᠰᠴᠣ ᠪᠠᠶᠢᠭᠰᠠᠨ ᠪᠠᠶᠢᠯᠬᠦᠢ᠃ | ᠠᠷᠣ ᠣᠷᠢᠶᠠᠩᠬᠠᠨ ᠤ ᠲᠠᠶᠢᠴᠢᠨ ᠰᠣᠮᠣᠨ ᠤ ᠰᠡᠬᠦᠯᠴᠢ ᠶᠢᠨ ᠵᠠᠩᠬᠢ — — ᠮᠢᠩᠵᠣᠣᠷ ᠵᠠᠩᠬᠢ | ᠲᠡᠬᠡᠷ᠎ᠠ ᠵᠠᠭᠤᠨ ᠤ ᠡᠬᠢᠴᠢ ᠪᠠᠷ ᠲᠠᠯᠠᠨ ᠲᠦᠷᠦᠬᠦᠥ ᠭᠤᠣᠯ ᠤᠨ ᠢᠶᠠᠨ ᠬᠦᠪᠡᠭᠡ ᠲᠠᠭᠠᠨ ᠨᠣᠳᠣᠭᠯᠠᠵᠥ ᠪᠠᠶᠢᠭᠰᠠᠨ᠂ | ᠦᠪᠡᠷᠳᠡᠬᠡᠨ ᠬᠡᠳᠦ᠋ᠢᠪᠡᠷ ᠶᠠᠳᠠᠭᠤ ᠵᠦᠳᠡᠬᠦᠥ ᠦᠰᠦᠭᠰᠡᠨ ᠪᠣᠯᠪᠠᠴᠣ ᠮᠣᠩᠭᠤᠯ ᠦᠨᠳᠣᠰᠣᠳᠡᠨ ᠤ ᠠᠵᠢᠯᠴᠢ | ᠬᠦᠳᠡᠯᠮᠣᠷᠢᠴᠢ ᠵᠠᠩ ᠪᠠ ᠨᠡᠩ ᠢᠯᠠᠩᠭᠤᠶ᠎ᠡ ᠣᠷᠢᠶᠠᠩᠬᠠᠨ ᠣᠳᠣᠮ ᠤᠨ ᠠᠩᠴᠢᠨ ᠵᠠᠩᠰᠢᠯ ᠢ ᠲᠭᠠᠵᠥ᠂ ᠠᠩ | ᠬᠦᠷᠦᠬᠡ ᠬᠢᠵᠥ ᠠᠳᠠᠯ ᠠᠮᠢᠳᠣᠷᠠᠯ ᠢᠶᠠᠨ ᠲᠡᠬᠡᠭᠰᠢᠯᠡᠬᠦᠯᠬᠦ ᠶᠢᠨ ᠬᠠᠮᠳᠣ ᠪᠠᠰᠠ ᠬᠠᠪᠢ ᠵᠡᠷᠬᠡᠯᠡᠳᠡᠭᠡ ᠦᠬᠡᠬᠦᠥ ᠶᠠᠳᠠᠭᠤ | ᠰᠠᠭᠠᠬᠠᠯᠳᠠ ᠪᠠᠨ ᠡᠷᠬᠦᠨ ᠲᠡᠳᠬᠦᠵᠥ᠂ ᠲᠡᠮᠵᠢᠨ ᠲᠣᠰᠠᠯᠠᠵᠥ ᠶᠠᠪᠣᠭᠰᠠᠨ ᠢᠶᠠᠷ ᠠᠷᠠᠳ ᠣᠯᠠᠨ ᠤ ᠪᠠᠨ ᠲᠣᠮᠳᠠ | ᠨᠦᠯᠥᠬᠡ ᠲᠣᠰᠬᠠᠯ ᠰᠠᠶᠢᠨ ᠪᠠᠶᠢᠵᠥ᠂ ᠲᠡᠬᠡᠷ᠎ᠠ ᠵᠠᠭᠤᠨ ᠤ ᠭᠤᠴᠢᠭᠠᠳ ᠣᠨ ᠤ ᠲᠣᠮᠳᠠᠴᠢ ᠪᠠᠷ ᠰᠣᠮᠣᠨ ᠵᠠᠩᠬᠢ | ᠪᠣᠯᠣᠨ ᠲᠠᠪᠰᠢᠭᠰᠠᠨ ᠪᠦᠬᠡᠳ ᠲᠣᠬᠠᠢ ᠶᠢᠨ ᠦᠶ᠎ᠡ ᠶᠢᠨ ᠲᠣᠭᠳᠠᠭᠤᠨ ᠪᠣᠰᠣ ᠣᠷᠴᠢᠨ ᠲᠣᠭᠤᠷᠢᠨ ᠳᠤ ᠣᠷᠣᠨ | ᠨᠣᠳᠤᠭ ᠢᠶᠠᠨ ᠬᠠᠮᠠᠭᠠᠯᠠᠨ᠂ ᠠᠷᠠᠳ ᠣᠯᠠᠨ ᠤ ᠪᠠᠨ ᠠᠳᠠᠯ ᠠᠮᠢᠳᠣᠷᠠᠯ ᠢ ᠲᠡᠬᠡᠭᠰᠢᠯᠡᠬᠦᠯᠬᠦ ᠪᠠᠷ ᠴᠢᠷᠮᠠᠶᠢᠨ ᠮᠡᠷᠡᠶᠢᠵᠥ | ᠶᠠᠪᠣᠭᠰᠠᠨ ᠬᠡᠳᠡᠭ᠃ | ᠮᠢᠩᠵᠣᠣᠷ ᠵᠠᠩᠬᠢ ᠴᠢᠯᠥᠬᠡᠯᠡᠭᠳᠡᠬᠦ ᠠᠴᠠ ᠡᠮᠣᠨᠡᠬᠢ ᠭᠠᠵᠠᠷ ᠣᠷᠣᠨ ᠤ ᠪᠠᠨ ᠰᠣᠶᠣᠯ ᠬᠤᠴᠣᠷᠠᠩᠭᠤᠢ | ᠪᠠᠶᠢᠵᠥ᠂ ᠪᠣᠰᠣᠳ ᠣᠯᠣᠰ ᠬᠦᠷᠦᠨ ᠤ ᠬᠦᠭᠵᠢᠯ ᠲᠠᠪᠰᠢᠯ ᠠᠴᠠ ᠶᠡᠬᠡᠳᠡ ᠬᠤᠴᠣᠷᠴᠣ ᠪᠠᠶᠢᠭᠰᠠᠨ ᠪᠠᠶᠢᠳᠠᠯ ᠳᠤ | ᠰᠡᠳᠬᠢᠯ ᠵᠣᠪᠠᠨᠢᠬᠤ ᠳᠠᠭᠠᠨ᠂ ᠦᠨᠳᠣᠰᠣᠳᠡᠨ ᠤ ᠪᠠᠨ ᠰᠣᠶᠣᠯ ᠰᠣᠷᠭᠠᠨ ᠬᠦᠮᠦᠵᠢᠯ ᠢ ᠬᠦᠭᠵᠢᠬᠦᠯᠬᠦ ᠶᠢᠨ ᠬᠦᠨᠳᠣ | ᠴᠢᠬᠤᠯᠠ ᠴᠢᠨᠡᠷ ᠢ ᠬᠦᠢᠴᠡᠳ ᠲᠠᠨᠢᠵᠥ᠂ ᠮᠠᠯᠴᠢᠨ ᠲᠦᠮᠡᠨ ᠤ ᠪᠠᠯᠠᠷ ᠬᠠᠷᠠᠩᠭᠤᠢ ᠣᠶᠣᠨ ᠣᠬᠠᠭᠠᠨ ᠳᠤ | ᠰᠣᠶᠣᠯ ᠤᠨ ᠬᠡᠬᠡ ᠣᠷᠣᠭᠤᠯᠬᠤ ᠶᠢ ᠶᠡᠬᠡᠳᠡ ᠠᠩᠬᠠᠷᠣᠨ ᠵᠢᠳᠬᠦᠵᠥ ᠶᠠᠪᠣᠬᠤ ᠳᠠᠭᠠᠨ ᠲᠣᠬᠠᠢ ᠶᠢᠨ ᠦᠶ᠎ᠡ ᠶᠢᠨ | ᠮᠢᠩᠳᠣᠪ ᠰᠦᠮ᠎ᠠ ᠶᠢᠨ ᠰᠡᠬᠦᠯᠴᠢ ᠶᠢᠨ ᠬᠡᠬᠡᠨ ᠯᠦᠩᠳᠦᠭᠵᠠᠮᠰᠣ ᠬᠤᠳᠣᠭᠳᠣ ᠲᠠᠢ ᠬᠤᠶᠠᠭᠤᠯᠠ ᠬᠠᠮᠳᠣᠷᠠᠨ ᠮᠢᠩᠳᠣᠪ | ᠰᠦᠮ᠎ᠠ ᠳᠤ ᠰᠣᠷᠭᠠᠭᠤᠯᠢ ᠪᠠᠶᠢᠭᠤᠯᠣᠨ ᠬᠡᠰᠡᠭ ᠲᠣᠭᠠᠨ ᠤ ᠬᠡᠦᠬᠡᠳ ᠪᠠᠭᠠᠴᠣᠳ ᠲᠤ ᠬᠦᠮᠦᠵᠢᠯ ᠬᠦᠷᠳᠡᠬᠡᠵᠥ | ᠪᠠᠶᠢᠭᠰᠠᠨ ᠪᠢᠯᠡ᠃ 1945 ᠣᠨ ᠳᠤ ᠠᠷᠣ ᠣᠷᠢᠶᠠᠩᠬᠠᠨ ᠤ 22 ᠰᠡᠬᠡᠬᠡᠷᠡᠭᠰᠡᠨ ᠵᠠᠯᠠᠭᠤᠴᠣᠳ ᠮᠣᠩᠭᠤᠯ | ᠣᠯᠣᠰ ᠲᠤ ᠰᠣᠷᠣᠯᠴᠠᠬᠤ ᠪᠠᠷ ᠡᠷᠡᠮᠡᠯᠵᠡᠵᠦ ᠪᠠᠶᠢᠬᠤ ᠦᠶ᠎ᠡ ᠳᠤ ᠮᠢᠩᠵᠣᠣᠷ ᠵᠠᠩᠬᠢ ᠲᠡᠳᠡᠨ ᠢ ᠢᠳᠡᠪᠬᠢᠳᠡᠢ | ᠲᠡᠮᠵᠢᠵᠥ᠂ ᠣᠯᠣᠰ ᠲᠦᠷᠦ ᠦᠵᠡᠯ ᠰᠠᠨᠠᠭ᠎ᠠ ᠪᠠ ᠵᠣᠬᠢᠶᠠᠨ ᠪᠠᠶᠢᠭᠤᠯᠥᠯᠳᠠ᠂ ᠡᠳ᠋ ᠪᠣᠳᠠᠰ ᠢᠶᠠᠷ ᠢᠳᠡᠪᠬᠢᠳᠡᠢ | ᠲᠡᠮᠵᠢᠨ ᠲᠣᠰᠠᠯᠠᠵᠥ ᠪᠠᠶᠢᠭᠰᠠᠨ ᠬᠡᠳᠡᠭ᠃ ᠲᠣᠬᠠᠢ ᠶᠢᠨ ᠦᠶ᠎ᠡ ᠶᠢᠨ ᠳᠡᠶᠢᠮᠦᠷᠬᠦᠦ ᠪᠡᠷᠬᠡ ᠬᠠᠳᠠᠭᠤᠵᠢᠯᠳᠡᠢ᠂ | ᠪᠣᠳᠣᠯᠢᠶᠡᠨᠳᠡᠢ ᠣᠷᠴᠢᠨ ᠲᠣᠭᠤᠷᠢᠨ ᠳᠤ ᠬᠤᠯᠠ ᠶᠢ ᠬᠠᠷᠠᠵᠥ ᠶᠡᠭᠡ ᠶᠢ ᠪᠣᠳᠣᠨ᠂ ᠪᠣᠰᠣᠳ ᠬᠦᠭᠵᠢᠭᠰᠡᠨ ᠣᠯᠣᠰ | ᠬᠦᠷᠦᠨ ᠳᠤ ᠣᠷᠣᠨ ᠨᠣᠳᠤᠭ ᠤᠨ ᠢᠶᠠᠨ ᠰᠢᠯᠢᠳᠡᠭ ᠵᠠᠯᠠᠭᠤᠰ ᠢ ᠬᠦᠷᠬᠡᠵᠥ ᠰᠣᠷᠣᠯᠴᠠᠭᠤᠯᠣᠨᠠ ᠬᠡᠭᠴᠢ ᠬᠡᠴᠢᠨᠡᠨ | ᠠᠭᠤᠣ ᠶᠡᠭᠡ ᠬᠤᠯᠠᠴᠢ ᠪᠣᠳᠣᠯ ᠪᠠᠶᠢᠭᠰᠠᠨ ᠪᠣᠢ ᠬᠡᠳᠡᠭ ᠢ ᠬᠤᠵᠢᠮ ᠨᠢ ᠮᠣᠩᠭᠤᠯ ᠣᠯᠣᠰ ᠲᠤ ᠰᠣᠷᠣᠯᠴᠠᠭᠠᠳ | ᠢᠷᠡᠭᠰᠡᠨ ᠲᠡᠳᠡᠬᠡᠷ ᠵᠠᠯᠠᠭᠤᠴᠣᠳ ᠤᠨ ᠣᠷᠣᠨ ᠨᠣᠳᠤᠭ ᠲᠠᠭᠠᠨ ᠦᠵᠡᠬᠦᠯᠥᠭᠰᠡᠨ ᠦᠯᠡᠮᠵᠢ ᠶᠡᠭᠡ ᠭᠠᠪᠢᠶ᠎ᠠ | ᠵᠢᠳᠬᠦᠯ ᠠᠴᠠ ᠲᠠᠨᠢᠵᠥ ᠪᠣᠯᠬᠤ ᠪᠢᠯᠡ᠃ | ᠮᠢᠩᠵᠣᠣᠷ ᠵᠠᠩᠬᠢ ᠨᠢᠬᠡᠨ ᠣᠷᠣᠨ ᠨᠣᠳᠤᠭ ᠢ ᠬᠠᠷᠢᠭᠤᠴᠠᠵᠥ ᠶᠠᠪᠣᠭᠰᠠᠨ ᠰᠡᠬᠦᠯᠴᠢ ᠶᠢᠨ ᠵᠠᠩᠬᠢ | ᠪᠣᠯᠣᠭᠰᠠᠨ ᠤ ᠬᠤᠪᠢ ᠳᠤ ᠰᠢᠨ᠎ᠠ ᠲᠣᠮᠳᠠᠳᠣ ᠣᠯᠣᠰ ᠤᠨ ᠬᠤᠪᠢᠰᠬᠠᠯ ᠢ ᠢᠳᠡᠪᠬᠢᠳᠡᠢ ᠬᠦᠯᠢᠶᠡᠨ ᠠᠪᠴᠣ ᠣᠷᠣᠨ | ᠨᠣᠳᠤᠭ ᠲᠠᠭᠠᠨ ᠬᠤᠪᠢᠰᠬᠠᠯ ᠤᠨ ᠭᠠᠯ ᠢ ᠲᠦᠷᠡᠯᠵᠡᠬᠦᠯᠥᠭᠰᠡᠨ ᠪᠦᠬᠡᠳ ᠴᠢᠯᠥᠬᠡᠯᠡᠬᠦ ᠴᠡᠷᠢᠭ ᠠᠩᠬ᠎ᠠ ᠣᠷᠢᠶ᠋ᠩᠬᠠᠨ | ᠨᠣᠳᠤᠭ ᠲᠤ ᠢᠷᠡᠬᠦ ᠦᠶ᠎ᠡ ᠮᠢᠩᠳᠣᠪ ᠰᠦᠮ᠎ᠠ ᠶᠢᠨ ᠯᠦᠩᠳᠦᠭᠵᠠᠮᠰᠣ ᠲᠠᠢ ᠬᠤᠶᠠᠭᠤᠯᠠ ᠦᠪᠡᠷ ᠤᠨ ᠨᠡᠯᠢᠶᠡᠳ | ᠲᠣᠭᠠᠨ ᠤ ᠦᠬᠡᠷ ᠠᠳᠣᠭᠤ ᠬᠤᠨᠢ ᠢᠮᠠᠭ᠎ᠠ ᠪᠠᠨ ᠴᠢᠯᠥᠬᠡᠯᠡᠬᠦ ᠴᠡᠷᠢᠭ ᠲᠤ ᠬᠠᠷᠠᠮ ᠦᠬᠡᠢ ᠡᠷᠬᠦᠵᠥ ᠣᠯᠠᠭ᠎ᠠ | ᠦᠷᠳᠡᠭᠡ ᠪᠠᠷ ᠠᠶᠣᠣᠯᠢᠬᠠᠢ ᠶᠢᠨ ᠭᠤᠪᠢ ᠶᠢ ᠲᠠᠮᠵᠢᠭᠤᠯᠣᠨ ᠪᠠᠷᠠᠭᠤᠨ ᠦᠵᠦᠮᠦᠴᠢᠨ ᠤ ᠣᠯᠠᠭᠠᠨ ᠬᠭᠠᠯᠭᠠ | ᠬᠦᠷᠳᠡᠯ᠎ᠠ ᠬᠦᠷᠬᠡᠵᠥ ᠦᠭᠬᠦᠭᠰᠡᠨ ᠪᠠᠶᠢᠨ᠎ᠠ᠃ | 1947 ᠣᠨ ᠳᠤ ᠦᠪᠦᠷ ᠮᠣᠩᠭᠤᠯ ᠲᠠᠶᠠᠭᠠᠷ ᠴᠢᠯᠥᠬᠡᠯᠡᠭᠳᠡᠨ ᠣᠯᠣᠰ ᠲᠦᠷᠦ ᠶᠢᠨ | ᠦᠬᠡᠷᠡᠴᠢᠯᠡᠯᠳᠡ ᠶᠢᠨ ᠦᠶ᠎ᠡ ᠮᠢᠩᠵᠣᠣᠷ ᠵᠠᠩᠬᠢ ᠦᠪᠡᠷ ᠤᠨ ᠬᠤᠪᠢ ᠶᠢᠨ ᠬᠦᠷᠦᠩᠬᠡ 300 ᠢᠯᠡᠬᠦᠥ ᠠᠳᠣᠭᠤ᠂ | ᠲᠦᠴᠢᠬᠡᠳ ᠦᠬᠡᠷ᠂ 500 ᠢᠯᠡᠬᠦᠥ ᠪᠣᠭ ᠮᠠᠯ ᠢᠶᠠᠷ ᠢᠶᠠᠨ ᠣᠷᠣᠨ ᠨᠣᠳᠤᠭ ᠲᠠᠭᠠᠨ ᠮᠢᠩᠵᠣᠣᠷ ᠵᠠᠩᠬᠢ ᠶᠢᠨ | ᠬᠠᠪᠰᠣᠷᠣᠯ ᠪᠠᠶᠢᠭᠤᠯᠣᠨ᠂ ᠲᠣᠬᠠᠢ ᠶᠢᠨ ᠦᠶ᠎ᠡ ᠶᠢᠨ ᠡᠯ᠎ᠠ ᠵᠦᠢᠯ ᠤᠨ ᠲᠦᠷᠦ ᠶᠢᠨ ᠪᠣᠳᠣᠯᠭ᠎ᠠ ᠶᠢ ᠢᠳᠡᠪᠬᠢᠳᠡᠢ | ᠴᠣᠣᠷᠢᠶᠠᠳᠣᠨ ᠲᠠᠭᠠᠭᠰᠠᠨ ᠪᠠᠶᠢᠵᠡᠢ᠃ ᠮᠢᠩᠵᠣᠣᠷ ᠵᠠᠩᠬᠢ ᠶᠢᠨ ᠴᠢᠯᠥᠬᠡᠯᠡᠯᠳᠡ ᠶᠢᠨ ᠦᠢᠯᠡᠰ ᠲᠤ ᠦᠵᠡᠬᠦᠯᠥᠭᠰᠡᠨ | ᠬᠤᠪᠢ ᠨᠡᠮᠡᠬᠦᠷᠢ ᠶᠢ ᠬᠠᠷᠠᠭᠠᠯᠵᠠᠨ 1949 ᠣᠨ ᠤ ᠪᠦᠬᠦ ᠣᠯᠣᠰ ᠤᠨ ᠣᠯᠣᠰ ᠲᠦᠷᠦ ᠶᠢᠨ ᠵᠦᠪᠯᠡᠯᠬᠡᠨ ᠤ | ᠬᠤᠷᠠᠯᠳᠣᠭᠠᠨ ᠳᠤ ᠰᠢᠯᠢ ᠶᠢᠨ ᠭᠤᠣᠯ ᠠᠶᠢᠮᠠᠭ ᠠᠴᠠ ᠰᠣᠩᠭᠤᠭᠳᠠᠭᠰᠠᠨ 4 