| | | | ᠸᠠᠩᠵᠢᠯᠴᠡᠳᠡᠩ | ᠠᠪᠠᠭ᠋ᠠᠨᠠᠷ ᠠᠶᠢᠮᠠᠭ ᠪᠣᠯ ᠶᠣᠸᠠᠨ ᠣᠯᠣᠰ ᠤᠨ ᠳᠠᠶᠢᠽᠣ ᠴᠢᠩᠭᠢᠰ ᠤᠨ ᠳᠡᠭᠦᠦ ᠪᠢᠯᠡᠭᠦᠳᠠᠢ ᠠᠴᠠ ᠦᠶ᠎ᠡ | ᠣᠯᠠᠮᠵᠢᠯᠠᠨ ᠠᠷᠪᠠᠨ ᠨᠠᠢᠮᠠᠳᠣᠭᠠᠷ ᠠᠴᠢ ᠦᠷ᠎ᠡ ᠨᠣᠮᠳᠣ ᠮᠠᠩᠬᠢᠲᠣ ᠶᠢᠨ ᠦᠶ᠎ᠡ ᠠᠴᠠ ᠦᠪᠡᠷ ᠤᠨ ᠠᠶᠢᠮᠠᠭ ᠢᠶᠠᠨ | 《 ᠠᠪᠠᠭ᠎ᠠ ᠨᠠᠷ 》 ᠭᠡᠵᠣ ᠨᠡᠷᠡᠯᠡᠭᠰᠡᠨ ᠭᠡᠨ᠎ᠡ᠃ ᠲᠡᠷᠡ ᠦᠶ᠎ᠡ ᠳᠤ ᠡᠨᠡ ᠠᠶᠢᠮᠠᠭ ᠬᠠᠩᠭᠠᠢ ᠬᠠᠨ ᠤ ᠠᠷᠣ ᠳᠤ | ᠣᠨᠣᠨ ᠬᠡᠷᠡᠯᠣᠨ ᠤ ᠬᠦᠪᠡᠭᠡ ᠳᠠᠭᠠᠣ ᠨᠣᠳᠣᠭᠯᠠᠵᠣ ᠰᠡᠴᠡᠨ ᠬᠠᠨ ᠠᠶᠢᠮᠠᠭ ᠲᠤ ᠬᠠᠷᠢᠶᠠᠯᠠᠭᠳᠠᠵᠣ ᠪᠠᠶᠢᠵᠠᠢ᠃ | ᠨᠣᠮᠳᠣ ᠮᠠᠩᠭᠢᠳᠣ ᠠᠴᠠ ᠬᠤᠶᠠᠷ ᠬᠦᠪᠡᠭᠦᠨ ᠲᠠᠢ᠂ ᠠᠬᠠᠮᠠᠳ ᠬᠦᠪᠡᠭᠦᠨ ᠴᠡᠷᠡᠨᠮᠡᠷᠭᠡᠨ᠂ ᠳᠡᠳ᠋ ᠬᠦᠪᠡᠭᠦᠨ | ᠳᠣᠩᠶ᠋ᠢᠰᠧᠯᠪᠤ ︵ᠳᠣᠩᠶᠣᠳᠰᠧᠯᠪᠤ︶ ᠭᠡᠳᠡᠭ᠂ ᠲᠡᠷᠡ ᠬᠤᠶᠠᠷ ᠠᠴᠠ ᠡᠬᠢᠯᠡᠨ ᠪᠠᠷᠠᠭᠤᠨ ᠵᠡᠭᠦᠨ ᠬᠤᠶᠡᠷ ᠠᠪᠠᠭ᠋ᠠᠨᠠᠷ | ᠤᠨ ᠵᠠᠰᠠᠭ ᠨᠣᠶᠠᠳ ᠤᠨ ᠦᠶ᠎ᠡ ᠵᠡᠷᠭᠡ ᠵᠠᠯᠭᠠᠮᠵᠢᠯᠠᠭᠰᠠᠭᠠᠷ ᠢᠷᠡᠵᠠᠢ᠃ | ᠴᠢᠩ ᠣᠯᠣᠰ ᠤᠨ ᠡᠩᠬᠡ ᠠᠮᠣᠭᠤᠯᠠᠩ ᠬᠠᠭᠠᠨ ᠤ ᠳᠡᠷᠢᠭᠦᠨ ᠣᠨ ︵ᠨᠡᠶᠢᠳᠡ ᠶᠢᠨ ᠣᠨ ᠳᠣᠭᠠᠯᠠᠯ ᠤᠨ | 1662 ᠣᠨ︶ ᠳᠤ ᠴᠡᠷᠡᠨᠮᠡᠷᠭᠡᠨ ᠦᠪᠡᠷ ᠤᠨ ᠬᠠᠷᠢᠶᠠᠳᠣ ᠪᠠᠨ ᠳᠠᠭᠠᠭᠤᠯᠣᠨ ᠴᠢᠩ ᠣᠯᠣᠰ ᠢ ᠳᠡᠭᠠᠷᠠ ᠢᠷᠡᠭᠡᠳ | ᠡᠩᠬᠡ ᠠᠮᠣᠭᠤᠯᠠᠩ ᠤᠨ ᠵᠢᠷᠭᠤᠳᠣᠭᠠᠷ ᠣᠨ ︵ᠨᠡᠶᠢᠳᠡ ᠶᠢᠨ ᠣᠨ ᠳᠣᠭᠠᠯᠠᠯ ᠤᠨ 1667 ᠣᠨ︶ ᠳᠤ ᠠᠪᠠᠭ᠋ᠠᠨᠠᠷ | ᠪᠠᠷᠠᠭᠤᠨ ᠬᠤᠰᠢᠭᠤᠨ ᠤ ᠵᠠᠰᠠᠭ ᠲᠦᠷᠦ ᠶᠢᠨ ᠪᠡᠶᠢᠯᠡ ᠡᠷᠭᠦᠮᠵᠢᠯᠡᠭᠳᠡᠵᠣ ᠦᠶ᠎ᠡ ᠣᠯᠠᠷᠢᠨ ᠳᠣᠰ ᠬᠤᠰᠢᠭᠤᠨ ᠤ | ᠵᠠᠰᠠᠭ ᠲᠦᠷᠦ ᠶᠢᠨ ᠡᠷᠬᠡ ᠪᠠᠷᠢᠵᠣ ᠢᠷᠡᠵᠦᠬᠦᠢ᠃ ᠴᠡᠴᠡᠨᠮᠡᠷᠭᠡᠨ ᠠᠴᠠ ᠮᠢᠨᠣ ᠡᠴᠢᠭᠡ ᠰᠣᠳᠨᠠᠮᠨᠣᠷᠪᠤ ᠭᠦᠷᠳᠡᠯ᠎ᠡ | ᠨᠡᠶᠢᠳᠡ ᠠᠷᠪᠡᠨ ᠲᠦᠷᠪᠡᠨ ᠦᠶ᠎ᠡ ᠵᠠᠯᠭᠠᠮᠵᠢᠯᠠᠵᠠᠢ᠃ ᠪᠢ ᠪᠣᠯ ᠰᠣᠳᠨᠠᠮᠨᠣᠷᠪᠤ ᠶᠢᠨ ᠬᠤᠶᠠᠳᠣᠭᠠᠷ ᠬᠦᠪᠡᠭᠦᠨ᠂ | ᠳᠣᠮᠳᠠᠳᠣ ᠢᠷᠭᠡᠨ ᠣᠯᠣᠰ ᠤᠨ ᠠᠷᠪᠡᠨ ᠶᠢᠰᠦᠳᠦᠭᠡᠷ ᠣᠨ ︵ᠨᠡᠶᠢᠳᠡ ᠶᠢᠨ ᠣᠨ ᠳᠣᠭᠠᠯᠠᠯ ᠤᠨ 1930 ᠣᠨ︶ | ᠳᠤ ᠴᠠᠭᠠᠨ ᠮᠣᠷᠢᠨ ᠵᠢᠯ ᠪᠢᠯᠢᠭ ᠤᠨ ᠣᠯᠠᠷᠢᠯ ᠤᠨ ᠳᠠᠪᠣᠨ ᠰᠠᠷ᠎ᠠ ᠶᠢᠨ ᠰᠢᠨ᠎ᠡ ᠶᠢᠨ ᠭᠤᠷᠪᠡᠨ ᠤ ᠡᠳᠦᠷ | ᠪᠠᠶᠠᠨᠴᠠᠭᠠᠨ ᠠᠭᠤᠯᠠ ᠶᠢᠨ ᠡᠩᠭᠡᠷ ᠲᠤ ᠪᠠᠶᠢᠭᠰᠠᠨ ᠵᠠᠰᠠᠭ ᠪᠡᠶᠢᠯᠡ ᠶᠢᠨ ᠣᠷᠳᠣᠨ ᠳᠤ ᠳᠦᠷᠦᠵᠠᠢ᠃ ᠰᠣᠨᠣᠰᠬᠤᠯ᠎ᠠ | ᠮᠢᠨᠣ ᠠᠬ᠎ᠠ ᠲᠦᠷᠦᠭᠡᠳ ᠨᠢᠭᠡ ᠵᠢᠯ ᠪᠣᠯᠣᠭᠠᠳᠦᠢ ᠪᠠᠷ ᠦᠬᠦᠭᠰᠡᠨ ᠭᠡᠳᠡᠭ᠃ ᠬᠠᠭᠤᠴᠢᠨ ᠨᠡᠶᠢᠭᠡᠮ ᠳᠤ ᠠᠩᠬᠠᠳᠣᠭᠠᠷ | ᠬᠦᠪᠡᠭᠦᠨ ᠨᠢ ᠨᠢᠯᠬ᠎ᠠ ᠳᠤ ᠪᠠᠨ ᠦᠬᠦᠪᠡᠯ ᠠᠴᠢ ᠦᠷ᠎ᠡ ᠳᠣᠭᠳᠠᠳᠠᠭ ᠦᠭᠡᠢ ᠭᠡᠰᠡᠨ ᠶᠠᠷᠢᠶ᠎ᠠ ᠪᠠᠶᠢᠳᠠᠭ ᠳᠣᠯᠠ ᠮᠠᠨ | ᠤ ᠡᠴᠢᠭᠡ ᠨᠠᠮᠠᠢᠢ ᠲᠦᠷᠦᠮᠡᠭᠴᠡ ᠪᠠᠰᠠᠴᠣ ᠠᠯᠳᠠᠬᠤ ᠠᠴᠠ ᠠᠶᠣᠵᠣ ᠭᠡᠭᠡᠨ ᠪᠣᠷᠬᠠᠨ ᠳᠤ ᠳᠠᠭᠠᠳᠬᠠᠨ ᠯᠠᠮᠠ ᠵᠠᠯᠠᠵᠣ | ᠬᠦᠰᠡᠷᠡᠶᠢᠯᠡᠭᠰᠡᠨ ᠭᠡᠨ᠎ᠡ᠃ ᠬᠦᠰᠡᠷᠡᠶᠢᠯᠡᠬᠦ ᠬᠡᠳᠡᠭ ᠨᠢ᠂ ᠮᠠᠨᠴᠦᠢ ᠲᠠᠢ ᠬᠡᠣᠬᠡᠳ ᠢᠶᠠᠨ ᠭᠠᠳᠠᠨ᠎ᠠ ᠬᠡᠬᠡᠷ᠎ᠡ ᠳᠠᠯᠪᠢᠵᠤ | ᠣᠷᠬᠢᠭᠠᠳ ᠵᠠᠯᠠᠭᠰᠠᠨ ᠪᠠᠭᠰᠢ ᠯᠠᠮᠠ ᠨᠢ ᠨᠣᠮ ᠣᠩᠰᠢᠵᠣ ᠬᠡᠣᠬᠡᠳ ᠤᠨ ᠳᠡᠭᠡᠭᠦᠷ ᠨᠢ ᠡᠮᠦᠨ᠎ᠡ ᠠᠴᠠ ᠬᠤᠶᠢᠰᠢ᠂ | ᠵᠡᠭᠦᠨ ᠠᠴᠠ ᠪᠠᠷᠠᠭᠤᠨᠰᠢ ᠭᠤᠷᠪᠠ ᠭᠤᠷᠪᠠᠨ ᠣᠳᠠᠭ᠎ᠠ ᠠᠯᠬᠤᠨ ᠦᠩᠭᠡᠷᠡᠵᠣ ᠭᠡᠣᠭᠡᠳ ᠤᠨ ᠭᠦᠵᠦᠭᠦᠨ ᠳᠤ ᠨᠢ | ᠮᠥᠩᠬᠦᠨ ᠴᠠᠭᠠᠷᠢᠭ ᠬᠢᠵᠣ ᠣᠨᠢᠰᠣᠯᠠᠭᠠᠳ ᠡᠷᠭᠦᠵᠣ ᠠᠪᠴᠢᠷᠠᠨ᠄ ︽ᠪᠢ ᠬᠡᠬᠡᠷ᠎ᠡ ᠠᠴᠠ ᠨᠢᠭᠡ ᠭᠡᠣᠭᠡᠳ ᠣᠯᠵᠠᠢ᠂ | ᠡᠭᠦᠨ ᠢ ᠲᠠ ᠨᠠᠳᠠᠳᠣ ᠦᠰᠭᠡᠵᠣ ᠦᠭᠭᠦᠭᠡᠷᠡᠢ᠂ ᠨᠠᠷ᠎ᠡ ᠶᠢ ᠨᠢ ᠬᠦᠰᠡᠷᠡᠢ ᠭᠡᠵᠣ ᠨᠡᠷᠡᠯᠡᠶ᠎ᠡ︾ ᠭᠡᠵᠣ ᠬᠡᠯᠡᠭᠡᠳ ᠡᠬᠡ | ᠳᠤ ᠨᠢ ᠦᠭᠳᠡᠭ ᠭᠡᠨ᠎ᠡ᠃ ᠡᠭᠦᠨ ᠠᠴᠠ ᠡᠬᠢᠯᠡᠨ ᠨᠠᠮᠠᠢᠢ ᠬᠦᠰᠡᠷᠡᠢ ᠭᠡᠵᠣ ᠳᠠᠭᠤᠳᠠᠬᠤ ᠪᠣᠯᠣᠭᠰᠠᠨ ᠪᠦᠭᠡᠳ᠂ | ᠠᠷᠪᠠᠭᠠᠳ ᠨᠠᠰᠣ ᠦᠩᠭᠡᠷᠡᠳᠡᠯ᠎ᠡ ᠭᠡᠷ ᠠᠴᠠ ᠬᠤᠯᠠ ᠶᠠᠪᠣᠭᠤᠯᠬᠤ ᠦᠭᠡᠢ ᠭᠠᠳᠠᠨ᠎ᠠ ᠶᠢᠨ ᠭᠦᠮᠥᠨ ᠲᠠᠢ | ᠣᠴᠠᠷᠠᠭᠤᠯᠬᠤ ᠦᠭᠡᠢ᠂ ᠭᠠᠳᠠᠨ᠎ᠠ ᠠᠴᠠ ᠢᠷᠡᠭᠰᠡᠨ ᠢᠳᠡᠭᠡᠨ ᠢ ᠢᠳᠠᠭᠦᠯᠬᠦ ᠦᠭᠡᠢ ᠡᠩᠬᠦᠷᠡᠶᠢᠯᠡᠵᠣ ᠪᠠᠶᠢᠭᠰᠠᠨ | ᠪᠣᠯᠬᠤᠷ ᠵᠦᠪᠬᠡᠨ ᠭᠡᠷ ᠤᠨ ᠬᠡᠳᠣᠨ ᠬᠦᠮᠥᠨ ᠲᠠᠢ ᠡᠷᠬᠡ ᠳᠣᠷ᠎ᠠ ᠪᠠᠷ ᠢᠶᠠᠨ ᠨᠠᠭᠠᠳᠴᠣ᠂ ᠵᠣᠪᠠᠯ ᠵᠦᠳᠡᠭᠦᠷᠢ ᠶᠢ | ᠦᠵᠡᠭᠡᠳᠦᠢ ᠡᠷᠬᠡ ᠳᠠᠩᠬᠢ ᠦᠰᠴᠠᠢ᠃ | ᠮᠢᠨᠣ ᠡᠴᠢᠭᠡ ᠰᠣᠳᠨᠠᠮᠨᠣᠷᠪᠤ ᠴᠢᠩ ᠣᠯᠣᠰ ᠤᠨ ᠭᠡᠪᠳᠣ ᠶᠣᠰᠣᠨ ᠤ ᠬᠤᠶᠠᠳᠣᠭᠠᠷ ᠣᠨ ︵1910︶ | ᠣᠨ ᠴᠠᠭᠠᠨ ᠨᠣᠬᠠᠢ ᠵᠢᠯ ᠲᠦᠷᠦᠵᠣ᠂ ᠳᠣᠮᠳᠠᠳᠣ ᠢᠷᠭᠡᠨ ᠣᠯᠣᠰ ᠤᠨ ᠠᠷᠪᠠᠠ ᠲᠦᠷᠪᠡᠳᠦᠭᠡᠷ ᠣᠨ ︵1925︶ | ᠬᠦᠭᠡᠭᠴᠢᠨ ᠦᠭᠡᠷ ᠵᠢᠯ ᠳᠣᠰ ᠬᠤᠰᠢᠭᠤᠨ ᠤ ᠴᠡᠪᠡᠭᠰᠦ᠋ᠷᠦᠩ ᠤᠨ ᠦᠬᠢᠨ ᠷᠢᠨᠴᠢᠨᠳᠣᠯᠮᠠ ᠶᠢ ᠬᠠᠳᠣᠨ ᠪᠣᠯᠭᠠᠨ | ᠠᠪᠣᠭᠠᠳ ᠭᠤᠷᠪᠡᠨ ᠬᠦᠪᠡᠭᠦᠨ ᠬᠤᠶᠠᠷ ᠦᠬᠢᠨ ᠲᠦᠷᠦᠵᠠᠢ᠃ ᠳᠣᠮᠳᠠᠳᠣ ᠢᠷᠭᠡᠨ ᠣᠯᠣᠰ ᠤᠨ ᠠᠷᠪᠠᠠ | ᠵᠢᠷᠭᠤᠳᠣᠭᠠᠷ ᠣᠨ ︵1927︶ ᠣᠨ ᠳᠤ ᠵᠠᠰᠠᠭ ᠪᠡᠶᠢᠯᠡ ᠶᠢᠨ ᠡᠷᠬᠡ ᠪᠠᠷᠢᠵᠠᠢ᠃ ᠮᠢᠨᠣ ᠡᠴᠢᠬᠡ ᠪᠠᠭ᠎ᠠ | ᠠᠴᠠ ᠪᠠᠨ ᠣᠷᠣᠯᠳᠣᠭᠠᠨ ᠮᠣᠷᠢᠨ᠂ ᠣᠷᠭ᠎ᠠ ᠶᠢᠨ ᠮᠣᠷᠢᠨ ᠳᠤ ᠳᠣᠷᠠᠳᠠᠢ ᠳᠣᠯᠠ ᠬᠡᠳᠣᠨ ᠰᠠᠶᠢᠬᠠᠨ ᠣᠷᠭ᠎ᠠ | ᠪᠡᠯᠡᠳᠬᠡᠵᠣ ᠠᠳᠣᠭᠤᠨ ᠤ ᠪᠠᠨ ᠬᠦᠮᠥᠨ ᠲᠠᠢ ᠠᠳᠣᠭᠤ ᠮᠠᠯ ᠢᠶᠠᠨ ᠳᠣᠭᠤᠷᠢᠨ ᠦᠵᠡᠵᠣ ᠶᠠᠪᠣᠳᠠᠭ ᠪᠠᠶᠢᠭᠰᠠᠨ ᠶᠤᠮ᠃ | | ᠮᠢᠨᠣ ᠡᠮᠡᠭᠡ ᠡᠬᠡ ᠴᠠᠭᠠᠨᠯᠢᠩᠬᠤᠸᠠ᠂ ᠣᠣᠯ ᠤᠨ ᠠᠪᠠᠭ᠎ᠠ ᠪᠠᠷᠠᠭᠤᠨ ᠬᠤᠰᠢᠭᠤᠨ ᠤ ᠭᠦᠣᠷ ᠨᠠᠭᠤᠷ᠂ | ᠣᠳᠣ ᠶᠢᠨ ᠴᠠᠭᠠᠨ ᠨᠠᠭᠤᠷ ᠰᠣᠮᠣᠨ ᠤ ᠬᠦᠮᠥᠨ᠂ 1894 ᠣᠨ ᠳᠤ ᠲᠦᠷᠦᠭᠰᠡᠨ ᠶᠤᠮ᠃ ᠳᠡᠭᠦᠨ ᠤ ᠭᠡᠷ ᠨᠢ | ᠨᠡᠯᠢᠶᠡᠳ ᠶᠠᠳᠠᠭᠤᠯᠢᠭ ᠠᠶᠢᠯ ᠪᠠᠶᠢᠯ᠎ᠠ ᠭᠡᠳᠡᠭ᠃ ᠠᠷᠪᠠᠠ ᠭᠤᠷᠪᠡᠨ ᠨᠠᠰᠣᠠ ᠳᠤ ᠪᠠᠨ ᠮᠢᠨᠣ ᠡᠪᠦᠭᠡ ᠲᠠᠢ | ᠣᠷᠣᠭᠯᠠᠵᠣ᠂ 1910 ᠣᠨ ᠴᠠᠭᠠᠨ ᠨᠣᠬᠠᠢ ᠵᠢᠯ ᠮᠢᠨᠣ ᠡᠴᠢᠭᠡ ᠰᠣᠳᠨᠠᠮᠨᠣᠷᠪᠤ ᠶᠢ ᠲᠦᠷᠦᠵᠣ᠂ 1959 ᠣᠨ | ᠳᠤ ᠵᠢᠷᠠᠨ ᠳᠠᠪᠣᠨ ᠨᠠᠰᠣᠳᠠᠢ ᠳᠤ ᠪᠠᠨ ᠡᠪᠡᠳᠴᠢᠨ ᠢᠶᠠᠷ ᠨᠠᠰᠣ ᠪᠠᠷᠡᠵᠠᠢ᠃ | ᠳᠣᠮᠳᠠᠳᠣ ᠢᠷᠭᠡᠨ ᠣᠯᠣᠰ ᠤᠨ ᠠᠷᠪᠠᠨ ᠨᠠᠢᠮᠡᠳᠣᠭᠠᠷ ᠣᠨ ︵1929︶ ᠰᠢᠷᠠᠭᠴᠢᠨ ᠮᠣᠭᠠᠢ ᠵᠢᠯ᠂ | ᠮᠢᠨᠣ ᠡᠴᠢᠭᠡ ᠰᠢᠯᠢ ᠶᠢᠨ ᠭᠤᠣᠯ ᠴᠢᠭᠤᠯᠭᠠᠨ ᠤ ᠡᠯ᠎ᠡ ᠬᠤᠰᠢᠭᠤᠨ ᠤ ᠨᠣᠶᠠᠳ᠂ ᠪᠠᠨᠴᠢᠨ ᠡᠷᠳᠡᠨᠢ ᠶᠢ ᠵᠠᠯᠠᠵᠣ | ᠳ᠋ᠦᠢᠩᠭᠡᠷ ᠸᠠᠩ ︵ᠴᠠᠭ ᠤᠨ ᠭᠦᠷᠳᠣᠨ ᠤ ᠠᠪᠰᠢᠭ︶ ᠠᠪᠬᠤ ᠡᠷᠭᠦᠳᠡᠯ ᠳᠡᠪᠰᠢᠭᠦᠯᠬᠦ ᠳᠣᠬᠠᠢ ᠵᠦᠪᠳᠡᠯᠴᠡᠬᠦ ᠳᠤ | ᠣᠷᠣᠯᠴᠠᠵᠣ᠂ ᠮᠥᠨ ᠣᠨ ᠤ ᠪᠢᠯᠢᠭ ᠤᠨ ᠣᠯᠠᠷᠢᠯ ᠤᠨ ᠳᠡᠪᠣᠨ ᠰᠠᠷ᠎ᠡ ᠳᠤ ᠭᠡᠷ ᠬᠤᠳᠠᠯᠠᠭᠠᠷ ᠪᠢᠳᠢᠳᠠ ᠭᠡᠭᠡᠨ | ᠬᠡᠶᠢᠳ ᠲᠤ ᠬᠦᠷᠴᠦ ᠪᠠᠨᠴᠢᠨ ᠡᠷᠳᠡᠨᠢ ᠳᠤ ᠮᠦᠷᠭᠦᠵᠣ ᠨᠣᠮ ᠠᠪᠣᠭᠰᠠᠨ ᠪᠦᠭᠡᠳ ᠴᠢᠭᠤᠯᠭᠠᠨ ᠠᠴᠠ ᠪᠠᠨᠴᠢᠨ | ᠡᠷᠳᠡᠨᠢ ᠳᠤ ᠵᠣᠷᠢᠭᠤᠯᠣᠭᠰᠠᠨ ᠶᠡᠭᠡ ᠨᠠᠶᠢᠷ ᠲᠤ ᠣᠷᠣᠯᠴᠠᠵᠠᠢ᠃ ᠳᠠᠷᠠᠭ᠎ᠠ ᠨᠢ ᠪᠠᠨᠴᠢᠨ ᠡᠷᠳᠡᠨᠢ ᠶᠢ ᠭᠡᠷ ᠲᠤ ᠪᠠᠨ | ᠵᠠᠯᠠᠵᠣ ᠵᠣᠭᠤᠰ ᠮᠥᠩᠭᠦ ᠮᠠᠯ ᠬᠤᠨᠢ ᠶᠢᠨ ᠡᠷᠭᠦᠯ ᠡᠷᠭᠦᠵᠣ᠂ ᠭᠡᠷ ᠬᠤᠳᠠᠯᠠᠭᠠᠷ ᠤᠨ ᠠᠮᠣᠷ ᠮᠠᠨᠳᠣ ᠶᠢ ᠳᠠᠭᠠᠳᠬᠠᠨ | ᠪᠠᠰᠠ ᠬᠦᠪᠡᠭᠦᠨ ᠳᠤ ᠪᠠᠨ ᠨᠠᠷ᠎ᠡ ᠭᠤᠶᠣᠭᠰᠠᠨ ᠭᠡᠳᠡᠭ ᠶᠤᠮ᠃ ᠪᠠᠨᠴᠢᠨ ᠡᠷᠳᠡᠨᠢ ᠶᠢ ᠪᠠᠶᠠᠨᠴᠠᠭᠠᠨ ᠤ ᠡᠩᠭᠡᠷ ᠲᠤ | ᠮᠠᠨ ᠤ ᠭᠡᠷ ᠠᠴᠠ ᠬᠤᠶᠢᠰᠢ᠂ ᠠᠭᠤᠯᠠ ᠶᠢᠨ ᠡᠩᠭᠡᠷ ᠤᠨ ᠰᠢᠷᠰ ᠬᠠᠳᠣᠨ ᠤ ᠳᠡᠷᠭᠡᠳᠡ ᠰᠢᠷ᠎ᠠ ᠦᠩᠭᠡᠳᠡᠢ ᠮᠠᠰᠢᠨ | ᠳᠡᠷᠭᠡᠨ ᠳᠤ ᠰᠠᠭᠤᠵᠣ᠂ ᠪᠠᠰᠠ ᠬᠤᠶᠠᠷ ᠠᠴᠢᠶᠠᠨ ᠤ ᠮᠠᠰᠢᠨ ᠳᠡᠷᠭᠡ ᠲᠠᠢ ᠢᠷᠡᠭᠰᠡᠨ ᠭᠡᠳᠡᠭ ᠶᠤᠮ᠃ | ᠳᠣᠮᠳᠠᠳᠣ ᠢᠷᠭᠡᠨ ᠣᠯᠣᠰ ᠤᠨ ᠬᠤᠷᠢᠨ ᠲᠦᠷᠪᠡᠳᠦᠭᠡᠷ ᠣᠨ ︵1935︶ ᠬᠦᠬᠡᠭᠴᠢᠨ ᠭᠠᠭ᠋ᠠᠢ ᠵᠢᠯ | ᠤᠨ ᠡᠪᠦᠯ ᠮᠠᠨ ᠤ ᠬᠤᠳᠠᠯᠠᠭᠠᠷ ᠪᠣᠯᠣᠨ ᠵᠠᠷᠢᠮ ᠳᠣᠰᠠᠯᠠᠭᠴᠢ ᠲᠦᠰᠢᠮᠡᠳ ᠲᠡᠷᠢᠭᠦᠳᠡᠢ ᠭᠤᠴᠢ ᠭᠠᠷᠦᠢ ᠭᠠᠯ ᠮᠠᠶᠢᠬᠠᠨ | ᠂ ᠲᠡᠮᠡᠭᠡᠨ ᠬᠦᠰᠭᠡ ᠪᠠᠷ ᠡᠣ ᠲᠠᠢ ᠱᠠᠨ ᠳᠤ ᠮᠥᠷᠭᠦᠯ ᠬᠢᠬᠦ ᠪᠠᠷ ᠶᠠᠪᠣᠵᠠᠢ᠃ ᠲᠡᠷᠡ ᠦᠶ᠎ᠡ ᠳᠤ ᠳᠡᠭᠡᠷᠡᠮ ᠬᠤᠯᠠᠭᠠᠢ | ᠠᠷᠪᠢᠨ ᠳᠣᠯᠠ ᠳᠠᠮᠠᠭᠠᠨ ᠴᠡᠷᠢᠭ ᠠᠷᠪᠠᠭᠠᠳ ᠳᠠᠭᠠᠭᠤᠯᠣᠨ ᠶᠠᠪᠣᠵᠠᠢ᠃ ᠡᠨᠡ ᠵᠢᠯ ᠪᠢ ᠵᠢᠷᠭᠤᠭᠠᠨ ᠨᠠᠰᠣᠳᠠᠢ | ᠪᠠᠶᠢᠭᠰᠠᠨ ᠳᠣᠯᠠ ᠡᠮᠡᠭᠡ ᠡᠬᠡ ᠲᠠᠢ ᠪᠠᠨ ᠳᠡᠮᠡᠭᠡ ᠬᠦᠯᠥᠭᠰᠡᠨ ᠮᠣᠬᠤᠯᠠᠭ ᠳᠡᠷᠭᠡᠨ ᠳᠤ ᠰᠠᠭᠤᠵᠣ ᠪᠠᠶᠢᠭᠰᠠᠨ᠂ ᠡᠣ | ᠲᠠᠢ ᠱᠠᠨ ᠳᠤ ᠬᠦᠷᠦᠭᠡᠳ ᠬᠦᠷᠡᠯ ᠰᠦᠮ᠎ᠡ ᠳᠤ ᠪᠠᠭᠤᠵᠣ᠂ ᠪᠣᠰᠣᠳ ᠰᠦᠮ᠎ᠡ ᠤᠳ ᠢᠶᠠᠷ ᠳᠣᠭᠤᠷᠢᠨ ᠮᠥᠩᠬᠦ | ᠵᠣᠭᠤᠰ ᠡᠷᠭᠦᠵᠣ ᠠᠷᠪᠠᠭᠠᠳ ᠬᠤᠨᠤᠭ ᠮᠥᠷᠭᠦᠯ ᠬᠢᠭᠰᠡᠨ ᠪᠢᠯᠡ᠃ | 1935 ᠣᠨ ᠳᠤ ᠮᠢᠨᠣ ᠡᠴᠢᠭᠡ᠂ ᠳᠡᠮᠴᠣᠭ᠍ᠳᠣᠩᠷᠣᠪ ᠤᠨ ᠰᠠᠨᠠᠭᠤᠯᠭ᠎ᠠ ᠪᠠᠷ ᠰᠢᠯᠢ ᠶᠢᠨ ᠭᠤᠣᠯ᠂ | ᠴᠠᠬᠠᠷ᠂ ᠣᠯᠠᠭᠠᠨᠴᠠᠪ ᠵᠡᠷᠭᠡ ᠶᠢᠨ ᠴᠢᠭᠤᠯᠭᠠᠨ ᠤ ᠡᠯ᠎ᠡ ᠬᠤᠰᠢᠭᠤᠳ ᠤᠨ ᠲᠦᠯᠦᠭᠡᠯᠡᠭᠴᠢ᠂ ᠵᠠᠰᠠᠭ ᠨᠣᠶᠠᠳ᠂ | ᠪᠠᠷᠠᠭᠤᠨ ᠦᠵᠦᠮᠦᠴᠢᠨ ᠸᠠᠩ ᠤᠨ ᠣᠷᠳᠣᠨ ᠳᠤ ᠬᠢᠭᠰᠡᠨ ᠬᠤᠷᠠᠯ ᠳᠤ ᠣᠷᠣᠯᠴᠠᠪᠠ᠃ ᠳᠣᠰ ᠬᠤᠷᠠᠯ ᠨᠢ ᠶᠠᠫᠥᠨ ᠤ | ᠳᠡᠮᠵᠢᠯᠭᠡ ᠪᠠᠷ ᠪᠠᠳᠣ ᠬᠠᠭᠠᠯᠭ᠎ᠠ ᠳᠤ ᠪᠠᠶᠢᠭᠰᠠᠨ ᠮᠣᠩᠭᠤᠯ ᠵᠠᠰᠠᠭ ᠤᠨ ᠬᠤᠷᠠᠯ ᠢ ᠦᠭᠡᠷᠡᠴᠢᠯᠡᠨ᠂ ᠴᠠᠬᠠᠷ᠂ ᠱᠠᠩᠳᠣ | ᠬᠤᠰᠢᠭᠤᠨ ᠤ ᠡᠷᠳᠡᠮᠰᠣᠶᠣᠯᠳᠣ ᠬᠤᠳᠠᠨ᠎ᠠ ᠮᠣᠩᠭᠤᠯ ᠴᠡᠷᠢᠭ ᠤᠨ ᠵᠠᠰᠠᠭ ᠣᠷᠳᠣᠨ ᠢ ᠪᠠᠶᠢᠭᠤᠯᠬᠤ ᠶᠠᠪᠣᠳᠠᠯ ᠢ | ᠵᠦᠪᠯᠡᠨ ᠳᠣᠭᠳᠠᠭᠠᠬᠤ ᠬᠤᠷᠠᠯ ᠪᠣᠯᠣᠨ᠎ᠠ᠃ ᠡᠭᠦᠨ ᠠᠴᠠ ᠬᠤᠶᠢᠰᠢ ᠮᠢᠨᠣ ᠡᠴᠢᠭᠡ ᠲᠡᠷᠡ ᠬᠦ ᠮᠣᠩᠭᠤᠯ ᠴᠡᠷᠢᠭ | ᠵᠠᠰᠠᠭ ᠤᠨ ᠣᠷᠳᠣᠨ ᠳᠤ ᠳᠣᠳᠣᠭᠠᠳᠣ ᠶᠠᠪᠣᠳᠠᠯ ᠤᠨ ᠶᠠᠮᠣᠨ ᠤ ᠳᠠᠷᠤᠭ᠎ᠠ ᠶᠢᠨ ᠳᠣᠰᠢᠶᠠᠯ ᠲᠠᠢ ᠪᠣᠯᠬᠤᠷ ᠬᠤᠸᠠ | ᠳ᠋ᠧ ᠳᠤ ᠰᠠᠭᠤᠵᠣ ᠠᠵᠢᠯᠯᠠᠳᠠᠭ ᠪᠣᠯᠵᠠᠢ᠃ ᠲᠡᠷᠡ ᠦᠶ᠎ᠡ ᠳᠤ ᠦᠪᠡᠷ ᠲᠤ ᠪᠠᠨ ᠳᠣᠰᠬᠠᠢ ᠮᠠᠰᠢᠨ ᠳᠡᠷᠭᠡ ᠲᠠᠢ | ᠪᠠᠶᠢᠭᠰᠠᠨ ᠪᠣᠯᠬᠤᠷ ᠰᠠᠷ᠎ᠠ ᠳᠤ ᠪᠠᠨ ᠨᠦᠭᠡ ᠣᠳᠠᠭ᠎ᠠ ᠭᠡᠷ ᠲᠡᠭᠡᠨ ᠢᠷᠡᠳᠡᠭ ᠪᠦᠭᠡᠳ ᠵᠢᠯ ᠪᠦᠷᠢ ᠶᠢᠨ ᠣᠪᠣᠭᠠᠳ | ᠤᠨ ᠳᠠᠬᠢᠯᠭ᠎ᠠ ᠰᠦᠮ᠎ᠡ ᠶᠢᠨ ᠬᠤᠷᠠᠯ ᠢᠷᠦᠬᠡᠯ᠂ ᠶᠠᠮᠣᠨ ᠤ ᠬᠤᠷᠠᠯ ᠴᠣᠭᠯᠠᠭᠠᠨ ᠳᠤ ᠣᠷᠣᠯᠴᠠᠳᠠᠭ ᠪᠠᠶᠢᠵᠠᠢ᠃ | | 1937 ᠣᠨ ᠣᠯᠠᠭᠴᠢᠨ ᠦᠭᠡᠷ ᠵᠢᠯ ᠤᠨ ᠪᠢᠯᠢᠭ ᠤᠨ ᠣᠯᠠᠷᠢᠯ ᠤᠨ ᠭᠤᠷᠪᠠᠨ ᠰᠠᠷ᠎ᠠ ᠳᠤ ᠬᠤᠸᠠ ᠳ᠋ᠧ | ᠳᠤ ᠪᠠᠶᠢᠬᠤ ᠳᠤ ᠪᠠᠨ ᠭᠡᠨᠡᠳᠳᠡ ᠡᠪᠡᠳᠴᠢᠨ ᠬᠦᠷᠴᠦ᠂ ᠮᠠᠨ ᠤ ᠭᠡᠷ ᠬᠤᠳᠠᠯᠠᠭᠠᠷ ᠢ ᠮᠠᠰᠢᠨ ᠳᠡᠷᠭᠡ ᠪᠠᠷ | ᠣᠴᠢᠭᠤᠯᠣᠭᠰᠠᠨ ᠶᠤᠮ᠃ ᠪᠢᠳᠠᠨ ᠢ ᠣᠴᠢᠭᠰᠠᠨ ᠤ ᠳᠠᠷᠠᠭ᠎ᠠ ᠡᠪᠡᠳᠴᠢᠨ ᠨᠢ ᠣᠯᠠᠮ ᠬᠦᠨᠳᠣᠷᠴᠦ ᠬᠡᠳᠦᠬᠡᠨ ᠡᠳᠦᠷ | ᠤᠨ ᠳᠠᠷᠠᠭ᠎ᠠ ᠨᠠᠰᠣ ᠪᠠᠷᠠᠪᠠ᠃ ᠲᠡᠷᠡ ᠵᠢᠯ ᠰᠠᠶ᠋ᠢ ᠬᠤᠷᠢᠨ ᠨᠠᠢᠮᠡᠨ ᠨᠠᠰᠣᠳᠠᠢ᠂ ᠪᠢ ᠨᠠᠢᠮᠠᠨ ᠨᠠᠰᠣᠳᠠᠢ ᠪᠠᠶᠢᠭᠰᠠᠨ | ᠪᠣᠯᠬᠤᠷ ᠮᠢᠨᠣ ᠡᠴᠢᠬᠡ ᠶᠢᠨ ᠳᠣᠬᠠᠢ ᠨᠠᠷᠢᠨ ᠳᠣᠳᠣᠷᠬᠠᠢ ᠮᠡᠳᠡᠬᠦ ᠦᠭᠡᠢ᠃ ᠳᠡᠭᠡᠷ᠎ᠡ ᠶᠠᠷᠢᠭᠰᠠᠨ ᠭᠡᠳᠣᠨ ᠵᠦᠢᠯ ᠪᠣᠯ | ᠵᠦᠪᠬᠡᠨ ᠮᠢᠨᠣ ᠡᠬᠡ ᠶᠢᠨ ᠶᠠᠷᠢᠵᠣ ᠪᠠᠶᠢᠭᠰᠠᠨ ᠢ ᠣᠯᠵᠣ ᠰᠣᠨᠣᠰᠣᠭᠰᠠᠨ ᠪᠠ ᠦᠪᠡᠷ ᠤᠨ ᠴᠡᠭᠡᠵᠢᠯᠡᠵᠣ ᠪᠠᠶᠢᠭᠰᠠᠨ | ᠪᠠᠭ᠎ᠠ ᠰᠠᠭ᠎ᠠ ᠬᠠᠯᠳᠣ ᠮᠥᠯᠳᠣ ᠶᠡᠭᠡ ᠲᠦᠯᠥᠪ ᠪᠠᠶᠢᠳᠠᠯ ᠪᠣᠯᠣᠨ᠎ᠠ᠃ | ᠵᠠᠰᠠᠭ ᠪᠡᠶᠢᠯᠡ ᠶᠢᠨ ᠣᠷᠳᠣᠨ ᠪᠣᠯ ᠪᠠᠶᠠᠨᠴᠠᠭᠠᠨ ᠤ ᠡᠩᠭᠡᠷ ᠲᠤ ᠬᠤᠰᠢᠭᠤ ᠶᠠᠮᠣᠨ ᠠᠴᠠ ᠪᠠᠷᠠᠭᠤᠨᠰᠢ | ᠪᠠᠷᠤᠭ ᠬᠤᠶᠠᠷ ᠭᠤᠷᠪᠠᠨ ᠭᠠᠵᠠᠷ ᠬᠤᠯᠠ ᠬᠤᠶᠠᠷ ᠶᠡᠭᠡ ᠣᠯᠠᠭᠠᠨ ᠬᠦᠷᠢᠶ᠎ᠡ ᠲᠠᠢ᠂ ᠵᠡᠬᠦᠨ ᠳᠡᠯ᠎ᠡ ᠳᠤ ᠨᠢ ᠪᠠᠰᠠ | ᠨᠢᠭᠡᠨ ᠰᠢᠪᠡᠷ ᠬᠦᠷᠢᠶ᠎ᠡ ᠪᠠᠶᠢᠳᠠᠭ᠂ ᠬᠠᠮᠤᠭ ᠤᠨ ᠵᠡᠭᠦᠨ ᠳᠡᠯ᠎ᠡ ᠳᠤ ᠨᠢ ᠮᠣᠷᠢᠨ ᠤ ᠫᠧᠩ᠂ ᠡᠪᠡᠰᠣᠨ ᠤ ᠬᠦᠷᠢᠶ᠎ᠡ᠂ | ᠮᠠᠰᠢᠨ ᠳᠡᠷᠭᠡᠨ ᠤ ᠪᠠᠶᠢᠰᠢᠩ᠂ ᠣᠯᠡᠨ ᠤ ︵ᠶᠠᠷᠦ ᠶᠢᠨ ᠠᠷᠠᠳ ᠤᠨ ᠮᠣᠷᠢ ᠣᠶᠠᠳᠠᠭ︶ ᠮᠣᠷᠢᠨ ᠣᠶᠠᠭ᠎ᠠ ᠪᠠᠶᠢᠳᠠᠭ᠃ | ᠵᠡᠭᠦᠨ ᠳᠡᠯ᠎ᠡ ᠶᠢᠨ ᠣᠯᠠᠭᠠᠨ ᠬᠦᠷᠢᠶᠡᠨ ᠤ ᠠᠷᠦ ᠳᠤ ᠪᠣᠯ ᠭᠡᠭᠡᠨ ᠨᠣᠶᠠᠳ ᠤᠨ ᠭᠦᠯᠥᠭ ᠮᠣᠷᠢ ᠪᠠ ᠣᠷᠣᠯᠳᠤᠭ᠎ᠠ | ᠮᠣᠷᠢ ᠣᠶᠠᠳᠠᠭ ᠣᠶᠠᠭ᠎ᠠ ᠲᠠᠢ᠂ ᠡᠳᠡᠭᠡᠷ ᠭᠡᠳᠦᠨ ᠬᠦᠷᠢᠶᠡᠨ ᠤ ᠭᠠᠳᠠᠭᠤᠷ ᠬᠤᠶᠢᠨ᠎ᠠ᠂ ᠵᠡᠭᠦᠨ᠂ ᠪᠠᠷᠠᠭᠤᠨ ᠲᠠᠯ᠎ᠠ | ᠪᠠᠷ ᠨᠢ ᠦᠶᠡᠷ ᠤᠨ ᠣᠰᠣ ᠶᠢ ᠰᠡᠷᠭᠡᠶᠢᠯᠡᠭᠰᠡᠨ ᠴᠢᠯᠠᠭᠤ ᠪᠠᠷ ᠵᠡᠷᠭᠡᠯᠡᠭᠰᠡᠨ ᠶᠠᠪᠠᠭᠠᠨ ᠬᠡᠷᠡᠮ ᠲᠠᠢ᠃ ᠪᠠᠷᠠᠭᠤᠨ ᠳᠠᠯ᠎ᠠ | ᠶᠢᠨ ᠣᠯᠠᠭᠠᠨ ᠭᠦᠷᠢᠶᠡᠨ ᠳᠤ ᠭᠠᠨᠵᠣᠣᠷ ᠰᠦᠮ᠎ᠡ ᠭᠡᠵᠣ ᠳᠦᠪᠡᠳ ᠮᠠᠶ᠋ᠢᠭ ᠤᠨ ᠰᠦᠮ᠎ᠡ ᠲᠠᠢ᠂ ᠳᠦᠷᠪᠡᠨ ᠦᠨᠴᠦᠭ | ᠲᠤ ᠨᠢ ᠳ᠋ᠠᠷ᠎ᠠ ᠡᠬᠡ ᠶᠢᠨ ᠰᠦᠮ᠎ᠡ᠂ ᠮᠠᠩᠯᠠ ᠶᠢᠨ ᠰᠦᠮ᠎ᠡ᠂ ᠳ᠋ᠦᠢᠩᠭᠡᠷ ᠤᠨ ᠰᠦᠮ᠎ᠡ ᠬᠡᠵᠣ ᠬᠡᠳᠦᠨ ᠪᠠᠭ᠎ᠠ ᠰᠦᠮ᠎ᠡ | ᠲᠠᠢ᠂ ᠡᠳᠡᠭᠡᠷ ᠰᠦᠮ᠎ᠡ ᠪᠣᠯ ᠪᠦᠷ ᠳᠡᠭᠡᠳᠣ ᠦᠶ᠎ᠡ ᠶᠢᠨ ᠨᠣᠶᠠᠳ ᠮᠠᠯ ᠮᠥᠩᠬᠦ ᠭᠠᠷᠭᠠᠨ ᠪᠣᠶᠠᠨ ᠦᠢᠯᠡᠳᠬᠦ ᠶᠢᠨ | ᠲᠦᠯᠦᠭᠡ ᠪᠠᠷᠢᠭᠤᠯᠣᠨ ᠳᠣᠰ ᠳᠣᠰ ᠰᠠᠩ ᠵᠢᠰᠠ ᠭᠠᠷᠭᠠᠨ ᠨᠢᠷᠪᠠ ᠬᠡᠷᠬᠡᠮᠳᠡᠨ ᠳᠣᠮᠢᠯᠠᠵᠣ ᠬᠠᠮᠢᠶᠠᠷᠡᠭᠤᠯᠳᠠᠭ᠂ ᠶᠡᠷᠦ | ᠶᠢᠨ ᠴᠠᠭ ᠲᠤ ᠯᠠᠮᠠ ᠰᠠᠭᠤᠳᠠᠭ ᠦᠭᠡᠢ᠂ ᠵᠢᠯ ᠪᠦᠷᠢ ᠶᠢᠨ ᠵᠣᠨ ᠤ ᠵᠢᠷᠭᠤᠭᠠᠨ ᠰᠠᠷ᠎ᠠ ᠳᠤ ᠬᠠᠶ᠋ᠢ ᠶᠢᠨ ᠰᠦᠮ᠎ᠡ᠂ | ᠬᠠᠮᠪᠤ ᠶᠢᠨ ᠰᠦᠮ᠎ᠡ ᠠᠴᠠ ᠣᠯᠠᠨ ᠯᠠᠮᠠ ᠵᠠᠯᠠᠵᠣ ᠴᠠᠭ ᠤᠨ ᠬᠤᠷᠠᠯ ᠢᠶᠠᠨ ᠬᠤᠷᠠᠭᠤᠯᠳᠠᠭ᠃ ᠰᠠᠩ ᠵᠢᠰᠠ ᠶᠢᠨ ᠮᠠᠯ | ᠢᠶᠠᠨ ᠠᠶᠢᠯ ᠳᠤ ᠰᠦᠷᠦᠭ ᠳᠠᠯᠪᠢᠵᠣ ᠮᠠᠯᠵᠢᠭᠤᠯᠵᠣ᠂ ᠡᠭᠦᠨ ᠠᠴᠠ ᠴᠠᠭ ᠤᠨ ᠬᠤᠷᠠᠯ ᠤᠨ ᠮᠠᠨᠵᠢᠨ ᠤ ᠰᠦ ᠴᠠᠭᠠᠨ | ᠢᠳᠡᠭᠡ᠂ ᠬᠤᠭᠤᠯᠠ ᠴᠠᠪ ᠤᠨ ᠮᠢᠬ᠎ᠠ ᠰᠢᠭᠦᠰᠣ ᠫᠣᠭ ᠵᠢᠳ ᠤᠨ ᠮᠥᠩᠭᠦ᠂ ᠪᠣᠳᠠᠭ᠎ᠠ ᠭᠤᠯᠢᠷ ᠤᠨ ᠵᠣᠭᠤᠰ | ᠮᠥᠩᠭᠦᠨ ᠤ ᠠᠰᠠᠭᠤᠳᠠᠯ ᠢ ᠳᠠᠰᠣᠯᠠᠳᠠᠭ᠃ ᠵᠡᠭᠦᠨ ᠳᠠᠯ᠎ᠠ ᠶᠢᠨ ᠣᠯᠠᠭᠠᠨ ᠬᠦᠷᠢᠶᠡᠨ ᠤ ᠪᠠᠷᠠᠭᠤᠨ ᠳᠠᠯ᠎ᠠ ᠶᠢᠨ | ᠳᠠᠰᠣᠯᠭᠠᠨ ᠳᠤ ᠪᠠᠰᠠ ᠨᠢᠭᠡ ᠪᠠᠭ᠎ᠠ ᠰᠢᠭ᠋ ᠲᠦᠪᠡᠳ ᠮᠠᠶ᠋ᠢᠭ ᠤᠨ ᠰᠦᠮ᠎ᠡ ᠲᠠᠢ᠂ ᠡᠨᠡ ᠰᠦᠮ᠎ᠡ ᠳᠤ ᠪᠡᠶᠢᠯᠡ ᠨᠣᠶᠠᠨ | ᠤ ᠳᠠᠬᠢᠳᠠᠭ ᠪᠣᠷᠬᠠᠨ ᠰᠢᠳᠦᠬᠡᠨ ᠪᠠᠶᠢᠳᠠᠭ ᠳᠣᠯᠠ ︽ᠰᠢᠳᠦᠭᠡᠨ ᠤ ᠰᠦᠮ᠎ᠡ︾ ᠭᠡᠳᠡᠭ᠂ ᠡᠨᠡ ᠰᠦᠮ᠎ᠡ ᠳᠤ ᠡᠳᠦᠷ | ᠪᠦᠷᠢ ᠦᠷᠯᠥᠬᠡ ᠦᠳᠡᠰᠢ ᠬᠤᠶᠠᠷ ᠣᠳᠠᠭ᠎ᠠ ᠡᠭᠡᠯᠵᠢᠨ ᠤ ᠳᠠᠬᠢᠯᠴᠢ ᠯᠠᠮᠠ ᠵᠣᠯᠠ ᠬᠦᠵᠢ ᠰᠢᠳᠠᠭᠠᠵᠣ ᠵᠢᠱᠢᠶᠠᠨ ᠤ | ᠨᠣᠮ ᠣᠩᠰᠢᠳᠠᠭ᠃ ᠡᠨᠡ ᠬᠦᠷᠢᠶᠡᠨ ᠳᠤ ᠪᠠᠰᠠ ᠡᠭᠦᠳᠡᠨ ᠳᠤ ᠪᠠᠨ ᠸᠠᠭᠠᠷ ᠤᠨ ᠹᠦᠭ ᠪᠠ ᠰᠢᠷ᠎ᠠ ᠬᠦᠯᠳᠦᠷᠭᠡ ᠲᠠᠢ | ᠮᠣᠩᠭᠤᠯ ᠭᠡᠷ ᠪᠠᠶᠢᠳᠠᠭ᠃ ᠡᠭᠦᠨ ᠳᠤ ᠰᠢᠷ᠎ᠠ ᠳᠣᠷᠭᠠᠨ ᠣᠯᠪᠣᠭ ᠲᠦᠰᠢᠯᠭᠡ ᠳᠠᠯᠪᠢᠵᠣ᠂ ᠰᠢᠷ᠎ᠠ ᠬᠢᠪᠢᠰ ᠳᠡᠪᠢᠰᠴᠦ | ᠪᠠᠶᠢᠳᠠᠭ᠃ ᠡᠨᠡ ᠭᠡᠷ ᠲᠤ ᠪᠠᠨᠴᠢᠨ ᠪᠣᠭᠳᠠ ᠶᠢ ᠵᠠᠯᠠᠨ ᠰᠠᠭᠤᠯᠭᠠᠵᠣ ᠪᠠᠶᠢᠭᠰᠠᠨ ᠪᠦᠭᠡᠳ ᠳᠠᠷᠠᠭ᠎ᠠ ᠨᠢ ᠬᠡᠬᠡᠳ | ᠬᠤᠪᠢᠯᠭᠠᠨ ᠯᠠᠮᠠ ᠨᠡᠷ ᠣᠷᠣᠵᠣ ᠢᠷᠡᠪᠡᠯ ᠮᠥᠨ ᠴᠦ ᠡᠨᠡ ᠭᠡᠷ ᠲᠤ ᠰᠠᠭᠤᠯᠭᠠᠬᠤ ᠪᠣᠯᠣᠭᠰᠠᠨ ᠳᠣᠯᠠ ︽ᠰᠢᠷ᠎ᠠ | ᠣᠷᠳᠣ︾ ᠭᠡᠳᠡᠭ᠃ ᠡᠨᠡ ᠭᠡᠷ ᠤᠨ ᠵᠡᠷᠭᠡᠴᠡᠭᠡ ᠪᠠᠰᠠ ᠡᠭᠦᠳᠡᠨ ᠳᠤ ᠪᠠᠨ ᠸᠠᠭᠠᠷ ᠤᠨ ᠹᠦᠭ ᠲᠠᠢ ᠭᠡᠷ ᠤᠨ ᠪᠠᠭᠤᠴᠠ | ᠪᠠᠶᠢᠳᠠᠭ᠂ ᠡᠨᠡ ᠪᠠᠭᠤᠴᠠᠨ ᠳᠡᠭᠡᠷ᠎ᠡ ᠶᠡᠷᠦ ᠶᠢᠨ ᠴᠠᠭ ᠲᠤ ᠭᠡᠷ ᠪᠡᠷᠢᠳᠠᠭ ᠦᠭᠡᠢ᠂ ᠬᠡᠷᠪᠡ ᠪᠣᠭᠳᠠ ᠬᠡᠬᠡᠳ ᠵᠠᠯᠠᠵᠣ | ᠢᠷᠡᠭᠡᠳ ᠣᠳᠠᠭᠠᠨ ᠰᠠᠭᠤᠬᠤ ᠪᠣᠯᠪᠠᠯ ᠵᠠᠬ᠎ᠠ ᠶᠢᠨ ᠰᠢᠳᠠᠷ ᠬᠠᠮᠪᠤ᠂ ᠰᠣᠶᠢᠪᠠᠩ ᠵᠡᠷᠬᠡ ᠬᠦᠮᠥᠰ ᠢ ᠰᠠᠭᠤᠯᠭᠠᠳᠠᠭ᠂ | ᠨᠠᠮᠠᠢᠢ ᠶᠢᠰᠣ ᠠᠷᠪᠠᠠ ᠨᠠᠰᠣᠳᠠᠢ ᠪᠠᠶᠢᠬᠤ ᠦᠶ᠎ᠡ ᠳᠤ ᠭᠦᠮᠪᠣᠮ ᠤᠨ᠂ ︽ᠳᠣᠣᠭᠠᠩ ᠭᠡᠭᠡᠨ︾᠂ ︽ᠳᠦᠪᠴᠢᠨ | ᠬᠡᠬᠡᠨ︾ ᠢ ᠣᠷᠢᠳ ᠬᠤᠵᠢᠳ ᠮᠠᠨ ᠤ ᠳᠤ ᠵᠠᠯᠠᠵᠣ ᠠᠷᠪᠠᠭᠠᠳ ᠬᠤᠨᠤᠭ ᠨᠣᠮ ᠳᠠᠯᠪᠢᠬᠤ ᠳᠤ ᠡᠨᠡ ᠪᠠᠭᠤᠴᠠᠨ | ᠳᠡᠭᠡᠷ᠎ᠡ ᠭᠡᠷ ᠪᠠᠷᠢᠵᠣ ᠳᠡᠳᠡᠭᠡᠷ ᠭᠡᠭᠡᠳ ᠤᠨ ᠬᠠᠮᠪᠤ᠂ ᠰᠣᠶᠢᠪᠠᠩ ᠰᠠᠭᠤᠵᠣ ᠪᠠᠶᠢᠭᠰᠠᠨ ᠶᠤᠮ᠃ ᠡᠨᠡ ᠣᠯᠠᠭᠤᠨ | ᠬᠦᠷᠢᠶᠡᠨ ᠳᠤ ᠵᠡᠭᠦᠨ ᠳᠠᠰᠣᠯᠭᠠᠨ ᠳᠤ ᠪᠡᠶᠢᠯᠡ ᠨᠣᠶᠠᠨ ᠪᠠ ᠭᠡᠷ ᠪᠥᠯᠢ ᠰᠠᠭᠤᠳᠠᠭ ᠭᠡᠷ ᠪᠠᠶᠢᠰᠢᠩ ᠪᠠᠶᠢᠳᠠᠭ᠃ | ᠬᠤᠶᠢᠳᠣ ᠳᠠᠯ᠎ᠠ ᠳᠤ ᠨᠢ ᠨᠡᠯᠢᠶᠡᠳ ᠶᠡᠭᠡ ᠰᠢᠭ ᠭᠤᠷᠪᠠᠨ ᠬᠦᠬᠡ ᠸᠠᠭᠠᠷ ᠤᠨ ᠪᠠᠶᠢᠰᠢᠩ ᠪᠠᠶᠢᠳᠠᠭ᠃ ᠳᠡᠭᠦᠨ ᠤ | ᠪᠠᠷᠠᠭᠤᠨ ᠵᠠᠩ ᠳᠤ ᠨᠢ ᠵᠣᠨ ᠤ ᠴᠠᠭ ᠲᠤ ᠵᠠᠰᠠᠭ ᠤᠨ ᠳᠡᠮᠠᠭᠠ ᠶᠢ ᠪᠡᠷᠡᠭᠤᠨ ᠳᠠᠯ᠎ᠠ ᠶᠢᠨ ᠠᠪᠳᠠᠷ᠎ᠠ ᠳᠡᠭᠡᠷ᠎ᠡ | ᠪᠣᠷᠬᠠᠨ ᠤ ᠬᠠᠮᠳᠣ ᠵᠣᠯᠠ ᠬᠦᠵᠢ ᠰᠢᠳᠠᠭᠠᠨ ᠳᠡᠬᠢᠵᠣ ᠪᠠᠶᠢᠪᠠ᠃ ᠠᠳᠡ ᠪᠠᠰᠠ ᠵᠣᠨ ᠤ ᠴᠠᠭ ᠲᠤ ᠭᠠᠳᠠᠨ᠎ᠠ ᠠᠴᠠ | ᠢᠷᠡᠭᠰᠡᠨ ᠵᠠᠰᠠᠭ ᠨᠣᠶᠠᠳ ᠪᠠ ᠭᠡᠭᠡᠨ ᠢ ᠵᠠᠯᠠᠵᠣ ᠰᠠᠭᠤᠯᠭᠠᠳᠠᠭ᠂ ᠵᠡᠭᠦᠨ ᠵᠠᠩ ᠳᠤ ᠨᠢ ᠵᠣᠨ ᠤ ᠴᠠᠭ ᠲᠤ ᠮᠢᠨᠣ | ᠡᠮᠡᠭᠡ ᠡᠬᠡ ᠰᠠᠭᠤᠳᠠᠭ ᠶᠤᠮ᠃ ᠡᠨᠡ ᠪᠠᠶᠢᠰᠢᠩ ᠤᠨ ᠪᠠᠷᠭᠠᠣᠨ ᠵᠡᠭᠦᠨ ᠬᠠᠵᠠᠭᠤ ᠳᠤ ᠪᠠᠰᠠ ᠬᠤᠶᠠᠷ ᠵᠠᠩ ᠪᠠᠶᠢᠰᠢᠩ | ᠲᠠᠢ ᠪᠠᠷᠠᠭᠤᠨ ᠲᠠᠯ᠎ᠠ ᠳᠤ ᠶᠢᠨ ᠬᠢᠨᠢ ᠬᠤᠶᠠᠷ ᠵᠠᠩ ᠳᠤ ᠵᠣᠨ ᠭᠡᠭᠦᠣ ᠶᠢᠨ ᠠᠶᠢᠷᠠᠭ ᠴᠡᠭᠡ ᠳᠠᠯᠪᠢᠳᠠᠭ᠂ ᠵᠡᠭᠦᠨ | ᠳᠠᠯ᠎ᠠ ᠶᠢᠨ ᠬᠤᠶᠠᠷ ᠵᠠᠩ ᠪᠠᠶᠢᠰᠢᠩ ᠳᠤ ᠵᠣᠨ ᠤ ᠴᠠᠭ ᠲᠤ ᠡᠮᠡᠭᠡ ᠡᠬᠡ ᠶᠢᠨ ᠬᠤᠭᠤᠯᠠ ᠴᠠᠢ ᠪᠠ ᠭᠠᠳᠠᠨ᠎ᠠ ᠠᠴᠠ | ᠢᠷᠡᠭᠰᠡᠨ ᠬᠡᠬᠡᠳ ᠨᠣᠶᠠᠳ ᠤᠨ ᠴᠠᠢ ᠬᠤᠭᠤᠯᠠ ᠭᠢᠳᠡᠭ ᠳᠣᠯᠡ ︽ᠵᠣᠭᠤᠭ ᠤᠨ ᠪᠠᠶᠢᠰᠢᠩ︾ ᠭᠡᠳᠡᠭ ᠶᠤᠮ᠃ | ᠡᠨᠡ ᠭᠡᠳᠦᠨ ᠵᠠᠩ ᠪᠠᠶᠢᠰᠢᠩ ᠤᠨ ᠡᠮᠥᠨ᠎ᠡ ᠡᠪᠦᠯ ᠪᠣᠯ ᠳᠦᠷᠪᠡ᠂ ᠵᠣᠨ ᠪᠣᠯ ᠬᠤᠶᠠᠷ ᠮᠣᠩᠭᠤᠯ ᠭᠡᠷ ᠪᠠᠷᠢᠳᠠᠭ᠃ | ᠪᠠᠷᠠᠭᠤᠨ ᠳᠠᠯ᠎ᠠ ᠳᠤ ᠨᠢ ᠬᠦᠯᠳᠦᠷᠭᠡ ᠲᠠᠢ᠂ ᠡᠭᠦᠳᠡᠨ ᠳᠤ ᠪᠠᠨ ᠮᠣᠳᠣᠨ ᠹᠦᠭ ᠲᠠᠢ ᠮᠣᠩᠭᠤᠯ ᠭᠡᠷ ᠲᠤ ᠬᠦᠷᠡᠩ | ᠣᠯᠠᠭᠠᠨ ᠪᠣᠳᠤᠭ ᠲᠠᠢ ᠠᠪᠳᠠᠷ᠎ᠠ ᠬᠤᠷᠭᠤ ᠶᠢ ᠳᠣᠭᠤᠷᠢᠭᠤᠯᠣᠨ ᠳᠢᠯᠪᠢᠵᠣ ᠬᠡᠪᠢᠰᠣᠨ ᠰᠢᠷᠳᠡᠭ᠂ ᠬᠡᠪᠢᠰᠣᠨ ᠣᠯᠪᠣᠭ | ᠲᠦᠰᠢᠯᠭᠡ ᠪᠡ ᠳᠣᠷᠭᠠ ᠬᠤᠷᠭᠤᠢ ᠪᠠᠷ ᠣᠶᠣᠭᠰᠠᠨ ᠮᠥᠩᠭᠦᠨ ᠬᠠᠳᠠᠯᠭ᠎ᠠ ᠲᠠᠢ ᠣᠷᠣ ᠰᠢᠷᠡᠭᠡ ᠶᠢ ᠬᠤᠶᠢᠨ᠎ᠠ ᠨᠢ | ᠳᠠᠯᠪᠢᠵᠣ ᠪᠠᠶᠢᠳᠠᠭ᠃ ᠳᠣᠮᠳᠠ ᠪᠠᠨ ᠠᠯᠳᠠᠨ ᠯᠣᠣ ᠪᠣᠳᠤᠭ ᠲᠠᠢ ᠲᠦᠷᠪᠡᠨ ᠮᠣᠳᠣᠨ ᠪᠠᠭᠠᠨ᠎ᠠ ᠲᠠᠢ᠂ ᠡᠨᠡ ᠪᠣᠯ | ᠪᠡᠶᠢᠯᠡ ᠨᠣᠶᠠᠨ ᠤ ᠬᠤᠷᠢᠮ ᠬᠢᠵᠣ ᠬᠠᠳᠣᠨ ᠪᠠᠭᠤᠯᠭᠠᠳᠠᠭ ᠭᠡᠷ ᠳᠣᠯᠠ ︽ᠰᠢᠨ᠎ᠠ ᠣᠷᠳᠣ︾ ᠭᠡᠳᠡᠭ᠂ ᠶᠡᠷᠦ ᠶᠢᠨ | ᠴᠠᠭ ᠲᠤ ᠬᠦᠮᠥᠨ ᠰᠠᠭᠤᠳᠠᠭ ᠦᠭᠡᠢ᠃ ᠳᠡᠭᠦᠨ ᠤ ᠵᠡᠭᠦᠨ ᠳᠡᠯ᠎ᠠ ᠳᠤ ᠪᠠᠰᠠ ᠨᠢᠭᠡ ᠮᠣᠩᠭᠤᠯ ᠭᠡᠷ ᠲᠤ ᠮᠢᠨᠣ | ᠡᠴᠢᠬᠡ ᠡᠬᠡ ᠪᠣᠯᠣᠨ ᠬᠤᠭᠤᠯᠠ ᠴᠠᠢ ᠬᠢᠳᠡᠭ ᠳᠣᠭᠤᠭᠠᠴᠢ ᠲᠠᠢ ᠪᠢᠳᠠ ᠲᠦᠷᠪᠡᠭᠦᠯᠡ ᠰᠠᠭᠤᠳᠠᠭ᠂ ᠡᠨᠡ ᠬᠡᠷ ᠡᠪᠣᠯ | ᠪᠣᠯ ᠬᠠᠯᠠᠭᠤᠨ ᠬᠠᠨᠵᠣ ᠲᠠᠢ᠂ ᠳᠡᠭᠦᠨ ᠵᠡᠭᠦᠨ ᠳᠠᠯ᠎ᠠ ᠳᠤ ᠡᠪᠦᠯ ᠪᠣᠯ ᠪᠠᠰᠠ ᠨᠢᠭᠡ ᠬᠠᠨᠵᠣ ᠲᠠᠢ ᠭᠡᠷ ᠲᠤ᠂ ᠵᠠᠰᠠᠭ | ᠤᠨ ᠳᠡᠮᠠᠭᠠ ᠶᠢ ᠳᠡᠬᠢᠵᠣ ᠪᠠᠶᠢᠳᠠᠭ ᠳᠣᠯᠠ ︽ᠳᠠᠮᠠᠭᠠᠨ ᠤ ᠣᠷᠳᠣ︾ ᠭᠡᠳᠡᠭ ᠶᠤᠮ᠃ ᠡᠨᠡ ᠭᠡᠷ ᠲᠤ ᠮᠢᠨᠣ ᠡᠮᠡᠭᠡ | ᠡᠵᠢ ᠰᠠᠭᠤᠳᠠᠭ᠃ ᠳᠡᠭᠦᠨ ᠤ ᠵᠡᠭᠦᠨ ᠳᠠᠯ᠎ᠠ ᠳᠤ ᠡᠪᠦᠯ ᠪᠣᠯ ᠪᠠᠰᠠ ᠨᠢᠭᠡ ᠭᠡᠷ ᠲᠤ ᠳᠣᠭᠤᠭᠠᠴᠢ ᠨᠠᠷ 15 ᠬᠤᠨᠤᠭ | ᠤᠨ ᠡᠭᠡᠯᠵᠢ ᠪᠠᠷ ᠡᠮᠡᠭᠡ ᠡᠬᠡ ᠪᠠ ᠭᠠᠳᠠᠨ᠎ᠠ ᠠᠴᠠ ᠢᠷᠡᠭᠰᠡᠨ ᠨᠣᠶᠠᠳ ᠤᠨ ᠬᠤᠭᠤᠯᠠ ᠴᠠᠢ ᠬᠢᠳᠡᠭ ᠭᠡᠷ ᠪᠠᠶᠢᠳᠠᠭ᠂ | ᠡᠭᠦᠨ ᠢ ︽ᠵᠣᠭᠤᠭ ᠤᠨ ᠭᠡᠷ︾ ᠭᠡᠳᠡᠭ᠃ ᠣᠯᠠᠭᠠᠨ ᠬᠦᠷᠢᠶᠡᠨ ᠤ ᠡᠮᠦᠨ᠎ᠡ ᠵᠠᠯᠭᠠᠵᠣ ᠪᠠᠷᠢᠭᠰᠠᠨ ᠰᠢᠪᠡᠷ ᠬᠦᠷᠢᠶᠡᠨ | ᠤ ᠪᠠᠷᠠᠭᠤᠨ ᠬᠤᠶᠢᠳᠣ ᠥᠨᠴᠦᠭ ᠲᠤ ᠪᠠᠰᠠ ᠨᠢᠭᠡ ᠵᠠᠩ ᠪᠠᠶᠢᠰᠢᠩ ᠢ ︽ᠳ᠋ᠣᠩᠴᠠᠳ ᠤᠨ ᠪᠠᠶᠢᠰᠢᠩ︾ ᠭᠡᠳᠡᠭ᠃ | ᠡᠨᠡ ᠪᠠᠶᠢᠰᠢᠩ ᠳᠤ ᠬᠠᠪᠣᠷ ᠳᠤ ᠪᠠᠨ ᠬᠤᠶᠠᠷ ᠭᠤᠷᠪᠠᠨ ᠯᠠᠮᠠ ᠵᠠᠯᠠᠵᠣ ᠳ᠋ᠣᠩᠴᠠᠳ ᠤᠨ ᠬᠤᠷᠠᠯ ᠬᠤᠷᠠᠳᠠᠭ᠃ ᠵᠡᠭᠦᠨ | ᠬᠠᠵᠠᠭᠤ ᠳᠤ ᠨᠣᠶᠠᠨ ᠤ ᠣᠷᠳᠣᠨ ᠤ ᠣᠯᠠᠭᠠᠨ ᠬᠦᠷᠢᠶᠡᠨ ᠤ ᠪᠠᠷᠠᠭᠤᠨ ᠡᠮᠣᠨ᠎ᠡ ᠪᠠᠨ ᠬᠠᠭᠠᠯᠭ᠎ᠠ ᠲᠠᠢ᠂ ᠡᠨᠡ | ᠬᠠᠭᠠᠯᠭ᠎ᠠ ᠶᠢ ᠶᠡᠷᠦ ᠨᠡᠭᠡᠭᠡᠳᠡᠭ ᠦᠭᠡᠢ᠃ ᠡᠨᠡ ᠬᠠᠭᠠᠯᠭ᠎ᠠ ᠶᠢᠨ ᠵᠡᠭᠦᠨ ᠬᠠᠵᠠᠭᠤ ᠳᠤ ᠪᠠᠰᠠ ᠭᠤᠷᠪᠠᠨ ᠵᠠᠩ | ᠪᠠᠶᠢᠰᠢᠩ ᠳᠤ ᠣᠶᠠᠨ ᠰᠠᠩ ᠤᠨ ᠡᠳ᠋ᠯᠡᠯ ᠭᠡᠷᠡᠭᠰᠡᠯ ᠠᠮᠣ ᠪᠣᠳᠠᠭ᠎ᠠ᠂ ᠮᠢᠬ᠎ᠠ ᠰᠢᠭᠦᠰᠦ ᠵᠡᠷᠭᠡ ᠶᠢ ᠳᠠᠯᠪᠢᠳᠠᠭ ᠰᠠᠩ | ᠤᠨ ᠭᠡᠷ ᠶᠤᠮ᠃ ᠡᠨᠡ ᠭᠡᠷ ᠤᠨ ᠲᠦᠯᠬᠢᠭᠦᠷ ᠢ ᠨᠢᠷᠪᠠ ᠪᠣᠶᠢᠳᠠ ︵ᠭᠡᠷ ᠤᠨ ᠳᠠᠷᠤᠭ᠎ᠠ︶ ᠳᠦᠯᠬᠢᠭᠦᠷᠴᠢ ᠨᠡᠷ | ᠬᠠᠳᠠᠭᠠᠯᠠᠵᠣ ᠪᠠᠶᠢᠳᠠᠭ᠃ ᠡᠨᠡ ᠰᠠᠩ ᠤᠨ ᠭᠡᠷ ᠤᠨ ᠵᠡᠭᠦᠨ ᠬᠠᠵᠠᠭᠤ ᠳᠤ ᠬᠤᠶᠢᠳᠣ ᠬᠦᠷᠢᠶᠡᠨ ᠳᠤ ᠣᠷᠣᠳᠠᠭ | ᠰᠣᠭᠤ ᠶᠢᠨ ᠪᠠᠭ᠎ᠠ ᠡᠭᠦᠳᠡ ᠲᠠᠢ᠂ ᠡᠬᠦᠨ ᠳᠤ ᠵᠡᠭᠦᠨ ᠳᠡᠯ᠎ᠡ ᠳᠤ ᠨᠢᠭᠡ ᠵᠠᠩ ᠳᠡᠷᠭᠡᠨ ᠤ ᠪᠠᠶᠢᠰᠢᠩ ᠪᠠᠶᠢᠳᠠᠭ᠃ | ᠡᠨᠡ ᠬᠦᠷᠢᠶᠡᠨ ᠤ ᠵᠡᠭᠦᠨ ᠡᠮᠣᠨ᠎ᠡ ᠡᠳᠡᠭᠡᠳ ᠲᠤ ᠨᠢ ᠳᠣᠭᠤᠭᠠᠨ ᠤ ᠪᠠᠶᠢᠰᠢᠩ ᠲᠠᠢ᠃ ᠡᠭᠦᠨ ᠳᠤ ᠬᠤᠷᠠᠯ ᠤᠨ | ᠮᠠᠩᠵᠠ᠂ ᠴᠠᠪ᠂ ᠬᠤᠭᠤᠯᠠ ᠴᠠᠢ ᠬᠢᠳᠡᠭ᠂ ᠪᠠᠷᠠᠭᠤᠨ ᠡᠮᠣᠨᠡᠬᠢ ᠪᠠᠶᠢᠰᠢᠩ ᠳᠤ ᠵᠢᠰᠠ ᠶᠢᠨ ᠨᠢᠷᠪᠠ ᠨᠠᠷ ᠬᠤᠷᠠᠯ ᠤᠨ | ᠦᠶ᠎ᠡ ᠳᠤ ᠰᠠᠭᠤᠯᠴᠠᠳᠠᠭ᠂ ᠬᠦᠷᠢᠶᠡᠨ ᠤ ᠳᠣᠮᠳᠠ ᠶᠡᠭᠡ ᠣᠷᠳᠣᠨ ᠪᠠᠭᠤᠴᠠ ᠲᠠᠢ᠂ ᠡᠨᠡ ᠶᠡᠭᠡ ᠣᠷᠳᠣᠨ ᠪᠣᠯ | ᠠᠷᠪᠠᠠ ᠭᠡᠳᠣᠠ ᠬᠠᠨ᠎ᠠ ᠲᠠᠢ ᠶᠡᠭᠡ ᠮᠣᠩᠭᠤᠯ ᠭᠡᠷ ᠪᠠᠶᠢᠳᠠᠭ᠂ ᠡᠨᠡ ᠭᠡᠷ ᠢ ᠪᠣᠯ ᠴᠠᠭᠠᠨ ᠰᠠᠷ᠎ᠠ ᠶᠢᠨ ᠰᠢᠨᠡᠯᠡᠬᠦ | ᠶᠣᠰᠣᠯᠠᠯ ᠪᠠ ᠨᠠᠮᠣᠷ ᠤᠨ ᠳᠠᠯᠠᠯᠭᠠᠨ ᠤ ᠨᠠᠶᠢᠷ ᠵᠡᠷᠭᠡ ᠨᠠᠶᠢᠷ ᠨᠠᠭᠠᠳᠣᠮ ᠬᠢᠬᠦ ᠳᠤ ᠪᠠᠷᠢᠬᠤ ᠠᠴᠠ ᠶᠡᠷᠦ ᠶᠢᠨ ᠴᠠᠭ | ᠲᠤ ᠪᠠᠷᠢᠳᠠᠭ ᠦᠭᠡᠢ᠂ ᠵᠡᠭᠦᠨ ᠳᠠᠯ᠎ᠠ ᠶᠢᠨ ᠬᠦᠷᠢᠶᠡᠨ ᠳᠤ ᠨᠢ ᠰᠠᠩ ᠣᠷᠳᠣᠨ ᠭᠡᠵᠣ ᠪᠣᠶᠢᠳᠠ ᠨᠢᠷᠪᠠ ᠪᠠ ᠵᠠᠷᠣᠴᠠ | ᠨᠡᠷ ᠰᠠᠭᠤᠳᠠᠭ ᠶᠡᠭᠡ ᠭᠡᠷ᠂ ᠳᠣᠰᠠᠯᠠᠭᠴᠢ ᠲᠦᠰᠢᠮᠡᠳ ᠪᠠ ᠭᠡᠷᠭᠡᠮᠳᠡᠨ ᠯᠠᠮᠠ ᠨᠠᠷ ᠢᠷᠡᠪᠡᠯ ᠰᠠᠭᠤᠯᠭᠠᠳᠠᠭ᠂ | ᠬᠡᠶᠢᠴᠢᠳ ᠤᠨ ᠭᠡᠷ᠂ ᠡᠪᠦᠯ ᠤᠨ ᠰᠡᠭᠦᠯ ᠢᠶᠠᠷ ᠭᠠᠯ ᠳᠠᠬᠢᠯᠭ᠎ᠠ᠂ ᠬᠠᠭᠤᠴᠢᠨ ᠤ ᠬᠤᠷᠠᠯ ᠬᠤᠷᠠᠳᠠᠭ ᠭᠡᠷ ᠬᠤᠷᠠᠯ ᠤᠨ | ᠭᠡᠷ᠂ ᠰᠢᠳᠦᠬᠡᠨ ᠤ ᠵᠢᠰᠢᠶ᠎ᠠ ᠣᠩᠰᠢᠳᠠᠭ ᠳᠠᠬᠢᠯᠴᠢ ᠨᠠᠷ ᠤᠨ ᠰᠠᠭᠤᠳᠠᠭ ᠯᠠᠮᠠ ᠨᠡᠷ ᠤᠨ ᠭᠡᠷ᠂ ᠮᠥᠩᠬᠡ ᠨᠦᠩᠨᠠᠢ | ᠶᠢᠨ ᠭᠡᠷ ᠵᠡᠷᠭᠡ ᠲᠦᠷᠪᠡ ᠳᠠᠪᠣᠨ ᠮᠣᠩᠭᠤᠯ ᠭᠡ ᠪᠠᠶᠢᠳᠠᠭ᠃ ᠬᠦᠷᠢᠶᠡᠨ ᠤ ᠵᠡᠭᠦᠨ ᠬᠠᠵᠠᠭᠤ ᠳᠤ ᠵᠣᠨ ᠪᠣᠯ ᠦᠨᠢᠶ᠎ᠡ | ᠰᠠᠭᠠᠳᠠᠭ ᠭᠡᠷ ᠪᠠᠶᠢᠳᠠᠭ᠂ ᠪᠡᠶᠢᠯᠡ ᠨᠣᠶᠠᠨ ᠤ ᠴᠠᠭᠠᠨ ᠢᠳᠡᠭᠡ ᠪᠣᠷᠣᠯᠠᠭᠤᠯᠬᠤ ᠶᠢᠨ ᠲᠦᠯᠦᠭᠡ ᠵᠢᠯ ᠪᠦᠷᠢ ᠶᠢᠨ | ᠬᠠᠪᠣᠷ ᠵᠣᠨ ᠤ ᠣᠯᠠᠷᠢᠯ ᠳᠤ ᠬᠤᠰᠢᠭᠤᠨ ᠤ ᠰᠣᠮᠣ ᠪᠦᠷᠢ ᠠᠴᠠ ᠨᠢᠵᠢᠭᠡᠳ ᠡᠮᠡᠭᠳᠡᠢ ᠶᠢ ᠠᠪᠴᠢᠷᠠᠨ ᠰᠠᠭᠤᠯᠭᠠᠵᠣ | ᠦᠨᠢᠶ᠎ᠡ ᠰᠠᠭᠤᠵᠣ ᠴᠠᠭᠠᠨ ᠢᠳᠡᠭᠡ ᠪᠣᠯᠪᠠᠰᠣᠷᠠᠭᠤᠯᠳᠠᠭ ᠳᠣᠯᠠ ᠡᠨᠡ ᠭᠡᠷ ᠢ ︽ᠰᠦᠨ ᠤ ᠭᠡᠷ︾ ᠭᠡᠳᠡᠭ᠃ | ᠪᠡᠶᠢᠯᠡ ᠨᠣᠶᠠᠨ ᠤ ᠣᠷᠳᠣᠨ ᠳᠤ ᠵᠠᠷᠣᠭᠳᠠᠵᠣ ᠪᠠᠶᠢᠭᠰᠠᠨ ᠬᠦᠮᠥᠰ ᠭᠡᠪᠡᠯ᠄ ᠵᠠᠬ᠎ᠠ ᠶᠢᠨ ᠳᠣᠭᠤᠭᠠᠴᠢ ︵ | ᠡᠮᠡᠭᠡ ᠡᠬᠡ ᠪᠡ ᠭᠠᠳᠠᠨ᠎ᠠ ᠠᠴᠠ ᠢᠷᠡᠭᠰᠡᠨ ᠭᠡᠭᠡᠳ ᠨᠣᠶᠠᠳ ᠤᠨ ᠬᠤᠭᠤᠯᠠ ᠴᠠᠢ ᠢ ᠬᠢᠳᠡᠭ︶ ᠭᠤᠷᠪᠠ ᠲᠦᠷᠪᠡᠨ | ᠬᠦᠮᠥᠨ ᠨᠢᠭᠡ ᠨᠢᠭᠡ ᠪᠠᠷ ᠬᠠᠭᠠᠰ ᠰᠠᠷ᠎ᠠ ᠪᠠᠷ ᠡᠭᠡᠯᠵᠢᠯᠡᠨ ᠰᠠᠭᠤᠳᠠᠭ᠂ ᠪᠣᠶᠢᠳᠠ ︵ᠭᠡᠷ ᠤᠨ ᠳᠠᠷᠤᠭ᠎ᠠ︶ | ᠲᠦᠯᠬᠢᠭᠦᠷᠴᠢ ᠳᠣᠰ ᠪᠦᠷᠢ ᠨᠢᠭᠡ᠃ ᠡᠳᠡᠭᠡᠷ ᠬᠦᠮᠥᠰ ᠪᠣᠯ ᠰᠠᠩ ᠤᠨ ᠭᠤᠣᠯ ᠠᠵᠢᠯ ᠢ ᠬᠠᠮᠢᠶᠠᠷᠴᠣ ᠬᠢᠳᠡᠭ᠂ | ᠴᠢᠬᠤᠯᠠ ᠠᠰᠠᠭᠤᠳᠠᠯ ᠳᠣᠯᠭᠠᠷᠠᠪᠠᠯ ᠡᠵᠢ ᠨᠡᠷ ︵ᠡᠮᠡᠭᠡ ᠡᠵᠢ ᠪᠠ ᠮᠢᠨᠣ ᠡᠬᠡ︶ ᠠᠴᠠ ᠠᠰᠠᠭᠤᠬᠤ ᠪᠣᠶᠣ | ᠵᠦᠪᠳᠡᠯᠴᠡᠵᠣ ᠪᠠᠶᠢᠭᠠᠳ ᠰᠢᠢᠳᠪᠦᠷᠢᠯᠡᠳᠡᠭ᠃ ᠶᠡᠷᠦ ᠶᠢᠨ ᠴᠠᠭ ᠲᠤ ᠪᠦᠭᠦᠳᠡᠭᠡᠷ ᠢᠷᠡᠵᠣ ᠠᠵᠢᠯᠯᠠᠳᠠᠭ ᠶᠤᠮ᠃ | ᠡᠭᠦᠨ ᠠᠴᠠ ᠭᠠᠳᠠᠨ᠎ᠠ ᠣᠰᠣᠨ ᠤ ᠬᠦᠮᠥᠨ᠂ ᠠᠷᠭᠠᠯ ᠤᠨ ᠬᠦᠮᠥᠨ᠂ ᠳᠣᠭᠤᠭᠠᠨ ᠤ ᠬᠦᠮᠥᠨ ᠭᠡᠵᠣ ᠪᠠᠶᠢᠳᠠᠭ᠂ | ᠡᠳᠡᠭᠡᠷ ᠬᠦᠮᠥᠰ ᠪᠣᠯ ᠡᠯ᠎ᠡ ᠰᠣᠮᠣᠨ ᠠᠴᠠ ᠡᠭᠡᠯᠵᠢᠯᠡᠨ ᠰᠠᠭᠤᠳᠠᠭ᠂ ᠡᠭᠦᠨ ᠠᠴᠠ ᠭᠠᠳᠠᠨ᠎ᠠ ᠠᠳᠣᠭᠤᠨ ᠤ ᠬᠦᠮᠥᠨ᠂ | ᠦᠬᠡᠷ ᠤᠨ ᠭᠦᠮᠥᠨ᠂ ᠳᠡᠮᠡᠭᠡᠨ ᠤ ᠬᠦᠮᠥᠨ᠂ ᠬᠤᠨᠢᠨ ᠤ ᠬᠦᠮᠥᠨ᠂ ᠰᠠᠩ ᠶᠢᠨ ᠳᠠᠬᠠᠷ᠎ᠠ ︵ᠵᠠᠷᠣᠯᠭ᠎ᠠ ᠡᠯᠴᠢ︶ ᠶᠢ | ᠪᠣᠯ ᠡᠭᠡᠯᠵᠢ ᠪᠠᠷ ᠵᠠᠷᠣᠬᠤ ᠪᠢᠰᠢ ᠳᠣᠰᠬᠠᠢ ᠬᠦᠮᠥᠨ ᠢ ᠨᠡᠷᠡᠯᠡᠨ ᠳᠣᠭᠳᠠᠭᠠᠳᠠᠭ᠃ ᠪᠠᠰᠠ ᠬᠠᠶ᠋ᠢ ᠶᠢᠨ ᠰᠦᠮ᠎ᠡ᠂ | ᠬᠠᠮᠪᠤ ᠶᠢᠨ ᠰᠦᠮ᠎ᠡ ᠠᠴᠠ ᠭᠤᠷᠪᠠ ᠲᠦᠷᠪᠡᠨ ᠯᠠᠮᠠ ᠶᠢ ᠨᠠᠷᠠᠯᠠᠵᠣ ᠳᠡᠳᠡᠨ ᠢ ᠰᠠᠷ᠎ᠠ ᠰᠠᠷ᠎ᠠ ᠪᠠᠷ ᠡᠭᠡᠯᠵᠢᠯᠡᠭᠦᠯᠥᠨ | ᠰᠠᠭᠤᠯᠭᠠᠵᠣ ᠡᠳᠦᠷ ᠪᠦᠷᠢ ᠰᠢᠳᠣᠬᠡᠨ ᠤ ᠰᠦᠮ᠎ᠡ ᠳᠤ ᠬᠤᠶᠠᠷ ᠣᠳᠠᠭᠠᠨ ᠤ ᠵᠢᠰᠢᠶ᠎ᠡ ᠣᠩᠰᠢᠬᠤ ᠪᠠ ᠳᠠᠮᠠᠭᠠᠨ ᠤ | ᠳᠠᠬᠢᠯ ᠰᠠᠩ ᠳᠠᠯᠪᠢᠳᠠᠭ ᠳᠣᠯᠠ ᠳᠡᠳᠡᠨ ᠢ ᠨᠣᠶᠠᠨ ᠤ ︽ᠳᠠᠬᠢᠯᠴᠢ︾ ᠭᠡᠳᠡᠭ᠃ ᠪᠠᠰᠠ ᠮᠢᠨᠣ ᠡᠴᠢᠬᠡ ᠨᠠᠰᠣ | ᠪᠠᠷᠭᠰᠠᠨ ᠳᠠᠷᠠᠭ᠎ᠠ ᠵᠢᠯ ᠳᠡᠭᠦᠨ ᠳᠤ ᠪᠣᠶᠠᠨ ᠦᠢᠯᠡᠳᠬᠦ ᠶᠢᠨ ᠲᠦᠯᠥᠭᠡ ᠳᠣᠰᠬᠠᠢ ᠮᠠᠯ᠂ ᠮᠥᠩᠭᠦ ᠭᠠᠷᠭᠠᠨ ᠮᠥᠩᠭᠡ | ᠨᠦᠩᠨᠠᠢ ᠭᠠᠷᠭᠠᠵᠠᠢ᠃ ᠡᠨᠡ ᠨᠢ ᠳᠣᠰ ᠬᠦᠷᠢᠶᠡᠨ ᠤ ᠪᠠᠷᠠᠭᠤᠨ ᠬᠤᠶᠢᠳᠣ ᠦᠨᠴᠦᠭ ᠲᠤ ᠬᠤᠶᠠᠷ ᠵᠠᠩ ᠪᠠᠶᠢᠰᠢᠩ | ᠪᠠᠷᠢᠵᠣ᠂ ᠡᠪᠥᠯ ᠪᠣᠯ ᠬᠠᠨᠵᠣ ᠲᠠᠢ ᠮᠣᠩᠭᠤᠯ ᠭᠡᠷ ᠲᠤ ᠬᠠᠶ᠋ᠢ ᠶᠢᠨ ᠰᠦᠮ᠎ᠠ᠂ ᠬᠠᠮᠪᠤ ᠶᠢᠨ ᠰᠦᠮ᠎ᠡ᠂ ᠰᠧᠩᠰᠧᠩ | ᠰᠦᠮ᠎ᠡ ᠠᠴᠠ ᠰᠠᠷ᠎ᠠ ᠰᠠᠷ᠎ᠠ ᠪᠠᠷ ᠡᠭᠡᠯᠵᠢᠯᠡᠨ ᠨᠢᠬᠡᠨ ᠯᠠᠮᠠ ᠰᠠᠭᠤᠵᠣ ᠨᠦᠩᠨᠠᠢ ᠰᠠᠬᠢᠳᠠᠭ᠃ ᠨᠦᠩᠨᠠᠢ ᠰᠠᠬᠢᠬᠤ | ᠭᠡᠳᠡᠭ ᠪᠣᠯ ᠰᠢᠷ᠎ᠠ ᠶᠢᠨ ᠱᠠᠰᠢᠨ ᠤ ᠨᠢᠬᠡ ᠵᠦᠢᠯ ᠤᠨ ᠠᠪᠰᠢᠭ ᠨᠣᠮ ᠶᠤᠮ᠃ ᠲᠦᠷᠢᠮ ᠳᠣᠭᠳᠠᠭᠠᠯ ᠨᠢ ᠴᠢᠩᠭ᠎ᠠ | ᠬᠠᠳᠠᠭᠤ ᠪᠠᠶᠢᠳᠠᠭ᠃ ᠵᠢᠱᠢᠶᠡᠯᠡᠪᠡᠯ᠄ ᠡᠳᠦᠷ ᠪᠦᠷᠢ ᠳᠣᠭᠳᠠᠭᠰᠠᠨ ᠬᠡᠮᠵᠢᠶᠡᠨ ᠤ ᠨᠣᠮ ᠰᠣᠳᠣᠷ ᠢ ᠣᠩᠰᠢᠵᠣ | ᠳᠡᠭᠦᠰᠭᠡᠬᠦ ᠠᠴᠠ ᠭᠠᠳᠠᠨ᠎ᠠ ᠮᠢᠬ᠎ᠠ ᠰᠢᠬᠦᠰᠣ ᠢᠳᠡᠳᠡᠭ ᠦᠭᠡᠢ᠂ ᠨᠢᠭᠡ ᠡᠳᠦᠷ ᠦᠨᠵᠢᠭᠡᠳ ᠳᠡᠷᠠᠭ᠎ᠠ ᠡᠳᠦᠷ ᠲᠤ ᠨᠢ | ᠮᠠᠩᠵᠠ᠂ ᠴᠠᠪ᠂ ᠢᠳᠡᠵᠣ ᠪᠣᠯᠬᠤ ᠠᠴᠠ ᠪᠢᠰᠢ᠂ ᠡᠳᠦᠷ ᠪᠦᠷᠢ ᠢᠳᠡᠵᠣ ᠪᠣᠯᠳᠠᠭ ᠦᠭᠡᠢ ᠠᠴᠠ ᠭᠠᠳᠠᠨ᠎ᠠ᠂ ᠨᠣᠮ | ᠣᠩᠰᠢᠵᠣ ᠠᠴᠠ ᠪᠢᠰᠢ ᠦᠭᠡ ᠶᠠᠷᠢᠵᠣ ᠪᠣᠯᠳᠠᠭ ᠦᠭᠡᠢ ᠳᠣᠪ ᠳᠣᠭᠤᠢ ᠰᠠᠭᠤᠳᠠᠭ᠃ ᠪᠢ ᠪᠠᠭ᠎ᠠ ᠳᠤ ᠪᠠᠨ ᠳᠡᠭᠦᠨ | ᠤ ᠣᠴᠢᠷ ᠣᠬᠠᠭᠠᠨ ᠢ ᠨᠢ ᠣᠯᠬᠤ ᠦᠭᠡᠢ ᠰᠣᠨᠢᠷᠬᠠᠵᠣ ᠳᠡᠭᠦᠨ ᠤ ᠭᠡᠷ ᠲᠤ ᠨᠢ᠂ ᠦᠬᠦᠭᠰᠡᠨ ᠬᠤᠯᠣᠭᠠᠨ᠎ᠠ | ᠬᠤᠷᠣᠬᠠᠢ ᠰᠢᠪᠠᠵᠢ ᠬᠠᠶᠠᠵᠣ ᠣᠷᠣᠭᠤᠯᠣᠨ ᠦᠭᠡ ᠶᠠᠷᠢᠭᠤᠯᠬᠤ ᠪᠠᠷ ᠣᠷᠣᠯᠳᠣᠳᠠᠭ ᠪᠠᠶᠢᠭᠰᠠᠨ ᠪᠢᠯᠡ᠃ ᠭᠠᠳᠠᠨ᠎ᠠ | ᠠᠴᠠ ᠶᠡᠷᠦ ᠶᠢᠨ ᠬᠦᠮᠥᠰ ᠪᠣᠶᠣ ᠶᠠᠮᠣᠨ ᠤ ᠲᠦᠰᠢᠮᠡᠳ᠂ ᠰᠦᠮ᠎ᠡ ᠶᠢᠨ ᠬᠡᠷᠬᠡᠮᠳᠡᠨ ᠯᠠᠮᠠᠨᠠᠷ ᠢᠷᠡᠪᠡᠯ ᠬᠠᠮᠤᠭ ᠤᠨ | ᠣᠷᠢᠳ ᠵᠡᠭᠦᠨ ᠳᠠᠯ᠎ᠠ ᠶᠢᠨ ᠣᠶᠠᠭᠠᠨ ᠳᠤ ᠮᠣᠷᠢ ᠪᠠᠨ ᠣᠶᠠᠵᠣ ᠰᠠᠩ ᠤᠨ ᠣᠷᠳᠣᠨ ᠳᠤ ᠣᠷᠣᠳᠠᠭ᠂ ᠬᠡᠷᠪᠡ ᠡᠮᠡᠭᠡ | ᠡᠬᠡ᠂ ᠡᠵᠢ ᠬᠠᠳᠣᠨ ᠪᠠ ᠨᠣᠶᠠᠨ ᠳᠤ ᠪᠠᠷᠠᠯᠠᠬᠤ ᠪᠣᠯ ᠪᠣᠶᠢᠳᠠ ᠳᠠᠮᠵᠢᠭᠤᠯᠣᠨ ᠮᠠᠳᠡᠭᠦᠯᠵᠣ ᠵᠦᠪᠰᠢᠶᠡᠷᠡᠪᠡᠯ ᠰᠠᠶ᠋ᠢ | ᠪᠡᠶᠢᠯᠡ ᠨᠣᠶᠠᠨ ᠤ ᠣᠷᠳᠣᠨ ᠳᠤ ᠣᠷᠣᠳᠠᠭ ᠶᠤᠮ᠃ | ᠪᠡᠶᠢᠯᠡ ᠨᠣᠶᠠᠨ ᠤ ᠰᠠᠩ ᠤᠨ ᠰᠦᠷᠦᠭ 1943 — 1944 ᠣᠨ ᠤ ᠣᠷᠴᠢᠮ ᠶᠡᠭᠡ ᠲᠦᠯᠥᠪ | ᠳᠤᠭ᠎ᠠ᠄ ᠠᠳᠣᠭᠤ ᠳᠣᠪᠣᠨ ᠵᠠᠭᠤ ᠭᠠᠷᠦᠢ᠂ ᠳᠡᠮᠡᠭᠡ ᠬᠤᠶᠠᠷ ᠵᠠᠭᠤ ᠰᠢᠬᠠᠮ᠂ ᠦᠭᠡᠷ ᠭᠤᠷᠪᠡᠨ ᠵᠠᠭᠤ ᠭᠠᠷᠦᠢ᠂ | ᠬᠤᠨᠢ ᠮᠢᠩᠭᠤ ᠭᠠᠷᠦᠢ ᠪᠠᠶᠢᠵᠣ᠂ ᠠᠳᠣᠭᠤ ᠦᠬᠡᠷ ᠳᠡᠮᠡᠭᠡ ᠶᠢᠨ ᠶᠡᠬᠡᠩᠬᠢ ᠶᠢ ᠨᠣᠶᠠᠨ ᠤ ᠰᠠᠩ ᠳᠤ ᠪᠠᠨ | ᠰᠦᠷᠦᠭᠯᠡᠨ ᠳᠣᠰᠬᠠᠢ ᠬᠦᠮᠥᠨ ᠢᠶᠠᠷ ᠮᠠᠯᠵᠢᠭᠤᠯᠵᠣ ᠪᠠᠶᠢᠳᠠᠭ᠃ ᠬᠤᠨᠢ ᠪᠠ ᠨᠢᠭᠡ ᠬᠡᠰᠡᠭ ᠦᠬᠡᠷ ᠢ ᠠᠶᠢᠯ ᠤᠳ ᠲᠤ | ᠰᠦᠷᠦᠭ ᠳᠠᠯᠪᠢᠨ ᠮᠠᠯᠵᠢᠭᠤᠯᠵᠣ ᠪᠠᠶᠢᠵᠠᠢ᠃ 1940 ᠣᠨ ᠤ ᠦᠶ᠎ᠡ ᠪᠠᠷ ᠬᠤᠨᠢ ᠮᠢᠩᠭ᠎ᠠ ᠭᠠᠷᠦᠢ᠂ | ᠦᠬᠡᠷ ᠵᠠᠭᠤ ᠭᠠᠷᠦᠢ ᠶᠢ ᠳᠣᠰᠠᠭᠠᠷᠯᠠᠨ ᠰᠦᠷᠦᠭᠯᠡᠵᠣ ᠬᠤᠶᠠᠷ ᠭᠤᠷᠪᠠᠨ ᠮᠣᠩᠭᠤᠯ ᠭᠡᠷ ᠢᠶᠠᠷ ᠠᠷᠣ ᠰᠠᠩ ᠬᠡᠵᠣ | ᠭᠠᠷᠭᠠᠭᠠᠳ ᠮᠢᠨᠣ ᠡᠬᠡ ᠬᠡᠳᠦᠨ ᠵᠠᠷᠣᠴᠠ ᠨᠠᠷ ᠲᠠᠢ ᠦᠪᠡᠷ ᠤᠨ ᠪᠡᠶ᠎ᠡ ᠪᠠᠷ ᠮᠠᠯᠵᠢᠬᠤ ᠪᠣᠯᠣᠭᠰᠠᠨ᠃ ᠡᠭᠦᠨ ᠠᠴᠠ | ᠬᠤᠶᠢᠰᠢ ᠪᠢ ᠡᠬᠡ ᠲᠠᠢ ᠪᠠᠨ ᠠᠷᠣ ᠰᠠᠩ ᠳᠤ ᠰᠠᠭᠤᠳᠠᠭ᠃ ᠴᠠᠭᠠᠨ ᠰᠠᠷ᠎ᠠ᠂ ᠳᠠᠪᠣᠨ ᠰᠠᠷ᠎ᠠ ᠶᠢᠨ ᠣᠪᠣᠭᠠᠳ ᠤᠨ | ᠳᠠᠬᠢᠯᠭ᠎ᠠ᠂ ᠵᠣᠨ ᠤ ᠢᠷᠦᠭᠡᠯ᠂ ᠨᠠᠮᠣᠷ ᠤᠨ ᠳᠠᠯᠠᠯᠭᠠᠨ ᠤ ᠦᠶ᠎ᠡ ᠣᠷᠳᠣᠨ ᠳᠤ ᠣᠴᠢᠳᠠᠭ ᠪᠠᠶᠢᠵᠠᠢ᠃ | ᠲᠡᠷᠡ ᠦᠶ᠎ᠡ ᠳᠤ ᠴᠢᠩ ᠣᠯᠣᠰ ᠮᠦᠬᠦᠭᠡᠳ ᠳᠣᠮᠳᠠᠳᠣ ᠢᠷᠭᠡᠨ ᠣᠯᠣᠰ ᠪᠠᠶᠢᠭᠤᠯᠣᠭᠳᠠᠭᠰᠠᠨ ᠪᠣᠯᠪᠠᠴᠣ | ᠪᠠᠰᠠᠴᠣ ᠴᠢᠩ ᠣᠯᠣᠰ ᠠᠴᠠ ᠳᠣᠭᠳᠠᠭᠠᠭᠰᠠᠨ ︽ᠭᠠᠳᠠᠭᠠᠳᠣ ᠮᠣᠩᠭᠤᠯ ᠤᠨ ᠲᠦᠷᠦ ᠶᠢ ᠵᠠᠰᠠᠬᠤ ᠶᠠᠪᠣᠳᠠᠯ ᠤᠨ | ᠶᠠᠮᠣᠨ︾ ᠤ ᠬᠠᠣᠯᠢ ᠶᠢ ᠳᠠᠭᠠᠵᠣ ᠪᠠᠶᠢᠭᠰᠠᠨ ᠶᠤᠮ᠃ ᠡᠶᠢᠮᠥ ᠶᠢᠨ ᠳᠣᠯᠠ ᠰᠢᠯᠢ ᠶᠢᠨ ᠭᠤᠣᠯ ᠴᠢᠭᠤᠯᠭᠠᠨ ᠤ ᠡᠯ᠎ᠡ | ᠬᠤᠰᠢᠭᠤ ᠤ ᠵᠠᠰᠠᠭ ᠨᠣᠶᠠᠳ ᠪᠠᠰᠠᠴᠣ ᠦᠶ᠎ᠡ ᠣᠯᠡᠷᠢᠨ ᠵᠠᠯᠭᠠᠮᠵᠢᠯᠡᠵᠣ ᠪᠠᠶᠢᠭᠰᠠᠨ ᠳᠣᠯᠠ ᠵᠠᠰᠠᠭ ᠨᠣᠶᠠᠳ ᠨᠠᠰᠣ | ᠪᠠᠷᠠᠪᠠᠯ ᠳᠡᠭᠦᠨ ᠤ ᠠᠬᠠᠮᠠᠳ ᠬᠦᠪᠡᠬᠦᠨ᠂ ᠬᠡᠷᠪᠡ ᠠᠬᠠᠮᠠᠳ ᠬᠦᠪᠡᠭᠦᠨ ᠦᠭᠡᠢ ᠪᠣᠯ ᠬᠤᠶᠠᠳᠣᠭᠠᠷ ᠬᠦᠪᠡᠭᠦᠨ ᠪᠣᠶᠣ | ᠭᠤᠷᠪᠠᠳᠣᠭᠠᠷ ᠬᠦᠪᠡᠭᠦᠨ ᠨᠢ ᠵᠠᠯᠭᠠᠮᠵᠢᠯᠠᠳᠠᠭ᠂ ᠬᠦᠪᠡᠭᠦᠨ ᠦᠭᠡᠢ ᠪᠣᠯ ᠳᠠᠶᠢᠵᠢ ᠢᠵᠠᠭᠤᠷ ᠲᠠᠢ ᠣᠶᠢᠷ᠎ᠠ ᠲᠦᠷᠦᠯ | ᠰᠠᠳᠣᠨ ᠤ ᠬᠦᠪᠡᠭᠦᠨ ᠢ ᠦᠷᠡᠴᠢᠯᠡᠨ ᠵᠠᠯᠭᠠᠮᠵᠢᠯᠠᠭᠤᠯᠳᠠᠭ᠂ ᠭᠡᠪᠡᠴᠦ ᠠᠷᠪᠠᠠ ᠨᠠᠢᠮᠠᠨ ᠨᠠᠰᠣ ᠬᠦᠷᠦᠭᠡᠳᠦᠢ ᠪᠣᠯ | ᠵᠦᠪᠭᠡᠨ ᠵᠡᠷᠭᠡ ᠵᠢᠩᠰᠡ ᠵᠡᠭᠦᠯᠭᠡᠵᠣ ᠰᠢᠷᠡᠭᠡᠨ ᠳᠤ ᠰᠠᠭᠤᠯᠭᠠᠳᠠᠭ᠂ ᠬᠤᠰᠢᠭᠤᠨ ᠤ ᠵᠠᠰᠠᠭ ᠲᠦᠷᠦ ᠶᠢᠨ ᠠᠯᠢᠪᠠ | ᠡᠷᠬᠡ ᠮᠡᠳᠡᠯ ᠢ ᠳᠣᠰ ᠬᠤᠰᠢᠭᠤᠨ ᠤ ᠳᠠᠮᠠᠭᠠᠨ ᠳᠣᠰᠠᠯᠠᠭᠴᠢ ᠣᠷᠣᠯᠠᠨ ᠬᠦᠢᠴᠡᠳᠭᠡᠳᠡᠭ᠃ ᠵᠠᠰᠠᠭ ᠨᠣᠶᠠᠨ ᠠᠷᠪᠠᠠ | ᠨᠠᠢᠮᠡᠨ ᠨᠠᠰᠣ ᠬᠦᠷᠪᠡᠯ ᠳᠠᠮᠠᠭᠠᠨ ᠤ ᠨᠠᠶᠢᠷ ᠬᠢᠵᠤ ᠵᠠᠰᠠᠭ ᠲᠦᠷᠦ ᠶᠢᠨ ᠡᠷᠬᠡ ᠪᠠᠷᠢᠬᠤ ᠶᠣᠰᠣᠯᠠᠯ ᠶᠠᠪᠣᠭᠤᠯᠵᠣ | ᠳᠠᠮᠠᠭ᠎ᠠ ᠰᠢᠯᠵᠢᠭᠦᠯᠥᠨ ᠳᠣᠰᠢᠶᠠᠳᠠᠭ᠃ ᠮᠢᠨᠣ ᠡᠴᠢᠭᠡ ᠨᠠᠰᠣ ᠪᠠᠷᠠᠭᠰᠠᠨ ᠤ ᠳᠠᠷᠠᠭ᠎ᠠ ᠵᠢᠯ ᠨᠠᠮᠠᠢᠢ ᠶᠢᠰᠣᠨ ᠨᠠᠰᠣᠳᠠᠢ | ᠪᠠᠶᠢᠬᠤ ᠳᠤ ᠵᠠᠰᠠᠭ ᠪᠡᠶᠢᠯᠡ ᠶᠢᠨ ᠵᠢᠩᠰᠡ ᠵᠡᠷᠭᠡ ᠶᠢ ᠵᠠᠯᠭᠠᠮᠵᠢᠯᠠᠭᠤᠯᠵᠣ ᠰᠢᠷᠡᠭᠡᠨ ᠳᠤ ᠰᠠᠭᠤᠬᠤ ᠶᠣᠰᠣᠯᠠᠯ ᠤᠨ | ᠨᠠᠶᠢᠷ ᠬᠢᠵᠠᠢ᠃ ᠲᠡᠷᠡ ᠦᠶ᠎ᠡ ᠳᠤ ᠮᠠᠨ ᠤ ᠬᠤᠰᠢᠭᠤᠨ ᠤ ᠳᠠᠮᠠᠭᠠᠨ ᠳᠣᠰᠠᠯᠠᠭᠴᠢ ᠨᠢ ᠪᠠᠵᠠᠷᠰᠠᠳ ᠪᠠᠶᠢᠵᠤ᠂ | ᠳᠠᠷᠠᠭ᠎ᠠ ᠨᠢ ᠠᠯᠳᠠᠠᠭᠡᠷᠡᠯ᠂ ᠮᠥᠩᠬᠡ ᠨᠠᠷ ᠪᠣᠯᠵᠣ ᠦᠩᠭᠡᠷᠡᠵᠠᠢ᠃ ᠪᠢ ᠵᠠᠰᠠᠭ ᠲᠦᠷᠦ ᠶᠢᠨ ᠡᠷᠬᠡ ᠶᠢ ᠪᠠᠷᠢᠭᠰᠠᠨ | ᠦᠭᠡᠢ ᠪᠣᠯᠪᠠᠴᠣ ᠵᠢᠯ ᠪᠦᠷᠢ ᠶᠢᠨ ᠴᠠᠭᠠᠨ ᠰᠠᠷ᠎ᠠ ᠶᠢᠨ ᠰᠢᠨᠡᠯᠡᠬᠦ ᠶᠣᠰᠣᠯᠠᠯ᠂ ᠳᠠᠯᠠᠯᠭᠠᠨ ᠤ ᠨᠠᠶᠢᠷ᠂ ᠣᠪᠣᠭᠠᠳ ᠤᠨ | ᠳᠠᠬᠢᠯᠭ᠎ᠠ᠂ ᠰᠦᠮ᠎ᠡ ᠬᠡᠶᠢᠳ ᠤᠨ ᠬᠤᠷᠠᠯ ᠢᠷᠦᠭᠡᠯ ᠳᠤ ᠣᠴᠢᠬᠤ ᠳᠤ ᠪᠠᠨ ᠴᠦᠮ ᠵᠢᠩᠰᠡᠳᠣ ᠮᠠᠯᠠᠭᠠᠢ ᠵᠡᠬᠦᠵᠣ᠂ | ᠶᠣᠰᠣᠯᠠᠯ ᠤᠨ ᠬᠦᠷᠮ᠎ᠠ ᠡᠮᠥᠰᠴᠣ᠂ ᠪᠡᠶᠢᠯᠡ ᠨᠣᠶᠠᠨ ᠤ ᠰᠢᠷᠡᠭᠡᠨ ᠳᠤ ᠰᠠᠭᠤᠳᠠᠭ ᠪᠠᠶᠢᠵᠠᠢ᠃ | ᠪᠢ ᠨᠢᠯᠬ᠎ᠠ ᠪᠠᠭ᠎ᠠ ᠠᠴᠠ ᠪᠠᠨ ᠭᠡᠳᠦᠨ ᠣᠳᠠᠭ᠎ᠠ ᠡᠪᠡᠳᠴᠢᠨ ᠳᠤ ᠨᠡᠷᠪᠡᠭᠳᠡᠵᠣ ᠣᠯᠠᠨ ᠣᠳᠠᠭ᠎ᠠ ᠨᠣᠮ | ᠭᠦᠷᠢᠮ ᠣᠩᠰᠢᠬᠤ ᠪᠠ ᠡᠮ ᠵᠠᠰᠠᠯ ᠬᠢᠯᠭᠡᠵᠣ ᠪᠠᠶᠢᠮᠠᠨᠵᠢᠨ ᠬᠦᠮᠥᠨ ᠪᠣᠯᠵᠣ ᠴᠢᠳᠠᠭᠰᠠᠨ ᠳᠣᠯᠠ ᠮᠢᠨᠣ ᠡᠴᠢᠭᠡ ᠡᠬᠡ | ᠨᠠᠳᠠᠳᠣ ᠶᠡᠭᠡ ᠬᠠᠶᠢᠷᠠᠳᠠᠢ᠂ ᠳᠣᠷ᠎ᠠ ᠪᠠᠷ ᠨᠢ ᠠᠭᠠᠳᠣᠭᠤᠯᠵᠣ᠂ ᠮᠢᠨᠣ ᠡᠴᠢᠬᠡ ᠠᠯᠪᠡᠨ ᠣᠴᠢᠷ ᠢᠶᠠᠷ ᠭᠠᠳᠠᠭᠰᠢ | ᠶᠠᠪᠣᠭᠠᠳ ᠬᠠᠷᠢᠵᠣ ᠢᠷᠡᠬᠦ ᠪᠦᠷᠢ ᠳᠤ ᠪᠠᠨ ᠡᠯᠳᠡᠪ ᠵᠦᠢᠯ ᠤᠨ ᠨᠠᠭᠠᠳᠣᠮ ᠠᠪᠴᠢᠷᠠᠵᠣ ᠦᠭᠳᠡᠭ᠂ ᠡᠶᠢᠮᠥ ᠪᠠᠶᠢᠳᠠᠯ | ᠤᠨ ᠳᠣᠣᠷ᠎ᠠ ᠪᠢ ᠡᠷᠬᠡ ᠳᠣᠷ᠎ᠠ ᠪᠠᠷ ᠢᠶᠠᠨ ᠨᠠᠭᠠᠳᠴᠣ ᠵᠣᠪᠠᠭᠤᠷᠢ ᠵᠦᠳᠡᠭᠦᠷᠢ ᠶᠢ ᠮᠠᠳᠠᠬᠦ ᠦᠭᠡᠢ ᠦᠰᠦᠭᠰᠡᠨ ᠶᠤᠮ᠃ | | ᠪᠢ ᠨᠠᠢᠮᠠᠨ ᠨᠠᠰᠣᠳᠠᠢ ᠪᠠᠶᠢᠬᠤ ᠦᠶ᠎ᠡ ᠳᠤ ᠡᠪᠦᠭᠡᠨ ᠵᠠᠬᠢᠷᠣᠭᠴᠢ ᠡᠩᠬᠡᠪᠠᠶᠠᠷ ᠢ ᠪᠠᠭᠰᠢ ᠰᠢᠳᠦᠭᠦᠯᠵᠣ ᠭᠡᠷ | ᠲᠤ ᠪᠠᠨ ᠨᠣᠮ ᠵᠢᠭᠠᠯᠭᠠᠬᠤ ᠪᠣᠯᠵᠠᠢ᠃ ᠲᠡᠷᠡ ᠦᠶ᠎ᠡ ᠳᠤ ᠰᠣᠷᠴᠣ ᠪᠠᠶᠢᠭᠰᠠᠨ ᠨᠣᠮ ᠪᠣᠯ᠄ ᠮᠣᠩᠭᠤᠯ ᠴᠠᠭᠠᠨ | ᠳᠣᠯᠣᠭᠠᠢ᠂ ᠬᠡᠯᠡᠨ ᠴᠢᠮᠡᠭ᠂ ᠰᠣᠪᠰᠢᠳᠢ᠂ ᠢᠷᠦᠭᠡᠯ ᠮᠠᠭᠳᠠᠭᠠᠯ ᠵᠡᠷᠭᠡ ᠪᠣᠯᠣᠨ᠎ᠠ᠃ ᠮᠢᠨᠣ ᠡᠬᠡ ᠨᠠᠳᠠ ᠳᠤ᠄ ︽ | ᠪᠠᠭᠰᠢ ᠶᠢᠨ ᠢᠶᠠᠨ ᠦᠭᠡ ᠶᠢ ᠰᠣᠨᠣᠰᠴᠣ ᠰᠠᠶᠢᠨ ᠰᠣᠷᠬᠤ ᠬᠡᠷᠡᠭᠳᠠᠢ︾ ᠭᠡᠵᠣ ᠰᠣᠷᠭᠠᠳᠠᠭ ᠪᠠᠶᠢᠭᠰᠠᠨ᠃ ᠪᠢ | ᠠᠩᠬᠠᠨ ᠳᠤ ᠪᠠᠨ ᠡᠨᠡ ᠡᠪᠦᠭᠡᠨ ᠪᠠᠭᠰᠢ ᠠᠴᠠ ᠶᠡᠭᠡ ᠠᠶᠣᠳᠠᠭ ᠪᠠᠶᠢᠭᠰᠠᠨ ᠪᠣᠯᠬᠤᠷ ᠳᠡᠭᠦᠨ ᠢ ᠢᠷᠡᠭᠦ ᠪᠦᠷᠢ | ᠶᠡᠬᠡᠳᠡ ᠨᠣᠮᠣᠬᠠᠨ ᠰᠠᠭᠤᠳᠠᠭ᠃ ᠣᠴᠢᠷ ᠨᠢ ᠪᠢ ᠪᠣᠯ ᠲᠡᠷᠡ ᠦᠶ᠎ᠡ ᠭᠠᠳᠠᠨ᠎ᠠ ᠶᠢᠨ ᠬᠦᠮᠥᠨ ᠲᠠᠢ ᠣᠭᠳᠣ | ᠣᠴᠠᠷᠠᠵᠣ ᠦᠵᠡᠭᠡᠳᠦᠢ ᠪᠠᠶᠢᠭᠰᠠᠨ ᠠᠴᠠ ᠳᠠᠨᠢᠬᠤ ᠦᠭᠡᠢ ᠬᠦᠮᠥᠨ ᠢ ᠦᠵᠡᠭᠡᠳ ᠶᠡᠭᠡ ᠠᠶᠣᠳᠠᠭ ᠪᠠᠶᠢᠭᠰᠠᠨ᠂ | ᠭᠡᠪᠡᠴᠦ ᠪᠠᠭᠰᠢ ᠮᠢᠨᠢ ᠨᠠᠮᠠᠢᠢ ᠨᠢᠭᠡ ᠣᠳᠠᠭ᠎ᠠ ᠵᠠᠩᠳᠣᠷᠴᠦ ᠦᠵᠡᠭᠡᠳᠦᠢ ᠶᠤᠮ᠃ ᠮᠢᠨᠣ ᠡᠴᠢᠭᠡ ᠨᠠᠰᠣ ᠪᠠᠷᠠᠭᠰᠠᠨ ᠵᠢᠯ | ᠤᠨ ᠵᠣᠨ ᠪᠢ ᠪᠠᠰᠠ ᠭᠦᠨᠳᠣ ᠡᠪᠡᠳᠴᠢᠨ ᠬᠦᠷᠦᠭᠰᠡᠨ ᠳᠤ ᠭᠡᠷ ᠠᠴᠠ ᠵᠠᠶᠢᠯᠠᠭᠤᠯᠵᠣ ᠡᠬᠡ ᠲᠠᠢ ᠪᠠᠨ ᠬᠠᠮᠪᠤ ᠶᠢᠨ | ᠰᠦᠮ᠎ᠡ ᠳᠤ ᠨᠣᠮ ᠬᠦᠷᠢᠮ ᠡᠮ ᠵᠠᠰᠠᠯ ᠬᠢᠯᠭᠡᠵᠣ ᠪᠠᠶᠢᠭᠰᠠᠨ᠂ ᠲᠡᠷᠡ ᠦᠶ᠎ᠡ ᠳᠤ ᠪᠠᠶᠠᠳ ᠨᠣᠶᠠᠳ ᠵᠢᠯ ᠣᠷᠣᠬᠤ | ᠦᠶ᠎ᠡ ᠶᠢᠨ ᠡᠮᠣᠨ᠎ᠡ ᠵᠢᠯ ᠠᠴᠠ ᠡᠬᠢᠯᠡᠨ ᠪᠣᠶᠠᠨ ᠦᠢᠯᠡᠳᠴᠦ ᠰᠦᠮ᠎ᠡ ᠬᠡᠶᠢᠳ᠂ ᠭᠡᠭᠡᠨ ᠪᠣᠷᠬᠠᠨ ᠳᠤ ᠡᠷᠭᠦᠯ | ᠮᠥᠷᠭᠦᠯ ᠬᠢᠵᠣ ᠳᠠᠭᠠᠳᠬᠠᠯ ᠭᠤᠶᠣᠳᠠᠭ ᠪᠠᠶᠢᠭᠰᠠᠨ ᠶᠤᠮ᠃ ᠰᠢᠷ᠎ᠠ ᠪᠠᠷᠰ ᠵᠢᠯ ︵1938︶ ᠪᠣᠯ ᠮᠢᠨᠣ ᠡᠬᠡ | ᠬᠤᠷᠢᠨ ᠳᠡᠪᠣᠨ ᠤ ᠵᠢᠯ ᠣᠷᠣᠬᠤ ᠳᠣᠯᠠ ᠳᠡᠭᠦᠨ ᠤ ᠨᠠᠰᠣᠨ ᠤ ᠪᠡᠶᠡᠷ ᠤᠨ ᠠᠮᠣᠷ ᠮᠡᠨᠳᠣ ᠶᠢ ᠳᠠᠭᠠᠳᠬᠠᠬᠤ ᠶᠢᠨ | ᠬᠠᠮᠳᠣ ᠨᠠᠰᠣ ᠨᠦᠭᠴᠢᠭᠰᠡᠨ ᠡᠴᠢᠬᠡ ᠶᠢᠨ ᠬᠤᠶᠢᠳᠣ ᠳᠤ ᠪᠣᠶᠠᠨ ᠦᠢᠯᠡᠳᠬᠦ ᠶᠢᠨ ᠲᠦᠯᠥᠬᠡ ᠭᠡᠷ ᠬᠤᠳᠠᠯᠠᠭᠠᠷ ᠡᠣ | ᠲᠠᠢ ᠱᠠᠨ ᠳᠤ ᠮᠥᠷᠭᠦᠯ ᠬᠢᠵᠣ ᠪᠣᠶᠠᠨ ᠦᠢᠯᠡᠳᠦᠨ᠂ ᠵᠣᠭᠤᠰ ᠮᠥᠩᠭᠦᠨ ᠤ ᠡᠷᠭᠦᠯ ᠡᠷᠭᠦᠭᠰᠡᠨ ᠶᠤᠮ᠃ ᠪᠣᠴᠠᠬᠤ | ᠳᠤ ᠪᠠᠨ ᠪᠠᠰᠠ ᠪᠡᠭᠡᠵᠢᠩ ᠳᠤ ᠭᠦᠷᠴᠦ ︽ᠰᠦᠩ ᠵᠣ᠋ ᠰᠧ︾ ᠰᠦᠮ᠎ᠡ ᠳᠤ ᠪᠠᠭᠤᠵᠣ᠂ ︽ᠶᠦᠩ ᠾᠧ ᠭᠦᠩ︾ | ᠳᠤ ᠣᠴᠢᠵᠣ ᠵᠠᠩᠵᠢᠶ᠎ᠠ ᠭᠡᠭᠡᠨ ᠳᠤ ᠮᠦᠷᠭᠦᠵᠣ ᠵᠣᠭᠤᠰ ᠮᠥᠩᠭᠦᠨ ᠤ ᠡᠷᠭᠦᠯ ᠡᠷᠭᠦᠵᠣ ᠬᠤᠷᠠᠯ ᠨᠣᠮ | ᠬᠤᠷᠠᠯᠳᠣᠭᠤᠯᠵᠣ ᠪᠣᠶᠠᠨ ᠦᠢᠯᠡᠳᠦᠭᠰᠡᠨ ᠪᠦᠭᠡᠳ ᠱᠢᠷᠦ ᠰᠣᠪᠣᠳ᠂ ᠳᠣᠷᠭᠠ ᠳᠣᠷᠳᠣᠩ ᠵᠡᠷᠭᠡ ᠡᠳᠦᠢ ᠳᠡᠳᠦᠢ | ᠡᠳ᠋ᠯᠡᠯ ᠭᠡᠷᠡᠭᠰᠡᠯ ᠬᠤᠳᠠᠯᠳᠣᠨ ᠠᠪᠴᠣ ᠪᠠᠶᠢᠭᠰᠠᠨ ᠶᠤᠮ᠃ | ᠮᠠᠯᠴᠢᠨ ᠣᠷᠣᠨ ᠤ ᠬᠡᠣᠭᠡᠳ ᠵᠢᠷᠭᠤᠭ᠎ᠠ ᠳᠣᠯᠤᠭ᠎ᠠ ᠨᠠᠰᠣ ᠬᠦᠷᠪᠡᠯ ᠣᠷᠣᠯᠳᠣᠭᠠᠨ ᠮᠣᠷᠢ ᠣᠨᠣᠵᠣ | ᠴᠦᠳᠠᠳᠠᠭ ᠪᠠᠶᠢᠳᠠᠯ᠎ᠠ ᠪᠢ ᠨᠠᠢᠮᠠ ᠶᠢᠰᠣ ᠭᠦᠷᠦᠭᠡᠳ ᠪᠠᠰᠠ ᠮᠣᠷᠢ ᠣᠨᠣᠵᠣ ᠴᠢᠳᠠᠳᠠᠭ ᠦᠭᠡᠢ ᠪᠣᠰᠣᠳ ᠢᠶᠠᠷ | ᠲᠦᠭᠦᠷᠦᠬᠦᠯᠵᠤ ᠪᠠᠶᠢᠭᠰᠠᠨ᠂ ᠠᠷᠪᠠᠭᠠᠳ ᠨᠠᠰᠣ ᠭᠦᠷᠦᠭᠡᠳ ᠭᠡᠳᠦᠶᠢᠪᠡᠷ ᠭᠠᠭᠴᠠᠭᠠᠷ ᠢᠶᠠᠨ ᠮᠣᠷᠢ ᠣᠨᠣᠵᠣ ᠴᠢᠳᠠᠬᠤ | ᠪᠣᠯᠣᠭᠰᠠᠨ ᠪᠣᠯᠪᠠᠴᠣ ᠪᠠᠰᠠᠴᠣ ᠦᠭᠡᠷ᠎ᠡ ᠬᠦᠮᠥᠨ ᠢᠶᠠᠷ ᠭᠦᠳᠦᠯᠡᠭᠦᠯᠵᠣ ᠶᠠᠪᠣᠳᠠᠭ ᠪᠣᠯᠵᠠᠢ᠃ | 1940 ᠣᠨ ᠤ ᠦᠶ᠎ᠡ ᠪᠠᠷ ᠮᠢᠨᠣ ᠡᠪᠦᠭᠡᠨ ᠪᠠᠭᠰᠢ ᠨᠠᠰᠣ ᠪᠠᠷᠠᠭᠰᠠᠨ ᠳᠣᠯᠠ ᠪᠠᠵᠠᠷᠰᠠᠳ ᠳᠣᠰᠠᠯᠠᠭᠴᠢ | ᠶᠢ ᠪᠠᠭᠰᠢ ᠰᠢᠳᠦᠭᠰᠡᠨ ᠪᠣᠯᠪᠠᠴᠣ ᠲᠡᠷᠡ ᠳᠡᠮᠡᠢ ᠨᠣᠮ ᠵᠢᠭᠠᠳᠠᠭ ᠦᠭᠡᠢ ᠶᠤᠮ᠃ ᠪᠢ ᠬᠠᠮᠪᠤ ᠰᠦᠮ᠎ᠡ ᠶᠢᠨ ᠰᠦᠮ᠎ᠡ | ᠶᠢᠨ ᠰᠣᠶᠢᠪᠠᠩ ᠬᠠᠮᠪᠤ ᠶᠢᠨ ᠭᠡᠷ ᠲᠤ ᠨᠢ ᠰᠠᠭᠤᠵᠣ ᠳᠡᠭᠦᠨ ᠢᠶᠠᠷ ᠨᠣᠮ ᠵᠢᠭᠠᠯᠭᠠᠳᠠᠭ ᠪᠠᠶᠢᠪᠠ᠃ ᠲᠡᠷᠡ ᠡᠪᠦᠭᠡᠨ | ᠯᠠᠮᠠ ᠪᠣᠯ ᠮᠣᠩᠭᠤᠯ ᠲᠦᠪᠡᠳ ᠬᠤᠶᠠᠷ ᠬᠡᠯᠡᠨ ᠤ ᠨᠣᠮ ᠪᠢᠴᠢᠭ ᠮᠡᠳᠡᠳᠡᠭ ᠪᠦᠭᠡᠳ ᠵᠢᠷᠤᠭ ᠵᠢᠷᠣᠬᠠᠢ ᠵᠢᠷᠣᠳᠠᠭ᠂ | ᠳᠣᠰ ᠬᠤᠰᠢᠭᠤᠨ ᠳᠤ ᠪᠠᠨ ᠡᠷᠳᠡᠮᠳᠡᠢ ᠭᠡᠰᠡᠨ ᠨᠡᠷ᠎ᠡ ᠲᠠᠢ ᠬᠦᠮᠥᠨ ᠪᠠᠶᠢᠵᠠᠢ᠃ ᠵᠢᠯ ᠪᠦᠷᠢ ᠶᠢᠨ ᠪᠢᠯᠢᠭ ᠤᠨ | ᠣᠯᠠᠷᠢᠯ ᠤᠨ ᠠᠷᠪᠠᠠ ᠬᠤᠶᠠᠷ ᠰᠠᠷ᠎ᠠ ᠶᠢᠨ ᠬᠤᠷᠢᠨ ᠭᠤᠷᠪᠠᠠ ᠳᠤ ᠭᠠᠯ ᠳᠠᠬᠢᠳᠠᠭ᠃ ᠡᠨᠡ ᠦᠳᠡᠰᠢ ᠬᠤᠷᠠᠯ ᠤᠨ | ᠭᠡᠷ ᠲᠤ ᠶᠡᠭᠡ ᠳᠣᠯᠭᠠᠨ ᠳᠤ ᠭᠠᠯ ᠲᠦᠯᠡᠵᠣ᠂ ᠮᠠᠨ ᠤ ᠡᠪᠦᠭᠡᠨ ᠨᠠᠭᠠᠴᠣ ᠮᠠᠮᠠ ᠮᠣᠩᠭᠤᠯ ᠰᠣᠳᠣᠷ ᠢᠶᠠᠷ ᠭᠠᠯ ᠤᠨ | ᠳᠠᠬᠢᠯᠭ᠎ᠠ ᠣᠩᠰᠢᠳᠠᠭ᠃ ᠨᠠᠮᠠᠢᠢ ᠭᠡᠷ ᠤᠨ ᠡᠭᠦᠳᠡᠨ ᠳᠤ ᠬᠤᠨᠢᠨ ᠤ ᠠᠷᠠᠰᠣᠨ ᠳᠡᠭᠡᠷ᠎ᠡ ᠬᠤᠶᠢᠰᠢ ᠬᠠᠨᠳᠣᠭᠤᠯᠣᠨ | ᠰᠠᠭᠤᠯᠭᠠᠭᠠᠳ ᠬᠤᠨᠢᠨ ᠤ ᠡᠪᠴᠢᠬᠦᠦ᠂ ᠰᠢᠷ᠎ᠠ ᠳᠣᠰᠣ᠂ ᠬᠠᠷ᠎ᠠ ᠠᠷᠢᠬᠢ᠂ ᠮᠣᠩᠭᠤᠯ ᠠᠷᠢᠬᠢ᠂ ᠴᠠᠭᠠᠨ ᠢᠳᠡᠭᠡ᠂ | ᠳᠣᠷᠭᠠᠨ ᠬᠠᠳᠠᠭ ᠵᠡᠷᠭᠡ ᠶᠢ ᠭᠠᠯ ᠳᠤ ᠡᠷᠭᠦᠵᠣ ᠮᠥᠷᠭᠦᠭᠰᠡᠨ ᠤ ᠳᠠᠷᠠᠭ᠎ᠠ ᠣᠷᠳᠣ ᠬᠠᠳᠠᠭ ᠰᠣᠮᠣ ᠪᠠᠷ ︽ᠬᠤᠷᠦᠢ᠂ | ᠬᠤᠷᠦᠢ︾ ᠬᠡᠮᠡᠨ ᠳᠠᠯᠠᠯᠵᠣ ᠦᠩᠭᠡᠷᠡᠪᠡᠯ ᠭᠠᠯ ᠤᠨ ᠳᠠᠬᠢᠯᠭ᠎ᠠ ᠳᠡᠭᠦᠰᠴᠣ᠂ ᠬᠤᠨᠢᠨ ᠤ ᠣᠭᠤᠴᠠ ᠳᠠᠯᠪᠢᠵᠣ | ᠠᠷᠦᠬᠢ ᠪᠠᠷᠢᠳᠠᠭ᠃ ᠬᠤᠷᠢᠨ ᠳᠠᠪᠣᠨ ᠠᠴᠠ ᠡᠬᠢᠯᠡᠨ ︽ᠬᠠᠭᠤᠴᠢᠨ ᠤ ᠬᠤᠷᠠᠯ︾ ᠭᠡᠵᠣ ᠯᠠᠮᠠ ᠨᠠᠷ ᠬᠤᠷᠠᠯ ᠤᠨ | ᠭᠡᠷ ᠲᠤ ᠬᠤᠷᠠᠯ ᠬᠤᠷᠠᠳᠠᠭ᠃ ᠡᠨᠡ ᠬᠤᠷᠠᠯ ᠨᠢ ᠪᠢᠳᠡᠭᠦᠨ ᠤ ᠰᠦᠨᠢ ᠳᠣᠷᠰᠢ ᠦᠷᠭᠦᠯᠵᠢᠯᠡᠳᠡᠭ᠃ ᠭᠡᠷ ᠤᠨ | ᠭᠠᠳᠠᠨ᠎ᠠ ᠣᠯᠠᠨ ᠮᠦᠰᠣᠨ ᠳ᠋ᠧᠩᠯᠥ ᠳᠤ ᠯᠠ ᠰᠢᠳᠠᠭᠠᠵᠣ ᠫᠣᠣᠵᠢᠩ ᠳᠠᠯᠪᠢᠳᠠᠭ᠂ ᠪᠢᠳᠡᠭᠦᠨ ᠤ ᠦᠳᠡᠰᠢ ᠬᠦᠮᠥᠨ | ᠪᠦᠬᠦᠨ ᠰᠢᠨ᠎ᠡ ᠳᠡᠪᠡᠯ ᠬᠤᠪᠴᠠᠰᠣ ᠪᠠᠨ ᠡᠮᠥᠰᠴᠣ ᠪᠡᠶᠢᠯᠡ ᠨᠣᠶᠠᠨ ᠵᠢᠩᠰᠡᠳᠣ ᠮᠠᠯᠠᠭᠠᠢ᠂ ᠶᠣᠰᠣᠯᠠᠯ ᠤᠨ ᠬᠦᠷᠮ᠎ᠡ | ᠪᠠᠨ ᠡᠮᠥᠰᠴᠣ ᠪᠢᠳᠡᠭᠦᠯᠳᠠᠭ᠃ ︽ᠪᠢᠳᠡᠭᠦᠯᠬᠦ︾ ᠭᠡᠳᠡᠭ ᠨᠢ ᠬᠠᠭᠤᠴᠢᠨ ᠵᠢᠯ ᠢᠶᠠᠨ ᠳᠡᠭᠦᠰᠭᠡᠨ ᠪᠢᠳᠡᠭᠦᠯᠵᠣ ᠪᠠᠶᠠᠷ | ᠬᠢᠬᠦ ᠶᠢ ᠬᠡᠯᠡᠵᠣ ᠪᠠᠶᠢᠨ᠎ᠠ᠃ ᠨᠣᠶᠠᠨ ᠡᠮᠡᠭᠡ ᠪᠣᠯᠣᠨ ᠡᠵᠢ ᠳᠤ ᠬᠤᠨᠢᠨ ᠤᠭᠤᠴᠠ᠂ ᠠᠬᠢ᠂ ᠠᠪᠠᠭ᠋ᠠᠢ᠂ ᠨᠠᠷ ᠲᠤ | ᠫᠢᠯᠠ ᠲᠠᠢ ᠮᠢᠬ᠎ᠠ ᠳᠠᠯᠪᠢᠵᠣ ᠠᠷᠢᠬᠢ ᠪᠠᠷᠢᠳᠠᠭ᠃ ᠳᠠᠷᠠᠭ᠎ᠠ ᠨᠢ ᠪᠠᠰᠠ ᠮᠢᠬᠠᠨ ᠪᠣᠣᠵᠠ᠂ ᠮᠢᠬᠠᠨ ᠱᠦᠯᠥ ᠵᠡᠷᠭᠡ | ᠬᠤᠭᠤᠯᠠ ᠪᠠᠷᠢᠳᠠᠭ᠃ ᠡᠨᠡ ᠦᠳᠡᠰᠢ ᠬᠤᠰᠢᠭᠤᠨ ᠤ ᠣᠯᠠᠩᠬᠢ ᠳᠣᠰᠠᠯᠠᠭᠴᠢ ᠲᠦᠰᠢᠮᠡᠳ ᠪᠠ ᠬᠠᠶᠢᠷ᠎ᠠ ᠶᠢᠨ | ᠵᠢᠩᠰᠡᠳᠡᠨ ᠬᠢᠭᠡᠳ ᠬᠤᠶᠠᠷ ᠰᠦᠮ᠎ᠡ᠂ ︵ᠬᠠᠶ᠋ᠢ ᠶᠢᠨ ᠰᠦᠮ᠎ᠡ᠂ ᠬᠠᠮᠪᠤ ᠰᠦᠮ᠎ᠡ︶ ᠶᠢᠨ ᠠᠮᠣᠭᠤᠯᠠᠩ ᠢᠶᠠᠷ | ᠢᠷᠡᠭᠰᠡᠨ ᠬᠡᠷᠬᠡᠮᠳᠡᠨ ᠯᠠᠮᠠᠨᠠᠡ ᠨᠢ ᠳᠣᠰᠬᠠᠶᠢᠯᠠᠨ ᠨᠣᠶᠠᠨ ᠤ ᠰᠢᠨᠡᠯᠡᠬᠦ ᠶᠣᠰᠣᠯᠠᠯ ᠳᠤ ᠣᠷᠣᠯᠴᠠᠬᠤ ᠪᠠᠷ ᠴᠣᠭᠯᠠᠷᠠᠨ | ᠢᠷᠡᠵᠣ ᠬᠡᠶᠢᠴᠢᠳ ᠤᠨ ᠣᠷᠳᠣᠨ ᠳᠤ ᠪᠠᠭᠤᠳᠠᠯᠯᠠᠵᠣ᠂ ᠳᠡᠳᠡᠨ ᠢ ᠪᠡᠳᠡᠭᠦᠨ ᠤ ᠢᠳᠡᠭᠡ — ᠪᠦᠬᠦᠯᠢ ᠬᠤᠨᠢᠨ | ᠮᠢᠬ᠎ᠠ᠂ ᠪᠣᠣᠵᠠ᠂ ᠱᠥᠯᠥ ᠵᠡᠷᠭᠡ ᠬᠤᠭᠤᠯᠠ ᠪᠠᠷ ᠵᠣᠴᠢᠯᠠᠳᠠᠭ᠃ | ᠰᠢᠨ᠎ᠡ ᠶᠢᠨ ᠨᠢᠬᠡᠨ ᠤ ᠦᠷᠯᠥᠭᠡ ᠦᠷ ᠠᠴᠠ ᠡᠮᠣᠨ᠎ᠡ ᠪᠣᠰᠴᠦ ᠰᠢᠨ᠎ᠡ ᠬᠤᠪᠴᠠᠰᠣ᠂ ᠵᠢᠩᠰᠡᠳᠣ ᠮᠠᠯᠠᠭ᠎ᠠ | ᠂ ᠶᠣᠰᠣᠯᠠᠯ ᠤᠨ ᠬᠦᠷᠮ᠎ᠡ ᠪᠠᠨ ᠢᠶᠠᠨ ᠡᠮᠦᠰᠴᠡᠭᠡᠵᠣ᠂ ᠨᠣᠶᠠᠨ ᠤ ᠣᠷᠳᠣᠨ ᠤ ᠪᠠᠷᠠᠭᠤᠨ ᠡᠮᠣᠨ᠎ᠡ ᠵᠦᠭ ᠲᠤ ᠴᠠᠰᠣ | ᠪᠣᠶᠣ ᠬᠦᠷᠵᠡᠩ ᠢᠶᠠᠷ ᠠᠷᠪᠠᠠ ᠭᠤᠷᠪᠠᠨ ᠢᠨᠳᠡᠷ ᠰᠣᠪᠣᠷᠭ᠎ᠠ ᠪᠣᠰᠬᠠᠵᠣ ᠳᠡᠭᠡᠷ᠎ᠡ ᠨᠢ ᠬᠦᠵᠢ ᠰᠢᠳᠠᠭᠠᠵᠣ ᠣᠷᠢᠳ | ᠢᠶᠠᠷ ᠲᠦᠰᠢᠮᠡᠳ ᠵᠢᠩᠰᠡᠳᠡᠨ ᠪᠦᠭᠦᠳᠡᠭᠡᠷ ᠢᠶᠠᠨ ᠡᠵᠡᠨ ᠬᠠᠭᠠᠨ ᠤ ︵ᠪᠡᠭᠡᠵᠢᠩ︶ ᠵᠦᠭ ᠪᠠᠷᠠᠭᠤᠨ ᠡᠮᠣᠨ᠎ᠡ ᠠᠴᠠ | ᠡᠬᠢᠯᠡᠨ ᠵᠦᠪ ᠡᠷᠬᠢᠵᠣ ᠳᠦᠷᠪᠡᠨ ᠵᠦᠭ ᠲᠤ᠂ ᠵᠦᠭ ᠪᠦᠷᠢ ᠭᠤᠷᠪᠠ ᠭᠤᠷᠪᠠ ᠶᠢᠰᠣᠨᠳᠠ ᠮᠥᠷᠭᠦᠵᠣ᠂ ᠠᠷᠢᠬᠢ | ᠴᠠᠭᠠᠨ ᠢᠳᠡᠭᠡᠨ ᠤ ᠳᠡᠭᠡᠵᠢ ᠪᠠᠨ ᠡᠷᠭᠦᠵᠣ ᠫᠣᠣᠵᠢᠩ ᠳᠠᠯᠪᠢᠵᠣ ᠦᠷ ᠴᠠᠶᠢᠵᠣ ᠭᠡᠭᠡ ᠣᠷᠣᠬᠤ ᠳᠤ ᠮᠣᠷᠢᠨ ᠳᠤ | ᠪᠠᠨ ᠮᠣᠷᠳᠠᠵᠣ ︽ᠮᠥᠷ ᠭᠠᠷᠭᠠᠳᠠᠭ︾᠃ ᠮᠦᠷ ᠭᠠᠷᠠᠭᠠᠬᠤ ᠭᠡᠳᠡᠭ ᠨᠢ ᠵᠢᠷᠣᠬᠠᠶᠢᠴᠢ ᠯᠠᠮᠠ ᠠᠴᠠ ᠦᠪᠡᠷ ᠤᠨ | ᠰᠠᠶᠢᠨ ᠵᠦᠭ ᠢᠶᠠᠨ ᠠᠰᠠᠭᠤᠵᠣ ᠲᠡᠷᠡ ᠵᠦᠭ ᠴᠢᠭᠯᠡᠨ ᠶᠠᠪᠣᠬᠤ ᠪᠣᠶᠠᠨ ᠬᠡᠰᠢᠭ ᠤᠨ ᠵᠦᠭ ᠠᠴᠠ ᠪᠠᠨ ᠢᠷᠡᠭᠦ ᠶᠢ | ᠬᠡᠯᠡᠳᠡᠭ᠃ ᠡᠨᠡ ᠨᠢ ᠳᠡᠷᠦᠢ ᠮᠥᠨ ᠵᠢᠯ ᠤᠨ ᠠᠮᠣᠷ ᠮᠡᠨᠳᠣ ᠪᠣᠶᠠᠨ ᠬᠡᠰᠢᠭ ᠲᠠᠢ ᠶᠠᠪᠣᠬᠤ ᠶᠢ ᠡᠬᠢᠯᠡᠵᠣ ᠪᠠᠶᠢᠭ᠎ᠠ | ᠢᠷᠦᠭᠡᠯ ᠳᠠᠭᠠᠳᠬᠠᠯ ᠪᠣᠯᠣᠨ᠎ᠠ᠃ ︽ᠮᠥᠷ ᠭᠠᠷᠭᠠᠵᠣ︾ ᠪᠠᠷᠠᠪᠠᠯ ᠰᠢᠨᠢᠯᠡᠬᠦ ᠶᠣᠰᠣᠯᠠᠯ ᠤᠨ ᠨᠠᠶᠢᠷ ᠬᠢᠳᠡᠭ᠂ ᠡᠨᠡ | ᠨᠠᠶᠢᠷ ᠢ ᠪᠣᠯ ᠪᠡᠶᠢᠯᠡ ᠨᠣᠶᠠᠨ ᠤ ᠠᠷᠪᠠᠠ ᠳᠠᠪᠣᠨ ᠬᠠᠨ᠎ᠠ ᠲᠠᠢ ᠶᠡᠭᠡ ᠭᠡᠷ ᠲᠤ ᠳᠣᠯᠭᠠᠨ ᠤ ᠭᠠᠯ ᠨᠣᠴᠣᠭᠠᠵᠣ᠂ | ᠨᠣᠶᠠᠳ ᠳᠦᠰᠢᠮᠡᠳ᠂ ᠡᠵᠢ᠂ ᠠᠭᠢ᠂ ᠠᠪᠠᠭ᠋ᠠᠢ ᠨᠠᠷ ᠳᠠᠰ ᠳᠠᠷᠠᠭᠠᠯᠠᠨ ᠦᠪᠡᠷᠰᠡᠳ ᠤᠨ ᠰᠠᠭᠤᠳᠠᠯ ᠳᠤ ᠪᠠᠨ | ᠰᠠᠭᠤᠵᠠᠭᠠᠭᠰᠠᠨ ᠤ ᠳᠠᠷᠠᠭ᠎ᠠ ᠬᠠᠮᠪᠤ ᠶᠢᠨ ᠰᠦᠮ᠎ᠡ ᠶᠢᠨ ᠬᠠᠩᠴᠢᠨ ᠭᠡᠭᠡᠨ᠂ ᠬᠠᠶ᠋ᠢ ᠶᠢᠨ ᠰᠦᠮ᠎ᠡ ᠶᠢᠨ ᠨᠢᠩᠴᠢᠩ | ᠭᠡᠭᠡᠡ᠂ ᠰᠧᠩᠰᠧᠩ ᠰᠦᠮ᠎ᠡ ᠶᠢᠨ ᠪᠢᠰᠢᠷᠡᠯᠳᠣ ᠯᠠᠮᠠᠬᠠᠢ ᠶᠢᠨ ᠳᠣᠨᠢᠷ ᠤᠳ ᠪᠠ ᠡᠯ᠎ᠡ ᠰᠦᠮ᠎ᠡ ᠶᠢᠨ ᠳᠡᠮᠴᠢ ᠨᠠᠡ | ᠳᠡᠰ ᠳᠠᠷᠠᠭ᠎ᠠ ᠪᠠᠷ ᠪᠡᠶᠢᠯᠡ ᠨᠣᠶᠠᠨ ᠤ ᠰᠢᠨ᠎ᠠ ᠵᠢᠯ ᠤᠨ ᠠᠮᠣᠭᠤᠯᠠᠩ ᠢ ᠳᠡᠪᠰᠢᠭᠦᠯᠵᠣ᠂ ᠨᠠᠶᠢᠷ ᠡᠬᠢᠯᠡᠵᠣ ︽ᠡᠷᠳᠡ | ᠶᠢᠨ ᠴᠠᠭᠠᠨ︾ ᠬᠡᠮᠡᠬᠦ ᠴᠣᠭᠤᠷ ᠤᠨ ᠳᠠᠭᠤᠣ ᠶᠢ ᠳᠠᠭᠤᠯᠠᠵᠣ ᠪᠠᠷᠠᠭᠠᠳ ᠪᠦᠭᠦᠳᠡᠭᠡᠷ ᠢᠶᠠᠨ ᠮᠣᠷᠳᠠᠵᠣ ᠬᠠᠮᠪᠤ ᠶᠢᠨ | ᠰᠦᠮ᠎ᠡ ᠳᠤ ᠣᠴᠢᠵᠣ ᠬᠠᠩᠴᠢᠨ ᠭᠡᠬᠡᠨ ᠳᠤ ᠮᠥᠷᠭᠦᠵᠣ ᠰᠢᠨᠠᠯᠠᠬᠦ ᠪᠠ ᠪᠣᠷᠬᠠᠨ ᠰᠢᠳᠦᠬᠡᠨ ᠳᠤ ᠮᠦᠷᠭᠦᠭᠦ ᠪᠠᠷ | ᠶᠠᠪᠣᠵᠠᠭᠠᠳᠠᠭ᠃ ᠲᠡᠷᠡ ᠦᠶ᠎ᠡ ᠳᠤ ᠪᠢ ᠨᠠᠰᠣ ᠪᠠᠭ᠎ᠠ ᠪᠠᠶᠢᠭᠰᠠᠨ ᠪᠣᠯᠬᠤᠷ ᠳᠡᠳᠡᠨ ᠲᠠᠢ ᠬᠠᠮᠳᠣ ᠶᠠᠪᠣᠳᠠᠭ ᠦᠭᠡᠢ᠃ | ᠰᠢᠨ᠎ᠡ ᠶᠢᠨ ᠲᠦᠷᠪᠡᠨ ᠳᠤ ᠭᠡᠷ ᠬᠤᠳᠠᠯᠠᠭᠠᠷ ᠢᠶᠠᠨ ᠬᠠᠮᠪᠤ ᠶᠢᠨ ᠰᠦᠮ᠎ᠡ ᠳᠤ ᠣᠴᠢᠵᠣ ᠬᠠᠩᠴᠢᠨ ᠭᠡᠭᠡᠨ ᠳᠤ | ᠮᠦᠷᠭᠦᠵᠣ ᠰᠢᠨᠡᠯᠡᠭᠡᠳ ᠢᠷᠦᠭᠡᠯ ᠳᠤ ᠮᠥᠷᠭᠦᠵᠣ ᠰᠦᠮ᠎ᠡ ᠤᠳ ᠢ ᠳᠣᠭᠤᠷᠢᠵᠣ ᠪᠣᠷᠬᠠᠨ ᠰᠢᠳᠦᠭᠡᠨ ᠳᠤ ᠮᠦᠷᠭᠦᠵᠣ | ᠬᠤᠶᠠᠷ ᠬᠤᠨᠣᠭᠠᠳ ᠪᠣᠴᠠᠳᠠᠭ᠃ | ᠵᠤᠨ ᠤ ᠳᠠᠪᠣᠨ ᠰᠠᠷ᠎ᠠ ᠶᠢᠨ ᠦᠶ᠎ᠡ ᠪᠠᠷ ᠡᠯ᠎ᠡ ᠣᠪᠣᠭᠠᠨ ᠤ ᠳᠠᠬᠢᠯᠭ᠎ᠠ ᠳᠤ ᠣᠴᠢᠳᠠᠭ᠃ ᠮᠠᠨ ᠤ ᠰᠠᠩ | ᠠᠴᠠ ᠳᠠᠬᠢᠳᠠᠭ ᠣᠪᠣᠭ᠎ᠠ ᠪᠣᠯ ᠴᠠᠩᠳᠣ ᠶᠢᠨ ᠣᠪᠣᠭ᠎ᠠ᠂ ᠯᠾᠡᠷᠢ ᠶᠢᠨ ᠣᠪᠣᠭ᠎ᠠ᠂ ᠪᠠᠶᠠᠨᠴᠠᠭᠠᠨ᠂ ᠬᠠᠮᠪᠤ ᠶᠢᠨ | ᠰᠦᠮ᠎ᠡ ᠶᠢᠨ ᠴᠠᠭᠠᠨ ᠣᠪᠣᠭ᠎ᠠ᠂ ᠴᠠᠭᠠᠨ ᠠᠭᠤᠯᠠ᠂ ᠪᠠᠶᠠᠨ ᠠᠭᠤᠯᠠ ᠡᠳᠡᠭᠡᠨᠷ ᠣᠪᠣᠭ᠎ᠠ ᠶᠢ ᠳᠡᠬᠢᠬᠤ ᠳᠤ ᠪᠦᠷ | ᠪᠦᠬᠦᠯᠢ ᠬᠤᠨᠢᠨ ᠴᠣᠩᠬᠤᠷ ᠲᠠᠢ᠂ ᠳᠠᠬᠢᠯᠴᠢ ᠯᠠᠮᠠ ᠪᠠ ᠵᠢᠩᠰᠡᠳᠡᠨ ᠨᠠᠷ ᠮᠠᠶᠢᠬᠠᠨ ᠬᠦᠰᠭᠡ ᠲᠠᠢ ᠣᠴᠢᠵᠣ ᠳᠠᠬᠢᠳᠠᠭ | ᠪᠠᠶᠢᠵᠠᠢ᠃ ᠨᠠᠮᠣᠷ ᠤᠨ ᠨᠠᠢᠮᠡᠨ ᠰᠠᠷ᠎ᠠ ᠳᠤ ᠮᠠᠨ ᠤ ᠰᠢᠳᠦᠭᠡᠨ ᠳᠤ ᠰᠦᠮ᠎ᠡ ᠳᠤ ᠳᠠᠯᠠᠯᠭᠠᠨ ᠤ ᠬᠤᠷᠠᠯ ᠬᠢᠵᠤ | ᠭᠡᠳᠡᠦᠨ ᠯᠠᠮᠠᠨᠠᠷ ᠭᠤᠷᠪᠠ ᠳᠦᠷᠪᠡᠨ ᠬᠤᠨᠤᠭ ᠬᠤᠷᠠᠯ ᠬᠤᠷᠠᠳᠠᠭ᠂ ᠡᠨᠡ ᠬᠤᠷᠠᠯ ᠢᠶᠠᠨ ᠬᠤᠷᠠᠵᠣ ᠳᠠᠭᠤᠰᠬᠠᠪᠠᠯ᠂ | ᠳᠠᠯᠠᠯᠭᠠᠨ ᠤ ᠨᠠᠶᠢᠷ ᠭᠡᠵᠤ ᠭᠤᠷᠪᠠ ᠲᠦᠷᠪᠡᠨ ᠬᠤᠨᠤᠭ ᠨᠠᠶᠢᠷ ᠭᠢᠳᠡᠭ᠂ ᠡᠨᠡ ᠨᠠᠶᠢᠷ ᠢ ᠬᠢᠬᠦ ᠠᠴᠠ ᠡᠮᠣᠨ᠎ᠡ ᠣᠯᠠᠨ | ᠭᠡᠭᠦᠣ ᠪᠠᠷᠢᠵᠣ ᠳᠣᠰᠬᠠᠢ ᠠᠶᠢᠷᠠᠭ ᠤᠨ ᠪᠠᠶᠢᠰᠢᠩ ᠳᠤ ᠠᠶᠢᠷᠠᠭ ᠤᠨ ᠳᠠᠷᠤᠭ᠎ᠠ ᠳᠣᠰᠬᠠᠢ ᠬᠠᠮᠢᠶᠠᠷᠣᠭᠴᠢ ᠲᠠᠢ ᠶᠡᠭᠡ | ᠬᠡᠮᠵᠢᠶᠠᠨ ᠤ ᠠᠶᠢᠷᠠᠭ ᠪᠡᠯᠡᠳᠭᠡᠳᠡᠭ᠃ ᠳᠠᠯᠠᠯᠭᠠᠨ ᠤ ᠨᠠᠶᠢᠷ ᠢ ᠪᠠᠰᠠᠴᠣ ᠳᠣᠰᠬᠠᠢ ᠨᠠᠶᠢᠷ ᠤᠨ ᠶᠡᠭᠡ ᠭᠡᠷ ᠲᠤ ᠬᠢᠳᠡᠭ | ᠂ ᠡᠨᠡ ᠭᠡᠷ ᠤᠨ ᠬᠤᠶᠢᠳᠣ ᠬᠠᠶᠠᠭᠠᠨ ᠤ ᠭᠤᠣᠯ ᠳᠣᠮᠳᠠ ᠨᠢ ᠦᠨᠳᠣᠷ ᠰᠢᠷᠡᠭᠡᠨ ᠳᠤ ᠰᠢᠷ᠎ᠠ ᠳᠣᠷᠭᠠᠨ ᠣᠯᠪᠣᠭ | ᠲᠦᠰᠢᠯᠭᠡ ᠲᠠᠢ᠂ ᠡᠭᠦᠨ ᠳᠤ ᠬᠠᠩᠴᠢᠨ ᠬᠡᠬᠡᠨ ᠢ ᠵᠠᠯᠠᠵᠣ ᠰᠠᠭᠤᠯᠭᠠᠳᠠᠭ᠂ ᠳᠡᠭᠦᠨ ᠤ ᠪᠠᠷᠠᠭᠤᠨ ᠳᠠᠯ᠎ᠠ ᠳᠤ ᠨᠢ | ᠡᠭᠦᠨ ᠲᠠᠢ ᠨᠢᠭᠡᠨ ᠠᠳᠠᠯᠢ ᠰᠢᠷᠡᠭᠡᠨ ᠳᠤ ᠨᠢᠩᠴᠢᠩ ᠭᠡᠭᠡᠨ ᠢ ᠰᠠᠭᠤᠯᠭᠠᠳᠠᠭ᠂ ᠪᠠᠰᠠ ᠳᠡᠭᠦᠨ ᠤ ᠪᠠᠷᠠᠭᠤᠨ ᠳᠠᠯ᠎ᠠ | ᠳᠤ ᠨᠢ ᠪᠢᠰᠢᠷᠡᠯᠳᠣ ᠯᠠᠮᠠᠬᠠᠢ ᠶᠢ ᠰᠠᠭᠤᠯᠭᠠᠳᠠᠭ ᠣᠯᠪᠣᠭ ᠲᠦᠰᠢᠯᠭᠡ ᠲᠠᠢ ᠰᠢᠷᠡᠭᠡ ᠪᠠᠶᠢᠳᠠᠭ᠃ ᠵᠡᠭᠦᠨ ᠳᠠᠯ᠎ᠠ ᠳᠤ | ᠨᠢ ᠬᠦᠬᠡ ᠳᠣᠷᠭᠠᠨ ᠣᠯᠪᠣᠭ ᠲᠦᠰᠢᠯᠭᠡ ᠲᠠᠢ ᠰᠢᠷᠡᠭᠡ ᠪᠣᠯ ᠪᠡᠶᠢᠯᠡ ᠨᠣᠶᠠᠨ ᠰᠠᠭᠤᠳᠠᠭ᠂ ᠳᠡᠭᠦᠨ ᠠᠴᠠ ᠵᠡᠭᠦᠨᠰᠢ | ᠨᠢ ᠡᠵᠢ᠂ ᠠᠭᠢ᠂ ᠠᠪᠠᠭ᠋ᠠᠢ ᠨᠠᠷ ᠤᠨ ᠰᠠᠭᠤᠳᠠᠯ ᠪᠠᠶᠢᠳᠠᠭ᠃ ᠵᠡᠭᠦᠨ ᠳᠡᠯ᠎ᠡ ᠶᠢᠨ ᠡᠮᠣᠨ᠎ᠡ ᠮᠦᠷᠦᠨ ᠳᠤ ᠳᠠᠮᠠᠭᠠᠨ | ᠳᠣᠰᠠᠯᠠᠭᠴᠢ᠂ ᠬᠤᠰᠢᠭᠤ ᠵᠠᠬᠢᠷᠣᠭᠴᠢ ︵ᠠᠮᠪᠠᠨ︶ ᠮᠡᠶᠢᠷᠡᠨ᠂ ᠵᠠᠯᠠᠨ ᠵᠡᠷᠭᠡ ᠵᠢᠩᠬᠢᠨᠢ ᠲᠦᠰᠢᠮᠡᠳ ᠤᠨ ᠰᠠᠭᠤᠳᠠᠯ | ᠪᠠᠶᠢᠳᠠᠭ᠃ ᠠᠷᠣ ᠮᠦᠷ ᠤᠨ ᠰᠠᠭᠤᠳᠠᠯ ᠤᠳ ᠲᠤ ᠪᠣᠯ ᠶᠡᠷᠦ ᠶᠢᠨ ᠵᠢᠩᠰᠡᠳᠡᠨ ᠪᠠ ᠪᠡᠶᠢᠯᠡ ᠨᠣᠶᠠᠨ ᠤ ᠰᠠᠳᠣᠨ | ᠬᠠᠮᠢᠶᠠᠳᠠᠨ ᠨᠤᠭᠤᠳ ᠢ ᠰᠠᠭᠤᠯᠭᠠᠳᠠᠭ᠃ ᠪᠠᠷᠠᠭᠤᠨ ᠳᠠᠯ᠎ᠠ ᠶᠢᠨ ᠡᠮᠦᠨ᠎ᠡ ᠮᠦᠷᠦᠨ ᠳᠤ ᠡᠯ᠎ᠡ ᠰᠦᠮ᠎ᠡ ᠶᠢᠨ | ᠬᠡᠷᠬᠡᠮᠳᠠᠨ ᠯᠠᠮᠠᠬᠠᠢ ᠶᠢ ᠰᠠᠭᠤᠯᠭᠠᠳᠠᠭ᠃ ᠠᠷᠦ ᠮᠦᠷ ᠤᠨ ᠰᠠᠭᠤᠳᠠᠯ ᠤᠳ ᠲᠤ ᠶᠡᠷᠦ ᠶᠢᠨ ᠯᠠᠮᠠ ᠨᠡᠷ ᠢ | ᠰᠠᠭᠤᠯᠭᠠᠳᠠᠭ᠃ ᠡᠭᠦ ᠠᠴᠠ ᠭᠠᠳᠠᠨ᠎ᠠ ᠳᠣᠰ ᠬᠤᠰᠢᠭᠠᠨ ᠤ ᠬᠤᠯᠠ ᠣᠶᠢᠷ᠎ᠠ ᠶᠢᠨ ᠯᠠᠮᠠ ᠬᠠᠷ᠎ᠠ᠂ ᠡᠷᠡᠭᠳᠠᠢ ᠡᠮᠡᠭᠳᠠᠢ | ᠵᠠᠭᠤ ᠰᠢᠬᠠᠮ ᠬᠦᠮᠥᠰ ᠴᠣᠭᠯᠠᠷᠠᠨ ᠢᠷᠡᠵᠣ ᠠᠶᠢᠷᠠᠭ ᠴᠡᠭᠡ ᠣᠣᠭᠤᠵᠣ ᠨᠠᠷᠭᠢᠵᠠᠭᠠᠳᠠᠭ ᠪᠠᠶᠢᠵᠠᠢ᠃ ᠡᠳᠡᠭᠡᠷ | ᠬᠦᠮᠥᠰ ᠳᠣᠰ ᠳᠣᠰ ᠰᠠᠭᠤᠳᠠᠯ ᠳᠤ ᠰᠠᠭᠤᠭᠰᠠᠨ ᠤ ᠳᠠᠷᠠᠭ᠎ᠠ ᠬᠦᠮᠥᠨ ᠪᠦᠷᠢ ᠳᠤ ᠬᠠᠳᠠᠭ ᠲᠠᠢ ᠠᠷᠢᠬᠢ ᠪᠠᠷᠢᠵᠣ | ᠰᠠᠭᠤᠳᠠᠯ ᠳᠤ ᠬᠦᠮᠥᠨ ᠪᠦᠷᠢ ᠶᠢᠨ ᠡᠮᠣᠨᠡᠬᠢ ᠰᠢᠷᠡᠭᠡᠨ ᠳᠡᠭᠡᠷ᠎ᠡ ᠨᠢ ᠱᠠᠭᠠᠵᠠᠩ ᠫᠢᠯᠠ ᠳᠤ ᠡᠯᠳᠡᠪ ᠵᠦᠢᠯ ᠤᠨ ᠰᠢᠬᠡᠷ | ᠵᠢᠮᠢᠰ ᠣᠪᠣᠭᠠᠯᠠᠵᠣ ᠳᠠᠯᠪᠢᠳᠠᠭ᠃ ᠡᠭᠦᠨ ᠳᠤ ᠭᠡᠭᠡᠳ ᠨᠣᠶᠠᠳ ᠲᠤ ᠢᠯᠡᠭᠦᠦ ᠬᠤᠶᠠᠷ ᠫᠢᠯᠡ ᠵᠢᠮᠢᠰ ᠳᠠᠯᠪᠢᠵᠣ᠂ | ᠶᠡᠷᠦ ᠶᠢᠨ ᠬᠦᠮᠥᠰ ᠲᠤ ᠪᠣᠯ ᠨᠢᠭᠡ ᠫᠢᠯᠠ ᠦᠭᠳᠡᠭ᠃ ᠬᠠᠳᠠᠭ ᠲᠠᠢ ᠠᠶᠢᠷᠠᠭ ᠢᠶᠠᠨ ᠳᠡᠪᠰᠢᠭᠦᠯᠥᠭᠰᠡᠨ ᠤ ᠳᠠᠷᠠᠭ᠎ᠠ | ᠳᠠᠭᠤᠣ ᠬᠦᠭᠵᠢᠮ ᠡᠬᠢᠯᠡᠵᠣ᠂ ᠨᠠᠶᠢᠷ ᠤᠨ ᠡᠬᠢᠨ ᠳᠤ — ︽ᠡᠷᠳᠡ ᠶᠢᠨ ᠴᠠᠭᠠᠨ︾ ᠭᠡᠳᠡᠭ ᠴᠣᠭᠤᠷ ᠳᠠᠭᠤᠣ ᠶᠢ | ᠳᠠᠭᠤᠯᠠᠵᠣ ᠪᠠᠷᠠᠪᠠᠯ ᠨᠢᠭᠡ ᠣᠳᠠᠭ᠎ᠠ ᠬᠠᠮᠳᠣ ᠪᠠᠷ ᠣᠷᠣᠯᠳᠣᠭᠠᠨ ᠶᠠᠪᠣᠭᠤᠯᠳᠠᠭ᠃ ᠦᠳᠡ ᠶᠢᠨ ᠬᠤᠶᠢᠨ᠎ᠠ ᠪᠠᠰᠠ | ᠵᠠᠯᠭᠠᠭ᠎ᠠ ᠪᠠᠷ ᠨᠠᠶᠢᠷᠡᠯᠡᠵᠣ᠂ ᠣᠷᠦᠢ ᠯᠠᠮᠠ ᠨᠠᠡ ᠰᠢᠵᠢᠳ ︵ᠨᠣᠮ ᠣᠩᠰᠢᠵᠣ︶ ᠡᠷᠭᠢᠵᠣ ᠨᠠᠶᠢᠷ ᠳᠠᠷᠬᠠᠵᠣ | ᠬᠤᠭᠤᠯᠠ ᠢᠳᠡᠭᠡᠳ ᠦᠳᠡᠰᠢ ᠪᠣᠯᠣᠩ ᠤᠨ ᠨᠠᠶᠢᠷ ᠭᠡᠵᠣ ᠳᠣᠷ᠎ᠠ ᠳᠠᠪᠠ ᠢᠶᠠᠷ ᠢᠶᠠᠨ ᠠᠨᠳᠠᠢ ᠳᠠᠭᠤᠣ ᠳᠠᠭᠤᠯᠠᠵᠣ | ᠬᠤᠸᠠ ᠬᠡᠯᠡᠯᠴᠡᠵᠣ ︵ᠬᠤᠷᠣᠭᠤ ᠵᠢᠮᠡᠯᠴᠡᠵᠣ︶ ᠯᠢᠩᠪᠤ ᠬᠤᠭᠤᠷ ᠭᠦᠭᠵᠢᠮᠳᠡᠵᠣ ᠨᠠᠷᠬᠢᠵᠠᠭᠠᠳᠠᠭ ᠶᠤᠮ᠃ ᠮᠠᠨ ᠤ | ᠭᠡᠷ ᠪᠠᠶᠢᠭᠰᠠᠨ ᠪᠠᠶᠠᠨᠴᠠᠭᠠᠨ ᠤ ᠡᠩᠭᠡᠷ ᠨᠢ ᠲᠦᠴᠢᠭᠡᠳ ᠣᠨ ᠤ ᠦᠶ᠎ᠡ ᠪᠠᠷ ᠪᠠᠨᠳᠢᠳᠠ ᠭᠡᠭᠡᠨ ᠰᠦᠮ᠎ᠡ᠂ | ᠴᠢᠭᠤᠯᠣᠯᠳᠣ ᠬᠠᠭᠠᠯᠭ᠎ᠠ᠂ ᠪᠠᠷᠠᠭᠤᠨ ᠰᠦᠨᠢᠳ ᠤᠨ ᠳ᠋ᠧ ᠸᠠᠩ ᠤᠨ ᠣᠷᠳᠣᠨ ᠤ ᠬᠤᠭᠤᠷᠣᠨᠳᠣ ᠶᠠᠪᠣᠵᠣ ᠪᠠᠶᠢᠭ᠎ᠠ | ᠶᠠᠫᠣᠨ ᠴᠡᠷᠢᠭ ᠤᠨ ᠣᠯᠠᠨ ᠮᠠᠰᠢᠨ ᠳᠡᠷᠭᠡᠨ ᠤ ᠵᠠᠮ ᠪᠣᠯᠵᠣ ᠡᠳᠦᠷ ᠪᠦᠷᠢ ᠣᠯᠠᠨ ᠮᠠᠰᠢᠨ ᠳᠡᠷᠭᠡ ᠲᠠᠢ ᠴᠡᠷᠢᠭ | ᠢᠷᠡᠵᠣ ᠬᠤᠨᠣᠭᠯᠠᠬᠤ ᠪᠠ ᠦᠳᠡᠯᠡᠳᠡᠭ ᠠᠴᠠ ᠣᠯᠠᠨ ᠤ ᠬᠦᠯ ᠳᠤ ᠳᠠᠪᠳᠠᠬᠳᠠᠵᠣ ᠪᠠᠶᠢᠭᠰᠠᠨ ᠶᠤᠮ᠃ ᠡᠨᠡ ᠪᠠᠶᠢᠳᠠᠯ | ᠠᠴᠠ ᠵᠠᠶᠢᠯᠠᠬᠤ ᠶᠢᠨ ᠲᠦᠯᠥᠭᠡ᠂ ᠮᠠᠨ ᠤ ᠭᠡᠷ ᠬᠠᠮᠪᠤ ᠶᠢᠨ ᠰᠦᠮ᠎ᠡ ᠶᠢᠨ ᠪᠠᠷᠠᠭᠤᠨ ᠡᠮᠣᠨᠡᠬᠢ ᠠᠯᠳᠠᠨ ᠳᠣᠭᠤᠭᠠᠳᠣ | ᠶᠢᠨ ᠳᠣᠪᠣᠨ ᠳᠤ ᠨᠡᠭᠦᠵᠣ ᠢᠷᠡᠵᠠᠢ᠃ ᠡᠨᠡ ᠣᠳᠠᠭ᠎ᠠ ᠶᠢᠨ ᠨᠡᠭᠦᠳᠡᠯ ᠳᠤ ᠡᠯ᠎ᠡ ᠰᠣᠮᠣᠨ ᠠᠴᠠ ᠭᠡᠳᠣᠨ ᠠᠷᠪᠠᠠ | ᠦᠬᠡᠷ ᠳᠡᠷᠭᠡ ᠪᠠ ᠬᠤᠶᠠᠭ ᠠᠯᠪᠠ ᠳᠠᠳᠠᠵᠣ᠂ ᠠᠷᠠᠳ ᠣᠯᠠᠨ ᠳᠤ ᠠᠷᠪᠢᠨ ᠶᠠᠷᠰᠢᠭ ᠳᠦᠪᠡᠭ ᠣᠴᠠᠷᠠᠭᠤᠯᠣᠭᠰᠠᠨ | ᠪᠢᠯᠡ᠃ 1942 — 1943 ᠣᠨ ᠳᠤ ᠳᠡᠮᠴᠦᠭᠳᠣᠩᠷᠣᠪ ᠮᠠᠨ ᠤ ᠭᠡᠷ ᠲᠤ ᠣᠷᠢᠳ ᠬᠤᠵᠢᠳ ᠬᠤᠶᠠᠷ | ᠣᠳᠠᠭ᠎ᠠ ᠢᠷᠡᠵᠣ ᠮᠢᠨᠣ ᠡᠮᠡᠭᠡ ᠪᠣᠯᠣᠨ ᠡᠬᠡ ᠳᠤ᠄ ︽ᠬᠦᠪᠡᠭᠦᠨ ᠢᠶᠠᠨ ᠳᠠᠷᠦᠢ ᠳᠦᠷᠭᠡᠨ ᠰᠣᠷᠭᠠᠭᠤᠯᠢ ᠳᠤ | ᠶᠠᠪᠣᠭᠤᠯᠬᠤ ᠬᠡᠷᠡᠭᠳᠡᠢ 》 ᠬᠡᠵᠣ ᠱᠠᠭᠠᠷᠳᠠᠵᠣ ᠪᠠᠰᠠ 《 ᠵᠠᠷᠣᠴᠠ ᠨᠠᠷ ᠲᠤ ᠪᠠᠨ ᠵᠣᠬᠢᠬᠤ ᠬᠦᠯᠥᠰᠣ ᠬᠦᠷᠳᠡᠮᠵᠢ | ᠣᠯᠭᠤᠬᠤ ᠭᠡᠷᠡᠭᠳᠠᠢ︾ ᠭᠡᠵᠣ ᠰᠠᠨᠠᠭᠤᠯᠵᠣ ᠪᠠᠶᠢᠵᠠᠢ᠃ ᠳᠠᠷᠠᠭ᠎ᠠ ᠨᠢ ᠪᠠᠰᠠ ᠬᠤᠰᠢᠭᠤ ᠶᠠᠮᠣᠨ ᠳᠤ ᠬᠡᠳᠣᠨ ᠣᠳᠠᠭ᠎ᠠ | ᠠᠯᠪᠠᠨ ᠪᠢᠴᠢᠭ ᠢᠷᠡᠭᠦᠯᠵᠣ ᠨᠠᠮᠠᠢᠢ ᠰᠣᠷᠭᠠᠭᠤᠯᠢ ᠳᠤ ᠶᠠᠪᠣᠭᠤᠯᠬᠤ ᠶᠢ ᠳᠡᠬᠢᠨ ᠳᠠᠪᠳᠠᠨ ᠱᠠᠭᠠᠷᠳᠠᠭᠰᠠᠨ ᠳᠣᠯᠠ | ᠡᠮᠡᠭᠡ ᠪᠠ ᠡᠬᠡ ᠠᠷᠭ᠎ᠠ ᠦᠭᠡᠢ ᠨᠠᠮᠠᠢᠢ ᠰᠣᠷᠭᠠᠭᠤᠯᠢ ᠳᠤ ᠶᠠᠪᠣᠭᠤᠯᠬᠤ ᠪᠠᠷ ᠮᠣᠩᠭᠤᠯ ᠭᠡᠷ ᠪᠡᠯᠡᠳᠬᠡᠨ ᠰᠠᠭᠠᠯᠢ ᠶᠢᠨ | ᠦᠨᠢᠶ᠎ᠡ᠂ ᠢᠳᠡᠰᠢᠨ ᠤ ᠬᠤᠨᠢ ᠣᠨᠣᠯᠭ᠎ᠠ ᠶᠢᠨ ᠮᠣᠷᠢ ᠵᠡᠷᠭᠡ ᠶᠢ ᠪᠡᠯᠡᠳᠬᠡᠵᠣ ᠬᠡᠳᠣᠨ ᠦᠭᠡᠷ ᠳᠡᠷᠭᠡ ᠪᠠᠷ ᠪᠠᠶᠢᠰᠠ | ᠶᠢᠨ ᠰᠦᠮ᠎ᠠ ᠳᠠᠬᠢ ︽ᠮᠣᠩᠭᠤᠯ ᠢ ᠮᠠᠨᠳᠣᠭᠤᠯᠬᠤ᠂ ᠠᠳᠣᠭᠤᠯᠬᠤ ᠬᠦᠷᠦᠩᠬᠡ ᠶᠢᠨ ᠳᠣᠮᠳᠠᠳᠣ ᠰᠣᠷᠭᠠᠭᠤᠯᠢ︾ ᠳᠤ | ᠶᠠᠪᠣᠭᠤᠯᠵᠠᠢ᠃ ᠨᠠᠳᠠ ᠲᠠᠢ ᠬᠠᠮᠳᠣ ᠶᠠᠪᠣᠬᠰᠠᠨ ᠪᠣᠶᠢᠳᠠ ᠨᠢᠭᠡ᠂ ᠦᠬᠡᠷ ᠤᠨ ᠬᠦᠮᠥᠨ ᠨᠢᠭᠡ᠂ ᠳᠣᠭᠤᠭᠠᠴᠢ ᠨᠢᠭᠡ᠂ | ᠰᠠᠩ ᠤᠨ ᠯᠠᠮᠠ ᠨᠢᠬᠡ ᠪᠠᠶᠢᠵᠣ ᠬᠤᠶᠠᠷ ᠮᠣᠩᠭᠤᠯ ᠭᠡᠷ ᠢᠶᠠᠨ ᠰᠣᠷᠭᠠᠭᠤᠯᠢ ᠶᠢᠨ ᠬᠦᠷᠢᠶᠡᠨ ᠤ ᠪᠠᠷᠠᠭᠤᠨ ᠬᠠᠵᠠᠭᠤ | ᠳᠤ ᠪᠠᠷᠢᠭᠠᠳ ᠰᠠᠭᠤᠵᠣ ᠪᠠᠶᠢᠭᠰᠠᠨ᠃ ᠲᠦᠷᠦᠭᠦᠣ ᠵᠢᠯ ᠲᠤᠨᠢ ᠰᠣᠷᠭᠠᠭᠤᠯᠢ ᠶᠢᠨ ᠳᠠᠷᠤᠭ᠎ᠠ ᠨᠢ | ᠰᠠᠨᠳᠦᠭᠦᠷᠡᠩ ᠮᠢᠨᠣ ᠭᠡᠷ ᠲᠤ ᠢᠷᠡᠵᠣ ᠮᠣᠩᠭᠤᠯ ᠬᠡᠯᠡ ᠪᠢᠴᠢᠭ᠂ ᠶᠠᠫᠣᠨ ᠬᠡᠯᠡ ᠪᠢᠴᠢᠭ᠂ ᠳᠤᠭ᠎ᠠ ᠪᠣᠳᠣᠯᠭ᠎ᠠ | ᠵᠢᠭᠠᠵᠣ ᠪᠠᠶᠢᠭᠰᠠᠨ ᠶᠤᠮ᠃ ᠪᠢ ᠰᠣᠷᠭᠠᠭᠤᠯᠢ ᠶᠢᠨ ᠪᠡᠶ᠎ᠡ ᠶᠢᠨ ᠳᠠᠮᠢᠷ᠂ ᠡᠯ᠎ᠡ ᠵᠦᠢᠯ ᠤᠨ ᠬᠢᠴᠢᠶᠠᠯ ᠳᠤ ᠣᠷᠣᠬᠤ | ᠠᠴᠠ ᠪᠢᠰᠢ ᠠᠷᠭᠠᠯ ᠳᠡᠭᠦᠭᠦ ᠵᠡᠷᠭᠡ ᠠᠵᠢᠯ ᠬᠦᠳᠡᠯᠮᠦᠷᠢ ᠬᠢᠬᠦ ᠳᠤ ᠣᠷᠥᠯᠴᠡᠳᠠᠭ ᠦᠭᠡᠢ ᠪᠠᠶᠢᠵᠠᠢ᠃ ᠳᠣᠰ | ᠰᠣᠷᠭᠠᠭᠤᠯᠢ ᠳᠤ ᠵᠡᠭᠦᠨ ᠪᠠᠭᠰᠢ ᠠᠩᠬᠠᠨ ᠳᠤ ᠪᠠᠨ ᠨᠡᠯᠢᠶᠠᠳ ᠬᠡᠳᠣ ᠪᠠᠶᠢᠭᠰᠠᠨ ᠪᠣᠯᠪᠠᠴᠣ ᠰᠡᠭᠦᠯ ᠳᠡᠭᠡᠨ ᠨᠢᠭᠡ ᠯᠡ | ᠳᠡᠳ᠋ ᠳᠠᠷᠤᠭ᠎ᠠ ᠰᠠᠨᠳᠦᠭᠦᠷᠡᠩ ᠠᠵᠢᠯ ᠰᠢᠯᠵᠢᠵᠣ ᠭᠡᠷᠡᠯᠴᠣᠭᠳᠣ ᠭᠡᠳᠡᠭ ᠰᠢᠨ᠎ᠡ ᠳᠠᠷᠤᠭ᠎ᠠ ᠪᠠᠭᠰᠢ ᠢᠷᠡᠵᠠᠢ᠃ ᠪᠠᠰᠠ | ᠦᠯᠵᠡᠶᠢᠪᠦ᠋ᠷᠢᠨ᠂ ᠸᠠᠩᠴᠢᠨ᠂ ᠬᠡᠰᠢᠭᠡ᠂ ᠨᠠᠮᠵᠢᠯ᠂ ᠳᠠᠯᠠᠨᠳᠠᠢ᠂ ᠪᠢᠯᠭᠦᠰᠦ᠋ᠷᠥᠩ᠂ ᠡᠩᠭᠡᠪᠠᠳᠣ ᠁ ᠵᠡᠷᠭᠡ | ᠠᠷᠪᠠᠨ ᠭᠡᠳᠣᠨ ᠮᠣᠩᠭᠤᠯ ᠪᠠᠭᠰᠢ ᠨᠠᠷ ᠣᠷᠢᠳ ᠬᠤᠵᠢᠳ ᠪᠠᠭᠰᠢᠯᠠᠵᠣ᠂ ᠶᠠᠫᠣᠨ ᠬᠡᠯᠡ ᠪᠢᠴᠢᠭ᠂ ᠮᠣᠩᠭᠤᠯ ᠬᠡᠯᠡ | ᠪᠢᠴᠢᠭ᠂ ᠳᠣᠭᠠᠨ ᠤ ᠣᠬᠠᠭᠠᠨ᠂ ᠳᠡᠯᠡᠬᠡᠢ ᠶᠢᠨ ᠳᠡᠣᠬᠡ᠂ ᠳᠣᠮᠳᠠᠳᠣ ᠣᠯᠣᠰ ᠤᠨ ᠳᠡᠣᠬᠡ᠂ ᠭᠠᠵᠠᠷ ᠵᠦᠢ᠂ | ᠡᠷᠡᠭᠦᠯ ᠬᠠᠮᠠᠭᠠᠯᠠᠬᠤ ᠶᠡᠷᠦ ᠶᠢᠨ ᠮᠠᠳᠡᠯᠭᠡ᠂ ᠴᠡᠷᠢᠭ ᠤᠨ ᠮᠡᠷᠭᠡᠵᠢᠯ᠂ ᠪᠡᠶ᠎ᠡ ᠶᠢᠨ ᠳᠠᠮᠢᠷ᠂ ᠣᠷᠠᠨ ᠵᠢᠷᠤᠭ᠂ ᠳᠠᠭᠤᠣ | ᠬᠦᠭᠵᠢᠮ᠂ ᠰᠣᠸᠠᠮᠫᠠᠨ ᠪᠣᠳᠣᠯᠭ᠎ᠠ᠂ ᠮᠠᠯᠵᠢᠯ ᠤᠨ ᠶᠡᠷᠦ ᠶᠢᠨ ᠮᠠᠳᠡᠯᠭᠡ ᠁ ᠵᠡᠷᠭᠡ ᠬᠢᠴᠢᠶᠡᠯ ᠣᠷᠣᠳᠠᠭ ᠪᠠᠶᠢᠵᠠᠢ | ᠃ | 1945 ᠣᠨ ᠤ ᠪᠢᠯᠢᠭ ᠤᠨ ᠣᠯᠠᠷᠢᠯ ᠤᠨ ᠳᠣᠯᠣᠭᠠᠨ ᠰᠠᠷ᠎ᠠ ᠶᠢᠨ ᠰᠢᠨ᠎ᠡ ᠶᠢᠨ ᠬᠤᠶᠠᠷ ᠲᠤ ᠦᠳᠡ | ᠶᠢᠨ ᠡᠮᠣᠨ᠎ᠡ ᠨᠠᠢᠮᠡᠨ ᠴᠠᠭ ᠤᠨ ᠦᠶ᠎ᠡ ᠪᠠᠷ ᠵᠦᠪᠯᠡᠯᠳᠣ ᠶᠢᠨ ᠨᠢᠰᠭᠡᠯ ᠪᠠᠶᠢᠰᠡ ᠶᠢᠨ ᠰᠦᠮ᠎ᠡ᠂ ᠴᠢᠭᠤᠯᠭᠠᠨ ᠪᠠ | ᠶᠠᠫᠣᠨ ᠤ ᠣᠨᠴᠣᠭᠤᠢ ᠶᠠᠮᠣᠨ ︵ᠳᠠᠩᠨᠠᠭᠤᠯ ᠤᠨ ᠶᠠᠮᠣᠨ︶ ᠳᠡᠭᠡᠭᠦᠷ ᠬᠤᠶᠠᠷ ᠡᠷᠬᠢᠵᠣ ᠫᠥᠯᠧᠮᠶᠦᠲ ᠢᠶᠠᠷ ᠭᠠᠯᠯᠠᠵᠣ᠂ | ᠠᠷᠪᠠᠨ ᠴᠠᠭ ᠤᠨ ᠦᠶ᠎ᠡ ᠪᠠᠷ ᠰᠣᠷᠣᠭᠴᠢᠳ ᠢ ᠵᠢᠭᠰᠠᠭᠠᠵᠣ ᠶᠠᠫᠣᠨ ᠪᠠᠭᠰᠢ ᠠᠴᠠ᠄ ︽ᠣᠳᠣ ᠨᠢᠪᠹᠪᠣᠨ ᠪᠠ | ᠰᠣᠪᠢᠶᠠᠳ ᠤᠨ ᠪᠠᠶᠢᠯᠳᠣᠭᠠᠨ ᠡᠬᠢᠯᠡᠭᠰᠡᠨ ᠳᠣᠯᠠ ᠣᠨᠴᠣᠭᠤᠢ ᠶᠠᠮᠣᠨ ᠳᠤ ᠳᠠᠭᠤᠳᠠᠵᠣ ᠪᠠᠶᠢᠨ᠎ᠠ︾ ᠬᠡᠵᠣ ᠬᠦᠮᠥᠨ | ᠪᠦᠷᠢ ᠳᠤ ᠣᠰᠣᠨ ᠰᠠᠪᠠ᠂ ᠬᠦᠨᠡᠰᠣᠨ ᠤ ᠡᠭᠦᠷᠭᠡᠪᠴᠢ᠂ ᠫᠣᠣ ᠵᠡᠷᠭᠡ ᠶᠢ ᠲᠦᠭᠡᠭᠡᠵᠣ᠂ ᠴᠢᠭᠤᠯᠭᠠᠨ ᠶᠠᠮᠣᠨ ᠳᠤ | ᠣᠴᠢᠭᠠᠳ ᠰᠣᠷᠣᠭᠴᠢᠳ ᠢ ᠭᠡᠷ ᠭᠡᠷ ᠲᠤᠨᠢ ᠳᠠᠷᠬᠠᠭᠠᠵᠠᠢ᠃ ᠪᠢ ᠨᠠᠳᠠᠳᠠᠢ ᠬᠠᠮᠳᠣ ᠰᠠᠭᠤᠵᠣ ᠪᠠᠶᠢᠭᠰᠠᠨ | ᠮᠠᠭᠰᠣᠷᠴᠡᠷᠡᠨ ᠭᠡᠳᠡᠭ ᠡᠪᠦᠭᠡᠨ ᠲᠠᠢ ᠬᠤᠶᠠᠭᠤᠯᠠ ᠮᠣᠷᠢ ᠪᠠᠨ ᠣᠨᠣᠵᠣ ᠰᠦᠨᠢ ᠳᠡᠭᠡᠨ ᠬᠠᠷᠢᠵᠣ ᠢᠷᠡᠪᠡ᠃ ᠲᠡᠷᠡ | ᠦᠶ᠎ᠡ ᠳᠤ᠄ ᠣᠯᠠᠭᠠᠨ ᠨᠠᠮ ᠪᠣᠯ ᠪᠠᠶᠠᠳ ᠨᠣᠶᠠᠳ᠂ ᠪᠣᠷᠬᠠᠨ ᠱᠠᠰᠢᠨ ᠢ ᠣᠰᠠᠳᠬᠠᠳᠠᠭ ᠭᠡᠰᠡᠨ ᠶᠡᠷᠢᠶ᠎ᠡ ᠳᠡᠯᠭᠡᠷᠡᠵᠣ | ᠪᠠᠶᠢᠭᠰᠠᠨ ᠳᠣᠯᠠ ᠮᠢᠨᠣ ᠡᠮᠡᠭᠡ ᠪᠣᠯᠣᠨ ᠡᠵᠢ ᠠᠴᠠ ᠡᠬᠢᠯᠡᠨ ᠭᠡᠷ ᠬᠤᠳᠠᠯᠠᠭᠠᠷ ᠶᠷᠬᠡᠳᠡ ᠠᠶᠥᠨ ᠰᠦᠨᠢ ᠳᠦᠯᠢ ᠪᠠᠷ | ᠬᠤᠶᠢᠮᠣᠷ ᠤᠨ ᠡᠯᠡᠰᠣᠨ ᠳᠤ ᠳᠣᠳᠠᠭᠠᠨ ᠣᠴᠢᠵᠣ᠂ ᠶᠡᠷᠦ ᠶᠢᠨ ᠠᠷᠠᠳ ᠤᠨ ᠬᠤᠪᠴᠠᠰᠣ ᠡᠮᠦᠰᠴᠣ ᠨᠢᠭᠡ ᠨᠢᠭᠡ ᠪᠠᠷ | ᠢᠶᠠᠨ ᠠᠶᠢᠯ ᠤᠳ ᠢᠶᠠᠷ ᠳᠠᠷᠬᠠᠵᠣ ᠨᠢᠭᠤᠵᠣ ᠦᠩᠭᠡᠷᠡᠬᠦ ᠪᠠᠷ ᠭᠤᠷᠢᠳᠠᠵᠣ ᠪᠠᠶᠢᠭᠰᠠᠨ ᠪᠣᠯᠪᠠᠴᠣ ᠮᠣᠩᠭᠤᠯ ᠣᠷᠣᠰ | ᠤᠨ ᠴᠡᠷᠢᠭ ᠳᠤᠭ᠎ᠠ ᠳᠣᠮᠰᠢ ᠦᠭᠡᠢ ᠭᠠᠵᠠᠷ ᠳᠠᠶᠠᠭᠠᠷ ᠣᠷᠣᠵᠣ ᠢᠷᠡᠭᠰᠡᠨ ᠳᠣᠯᠠ ᠪᠢ ᠨᠠᠳᠠᠳᠠᠢ ᠬᠠᠮᠳᠣ ᠶᠠᠪᠣᠵᠣ | ᠪᠠᠶᠢᠭᠰᠠᠨ ᠳᠣᠪᠳᠣᠨ ᠡᠪᠦᠭᠡᠨ ᠲᠠᠢ ᠬᠤᠶᠠᠭᠤᠯᠠ ᠮᠣᠩᠭᠤᠯ ᠴᠡᠷᠢᠭ ᠲᠠᠢ ᠠᠭᠤᠯᠵᠠᠬᠤ ᠪᠠᠷ ᠬᠤᠶᠢᠮᠣᠷ ᠤᠨ ᠪᠠᠷᠠᠭᠤᠨ | ᠳᠡᠭᠡᠷ᠎ᠡ ᠶᠠᠪᠣᠵᠣ ᠪᠠᠶᠢᠳᠠᠯ᠎ᠠ ᠡᠮᠣᠨ᠎ᠡ ᠠᠴᠠ ᠭᠤᠷᠪᠠᠨ ᠮᠣᠷᠢᠳᠠᠢ ᠮᠣᠩᠭᠤᠯ ᠴᠡᠷᠢᠭ ᠤᠨ ᠬᠦᠮᠥᠨ ᠭᠠᠷᠴᠤ ᠢᠷᠡᠭᠡᠳ᠄ | ︽ᠮᠣᠷᠢᠨ ᠠᠴᠠ ᠪᠠᠨ ᠪᠠᠭᠤᠵᠣ ᠭᠠᠷ ᠢᠶᠠᠨ ᠡᠷᠭᠦᠵᠣ ᠵᠣᠭᠰᠣ︕ ᠲᠠ ᠬᠤᠶᠠᠷ ᠬᠠᠮᠢᠭᠠᠰᠢ ᠳᠣᠳᠠᠭᠠᠵᠣ ᠪᠠᠶᠢᠬᠤ | ᠪᠣᠢ︖︾ ᠬᠡᠵᠣ ᠠᠰᠠᠭᠤᠪᠠ᠃ ᠳᠣᠪᠳᠣᠨ ᠭᠤᠸᠠᠢ᠄ ︽ᠡᠨᠡ ᠪᠣᠯ ᠮᠠᠨ ᠤ ᠬᠤᠰᠢᠭᠤᠨ ᠤ ᠪᠡᠶᠢᠯᠡ ᠨᠣᠶᠠᠨ ᠶᠤᠮ᠃ | ᠳᠠᠨ ᠤ ᠴᠡᠷᠢᠭ ᠲᠤ ᠪᠠᠷᠠᠯᠠᠬᠤ ᠪᠠᠷ ᠶᠠᠪᠣᠵᠣ ᠪᠠᠶᠢᠨ᠎ᠠ︾ ᠭᠡᠵᠣ ᠬᠡᠯᠡᠭᠦ ᠳᠤ ᠨᠢᠭᠡᠨ ᠳᠣᠭᠤᠷᠢᠭ ᠮᠠᠯᠠᠭᠠᠢ ᠵᠡᠭᠦᠭᠰᠡᠨ | ᠳᠠᠷᠤᠭ᠎ᠠ ᠮᠠᠶ᠋ᠢᠭ ᠤᠨ ᠬᠦᠮᠨ ᠠᠴᠠ ︽ᠠ︕ ᠶᠠᠭᠤ ᠭᠡᠨ᠎ᠡ︖︾ ᠬᠡᠵᠤ ᠳᠠᠬᠢᠨ ᠠᠰᠠᠭᠤᠭᠰᠠᠨ ᠳᠤ ᠲᠦᠪᠳᠣᠨ | ᠭᠤᠸᠠᠢ ᠰᠠᠶ᠋ᠢ ᠶᠢᠨ ᠦᠭᠡ ᠪᠠᠨ ᠳᠠᠬᠢᠨ ᠨᠢᠭᠡ ᠣᠳᠠᠭ᠎ᠠ ᠬᠡᠯᠡᠭᠰᠡᠨ ᠳᠤ ᠳᠠᠳᠡ ᠮᠣᠷᠢᠨ ᠠᠴᠠ ᠪᠠᠨ ᠪᠠᠭᠤᠵᠣ ᠪᠢᠳᠡ | ᠬᠤᠶᠠᠷ ᠤᠨ ᠬᠤᠪᠴᠠᠰᠣ ᠶᠢ ᠳᠠᠶᠢᠯᠠᠭᠤᠯᠣᠨ ᠨᠡᠩᠵᠢᠵᠣ ᠪᠠᠷᠠᠭᠠᠳ ᠨᠢᠭᠡ ᠨᠢᠭᠡ ᠪᠠᠷ ᠰᠠᠯᠭᠠᠨ ᠪᠠᠶᠢᠴᠠᠭᠠᠨ | ᠠᠰᠠᠭᠤᠵᠣ ᠳᠡᠮᠳᠡᠭᠯᠡᠭᠡᠳ ᠪᠢᠳᠡ ᠬᠤᠶᠠᠷ ᠤᠨ ᠨᠢᠳᠣ ᠶᠢ ᠪᠣᠭᠤᠵᠣ ᠮᠣᠷᠢᠨ ᠳᠤ ᠣᠨᠣᠭᠤᠯᠣᠭᠠᠳ᠄ ︽ᠡᠨᠡ ᠪᠣᠯ | ᠮᠠᠨ ᠤ ᠶᠣᠰᠣ ᠶᠤᠮ᠂ ᠲᠠ ᠬᠤᠶᠠᠷ ᠠᠶᠣᠬᠤ ᠬᠡᠷᠡᠭ ᠦᠭᠡᠢ︾ ᠬᠡᠵᠣ ᠬᠡᠯᠡᠬᠡᠳ ᠪᠢᠳᠠ ᠬᠤᠶᠠᠷ ᠤᠨ ᠮᠣᠷᠢ ᠶᠢ | ᠬᠤᠯᠪᠣᠭᠠᠳ ᠭᠦᠳᠣᠯᠵᠣ ᠶᠠᠪᠣᠪᠠ᠃ ᠡᠨᠡ ᠦᠶ᠎ᠡ ᠳᠤ ᠪᠢ ᠳᠣᠳᠣᠷ᠎ᠠ ᠪᠠᠨ᠄ ︽ᠣᠳᠣ ᠨᠠᠮᠠᠢᠢ ᠬᠠᠮᠢᠭ᠎ᠠ ᠠᠪᠠᠴᠢᠵᠣ | ᠪᠠᠶᠢᠭᠠᠳ ᠶᠠᠭᠠᠬᠢᠬᠤ ᠶᠤᠮ ᠪᠣᠯ ᠳ᠋ᠠ︾ ᠬᠡᠵᠣ ᠡᠯᠳᠡᠪ ᠵᠦᠢᠯ ᠢᠶᠠᠷ ᠪᠣᠳᠣᠵᠣ ᠠᠶᠣᠵᠣ ᠪᠠᠶᠢᠵᠠᠢ᠃ ᠭᠡᠪᠡᠴᠦ ᠳᠡᠳᠡᠨ | ᠲᠠᠢ ᠬᠠᠮᠳᠣ ᠨᠡᠯᠢᠶᠡᠳ ᠵᠠᠮ ᠶᠠᠪᠣᠵᠣ᠂ ᠶᠠᠷᠢᠯᠴᠠᠨ ᠲᠠᠨᠢᠯᠴᠠᠬᠤ ᠪᠠᠷ ᠳᠠᠮᠵᠢᠵᠣ᠂ ᠪᠢᠳᠠᠨ ᠤ ᠨᠢᠳᠣᠨ ᠪᠣᠭᠤᠯᠳᠠ ᠶᠢ | ᠠᠪᠣᠭᠠᠳ ᠴᠠᠩᠳᠣ ᠰᠦᠮ᠎ᠡ ᠳᠤ ᠶᠠᠪᠣᠬᠤ ᠵᠠᠮ ᠢ ᠠᠰᠠᠭᠤᠵᠣ ᠭᠡᠳᠣᠨ ᠦᠭᠡ ᠶᠠᠷᠢᠯᠴᠠᠭᠰᠠᠨ ᠤ ᠳᠠᠷᠠᠭ᠎ᠠ᠂ ᠳᠠᠳᠠᠨ | ᠠᠴᠠ ᠳᠡᠮᠡᠢ ᠠᠶᠣᠬᠤ ᠦᠭᠡᠢ ᠪᠣᠯᠪᠠ᠃ ᠵᠠᠮ ᠤᠨ ᠳᠣᠮᠳᠠ᠂ ᠪᠢᠳᠠ ᠳᠡᠳᠡᠨ ᠲᠠᠢ ᠡᠷᠢᠶ᠎ᠡ ᠴᠡᠭᠡᠷ ᠦᠭᠡᠢ ᠶᠠᠷᠢᠯᠴᠠᠬᠤ | ᠪᠣᠯᠣᠭᠰᠠᠨ ᠪᠠ ᠮᠠᠨ ᠤ ᠳᠦᠪᠳᠣᠨ ᠭᠤᠸᠠᠢ ᠪᠣᠯ ᠨᠡᠯᠢᠶᠡᠳ ᠱᠣᠭᠳᠠᠢ᠂ ᠠᠯᠢᠶ᠎ᠠ ᠬᠦᠮᠥᠨ ᠪᠠᠶᠢᠭᠰᠠᠨ᠂ ᠲᠡᠷᠡ᠄ ︽ | ᠯᠠᠮᠠ ᠠ᠂ ᠳᠠᠨ ᠤ ᠣᠷᠣᠰ ᠴᠢᠨᠢ ᠮᠠᠨ ᠤ ᠶᠠᠫᠣᠨ ᠢ ᠪᠣᠳᠣᠪᠠᠯ ᠴᠢᠳᠬᠦᠷ ᠱᠣᠯᠣᠮ ᠰᠢᠭ᠋ ᠮᠠᠭᠤᠬᠠᠢ᠂ ᠠᠶᠣᠮᠠᠷ | ᠠᠮᠢᠳᠠᠨ ᠪᠠᠶᠢᠨ᠎ᠠ ᠳ᠋ᠠ ᠬᠦ᠋︾ ᠬᠡᠬᠦ ᠳᠤ ᠳᠡᠳᠡ᠄ ︽ᠦᠨᠡᠬᠡᠷ ᠳᠡᠶᠢᠮᠦ ᠶᠤᠮ ᠬᠡᠨ᠎ᠡ ᠯᠠᠢ ᠰᠢᠣ᠂ ᠶᠠᠫᠣᠨ ᠶᠡᠭᠡ | ᠴᠡᠪᠡᠷᠬᠡᠨ ᠲᠦᠷᠦᠭᠰᠡᠨ ᠶᠤᠮ ᠬᠡᠨ᠎ᠠ ᠪᠢᠯᠡ︾ ᠬᠡᠵᠣ ᠡᠯᠳᠡᠪ ᠢ ᠶᠠᠷᠢᠵᠣ ᠢᠨᠢᠶᠡᠯᠴᠡᠵᠣ ᠶᠠᠪᠣᠵᠠᠭᠠᠵᠠᠢ᠃ ᠲᠡᠷᠡ | ᠣᠷᠣᠢ ᠳᠠᠭᠠᠨ ᠬᠠᠷ᠎ᠠ ᠲᠡᠭᠡᠭᠡ ᠶᠢᠨ ᠣᠷᠴᠢᠮ᠂ ᠮᠠᠨ ᠤ ᠬᠤᠰᠢᠭᠤᠨ ᠤ ᠪᠠᠵᠠᠷᠰᠡᠳ ᠡᠪᠦᠭᠡᠨ ᠤ ᠭᠡᠷ ᠲᠤ ᠭᠦᠷᠴᠦ | ᠳᠡᠳᠡᠨᠠᠷ᠄ ︽ᠵᠠ ᠡᠨᠡ ᠴᠢᠨᠢ ᠳᠠᠨ ᠤ ᠬᠤᠰᠢᠭᠤᠨ ᠤ ᠨᠣᠶᠠᠨ ᠮᠦᠨ ᠪᠢᠵᠡ ᠳ᠋ᠡ︖ ᠣᠳᠣ ᠨᠣᠶᠠᠨ ᠳᠠᠭᠠᠨ ᠰᠠᠶᠢᠨ | ᠬᠤᠭᠤᠯᠠ ᠬᠢᠵᠣ ᠦᠭᠭᠦᠭᠡᠴᠢ ᠳ᠋ᠠ᠃︾ ᠬᠡᠵᠣ ᠨᠠᠭᠠᠳᠣᠮ ᠤᠨ ᠠᠯᠢᠶ᠎ᠠ ᠦᠭᠡ ᠬᠡᠯᠡᠯᠴᠡᠵᠣ ᠬᠤᠭᠤᠯᠠ ᠢᠳᠠᠵᠣ | ᠪᠠᠭ᠎ᠠ ᠠᠮᠣᠰᠬᠢᠭᠡᠳ ᠴᠠᠩᠳᠣ ᠰᠦᠮ᠎ᠡ ᠶᠢᠨ ᠵᠦᠭ ᠮᠣᠷᠳᠠᠪᠠ᠃ ᠲᠡᠷᠡ ᠰᠦᠨᠢ ᠵᠦᠰᠡᠷ ᠪᠣᠷᠣᠭᠠᠨ ᠣᠷᠣᠵᠣ | ᠵᠣᠭᠰᠣᠬᠤ ᠦᠭᠡᠢ ᠳᠣᠯᠠ ᠪᠢᠳᠠ ᠮᠣᠷᠢ ᠪᠠᠨ ᠴᠢᠳᠣᠷᠯᠡᠵᠣ᠂ ᠳᠡᠳᠡ ᠫᠣᠣ ᠪᠠᠨ ᠬᠠᠳᠬᠤᠨ ᠪᠣᠰᠬᠠᠵᠣ᠂ ᠳᠡᠭᠡᠷ᠎ᠡ ᠨᠢ | ᠨᠦᠮᠦᠷᠭᠡ ᠪᠦᠰ ᠢᠶᠠᠨ ᠮᠠᠶᠢᠬᠠᠨᠴᠢᠯᠠᠨ ᠪᠢᠳᠡ ᠳᠠᠪᠣᠭᠤᠯᠠ ᠪᠠᠨ ᠰᠢᠷᠭᠤᠨ ᠣᠷᠣᠵᠣ ᠣᠨᠳᠠᠵᠠᠭᠠᠪᠠ᠃ ᠮᠠᠷᠭᠠᠰᠢ | ᠦᠷᠯᠦᠭᠡ ᠦᠷ ᠴᠠᠶᠢᠬᠤ ᠶᠢᠨ ᠦᠶ᠎ᠡ ᠪᠠᠷ ᠪᠣᠷᠣᠭᠠᠨ ᠠᠷᠢᠯᠣᠭᠰᠠᠨ ᠤ ᠳᠠᠷᠠᠭ᠎ᠠ᠂ ᠪᠢᠳᠠ ᠮᠣᠷᠳᠠᠵᠠᠭᠠᠵᠣ᠂ ᠦᠳᠡ | ᠶᠢᠨ ᠦᠶ᠎ᠡ ᠪᠠᠷ ᠴᠠᠩᠳᠣ ᠶᠢᠨ ᠬᠦᠭᠦᠷᠭᠡ ᠬᠦᠷᠬᠦ ᠳᠤ ᠴᠡᠷᠢᠭ ᠤᠨ ᠴᠠᠴᠠᠷ ᠳᠠᠯ᠎ᠠ ᠲᠦᠭᠦᠷᠡᠩ ᠵᠢᠭᠳᠡᠷᠡᠵᠣ᠂ ᠮᠠᠰᠢᠨ | ᠳᠡᠷᠭᠡ ᠭᠠᠵᠠᠷ ᠢ ᠪᠦᠷᠬᠦᠨ ᠵᠦᠷᠢᠳᠪᠵᠣ᠂ ᠴᠠᠬᠢᠯᠭᠠᠨ ᠣᠳᠠᠰᠣ ᠭᠠᠵᠷ ᠳᠡᠭᠡᠭᠦᠷ ᠵᠦᠭ ᠪᠦᠷᠢ ᠳᠤ ᠰᠦᠯᠵᠢᠯᠳᠣᠵᠣ᠂ | ᠨᠢᠰᠬᠦ ᠣᠩᠭᠤᠴᠠ ᠠᠭᠠᠷ ᠲᠤ ᠡᠷᠭᠢᠯᠳᠣᠨ᠂ ᠮᠣᠲ᠋ᠣᠷᠴᠢᠯᠠᠭᠰᠠᠨ ᠴᠡᠷᠢᠭ ᠨᠠᠰᠢ ᠴᠠᠰᠢ ᠳᠠᠪᠬᠢᠯᠳᠣᠵᠣ᠂ ᠭᠤᠣᠯ ᠤᠨ | ᠣᠰᠣᠨ ᠳᠤ ᠣᠷᠣᠰ ᠴᠡᠷᠢᠭ ᠪᠡᠶ᠎ᠡ ᠪᠠᠨ ᠣᠬᠢᠶᠠᠨ ᠣᠮᠪᠠᠵᠣ ᠪᠠᠶᠢᠬᠤ …… ᠵᠡᠷᠭᠡ ᠶᠢ ᠦᠵᠡᠭᠰᠡᠭᠡᠷ ᠶᠠᠪᠣᠵᠣ | ᠭᠦᠭᠦᠷᠭᠡᠨ ᠳᠤ ᠦᠢᠷᠠᠳᠣᠬᠤ ᠦᠶ᠎ᠡ ᠳᠤ ᠳᠡᠳᠡ᠄ ︽ᠪᠢᠳᠠ ᠣᠳᠣ ᠱᠠᠲ᠋ᠠᠪ ᠤᠨ ᠶᠠᠮᠣᠨ ᠳᠤ ᠬᠦᠷᠦᠯ᠎ᠠ᠂ ᠠᠳᠡ ᠲᠠ | ᠬᠤᠶᠠᠷ ᠢ ᠪᠠᠶᠢᠴᠠᠭᠠᠭᠠᠳ ᠭᠡᠷ ᠲᠤ ᠴᠢᠨᠢ ᠪᠤᠠᠴᠠᠭᠠᠬᠤ ᠳᠣᠯᠠ ᠠᠶᠣᠬᠤ ᠬᠡᠷᠡᠭ ᠦᠭᠡᠢ︾ ᠬᠡᠵᠣ ᠬᠡᠯᠡᠭᠡᠳ ᠪᠢᠳᠡ | ᠬᠤᠶᠠᠷ ᠤᠨ ᠨᠢᠳᠣ ᠶᠢ ᠳᠠᠬᠢᠨ ᠪᠣᠭᠤᠵᠣ ᠬᠤᠶᠠᠷ ᠮᠣᠷᠢ ᠶᠢ ᠬᠤᠯᠪᠣᠨ ᠭᠦᠳᠦᠯᠵᠣ ᠱᠠᠲ᠋ᠠᠪ ᠤᠨ ᠶᠠᠮᠣᠨ ᠳᠤ | ᠭᠦᠷᠭᠡᠵᠣ ᠦᠭᠪᠠ᠃ ᠳᠠᠳᠠ ᠪᠢᠳᠠ ᠬᠤᠶᠠᠷ ᠢ ᠪᠠᠰᠠ ᠳᠣᠰ ᠳᠣᠰ ᠲᠤᠨᠢ ᠰᠠᠯᠠᠭᠠᠵᠣ᠂ ᠬᠠᠶᠠᠷ ᠴᠠᠭ ᠰᠢᠬᠠᠮ | ᠪᠠᠶᠢᠴᠠᠭᠠᠨ ᠠᠰᠠᠭᠤᠭᠠᠳ᠄ ︽ᠣᠳᠣ ᠲᠠ ᠬᠤᠶᠠᠭᠤᠯᠠ ᠭᠡᠷ ᠲᠡᠭᠡᠨ ᠬᠠᠷᠢᠭᠠᠳ ᠮᠠᠯ ᠢᠶᠠᠨ ᠮᠠᠯᠵᠢᠵᠣ ᠰᠠᠭᠤᠬᠤ | ᠬᠡᠷᠡᠭᠳᠠᠢ᠃ ᠳᠠᠬᠢᠨ ᠳᠣᠳᠠᠭᠠᠵᠣ ᠪᠣᠯᠬᠤ ᠦᠭᠡᠢ︾ ᠬᠡᠵᠣ ᠪᠢᠳᠠ ᠬᠤᠶᠠᠭᠤᠯᠠ ᠶᠢ ᠪᠣᠴᠠᠭᠠᠪᠠ᠃ ᠡᠨᠡ ᠰᠦᠨᠢ ᠪᠢᠳᠠ | ᠬᠤᠶᠠᠷ ᠤᠨ ᠮᠣᠷᠢ ᠵᠣᠭᠰᠣᠵᠣ᠂ ᠰᠦᠨᠢ ᠳᠦᠯᠢ ᠪᠠᠷ ᠬᠠᠶ᠋ᠢ ᠶᠢᠨ ᠪᠠᠷᠠᠭᠤᠨ ᠵᠠᠬ᠎ᠠ ᠳᠤ ᠰᠣᠳᠨᠠᠮ ᠲᠣᠶᠢᠨ ᠤ ᠳᠤ | ᠢᠷᠡᠵᠣ ᠬᠤᠨᠣᠭᠠᠳ ᠮᠠᠷᠭᠠᠰᠢ ᠨᠢ ᠦᠳᠡ ᠶᠢᠨ ᠦᠶ᠎ᠡ ᠪᠠᠷ ᠭᠡᠷ ᠲᠤ ᠪᠠᠨ ᠢᠷᠡᠭᠰᠡᠨ ᠳᠤ ᠮᠠᠨ ᠤ ᠭᠡᠷ ᠪᠠᠶᠢᠰᠢᠩ | ᠤᠨ ᠡᠭᠦᠳᠡ ᠴᠣᠩᠬᠤ ᠡᠪᠳᠡᠯᠡᠭᠳᠡᠵᠣ᠂ ᠡᠳ᠋ ᠬᠦᠷᠦᠩᠭᠡ ᠦᠭᠡᠢ ᠪᠣᠯᠣᠭᠠᠳ ᠨᠢᠭᠡᠴᠣ ᠬᠦᠮᠥᠨ ᠦᠭᠡᠢ ᠪᠣᠯᠣᠭᠰᠠᠨ | ᠳᠣᠯᠠ ᠪᠢ ᠮᠢᠨᠣ ᠡᠬᠡ ᠶᠢᠨ ᠰᠠᠭᠤᠵᠣ ᠪᠠᠶᠢᠭᠰᠠᠨ ᠠᠷᠣ ᠰᠠᠩ ᠳᠠᠭᠠᠨ ᠢᠷᠡᠵᠣ ᠮᠠᠯ ᠮᠠᠯᠵᠢᠵᠣ ᠰᠠᠭᠤᠪᠠ᠃ ᠡᠨᠡ | ᠣᠳᠠᠭ᠎ᠠ ᠶᠢᠨ ᠴᠡᠷᠢᠭ ᠤᠨ ᠬᠦᠯ ᠳᠤ ᠮᠠᠯ ᠤᠨ ᠶᠡᠬᠡᠩᠬᠢ ᠨᠢ ᠦᠷᠡᠭᠳᠡᠵᠣ᠂ ᠠᠳᠣᠭᠤᠨ ᠠᠴᠠ ᠡᠮᠨᠢᠭ ᠪᠣᠶᠣ ᠭᠡᠭᠦᠦ | ᠭᠤᠣᠯᠳᠠᠢ ᠵᠠᠭᠤ ᠭᠦᠷᠭᠦ ᠦᠭᠡᠢ ᠦᠯᠡᠳᠡᠵᠣ ᠦᠬᠡᠷ ᠵᠠᠭᠤ ᠰᠢᠬᠠᠮ ᠬᠤᠨᠢ ᠮᠢᠩᠭ᠎ᠠ ᠰᠢᠬᠠᠮ ᠲᠡᠮᠡᠭᠡ ᠬᠠᠷᠢ | ᠭᠤᠴᠢᠭᠠᠳ ᠦᠯᠡᠳᠡᠵᠠᠢ᠃ ᠨᠣᠶᠠᠨ ᠰᠠᠩ ᠳᠤ ᠵᠠᠷᠣᠭᠳᠠᠵᠣ ᠪᠠᠶᠢᠭᠰᠠᠨ ᠵᠠᠷᠣᠴᠠ ᠨᠠᠷ ᠪᠦᠷ ᠭᠡᠷ ᠲᠡᠭᠡᠨ ᠶᠠᠪᠣᠵᠣ᠂ | ᠪᠣᠶᠢᠳᠠ ᠨᠢᠷᠪᠠ ᠪᠠ ᠭᠡᠳᠣᠨ ᠮᠠᠯ ᠤᠨ ᠬᠦᠮᠥᠰ ᠯᠠ ᠦᠯᠡᠳᠠᠵᠠᠢ᠃ | ᠡᠨᠡ ᠣᠳᠠᠭ᠎ᠠ ᠶᠢᠨ ᠣᠷᠣᠰ ᠮᠣᠩᠭᠤᠯ ᠴᠡᠷᠢᠭ ᠤᠨ ᠣᠷᠣᠵᠣ ᠢᠷᠡᠭᠰᠡᠨ ᠮᠠᠰᠢ ᠶᠡᠭᠡ ᠰᠦᠷᠳᠠᠢ᠃ | ᠮᠠᠰᠢᠨᠳᠣ ᠠᠩᠭᠢ ᠨᠢ ᠳᠣᠰ ᠳᠣᠰ ᠤᠨ ᠪᠠᠶᠢᠷᠢᠰᠢᠯ ᠶᠣᠰᠣᠭᠠᠷ ᠮᠦᠷᠯᠡᠨ᠂ ᠵᠢᠭᠰᠠᠭᠠᠯ ᠤᠨ ᠮᠠᠶ᠋ᠢᠭ ᠢᠶᠠᠷ ᠡᠩᠨᠡᠷᠢᠨ | ᠴᠣᠪᠣᠵᠣ᠂ ᠬᠤᠶᠢᠨ᠎ᠠ ᠡᠮᠦᠨ᠎ᠡ ᠬᠤᠶᠠᠷ ᠦᠵᠦᠭᠦᠷ ᠨᠢ ᠦᠵᠡᠭᠳᠡᠬᠦ ᠦᠭᠡᠢ᠂ ᠬᠤᠶᠢᠳᠣ ᠵᠠᠬ᠎ᠠ ᠨᠢ ᠪᠣᠭᠳᠠ ᠠᠭᠤᠯᠠ | ᠶᠢᠨ ᠵᠡᠭᠦᠨ ᠰᠣᠭᠤ ᠪᠠᠷ ᠭᠠᠷᠴᠣ ᠢᠷᠡᠬᠦ ᠳᠤ ᠲᠦᠷᠦᠭᠦᠦ ᠨᠢ ᠨᠢᠭᠡᠨᠳᠡ ᠴᠠᠩᠳᠣ ᠶᠢᠨ ᠭᠦᠭᠦᠷᠭᠡ ᠳᠤ ᠪᠠᠶᠢᠭᠰᠠᠨ | ᠱᠠᠲ᠋ᠠᠪ ᠤᠨ ᠭᠠᠵᠠᠷ ᠢ ᠦᠩᠭᠡᠷᠡᠵᠣ᠂ ᠡᠳᠦᠷ ᠰᠦᠨᠢ ᠦᠭᠡᠢ ᠦᠷᠭᠦᠯᠵᠢᠯᠡᠵᠣ᠂ ᠮᠠᠰᠢᠨ ᠳᠡᠷᠭᠡ᠂ ᠮᠣᠲ᠋ᠣᠷ ᠤᠨ | ᠳᠠᠭᠤᠨ ᠨᠡᠶᠢᠳᠡᠮ ᠨᠦᠵᠢᠭᠢᠨᠡᠵᠣ᠂ ᠬᠠᠶᠠ ᠦᠬᠡᠷ ᠫᠣᠣ ᠶᠢᠨ ᠳᠠᠭᠤᠨ ᠭᠠᠷᠴᠣ᠂ ᠡᠳᠦᠷ ᠴᠡᠷᠢᠭ ᠤᠨ ᠳᠣᠭᠤᠰᠣ | ᠳᠡᠭᠷᠢ ᠭᠠᠵᠠᠷ ᠲᠠᠢ ᠵᠠᠯᠭᠠᠯᠳᠣᠨ ᠣᠨᠢᠶᠡᠷᠳᠣᠨ ᠦᠷᠭᠦᠯᠵᠢᠯᠡᠵᠣ᠂ ᠰᠦᠨᠢ ᠨᠢ ᠭᠡᠷᠡᠯᠳᠣᠯᠣᠭ᠍ᠴᠢ ᠳ᠋ᠧᠩ ᠤᠨ ᠭᠡᠷᠡᠯ᠂ | ᠮᠠᠰᠢᠨ ᠳᠡᠷᠭᠡᠨ ᠳ᠋ᠧᠩ ᠨᠢ ᠰᠢᠷ᠎ᠠ ᠭᠡᠷᠡᠯ ᠳᠠᠳᠠᠵᠣ᠂ ᠭᠠᠵᠠᠷ ᠳᠡᠯᠡᠬᠡᠢ ᠶᠢ ᠡᠳᠦᠷ ᠰᠢᠭ ᠭᠡᠷᠡᠯᠳᠦᠭᠦᠯᠵᠤ᠂ ᠳᠠᠳᠠᠨ ᠤ | ᠳᠣᠮᠳᠠᠭᠤᠷ ᠭᠦᠨᠳᠡᠯᠡᠨ ᠦᠩᠭᠡᠷᠡᠵᠣ ᠭᠠᠷᠬᠤ ᠶᠢᠨ ᠠᠷᠭ᠎ᠠ ᠦᠭᠡᠢ ᠨᠢᠭᠳᠠ ᠪᠠᠶᠢᠪᠠ᠃ ᠳᠠᠳᠠᠨ ᠤ ᠣᠷᠣᠵᠣ ᠢᠷᠡᠭᠰᠡᠨ | ᠡᠨᠡ ᠵᠠᠮ ᠪᠣᠯ ᠠᠷᠣ ᠶᠢᠨ ᠬᠦᠷᠢᠶ᠎ᠡ ︵ᠣᠯᠠᠭᠠᠪᠠᠭᠠᠳᠣᠷ︶ ᠳᠤ ᠨᠡᠪᠳᠡᠷᠡᠬᠦ ᠶᠡᠭᠡ ᠬᠠᠩᠭᠠᠢ ᠰᠢᠷ᠎ᠠ ᠵᠠᠮ ᠪᠠᠶᠢᠭᠰᠠᠨ | ᠬᠡᠵᠣ ᠨᠠᠰᠣᠳᠠᠳ ᠶᠠᠷᠢᠳᠠᠭ ᠪᠠᠶᠢᠭᠰᠠᠨ᠃ ᠴᠡᠷᠢᠭ ᠤᠨ ᠪᠣᠳᠠᠭ᠎ᠠ ᠶᠢ ᠮᠠᠰᠢᠨ ᠳᠡᠷᠭᠡ᠂ ᠮᠣᠷᠢᠨ ᠳᠡᠷᠭᠡᠨ ᠳᠡᠭᠡᠷ᠎ᠡ ᠵᠠᠮ | ᠵᠠᠭᠤᠷ᠎ᠠ ᠪᠠᠨ ᠪᠡᠯᠡᠳᠬᠡᠵᠣ᠂ ᠳᠣᠭᠤᠭᠠᠨ ᠳᠤ ᠪᠣᠴᠠᠯᠭᠠᠵᠣ ᠪᠠᠶᠢᠭ᠎ᠠ ᠬᠤᠨᠢᠨ ᠤ ᠮᠢᠬ᠎ᠠ ᠶᠢ ᠠᠯᠢ ᠨᠢᠭᠡ ᠴᠡᠷᠢᠭ ᠨᠢ | ᠢᠳᠡᠶ᠎ᠡ ᠬᠡᠪᠡᠯ ᠮᠣᠷᠢᠨ ᠳᠡᠷᠭᠡᠨ ᠳᠡᠭᠡᠷ᠎ᠡ ᠠᠴᠠ ᠪᠠᠨ ᠫᠣᠣ ᠶᠢᠨ ᠵᠢᠳᠠ ᠪᠠᠷ ᠬᠠᠳᠬᠤᠨ ᠠᠪᠴᠣ ᠢᠳᠡᠵᠡᠭᠡᠳᠡᠭ᠂ | ᠣᠷᠣᠰ ᠮᠣᠩᠭᠤᠯ ᠴᠡᠷᠢᠭ ᠣᠷᠣᠵᠣ ᠢᠷᠡᠭᠰᠡᠨ ᠤ ᠳᠠᠷᠠᠭ᠎ᠠ᠂ ᠬᠤᠰᠢᠭᠤ ᠶᠢ ᠬᠠᠮᠠᠭᠠᠯᠠᠬᠤ ᠴᠡᠷᠢᠭ ᠭᠡᠵᠣ ᠠᠷᠪᠠᠭᠠᠳ | ᠮᠣᠩᠭᠤᠯ ᠴᠡᠷᠢᠭ ᠦᠯᠡᠳᠡᠭᠡᠵᠣ ᠶᠠᠮᠣᠨ ᠳᠤ ᠰᠠᠭᠤᠵᠣ ᠪᠠᠶᠢᠵᠠᠢ᠃ ᠳᠠᠷᠤᠭ᠎ᠠ ᠨᠢ ᠺᠡᠮᠢᠩᠳᠡ ᠪᠠᠩᠽᠠᠷᠠᠭᠴᠢ ᠭᠡᠳᠡᠭ | ᠬᠦᠮᠥᠨ ᠪᠠᠶᠢᠭᠰᠠᠨ᠂ ᠲᠡᠷᠡ ᠡᠳᠦᠷ ᠲᠡᠭᠡᠨ ᠠᠶᠢᠯ ᠤᠳ ᠢᠶᠠᠷ ᠳᠣᠭᠤᠷᠢᠵᠣ ᠠᠷᠠᠳᠴᠢᠯᠠᠭᠰᠠᠨ ᠶᠣᠰᠣ ᠤ | ᠣᠬᠠᠭᠤᠯᠳᠠᠭ ᠪᠠᠶᠢᠭᠰᠠᠨ᠃ | ᠪᠠᠰᠠ ᠲᠡᠷᠡ ᠦᠶ᠎ᠡ ᠳᠤ᠂ ᠣᠯᠠᠭᠠᠨ ᠴᠡᠷᠢᠭ ᠠᠴᠠ ᠣᠷᠭᠤᠨ ᠳᠠᠰᠣᠷᠠᠭᠰᠠᠨ ᠴᠦᠬᠡᠨ ᠳᠣᠭᠠᠨ ᠤ | ᠭᠧᠷᠮᠠᠨ ᠤ ᠣᠯᠵᠠᠯᠠᠭᠳᠠᠭᠰᠠᠨ ᠴᠡᠷᠢᠭ ᠤᠨ ᠵᠠᠷᠢᠮ ᠨᠢ ᠮᠠᠰᠢᠨ ᠲᠠᠢ᠂ ᠵᠡᠷᠢᠮ ᠢ ᠮᠣᠷᠢ ᠲᠠᠢ ᠠᠶᠢᠯ ᠭᠡᠰᠣᠵᠣ᠂ | ᠠᠡᠶᠢᠬᠢ ᠣᠣᠭᠤᠨ᠄ ︽ᠶᠠᠫᠣᠨ ᠪᠠᠶᠢᠨᠠᠣ︖ ᠰᠠᠶᠢᠨ ᠮᠣᠷᠢ ᠪᠠᠶᠢᠨᠠᠣ︖ ᠰᠠᠶᠢᠬᠠᠨ ᠬᠡᠣᠬᠡᠨ ᠪᠠᠶᠢᠨᠠᠣ︖︾ ᠭᠡᠭᠦ | ᠵᠡᠷᠭᠡ ᠪᠠᠷ ᠮᠣᠩᠭᠤᠯ ᠦᠭᠡ ᠪᠠᠷ ᠬᠠᠯᠳᠣ ᠮᠦᠯᠳᠣ ᠴᠠᠯᠴᠢᠵᠣ᠂ ᠡᠳ᠋ ᠪᠣᠳᠠᠰ ᠳᠡᠭᠡᠷᠡᠮᠳᠡᠨ᠂ ᠡᠭᠡᠨᠡᠷ ᠬᠡᠣᠭᠡᠳ ᠢ | ᠳᠠᠷᠣᠯᠠᠵᠣ᠂ ᠡᠯᠳᠡᠪ ᠬᠡᠷᠡᠭ ᠦᠢᠯᠡᠳᠴᠦ ᠶᠠᠪᠣᠳᠠᠭ᠃ ᠬᠡᠷᠪᠡ ᠳᠡᠳᠡᠨ ᠢ ᠵᠠᠪᠳᠠᠵᠣ ᠬᠤᠰᠢᠭᠤ ᠬᠠᠮᠠᠭᠠᠯᠠᠬᠤ ᠴᠡᠷᠢᠭ | ᠲᠤ ᠮᠠᠳᠡᠭᠦᠯᠪᠡᠯ᠂ ᠳᠡᠳᠡ ᠳᠡᠷᠦᠢ ᠮᠣᠷᠢ ᠪᠠᠷ ᠳᠣᠪᠳᠣᠯᠭᠠᠨ ᠢᠷᠡᠵᠣ ᠳᠠᠳᠡᠨ ᠢ ᠭᠦᠭᠡᠭᠡᠨ ᠶᠠᠪᠣᠭᠤᠯᠳᠠᠭ ᠪᠠᠶᠢᠭᠰᠠᠨ | ᠶᠤᠮ᠃ | 1945 ᠣᠨ ᠤ ᠡᠪᠦᠯ᠂ ᠮᠠᠨ ᠤ ᠡᠬᠡ᠂ ᠬᠤᠰᠢᠭᠤᠨ ᠤ ᠳᠣᠰᠠᠯᠠᠭᠴᠢ ᠮᠦᠩᠬᠡ᠂ ᠵᠠᠬᠢᠷᠣᠭᠴᠢ ᠨᠠᠴᠤᠭ | ᠨᠠᠷ ᠲᠠᠢ᠂ ᠨᠠᠳᠠ ᠳᠤ ᠪᠠᠷᠢ ᠠᠪᠬᠤ ᠳᠣᠬᠠᠢ ᠵᠦᠪᠳᠡᠯᠴᠡᠵᠣ᠂ ᠬᠠᠮᠪᠤ ᠯᠠᠮᠠ ᠠᠴᠠ ᠬᠡᠣᠬᠡᠨ ᠤ ᠳᠠᠯ᠎ᠠ ᠶᠢ ᠠᠰᠠᠭᠤᠵᠣ | ᠂ ᠳᠣᠰ ᠬᠤᠰᠢᠭᠤᠨ ᠤ ᠪᠠᠶᠠᠨ ᠳᠠᠮᠪᠠ ᠶᠢᠨ ᠦᠬᠢᠨ ᠶᠦᠮᠴᠢᠮᠠ ᠶᠢ ᠪᠡᠷᠢ ᠪᠣᠯᠭᠤᠨ ᠠᠪᠬᠤ ᠪᠠᠷ ᠳᠣᠭᠳᠠᠵᠣ᠂ ᠮᠢᠨᠣ | ᠡᠬᠡ ᠭᠡᠳᠣᠨ ᠬᠦᠮᠥᠨ ᠳᠠᠭᠠᠭᠤᠯᠣᠨ ᠴᠠᠬᠠᠷ ᠲᠤ ᠣᠴᠢᠵᠣ ᠠᠷᠪᠠᠨ ᠭᠡᠳᠣᠨ ᠦᠬᠡᠷ ᠬᠤᠳᠠᠯᠳᠣᠵᠣ᠂ ᠬᠤᠷᠢᠮ ᠤᠨ | ᠪᠡᠯᠡᠳᠬᠡᠯ ᠶᠠᠭᠤᠮ᠎ᠠ᠂ ᠠᠯᠳᠠ ᠮᠦᠩᠭᠦᠨ ᠳᠣᠯᠣᠭᠠᠢ ᠶᠢᠨ ᠵᠠᠰᠠᠯ ᠵᠢᠮᠰᠡᠭ᠂ ᠱᠢᠷᠦ ᠰᠣᠪᠣᠳ᠂ ᠳᠣᠷᠭᠠ ᠬᠤᠷᠭᠤᠢ | ᠵᠡᠷᠭᠡ ᠡᠳ᠋ᠯᠡᠯ ᠭᠡᠷᠡᠭᠰᠡᠯ ᠤᠨ ᠵᠦᠢᠯ ᠪᠡᠯᠡᠳᠬᠡᠵᠦ᠂ 1946 ᠣᠨ ᠤ ᠵᠣᠨ ᠬᠤᠷᠢᠮ ᠬᠢᠵᠡᠢ᠃ ᠲᠡᠷᠡ ᠦᠶ᠎ᠡ ᠶᠢᠨ | ᠬᠤᠷᠢᠮ ᠨᠢ ᠬᠠᠭᠤᠴᠢᠨ ᠮᠠᠶ᠋ᠢᠭ ᠤᠨ ᠶᠠᠷᠰᠢᠭ ᠲᠦᠪᠡᠭ ᠲᠠᠢ ᠬᠤᠷᠢᠮ ᠪᠠᠶᠢᠵᠣ᠂ ᠪᠢ ᠨᠠᠰᠣ ᠪᠠᠭ᠎ᠠ ᠪᠠᠶᠢᠭᠰᠠᠨ ᠳᠣᠯᠠ | ᠨᠠᠷᠢᠨ ᠶᠠᠪᠣᠴᠠ ᠶᠢ ᠪᠦᠷ ᠮᠠᠷᠳᠠᠴᠢᠬᠠᠵᠠᠢ᠃ ᠶᠡᠭᠡ ᠲᠦᠯᠦᠪ ᠡᠷᠡᠭᠳᠡᠢ ᠡᠮᠡᠭᠳᠠᠢ ᠬᠤᠶᠠᠷ ᠳᠠᠯ᠎ᠠ ᠶᠢ ᠬᠦᠷᠭᠡᠨ ᠳᠠᠯ᠎ᠠ | ᠬᠡᠣᠭᠡᠨ ᠳᠠᠯ᠎ᠠ ᠭᠡᠳᠡᠭ᠂ ᠬᠠᠮᠤᠭ ᠤᠨ ᠣᠷᠢᠳ ᠬᠦᠷᠭᠡᠨ ᠳᠠᠯ᠎ᠠ ᠠᠴᠠ ᠬᠠᠰᠢᠷ ᠳᠣᠮᠣᠭᠠᠳᠠᠢ ᠨᠣᠶᠠᠨ ᠲᠦᠰᠢᠮᠡᠳ ᠢ | ᠳᠣᠮᠢᠯᠠᠵᠣ᠂ ᠭᠡᠣᠭᠡᠨ ᠤ ᠭᠡᠷ ᠲᠤ ᠣᠴᠢᠵᠣ᠂ ᠭᠡᠣᠭᠡᠨ ᠭᠤᠶᠣᠬᠤ ᠬᠠᠳᠠᠭ ᠳᠠᠯᠪᠢᠵᠣ ᠰᠦᠢ ᠪᠡᠯᠡᠭ ᠬᠦᠷᠭᠡᠳᠡᠭ᠃ | ᠡᠭᠦᠨ ᠢ ᠪᠣᠯ ᠬᠠᠳᠠᠭ ᠳᠠᠯᠪᠢᠨ᠎ᠠ ᠭᠡᠳᠡᠭ᠃ ᠡᠬᠦᠨ ᠤ ᠳᠠᠷᠠᠭ᠎ᠠ᠂ ᠮᠠᠯ ᠮᠥᠩᠬᠦ ᠭᠡᠵᠣ ᠳᠠᠪᠣᠨ ᠬᠤᠰᠢᠭᠤ ᠮᠠᠯ ᠪᠠ | ᠳᠣᠷᠭᠠ ᠳᠣᠷᠳᠣᠩ ᠤᠨ ᠪᠡᠯᠡᠭ ᠪᠠᠷᠢᠳᠠᠭ᠃ ᠢᠩᠭᠢᠭᠡᠳ ᠯᠠᠮᠠᠨᠠᠷ ᠢᠶᠠᠷ ᠡᠳᠦᠷ ᠰᠣᠩᠭᠤᠭᠤᠯᠵᠣ᠂ ᠰᠢᠨ᠎ᠡ ᠬᠦᠷᠭᠡᠨ | ᠨᠣᠮᠣ ᠰᠠᠭᠠᠳᠠᠭ ᠠᠭᠰᠠᠵᠣ᠂ ᠬᠡᠯᠡᠮᠦᠷᠴᠢ ᠪᠠ ᠪᠣᠰᠣᠳ ᠭᠡᠳᠦᠨ ᠬᠦᠮᠥᠨ ᠢ ᠳᠠᠭᠠᠭᠤᠯᠵᠣ᠂ ᠬᠡᠣᠬᠡᠨ ᠤ ᠭᠡᠷ ᠲᠤ | ᠪᠡᠷᠢ ᠪᠠᠨ ᠠᠪᠬᠤ ᠪᠠᠷ ᠣᠴᠢᠳᠠᠭ᠃ ᠸᠠᠩ ᠨᠣᠶᠠᠳ ᠤᠨ ᠲᠦᠷᠢᠮ ᠳᠤ ᠬᠦᠷᠭᠡᠨ ᠢ ᠦᠭᠡᠷ᠎ᠡ ᠬᠦᠮᠥᠨ ᠢᠶᠠᠷ | ᠣᠷᠣᠯᠠᠭᠤᠯᠵᠣ ᠣᠴᠢᠭᠤᠯᠳᠠᠭ᠃ ᠬᠡᠣᠬᠡᠨ ᠤ ᠳᠠᠯ᠎ᠠ ᠠᠴᠠ ᠦᠪᠴᠢ ᠬᠡᠷᠡᠭᠰᠡᠯ ᠲᠠᠢ ᠮᠣᠩᠭᠤᠯ ᠭᠡᠷ᠂ ᠬᠤᠪᠴᠠᠰᠣ | ᠬᠤᠨᠠᠷ᠂ ᠳᠠᠪᠣᠨ ᠬᠤᠰᠢᠭᠤ ᠮᠠᠯ᠂ ᠳᠠᠭᠠᠭᠴᠢ ᠬᠡᠣᠬᠡᠨ ᠲᠠᠢ ᠢᠷᠡᠳᠡᠭ᠃ ᠬᠦᠷᠭᠡᠨ ᠨᠢ ᠬᠡᠣᠬᠡᠨ ᠤ ᠭᠡᠷ ᠲᠤ ᠢᠷᠡᠬᠦ | ᠳᠤ ᠡᠭᠦᠳᠡ ᠳᠠᠷᠣᠬᠤ ᠶᠣᠰᠣᠯᠠᠯ ᠬᠢᠵᠣ ᠭᠡᠷ ᠤᠨ ᠪᠠᠭᠠᠨ᠎ᠠ ᠪᠠᠷ ᠡᠭᠦᠳᠡ ᠪᠠᠨ ᠬᠦᠨᠳᠡᠯᠡᠨ ᠳᠠᠷᠣᠵᠣ᠂ ᠬᠤᠶᠠᠷ | ᠡᠳᠡᠭᠡᠳ ᠤᠨ ᠬᠡᠯᠡᠮᠦᠷᠴᠢ ᠬᠠᠷᠢᠯᠴᠠᠨ ᠮᠠᠷᠭᠤᠯᠳᠣᠵᠣ ᠶᠠᠷᠢᠯᠴᠠᠭᠰᠠᠨ ᠤ ᠳᠠᠷᠠᠭ᠎ᠠ ᠴᠠᠢ ᠢᠳᠡᠭᠡ ᠪᠢᠷᠢᠵᠣ ᠨᠠᠶᠢᠷ ᠬᠢᠵᠣ | ᠴᠣᠭᠤᠷ ᠲᠠᠢ ᠨᠠᠶᠢᠷ ᠤᠨ ᠳᠠᠭᠤᠣ ᠳᠣᠭᠤᠯᠠᠵᠣ ᠦᠩᠭᠡᠷᠡᠪᠡᠯ᠂ ᠭᠦᠷᠭᠡᠨ ᠨᠢ ︽ᠱᠠᠭ᠎ᠠ ᠮᠣᠯᠳᠣᠯᠠᠵᠣ︾ ᠪᠠᠷᠠᠪᠠᠯ᠂ | ᠬᠡᠣᠬᠡᠨ ᠢᠶᠠᠨ ᠮᠣᠷᠳᠠᠭᠤᠯᠵᠣ ᠬᠦᠷᠭᠡᠨ ᠤ ᠳᠤ ᠢᠷᠡᠭᠦ ᠳᠤ ᠬᠡᠣᠬᠡᠨ ᠢ ᠡᠮᠡᠭᠡᠯ ᠲᠠᠢ ᠨᠢ ᠮᠣᠷᠢᠨ ᠳᠡᠭᠡᠷ᠎ᠡ ᠠᠴᠠ ᠨᠢ | ᠡᠷᠭᠦᠨ ᠪᠠᠭᠤᠯᠭᠠᠭᠠᠳ ᠨᠢᠭᠤᠷ ᠢ ᠨᠢ ᠠᠯᠴᠢᠭᠤᠷ ᠢᠶᠠᠷ ᠪᠦᠳᠦᠭᠡᠵᠣ᠂ ᠬᠡᠯᠡᠮᠦᠷᠴᠢ ᠠᠴᠠ ᠢᠷᠦᠭᠡᠯ ᠮᠠᠭᠳᠠᠭᠠᠯ | ᠣᠩᠰᠢᠵᠣ ᠪᠠᠷᠠᠭᠰᠠᠨ ᠤ ᠬᠤᠶᠢᠨ᠎ᠠ ᠬᠡᠣᠬᠡᠨ ᠢ ᠬᠦᠷᠭᠡᠨ ᠤ ᠪᠣᠷᠬᠠᠨ ᠪᠠ ᠭᠠᠯ ᠳᠤᠨᠢ ᠮᠦᠷᠭᠦᠭᠦᠯᠵᠤ᠂ ᠡᠴᠢᠭᠡ ᠡᠬᠡ | ᠳᠤᠨᠢ ᠮᠦᠷᠭᠦᠭᠦᠯᠦᠭᠡᠳ ᠪᠦᠷᠬᠦᠭᠦᠯ ᠢ ᠠᠪᠳᠠᠭ᠃ ᠭᠡᠦᠬᠡᠨ ᠶᠢᠨ ᠬᠦᠷᠭᠡᠵᠣ ᠢᠷᠡᠭᠰᠡᠨ ᠬᠦᠮᠥᠰ ᠲᠤ ᠴᠠᠢ ᠢᠳᠡᠭᠡ | ᠪᠠᠷᠢᠵᠣ᠂ ᠬᠤᠶᠠᠷ ᠡᠳᠦᠷ ᠨᠠᠶᠢᠷᠠᠯᠠᠵᠠᠢ᠃ ᠬᠡᠣᠬᠡᠨ ᠳᠠᠯ᠎ᠠ ᠶᠢᠨ ᠬᠦᠮᠥᠰ ᠪᠣᠴᠠᠬᠤ ᠦᠶ᠎ᠡ ᠳᠤ ᠳᠡᠳᠡᠨ ᠳᠤ ᠪᠡᠯᠡᠭ | ᠰᠡᠯᠳᠠ ᠪᠠᠷᠢᠵᠣ ᠪᠣᠴᠠᠭᠠᠳᠠᠭ᠃ ᠬᠤᠷᠢᠮ ᠨᠢ ᠶᠡᠭᠡ ᠲᠦᠯᠥᠪ ᠦᠨᠳᠣᠰᠣᠨ ᠳᠡᠭᠡᠨ ᠳᠡᠭᠦᠰᠳᠡᠭ ᠶᠤᠮ᠃ ᠲᠡᠷᠡ ᠵᠢᠯ | ᠪᠢ ᠠᠷᠪᠠᠨ ᠵᠢᠷᠭᠤᠭᠠᠨ ᠨᠠᠰᠣᠳᠠᠢ᠂ ᠶᠦᠮᠴᠢᠮᠠ ᠠᠷᠪᠡᠨ ᠨᠢᠭᠡᠨ ᠨᠠᠰᠣᠳᠠᠢ ᠪᠠᠶᠢᠭᠰᠠᠨ ᠳᠣᠯᠠ ᠲᠡᠷᠡ ᠠᠪᠤ ᠡᠵᠢ᠂ | ᠠᠶᠢᠯ ᠭᠡᠷ ᠢᠶᠠᠨ ᠰᠠᠨᠠᠵᠣ ᠭᠤᠣᠯᠳᠠᠭᠤ ᠲᠦᠷᠭᠦᠮ ᠤᠨ ᠭᠡᠷ ᠲᠡᠭᠡᠨ ᠰᠠᠭᠤᠵᠣ ᠪᠠᠶᠢᠭᠰᠠᠨ ᠪᠣᠯᠬᠤᠷ ᠶᠡᠷᠦ ᠠᠴᠠ ᠡᠪ | ᠨᠠᠶᠢᠵᠠ ᠪᠠᠷ ᠪᠠᠷᠣᠭᠳᠠᠢ ᠪᠠᠶᠢᠵᠣ ᠬᠤᠵᠢᠮ ᠨᠢ 1949 ᠣᠨ ᠤ ᠦᠶ᠎ᠡ ᠪᠠᠷ ᠣᠷᠤᠭ ᠰᠠᠯᠣᠭᠰᠠᠨ ᠶᠤᠮ᠃ | 1946 — 1947 ᠣᠨ ᠤ ᠬᠤᠭᠤᠷᠣᠨᠳᠣ ᠠᠵᠢᠯᠯᠠᠬᠤ ᠳᠣᠭᠤᠶᠢᠯᠠᠩ ᠠᠴᠠ ᠨᠠᠮᠠᠢᠢ ᠣᠷᠢᠳ | ᠬᠤᠵᠢᠳ ᠬᠤᠶᠠᠷ ᠣᠳᠠᠭ᠎ᠠ ᠰᠣᠷᠣᠯᠴᠠᠭᠤᠯᠬᠤ ᠪᠠᠷ ᠱᠠᠭᠠᠷᠳᠠᠭᠰᠠᠨ ᠪᠣᠯᠪᠠᠴᠣ ᠪᠢ᠂ ᠨᠢᠭᠡ ᠳᠤ ᠭᠡᠷ ᠤᠨ ᠠᠮᠢᠳᠣᠷᠠᠯ | ᠠᠴᠠ ᠰᠠᠯᠵᠣ ᠬᠤᠯᠠ ᠶᠠᠪᠣᠬᠤ ᠳᠣᠷ᠎ᠠ ᠦᠭᠡᠢ᠃ ᠬᠤᠶᠠᠷ ᠲᠤ᠂ ᠲᠡᠷᠡ ᠦᠶ᠎ᠡ ᠳᠤ ᠬᠤᠳᠠᠯ ᠴᠣᠣᠷᠬᠠᠯ ᠳᠡᠯᠭᠡᠷᠡᠵᠣ᠂ | ᠳᠠᠶᠢᠨ ᠪᠠᠶᠢᠯᠳᠣᠭᠠᠨ᠂ ᠬᠤᠯᠠᠭᠠᠢ ᠳᠡᠭᠡᠷᠡᠮ ᠠᠷᠪᠢᠨ ᠪᠢᠭᠰᠡᠨ ᠳᠣᠯᠠ ᠳᠠᠶᠢᠨ ᠪᠠᠶᠢᠯᠳᠣᠭᠠᠨ ᠠᠴᠠ ᠠᠶᠣᠵᠣ ᠠᠷᠭ᠎ᠠ | ᠪᠠᠰᠢᠷ ᠬᠡᠯᠡᠭᠡᠳ ᠣᠴᠢᠭᠰᠠᠨ ᠦᠭᠡᠢ ᠪᠢᠯᠡ᠃ 1949 ᠣᠨ ᠬᠠᠪᠣᠷ᠂ ᠨᠠᠮᠠᠢᠢ ᠬᠤᠰᠢᠭᠤᠨ ᠤ ᠮᠠᠯᠴᠢᠳ | ᠤᠨ ᠬᠤᠷᠠᠯ ᠳᠤ ᠪᠠᠶᠢᠬᠤ ᠳᠤ ᠬᠠᠮᠪᠤ ᠯᠠᠮᠠ ᠬᠦᠵᠢᠭ ᠨᠢᠷᠪᠠ ᠢᠶᠠᠨ ᠶᠠᠪᠣᠭᠤᠯᠵᠣ᠂ ᠡᠵᠢ ᠶᠢᠨ ᠪᠡᠶ᠎ᠡ ᠮᠠᠭᠤ ᠭᠡᠵᠣ | ᠨᠠᠳᠠᠳᠣ ᠴᠢᠯᠥᠭᠡ ᠭᠤᠶᠣᠭᠠᠳ ᠭᠡᠷ ᠲᠡᠭᠡᠨ ᠬᠠᠷᠢᠵᠣ ᠢᠷᠡᠭᠰᠡᠨ ᠳᠤ ᠡᠵᠢ ᠡᠪᠡᠳᠴᠢᠯᠡᠭᠰᠡᠨ ᠪᠢᠰᠢ᠂ ᠬᠠᠷᠢᠨ ᠬᠠᠮᠪᠤ | ᠯᠠᠮᠠ ᠮᠠᠨ ᠤ ᠳᠤ ᠢᠷᠡᠭᠡᠳ᠄ ︽ᠣᠳᠣ ᠳᠡᠮᠡᠴᠡᠯ ᠤᠨ ᠬᠤᠷᠠᠯ ᠬᠢᠵᠣ᠂ ᠪᠢᠳᠠᠨ ᠢ ᠳᠡᠮᠡᠴᠡᠭᠦ ᠬᠡᠵᠣ ᠪᠠᠶᠢᠨ᠎ᠠ᠃ | ᠪᠢᠳᠠᠨ ᠳᠦᠷᠭᠡᠨ ᠵᠠᠶᠢᠯᠠᠬᠤ ᠬᠡᠷᠡᠭᠳᠠᠢ︾ ᠬᠡᠵᠣ ᠬᠡᠯᠡᠭᠡᠳ ᠲᠡᠷᠡ ᠣᠷᠣᠢ ᠳᠤ ᠪᠠᠨ ᠬᠠᠮᠪᠤ ᠯᠠᠮᠠ ᠡᠬᠡ ᠲᠠᠢ ᠪᠠᠨ᠂ ᠪᠢ | ᠡᠬᠡ ᠲᠠᠢ ᠪᠠᠨ᠂ ᠳᠠᠮᠴᠢ ᠯᠠᠮᠠ᠂ ᠰᠠᠬᠠᠯ ᠳᠠᠪᠬᠠᠢ᠂ ᠬᠦᠵᠢᠭ ᠨᠢᠷᠪᠠ᠂ ᠬᠦᠳᠤᠴᠢ ᠰᠠᠮᠪᠣᠣ ᠨᠠᠷ ᠢ ᠳᠠᠭᠠᠭᠤᠯᠣᠨ᠂ | ᠬᠤᠶᠠᠷ ᠳᠡᠮᠡᠭᠡ ᠠᠴᠢᠶᠠᠨ ᠬᠦᠰᠭᠡ ᠲᠠᠢ ᠬᠦᠮᠪᠦᠮ ᠬᠡᠶᠢᠳ ᠲᠤ ᠮᠦᠷᠭᠦᠭᠦ ᠨᠠᠷᠠ ᠪᠠᠷ ᠳᠡᠮᠡᠴᠡᠯ ᠤᠨ ᠶᠡᠭᠡ ᠬᠤᠷᠠᠯ | ᠠᠴᠠ ᠵᠠᠶᠢᠯᠠᠬᠤ ᠪᠠᠷ ᠨᠣᠳᠤᠭ ᠤᠨ ᠬᠤᠶᠢᠳᠣ ᠵᠠᠬ᠎ᠠ ᠳᠤ ᠬᠦᠷᠦᠭᠡᠳ ᠱᠠᠩᠵᠢ ᠶᠢ ᠳᠠᠭᠤᠳᠠᠭᠤᠯᠵᠣ ᠵᠠᠮ | ᠠᠰᠠᠭᠤᠭᠰᠠᠨ ᠳᠤ ᠳᠡᠳᠡ ᠪᠢᠳᠡᠨ ᠤ ᠶᠠᠪᠣᠬᠤ ᠶᠢ ᠵᠦᠪᠰᠢᠶᠡᠷᠡᠬᠦ ᠦᠭᠡᠢ᠂ ᠪᠢᠳᠠᠨ ᠢ ᠳᠠᠭᠠᠭᠤᠯᠣᠨ ᠬᠤᠰᠢᠭᠤᠨ ᠤ | ᠮᠠᠯᠴᠢᠳ ᠤᠨ ᠬᠤᠷᠠᠯ ᠳᠤ ᠭᠦᠷᠭᠡᠵᠣ ᠦᠭᠪᠡ᠃ ᠮᠠᠷᠭᠠᠰᠢ ᠨᠢ ᠪᠢᠳᠠᠨ ᠢ ᠠᠶᠢᠮᠠᠭ ᠤᠨ ᠵᠠᠰᠠᠭ ᠤᠨ ᠣᠷᠳᠣᠨ ᠤ | ᠳᠣᠳᠣᠭᠠᠳᠣ ᠶᠢ ᠬᠠᠮᠠᠭᠠᠯᠠᠬᠤ ᠬᠤᠷᠢᠶᠠᠨ ᠳᠤ ᠭᠦᠷᠭᠡᠵᠠᠢ᠃ ᠡᠨᠡ ᠦᠶ᠎ᠡ ᠳᠤ ᠮᠢᠨᠣ ᠪᠣᠳᠣᠯ ᠰᠠᠨᠠᠯ ᠳᠡᠭᠡᠷ᠎ᠡ᠄ ᠪᠢ | ᠪᠣᠯ ᠪᠡᠶᠢᠯᠡ ᠨᠣᠶᠠᠨ ᠤ ᠬᠡᠣᠭᠡᠳ ᠪᠦᠭᠡᠳ ᠪᠠᠰᠠ ᠨᠢᠭᠡᠨᠳᠡ ᠵᠢᠩᠰᠡ ᠵᠡᠷᠭᠡ ᠵᠠᠯᠭᠠᠮᠵᠢᠯᠠᠭᠰᠠᠨ ᠠᠴᠠ ᠭᠠᠳᠠᠨ᠎ᠠ ᠪᠠᠰᠠ | ᠳᠡᠮᠡᠴᠡᠯ ᠤᠨ ᠬᠤᠷᠠᠯ ᠠᠴᠠ ᠵᠠᠶᠢᠯᠠᠵᠣ ᠳᠣᠳᠠᠭᠠᠭᠰᠠᠨ ᠪᠣᠯᠬᠤᠷ᠂ ᠣᠳᠣ ᠴᠦ ᠳᠡᠮᠡᠴᠡᠯ ᠤᠨ ᠬᠤᠷᠠᠯ ᠳᠡᠭᠡᠷ᠎ᠡ | ᠴᠢᠷᠦᠭᠳᠡᠬᠦ ᠠᠴᠠ ᠭᠡᠯᠳᠣᠷᠢᠵᠣ ᠴᠢᠳᠠᠬᠤ ᠦᠭᠡᠢ ᠪᠣᠯᠵᠠᠢ ᠬᠡᠵᠣ ᠠᠶᠣᠵᠣ ᠪᠠᠶᠢᠭᠰᠠᠨ ᠶᠤᠮ᠃ ᠳᠣᠳᠣᠭᠠᠳᠣ ᠶᠢᠨ | ᠬᠤᠷᠢᠶ᠎ᠠ ᠪᠠᠳᠡᠨ ᠢ ᠳᠣᠰᠠᠭᠠᠷᠯᠠᠨ ᠰᠠᠭᠤᠯᠭᠠᠵᠣ᠂ ᠪᠠᠶᠢᠴᠠᠭᠠᠨ ᠠᠰᠠᠭᠤᠬᠤ ᠶᠢᠨ ᠬᠠᠮᠳᠣ᠂ ᠨᠠᠮ ᠤᠨ ᠲᠦᠷᠦ ᠶᠢᠨ | ᠪᠣᠳᠣᠯᠭ᠎ᠠ ᠶᠢ ᠣᠬᠠᠭᠤᠯᠣᠨ ᠳᠠᠶᠢᠯᠪᠣᠷᠢᠯᠠᠵᠣ ᠳᠡᠬᠢᠨ ᠳᠡᠪᠳᠡᠨ ᠰᠣᠷᠣᠯᠴᠠᠭᠤᠯᠵᠣ ᠵᠢᠯᠣᠭᠤᠳᠣᠭᠰᠠᠨ ᠠᠴᠠ ᠪᠢ | ᠠᠩᠬ᠎ᠠ ᠠᠯᠬᠤᠮ ᠤᠨ ᠵᠦᠪ ᠳᠠᠨᠢᠯᠳᠠ ᠲᠠᠢ ᠪᠣᠯᠣᠭᠰᠠᠨ ᠪᠣᠯᠪᠠᠴᠣ ᠪᠣᠳᠠᠳᠣ ᠠᠵᠢᠯ ᠬᠦᠳᠡᠯᠮᠣᠷᠢ ᠳᠤ ᠣᠷᠣᠯᠴᠠᠬᠤ | ᠶᠢᠨ ᠳᠣᠮᠳᠠ ᠴᠢᠳᠠᠬᠤ ᠦᠭᠡᠢ᠂ ᠶᠠᠳᠠᠷᠠᠵᠣ ᠵᠦᠳᠡᠷᠡᠭᠦ ᠵᠡᠷᠭᠡ ᠣᠯᠠᠨ ᠬᠦᠴᠢᠷᠳᠠᠯ ᠳᠣᠯᠭᠠᠷᠠᠵᠣ ᠪᠠᠶᠢᠵᠠᠢ᠃ | ᠵᠢᠱᠢᠶᠡᠯᠡᠪᠡᠯ᠄ ᠨᠠᠮᠣᠷ ᠡᠪᠡᠰᠣ ᠬᠠᠳᠣᠬᠤ ᠳᠤ ᠪᠢ ᠰᠠᠩᠳᠣᠣ ᠪᠠᠷᠢᠵᠣ ᠴᠢᠳᠠᠬᠤ ᠦᠭᠡᠢ ᠣᠯᠠᠨ ᠠᠴᠠ ᠬᠤᠵᠢᠭᠳᠠᠵᠣ᠂ | ᠡᠭᠦᠷᠭᠡ ᠪᠠᠨ ᠪᠡᠶᠡᠯᠡᠭᠦᠯᠵᠤ ᠴᠢᠳᠠᠬᠤ ᠦᠭᠡᠢ ᠵᠦᠳᠡᠷᠡᠵᠣ ᠪᠠᠶᠢᠭᠰᠠᠨ ᠵᠡᠷᠭᠡ ᠪᠣᠯᠣᠨ᠎ᠠ᠃ | ᠮᠢᠨᠣ ᠳᠡᠭᠡᠷ᠎ᠡ ᠳᠣᠷᠠᠳᠣᠭᠰᠠᠨ ᠪᠠᠭ᠎ᠠ ᠨᠠᠰᠣᠨ ᠤ ᠦᠶ᠎ᠡ ᠶᠢᠨ ᠪᠣᠷᠣᠭᠤ ᠠᠵᠢᠯᠯᠠᠭ᠎ᠠ ᠨᠢ ᠨᠢᠭᠡ ᠳᠤ᠂ ᠪᠢ | ᠦᠪᠡᠷ ᠶᠢᠨ ᠪᠡᠶ᠎ᠡ ᠪᠠᠷ ᠢᠶᠠᠨ ᠹᠧᠣᠳᠠᠯ ᠤᠨ ᠳᠡᠭᠡᠳᠣ ᠳᠠᠪᠬᠤᠷᠭᠠᠳᠠᠨ ᠮᠦᠨ ᠪᠦᠭᠡᠳ ᠣᠷᠴᠢᠨ ᠳᠣᠭᠤᠷᠢᠨ ᠤ | ᠨᠥᠯᠦᠭᠡ ᠶᠢ ᠣᠷᠳᠣ ᠬᠤᠭᠤᠴᠠᠭ᠎ᠠ ᠪᠠᠷ ᠭᠦᠷᠳᠡᠭᠰᠡᠨ᠂ ᠨᠦᠭᠦᠭᠡ ᠳᠠᠯ᠎ᠠ ᠪᠠᠷ ᠨᠠᠰᠣ ᠪᠠᠭ᠎ᠠ ᠪᠣᠯᠬᠤᠷ ᠣᠴᠢᠷ | ᠶᠠᠪᠣᠳᠠᠯ ᠢ ᠪᠡᠶ᠎ᠡ ᠪᠠᠨ ᠳᠠᠭᠠᠭᠠᠵᠣ ᠪᠣᠳᠣᠵᠣ ᠰᠡᠳᠭᠢᠬᠦ ᠴᠢᠳᠠᠪᠣᠷᠢ ᠮᠡᠭᠦᠰ ᠳᠣᠯᠠ ᠣᠷᠴᠢᠨ ᠳᠣᠭᠤᠷᠢᠨ ᠤ ᠭᠡᠭᠡᠨ | ᠯᠠᠮᠠ᠂ ᠭᠡᠷ ᠤᠨ ᠠᠬᠠᠮᠠᠳ ᠤᠨ ᠦᠭᠡ ᠶᠢ ᠰᠣᠬᠤᠷ ᠪᠠᠯᠠᠢ ᠪᠠᠷ ᠳᠠᠭᠠᠳᠠᠭ ᠪᠠᠶᠢᠭᠰᠠᠨ ᠠᠴᠠ ᠪᠣᠯᠣᠭᠰᠠᠨ ᠶᠤᠮ᠃ | ᠮᠥᠨ ᠣᠨ ᠤ ᠨᠠᠮᠣᠷ᠂ ᠬᠤᠰᠢᠭᠤᠨ ᠳᠠᠭᠠᠨ ᠪᠣᠴᠠᠵᠣ ᠢᠷᠡᠭᠡᠳ ᠣᠯᠠᠨ ᠲᠦᠮᠡᠨ ᠤ ᠬᠤᠷᠠᠯ ᠳᠡᠭᠡᠷ᠎ᠡ | ᠪᠠᠶᠢᠴᠠᠭᠠᠯᠳᠠ ᠬᠢᠵᠣ᠂ ᠮᠠᠯ ᠬᠦᠷᠦᠩᠭᠡ ᠶᠢᠨ ᠢᠶᠠᠨ ᠭᠤᠷᠪᠠᠨ ᠤ ᠬᠤᠶᠠᠷ ᠬᠤᠪᠢ ᠶᠢ ᠣᠯᠠᠨ ᠲᠦᠮᠡᠨ ᠳᠤ | ᠳᠣᠰᠢᠶᠠᠵᠣ᠂ ᠭᠡᠷ ᠲᠡᠭᠡᠨ ᠮᠠᠯ ᠮᠠᠯᠵᠢᠵᠣ ᠰᠠᠭᠤᠪᠠ᠃ | 1952 ᠣᠨ ᠤ ᠨᠠᠮᠣᠷ᠂ ᠰᠣᠮᠣᠨ ᠤ ᠵᠠᠰᠠᠭ ᠤᠨ ᠣᠷᠳᠣᠨ ᠼᠤ ᠨᠠᠮᠠᠢᠢ ᠠᠶᠢᠮᠠᠭ ᠤᠨ ᠺᠠᠳᠡᠷ ᠤᠨ | ᠰᠣᠷᠭᠠᠭᠤᠯᠢ ᠳᠤ ᠰᠣᠷᠣᠯᠴᠠᠭᠤᠯᠬᠤ ᠪᠠᠷ ᠶᠠᠪᠣᠭᠤᠯᠪᠠ᠃ ᠡᠨᠡ ᠨᠠᠮᠣᠷ᠂ ᠴᠠᠭ ᠤᠨ ᠪᠠᠶᠢᠳᠠᠯ ᠪᠠ ᠲᠦᠷᠦ ᠶᠢᠨ | ᠪᠣᠳᠣᠯᠭ᠎ᠠ ᠰᠣᠷᠣᠯᠴᠠᠬᠤ ᠠᠴᠠ ᠭᠠᠳᠠᠨ᠎ᠠ᠂ ᠪᠠᠭ᠎ᠠ ᠰᠠᠭ᠎ᠠ ᠠᠵᠢᠯ ᠬᠦᠳᠡᠯᠮᠦᠷᠢ ᠬᠢᠵᠣ ᠪᠠᠶᠢᠵᠣ᠂ ᠡᠪᠦᠯ ᠨᠢ ᠵᠢᠩᠬᠢᠨᠢ | ᠪᠠᠷ ᠰᠣᠷᠭᠠᠭᠤᠯᠢ ᠡᠬᠢᠯᠡᠵᠣ᠂ ᠣᠯᠣᠰ ᠲᠦᠷᠦ᠂ ᠳᠡᠣᠬᠡ᠂ ᠰᠣᠶᠣᠯ ᠤᠨ ᠬᠢᠴᠢᠶᠠᠯ ᠵᠡᠷᠭᠡ ᠶᠢ ᠰᠣᠷᠣᠯᠴᠠᠪᠠ᠃ | ᠰᠣᠷᠭᠠᠭᠴᠢ ᠨᠢ᠄ ᠵᠠᠯᠹᠦᠨ᠂ ᠵᠢᠭᠵᠢ᠂ ᠪᠠᠯᠳᠠᠰᠦ᠋ᠬᠡ᠂ ᠳᠣᠷᠵᠢ ᠨᠠᠷ ᠪᠠᠶᠢᠵᠠᠢ᠃ 1953 ᠣᠨ ᠤ ᠵᠣᠨ᠂ ᠮᠠᠨ ᠤ | ᠷᠠᠳᠡᠷ ᠤᠨ ᠰᠣᠷᠭᠠᠭᠤᠯᠢ ᠶᠢᠨ ᠶᠡᠬᠡᠩᠬᠢ ᠰᠣᠷᠣᠭᠴᠢᠳ ᠢ ᠠᠶᠢᠮᠠᠭ ᠤᠨ ᠵᠠᠰᠠᠭ ᠤᠨ ᠣᠷᠳᠣᠨ ᠠᠴᠠ ᠨᠡᠶᠢᠳᠡ ᠶᠢᠨ | ᠰᠣᠩᠭᠤᠭᠤᠯᠢ ᠶᠢᠨ ᠠᠵᠢᠯᠯᠠᠬᠤ ᠪᠦᠯᠬᠦᠮ ᠳᠤ ᠣᠷᠣᠯᠴᠠᠭᠤᠯᠵᠣ᠂ ᠡᠯ᠎ᠡ ᠬᠤᠰᠢᠭᠤᠨ ᠳᠤ ᠪᠠᠭᠤᠵᠣ | ᠠᠵᠢᠯᠯᠠᠭᠤᠯᠣᠭᠰᠠᠨ ᠶᠤᠮ᠃ ᠪᠢ ᠵᠡᠭᠦᠨ ᠬᠤᠯᠪᠣᠭᠠᠳᠣ ᠬᠤᠰᠢᠭᠠᠨ ᠳᠤ ᠠᠵᠢᠯᠯᠠᠬᠤ ᠪᠠᠷ ᠬᠤᠪᠢᠶᠠᠭᠳᠠᠵᠣ᠂ | ᠬᠤᠰᠢᠭᠤᠨ ᠠᠴᠠ ᠭᠤᠷᠪᠠᠳᠣᠭᠠᠷ ᠰᠣᠮᠣᠨ ᠳᠤ ︵ᠬᠠᠭᠠᠯᠭ᠎ᠠ ᠰᠦᠮ᠎ᠡ︶ ᠳᠤ ᠪᠠᠭᠤᠵᠣ ᠨᠡᠶᠢᠭᠡᠮ ᠤᠨ ᠪᠠᠶᠢᠴᠠᠭᠠᠯᠳᠡ᠂ | ᠨᠡᠶᠢᠳᠡ ᠶᠢᠨ ᠰᠣᠩᠭᠤᠭᠤᠯᠢ ᠶᠢᠨ ᠳᠣᠬᠠᠢ ᠰᠣᠷᠳᠠᠯ ᠣᠬᠠᠭᠤᠯᠭ᠎ᠠ ᠶᠢᠨ ᠠᠵᠢᠯ ᠢ ᠬᠠᠮᠳᠣᠷᠠᠭᠤᠯᠣᠨ ᠠᠶᠢᠯ ᠡᠷᠦᠬᠡ᠂ | ᠬᠤᠳᠠ ᠰᠦᠷᠦᠭ ᠳᠠᠷᠠᠭᠠᠯᠠᠨ ᠬᠢᠵᠣ᠂ ᠰᠣᠮᠣᠨ ᠤ ᠠᠷᠠᠳ ᠤᠨ ᠲᠦᠯᠦᠭᠡᠯᠡᠭᠴᠢᠳ ᠶᠢᠨ ᠵᠢᠱᠢᠭᠰᠡᠳ ᠤᠨ ᠨᠠᠷᠠᠰ ᠢ | ᠶᠠᠷᠢᠯᠴᠠᠭᠤᠯᠵᠣ᠂ ᠲᠦᠯᠦᠭᠡᠯᠡᠭᠴᠢ ᠪᠠᠨ ᠰᠣᠩᠭᠤᠵᠣ ᠰᠣᠮᠣᠨ ᠤ ᠠᠷᠡᠳ ᠤᠨ ᠲᠦᠯᠥᠭᠡᠯᠡᠭᠴᠢᠳ ᠤᠨ ᠬᠤᠷᠠᠯ ᠬᠢᠵᠣ | ᠰᠣᠮᠣᠨ ᠤ ᠵᠠᠰᠠᠭ ᠤᠨ ᠣᠷᠳᠣᠨ ᠢ ᠰᠣᠩᠭᠤᠬᠤ ᠠᠵᠢᠯ ᠳᠤ ᠣᠷᠣᠯᠴᠠᠭᠰᠠᠨ ᠪᠠᠶᠢᠨ᠎ᠠ᠃ ᠰᠣᠮᠣᠨ ᠤ ᠨᠡᠶᠢᠳᠡ ᠶᠢᠨ | ᠰᠣᠩᠭᠤᠭᠤᠯᠢ ᠶᠢᠨ ᠠᠵᠢᠯ ᠳᠡᠭᠦᠰᠦᠭᠰᠡᠨ ᠤ ᠳᠠᠷᠠᠭ᠎ᠠ ᠠᠵᠢᠯᠯᠠᠬᠤ ᠳᠣᠭᠤᠶᠢᠯᠠᠩ ᠬᠤᠰᠢᠭᠤᠨ ᠳᠤ ᠪᠣᠴᠠᠵᠣ᠂ ᠮᠠᠨ ᠤ | ᠰᠣᠷᠣᠭᠴᠢᠳ ᠤᠨ ᠶᠡᠬᠡᠩᠭᠢ ᠶᠢ ᠠᠶᠢᠮᠠᠭ ᠲᠤ ᠪᠣᠴᠠᠭᠠᠵᠣ᠂ ᠪᠢᠳᠠ ᠠᠷᠪᠠᠨ ᠰᠣᠷᠣᠭᠴᠢ ᠶᠢ ᠦᠯᠡᠳᠡᠭᠡᠵᠣ᠂ | ᠬᠤᠰᠢᠭᠤᠨ ᠤ ᠨᠡᠶᠢᠳᠡ ᠶᠢᠨ ᠰᠣᠩᠭᠤᠭᠤᠯᠢ ᠶᠢᠨ ᠠᠵᠢᠯ ᠪᠠ ᠨᠡᠶᠢᠭᠡᠮ ᠤᠨ ᠪᠠᠶᠢᠴᠠᠭᠠᠯᠳᠠ ᠶᠢᠨ ᠳ᠋ᠦᠩᠨᠡᠯᠳᠡ ᠶᠢᠨ | ᠠᠵᠢᠯ ᠢ ᠬᠠᠪᠰᠣᠷᠣᠭᠤᠯᠵᠣ᠂ ᠠᠷᠪᠡᠨ ᠨᠢᠭᠡᠨ ᠰᠠᠷ᠎ᠠ ᠶᠢᠨ ᠦᠶ᠎ᠡ ᠪᠠᠷ ᠰᠣᠷᠭᠤᠭᠤᠯᠢ ᠳᠤ ᠪᠣᠴᠠᠵᠣ᠂ ᠬᠤᠶᠠᠷ | ᠭᠤᠷᠪᠠᠨ ᠰᠠᠷ᠎ᠠ ᠶᠢᠨ ᠰᠣᠷᠣᠯᠴᠠᠯᠭ᠎ᠠ ᠪᠠ ᠬᠢᠨᠡᠨ ᠳᠣᠭᠳᠠᠭᠠᠯ ᠭᠡᠵᠠᠢ᠃ ᠪᠢ ᠡᠨᠡ ᠣᠳᠠᠭ᠎ᠠ ᠶᠢᠨ ᠬᠤᠶᠠᠷ ᠵᠢᠯ | ᠰᠢᠬᠠᠮ ᠤᠨ ᠣᠨᠣᠯ ᠤᠨ ᠰᠣᠷᠣᠯᠴᠠᠯᠭ᠎ᠠ ᠶᠢ ᠳᠡᠮᠵᠢᠵᠣ᠂ ᠦᠵᠡᠯ ᠰᠠᠨᠠᠭᠠᠨ ᠤ ᠳᠠᠯᠠᠪᠠᠷ ᠮᠥᠯᠵᠢᠭᠴᠢ ᠠᠩᠬᠢ ᠶᠢᠨ | ᠭᠡᠷ ᠤᠨ ᠭᠠᠷᠣᠯ ᠲᠠᠢ ᠵᠠᠭᠠᠭ ᠢᠶᠠᠨ ᠢᠯᠭᠠᠵᠣ ᠬᠤᠪᠢᠰᠬᠠᠯ ᠤᠨ ᠦᠢᠯᠡᠰ ᠲᠤ ᠵᠢᠳᠬᠦᠬᠦ ᠪᠠᠷ ᠵᠣᠷᠢᠭ ᠰᠢᠭᠤᠳᠴᠠᠢ᠃ | | 1954 ᠣᠨ ᠤ ᠨᠢᠭᠡ ᠰᠠᠷ᠎ᠠ ᠳᠤ ᠮᠠᠨ ᠤ ᠰᠣᠷᠭᠠᠭᠤᠯᠢ ᠶᠢᠨ ᠡᠨᠡ ᠬᠤᠭᠤᠴᠠᠭᠠᠨ ᠤ ᠨᠢᠭᠡ ᠭᠡᠰᠡᠭ | ᠰᠣᠷᠣᠭᠴᠢᠳ ᠰᠣᠷᠣᠯᠴᠠᠬᠤ ᠡᠭᠦᠷᠭᠡ ᠪᠠᠨ ᠠᠮᠵᠢᠯᠳᠠ ᠲᠠᠢ ᠪᠠᠷ ᠪᠡᠶᠡᠯᠡᠭᠦᠯᠵᠣ᠂ ᠰᠣᠷᠭᠠᠭᠤᠯᠢ ᠳᠡᠭᠦᠰᠭᠦ ᠶᠣᠰᠣᠯᠠᠯ | ᠶᠠᠪᠣᠭᠤᠯᠵᠣ ᠠᠵᠢᠯ ᠬᠤᠪᠢᠶᠠᠭᠰᠠᠨ ᠶᠤᠮ᠃ ᠪᠢᠳᠡ ᠠᠷᠪᠡᠨ ᠬᠦᠮᠥᠨ ᠢ ᠠᠶᠢᠮᠠᠭ ᠤᠨ ᠠᠷᠠᠯᠵᠢᠶᠠᠨ ᠤ ᠺᠣᠮᠫᠠᠨᠢ ︵ | ᠬᠦᠩᠰᠧ︶ ᠳᠤ ᠬᠤᠪᠢᠶᠠᠵᠤ᠂ ᠪᠢ ᠳᠡᠯᠭᠡᠭᠦᠷ ᠤᠨ ᠬᠤᠯᠢᠰᠢᠨ ᠢᠳᠡᠭᠡᠨ ᠤ ᠳᠣᠭᠤᠶᠢᠯᠠᠩ ᠳᠤ ᠠᠵᠢᠯᠯᠠᠵᠣ ᠪᠠᠶᠢᠵᠠᠢ᠃ | ᠲᠡᠷᠡ ᠦᠶ᠎ᠡ ᠶᠢᠨ ᠠᠷᠠᠯᠵᠢᠶᠠᠨ ᠤ ᠪᠠᠶᠢᠭᠤᠯᠭ᠎ᠠ ᠶᠢᠨ ᠠᠵᠢᠯᠴᠢᠨ᠂ ᠠᠵᠢᠯᠳᠠᠨ ᠶᠡᠬᠡᠩᠬᠢ ᠨᠢ ᠴᠦᠮ ᠬᠢᠳᠠᠳ | ᠨᠦᠬᠦᠳ ᠪᠦᠭᠡᠳ ᠠᠯᠢᠪᠠ ᠳᠠᠩᠰᠠ ᠡᠪᠬᠡᠮᠡᠯ᠂ ᠢᠯᠡᠳᠭᠡᠯ ᠬᠦᠰᠦᠨᠦᠭᠳᠣ᠂ ᠪᠢᠴᠢᠭ ᠮᠠᠲ᠋ᠧᠷᠢᠶᠠᠯ ᠴᠦᠮ ᠬᠢᠳᠠᠳ | ᠦᠰᠦᠭ ᠪᠢᠴᠢᠭ ᠢᠶᠠᠷ ᠪᠢᠴᠢᠬᠦ ᠪᠣᠶᠣ ᠳᠡᠮᠳᠡᠭᠯᠡᠵᠣ ᠪᠠᠶᠢᠭᠰᠠᠨ ᠶᠤᠮ᠃ ᠭᠡᠳᠡᠯ᠎ᠡ ᠪᠢ ᠭᠢᠳᠡᠳ ᠬᠡᠯᠡ ᠪᠢᠴᠢᠭ ᠮᠠᠳᠡᠬᠦ | ᠦᠭᠡᠢ᠂ ᠨᠢᠳᠣ ᠪᠠᠶᠢᠭᠠᠳ ᠰᠣᠬᠤᠷ᠂ ᠴᠢᠬᠢ ᠪᠠᠶᠢᠭᠠᠳ ᠲᠦᠯᠡᠢ ᠰᠢᠭ ᠬᠦᠴᠢᠷᠳᠡᠵᠣ ᠪᠠᠶᠢᠭᠰᠠᠨ ᠳᠣᠯᠠ ᠡᠨᠡ ᠠᠵᠢᠯ | ᠢ ᠬᠢᠵᠤ ᠴᠢᠳᠠᠬᠤ ᠦᠭᠡᠢ ᠭᠡᠰᠡᠨ ᠲᠦᠷᠦᠭᠳᠠᠯ ᠣᠷᠣᠵᠣ ᠪᠠᠶᠢᠭᠰᠠᠨ ᠶᠤᠮ᠃ ᠭᠡᠪᠡᠴᠣ ᠪᠢ ᠬᠤᠪᠢᠰᠬᠠᠯ ᠤᠨ ᠣᠨᠣᠯ | ᠢ ᠰᠣᠷᠣᠯᠴᠠᠵᠣ ᠬᠤᠶᠢᠰᠢᠳᠠ ᠶᠢᠨ ᠠᠵᠢᠯ ᠳᠠᠭᠠᠨ ᠨᠠᠮ ᠪᠠ ᠵᠣᠬᠢᠶᠠᠨ ᠪᠠᠶᠢᠭᠤᠯᠣᠯᠳᠠ ᠶᠢᠨ ᠠᠵᠢᠯ ᠤᠨ | ᠬᠤᠪᠢᠶᠠᠷᠠᠯᠠᠯᠳᠠ ᠶᠢ ᠳᠠᠭᠤᠵᠣ᠂ ᠠᠯᠢᠪᠠ ᠬᠦᠴᠢᠷ ᠪᠡᠷᠬᠡᠰᠢᠶᠠᠯ ᠢ ᠢᠯᠠᠨ ᠳᠠᠪᠠᠵᠣ ᠠᠷᠠᠳ ᠲᠦᠮᠡᠨ ᠤ ᠲᠦᠯᠥᠭᠡ | ᠵᠢᠳᠬᠦᠨ᠎ᠠ ᠬᠡᠵᠣ ᠢᠯᠡᠳᠭᠡᠭᠰᠡᠨ ᠢᠶᠠᠨ ᠡᠷᠭᠢᠴᠡᠭᠦᠯᠥᠨ ᠪᠣᠳᠣᠵᠣ ᠦᠵᠡᠭᠡᠳ ᠨᠢᠳᠣᠨ ᠡᠮᠣᠨᠡᠬᠢ ᠬᠢᠳᠡᠳ ᠬᠡᠯᠡ ᠪᠢᠴᠢᠭ | ᠮᠡᠳᠡᠭᠦ ᠦᠭᠡᠢ ᠬᠦᠴᠢᠷᠳᠠᠯ ᠢ ᠢᠯᠠᠨ ᠳᠠᠪᠠᠭ᠋ᠣ ᠪᠠᠷ ᠡᠷᠡᠰ ᠳᠠᠰᠣᠷᠬᠠᠢ ᠵᠣᠷᠢᠭ ᠰᠢᠭᠤᠳᠴᠣ᠂ ᠠᠵᠢᠯ ᠤᠨ ᠳᠣᠮᠳᠠ | ᠨᠢᠭᠡ ᠳᠠᠯ᠎ᠠ ᠪᠠᠷ ᠬᠢᠳᠡᠳ ᠨᠦᠬᠦᠳ ᠢ ᠲᠠᠭᠠᠨ ᠰᠣᠷᠴᠤ᠂ ᠨᠦᠬᠦᠭᠡ ᠳᠠᠯ᠎ᠠ ᠪᠠᠷ ᠴᠢᠯᠥᠭᠡ ᠴᠠᠭ ᠢ ᠠᠰᠢᠭᠯᠠᠵᠣ᠂ | ᠳᠣᠰᠬᠠᠢ ᠠᠵᠢᠯ ᠤᠨ ᠮᠡᠳᠡᠯᠭᠡ ᠪᠠ ᠬᠢᠳᠠᠳ ᠬᠡᠯᠡ ᠪᠢᠴᠢᠭ ᠢ ᠴᠢᠷᠮᠠᠶᠢᠨ ᠰᠣᠷᠣᠯᠴᠠᠭᠰᠠᠨ ᠠᠴᠠ ᠣᠬᠤᠷ | ᠬᠤᠭᠤᠴᠠᠭᠠᠨ ᠳᠤ ᠳᠣᠰ ᠳᠣᠭᠤᠶᠢᠯᠠᠩ ᠤᠨ ᠳᠠᠸᠠᠷ ᠤᠨ ᠨᠠᠷᠠᠰ ᠢ ᠭᠢᠳᠡᠳ ᠦᠰᠦᠭ ᠢᠶᠠᠷ ᠪᠢᠴᠢᠵᠣ᠂ ᠬᠢᠳᠡᠳ | ᠬᠡᠯᠡ ᠪᠠᠷ ᠠᠷᠠᠯᠵᠢᠶ᠎ᠠ ᠬᠢᠵᠣ ᠴᠢᠳᠠᠬᠤ ᠪᠣᠯᠵᠣ ᠠᠩᠬ᠎ᠠ ᠠᠯᠬᠤᠮ ᠤᠨ ᠳᠣᠰᠬᠠᠢ ᠠᠵᠢᠯ ᠤᠨ ᠮᠡᠳᠡᠯᠭᠡ ᠶᠢ ᠡᠵᠡᠮᠰᠢᠵᠣ | ᠦᠨᠳᠣᠰᠣᠨ ᠳᠡᠭᠡᠨ ᠪᠡᠶ᠎ᠡ ᠪᠠᠨ ᠳᠠᠭᠠᠭᠠᠨ ᠠᠵᠢᠯᠯᠠᠵᠣ ᠴᠢᠳᠠᠬᠤ ᠪᠣᠯᠵᠠᠢ᠃ | 1956 ᠣᠨ ᠤ ᠨᠢᠭᠡ ᠰᠠᠷ᠎ᠠ ᠪᠣᠯᠬᠤ ᠳᠤ ᠬᠦᠩᠰᠧ ᠶᠢᠨ ᠣᠳᠣᠷᠢᠳᠣᠯᠭ᠎ᠠ ᠠᠴᠠ᠄ ︽ᠵᠢᠨᠢᠩ ᠡᠷᠢᠶᠡᠨ | ᠤ ᠳᠡᠮᠣᠷ ᠵᠠᠮ ᠨᠠᠪᠳᠠᠷᠠᠵᠣ᠂ ᠡᠷᠢᠶᠡᠨ ᠳᠤ ᠬᠤᠳᠠᠯᠳᠣᠭᠠᠨ ᠤ ᠵᠣᠭᠢᠶᠠᠠ ᠪᠠᠶᠢᠭᠤᠯᠣᠯᠳᠠ ᠦᠭᠡᠢ ᠳᠣᠯᠠ ᠰᠦᠩ ᠶᠠ | ᠵᠦᠨ ︵ᠬᠢᠳᠡᠳ ᠦᠨᠳᠣᠰᠣᠳᠠᠨ᠂ ᠣᠳᠣ ᠵᠡᠭᠦᠨ ᠰᠦᠨᠢᠳ ᠲᠤ ᠪᠠᠶᠢᠨ᠎ᠠ︶ ᠲᠠ ᠬᠤᠶᠠᠷ ᠢ ᠡᠷᠢᠶᠡᠨ ᠳᠤ | ᠣᠴᠢᠭᠤᠯᠵᠣ ᠠᠷᠠᠯᠵᠢᠶᠠᠨ ᠤ ᠳᠣᠭᠤᠶᠢᠯᠠᠩ ᠪᠠᠶᠢᠭᠤᠯᠣᠨ᠎ᠠ᠃ ᠳᠡᠨᠳᠡᠬᠢ ᠶᠢᠨ ᠪᠠᠶᠢᠳᠠᠯ ᠪᠣᠯ ᠭᠡᠷ ᠪᠠᠶᠢᠰᠢᠩ ᠦᠭᠡᠢ | ᠪᠡᠯᠡᠳᠬᠡᠯ ᠤᠨ ᠳᠠᠯ᠎ᠠ ᠪᠠᠷ ᠬᠦᠴᠢᠷ ᠲᠠᠢ ᠪᠠᠶᠢᠬᠤ ᠳᠣᠯᠠ ᠲᠠ ᠬᠤᠶᠠᠷ ᠠᠷᠭ᠎ᠠ ᠬᠡᠮᠵᠢᠶ᠎ᠡ ᠠᠪᠴᠣ᠂ ᠬᠦᠴᠢᠷ | ᠪᠡᠷᠬᠡᠰᠢᠶᠠᠯ ᠢ ᠳᠡᠰᠪᠦᠷᠢᠯᠡᠵᠣ᠂ ᠲᠡᠮᠦᠷ ᠵᠠᠮ ᠤᠨ ᠠᠵᠢᠯᠴᠢᠨ ᠤ ᠡᠳᠦᠷ ᠳᠣᠳᠣᠮ ᠤᠨ ᠠᠮᠢᠳᠣᠷᠠᠯ᠂ ᠦᠢᠯᠡᠳᠪᠦᠷᠢᠯᠡᠯ | ᠤᠨ ᠪᠠᠭᠠᠵᠢ ᠭᠡᠷᠡᠭᠰᠡᠯ ᠢ ᠬᠠᠩᠭᠠᠬᠤ ᠠᠵᠢᠯ ᠢ ᠰᠠᠶᠢᠳᠣᠷ ᠬᠢᠬᠦ ᠭᠡᠷᠡᠭᠳᠡᠢ︾ ᠬᠡᠵᠠᠢ᠃ ᠪᠢᠳᠠ ᠬᠤᠶᠠᠷ ᠰᠠᠶᠢᠬᠠᠨᠳᠠᠯ᠎ᠠ | ᠳᠠᠮᠵᠢᠵᠣ ᠡᠷᠢᠶᠡᠨ ᠳᠤ ᠭᠦᠷᠦᠭᠡᠳ᠂ ᠲᠡᠮᠣᠷ ᠵᠠᠮ ᠤᠨ ᠪᠠᠭ᠎ᠠ ᠰᠣᠷᠭᠠᠭᠤᠯᠢ ᠶᠢᠨ ᠬᠢᠴᠢᠶᠠᠯ ᠤᠨ ᠭᠡᠷ ᠢ ᠲᠦᠷ | ᠵᠢᠭᠡᠯᠡᠵᠣ ᠠᠷᠠᠯᠵᠢᠶ᠎ᠠ ᠪᠠᠨ ᠡᠬᠢᠯᠡᠪᠡ᠃ ᠪᠢᠳᠠ ᠬᠤᠶᠠᠷ ᠰᠠᠭᠤᠬᠤ ᠭᠡᠷ ᠦᠭᠡᠢ ᠳᠡᠯᠭᠡᠭᠦᠷ ᠲᠤ ᠪᠠᠨ ᠣᠨᠳᠠᠵᠣ | ᠪᠠᠶᠢᠵᠠᠢ᠃ ᠰᠣᠷᠭᠠᠭᠤᠯᠢ ᠡᠬᠢᠯᠡᠵᠣ ᠪᠠᠶᠢᠰᠢᠩ ᠢᠶᠠᠨ ᠡᠭᠡᠭᠦᠯᠥᠨ ᠠᠪᠬᠤ ᠪᠣᠯᠣᠭᠰᠠᠨ ᠳᠣᠯᠠ ᠪᠢᠳᠠ ᠴᠢᠭᠢᠷᠠᠰᠣᠨ | ᠫᠧᠩ ᠳᠤ ᠠᠷᠠᠯᠵᠢᠶ᠎ᠠ ᠪᠠᠨ ᠬᠢᠵᠣ ᠪᠠᠶᠢᠵᠠᠢ᠃ ᠡᠨᠡ ᠦᠶ᠎ᠡ ᠳᠤ ᠰᠦᠩ ᠶᠠ ᠵᠦᠨ ᠰᠢᠯᠵᠢᠵᠣ᠂ ᠣᠷᠣᠨ ᠲᠤᠨᠢ ᠵᠧᠩ | ᠬᠦᠸᠧ ᠿᠧᠨ ᠨᠦᠬᠦᠷ ︵ᠬᠢᠳᠡᠳ ᠦᠨᠳᠣᠰᠣᠳᠠᠨ ᠣᠳᠣ ᠡᠷᠢᠶᠡᠨ ᠳᠤ ᠪᠠᠶᠢᠨ᠎ᠠ︶ ᠢᠷᠡᠵᠣ ᠪᠠᠰᠠ ᠨᠢᠭᠡ ᠮᠠᠨᠠᠭᠠᠨ ᠤ | ᠬᠦᠮᠥᠨ ᠨᠡᠮᠡᠭᠳᠡᠵᠣ ᠭᠤᠷᠪᠠᠭᠤᠯᠠ ᠪᠣᠯᠵᠠᠢ᠃ ᠡᠷᠢᠶᠡᠨ ᠪᠣᠯ ᠣᠯᠣᠰ ᠤᠨ ᠬᠤᠭᠤᠷᠣᠨᠳᠡᠭᠢ ᠵᠠᠮ ᠨᠡᠪᠳᠡᠷᠡᠯᠬᠡ ᠶᠢᠨ | ᠴᠢᠬᠤᠯᠠ ᠪᠣᠭᠤᠮᠳᠠ ᠳᠣᠯᠠ ᠣᠯᠣᠰ ᠤᠨ ᠬᠤᠭᠤᠷᠣᠨᠳᠡᠬᠢ ᠰᠢᠣᠳᠠᠨ ᠬᠤᠯᠪᠣᠭᠠᠴᠢᠨ᠂ ᠭᠠᠳᠠᠭᠠᠳᠣ ᠶᠢᠨ | ᠮᠡᠷᠭᠡᠵᠢᠯᠳᠡᠨ᠂ ᠠᠶᠠᠨᠴᠢᠨ᠂ ᠵᠦᠪᠯᠡᠯᠳᠣ ᠮᠣᠩᠭᠤᠯ ᠤᠨ ᠳᠡᠮᠥᠷ ᠵᠠᠮ᠂ ᠰᠢᠣᠳᠡᠨ ᠬᠤᠯᠪᠣᠭᠠᠨ ᠤ ᠠᠵᠢᠯᠴᠢᠨ᠂ | ᠠᠵᠢᠯᠳᠠᠨ ᠡᠳᠦᠷ ᠪᠦᠷᠢ ᠶᠠᠪᠣᠯᠴᠠᠵᠣ ᠪᠠᠶᠢᠳᠠᠭ ᠪᠣᠯᠬᠤᠷ ᠭᠠᠳᠠᠭᠠᠳᠣ ᠲᠠᠢ ᠡᠳᠦᠷ ᠳᠣᠳᠣᠮ ᠬᠠᠷᠢᠯᠴᠠᠳᠠᠭ ᠳᠡᠯᠭᠡᠭᠦᠷ | ᠤᠨ ᠬᠤᠳᠠᠯᠳᠣᠭᠴᠢ᠂ ᠰᠢᠣᠳᠡᠨ ᠬᠤᠯᠪᠣᠭ᠎ᠠ᠂ ᠲᠡᠮᠦᠷ ᠵᠠᠮ ᠤᠨ ᠦᠢᠯᠡᠴᠢᠯᠡᠭᠴᠢᠳ ᠤᠨ ᠵᠠᠩ ᠣᠪᠣᠷ᠂ ᠦᠭᠡ | ᠶᠡᠷᠢᠶ᠎ᠡ᠂ ᠦᠢᠯᠡᠴᠢᠯᠡᠬᠦ ᠴᠢᠨᠠᠷ ᠤᠨ ᠰᠠᠶᠢᠨ ᠪᠠ ᠮᠠᠭᠤ ᠨᠢ ᠣᠯᠣᠰ ᠣᠷᠣᠨ ᠤ ᠪᠠᠨ ᠨᠡᠷ᠎ᠡ ᠬᠦᠨᠳᠣ ᠳᠤ ᠰᠢᠭᠤᠳ | ᠨᠢᠯᠦᠬᠡ ᠪᠣᠯᠳᠠᠭ ᠳᠣᠯᠠ ᠣᠳᠣᠷᠢᠳᠣᠯᠭ᠎ᠠ ᠠᠴᠠ᠄ ︽ᠳᠠᠨ ᠨᠠᠷ ᠤᠨ ᠦᠬᠡ ᠶᠠᠷᠢᠶ᠎ᠡ ᠦᠢᠯᠡ ᠬᠦᠳᠡᠯᠥᠯ ᠣᠯᠣᠰ | ᠣᠷᠣᠨ ᠤ ᠨᠡᠷ᠎ᠡ ᠬᠦᠨᠳᠣ ᠶᠢ ᠲᠦᠯᠥᠭᠡᠯᠡᠵᠣ ᠪᠠᠶᠢᠬᠤ ᠴᠢᠬᠤᠯᠠ ᠠᠭᠤᠯᠭ᠎ᠠ ᠲᠠᠢ ᠳᠣᠯᠠ ᠦᠢᠯᠡᠴᠢᠯᠡᠭᠦ ᠣᠪᠣᠷ ᠪᠠ | ᠴᠢᠨᠠᠷ ᠢᠶᠠᠨ ᠳᠠᠰᠣᠷᠠᠯ ᠦᠭᠡᠢ ᠳᠡᠭᠡᠭᠰᠢᠯᠡᠬᠦᠯᠵᠣ᠂ ᠵᠣᠴᠢᠳ ᠲᠤ ᠭᠦᠳᠡᠯᠥᠩᠬᠦᠢ᠂ ᠡᠶᠡᠯᠳᠡᠭ ᠬᠦᠩᠭᠡᠮᠰᠦᠭ ᠢᠶᠠᠷ | ᠦᠢᠯᠡᠴᠢᠯᠡᠬᠦ ᠬᠡᠷᠡᠭᠳᠠᠢ︾ ᠬᠡᠵᠣ ᠴᠠᠭ ᠢᠮᠠᠭᠳᠠ ᠰᠣᠷᠭᠠᠳᠠᠭ ᠪᠦᠭᠡᠳ ᠪᠢᠳᠠᠨ ᠳᠤ ᠭᠠᠳᠠᠭᠠᠳᠣ ᠲᠠᠢ ᠬᠠᠷᠢᠯᠴᠠᠬᠤ | ᠳᠣᠰᠬᠠᠢ ᠮᠡᠳᠡᠯᠬᠡ ᠶᠢᠨ ᠳᠣᠬᠠᠢ ᠮᠠᠳᠡᠭᠦᠯᠥᠯᠳᠡ ᠬᠢᠵᠣ ᠰᠣᠷᠣᠯᠴᠠᠭᠤᠯᠳᠠᠭ ᠪᠠᠶᠢᠵᠠᠢ᠃ | 1958 ᠣᠨ ᠳᠤ᠂ ᠡᠷᠢᠶᠡᠨ ᠬᠤᠳᠠ ᠶᠢᠨ ᠵᠠᠰᠠᠭ ᠤᠨ ᠣᠷᠳᠣᠨ ᠤ ᠠᠵᠣ ᠦᠢᠯᠡᠳᠪᠦᠷᠢ ᠶᠢᠨ ᠰᠠᠯᠠᠭ᠎ᠠ | ᠪᠠᠶᠢᠭᠤᠯᠵᠣ᠂ ᠨᠠᠮᠠᠢᠢ ᠳᠣᠰ ᠰᠠᠯᠠᠭᠠᠨ ᠳᠤ ᠰᠢᠯᠵᠢᠭᠦᠯᠵᠣ᠂ ᠲᠡᠮᠦᠷ ᠤᠨ ᠠᠭᠤᠷᠬᠠᠢ ᠶᠢᠨ ᠪᠠᠭᠠᠵᠣ ᠭᠡᠷᠡᠭᠰᠡᠯ | ᠣᠷᠣᠭᠤᠯᠬᠤ᠂ ᠠᠵᠢᠯᠴᠢᠨ ᠡᠯᠰᠡᠬᠦ ᠵᠡᠷᠭᠡ ᠠᠵᠢᠯ ᠢ ᠬᠢᠵᠣ᠂ ᠡᠨᠡ ᠡᠪᠦᠯ ᠨᠢ ᠡᠷᠢᠶᠡᠨ ᠬᠤᠳᠠ ᠠᠴᠠ ᠡᠷᠬᠢᠯᠡᠭᠰᠡᠨ | ᠴᠠᠭᠠᠨ ᠰᠦᠮ᠎ᠡ ᠶᠢᠨ ᠡᠮᠥᠨᠡᠬᠢ ᠵᠣᠩᠰᠢ ᠶᠢᠨ ᠠᠭᠤᠷᠬᠠᠢ ᠶᠢ ᠬᠠᠷᠢᠭᠤᠴᠠᠵᠣ ᠪᠠᠶᠢᠪᠠ᠃ | 1959 ᠣᠨ ᠳᠤ ᠮᠠᠯᠵᠢᠬᠤ ᠣᠷᠣᠨ ᠳᠤ ᠬᠠᠩᠭᠤᠨ ᠪᠣᠷᠣᠯᠠᠭᠤᠯᠬᠤ ᠬᠤᠷᠰᠢᠶ᠎ᠠ ᠶᠢ ᠰᠡᠷᠭᠦᠭᠡᠭᠰᠡᠨ ᠶᠤᠮ | ᠃ ᠨᠠᠮᠠᠢᠢ ᠡᠷᠢᠶᠡᠨᠨᠠᠭᠤᠷ ᠨᠢᠭᠡᠳᠣᠯ ᠤᠨ ᠬᠠᠩᠭᠠᠨ ᠪᠣᠷᠣᠯᠠᠭᠤᠯᠬᠤ ᠬᠤᠷᠰᠢᠶᠠᠨ ᠤ ᠳᠡᠳ᠋ ᠡᠷᠬᠢᠯᠡᠭᠴᠢ ᠪᠠᠷ ᠳᠣᠮᠢᠯᠠᠵᠠᠢ᠃ | ᠡᠨᠡ ᠦᠶ᠎ᠡ ᠳᠤ ᠪᠢ ᠨᠢᠭᠡᠨᠳᠡ ᠭᠤᠴᠢ ᠭᠠᠷᠣᠢ ᠨᠠᠰᠣᠯᠠᠭᠰᠠᠨ ᠪᠣᠯᠪᠠᠴᠣ ᠠᠶᠢᠯ ᠭᠡᠷ ᠪᠣᠯᠣᠭᠠᠳᠣᠢ ᠪᠠᠶᠢᠭᠰᠠᠨ ᠳᠣᠯᠠ | ᠣᠳᠣᠷᠢᠳᠣᠯᠭ᠎ᠠ ᠪᠠ ᠨᠦᠬᠦᠳ ᠨᠠᠷ ᠮᠢᠨᠣ ᠬᠤᠪᠢᠨ ᠤ ᠠᠰᠠᠭᠤᠳᠠᠯ ᠳᠤ ᠰᠡᠳᠬᠢᠯ ᠳᠠᠯᠪᠢᠵᠣ ᠪᠠᠶᠢᠵᠠᠢ᠃ ᠲᠡᠷᠡ | ᠦᠶ᠎ᠡ ᠮᠠᠨ ᠤ ᠪᠠᠶᠢᠭᠤᠯᠣᠯᠭ᠎ᠠ ᠶᠢᠨ ᠵᠠᠩ ᠵᠢᠶᠠ ᠺᠧᠣ ᠳᠤ ᠰᠠᠭᠤᠳᠠᠭ ᠠᠵᠢᠯᠳᠠᠨ ᠪᠣᠣ ᠹᠦ᠋ ᠵᠧᠩ ᠨᠦᠬᠦᠷ ᠵᠠᠩ | ᠵᠢᠶᠠ ᠺᠧᠦ ᠶᠢᠨ ᠨᠢᠭᠡᠨ ᠬᠤᠳᠠᠯᠳᠣᠭᠠᠴᠢᠨ ᠤ ᠦᠬᠢᠨ ᠵᠠᠩ ᠠᠢ ᠰᠢᠶᠠᠩ ᠢ ᠳᠠᠭᠠᠭᠤᠯᠣᠨ ᠢᠷᠡᠵᠣ᠂ ᠨᠠᠳᠠᠳᠣ ᠳᠤ | ᠳᠠᠨᠢᠯᠴᠠᠭᠤᠯᠣᠨ ᠪᠠᠶᠢᠭᠤᠯᠭ᠎ᠠ ᠶᠢᠨ ᠣᠳᠣᠷᠢᠳᠣᠯᠭ᠎ᠠ ᠠᠴᠠ ᠬᠠᠪᠰᠣᠷᠴᠦ ᠶᠡᠷᠢᠯᠴᠠᠭᠠᠳ 1962 ᠣᠨ ᠳᠤ | ᠲᠦᠬᠦᠮᠬᠡᠨ ᠮᠠᠶ᠋ᠢᠭ ᠢᠶᠠᠷ ᠬᠤᠷᠢᠮᠯᠠᠵᠣ ᠣᠷᠣᠭᠯᠠᠪᠠ᠃ ᠮᠢᠨᠣ ᠡᠬᠡᠨᠡᠷ ᠮᠣᠷᠢᠨ ᠵᠢᠯ ᠲᠠᠢ᠂ ᠨᠠᠳᠠ ᠠᠴᠠ 12 ᠨᠠᠰᠣ | ᠳᠡᠭᠦᠦ᠂ ᠪᠢᠳᠠ ᠶᠡᠭᠡ ᠬᠦᠪᠡᠭᠦᠨ ᠮᠥᠩᠬᠡ ᠪᠠᠨ 1963 ᠣᠨ ᠳᠤ ᠡᠷᠢᠶᠡᠨ ᠤ ᠮᠣᠳᠣᠨ ᠰᠦᠮ᠎ᠡ ᠭᠡᠳᠡᠭ ᠭᠠᠵᠠᠷ | ᠲᠦᠷᠦᠵᠣ᠂ 1965 ᠣᠨ ᠤ ᠬᠠᠪᠣᠷ ᠡᠷᠢᠶᠡᠨ ᠳᠤ ᠰᠢᠯᠵᠢᠵᠣ ᠢᠷᠡᠭᠡᠳ ᠳᠡᠯᠭᠡᠭᠦᠷ ᠤᠨ ᠡᠷᠬᠢᠯᠡᠭᠴᠢ ᠶᠢᠨ ᠠᠵᠢᠯ ᠢ | ᠬᠠᠷᠢᠭᠤᠴᠠᠪᠠ᠃ ᠬᠤᠶᠠᠳᠣᠭᠠᠷ ᠬᠦᠪᠡᠭᠦᠨ ᠡᠩᠬᠡ ᠪᠠᠨ 1967 ᠣᠨ ᠳᠤ ᠡᠷᠢᠶᠡᠨ ᠳᠤ ᠳᠦᠷᠦᠵᠣ᠂ ᠭᠤᠷᠪᠠᠳᠣᠭᠠᠷ | ᠬᠦᠪᠡᠭᠦᠨ ᠢᠶᠠᠨ 1970 ᠣᠨ ᠳᠤ ᠲᠦᠷᠦᠵᠠᠢ᠃ ᠣᠳᠣ ᠶᠡᠭᠡ ᠬᠦᠪᠡᠭᠦᠨ ᠮᠥᠩᠬᠡ ᠠᠷᠠᠯᠵᠢᠶᠠᠨ ᠤ ᠰᠢᠰᠲ᠋ᠧᠮ ᠤᠨ | ᠳᠣᠮᠳᠠᠳᠣ ᠵᠡᠷᠭᠡ ᠶᠢᠨ ᠳᠣᠰᠬᠠᠢ ᠮᠡᠷᠭᠡᠵᠢᠯ ᠤᠨ ᠰᠣᠷᠭᠠᠭᠤᠯᠢ ᠳᠡᠭᠦᠰᠴᠣ ᠬᠤᠷᠰᠢᠶ᠎ᠠ ᠰᠢᠰᠲ᠋ᠧᠮ ᠳᠤ ᠠᠵᠢᠯᠯᠠᠵᠣ︔ | ᠬᠤᠶᠠᠳᠣᠭᠠᠷ ᠬᠦᠪᠡᠭᠦᠨ ᠦᠨᠳᠣᠷ ᠵᠡᠷᠭᠡ ᠶᠢᠨ ᠳᠣᠮᠳᠠᠳᠣ ᠰᠣᠷᠭᠠᠭᠤᠯᠢ ᠳᠡᠭᠦᠰᠭᠡᠵᠣ᠂ ᠪᠦᠷᠢᠨ ᠪᠠᠷᠠᠭᠠᠳᠣ ᠬᠦᠩᠰᠧ | ᠳᠤ ᠨᠢᠭ᠌ᠳᠡᠯᠠᠨ ᠪᠣᠳᠣᠭᠴᠢ ᠪᠠᠷ ᠠᠵᠢᠯᠯᠠᠵᠣ︔ ᠭᠤᠷᠪᠠᠳᠣᠭᠠᠷ ᠬᠦᠪᠡᠭᠦᠨ ᠠᠶᠢᠮᠠᠭ ᠤᠨ ᠮᠣᠩᠭᠤᠯ ᠳᠣᠮᠳᠠᠳᠣ | ᠰᠣᠷᠭᠠᠭᠤᠯᠢ ᠳᠤ ᠦᠨᠳᠦᠷ ᠵᠡᠷᠭᠡ ᠶᠢᠨ ᠭᠤᠷᠪᠠᠳᠣᠭᠠᠷ ᠣᠨ ᠢᠶᠠᠨ ᠳᠡᠭᠦᠰᠭᠡᠭᠦ ᠭᠡᠵᠣ ᠪᠠᠶᠢᠨ᠎ᠠ᠃ | ᠰᠣᠶᠣᠯ ᠤᠨ ᠬᠤᠪᠢᠰᠠᠬᠯ ᠡᠬᠢᠯᠡᠬᠦ ᠦᠶ᠎ᠡ ᠳᠤ᠂ ᠪᠢ ᠠᠯᠢ ᠴᠦ ᠵᠣᠬᠢᠶᠠᠨ ᠪᠠᠶᠢᠭᠤᠯᠣᠯᠳᠠ ᠳᠤ | ᠣᠷᠣᠭᠰᠠᠨ ᠦᠭᠡᠢ᠂ ᠳᠡᠯᠭᠡᠭᠦᠷ ᠲᠤ ᠪᠠᠷᠠᠭ᠎ᠠ ᠬᠤᠳᠠᠯᠳᠣᠭᠴᠢ ᠶᠢᠨ ᠠᠵᠢᠯ ᠢ ᠬᠢᠵᠣ ᠪᠠᠶᠢᠪᠠ᠂ 1968 ᠣᠨ ᠳᠤ | ᠠᠩᠬᠢ ᠶᠢᠨ ᠡᠩᠨᠡᠭᠡ ᠴᠡᠪᠡᠷᠯᠡᠬᠦ ᠦᠶ᠎ᠡ ᠳᠤ ᠨᠠᠮᠠᠢᠢ᠄ ︽ᠴᠢ ᠦᠪᠡᠷ ᠤᠨ ᠠᠰᠠᠭᠤᠳᠠᠯ ᠢᠶᠠᠨ ᠰᠠᠶᠢᠨ ᠪᠡᠯᠡᠳᠭᠡᠵᠣ | ᠪᠠᠶᠢᠬᠤ ᠬᠡᠷᠡᠭᠳᠠᠢ︾ ᠬᠡᠵᠠᠢ᠃ ᠡᠭᠦᠨ ᠳᠤ ᠪᠢ᠄ ︽ᠬᠤᠪᠢᠰᠬᠠᠯ ᠳᠤ ᠣᠷᠣᠭᠰᠠᠨ ᠠᠴᠠ ᠡᠳᠦᠬᠡ ᠪᠣᠯᠳᠠᠯ᠎ᠠ ᠬᠢᠭᠰᠡᠨ | ᠭᠡᠷᠡᠭ ᠦᠭᠡᠢ᠂ ᠨᠢᠭᠤᠵᠣ ᠳᠠᠯᠳᠠᠯᠭᠰᠠᠨ ᠵᠦᠢᠯ ᠦᠭᠡᠢ︾ ᠭᠡᠭᠦ ᠳᠤ ᠳᠠᠳᠠ ᠨᠠᠮᠠᠢᠢ ᠣᠯᠠᠨ ᠤ ᠬᠤᠷᠠᠯ ᠳᠡᠭᠡᠷ᠎ᠡ᠄ ︽ | ᠴᠢ ᠬᠠᠭᠤᠴᠢᠨ ᠨᠡᠶᠢᠭᠡᠮ ᠢ ᠰᠡᠷᠭᠦᠭᠡᠭᠦ ᠪᠠᠷ ᠭᠦᠰᠡᠵᠣ ᠪᠠᠶᠢᠭᠰᠠᠨ᠂ ᠨᠣᠶᠠᠨ ᠰᠠᠭᠤᠬᠤ ᠪᠠᠷ ᠵᠡᠭᠦᠳᠦᠯᠡᠵᠣ ᠪᠠᠶᠢᠭᠰᠠᠨ᠂ | ᠦᠨᠡᠨ ᠦᠴᠢᠭ ᠢᠶᠠᠨ ᠮᠡᠳᠡᠭᠦᠯ︕︾ ᠬᠡᠵᠣ ᠳᠡᠮᠡᠴᠡᠭᠡᠳ ᠳᠣᠰᠬᠠᠢ ᠭᠡᠷ ᠲᠤ ᠬᠤᠷᠢᠵᠣ᠂ ᠣᠷᠢᠳ ᠬᠤᠵᠢᠳ | ᠣᠯᠠᠨ ᠣᠳᠠᠭ᠎ᠠ ᠬᠠᠳᠠᠭᠤ ᠡᠷᠡᠭᠦᠦ ᠳᠣᠯᠭᠠᠨ ︽ᠮᠣᠩᠭᠤᠯ ᠣᠯᠣᠰ ᠤᠨ ᠴᠢᠮᠡᠭᠡᠯᠡᠭᠴᠢ︾᠂ ︽ᠦᠪᠦᠷ ᠠᠷᠠᠳ ᠤᠨ | ᠨᠠᠮ︾ ᠭᠡᠬᠦ ᠵᠡᠷᠭᠡ ᠬᠢᠯᠢᠰ ᠭᠡᠷᠡᠭ ᠳᠡᠭᠡᠷ᠎ᠡ ᠳᠡᠭᠡᠷ᠎ᠡ ᠠᠴᠠ ᠨᠢ ᠳᠣᠯᠭᠠᠨ ᠡᠷᠡᠭᠦᠳᠡᠨ ᠳᠠᠮᠣᠯᠠᠬᠤ ᠨᠢ ᠡᠳᠦᠷ ᠢᠷᠡᠭᠦᠶ᠎ᠡ | ᠭᠡᠴᠡᠭᠦᠳᠡᠭᠰᠡᠨ ᠠᠴᠠ ᠪᠡᠶ᠎ᠡ ᠰᠡᠳᠬᠢᠯ ᠳᠡᠰᠪᠦᠷᠢᠯᠡᠬᠦᠶᠡ ᠪᠡᠷᠬᠡ ᠪᠣᠯᠵᠣ᠂ ᠳᠣᠬᠠᠢ ᠶᠢᠨ ᠦᠶ᠎ᠡ ᠳᠤ ᠣᠬᠠᠭᠠᠨ ᠮᠡᠳᠡᠷᠡᠯ | ᠢᠶᠠᠨ ᠠᠯᠳᠠᠵᠣ᠂ ᠷᠣᠳᠣ ᠬᠤᠭᠤᠴᠠᠭᠠᠨ ᠤ ᠬᠦᠨᠳᠣ ᠴᠣᠬᠢᠯᠳᠠ ᠠᠴᠠ ᠪᠣᠯᠵᠣ ᠡᠯᠳᠡᠪ ᠵᠦᠢᠯ ᠤᠨ ᠡᠪᠡᠳᠴᠢᠨ ᠡᠮᠬᠡᠭ | ᠲᠤ ᠨᠡᠷᠪᠡᠭᠳᠡᠵᠣ ᠵᠡᠮᠳᠡᠭ ᠠᠷᠬᠠᠭ ᠲᠠᠢ ᠪᠣᠯᠵᠠᠢ᠃ 1969 ᠣᠨ ᠳᠤ ᠨᠢᠭᠡ ᠣᠳᠠᠭ᠎ᠠ ᠰᠣᠯᠠᠯᠠᠭᠳᠠᠭᠰᠠᠨ ᠪᠣᠯᠪᠠᠴᠣ | 1970 ᠣᠨ ᠠᠴᠠ ᠡᠬᠢᠯᠡᠨ ᠪᠠᠰᠠ ᠳᠠᠬᠢᠨ ᠪᠠᠶᠢᠴᠠᠭᠠᠯᠳᠠ ᠬᠢᠵᠣ ᠠᠵᠢᠯ ᠠᠴᠠ ᠵᠣᠭᠰᠣᠭᠠᠨ ᠬᠦᠷᠢᠶ᠎ᠡ ᠬᠠᠰᠢᠶ᠎ᠠ | ᠴᠡᠪᠡᠷᠯᠡᠬᠦ ᠵᠡᠷᠭᠡ ᠬᠦᠨᠳᠣ ᠬᠦᠳᠡᠯᠮᠦᠷᠢ ᠬᠢᠵᠣ ᠪᠠᠶᠢᠭᠠᠳ᠂ ᠬᠢᠯᠢ ᠬᠢᠵᠠᠭᠠᠷ ᠣᠷᠣᠨ ᠢ ᠴᠡᠪᠡᠷᠯᠡᠭᠦ ᠪᠠᠷ ᠨᠠᠮᠠᠢᠢ ᠱᠠᠩᠳᠣ | ᠰᠢᠶᠠᠨ ᠤ ᠳ᠋ᠠᠯᠽᠢ ᠨᠢᠭᠡᠳᠦᠯ ᠤᠨ ᠢᠩᠳᠣ ᠶᠡᠭᠡ ᠪᠠᠷᠢᠭᠠᠳᠠ ᠶᠢᠨ ᠭᠤᠷᠪᠠᠳᠣᠭᠠᠷ ᠪᠠᠭ ︵ᠳ᠋ᠦ᠋ᠢ︶ ᠲᠤ ᠬᠦᠷᠭᠡᠵᠣ | ᠳᠣᠭᠤᠶᠢᠯᠠᠩ ᠤᠨ ᠬᠦᠳᠡᠯᠮᠦᠷᠢ ᠳᠤ ᠣᠷᠣᠯᠴᠠᠭᠤᠯᠪᠠ᠃ | 1977 ᠣᠨ ᠳᠤ ᠲᠦᠷᠦᠭᠰᠠᠨ ᠨᠣᠳᠤᠭ ᠠᠪᠠᠭ᠎ᠠ ᠬᠤᠰᠢᠭᠤᠨ ᠳᠠᠭᠠᠨ ᠰᠢᠯᠵᠢᠵᠣ ᠬᠤᠷᠰᠢᠶᠠᠨ ᠤ ᠠᠵᠢᠯ | ᠬᠢᠵᠣ ᠪᠠᠶᠢᠭᠠᠳ ᠪᠡᠶ᠎ᠡ ᠵᠡᠮᠳᠡᠭ ᠪᠣᠯᠣᠭᠰᠠᠨ ᠳᠣᠯᠠ 1983 ᠣᠨ ᠳᠤ ᠨᠠᠰᠣᠳᠠᠢ ᠳᠠᠭᠠᠨ ᠠᠵᠢᠯ ᠠᠴᠠ ᠪᠠᠨ | ᠪᠠᠭᠤᠵᠣ ᠠᠮᠣᠰᠬᠢᠵᠠᠢ᠃ | ᠣᠳᠣᠷᠢᠳᠣᠯᠭ᠎ᠠ ᠶᠢᠨ ᠨᠠᠶᠢᠳᠠᠯᠭ᠎ᠠ ᠪᠠᠷ ᠪᠢ᠂ ᠪᠠᠷᠠᠭᠤᠨ ᠠᠪᠠᠭ᠋ᠠᠨᠠᠷ ᠬᠤᠰᠢᠭᠤᠨ ᠤ ᠰᠡᠭᠦᠯ ᠤᠨ ᠦᠶ᠎ᠡ | ᠶᠢᠨ ᠵᠠᠰᠠᠭ ᠪᠡᠶᠢᠯᠡ ᠪᠠ ᠦᠪᠡᠷ ᠤᠨ ᠦᠩᠭᠡᠷᠡᠯᠳᠠ ᠪᠠᠨ ᠪᠢᠴᠢᠵᠣ ᠣᠷᠣᠯᠳᠣᠯ᠎ᠠ ᠃ ᠡᠨᠡ ᠨᠢ ᠳᠣᠩ ᠲᠦᠬᠦᠮᠬᠡᠨ | ᠪᠠᠶᠢᠵᠣ ᠣᠨᠴᠣᠭᠤᠶᠢᠯᠡᠨ ᠬᠠᠭᠤᠴᠢᠨ ᠨᠡᠶᠢᠭᠡᠮ ᠤᠨ ᠸᠠᠩ ᠬᠦᠩ ᠤᠨ ᠠᠮᠢᠳᠣᠷᠠᠯ᠂ ᠳᠠᠳᠠᠨ ᠤ ᠡᠷᠬᠡ ᠪᠠᠷᠢᠵᠣ ᠵᠠᠰᠠᠭ | ᠶᠠᠪᠣᠭᠤᠯᠵᠣ ᠪᠠᠶᠢᠭᠰᠠᠨ ᠪᠠᠶᠢᠳᠠᠯ ᠪᠠ ᠮᠣᠩᠭᠤᠯ ᠣᠷᠣᠨ ᠤ ᠳᠡᠭᠡᠳᠣ ᠳᠠᠪᠬᠤᠷᠭᠠᠳᠠᠨ ᠤ ᠳᠣᠳᠣᠷᠠᠬᠢ ᠣᠯᠠᠨ ᠵᠦᠢᠯ | ᠤᠨ ᠶᠣᠰᠣ ᠭᠤᠷᠢᠮ᠂ ᠵᠠᠩ ᠳᠠᠳᠬᠠᠯ ᠵᠡᠷᠭᠡ ᠶᠢ ᠠᠯᠢ ᠪᠣᠯᠬᠤ ᠪᠠᠷ ᠢᠯᠡᠭᠦᠬᠡᠨ ᠳᠣᠳᠣᠷᠬᠠᠢ ᠪᠢᠴᠢᠵᠣ ᠦᠯᠡᠳᠡᠭᠡᠪᠡᠯ | ᠵᠣᠬᠢᠬᠤ ᠪᠠᠶᠢᠭᠰᠠᠨ ᠶᠤᠮ᠃ ᠬᠠᠷᠠᠮᠰᠠᠯᠳᠠᠢ ᠨᠢ ᠳᠣᠬᠠᠢ ᠶᠢᠨ ᠦᠶ᠎ᠡ ᠳᠤ ᠨᠠᠰᠣ ᠪᠠᠭ᠎ᠠ ᠪᠠᠶᠢᠭᠰᠠᠨ ᠣᠴᠢᠷ ᠠᠴᠠ | ᠣᠳᠣᠬᠠᠨ ᠳᠤ ᠰᠣᠳᠣᠯᠵᠣ ᠪᠣᠯᠬᠤ ᠦᠨ᠎ᠡ ᠴᠠᠨ᠎ᠠ ᠲᠠᠢ ᠳᠡᠣᠬᠡᠨ ᠵᠦᠢᠯ ᠢ ᠬᠠᠩᠭᠠᠮᠵᠢᠳᠠᠢ ᠪᠢᠴᠢᠵᠣ ᠣᠷᠣᠭᠤᠯᠵᠣ | ᠴᠢᠳᠠᠭᠰᠠᠨ ᠦᠭᠡᠢ᠂ ᠦᠩᠭᠡᠷᠡᠭᠰᠠᠨ ᠢᠶᠠᠨ ᠡᠷᠭᠢᠴᠡᠭᠦᠯᠥᠨ ᠪᠣᠳᠣᠬᠤᠶ᠎ᠠ ᠬᠦᠮᠥᠨ ᠤ ᠶᠢᠷᠳᠢᠨᠴᠣ ᠶᠢᠨ ᠪᠠᠶᠠᠷᠯᠠᠵᠣ | ᠭᠤᠮᠣᠳᠠᠬᠤ ᠢᠨᠢᠶᠠᠵᠣ ᠣᠬᠢᠯᠠᠬᠤ ᠶᠢᠨ ᠠᠯᠢ ᠠᠴᠠ ᠨᠢ ᠴᠦ ᠵᠠᠶᠢᠯᠠᠰᠬᠢᠵᠣ ᠴᠢᠳᠠᠭᠰᠠᠨ ᠦᠭᠡᠢ᠃ | ᠡᠬᠡ ᠣᠷᠣᠨ ᠴᠢᠯᠥᠭᠡᠯᠡᠭᠳᠡᠵᠣ᠂ ᠬᠠᠭᠤᠴᠢᠨ ᠲᠦᠷᠦ ᠶᠢ ᠳᠦᠯᠬᠢᠨ ᠣᠨᠠᠭᠠᠬᠤ ᠦᠶ᠎ᠡ ᠳᠤ ᠠᠶᠥᠵᠣ | ᠰᠣᠴᠢᠵᠣ ᠶᠠᠪᠣᠯ᠎ᠠ᠃ ᠨᠠᠮ ᠤᠨ ᠬᠦᠮᠥᠵᠢᠯ ᠢᠶᠠᠷ ᠬᠤᠪᠢᠰᠠᠬᠠᠯ ᠤᠨ ᠠᠵᠢᠯ ᠳᠤ ᠨᠠᠮᠠᠷᠢᠯᠡᠭᠰᠠᠨ ᠤ ᠳᠠᠷᠠᠭ᠎ᠠ᠂ ᠦᠪᠡᠷ | ᠤᠨ ᠠᠯᠢᠪᠠ ᠪᠠᠨ ᠠᠷᠠᠳ ᠲᠦᠮᠡᠨ ᠤ ᠦᠢᠯᠡᠰ ᠲᠤ ᠵᠣᠷᠢᠭᠤᠯᠬᠤ ᠪᠠᠷ ᠵᠠᠯᠠᠭᠤ ᠨᠠᠰᠣᠨ ᠤ ᠣᠷᠭᠢᠯᠥᠮᠠ ᠬᠠᠯᠠᠭᠤᠨ | ᠰᠡᠳᠭᠢᠯᠭᠡ ᠪᠠ ᠬᠦᠴᠦᠨ ᠴᠢᠳᠠᠯ ᠢᠶᠠᠷ ᠠᠵᠢᠯ ᠶᠠᠪᠣᠳᠠᠯ ᠳᠠᠭᠠᠨ ᠴᠢᠷᠮᠠᠶᠢᠵᠣ᠂ ᠮᠠᠩᠯᠠᠢ ᠳᠤᠨᠢ ᠭᠠᠷᠬᠤ ᠪᠠᠷ ᠮᠡᠷᠡᠶᠢᠨ | ᠴᠢᠷᠮᠠᠶᠢᠵᠣ ᠶᠠᠪᠣᠯ᠎ᠠ᠃ ᠰᠣᠶᠣᠯ ᠤᠨ ᠶᠡᠭᠡ ᠬᠤᠪᠢᠰᠠᠠᠯ ᠤᠨ ᠳᠣᠮᠳᠠ᠂ ᠠᠩᠬᠢ ᠶᠢᠨ ᠳᠠᠶᠢᠰᠣᠨ᠂ ᠣᠷᠪᠠᠭᠴᠢ᠂ | ᠳᠠᠩᠨᠠᠭᠤᠯ᠂ ᠬᠠᠭᠤᠴᠢᠨ ᠢᠶᠠᠨ ᠰᠡᠷᠭᠦᠭᠡᠭᠦ ᠶᠢ ᠭᠤᠷᠢᠳᠠᠭᠰᠡᠨ ᠸᠠᠩ ᠨᠣᠶᠠᠨ ᠵᠡᠷᠭᠡ ᠬᠢᠯᠢᠰ ᠭᠡᠷᠡᠭ ᠡᠭᠦᠷᠴᠣ ᠭᠠᠪᠠ | ᠲᠦᠩᠭᠡ ᠵᠡᠭᠦᠵᠣ᠂ ᠬᠦᠮᠦᠨ ᠤ ᠡᠷᠬᠡ ᠪᠠᠨ ᠠᠯᠳᠠᠵᠣ᠂ ᠳᠠᠮᠣᠯᠠᠭᠳᠠᠨ ᠳᠠᠷᠠᠴᠢᠯᠠᠭᠳᠠᠵᠣ᠂ ᠭᠤᠮᠣᠳᠠᠨ ᠭᠤᠳᠣᠷᠠᠵᠣ | ᠵᠣᠪᠠᠵᠣ ᠡᠯᠡᠵᠣ ᠶᠠᠪᠣᠯ᠎ᠠ᠃ ᠨᠠᠮ ᠤᠨ ᠠᠷᠪᠠᠨ ᠨᠢᠬᠡᠳᠦᠭᠡᠷ ᠬᠤᠭᠤᠴᠠᠭᠠᠨ ᠤ ᠭᠤᠷᠪᠠᠳᠣᠭᠠᠷ ᠪᠦᠭᠦᠳᠠ ᠬᠤᠷᠠᠯᠳᠣᠭᠠᠨ | ᠠᠴᠠ ᠨᠠᠰᠢ᠂ ᠨᠠᠮ ᠤᠨ ᠵᠦᠪ ᠣᠨᠣᠪᠴᠢᠳᠠᠢ ᠲᠦᠷᠦ ᠶᠢᠨ ᠪᠣᠳᠣᠯᠭ᠎ᠠ ᠶᠢᠨ ᠳᠣᠶᠠᠭᠠᠯᠠᠯ ᠳᠣᠣᠷ᠎ᠠ ᠠᠯᠢᠪᠠ ᠬᠢᠯᠢᠰ | ᠭᠡᠷᠡᠭ ᠢ ᠳᠣᠶᠢᠯᠪᠣᠷᠢᠳᠠᠢ ᠴᠠᠭᠠᠳᠬᠠᠨ ᠦᠭᠴᠦ ᠣᠯᠣᠰ ᠲᠦᠷᠦ ᠶᠢᠨ ᠳᠡᠭᠡᠷ᠎ᠡ ᠬᠦᠨᠳᠣᠳᠬᠡᠭᠳᠡᠵᠣ᠂ ᠠᠯᠢᠪᠠ | ᠠᠮᠢᠳᠣᠷᠠᠯ ᠤᠨ ᠳᠠᠯ᠎ᠠ ᠪᠠᠷ ᠬᠠᠷᠠᠭᠠᠯᠵᠠᠭᠤᠯᠵᠣ᠂ ᠨᠠᠮ ᠵᠰᠠᠭ ᠠᠴᠠ ᠡᠳᠦᠢ ᠳᠡᠳᠦᠢ ᠬᠦᠴᠢᠷᠳᠠᠯ ᠢ ᠰᠢᠢᠳᠪᠦᠷᠢᠯᠡᠨ | ᠦᠭᠴᠦ᠂ ᠣᠳᠣ ᠪᠢ ᠠᠪᠠᠭ᠎ᠠ ᠬᠤᠰᠢᠭᠤᠨ ᠤ ᠣᠯᠣᠰ ᠲᠦᠷᠦ ᠶᠢᠨ ᠵᠦᠪᠯᠡᠯᠭᠡᠨ ᠤ ᠬᠤᠭᠤᠴᠠᠭ᠎ᠠ ᠪᠦᠷᠢ ᠶᠢᠨ | ᠪᠠᠶᠢᠩᠭᠤ ᠶᠢᠨ ᠭᠡᠰᠢᠬᠦᠨ᠂ ᠰᠣᠶᠣᠯ ᠳᠡᠣᠭᠡᠨ ᠺᠣᠮᠢᠰ ᠤᠨ ᠭᠡᠰᠢᠭᠦᠨ ᠢᠶᠠᠷ ᠣᠷᠢᠭᠳᠠᠵᠣ᠂ ᠣᠯᠣᠰ ᠤᠨ ᠶᠡᠭᠡ | ᠶᠠᠪᠣᠳᠠᠯ ᠢ ᠵᠦᠪᠳᠡᠯᠴᠡᠨ᠂ ᠰᠡᠳᠭᠢᠯ ᠳᠡᠨᠢᠬᠦᠨ ᠢᠶᠠᠷ ᠦᠳᠡᠯᠥᠭᠡ ᠨᠠᠰᠣ ᠪᠠᠨ ᠦᠩᠭᠡᠷᠡᠭᠡᠭᠦ ᠪᠣᠯᠵᠠᠢ᠃ | ᠡᠪ ᠬᠠᠮᠳᠣ ᠨᠠᠮ᠃ ᠠᠷᠠᠳ ᠲᠦᠮᠡᠨ ᠤ ᠬᠠᠶᠢᠷ᠎ᠠ ᠬᠠᠯᠠᠮᠵᠢ ᠨᠠᠳᠠᠳᠣ ᠠᠮᠢ ᠨᠠᠰᠣ ᠶᠢ ᠣᠯᠭᠤᠭᠰᠠᠨ ᠶᠤᠮ | ᠃ ᠡᠬᠦᠨ ᠢ ᠪᠢ ᠮᠠᠷᠳᠠᠯ ᠦᠭᠡᠢ ᠴᠠᠭᠡᠵᠢᠯᠡᠵᠣ᠂ ᠨᠠᠰᠣᠨ ᠳᠣᠷᠰᠢ ᠠᠷᠠᠳ ᠲᠦᠮᠡᠨ ᠤ ᠲᠦᠯᠦᠭᠡ ᠦᠨᠡᠨᠴᠢ ᠪᠠᠷ | ᠵᠢᠳᠭᠦᠭᠦ ᠪᠠᠷ ᠵᠣᠷᠢᠭ ᠰᠢᠭᠤᠳᠣᠭᠰᠠᠨ ᠶᠤᠮ᠃ | ᠳᠡᠭᠡᠷ᠎ᠡ ᠶᠠᠷᠢᠭᠰᠠᠨ ᠵᠦᠢᠯ ᠨᠢ ᠬᠠᠩᠭᠠᠮᠵᠢ ᠦᠭᠡᠢ ᠮᠦᠷᠳᠡᠭᠡᠨ ᠠᠯᠳᠠᠭ᠎ᠠ ᠪᠣᠷᠣᠭᠤ ᠲᠠᠢ ᠳᠠᠯ᠎ᠠ ᠪᠠᠶᠢᠬᠤ | ᠨᠢ ᠳᠠᠮᠵᠢᠭ ᠦᠭᠡᠢ ᠶᠤᠮ᠃ ᠦᠵᠡᠭᠦ ᠮᠡᠷᠭᠡᠳ ᠪᠣᠷᠣᠭᠤ ᠶᠢ ᠨᠢ ᠵᠠᠯᠠᠷᠠᠭᠤᠯᠵᠣ᠂ ᠳᠣᠳᠠᠭᠤ ᠶᠢ ᠨᠢ ᠨᠦᠬᠦᠪᠦᠷᠢᠯᠡᠨ | ᠦᠯᠡᠳᠡᠭᠡᠭᠦ ᠶᠢ ᠭᠦᠰᠡᠵᠣ ᠪᠠᠶᠢᠨ᠎ᠠ᠃ | ᠳᠠᠶᠢᠯᠪᠣᠷᠢ᠄ ︵1︶ ᠱᠠᠭ᠎ᠠ ᠮᠣᠯᠳᠣᠯᠠᠬᠤ ᠭᠡᠳᠡᠭ ᠨᠢ᠄ ᠬᠡᠣᠬᠡᠨ ᠮᠣᠷᠳᠠᠬᠤ ᠳᠤ ᠬᠤᠨᠢᠨ ᠤ ᠴᠢᠨᠠᠭᠰᠠᠨ | ᠱᠠᠭᠠᠨᠳᠣ ᠶᠢ ᠫᠢᠯᠠ ᠳᠤ ᠬᠢᠵᠣ᠂ ᠰᠢᠨ᠎ᠡ ᠬᠦᠷᠭᠡᠨ ᠢᠶᠠᠷ ᠱᠠᠭ᠎ᠠ ᠶᠢ ᠨᠢ ᠮᠣᠯᠳᠣᠯᠣᠭᠤᠯᠣᠨ ᠴᠢᠳᠠᠯ ᠢ ᠨᠢ ᠦᠵᠡᠳᠡᠭ | ᠶᠣᠰᠣ ᠪᠠᠶᠢᠵᠠᠢ᠃ | 1987 ᠣᠨ ᠤ 10 ᠰᠠᠷ᠎ᠠ | |