ᠠᠪᠠᠭ᠎ᠠ ᠬᠤᠰᠢᠭᠤᠨ ᠤ ︽ᠨᠤᠮᠢᠨ ᠠᠪᠠᠭ᠎ᠠ᠂ ᠠᠷᠪᠠᠳᠤᠭᠠᠷ ᠬᠤᠭᠤᠴᠠᠭᠠᠨ ᠤ ᠮᠠᠯ ᠤᠨ ᠡᠭᠦᠯᠳᠡᠷ ᠰᠢᠯᠭᠠᠷᠠᠭᠤᠯᠬᠤ ᠤᠷᠤᠯᠳᠤᠭᠠᠨ︾ ᠠᠮᠵᠢᠯᠳᠠ ᠲᠦᠭᠦᠷᠡᠩ ᠶᠠᠪᠤᠭᠳᠠᠭᠰᠠᠨ
ᠨᠡᠶᠢᠲᠡᠯᠡᠭᠰᠡᠨ ᠴᠠᠭ᠄
2017/8/25
          ᠨᠤᠮᠢᠨ ᠠᠪᠠᠭ᠎ᠠ᠂ ᠮᠠᠯ ᠤᠨ ᠡᠭᠦᠯᠳᠡᠷ ᠰᠢᠯᠭᠠᠷᠠᠭᠤᠯᠬᠤ ᠤᠷᠤᠯᠳᠤᠭᠠᠨ ᠨᠢ ᠵᠢᠯ ᠪᠤᠯᠭᠠᠨ ᠶᠠᠪᠤᠭᠳᠠᠭᠰᠠᠭᠠᠷ ᠢᠷᠡᠵᠦ᠂ ᠮᠠᠯᠴᠢᠳ ᠤᠨ ᠡᠭᠦᠯᠳᠡᠷ ᠰᠠᠶᠢᠵᠢᠷᠠᠭᠤᠯᠤᠨ ᠮᠠᠯᠵᠢᠬᠤ ᠢᠳᠡᠪᠬᠢᠵᠢᠯ ᠢ ᠳᠠᠶᠢᠴᠢᠯᠠᠨ᠂ ᠴᠦᠭᠡᠨ ᠮᠠᠯ ᠠᠴᠠ ᠦᠨᠳᠦᠷ ᠦᠷ᠎ᠡ ᠠᠰᠢᠭ ᠤᠯᠵᠦ᠂ ᠤᠷᠤᠯᠭ᠎ᠠ ᠪᠠᠨ ᠨᠡᠮᠡᠭᠳᠡᠬᠦᠯᠬᠦ ᠶᠢ ᠳᠠᠶᠢᠴᠯᠠᠵᠦ ᠢᠷᠡᠭᠰᠡᠨ ᠪᠠᠶᠢᠨ᠎ᠠ᠃ 8 ᠰᠠᠷᠠᠶᠢᠨ 18᠎ ᠤ ᠡᠳᠦᠷ᠂ ᠨᠤᠮᠢᠨ ᠠᠪᠠᠭ᠎ᠠ᠂ ᠠᠷᠪᠠᠳᠤᠭᠠᠷ ᠬᠤᠭᠤᠴᠠᠭᠠᠨ ᠤ ᠮᠠᠯ ᠤᠨ ᠡᠭᠦᠯᠳᠡᠷ ᠰᠢᠯᠭᠠᠷᠠᠭᠤᠯᠬᠤ ᠤᠷᠤᠯᠳᠤᠭᠠᠨ ᠴᠠᠭᠠᠨ ᠴᠢᠯᠠᠭᠤᠳᠦ ᠵᠤᠰᠠᠭᠠᠯ ᠳᠤ ᠶᠠᠪᠤᠭᠳᠠᠵᠠᠢ᠃ ᠨᠤᠮᠢᠨ ᠠᠪᠠᠭ᠎ᠠ᠂ ᠠᠷᠪᠠᠳᠤᠭᠠᠷ ᠬᠤᠭᠤᠴᠠᠭᠠᠨ ᠤ ᠮᠠᠯ ᠤᠨ ᠡᠭᠦᠯᠳᠡᠷ ᠰᠢᠯᠭᠠᠷᠠᠭᠤᠯᠬᠤ ᠤᠷᠤᠯᠳᠤᠭᠠᠨ ᠤ ᠡᠬᠢᠯᠡᠯᠳᠡ ᠶᠢᠨ ᠶᠤᠰᠤᠯᠠᠯ ᠳᠤ ᠬᠤᠰᠢᠭᠤ ᠲᠦᠷᠪᠡᠨ ᠶᠡᠭᠡ ᠤᠳᠤᠷᠢᠳᠬᠤ ᠪᠠᠭ ᠤᠨ ᠤᠳᠤᠷᠢᠳᠤᠯᠭ᠎ᠠ ᠨᠠᠷ ᠠᠬᠤᠢ ᠲᠠᠯᠠᠪᠠᠢ ᠳᠤ ᠰᠠᠭᠠᠳᠠᠵᠦ᠂ ᠮᠠᠯᠴᠢᠳ ᠲᠠᠢ ᠬᠠᠮᠳᠤᠪᠠᠷ ᠤᠷᠤᠯᠳᠤᠭᠠᠨ ᠢ ᠰᠤᠨᠢᠷᠬᠠᠵᠠᠢ᠃ ᠬᠤᠰᠢᠭᠤ ᠳᠡᠳ᠋ ᠳᠠᠷᠤᠭ᠎ᠠ ᠬᠠᠢ ᠵᠢᠶᠦ᠋ᠨ ᠠᠴᠠ ᠡᠬᠢᠯᠡᠯᠳᠡ ᠶᠢᠨ ᠶᠠᠷᠢᠶ᠎ᠠ ᠲᠠᠯᠪᠢᠵᠦ᠂ ᠤᠷᠤᠯᠳᠤᠭᠠᠨ ᠠᠮᠵᠢᠯᠳᠠ ᠲᠦᠭᠦᠷᠡᠩ ᠶᠠᠪᠤᠭᠳᠠᠬᠤ ᠶᠢ ᠬᠦᠰᠡᠨ ᠪᠡᠯᠭᠡᠳᠡᠭᠰᠡᠨ ᠪᠠᠶᠢᠨ᠎ᠠ᠃           ᠬᠤᠰᠢᠭᠤ ᠨᠠᠮ ᠤᠨ ᠬᠤᠷᠢᠶᠠᠨ ᠤ ᠱᠦᠵᠢ ᠬᠠᠰᠪᠠᠶᠠᠷ ᠠᠴᠠ ᠤᠷᠤᠯᠳᠤᠭᠠᠨ ᠡᠬᠢᠯᠡᠭᠰᠡᠨ ᠢ ᠵᠠᠷᠯᠠᠵᠤ᠂ ᠠᠪᠠᠭ᠎ᠠ ᠬᠤᠰᠢᠭᠤᠨ ᠤ ᠲᠤᠯᠤᠭᠠᠨ ᠰᠤᠮᠤ ᠪᠠᠯᠭᠠᠰᠤᠨ ᠤ ᠭᠤᠷᠪᠠᠨ ᠵᠠᠭᠤ ᠬᠤᠷᠢ ᠰᠢᠬᠠᠭᠤ ᠮᠠᠯ ᠤᠷᠤᠯᠳᠤᠭᠠᠨ ᠳᠤ ᠤᠷᠤᠯᠴᠠᠬᠤ ᠪᠠᠷ ᠰᠢᠯᠭᠠᠷᠠᠭᠤᠯᠤᠯᠳᠠ ᠶᠢᠨ ᠵᠠᠬ᠎ᠠ ᠳᠤ ᠢᠷᠡᠭᠰᠡᠨ ᠪᠠᠶᠢᠯ᠎ᠠ᠃ ᠴᠠᠭᠠᠨᠨᠠᠭᠤᠷ ᠪᠠᠯᠭᠠᠰᠤᠨ ᠤ ᠤᠯᠠᠭᠠᠨ ᠤᠳᠤ ᠭᠠᠴᠠᠭ᠎ᠠ ᠪᠠᠷ ᠨᠤᠳᠤᠭᠳᠠᠢ ᠡᠷᠭᠡ ᠶᠢᠨ ᠬᠢ ᠰᠢᠮᠧᠨ᠋ᠳ᠋ᠷ ᠦᠭᠡᠷ ᠮᠠᠯᠵᠢᠬᠤ ᠭᠤᠤᠯᠳᠠᠯᠭᠠᠳᠤ ᠡᠷᠦᠭᠡ ᠪᠠᠶᠢᠵᠦ᠂ ᠨᠠᠢᠮᠠᠨ ᠵᠢᠯ ᠳᠠᠷᠠᠭᠠᠯᠠᠨ ᠮᠠᠯ ᠤᠨ ᠡᠭᠦᠯᠳᠡᠷ ᠤᠨ ᠰᠢᠯᠭᠠᠷᠠᠭᠤᠯᠤᠯᠳᠠ ᠳᠤ ᠤᠷᠤᠯᠴᠠᠵᠠᠢ᠃ ᠰᠠᠶᠢᠨ ᠡᠭᠦᠯᠳᠡᠷ ᠢ ᠠᠷᠠᠴᠢᠯᠠᠨ ᠮᠠᠯᠵᠢᠵᠦ ᠨᠡᠯᠢᠶᠡᠳ ᠲᠤᠷᠰᠢᠯᠭ᠎ᠠ ᠲᠠᠢ ᠪᠤᠯᠤᠭᠰᠠᠨ ᠳᠡᠬᠦᠨ ᠤ ᠰᠢᠮᠧᠨ᠋ᠳ᠋ᠷ ᠦᠭᠡᠷ ᠨᠢ ᠤᠷᠤᠯᠳᠤᠭᠠᠨ ᠳᠤ ᠤᠷᠤᠯᠴᠠᠬᠤ ᠪᠤᠯᠭᠠᠨ ᠳᠠᠭᠠᠨ ᠬᠤᠶᠠᠷ ᠭᠤᠷᠪᠠᠳᠤᠭᠠᠷ ᠳᠡᠰ ᠤᠨ ᠰᠢᠯᠢᠳᠡᠭ ᠪᠦᠲᠦᠮᠵᠢ ᠶᠢ ᠤᠯᠤᠭᠰᠠᠭᠠᠷ ᠢᠷᠡᠵᠦ᠂ ᠦᠨᠦᠳᠦᠷ ᠴᠦ ᠲᠡᠷᠡ ᠪᠢᠳᠠᠨ ᠳᠤ ᠢᠳᠡᠭᠡᠯ ᠲᠦᠭᠦᠷᠡᠩ ᠢᠩᠭᠢᠵᠦ ᠶᠠᠷᠢᠯ᠎ᠠ᠄         — — ᠦᠨᠦ ᠵᠢᠯ 9 ᠳ᠋ᠤᠭᠡᠷ ᠤᠳᠠᠭ᠎ᠠ ᠤᠷᠤᠯᠴᠠᠵᠦ ᠪᠠᠶᠢᠨ᠎ᠠ᠃ ᠡᠨᠡ ᠤᠷᠤᠯᠳᠤᠭᠠᠨ ᠨᠢ ᠮᠠᠯ ᠤᠨ ᠴᠢᠨᠠᠷ ᠴᠢᠨᠰᠠᠭ᠎ᠠ ᠶᠢ ᠳᠡᠭᠡᠭᠰᠢᠯᠡᠬᠦᠯᠬᠦ ᠳᠤ ᠶᠡᠭᠡ ᠠᠰᠢᠭᠳᠠᠢ ᠶᠤᠮ ᠡ᠂ ᠬᠦᠮᠦᠨ ᠤ ᠬᠢ ᠦᠪᠡᠷ ᠤᠨ ᠬᠢ ᠶᠢ ᠶᠠᠮᠠᠷ ᠰᠢᠤ ᠪᠠᠶᠢᠨ᠎ᠠ ᠭᠡᠳᠡᠭ ᠢ ᠠᠳᠠᠯᠢᠳᠬᠠᠵᠦ ᠦᠵᠡᠨ᠎ᠠ ᠰᠢᠳᠠ᠃ ᠦᠨᠦᠳᠦᠷ ᠲᠠᠪᠤᠨ ᠦᠭᠡᠷ ᠠᠪᠴᠢᠷᠠᠭᠰᠠᠨ᠂ ᠬᠤᠶᠠᠷ ᠲᠤᠭᠤᠯ ᠨᠢᠭᠡ ᠭᠤᠨᠵᠢ ᠂ ᠬᠤᠶᠠᠷ ᠰᠢᠳᠤᠯᠠᠩ ᠪᠤᠬ᠎ᠠ ᠲᠠᠢ᠂ ᠮᠢᠨᠦ ᠬᠦᠰᠡᠭᠰᠡᠨ ᠢᠶᠠᠷ ᠨᠢᠭᠡ ᠬᠤᠶᠠᠷ ᠲᠤ ᠤᠷᠤᠬᠤ ᠪᠠᠶᠢᠬ᠎ᠠ ᠬᠡᠵᠦ ᠪᠤᠳᠤᠵᠦ ᠪᠠᠶᠢᠨ᠎ᠠ᠂ ᠡᠨᠡ ᠤᠯᠤᠰ ᠤᠨ ᠠᠪᠴᠢᠷᠠᠭᠰᠠᠨ ᠴᠦ ᠪᠦᠷ ᠰᠠᠶᠢᠬᠠᠨ ᠰᠠᠶᠢᠬᠠᠨ ᠡᠭᠦᠯᠳᠡᠷ ᠤᠨ ᠮᠠᠯ ᠤᠳ ᠪᠠᠶᠢᠨ᠎ᠠ ᠰᠢᠤ᠂ ᠭᠤᠶᠤ ᠪᠠᠶᠢᠨ᠎ᠠ ᠂ ᠪᠢ ᠤᠯᠠᠨ ᠵᠢᠯ ᠤᠷᠤᠵᠦ ᠪᠠᠶᠢᠭ᠎ᠠ ᠪᠤᠯᠬᠤᠷ ᠮᠠᠨ ᠤ ᠬᠤᠰᠢᠭᠤᠨ ᠤ ᠡᠨᠡᠬᠦ ᠮᠠᠯ ᠤᠨ ᠡᠭᠦᠯᠳᠡᠷ ᠤᠨ ᠰᠢᠯᠭᠠᠷᠠᠭᠤᠯᠤᠯᠳᠠ ᠵᠢᠯ ᠠᠴᠠ ᠵᠢᠯ ᠰᠠᠶᠢᠵᠢᠷᠠᠵᠦ ᠪᠠᠶᠢᠬᠤ ᠰᠢᠭ ᠰᠠᠨᠠᠭᠳᠠᠯ᠎ᠠ ᠬᠡᠵᠦ ᠰᠤᠷᠪᠤᠯᠵᠢᠯᠠᠭ᠎ᠠ ᠳᠤᠮᠳᠠ ᠶᠠᠷᠢᠨ᠎ᠠ᠃        ᠶᠡᠬᠡᠭᠤᠤᠯ ᠰᠤᠮᠤᠨ ᠤ ᠮᠠᠯᠴᠢᠨ ᠵᠠᠮᠪᠠᠯ ᠭᠤᠸᠠᠢ ᠪᠤᠯ ᠠᠩᠬ᠎ᠠ ᠤᠳᠠᠭ᠎ᠠ ᠤᠷᠤᠯᠳᠤᠭᠠᠨ ᠳᠤ ᠤᠷᠤᠯᠴᠠᠬᠤ ᠪᠠᠷ ᠢᠷᠡᠵᠦ ᠪᠠᠶᠢᠭ᠎ᠠ ᠮᠠᠯᠴᠢᠨ᠃ ᠳᠡᠳᠡᠨ ᠤ ᠬᠢ ᠤᠤᠯ ᠠᠴᠠ ᠪᠠᠨ ᠬᠤᠨᠢ ᠭᠤᠤᠯᠳᠠᠢ ᠮᠠᠯᠵᠢᠵᠦ᠂ ᠴᠦᠭᠡᠪᠳᠦᠷ ᠨᠤᠳᠤᠭ ᠤᠨ ᠦᠭᠡᠷ ᠪᠠ ᠰᠢᠮᠧᠨ᠋ᠳ᠋ᠷ ᠦᠭᠡᠷ ᠮᠠᠯᠵᠢᠵᠦ ᠪᠠᠶᠢᠵᠠᠢ᠃ ᠦᠨᠦ ᠵᠢᠯ ᠠᠴᠠ ᠰᠠᠶᠢᠨ ᠡᠭᠦᠯᠳᠡᠷ ᠤᠨ ᠦᠭᠡᠷ ᠨᠡᠮᠡᠵᠦ ᠤᠷᠤᠭᠤᠯᠤᠨ᠂ ᠠᠯᠬᠤᠮ ᠠᠯᠬᠤᠮ ᠢᠶᠠᠷ ᠰᠦᠷᠦᠭ ᠤᠨ ᠪᠦᠲᠦᠴᠠ ᠳᠡᠭᠡᠨ ᠲᠤᠬᠢᠷᠠᠭᠤᠯᠤᠯᠳᠠ ᠬᠢᠬᠦ ᠪᠠᠷ ᠳᠠᠮᠵᠢᠨ᠂ ᠴᠦᠭᠡᠨ ᠮᠠᠯ ᠠᠴᠠ ᠦᠨᠳᠦᠷ ᠦᠷ᠎ᠡ ᠠᠰᠢᠭ ᠤᠯᠬᠤ ᠰᠠᠨᠠᠭ᠎ᠠ ᠤᠷᠤᠵᠠᠢ᠃ ᠡᠶᠢᠨᠬᠦ ᠦᠨᠦᠳᠦᠷ ᠵᠠᠮᠪᠠᠯ ᠭᠤᠸᠠᠢ ᠦᠪᠡᠷ ᠤᠨ ᠰᠢᠮᠧᠨ᠋ᠳ᠋ᠷ ᠪᠤᠬ᠎ᠠ ᠪᠠᠨ ᠳᠡᠭᠡᠭᠡᠵᠦ ᠠᠪᠴᠢᠷᠠᠨ᠂ ᠪᠤᠰᠤᠳ ᠤᠨ ᠬᠢ ᠲᠠᠢ ᠠᠳᠠᠯᠢᠳᠬᠠᠬᠤ ᠶᠢᠨ ᠬᠠᠮᠲᠦ ᠲᠤᠷᠰᠢᠯᠭ᠎ᠠ ᠬᠤᠷᠠᠮᠳᠤᠭᠤᠯᠬᠤ ᠡᠬᠦᠳᠡᠨ ᠠᠴᠠ ᠤᠷᠤᠯᠳᠤᠭᠠᠨ ᠢ ᠵᠤᠷᠢᠨ ᠢᠷᠡᠵᠠᠢ᠃ ᠵᠠᠮᠪᠠᠯ ᠭᠤᠸᠠᠢ᠄        — — ᠪᠢ ᠶᠡᠬᠡᠭᠤᠤᠯ ᠰᠤᠮᠤᠨ ᠤ ᠵᠢᠪᠬᠤᠯᠠᠩᠲᠦ ᠭᠠᠴᠠᠭᠠᠨ ᠤ ᠮᠠᠯᠴᠢᠨ ᠪᠠᠶᠢᠨ᠎ᠠ᠃ ᠢᠩᠭᠢᠭᠡᠳ ᠡᠨᠡ ᠤᠳᠠᠭᠠᠨ ᠤ ᠮᠠᠯ ᠤᠨ ᠰᠢᠯᠭᠠᠷᠠᠭᠤᠯᠤᠯᠳᠠ ᠳᠤ ᠢᠷᠡᠵᠦ᠂ ᠦᠪᠡᠷ ᠤᠨ ᠠᠪᠴᠢᠷᠠᠭᠰᠠᠨ ᠦᠭᠡᠷ ᠢᠶᠠᠨ ᠦᠵᠡᠬᠦᠯᠦᠶ᠎ᠡ᠂ ᠴᠤᠬᠤᠮ ᠬᠢᠷᠢ ᠳᠡᠩᠴᠡᠵᠦ ᠪᠠᠶᠢᠨ᠎ᠠ ᠤᠤ ᠦᠭᠡᠢ ᠤᠤ᠂ ᠪᠢ ᠭᠠᠳᠠᠨ᠎ᠠ ᠤᠷᠤᠨ ᠠᠴᠠ ᠨᠢᠭᠡ ᠭᠡᠰᠡᠭ ᠦᠭᠡᠷ ᠤᠷᠤᠭᠤᠯᠤᠭᠰᠠᠨ᠂ ᠢᠩᠭᠢᠭᠡᠳ ᠡᠨᠡ ᠤᠳᠠᠭᠠᠨ ᠤ ᠰᠢᠯᠭᠠᠷᠠᠭᠤᠯᠤᠯᠳᠠ ᠪᠠᠷ ᠳᠠᠮᠵᠢᠨ ᠦᠪᠡᠷ ᠤᠨ ᠤᠷᠤᠭᠤᠯᠵᠦ ᠢᠷᠡᠭᠰᠡᠨ ᠦᠷ᠎ᠡ ᠶᠢᠨ ᠮᠠᠯ ᠤᠨ ᠢᠶᠠᠨ ᠳ᠋ᠦᠩᠨᠡᠯᠳᠡ ᠶᠢ ᠠᠳᠠᠯᠢᠳᠬᠠᠵᠦ ᠦᠵᠡᠶ᠎ᠡ ᠭᠡᠵᠦ ᠪᠤᠳᠤᠯ᠎ᠠ᠃ ᠬᠤᠶᠢᠰᠢᠳᠠ ᠪᠠᠨ ᠪᠢ ᠪᠠᠰᠠ ᠴᠦᠭᠡᠨ ᠮᠠᠯ ᠠᠴᠠ ᠦᠨᠳᠦᠷ ᠦᠷ᠎ᠡ ᠠᠰᠢᠭ ᠤᠯᠬᠤ ᠬᠠᠷᠠᠯᠳᠠ ᠲᠠᠢ ᠪᠠᠶᠢᠨ᠎ᠠ᠃ ᠨᠤᠳᠤᠭ ᠪᠡᠯᠴᠢᠭᠡᠷ ᠲᠠᠴᠢᠷᠳᠠᠭᠰᠠᠨ᠂ ᠮᠠᠯ ᠤᠨ ᠲᠤᠭ᠎ᠠ ᠲᠤᠯᠤᠭᠠᠢ ᠠᠬᠠᠳᠠᠭᠰᠠᠨ᠂ ᠪᠠᠶᠢᠭᠠᠯᠢ ᠶᠢᠨ ᠡᠷᠬᠢᠯᠳᠡ ᠪᠠᠰᠠ ᠵᠤᠬᠢᠴᠠ ᠪᠠᠨ ᠠᠯᠳᠠᠭᠰᠠᠨ ᠤᠴᠢᠷ ᠠᠴᠠ ᠦᠭᠡᠷ ᠮᠠᠯᠵᠢᠬᠤ ᠡᠶᠢᠮᠦ ᠨᠢᠭᠡ ᠰᠠᠨᠠᠭ᠎ᠠ ᠤᠷᠤᠭᠠᠳ᠂ ᠢᠩᠭᠢᠭᠡᠳ ᠮᠠᠯ ᠢᠶᠠᠨ ᠴᠦᠭᠡᠴᠢᠯᠡᠵᠦ᠂ ᠬᠤᠨᠢ ᠪᠠᠨ ᠦᠭᠡᠷ ᠪᠤᠯᠭᠠᠬᠤ ᠬᠠᠷᠠᠯᠳᠠ ᠲᠠᠢ ᠪᠠᠶᠢᠨ᠎ᠠ᠃ ᠠᠩᠬ᠎ᠠ ᠤᠳᠠᠭ᠎ᠠ ᠲᠤᠰ ᠤᠷᠤᠯᠳᠤᠭᠠᠨ ᠳᠤ ᠮᠠᠯ ᠢᠶᠠᠨ ᠠᠪᠴᠢᠷᠠᠨ ᠤᠷᠤᠯᠴᠠᠵᠦ ᠪᠠᠶᠢᠨ᠎ᠠ᠂ ᠬᠦᠮᠦᠨ ᠪᠠᠰᠠ ᠠᠷᠪᠢᠨ ᠴᠤᠭᠯᠠᠷᠠᠯ᠎ᠠ᠂ ᠠᠳᠡ ᠳᠡᠨᠳᠡᠬᠢ ᠶᠢᠨ ᠰᠠᠶᠢᠬᠠᠨ ᠰᠠᠶᠢᠬᠠᠨ ᠦᠭᠡᠷ᠂ ᠬᠤᠨᠢ᠂ ᠠᠳᠤᠭᠤ ᠴᠤᠭᠯᠠᠷᠠᠵᠦ ᠶᠡᠭᠡ ᠰᠠᠶᠢᠬᠠᠨ ᠪᠠᠶᠢᠨ᠎ᠠ᠃ ᠬᠤᠶᠢᠰᠢᠳᠠ ᠪᠠᠰᠠ ᠦᠷᠬᠦᠯᠵᠢᠯᠡᠨ ᠤᠷᠤᠯᠴᠠᠶ᠎ᠠ ᠭᠡᠵᠦ ᠪᠤᠳᠤᠵᠦ ᠪᠠᠶᠢᠨ᠎ᠠ ᠭᠡᠯ᠎ᠡ᠃ᠮᠠᠨ ᠤ ᠬᠤᠰᠢᠭᠤ ᠨᠢ ᠮᠠᠯ ᠤᠨ ᠡᠬᠦᠯᠳᠡᠷ ᠰᠢᠯᠭᠠᠷᠠᠭᠤᠯᠬᠤ ᠤᠷᠤᠯᠳᠤᠭᠠᠨ ᠢ ᠵᠢᠯ ᠪᠤᠯᠭᠠᠨ ᠪᠠᠷᠢᠮᠳᠠᠯᠠᠭᠰᠠᠭᠠᠷ ᠢᠷᠡᠵᠦ᠂ ᠤᠷᠤᠯᠳᠤᠭᠠᠨ ᠤ ᠲᠤᠬᠢᠶᠠᠯ ᠢᠶᠠᠷ ᠴᠦ ᠮᠠᠯᠴᠢᠳ ᠮᠠᠨᠢ ᠨᠢᠭᠡᠨ ᠳᠤᠤᠷ᠎ᠠ ᠬᠤᠷᠠᠨ ᠴᠤᠭᠯᠠᠷᠠᠵᠦ ᠮᠠᠯ ᠤᠨ ᠠᠳᠠᠯᠢᠳᠬᠠᠯ ᠬᠢᠬᠦ ᠶᠢᠨ ᠵᠡᠷᠭᠡ ᠮᠠᠯᠵᠢᠯ ᠤᠨ ᠲᠤᠷᠰᠢᠯᠭ᠎ᠠ ᠰᠤᠷᠭᠠᠮᠵᠢ᠂ ᠦᠷ᠎ᠠ ᠠᠰᠢᠭ᠂ ᠤᠶᠢᠯᠠᠭᠠᠯᠳᠠ ᠲᠦᠷᠦᠭᠳᠡᠯ ᠢᠶᠠᠨ ᠬᠤᠪᠢᠶᠠᠯᠴᠠᠨ᠂ ᠬᠠᠮᠳᠤᠪᠡᠷ ᠴᠢᠨᠡᠭᠡᠯᠢᠭ ᠵᠠᠮ ᠢ ᠬᠦᠳᠦᠯᠬᠦ ᠦᠵᠡᠯ ᠪᠤᠳᠤᠯ ᠢᠶᠠᠨ ᠳᠡᠯᠭᠡᠬᠦ ᠰᠠᠶᠢᠬᠠᠨ ᠲᠠᠪᠴᠠᠩ ᠪᠤᠯᠵᠦ ᠦᠩᠭᠡᠷᠡᠳᠡᠭ ᠨᠢ ᠪᠠᠭ᠋ᠠᠷᠬᠠᠯᠳᠠᠢ᠃         ᠦᠨᠦᠳᠦᠷ ᠨᠡᠶᠢᠳᠡ 180 ᠰᠢᠮᠧᠨᠧᠳ᠋ᠷ ᠦᠭᠡᠷ᠂ 100 ᠤᠷᠢᠶᠠᠩᠬᠠᠨ ᠬᠤᠨᠢ᠂ 30 ᠠᠪᠠᠭ᠎ᠠ ᠬᠠᠷ᠎ᠠ ᠠᠳᠤᠭᠤ ᠰᠢᠯᠭᠠᠷᠠᠭᠤᠯᠤᠯᠳᠠ ᠳᠤ ᠢᠷᠡᠵᠠᠢ᠃ ᠲᠤᠰ ᠤᠷᠤᠯᠳᠤᠭᠠᠨ ᠤ ᠲᠤᠬᠠᠢ ᠮᠠᠯ ᠠᠵᠦ ᠠᠬᠤᠢ ᠶᠢᠨ ᠠᠵᠢᠯᠯᠠᠬᠤ ᠦᠷᠳᠡᠭᠡᠨ ᠤ ᠳᠠᠷᠤᠭ᠎ᠠ ᠰᠤᠪᠤᠳ ᠠᠴᠠ ᠪᠢᠳᠠᠨ ᠤ ᠰᠤᠷᠪᠤᠯᠵᠢᠯᠠᠭ᠎ᠠ ᠳᠤ ᠬᠠᠨᠳᠦᠵᠦ ᠬᠡᠯᠡᠬᠦ ᠳᠡᠭᠡᠨ᠄         — — ᠮᠠᠯ ᠤᠨ ᠡᠭᠦᠯᠳᠡᠷ ᠰᠠᠶᠢᠵᠢᠷᠠᠭᠤᠯᠬᠤ ᠪᠤᠯ ᠮᠠᠯ ᠳᠡᠵᠢᠭᠡᠪᠦᠷᠢ ᠶᠢᠨ ᠡᠷᠯᠢᠰ ᠤᠨ ᠳᠠᠪᠠᠭᠤᠯᠢᠭ ᠢ ᠠᠰᠢᠭᠯᠠᠵᠦ ᠪᠠᠶᠢᠭᠠᠳ᠂ ᠮᠠᠯ ᠤᠨ ᠪᠤᠳᠠᠭᠠᠯᠢ ᠪᠡᠶ᠎ᠡ ᠶᠢᠨ ᠶᠠᠰᠦ ᠴᠢᠨᠠᠷ ᠢ ᠳᠡᠭᠡᠰᠢᠯᠡᠬᠦᠯᠦᠨ᠂ ᠪᠤᠳᠠᠭᠠᠯᠢ ᠪᠡᠶ᠎ᠡ ᠶᠢᠨ ᠦᠷᠳᠡᠭ ᠢ ᠨᠢ ᠳᠡᠭᠡᠭᠰᠢᠯᠡᠬᠦᠯᠵᠦ᠂ ᠮᠠᠯᠴᠢᠳ ᠤᠨ ᠤᠷᠤᠯᠭ᠎ᠠ ᠶᠢ ᠨᠡᠮᠡᠭᠳᠡᠬᠦᠯᠬᠦ ᠵᠤᠷᠢᠯᠭ᠎ᠠ ᠲᠠᠢ᠃ ᠮᠠᠨ ᠤ ᠬᠤᠰᠢᠭᠤ ᠨᠢ 2004 ᠤᠨ ᠠᠴᠠ ᠡᠬᠢᠯᠡᠨ ᠰᠠᠶᠢᠨ ᠡᠭᠦᠯᠳᠡᠷ ᠤᠨ ᠮᠠᠯ ᠤᠨ ᠠᠳᠠᠯᠢᠳᠬᠠᠨ ᠰᠢᠯᠭᠠᠷᠠᠭᠤᠯᠤᠯᠳᠠ ᠶᠢᠨ ᠠᠵᠢᠯ ᠢ ᠬᠢᠵᠠᠢ᠃ ᠡᠨᠡ ᠠᠳᠠᠯᠢᠳᠬᠠᠨ ᠰᠢᠯᠭᠠᠷᠠᠭᠤᠯᠤᠯᠳᠠ ᠶᠢ ᠬᠢᠵᠦ ᠪᠠᠶᠢᠭ᠎ᠠ ᠶᠢᠨ ᠵᠤᠷᠢᠯᠭ᠎ᠠ ᠪᠤᠯ᠂ ᠮᠠᠯᠴᠢᠳ ᠤᠨ ᠰᠠᠶᠢᠨ ᠡᠭᠦᠯᠳᠡᠷ ᠤᠨ ᠮᠠᠯ ᠮᠠᠯᠵᠢᠵᠦ᠂ ᠴᠦᠭᠡᠨ ᠮᠠᠯ ᠠᠴᠠ ᠦᠨᠳᠦᠷ ᠦᠷ᠎ᠡ ᠠᠰᠢᠭ ᠤᠯᠬᠤ ᠢᠳᠡᠪᠬᠢᠵᠢᠯ ᠢ ᠳᠠᠶᠢᠴᠢᠯᠠᠬᠤ ᠶᠢᠨ ᠲᠦᠯᠦᠭᠡ ᠶᠤᠮ ᠬᠡᠰᠡᠨ ᠪᠠᠶᠢᠨ᠎ᠠ᠃ᠤᠷᠤᠯᠳᠤᠭᠠᠨ ᠨᠢ ᠤᠷᠢᠶᠠᠩᠬᠠᠢ ᠦᠬᠢᠨ ᠬᠤᠷᠠᠭ᠎ᠠ᠂ ᠤᠷᠢᠶᠠᠩᠬᠠᠢ ᠬᠤᠷᠠᠭᠠᠨ ᠬᠤᠴᠠ᠂ ᠦᠬᠢᠨ ᠰᠢᠳᠤᠯᠠᠩ᠂ ᠰᠢᠳᠤᠯᠠᠩ ᠬᠤᠴᠠ᠂ ᠰᠢᠮᠧᠨᠧᠳ᠋ᠷ ᠦᠬᠢᠨ ᠲᠤᠭᠤᠯ᠂ ᠡᠷ᠎ᠡ ᠲᠤᠭᠤᠯ᠂ ᠰᠢᠮᠧᠨᠧᠳ᠋ᠷ ᠰᠢᠳᠤᠯᠠᠩ ᠪᠤᠬ᠎ᠠ᠂ ᠰᠢᠳᠤᠯᠠᠩ ᠭᠤᠨᠵᠢ᠂ ᠠᠪᠠᠭ᠎ᠠ ᠬᠠᠷ᠎ᠠ ᠠᠵᠢᠷᠭ᠎ᠠ᠂ ᠠᠪᠠᠭ᠎ᠠ ᠬᠠᠷ᠎ᠠ ᠭᠡᠬᠦᠦ ᠵᠡᠷᠭᠡᠪᠡᠷ ᠲᠦᠷᠦᠯ ᠬᠤᠪᠢᠶᠠᠨ ᠰᠢᠯᠭᠠᠷᠠᠭᠤᠯᠤᠯᠳᠠ ᠬᠢᠵᠠᠢ᠃ ᠬᠢᠨᠠᠭᠴᠢᠳ ᠨᠢ ᠴᠦ ᠲᠤᠰᠬᠠᠢ ᠮᠡᠷᠭᠡᠵᠢᠯ ᠤᠨ ᠬᠦᠮᠦᠰ ᠢᠶᠠᠷ ᠪᠦᠷᠢᠯᠳᠦᠵᠦ᠂ ᠤᠯᠤᠰ ᠤᠨ ᠰᠢᠯᠢᠳᠡᠭ ᠡᠬᠦᠯᠳᠡᠷ ᠤᠨ ᠮᠠᠯ ᠤᠨ ᠠᠳᠠᠯᠢᠳᠬᠠᠯ ᠤᠨ ᠪᠠᠷᠢᠮᠵᠢᠶ᠎ᠡ ᠪᠠᠷ ᠰᠢᠯᠭᠠᠷᠠᠭᠤᠯᠤᠯᠳᠠ ᠬᠢᠵᠦ᠂ ᠮᠠᠯ ᠤᠨ ᠪᠡᠶ᠎ᠡ ᠪᠢᠯᠳᠠᠷ᠂ ᠦᠩᠭᠡ ᠵᠢᠰᠤᠮ᠂ ᠡᠭᠦᠯᠳᠡᠷ ᠤᠭᠰᠠᠭ᠎ᠠ ᠵᠡᠷᠭᠡ ᠲᠠᠯ᠎ᠠ ᠪᠠᠷ ᠨᠠᠷᠢᠨ ᠨᠢᠮᠪᠠᠢ ᠰᠢᠨᠵᠢᠨ ᠰᠢᠯᠭᠠᠷᠠᠭᠤᠯᠵᠠᠢ᠃ ᠲᠤᠰ ᠡᠳᠦᠷ ᠤᠨ ᠦᠳᠡ ᠶᠢᠨ ᠬᠤᠶᠢᠨᠠᠬᠢ 3 ᠴᠠᠭ ᠲᠤ ᠬᠦᠰᠡᠨ ᠬᠦᠯᠢᠶᠡᠬᠦ ᠮᠠᠯᠴᠢᠳ ᠲᠤ ᠦᠷ᠎ᠡ ᠳ᠋ᠦᠩ ᠢ ᠨᠢ ᠨᠡᠶᠢᠳᠡᠯᠡᠵᠦ᠂ ᠤᠯᠠᠨ ᠰᠠᠶᠢᠬᠠᠨ ᠡᠭᠦᠯᠳᠡᠷ ᠤᠨ ᠮᠠᠯ ᠤᠳ ᠤᠯᠠᠨ ᠤ ᠪᠠᠭ᠋ᠠᠷᠬᠠᠯ ᠰᠠᠶᠢᠰᠢᠶᠠᠯ ᠢ ᠬᠦᠷᠳᠡᠵᠦ᠂ ᠱᠠᠩ ᠪᠡᠯᠡᠭ ᠢᠶᠠᠷ ᠮᠢᠯᠢᠶᠠᠯᠭᠠᠨ᠎ᠠ᠃        ᠤᠷᠢᠶᠠᠩᠬᠠᠢ ᠦᠬᠢᠨ ᠬᠤᠷᠠᠭ᠎ᠠ ᠶᠢᠨ ᠰᠢᠯᠭᠠᠷᠠᠭᠤᠯᠤᠯᠳᠠ ᠶᠢᠨ ᠨᠢᠭᠡᠳᠦᠭᠡᠷ ᠳᠡᠰ ᠲᠤ ᠨᠠᠷᠠᠨᠪᠤᠯᠠᠭ ᠰᠤᠮᠤᠨ ᠤ ᠦᠷᠭᠡᠨᠲᠡᠯ᠎ᠡ ᠭᠠᠴᠠᠭᠠᠨ ᠤ ᠡᠷᠬᠢᠮᠲᠦ ᠶᠢᠨ ᠬᠤᠷᠠᠭ᠎ᠠ ᠳᠤᠳᠤᠷᠠᠵᠦ᠂ ᠤᠷᠢᠶᠠᠩᠬᠠᠢ ᠬᠤᠷᠠᠭᠠᠨ ᠬᠤᠴᠠ ᠶᠢᠨ ᠨᠢᠭᠡᠳᠦᠭᠡᠷ ᠳᠡᠰ ᠲᠤ ᠪᠡᠯᠭᠦᠳᠡᠢ ᠪᠠᠯᠭᠠᠰᠤᠨ ᠤ ᠤᠯᠠᠨᠪᠤᠯᠠᠭ ᠭᠠᠴᠠᠭᠠᠨ ᠤ ᠴᠡᠪᠡᠭᠮᠢᠳ ᠤᠨ ᠬᠤᠷᠠᠭᠠᠨ ᠬᠤᠴᠠ᠂ ᠤᠷᠢᠶᠠᠩᠬᠠᠢ ᠦᠬᠢᠨ ᠰᠢᠳᠤᠯᠠᠩ ᠤᠨ ᠰᠢᠯᠭᠠᠷᠠᠭᠤᠯᠤᠯᠳᠠ ᠳᠤ ᠶᠡᠬᠡᠭᠤᠤᠯ ᠰᠤᠮᠤᠨ ᠤ ᠶᠡᠬᠡᠨ᠋ᠤᠰᠤ ᠭᠠᠴᠠᠭᠠᠨ ᠤ ᠰᠡᠴᠡᠨᠴᠤᠭᠲᠤ ᠶᠢᠨ ᠬᠤᠨᠢ᠂ ᠤᠷᠢᠶᠠᠩᠬᠠᠢ ᠰᠢᠳᠤᠯᠠᠩ ᠬᠤᠴᠠ ᠶᠢᠨ ᠰᠢᠯᠭᠠᠷᠠᠭᠤᠯᠤᠯᠳᠠ ᠳᠤ ᠪᠡᠯᠭᠦᠳᠡᠢ ᠪᠠᠯᠭᠠᠰᠤᠨ ᠤ ᠤᠯᠠᠨᠪᠤᠯᠠᠭ ᠭᠠᠴᠠᠭᠠᠨ ᠤ ᠴᠡᠪᠡᠭᠮᠢᠳ ᠤᠨ ᠬᠤᠴᠠ ᠲᠤᠰ ᠲᠤᠰ ᠨᠢᠭᠡᠳᠦᠭᠡᠷ ᠳᠡᠰ ᠲᠤ ᠳᠤᠳᠤᠷᠠᠭᠰᠠᠨ ᠪᠠᠶᠢᠨ᠎ᠠ᠃         ᠰᠢᠮᠧᠨ᠋ᠳ᠋ᠷ ᠦᠬᠢᠨ ᠲᠤᠭᠤᠯ ᠶᠢᠨ ᠰᠢᠯᠭᠠᠷᠠᠭᠤᠯᠤᠯᠳᠠ ᠳᠤ ᠬᠤᠩᠭᠤᠷᠭᠤᠤᠯ ᠪᠠᠯᠭᠠᠰᠤᠨ ᠤ ᠶᠡᠬᠡᠪᠤᠯᠠᠭ ᠭᠠᠴᠠᠭᠠᠨ ᠤ ᠮᠠᠯᠴᠢᠨ ᠬᠠᠳᠠ ᠶᠢᠨ ᠲᠤᠭᠤᠯ ᠲᠡᠷᠢᠬᠦᠯᠡᠵᠦ᠂ ᠰᠢᠮᠧᠨ᠋ᠳ᠋ᠷ ᠡᠷ᠎ᠡ ᠲᠤᠭᠤᠯ ᠤᠨ ᠰᠢᠯᠭᠠᠷᠠᠭᠤᠯᠤᠯᠳᠠ ᠳᠤ ᠬᠤᠩᠭᠤᠷᠭᠤᠤᠯ ᠪᠠᠯᠭᠠᠰᠤᠨ ᠤ ᠪᠠᠶᠠᠠᠭᠤᠤᠯ ᠭᠠᠴᠠᠭᠠᠨ ᠤ ᠦᠨᠢᠪᠠᠲᠦ ᠶᠢᠨ ᠲᠤᠭᠤᠯ ᠨᠢᠭᠡᠳᠦᠭᠡᠷ ᠲᠤ ᠤᠷᠤᠵᠦ᠂ ᠰᠢᠮᠧᠨ᠋ᠳ᠋ᠷ ᠰᠢᠳᠤᠯᠠᠩ ᠪᠤᠬ᠎ᠠ ᠶᠢᠨ ᠰᠢᠯᠭᠠᠷᠠᠭᠤᠯᠤᠯᠳᠠ ᠳᠤ ᠬᠤᠩᠭᠤᠷᠭᠤᠤᠯ ᠪᠠᠯᠭᠠᠰᠤᠨ ᠤ ᠶᠡᠬᠡᠪᠤᠯᠠᠭ ᠭᠠᠴᠠᠭᠠᠨ ᠤ ᠮᠠᠯᠴᠢᠨ ᠬᠠᠳᠠ ᠶᠢᠨ ᠪᠤᠬ᠎ᠠ᠂ ᠰᠢᠮᠧᠨ᠋ᠳ᠋ᠷ ᠰᠢᠳᠤᠯᠠᠩ ᠭᠤᠨᠵᠢ ᠳᠤ ᠬᠤᠩᠭᠤᠷᠭᠤᠤᠯ ᠪᠠᠯᠭᠠᠰᠤᠨ ᠤ ᠠᠯᠲᠠᠨᠲᠦ᠋ᠭᠦᠷᠢᠭ ᠭᠠᠴᠠᠭᠠᠨ ᠤ ᠳᠠᠪᠬᠤᠷᠪᠠᠶᠠᠷ ᠤᠨ ᠭᠤᠨᠵᠢ ᠲᠣᠰ ᠲᠣᠰ ᠨᠢᠭᠡᠳᠦᠭᠡᠷ ᠳᠡᠰ ᠲᠤ ᠤᠷᠤᠵᠠᠢ᠃ ᠠᠪᠠᠭ᠎ᠠ ᠬᠠᠷ᠎ᠠ ᠠᠵᠢᠷᠭ᠎ᠠ ᠶᠢᠨ ᠰᠢᠯᠭᠠᠷᠠᠭᠤᠯᠤᠯᠳᠠ ᠳᠤ ᠪᠡᠯᠭᠦᠳᠠᠢ ᠪᠠᠯᠭᠠᠰᠤᠨ ᠤ ᠪᠤᠨᠳᠠᠷᠢ ᠭᠠᠴᠠᠭᠠᠨ ᠤ ᠭᠠᠩᠪᠤᠯᠤᠳ ᠤᠨ ᠠᠵᠢᠷᠭ᠎ᠠ᠂ ᠠᠪᠠᠭ᠎ᠠ ᠬᠠᠷ᠎ᠠ ᠭᠡᠬᠦᠦ ᠶᠢᠨ ᠰᠢᠯᠭᠠᠷᠠᠭᠤᠯᠤᠯᠳᠠ ᠳᠤ ᠬᠤᠩᠭᠤᠷᠭᠤᠤᠯ ᠪᠠᠯᠭᠠᠰᠤᠨ ᠤ ᠰᠠᠷᠠᠭᠤᠯᠰᠢᠯᠢ ᠭᠠᠴᠠᠭᠠᠨ ᠤ ᠪᠢᠯᠢᠭ ᠤᠨ ᠭᠡᠬᠦᠦ ᠲᠤᠰ ᠲᠤᠰ ᠨᠢᠭᠡᠳᠦᠭᠡᠷ ᠳᠡᠰ ᠲᠤ ᠤᠷᠤᠵᠦ ᠂ ᠮᠠᠯᠴᠢᠳ ᠲᠤ ᠱᠠᠩᠨᠠᠯ ᠤᠨ ᠮᠦᠩᠭᠦ ᠭᠠᠷᠳᠠᠭᠤᠯᠤᠨ ᠤᠷᠮᠠᠰᠢᠭᠤᠯᠤᠯ ᠪᠤᠯᠭᠠᠭᠰᠠᠨ ᠪᠢᠯᠡ᠃
 
ᠢᠷᠡᠯᠲᠡ᠄ ᠰᠠᠷᠠᠨ᠎ᠠ ︵ᠠᠪᠠᠭ᠎ᠠ ᠬᠤᠰᠢᠭᠤᠨ ᠤ ᠲᠧᠯᠸᠢᠰ ᠬᠤᠷᠢᠶ᠎ᠠ︶
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号