ᠲᠦᠯᠥᠬᠡᠯᠡᠭᠴᠢ ᠶᠢᠨ ᠲᠣᠳᠣᠷ᠎ᠠ ᠠᠪᠠᠭ᠎ᠠ | ᠨᠣᠳᠤᠭ ᠠᠴᠠ ᠭᠠᠭᠴᠠᠭᠠᠷ ᠬᠦᠷᠴᠣ ᠡᠨᠡᠬᠦ ᠦᠪᠡᠳᠡᠭᠰᠢ ᠶᠡᠭᠡ ᠶᠣᠰᠣᠯᠠᠯ ᠳᠤ ᠣᠷᠣᠯᠴᠠᠭᠠᠳ ᠭᠠᠪᠢᠶᠠᠨ ᠲᠡᠮᠳᠡᠭ ᠪᠠ | ᠲᠣᠷᠠᠰᠬᠠᠯ ᠤᠨ ᠪᠣᠳᠠᠰ ᠲᠠᠢ ᠪᠣᠴᠠᠵᠥ ᠢᠷᠡᠭᠰᠡᠨ ᠬᠡᠳᠡᠭ᠃ | ᠬᠡᠪᠡᠴᠣ ᠣᠯᠠᠭᠠᠨ ᠢᠶᠠᠷ ᠡᠷᠬᠢᠭᠰᠡᠨ ᠣᠷᠰᠢᠭᠳᠣ ᠣᠨ ᠵᠢᠯ ᠤᠳ ᠲᠤ ᠬᠠᠭᠤᠴᠢᠨ ᠴᠠᠭ ᠤᠨ ᠮᠢᠩᠵᠣᠣᠷ | ᠵᠠᠩᠬᠢ ᠮᠢᠨᠢ ︽ᠪᠠᠶᠠᠨ ᠮᠠᠯᠴᠢᠨ︾ ︽ᠮᠠᠯ ᠤᠨ ᠡᠵᠡᠨ︾ ︽ᠲᠡᠷᠰᠡᠯᠡᠬᠦᠥ ᠲᠡᠬᠡᠳᠣ ᠲᠠᠪᠬᠤᠷᠭᠠᠳᠠᠨ︾ ᠵᠡᠷᠬᠡ | ᠲᠠᠭᠠᠭᠠᠵᠥ ᠲᠠᠶᠢᠯᠥᠰᠢ ᠦᠬᠡᠢ ᠣᠯᠠᠨ ︽ᠮᠠᠯᠠᠭᠠᠢ︾ ᠡᠮᠣᠰᠴᠣ᠂ ︽ᠴᠢᠳᠬᠦᠷ︾ ᠪᠣᠯᠵᠥ᠂ ᠡᠪᠣᠯ ᠤᠨ ᠬᠦᠢᠳᠡᠨ | ᠴᠠᠭ ᠬᠤᠳᠳᠤᠭ ᠮᠠᠯᠳᠠᠬᠤ ᠠᠴᠠ ᠡᠬᠢᠯᠠᠨ ᠲᠣᠭᠠᠯᠠᠰᠢ ᠦᠬᠡᠢ ᠣᠯᠠᠨ ᠬᠦᠨᠳᠣ ᠬᠡᠴᠡᠬᠦᠥ ᠠᠵᠢᠯ ᠤᠳ ᠢ ᠬᠢᠵᠥ | ᠶᠠᠪᠣᠭᠰᠠᠨ᠃ ᠬᠡᠪᠡᠴᠣ ᠦᠪᠡᠷ ᠤᠨ ᠰᠤᠩᠭᠤᠭᠰᠠᠨ ᠵᠠᠮ ᠦᠢᠯᠡᠰ ᠤᠨ ᠢᠶᠠᠨ ᠲᠣᠬᠠᠢ ᠨᠢᠬᠡᠴᠣ ᠭᠤᠮᠣᠳᠠᠯ | ᠬᠤᠷᠣᠰᠣᠯ ᠤᠨ ᠦᠬᠡ ᠶᠠᠷᠢᠭ᠎ᠠ ᠦᠬᠡᠢ᠂ ᠴᠣᠬᠤᠮ ᠯᠡ ︽ᠦᠨᠡᠨ ᠤ ᠦᠷ ᠡᠮᠣᠨ᠎ᠠ ᠠᠴᠠ ᠪᠠᠨ ᠴᠠᠶᠢᠳᠠᠭ︾ | ᠬᠡᠳᠡᠭ ᠢ ᠯᠡ ᠬᠦᠰᠡᠵᠥ ᠢᠳᠡᠬᠡᠵᠥ ᠶᠠᠪᠣᠭᠰᠠᠨ᠃ | ᠲᠦᠴᠢᠬᠡᠳ ᠣᠨ ᠤ ᠰᠡᠬᠦᠯᠴᠢ ᠪᠠᠷ ᠮᠢᠩᠵᠣᠣᠷ ᠵᠠᠩᠬᠢ ᠲᠡᠨᠣᠬᠦᠯ ᠲᠡᠬᠡᠷᠡᠮ ᠳᠤ ᠨᠡᠯᠢᠶᠡᠳ ᠲᠣᠭᠠᠨ ᠤ | ᠠᠳᠣᠭᠤ ᠪᠠᠨ ᠲᠣᠨᠣᠭᠤᠯᠣᠭᠠᠳ ︽ᠲᠡᠬᠡᠷᠡᠮ ᠳᠤ ᠠᠳᠣᠭᠤ ᠦᠭᠴᠣ ᠬᠦᠯ ᠵᠠᠯᠭᠠᠭᠤᠯᠣᠭᠰᠠᠨ︾ ᠬᠡᠳᠡᠭ ᠮᠠᠭᠤ ᠨᠡᠷ᠎ᠡ | ᠣᠯᠣᠨ ᠬᠢᠯᠢᠰᠳᠡᠵᠥ ᠶᠠᠪᠣᠬᠤ ᠳᠠᠭᠠᠨ ᠭᠤᠮᠣᠳᠠᠭᠠ ᠦᠬᠡᠢ᠂ ᠬᠠᠷᠢᠨ ᠬᠤᠶᠡᠷ ᠵᠢᠯ ᠤᠨ ᠬᠢᠨᠢ ᠬᠤᠶᠢᠨ᠎ᠠ ᠲᠡᠬᠡᠷᠡᠮ ᠳᠤ | ᠲᠣᠨᠣᠭᠤᠯᠣᠭᠰᠠᠨ ᠣᠯᠠᠨ ᠠᠳᠣᠭᠤᠨ ᠠᠴᠠ ︽ᠦᠰᠦᠬᠡᠢ ᠴᠠᠭᠠᠨ︾ ᠦᠨᠳᠣᠷ ᠬᠠᠷ᠎ᠠ ᠮᠣᠷᠢ ᠨᠢ ᠬᠦᠶᠦᠵᠥ | ᠢᠷᠡᠬᠦ ᠳᠤ ᠲᠡᠷᠡ ᠡᠨᠡᠬᠦ ᠮᠣᠷᠢ ᠪᠠᠨ ᠲᠣᠬᠠᠢ ᠶᠢᠨ ᠦᠶ᠎ᠡ ᠶᠢᠨ ᠠᠷᠣ ᠣᠷᠢᠶᠠᠩᠬᠠᠨ ᠤ ᠲᠠᠶᠢᠴᠢᠨ ᠰᠣᠮᠣᠨ ᠤ ᠠᠯᠪᠠᠨ | ᠬᠡᠷ ᠪᠠᠶᠢᠭᠰᠠᠨ ︽ᠴᠢᠨᠳᠠᠮᠣᠨᠢ ᠰᠦᠮ᠎ᠠ︾ ᠳᠤ ᠳ᠋ᠠᠩᠽᠠᠨ ᠲᠠᠷᠤᠭ᠎ᠠ ᠳᠤ ᠬᠦᠷᠬᠡᠵᠥ ᠦᠭᠬᠦ ᠦᠶ᠎ᠡ ᠳ᠋ᠠᠩᠽᠠᠨ ᠲᠠᠷᠤᠭ᠎ᠠ | ︽ᠦᠪᠡᠷᠳᠡᠬᠡᠨ ᠬᠦᠶᠦᠵᠥ ᠢᠷᠡᠭᠰᠡᠨ ᠮᠣᠷᠢ ᠶᠢ ᠴᠢ ᠦᠪᠡᠷᠳᠡᠬᠡᠨ ᠡᠳ᠋ᠯᠠ︾ ᠬᠡᠵᠥ ᠮᠢᠩᠵᠣᠣᠷ ᠵᠠᠩᠬᠢ ᠳᠤ ᠪᠣᠴᠠᠭᠠᠨ | ᠦᠭᠬᠦᠭᠰᠡᠨ ᠬᠡᠳᠡᠭ᠃ ᠨᠡᠨ ᠨᠢ ᠬᠡᠳᠦ᠋ᠢᠪᠡᠷ ᠪᠠᠭᠠᠬᠠᠨ ᠶᠠᠪᠣᠳᠠᠯ ᠪᠣᠯᠪᠠᠴᠣ ᠮᠢᠩᠵᠣᠣᠷ ᠵᠠᠩᠬᠢ ᠶᠢᠨ | ᠬᠤᠪᠢᠰᠬᠠᠯ ᠳᠠᠭᠠᠨ ᠦᠨᠡᠨᠴᠢ᠂ ᠬᠤᠪᠢ ᠶᠢᠨ ᠠᠰᠢᠭ ᠢᠶᠠᠨ ᠪᠣᠳᠣᠳᠠᠭ ᠦᠬᠡᠢ ᠡᠷᠬᠢᠮ ᠨᠠᠨᠳᠢᠨ ᠰᠣᠷᠳᠠᠯ ᠢ | ᠬᠠᠷᠭᠤᠯᠵᠥ ᠪᠠᠶᠢᠭᠰᠠᠨ ᠶᠣᠮ᠃ | ᠮᠢᠩᠵᠣᠣᠷ ᠵᠠᠩᠬᠢ ᠬᠡᠳᠣᠨ ᠲᠦᠷᠦ ᠶᠢ ᠡᠯᠡᠬᠡᠵᠥ ᠶᠠᠪᠣᠬᠤ ᠳᠠᠭᠠᠨ ᠨᠣᠳᠤᠭ ᠣᠷᠣᠨ ᠤ ᠪᠠᠨ ᠴᠢᠯᠥᠬᠡᠯᠡᠯᠳᠡ ᠶᠢᠨ | ᠲᠦᠯᠥᠬᠡ ᠴᠢᠮᠡᠭᠡ ᠦᠬᠡᠢ ᠵᠢᠳᠬᠦᠵᠥ ᠶᠠᠪᠣᠭᠰᠠᠨ ᠪᠦᠬᠡᠳ ᠠᠪᠠᠭ᠎ᠠ ᠣᠷᠢᠶᠠᠩᠬᠠᠨ ᠤ ᠦᠢ ᠣᠯᠠᠨ ᠠᠬᠠᠮᠠᠳ | ᠪᠣᠭᠤᠷᠣᠯᠴᠣᠳ ᠲᠠᠢ ᠠᠳᠠᠯᠢ ᠪᠠᠷ ᠣᠷᠤᠭ᠎ᠠ ᠪᠣᠰᠬᠠᠭ᠎ᠠ ᠣᠨ ᠵᠢᠯ ᠤᠳ ᠲᠤ ᠨᠣᠳᠤᠭ ᠣᠷᠣᠨ ᠤ ᠪᠠᠨ ᠲᠥᠯᠥᠬᠡ | ᠨᠣᠶᠠᠨ ᠨᠢᠷᠣᠭᠤ ᠠᠯᠳᠠᠬᠤ ᠦᠬᠡᠢ ᠶᠠᠪᠣᠭᠰᠠᠨ ᠬᠡᠳᠡᠭ ᠨᠢ ᠪᠢᠳᠡ ᠪᠦᠬᠦᠨ ᠤ ᠨᠠᠨᠳᠢᠩᠨᠠᠨ ᠰᠣᠷᠣᠯᠴᠠᠬᠤ ᠲᠠᠭᠤᠷᠢᠶᠠᠯ | ᠪᠢᠯᠡ᠃ | ( ᠮᠢᠩᠵᠣᠣᠷ ᠵᠠᠩᠬᠢ ᠶᠢᠨ ᠬᠦᠪᠡᠬᠦᠨ 78 ᠨᠠᠰᠣᠳᠡᠢ ᠴᠡᠸᠡᠩ ᠭᠤᠸᠡᠢ ᠶᠢᠨ ᠶᠠᠷᠢᠶ᠎ᠠ ᠶᠢ ᠡᠮᠬᠢᠳᠬᠡᠨ ᠲᠡᠮᠳᠡᠭᠯᠡᠪᠡ᠃ ) | | |