| | ᠨᠤᠮᠴᠢ ᠪᠠᠶᠢᠰᠠ ᠬᠡᠮᠡᠨ ᠠᠯᠳᠠᠷᠰᠢᠭᠰᠠᠨ ᠤᠤᠯ ᠤᠨ ᠰᠢᠯᠢ ᠶᠢᠨ ᠭᠤᠤᠯ ᠴᠢᠭᠤᠯᠭᠠᠨ ᠤ ᠠᠪᠠᠭ᠋ᠠᠨᠠᠷ | ᠵᠠᠭᠦᠨ ᠭᠠᠷᠤᠨ ᠬᠤᠰᠢᠭᠤᠨ ᠤ ᠵᠢᠷᠭᠤᠳᠤᠭᠠᠷ ᠦᠶ᠎ᠡ ᠶᠢᠨ ᠬᠤᠰᠢᠭᠤ ᠵᠠᠰᠠᠭ ᠪᠠᠶᠢᠰᠠ — ᠭᠤᠮᠪᠦᠸᠠᠩᠵᠢᠯ ᠪᠤᠯ | ᠠᠷᠪᠠᠨ ᠨᠠᠢᠮᠠ — ᠠᠷᠪᠠᠨ ᠶᠢᠰᠤᠳᠤᠭᠡᠷ ᠵᠠᠭᠤᠨ ᠤ ᠦᠶ᠎ᠡ ᠶᠢᠨ ᠮᠤᠩᠭᠤᠯ ᠲᠡᠤᠬᠡᠴᠢ ᠶᠢᠨ ᠨᠢᠭᠡ ᠶᠤᠮ᠃ | ᠭᠤᠮᠪᠤᠸᠠᠩᠵᠢᠯ ᠪᠤᠯ᠂ ᠠᠪᠠᠭ᠋ᠠᠨᠠᠷ ᠵᠡᠭᠦᠨ ᠭᠠᠷᠤᠨ ᠬᠤᠰᠢᠭᠤᠨ ᠤ ᠲᠠᠪᠤᠳᠤᠭᠠᠷ ᠦᠶ᠎ᠡ ᠶᠢᠨ ᠵᠠᠰᠠᠭ ᠪᠠᠶᠢᠰᠠ | ᠲᠠᠭᠳᠠᠨᠫᠤᠨᠴᠤᠭ ᠤᠨ ᠠᠬᠠᠮᠠᠳ ᠬᠦᠪᠡᠭᠦᠨ ᠶᠤᠮ᠃ ᠲᠡᠷᠡᠪᠡᠷ ᠲᠡᠭᠷᠢ ᠲᠡᠳᠬᠦᠭᠴᠢ ᠶᠢᠨ ᠲᠠᠪᠢᠨ ᠲᠤᠯᠤᠳᠤᠭᠠᠷ ᠤᠨ | ︵1792︶ ᠳᠤ ᠬᠤᠰᠢᠭᠤ ᠵᠠᠰᠠᠭ ᠪᠠᠶᠢᠰᠠ ᠶᠢᠨ ᠵᠡᠷᠭᠡ ᠵᠠᠯᠭᠠᠮᠵᠢᠯᠡᠵᠤ᠂ ᠲᠦᠷᠦ ᠭᠡᠷᠡᠯᠳᠦ ᠶᠢᠨ ᠲᠤᠯᠤᠳᠤᠭᠠᠷ | ᠤᠨ ︵1827︶ ᠬᠦᠷᠳᠡᠯ᠎ᠡ ᠵᠠᠰᠠᠭ ᠪᠠᠷᠢᠵᠤ ᠪᠠᠶᠢᠵᠠᠢ᠃ | ᠭᠤᠮᠪᠦᠸᠠᠩᠵᠢᠯ ᠪᠠᠶᠢᠰᠠ ᠶᠢᠨ ᠵᠠᠰᠠᠭ ᠪᠠᠷᠢᠭᠰᠠᠨ ᠭᠤᠴᠢᠨ ᠵᠢᠷᠭᠤᠭᠠᠨ ᠵᠢᠯ ᠪᠤᠯ᠂ ᠶᠠᠭ ᠠᠪᠠᠭ᠋ᠠᠨᠠᠷ | ᠵᠠᠭᠦᠨ ᠭᠠᠷᠤᠨ ᠬᠤᠰᠢᠭᠤᠨ ᠤ ᠬᠤᠰᠢᠭᠤ ᠰᠦᠮ᠎ᠡ — ᠴᠢᠩ ᠤᠯᠤᠰ ᠤᠨ ᠬᠠᠭᠠᠨᠳᠤ ᠲᠦᠷᠦ ᠠᠴᠠ | ᠰᠤᠶᠤᠷᠬᠠᠭᠰᠠᠨ ᠤᠯᠠᠨ᠎ᠠ ᠠᠯᠳᠠᠷᠰᠢᠭᠰᠠᠨ ︽ᠪᠠᠶᠢᠰᠠ ᠶᠢᠨ ᠰᠦᠮ᠎ᠡ︾ ᠪᠤᠶᠤ ︽ᠪᠠᠨᠳᠢᠳᠠ ᠭᠡᠭᠡᠨ ᠬᠡᠶᠢᠳ︾ ᠤᠨ | ᠬᠦᠭᠵᠢᠯ ᠪᠠᠳᠠᠷᠠᠯ ᠤᠨ ᠤᠷᠬᠢᠯ ᠪᠠᠶᠢᠵᠠᠢ᠃ ᠵᠠᠩᠯᠤᠩ ᠠᠷᠢᠶ᠎ᠠ ᠪᠠᠨᠳᠢᠳᠠ ᠠᠭᠸᠠᠩᠯᠤᠪᠰᠠᠩᠳᠠᠮᠪᠢᠵᠠᠯᠽᠠᠨ ᠤ ᠰᠦᠩᠪᠦᠮ | ᠳᠤ ᠬᠤᠷᠢᠶᠠᠭᠳᠠᠭᠰᠠᠨ ᠯᠤᠪᠰᠠᠩᠫᠠᠷᠠᠩᠯᠠᠶᠢᠨᠠᠮᠵᠢᠯ ᠬᠡᠭᠴᠢ ᠬᠤᠸᠠᠷᠠᠭ ᠤᠨ ᠲᠦᠪᠡᠳ ᠬᠡᠯᠡᠨ᠎ᠡ ᠵᠤᠬᠢᠶᠠᠭᠰᠠᠨ ︽ | ᠲᠡᠭᠡᠲᠦ ᠬᠡᠳᠦᠯᠭᠡᠭᠴᠢ ᠴᠤᠭ ᠲᠡᠭᠦᠯᠳᠡᠷ ᠪᠯᠠᠮ᠎ᠠ ᠵᠠᠩᠯᠤᠩ ᠠᠷᠢᠶ᠎ᠠ ᠪᠠᠨᠳᠢᠳᠠ ᠷᠢᠮᠪᠦᠴᠠᠢ ᠠᠭᠸᠠᠩᠯᠤᠪᠰᠠᠩᠳᠠᠮᠪᠢᠵᠠᠯᠽᠠᠨ | ᠪᠠᠯᠰᠠᠩᠪᠤ ᠶᠢᠨ ᠨᠠᠮᠳᠠᠷ ᠮᠡᠷᠭᠡᠳ ᠤᠨ ᠬᠦᠰᠡᠯ ᠢ ᠪᠤᠯᠢᠶᠠᠬᠤ ᠡᠷᠳᠡᠨᠢ ᠶᠢᠨ ᠤᠨᠵᠢᠯᠭ᠎ᠠ ᠬᠡᠮᠡᠬᠦ ᠤᠷᠤᠰᠢᠪᠠᠢ︾ ① | ᠭᠤᠮᠪᠦᠸᠠᠩᠵᠢᠯ ᠪᠤᠯ᠂ ᠵᠠᠩᠯᠤᠩ ᠪᠠᠨᠳᠢᠳᠠ ᠠᠭᠸᠠᠩᠯᠤᠪᠰᠠᠩᠳᠠᠮᠪᠢᠵᠠᠯᠽᠠᠨ ᠲᠠᠢ ᠨᠢᠭᠡᠨ ᠦᠶ᠎ᠡ ᠶᠢᠨ ᠬᠦᠮᠦᠨ ᠪᠠᠶᠢᠵᠤ | ᠂ ᠱᠠᠰᠢᠵᠨ ᠨᠤᠮ ᠤᠨ ᠦᠢᠯᠡᠰ ᠲᠤ ᠰᠡᠳᠬᠢᠯ ᠠᠯᠭᠠᠰᠠᠯ ᠦᠭᠡᠢ ᠬᠠᠮᠵᠢᠯᠴᠠᠨ ᠵᠢᠳᠭᠦᠵᠤ ᠪᠠᠶᠢᠯ᠎ᠠ ᠭᠡᠵᠤ | ᠲᠡᠮᠳᠡᠭᠯᠡᠭᠰᠡᠨ ᠪᠠᠶᠢᠳᠠᠭ᠃ ᠮᠦᠨᠴᠤ ᠭᠤᠮᠪᠦᠸᠠᠩᠵᠢᠯ ᠪᠠᠶᠢᠰᠠ ᠲᠡᠭᠦᠨ ᠤ ᠡᠪᠦᠭᠡ ᠪᠠᠯᠵᠤᠷᠳᠤᠷᠵᠢ ᠪᠤᠯᠤᠨ ᠡᠴᠢᠭᠡ | ᠲᠠᠭᠳᠠᠨᠫᠤᠨᠴᠠᠭ ᠨᠠᠷ ᠤᠨ ᠰᠠᠨᠠᠭ᠎ᠠ ᠵᠤᠷᠢᠯᠳᠠ ᠶᠢ ᠬᠦᠰᠡᠷᠳᠡᠭᠦᠯᠦᠯ ᠦᠭᠡᠢ ᠠᠭᠸᠠᠩᠯᠤᠪᠰᠠᠩᠳᠠᠮᠪᠢᠵᠠᠯᠽᠠᠨ ᠢ ᠪᠢᠰᠢᠷᠡᠨ | ᠰᠢᠳᠤᠵᠤ᠂ ᠬᠤᠷᠠᠯ ᠨᠤᠮ᠂ ᠰᠠᠩ ᠵᠢᠰᠠ ᠶᠢ ᠪᠦᠷᠢᠯᠳᠤᠭᠦᠯᠦᠨ ᠰᠦᠮ᠎ᠡ ᠲᠤᠭᠠᠩ ᠢ ᠦᠷᠭᠡᠳᠬᠡᠨ ᠪᠠᠶᠢᠭᠤᠯᠵᠤ | ᠪᠠᠶᠢᠭᠰᠠᠨ ᠨᠢ ᠢᠯᠡᠬᠡᠨ ᠬᠠᠷᠠᠭᠳᠠᠨ᠎ᠠ᠃ ᠤᠳᠤ ᠶᠢᠨ ᠪᠠᠶᠢᠰᠠ ᠶᠢᠨ ᠰᠦᠮ᠎ᠡ ᠶᠢᠨ ︽ᠵᠤᠤ ᠶᠢᠨ ᠰᠦᠮ᠎ᠡ︾ ︵ | ᠪᠤᠶᠠᠨ ᠰᠠᠶᠢᠨ ᠬᠡᠶᠢᠳ︶ ︽ᠮᠢᠩᠭᠠᠨ ᠪᠤᠷᠬᠠᠨ ᠤ ᠰᠦᠮ᠎ᠡ︾ ︵ᠪᠤᠶᠠᠨ ᠢ ᠬᠤᠷᠢᠶᠠᠭᠴᠢ ᠰᠦᠮ᠎ᠡ︶ ᠵᠡᠷᠭᠡ ᠰᠦᠮ᠎ᠡ | ᠲᠤᠭᠠᠩ ᠤᠳ ᠨᠢ ᠴᠦᠮ ᠲᠡᠷᠡ ᠦᠶ᠎ᠡ ᠳᠤ ᠪᠠᠶᠢᠭᠤᠯᠤᠭᠳᠠᠵᠠᠢ᠃ | ᠭᠤᠮᠪᠦᠸᠠᠩᠵᠢᠯ ᠪᠠᠶᠢᠰᠠ ᠪᠠᠷ᠂ ᠵᠦᠪᠬᠡᠨ ᠰᠦᠮ᠎ᠡ ᠲᠤᠭᠠᠩ ᠪᠠᠶᠢᠭᠤᠯᠵᠤ ᠪᠤᠰᠬᠠᠬᠤ ᠦᠢᠯᠡᠰ ᠲᠤ ᠯᠠ | ᠮᠡᠷᠡᠶᠢᠨ ᠵᠢᠳᠬᠦᠭᠰᠡᠨ ᠪᠢᠰᠢ᠂ ᠠᠷᠪᠠᠨ ᠲᠦᠷᠪᠡᠲᠦᠭᠡᠷ ᠷᠠᠪᠵᠤᠩ ᠤᠨ ᠠᠷᠪᠠᠨ ᠨᠢᠭᠡᠳᠤᠭᠡᠷ ᠭᠠᠯ ᠦᠬᠡᠷ ᠵᠢᠯ ︵ | 1817 ᠤᠨ ᠤᠨ ᠤᠯᠠᠭᠴᠢᠨ ᠦᠬᠡᠷ ᠵᠢᠯ︶ ᠪᠢᠯᠢᠭ ᠤᠨ ᠤᠯᠠᠷᠢᠯ ᠤᠨ ᠲᠦᠷᠪᠡᠲᠦᠭᠡᠷ ᠰᠠᠷ᠎ᠠ ᠶᠢᠨ ᠰᠢᠨ᠎ᠠ ᠶᠢᠨ | ᠰᠠᠶᠢᠨ ᠡᠳᠦᠷ᠂ ᠵᠠᠩᠯᠤᠩ ᠠᠷᠢᠶ᠎ᠠ ᠪᠠᠨᠳᠢᠳᠠ ᠠᠭᠸᠠᠩᠯᠤᠪᠰᠠᠩᠳᠠᠮᠪᠢᠵᠠᠯᠽᠠᠨ ᠤ ᠠᠶᠢᠯᠠᠳᠬᠠᠯ ᠢᠶᠠᠷ ︽ᠮᠤᠩᠭᠤᠯ | ᠤᠷᠤᠨ᠎ᠠ ᠱᠠᠰᠢᠨ ᠲᠦᠷᠦ ᠲᠤᠭᠳᠠᠭᠰᠠᠨ ᠶᠤᠰᠤᠨ ᠤ ᠰᠠᠶᠢᠳᠤᠷ ᠦᠭᠦᠯᠡᠭᠰᠡᠨ ᠲᠤᠩᠭᠠᠯᠠᠭ ᠤᠬᠠᠭᠠᠨᠳᠤ ᠵᠠᠯᠠᠭᠤᠰ ᠤᠨ | ᠬᠤᠭᠤᠯᠠᠢ ᠶᠢᠨ ᠴᠢᠮᠡᠭ ᠲᠤᠨᠤᠮᠠᠯ ᠭᠡᠷᠡᠯᠳᠤ ᠠᠯᠳᠠᠨ ᠡᠷᠢᠬᠡ︾ ︵ᠡᠷᠳᠡᠮᠳᠡᠳ ᠪᠠᠰᠠ ᠨᠠ ᠲᠠ ᠶᠢᠨ ︽ᠠᠯᠳᠠᠨ | ᠡᠷᠢᠬᠡ︾ ᠭᠡᠵᠤ ᠨᠡᠷᠡᠯᠡᠳᠡᠭ︶ ᠬᠡᠮᠡᠬᠦ ᠨᠢᠭᠡᠨ ᠢᠵᠢ ᠱᠠᠰᠢᠨ ᠲᠡᠤᠬᠡ ᠶᠢᠨ ᠵᠤᠬᠢᠶᠠᠯ ᠠᠴᠠ ᠲᠤᠭᠤᠷᠪᠢᠭᠰᠠᠨ ᠠᠴᠠ ︽ | ᠨᠤᠮᠴᠢ ᠪᠠᠶᠢᠰᠠ︾ ᠬᠡᠮᠡᠨ ᠠᠯᠳᠠᠷᠰᠢᠵᠠᠢ᠃ ᠭᠤᠮᠪᠦᠸᠠᠩᠵᠢᠯ ᠪᠠᠶᠢᠰᠠ ᠶᠢᠨ ︽ᠠᠯᠳᠠᠨ ᠡᠷᠢᠬᠡ︾ ᠬᠡᠮᠡᠬᠦ | ᠵᠤᠬᠢᠶᠠᠯ ᠠᠩᠬ᠎ᠠ ᠵᠤᠬᠢᠶᠠᠭᠳᠠᠭᠰᠠᠨ ᠦᠶ᠎ᠡ ᠠᠴᠠ ᠪᠠᠨ ᠭᠠᠷ ᠪᠢᠴᠢᠮᠡᠯ ᠢᠶᠠᠷ ᠮᠤᠩᠭᠤᠯ ᠤᠷᠤᠨ ᠠᠴᠠ ᠪᠠᠷᠠᠭᠤᠨ | ᠡᠸᠦ᠋ᠷᠦᠫᠡ ᠬᠦᠷᠳᠡᠯ᠎ᠡ ᠤᠯᠠᠮᠵᠢᠯᠠᠭᠳᠠᠵᠤ᠂ 1991 ᠤᠨ ᠳᠤ᠂ ᠦᠪᠦᠷ ᠮᠤᠩᠭᠤᠯ ᠤᠨ ᠨᠠᠶᠢᠭᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠴᠤᠶᠢᠵᠢ ᠠᠪᠤᠭᠠᠢ ᠲᠤᠯᠭᠠᠨ ᠬᠠᠷᠢᠴᠠᠭᠤᠯᠵᠤ ᠲᠠᠶᠢᠯᠪᠤᠷᠢᠯᠠᠨ ᠬᠡᠪᠯᠡᠭᠦᠯᠦᠭᠡᠳ | ᠤᠩᠰᠢᠭᠴᠢ ᠰᠤᠳᠤᠯᠤᠭᠴᠢᠳ ᠤᠨ ᠬᠦᠷᠳᠡᠭᠡᠯ ᠪᠤᠯᠤᠭᠰᠠᠨ ᠶᠤᠮ᠃ | ᠨᠤᠮᠴᠢ ᠪᠠᠶᠢᠰᠠ ᠭᠤᠮᠪᠦᠸᠠᠩᠵᠢᠯ ᠮᠤᠩᠭᠤᠯ᠂ ᠮᠠᠨᠵᠤ᠂ ᠲᠦᠪᠡᠳ᠂ ᠬᠢᠳᠠᠳ ᠦᠰᠦᠭ ᠪᠢᠴᠢᠭ | ᠮᠡᠳᠡᠳᠡᠭ ᠲᠡᠤᠬᠡᠴᠢ ᠬᠦᠮᠦᠨ ᠪᠠᠶᠢᠭᠰᠠᠨ ᠭᠡᠳᠡᠭ ᠢ ᠲᠡᠭᠦᠨ ᠤ ︽ᠠᠯᠳᠠᠨ ᠡᠷᠢᠬᠡ︾ ᠶᠢ ᠵᠤᠬᠢᠶᠠᠬᠤ ᠳᠠᠭᠠᠨ | ᠠᠰᠢᠭᠯᠠᠭᠰᠠᠨ ᠰᠤᠷᠪᠤᠯᠵᠢ ᠪᠢᠴᠢᠭ ᠤᠨ ᠬᠡᠷᠡᠭᠯᠡᠳᠡᠭᠦᠨ ᠪᠠ ᠲᠡᠭᠦᠨ ᠤ ᠤᠷᠴᠢᠭᠤᠯᠤᠭᠰᠠᠨ ᠵᠤᠬᠢᠶᠠᠯ ᠠᠴᠠ ᠨᠢ | ᠮᠡᠳᠡᠵᠤ ᠪᠤᠯᠤᠨ᠎ᠠ᠃ ᠨᠡᠩ ᠴᠤ ᠲᠡᠭᠦᠨ ᠤ ᠦᠷᠭᠡᠨ ᠮᠡᠳᠡᠯᠭᠡ ᠲᠠᠢ ᠲᠡᠤᠬᠡᠴᠢ᠂ ᠦᠨᠳᠦᠷ ᠲᠦᠪᠰᠢᠨ ᠲᠠᠢ ᠢᠷᠠᠭᠤ | ᠨᠠᠶᠢᠷᠠᠭᠴᠢ ᠪᠠᠶᠢᠭᠰᠠᠨ ᠨᠢ ︽ᠠᠯᠳᠠᠨ ᠡᠷᠢᠬᠡ︾ ᠶᠢᠨ ᠲᠠᠬᠢᠯ ᠵᠠᠯᠪᠢᠷᠢᠯ ᠰᠢᠯᠤᠭ᠌ ᠤᠳ ᠠᠴᠠ ᠭᠠᠳᠠᠷᠯᠠᠭᠳᠠᠨ᠎ᠠ᠃ | ᠴᠤᠶᠢᠵᠢ ᠠᠪᠤᠭᠠᠢ ᠶᠢᠨ ᠮᠡᠳᠡᠭᠡᠯᠡᠭᠰᠡᠨ ᠢᠶᠠᠷ ᠭᠤᠮᠪᠦᠸᠠᠩᠵᠢᠯ ᠤᠨ ︽ᠠᠯᠳᠠᠨ ᠡᠷᠢᠬᠡ︾ ᠶᠢᠨ ᠭᠠᠷ ᠪᠢᠴᠢᠮᠡᠯ ᠲᠡᠪᠲᠡᠷ | ᠤᠳ ᠨᠢ ᠤᠳᠤ ᠮᠤᠩᠭᠤᠯ ᠤᠨ ᠭᠠᠨᠳᠠᠨ ᠬᠡᠶᠢᠳ ᠤᠨ ᠨᠤᠮ ᠤᠨ ᠰᠠᠩ᠂ ᠦᠪᠦᠷ ᠮᠤᠩᠭᠤᠯ ᠤᠨ ᠨᠠᠶᠢᠭᠡᠮ ᠤᠨ | ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠤᠨ ᠰᠠᠩ ᠳᠤ ᠪᠦᠷᠢᠨ ᠪᠦᠳᠦᠨ ᠬᠠᠭᠤᠯᠪᠦᠷᠢ ᠲᠡᠪᠳᠡᠷ ᠢᠶᠠᠷ | ᠬᠠᠳᠠᠭᠠᠯᠠᠭᠳᠠᠵᠤ ᠪᠠᠶᠢᠬᠤ ᠠᠴᠠ ᠭᠠᠳᠠᠨ᠎ᠠ᠂ ᠳ᠋ᠧᠮᠠᠷᠺ ᠤᠯᠤᠰ ᠤᠨ ᠺᠦ᠋ᠪᠧᠬᠠᠭ᠍ᠸᠠ ᠬᠤᠳᠠᠨ ᠤ ᠬᠠᠭᠠᠨ ᠤ ᠤᠷᠳᠤᠨ ᠤ | ᠨᠤᠮ ᠤᠨ ᠰᠠᠩ ᠳᠤ ᠠᠳᠠᠯᠢ ᠪᠤᠰᠤ ᠶᠢᠨ ᠭᠤᠷᠪᠠᠨ ᠬᠠᠭᠤᠯᠪᠤᠷᠢ ︵ᠬᠠᠭᠤᠳᠠᠰᠤ ᠲᠤᠳᠠᠭᠤ︶ ᠪᠠᠶᠢᠳᠠᠭ ᠪᠠ ᠦᠪᠦᠷ | ᠮᠤᠩᠭᠤᠯ ᠤᠨ ᠨᠤᠮ ᠤᠨ ᠰᠠᠩ ᠳᠤ ᠪᠠᠰᠠ ᠨᠢᠭᠡᠨ ᠬᠤᠪᠢ ᠬᠠᠭᠤᠳᠠᠰᠤ ᠲᠤᠳᠠᠭᠤ ᠬᠠᠭᠤᠯᠪᠤᠷᠢ ᠲᠡᠪᠲᠡᠷ | ᠬᠠᠳᠠᠭᠠᠯᠠᠭᠳᠠᠵᠤ ᠪᠠᠶᠢᠳᠠᠭ ᠠᠵᠠᠢ᠃ | ︽ᠲᠤᠮᠳᠠᠳᠤ ᠤᠯᠤᠰ ᠤᠨ ᠡᠷᠳᠡᠨ ᠤ ᠮᠤᠩᠭᠤᠯ ᠨᠤᠮ ᠪᠢᠴᠢᠭ ᠤᠨ ᠶᠡᠷᠦᠩᠬᠡᠢ ᠭᠠᠷᠴᠠᠭ︾ ᠲᠤ | ᠲᠡᠮᠳᠡᠭᠯᠡᠭᠳᠡᠭᠰᠡᠨ ︽ᠠᠯᠳᠠᠨ ᠡᠷᠢᠬᠡ︾ ᠶᠢᠨ ᠬᠠᠳᠠᠭᠠᠯᠠᠮᠵᠢ ᠶᠢ ᠬᠢᠨᠠᠬᠤᠯᠠ᠂ ᠤᠳᠤ ᠦᠪᠦᠷ ᠮᠤᠩᠭᠤᠯ ᠤᠨ ᠨᠡᠶᠢᠭᠡᠮ | ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠨᠤᠮ ᠪᠢᠴᠢᠭ ᠮᠡᠳᠡᠭᠡ ᠵᠠᠩᠭᠢ ᠶᠢᠨ ᠲᠦᠪ ᠲᠤ ᠨᠢᠭᠡᠨ ᠬᠤᠪᠢ ︽ | ᠮᠤᠩᠭᠤᠯ ᠤᠷᠤᠨ᠎ᠠ ᠱᠠᠰᠢᠨ ᠲᠦᠷᠦ ᠲᠤᠭᠳᠠᠭᠰᠠᠨ ᠶᠤᠰᠤᠨ ᠢ ᠰᠠᠶᠢᠳᠤᠷ ᠦᠭᠦᠯᠡᠭᠰᠡᠨ ᠲᠤᠩᠭᠠᠯᠠᠭ ᠤᠬᠠᠭᠠᠨᠳᠤ | ᠵᠠᠯᠠᠭᠤᠰ ᠤᠨ ᠬᠤᠭᠤᠯᠠᠢ ᠶᠢᠨ ᠴᠢᠮᠡᠭ ᠲᠤᠨᠤᠮᠡᠯ ᠬᠡᠷᠡᠯᠳᠤ ᠠᠯᠳᠠᠨ ᠡᠷᠢᠬᠡ ᠬᠡᠮᠡᠭᠳᠡᠬᠦ︾ ᠨᠠ ᠲᠠ ᠶᠢᠨ ᠪᠢᠴᠢᠭᠰᠡᠨ᠂ | ᠴᠢᠩ ᠤᠯᠤᠰ ᠤᠨ ᠲᠤᠮᠳᠠᠴᠢ ᠦᠶ᠎ᠡ ᠶᠢᠨ ᠦᠰᠦᠨ ᠪᠢᠷ ᠤᠨ ᠪᠢᠴᠢᠮᠡᠯ ᠤᠳᠠᠰᠤᠨ ᠦᠳᠡᠮᠡᠯ 3 ᠲᠡᠪᠳᠡᠷ᠂ | 23×11.4cm ︵ᠡᠨᠡ ᠲᠡᠪᠳᠡᠷ ᠤᠨ ᠬᠡᠮᠵᠢᠶ᠎ᠡ ᠨᠢ ᠴᠤᠶᠢᠵᠢ ᠪᠠᠭᠰᠢ ᠶᠢᠨ ᠬᠡᠮᠵᠢᠯᠳᠡ ᠲᠠᠢ ᠵᠢᠭᠠᠬᠠᠨ ᠵᠦᠷᠢᠶ᠎ᠡ | ᠲᠠᠢ ᠪᠠᠶᠢᠨ᠎ᠠ︶ ᠪᠠᠶᠢᠳᠠᠭ ᠪᠦᠭᠡᠳ ᠲᠡᠭᠦᠨ ᠢ 1959 ᠤᠨ ᠳᠤ ᠤᠷᠠᠳ ᠤᠨ ᠮᠡᠷᠭᠡᠨ ᠰᠦᠮ᠎ᠡ ᠠᠴᠠ ᠤᠯᠵᠤ | ᠠᠪᠴᠢᠷᠠᠭᠰᠠᠨ ᠪᠠᠶᠢᠵᠠᠢ᠃ ᠲᠤᠰ ︽ᠠᠯᠳᠠᠨ ᠡᠷᠢᠬᠡ︾ ᠶᠢᠨ ᠴᠠᠬᠢᠯᠭᠠᠨ ᠪᠠᠭᠤᠯᠭᠠᠪᠤᠷᠢ ᠨᠢ ᠲᠤᠮᠳᠡᠳᠤ ᠤᠯᠤᠰ ᠤᠨ | ᠨᠤᠮ ᠤᠨ ᠰᠠᠩ᠂ ᠦᠪᠦᠷ ᠮᠤᠩᠭᠤᠯ ᠤᠨ ᠬᠦᠯᠦᠨ ᠪᠤᠶᠢᠷ ᠬᠤᠳᠠ ᠶᠢᠨ ᠰᠢᠨ᠎ᠠ ᠪᠠᠷᠭᠤ ᠵᠠᠭᠦᠨ ᠬᠤᠰᠢᠭᠤᠨ ᠤ ᠨᠤᠮ | ᠤᠨ ᠰᠠᠩ᠂ ᠰᠢᠯᠢ ᠶᠢᠨ ᠭᠤᠤᠯ ᠠᠶᠢᠮᠠᠭ ᠤᠨ ᠵᠠᠭᠦᠨ ᠦᠵᠦᠮᠦᠴᠢᠨ ᠬᠤᠰᠢᠭᠤᠨ ᠤ ᠨᠤᠮ ᠤᠨ ᠰᠠᠩ᠂ ᠦᠪᠦᠷ | ᠮᠤᠩᠭᠤᠯ ᠤᠨ ᠦᠨᠳᠦᠰᠤᠳᠡᠨ ᠤ ᠪᠠᠭᠰᠢ ᠶᠢᠨ ᠲᠡᠭᠡᠲᠦ ᠰᠤᠷᠭᠠᠭᠤᠯᠢ ᠶᠢᠨ ᠨᠤᠮ ᠤᠨ ᠰᠠᠩ ᠨᠤᠭᠤᠳ ᠬᠠᠳᠠᠭᠠᠯᠠᠵᠤ | ᠪᠠᠶᠢᠨ᠎ᠠ᠃ | ᠦᠪᠦᠷ ᠮᠤᠩᠭᠤᠯ ᠤᠨ ᠦᠪᠡᠷᠳᠡᠭᠡᠨ ᠵᠠᠰᠠᠬᠤ ᠤᠷᠤᠨ ᠤ ᠨᠤᠮ ᠤᠨ ᠰᠠᠩ ᠳᠤ ᠮᠥᠨ ᠠᠳᠠᠯᠢ ᠭᠠᠷᠴᠠᠭ | ᠲᠠᠢ ᠪᠦᠷᠢᠨ ᠪᠤᠰᠤ ᠬᠠᠭᠤᠯᠤᠮᠠᠯ 2 ᠲᠡᠪᠳᠡᠷ ︵33×20.7cm᠂ 22×20.5cm︶ ᠪᠤᠢ᠃ ⑥ | ᠦᠪᠦᠷ ᠮᠤᠩᠭᠤᠯ ᠤᠨ ᠶᠡᠭᠡ ᠰᠤᠷᠭᠠᠭᠤᠯᠢ ᠤᠨ ᠨᠤᠮ ᠤᠨ ᠰᠠᠩ ᠳᠤ᠂ ᠳ᠋ᠧᠮᠠᠷᠺ ᠤᠨ ᠺᠦ᠋ᠪᠧᠬᠠᠭ᠍ᠸᠠ ᠤ ᠬᠠᠭᠠᠨ ᠤ | ᠨᠤᠮ ᠤᠨ ᠰᠠᠩ ᠳᠤ ᠬᠠᠳᠠᠭᠠᠯᠠᠵᠤ ᠪᠤᠢ ︽ᠠᠯᠳᠠᠨ ᠡᠷᠢᠬᠡ︾ ᠶᠢᠨ ᠲᠦᠷᠪᠡᠨ ᠬᠤᠪᠢ ᠪᠢᠴᠢᠯ ᠹᠢᠯᠢᠮ ᠨᠤᠭᠤᠳ | ᠬᠠᠳᠠᠭᠠᠯᠠᠭᠳᠠᠵᠤ ᠪᠠᠶᠢᠨ᠎ᠠ᠃ ⑦ ᠭᠤᠮᠪᠦᠸᠠᠩᠵᠢᠯ ᠤᠨ ︽ᠠᠯᠳᠠᠨ ᠡᠷᠢᠬᠡ︾ ᠪᠤᠯ ᠤᠷᠠᠨ ᠰᠠᠶᠢᠬᠠᠨ ᠬᠡᠯᠡᠯᠭᠡ | ᠪᠠᠷ ᠪᠢᠴᠢᠭᠰᠡᠨ ᠨᠢᠭᠡᠨ ᠢᠵᠢ ᠮᠤᠩᠭᠤᠯ ᠱᠠᠰᠢᠨ ᠲᠡᠤᠬᠡ ᠶᠢᠨ ᠬᠤᠪᠤᠷᠬᠠᠨ ᠵᠤᠬᠢᠶᠠᠯ ᠶᠤᠮ᠃ ᠵᠤᠬᠢᠶᠠᠭᠴᠢ ᠠᠴᠠ | ᠨᠤᠮ ᠤᠨ ᠢᠶᠠᠨ ᠺᠦ᠋ᠯᠪᠦᠨ ᠳᠤ ︽ᠤᠤᠷ ᠮᠤᠩᠭᠤᠯ ᠤᠷᠤᠨ ᠵᠦᠭ ᠲᠤᠷ ᠬᠠᠭᠠᠨ ᠲᠦᠷᠦ ᠰᠠᠶᠢᠳᠤᠷ ᠲᠤᠭᠳᠠᠭᠰᠠᠨ | ᠯᠤᠭ᠎ᠠ ᠬᠠᠭᠠᠳ ᠤᠨ ᠴᠠᠳᠢᠭ᠂ ᠢᠯᠭᠤᠭᠰᠠᠨ ᠱᠠᠰᠢᠨ ᠡᠷᠳᠡᠨᠢ ᠴᠢᠬᠤᠯᠠ ᠤᠷᠤᠰᠢᠭᠰᠠᠨ ᠯᠤᠭ᠎ᠠ ᠱᠠᠰᠢᠨ ᠪᠠᠷᠢᠭᠴᠢᠳ | ᠤᠨ ᠵᠤᠬᠢᠶᠠᠯ ᠰᠠᠯᠳᠠᠰ ᠮᠤᠩᠭᠤᠯ ᠦᠰᠦᠭ ᠤᠨ ᠲᠤᠳᠤᠷᠬᠠᠢ ᠲᠡᠯᠭᠡᠷᠡᠩᠭᠦᠢ ᠲᠡᠤᠬᠡ ᠨᠢᠭᠡᠨ ᠢ ᠬᠦᠰᠡᠵᠤ᠂ ᠭᠤᠷᠪᠠᠨ | ᠴᠠᠭ ᠤᠨ ᠰᠠᠶᠢᠪᠠᠷ ᠠᠵᠢᠶᠠᠷᠠᠭᠰᠠᠳ ᠤᠨ ᠮᠥᠨ ᠴᠢᠨᠠᠷ᠂ ᠡᠨᠡ ᠵᠦᠭ ᠤᠨ ᠠᠮᠢᠳᠠᠨ ᠤ ᠭᠠᠭᠴᠠ ᠬᠦ ᠠᠪᠤᠷᠠᠯ ᠢᠳᠡᠭᠡᠯ | ᠂ ᠰᠢᠷ᠎ᠠ ᠶᠢᠨ ᠱᠠᠰᠢᠨ ᠢ ᠭᠡᠶᠢᠭᠦᠯᠦᠭᠴᠢ ᠠᠷᠬᠢᠶᠠ ᠪᠠᠨᠳᠢᠳᠠ ᠬᠠᠮᠪᠦ ᠬᠡᠮᠡᠨ ᠭᠠᠶᠢᠬᠠᠮᠰᠢᠭᠲᠤ ᠠᠯᠳᠠᠷ ᠤᠨ ᠪᠠᠵᠠᠳ | ᠢᠶᠠᠨ ᠬᠠᠯᠬ᠎ᠠ ᠶᠢᠨ ᠲᠦᠷᠪᠡᠨ ᠠᠶᠢᠮᠠᠭ ᠪᠠ ᠦᠪᠦᠷ ᠲᠦᠴᠢ ᠶᠢᠰᠦ ᠲᠡᠷᠢᠭᠦᠳᠡᠨ ᠵᠦᠭ ᠪᠦᠬᠦᠨ᠎ᠠ ᠲᠠᠬᠢᠨ ᠪᠦᠭᠡᠳ | ᠰᠠᠶᠢᠳᠤᠷ ᠨᠠᠶᠢᠭᠤᠯᠵᠢᠭᠤᠯᠤᠨ ᠸᠴᠢᠷ ᠳ᠋ᠾᠠᠷᠠ ᠪᠤᠭᠳᠠ ᠭᠡᠭᠡᠨ ᠲᠠᠨ᠎ᠠ ᠵᠤᠬᠢᠶᠠᠨ ᠦᠷᠦᠰᠢᠶᠡᠬᠦᠢ ᠶᠢ ᠠᠶᠢᠯᠠᠳᠬᠠᠨ | ᠦᠴᠢᠭᠰᠡᠨ ᠳᠤᠷ ᠲᠡᠭᠡᠳᠦ ᠲᠠᠭᠠᠯᠠᠯ ᠳᠤᠷ ᠠᠨᠬᠤᠭᠤᠯᠤᠭᠰᠠᠨ ᠮᠡᠳᠤ ᠪᠤᠯᠪᠠᠴᠤ᠂ ᠦᠶᠡᠰ ᠡᠭᠦᠨ᠎ᠡ ᠰᠠᠶᠢᠨ ᠨᠤᠮᠯᠠᠯ | ᠤᠨ ᠡᠷᠬᠢᠮ ᠴᠠᠳᠢᠭ ᠨᠤᠮᠯᠠᠬᠤ ᠴᠠᠭ ᠪᠤᠰᠤ ᠶᠢ ᠲᠠᠭᠠᠯᠠᠭᠰᠠᠨ ᠪᠤᠶᠤ᠃ ᠶᠠᠭᠤᠨ ᠬᠠᠷᠢᠨ ᠭᠡᠳᠡᠷᠬᠦ ᠲᠠᠩᠬᠠᠢ ᠲᠡᠨᠡᠭ | ᠱᠠᠪᠢ ᠨᠠᠮᠠᠢᠢ ᠪᠢᠴᠢᠳᠤᠬᠡᠢ ᠬᠡᠮᠡᠨ ᠪᠤᠱᠤᠭ ᠠᠶᠢᠯᠠᠳᠤᠭᠰᠠᠨ ᠢ ᠬᠠᠷᠢᠭᠤᠯᠤᠨ ᠶᠠᠳᠠᠭᠠᠳ᠂ ᠪᠦᠳᠦᠭᠡᠯ ᠤᠨ ᠲᠠᠬᠢᠯ | ᠪᠤᠯᠭᠠᠨ ᠬᠦᠯᠢᠶᠡᠵᠤ ᠲᠤᠭᠤᠷᠪᠢᠬᠤ ᠨᠢᠭᠡᠨ ᠪᠤᠯᠤᠭᠠᠳ᠂ ᠮᠤᠩᠭᠤᠯ ᠬᠠᠳ ᠤᠨ ᠨᠤᠮ ᠪᠢᠴᠢᠭ᠂ ᠮᠠᠨᠵᠤ ᠮᠤᠩᠭᠤᠯ | ᠠᠯᠢᠨ ᠤᠯᠳᠠᠭᠰᠠᠨ ᠪᠠ ᠪᠤᠭᠳᠠ ᠯᠠᠮᠠ ᠨᠠᠷ ᠤᠨ ᠴᠠᠳᠢᠭ ᠲᠦᠪᠡᠳ ᠮᠤᠩᠭᠤᠯ ᠰᠤᠳᠤᠷ ᠰᠡᠯᠳᠡᠰ ᠠᠴᠠ ᠮᠡᠳᠡᠬᠦ | ᠴᠢᠨᠡᠭᠡᠪᠡᠷ ᠲᠡᠭᠦᠵᠤ ᠬᠤᠶᠢᠯᠠᠭᠤᠯᠤᠨ ᠪᠢᠴᠢᠭᠰᠡᠨ ︽ᠮᠤᠩᠭᠤᠯ ᠤᠷᠤᠨ᠎ᠠ ᠱᠠᠰᠢᠨ ᠲᠦᠷᠦ ᠲᠤᠭᠳᠠᠭᠰᠠᠨ ᠶᠤᠰᠤᠨ ᠢ | ᠰᠠᠶᠢᠳᠤᠷ ᠦᠭᠦᠯᠡᠭᠰᠡᠨ ᠲᠤᠩᠭᠠᠯᠠᠭ ᠤᠬᠠᠭᠠᠨᠳᠤ ᠵᠠᠯᠠᠭᠤᠰ ᠤᠨ ᠬᠤᠭᠤᠯᠠᠢ ᠶᠢᠨ ᠴᠢᠮᠡᠭ᠂ ᠲᠤᠨᠤᠮᠡᠯ ᠬᠡᠷᠡᠯᠳᠦ | ᠠᠯᠳᠠᠨ ᠡᠷᠢᠬᠡ︾ ᠬᠡᠮᠡᠭᠳᠡᠬᠦ ᠡᠭᠦᠨ ᠢ ᠦᠢᠯᠡᠳᠦᠭᠴᠢ ᠠᠨᠤ ᠮᠥᠨ ᠬᠦ ᠸᠴᠢᠷ ᠳ᠋ᠾᠠᠷᠠ ᠪᠠᠨᠳᠢᠳᠠ ᠪᠤᠭᠳᠠ ᠡᠷᠳᠡᠨᠢ ᠶᠢᠨ | ᠭᠡᠭᠡᠨ ᠤ ᠱᠠᠪᠢ ᠪᠦᠭᠡᠳ ᠦᠭᠯᠢᠭᠡ ᠶᠢᠨ ᠡᠵᠡᠨ ᠤ ᠠᠳᠠᠭ ᠭᠤᠸᠠᠩ ᠨᠢᠩ ᠸᠠᠩ ᠪᠦᠬᠡ ᠡᠵᠡᠨ ᠤ ᠬᠤᠷᠢᠨ | ᠵᠢᠷᠭᠤᠳᠤᠭᠠᠷ ᠦᠶ᠎ᠡ ᠶᠢᠨ ᠠᠴᠢ᠂ ᠬᠡᠷᠡᠭᠳᠦ ᠨᠤᠮ ᠤᠨ ᠵᠠᠬ᠎ᠠ ᠲᠡᠳᠦᠢ ᠠᠴᠠ ᠡᠰᠡ ᠰᠤᠷᠤᠯᠴᠠᠭᠠᠳ᠂ ᠬᠡᠷᠡᠭ ᠦᠭᠡᠢ | ᠤᠯᠠᠨ ᠦᠭᠡ ᠲᠡᠷᠢᠭᠦᠳᠡᠨ ᠢᠶᠠᠷ ᠴᠠᠭ ᠢ ᠨᠦᠭᠴᠢᠭᠡᠭᠰᠡᠨ᠂ ᠵᠠᠭᠦᠨ ᠠᠪᠠᠭ᠋ᠠᠨᠠᠷ ᠤᠨ ᠠᠷᠬᠢᠶᠠ ᠡᠪᠦᠭᠡᠨ ᠨᠠ ᠲᠠ | ᠨᠠᠷᠠᠳᠤ ᠪᠠᠷ ᠠᠷᠪᠠᠨ ᠲᠦᠷᠪᠠᠳᠦᠭᠡᠷ ᠰᠠᠶᠢᠳᠤᠷ ᠭᠠᠷᠤᠭᠰᠠᠨ ᠤ ᠠᠷᠪᠠᠨ ᠨᠢᠭᠡᠳᠦᠭᠡᠷ ᠭᠠᠯ ᠦᠬᠡᠷ ᠵᠢᠯ ᠤᠨ ᠰᠠᠺᠡ | ᠰᠠᠷ᠎ᠠ ᠶᠢᠨ ᠰᠠᠶᠢᠨ ᠡᠳᠦᠷ ᠪᠢᠴᠢᠪᠡ︾ ⑧ ᠬᠡᠮᠡᠨ ᠲᠤᠰ ᠲᠡᠤᠬᠡ ᠶᠢ ᠪᠠᠨᠳᠢᠳᠠ ᠭᠡᠭᠡᠨ ᠤ ᠠᠶᠢᠯᠠᠳᠦᠯ ᠳᠤ | ᠲᠤᠯᠳᠤᠶᠢᠳᠴᠦ᠂ ᠮᠠᠨᠵᠤ᠂ ᠮᠤᠩᠭᠤᠯ᠂ ᠲᠦᠪᠡᠳ ᠬᠡᠳᠦᠨ ᠬᠡᠯᠡᠨ ᠤ ᠲᠡᠤᠬᠡ ᠰᠤᠳᠤᠷ ᠤᠳ ᠠᠴᠠ ᠲᠡᠭᠦᠵᠤ | ᠨᠠᠶᠢᠷᠠᠭᠤᠯᠤᠭᠰᠠᠨ ᠢᠶᠠᠨ ᠲᠤᠷᠠᠳᠤᠭᠰᠠᠨ ᠪᠦᠭᠡᠳ ᠦᠪᠡᠷ ᠢ ᠪᠠᠨ ᠪᠦᠬᠡ ᠪᠡᠯᠭᠦᠳᠠᠢ ᠶᠢᠨ ᠬᠤᠷᠢᠨ ᠵᠢᠷᠭᠤᠳᠤᠭᠠᠷ | ᠦᠶ᠎ᠡ ᠶᠢᠨ ᠠᠴᠢ᠂ ᠵᠡᠭᠦᠨ ᠠᠪᠠᠭ᠋ᠠᠨᠠᠷ ᠬᠤᠰᠢᠭᠤᠨ ᠤ ᠠᠷᠬᠢᠶᠠ ᠡᠪᠦᠭᠡᠨ ᠨᠠ ᠲᠠ ᠨᠠᠷᠠᠳᠤ ᠬᠡᠵᠤ | ᠲᠤᠳᠤᠷᠬᠠᠶᠢᠯᠠᠭᠠᠳ᠂ ᠵᠤᠬᠢᠶᠠᠯ ᠢᠶᠠᠨ ᠪᠢᠴᠢᠵᠤ ᠲᠡᠭᠦᠰᠭᠡᠭᠰᠡᠨ ᠤᠨ ᠰᠠᠷ᠎ᠠ ᠶᠢ ᠲᠤᠰᠢᠶᠠᠵᠠᠢ᠃ | ᠭᠤᠮᠪᠦᠸᠠᠩᠵᠢᠯ ᠢᠶᠠᠷ ᠠᠳᠡ᠂ ᠦᠪᠡᠷ ᠤᠨ ᠨᠡᠷ᠎ᠡ ᠪᠠᠨ ︽ᠨᠠ ᠲᠠ︾ ᠬᠡᠮᠡᠨ ᠭᠤᠮᠪᠦ ᠭᠡᠰᠡᠨ ᠦᠭᠡ ᠶᠢ ᠰᠠᠨᠰᠺᠠᠷᠲ | ᠢᠶᠠᠷ ᠬᠦᠷᠪᠡᠭᠦᠯᠦᠨ ᠪᠢᠴᠢᠵᠤ᠂ ᠡᠷᠳᠡᠨ ᠤ ᠮᠡᠷᠭᠡᠳ ᠤᠨ ᠬᠢᠴᠢᠶᠡᠩᠭᠦᠢ ᠲᠠᠷᠤᠦ ᠵᠠᠩᠰᠢᠯ ᠢᠶᠠᠷ ᠨᠡᠷ᠎ᠡ ᠪᠠᠨ ᠲᠠᠯᠳᠠᠯᠠᠨ | ᠪᠢᠴᠢᠭᠰᠡᠨ ᠪᠠᠶᠢᠵᠤᠬᠤᠢ᠃ ᠮᠤᠩᠭᠤᠯ ᠤᠯᠤᠰ ᠤᠨ ᠳ᠋ᠤᠺᠲ᠋ᠤᠷ᠂ ᠳ᠋᠊᠂ ᠴᠠᠷᠢᠩᠰᠤᠳᠨᠠᠮ ︽ᠠᠯᠳᠠᠨ ᠡᠷᠢᠬᠡ︾ | ᠶᠢ ︽ᠴᠤᠬᠤᠮ ᠱᠠᠰᠢᠨ ᠤ ᠲᠡᠤᠬᠡ ᠪᠢᠴᠢᠯᠭᠡ ᠶᠢᠨ ᠵᠢᠩᠬᠢᠨᠢ ᠵᠢᠰᠢᠶ᠎ᠡ ᠭᠡᠵᠤ ᠦᠵᠡᠮᠡᠷ︾ ︽ᠬᠡᠯᠡ ᠨᠠᠶᠢᠷᠠᠭᠤᠯᠭ᠎ᠠ ᠨᠢ | ᠮᠠᠰᠢ ᠡᠩ ᠤᠨ ᠠᠭᠠᠳ ᠤᠷᠠᠨ ᠢᠷᠠᠭᠤ ᠤᠴᠢᠷ ᠠᠴᠠ ᠦᠶ᠎ᠡ ᠦᠶ᠎ᠡ ᠤᠷᠠᠨ ᠵᠤᠬᠢᠶᠠᠯ ᠤᠩᠰᠢᠵᠤ ᠪᠠᠶᠢᠭ᠎ᠠ ᠶᠤᠮ | ᠰᠢᠭ᠋ ᠰᠠᠨᠠᠭᠳᠠᠨ᠎ᠠ︾᠂ ︽ᠤᠯᠠᠮᠵᠢᠯᠡᠯᠳᠤ ᠲᠤᠮᠤᠭ ᠤᠨ ᠵᠠᠷᠢᠮ ᠨᠢᠭᠡᠨ ᠡᠷᠳᠡᠨ ᠤ ᠤᠶᠢᠯᠭᠠᠯᠳᠠ ᠨᠤᠭᠤᠳ ᠢ ᠪᠤᠷᠬᠠᠨ | ᠤ ᠱᠠᠰᠢᠨ ᠤ ᠲᠤᠮᠤᠭ ᠵᠠᠩ ᠦᠢᠯᠡ ᠲᠠᠢ ᠬᠤᠯᠪᠤᠨ ᠦᠭᠦᠯᠡᠭᠰᠡᠨ ᠨᠢ ᠰᠤᠨᠢᠨ ᠰᠤᠳᠤᠨ ᠰᠠᠨᠠᠭᠳᠠᠵᠤ ᠪᠠᠶᠢᠨ᠎ᠠ︾ ᠁ | ᠬᠡᠬᠦ ᠮᠡᠳᠦ ᠪᠠᠷ ᠦᠨᠡᠯᠡᠭᠰᠡᠨ ᠪᠠᠶᠢᠳᠠᠭ ᠪᠢᠯᠡ᠃ ⑨ ᠭᠤᠮᠪᠦᠸᠠᠩᠵᠢᠯ ᠤᠨ ︽ᠠᠯᠳᠠᠨ ᠡᠷᠢᠬᠡ︾ ᠨᠢ ︽ | ᠠᠩᠬ᠎ᠠ ᠮᠤᠩᠭᠤᠯ ᠬᠠᠳ ᠤᠨ ᠠᠪᠴᠤ ᠡᠵᠡᠯᠡᠭᠰᠡᠨ ᠲᠦᠷᠦ ᠶᠢᠨ ᠤᠭ ᠪᠠ ᠬᠤᠶᠠᠳᠤᠭᠠᠷ ᠱᠠᠰᠢᠨ ᠤ ᠡᠬᠢ ᠶᠢ | ᠤᠯᠤᠭᠰᠠᠨ ᠬᠢᠭᠡᠳ ᠭᠤᠳᠠᠭᠠᠷ ᠨᠠᠩᠭᠢᠶᠠᠳ ᠤᠨ ᠲᠦᠷᠦ ᠶᠢ ᠡᠵᠡᠯᠡᠵᠤ ᠬᠠᠳ ᠤᠨ ᠦᠢᠯᠡᠰ ᠲᠡᠯᠭᠡᠷᠡᠭᠰᠡᠨ ᠤᠴᠢᠷ᠂ | ᠲᠦᠲᠡᠭᠡᠷ ᠲᠠᠢ ᠮᠢᠩ ᠤᠨ ᠲᠦᠷᠦ ᠶᠢᠨ ᠵᠠᠯᠭᠠᠮᠵᠢ ᠯᠤᠭ᠎ᠠ ᠮᠠᠨᠵᠤ ᠬᠠᠭᠠᠳ ᠶᠡᠭᠡ ᠲᠦᠷᠦ ᠶᠢ ᠡᠵᠡᠯᠡᠨ ᠮᠠᠨᠵᠦ᠂ | ᠮᠤᠩᠭᠤᠯ ᠲᠦᠷᠦ ᠨᠢᠭᠡᠨ᠎ᠡ ᠨᠡᠶᠢᠯᠡᠵᠤ ᠮᠤᠩᠭᠤᠯ ᠬᠠᠳ ᠢ ᠬᠦᠨᠳᠤᠯᠡᠬᠦ ᠵᠢᠷᠤᠮ ᠲᠤᠭᠳᠠᠭᠰᠠᠨ ᠤᠴᠢᠷ᠂ ᠲᠠᠪᠤᠳᠤᠭᠠᠷ | ᠮᠤᠩᠭᠤᠯ ᠬᠠᠭᠠᠳ ᠱᠠᠰᠢᠨ ᠢ ᠪᠠᠷᠢᠭᠴᠢᠳ ᠢ ᠵᠡᠷᠭᠡ ᠪᠠᠷ ᠵᠠᠯᠠᠵᠤ ᠦᠰᠦᠭ ᠵᠤᠬᠢᠶᠠᠨ ᠨᠤᠮ ᠤᠷᠴᠢᠭᠤᠯᠤᠭᠰᠠᠨ | ᠲᠡᠷᠢᠭᠦᠳᠡᠨ ᠁︾ ⑩ ᠢ ᠦᠭᠦᠯᠡᠭᠰᠡᠨ ᠪᠠᠶᠢᠳᠠᠭ ᠪᠤᠯᠬᠤᠷ ᠦᠨᠦ ᠶᠢᠨ ᠲᠡᠤᠬᠡ ᠰᠤᠳᠤᠯᠤᠭᠴᠢ ᠡᠷᠳᠡᠮᠳᠡᠳ | ᠲᠡᠭᠦᠨ ᠢ ᠱᠠᠰᠢᠨ ᠲᠡᠤᠬᠡ ᠶᠢᠨ ᠵᠤᠬᠢᠶᠠᠯ ᠬᠡᠵᠤ ᠦᠵᠡᠳᠡᠭ᠃ | ᠭᠤᠮᠪᠦᠸᠠᠩᠵᠢᠯ ᠢᠶᠠᠷ ᠮᠤᠩᠭᠤᠯ ᠤᠷᠤᠨ ᠳᠤ ᠪᠤᠷᠬᠠᠨ ᠤ ᠱᠠᠰᠢᠨ ᠡᠭᠦᠰᠦᠨ ᠲᠡᠯᠭᠡᠷᠡᠭᠰᠡᠨ ᠢ | ᠦᠭᠦᠯᠡᠬᠦ ᠳᠡᠭᠡᠨ ᠠᠯᠢ ᠡᠷᠳᠡ ᠤᠨ ᠲᠤᠭᠠᠯᠠᠯ ᠤᠨ ᠡᠮᠤᠨ᠎ᠠ ᠲᠤᠮᠳᠠ ᠠᠽᠢᠶ᠎ᠠ ᠶᠢᠨ ᠤᠷᠤᠨ ᠳᠤ ᠨᠢᠭᠡᠨ ᠦᠶ᠎ᠡ | ᠬᠦᠴᠦᠷᠬᠡᠭ ᠪᠠᠶᠢᠭᠰᠠᠨ ᠡᠾᠦᠩᠨᠦ ᠭᠦᠷᠦᠨ ᠲᠠᠢ ᠬᠤᠯᠪᠤᠭᠳᠠᠭᠤᠯᠤᠨ ᠦᠭᠦᠯᠡᠭᠰᠡᠨ ᠪᠦᠭᠡᠳ ᠲᠠᠶᠢᠴᠢᠩ ᠤᠯᠤᠰ ᠤᠨ | ᠬᠠᠭᠠᠳ ᠪᠠ ᠰᠢᠷ᠎ᠠ ᠶᠢᠨ ᠱᠠᠰᠢᠨ ᠤ ᠲᠡᠭᠡᠳᠦ ᠬᠤᠸᠠᠷᠠᠭ ᠨᠠᠷ ᠤᠨ ᠬᠠᠷᠢᠯᠴᠠᠭᠠᠨ ᠤ ᠲᠤᠬᠠᠢ ᠪᠢᠴᠢᠬᠦ ᠳᠡᠭᠡᠨ | ᠲᠦᠪᠡᠳ᠂ ᠮᠤᠩᠭᠤᠯ ᠨᠠᠮᠳᠠᠷ ᠴᠠᠳᠢᠭ ᠢ ᠪᠦᠷᠢᠨ ᠲᠡᠭᠦᠯᠳᠡᠷ ᠠᠰᠢᠭᠯᠠᠭᠰᠡᠨ ᠨᠢ ᠲᠠᠶᠢᠴᠢᠩ ᠤᠯᠤᠰ ᠤᠨ ᠰᠡᠭᠦᠯᠴᠢ | ᠶᠢᠨ ᠦᠶ᠎ᠡ ᠪᠠᠷ ᠪᠢᠴᠢᠭᠳᠡᠭᠰᠡᠨ ᠮᠤᠩᠭᠤᠯ ᠲᠡᠤᠬᠡ ᠶᠢᠨ ᠰᠤᠷᠪᠤᠯᠵᠢ ᠪᠢᠴᠢᠭ ᠤᠳ ᠲᠤ ᠮᠠᠰᠢ ᠴᠢᠬᠤᠯᠠ ᠮᠠᠲ᠋ᠧᠷᠢᠶᠠᠯ | ᠨᠦᠬᠦᠪᠦᠷᠢᠯᠡᠭᠰᠡᠨ ᠢᠶᠠᠷ ᠢᠶᠠᠨ ᠪᠤᠰᠤᠳ ᠠᠴᠠ ᠤᠨᠴᠠᠭᠠᠶᠢᠷᠠᠨᠠ᠃ ᠡᠭᠦᠨ ᠠᠴᠠ ᠭᠠᠳᠠᠨ᠎ᠠ ︽ᠠᠯᠳᠠᠨ ᠡᠷᠢᠬᠡ︾ ᠳᠤ | ᠮᠤᠩᠭᠤᠯ ᠬᠠᠭᠠᠳ ᠤᠨ ᠪᠤᠷᠬᠠᠨ ᠱᠠᠰᠢᠨ ᠤ ᠨᠤᠮ ᠵᠤᠬᠢᠶᠠᠯ ᠢ ᠤᠷᠴᠢᠭᠤᠯᠬᠤ᠂ ᠪᠢᠴᠢᠬᠦ ᠪᠡ ᠬᠡᠪᠯᠡᠬᠦ ᠠᠰᠠᠭᠤᠳᠠᠯ ᠢ | ᠨᠡᠯᠢᠶᠡᠳ ᠬᠦᠨᠳᠦᠳᠬᠡᠨ ᠦᠵᠡᠵᠦ ᠠᠭᠰᠠᠨ ᠲᠤᠬᠠᠢ ᠪᠠ ᠯᠢᠭᠳᠡᠨ ᠬᠠᠭᠠᠨ ᠤ ᠦᠶ᠎ᠡ ᠳᠤ ︽ᠭᠠᠨᠵᠤᠤᠷ︾ ᠢ | ᠪᠦᠷᠢᠳᠬᠡᠨ ᠤᠷᠴᠢᠭᠤᠯᠵᠤ ᠲᠡᠭᠦᠰᠬᠡᠭᠰᠡᠡᠨ ᠲᠤᠬᠠᠢ ᠪᠤᠰᠤᠳ ᠨᠤᠮ ᠰᠤᠳᠤᠷ ᠲᠤ ᠡᠰᠡ ᠬᠠᠷᠠᠭᠳᠠᠬᠤ ᠰᠤᠨᠢᠷᠬᠠᠯᠳᠠᠢ | ᠵᠦᠢᠯᠡᠰ ᠢ ᠮᠡᠳᠡᠭᠡᠯᠡᠵᠤ ᠪᠠᠶᠢᠳᠠᠭ ᠶᠤᠮ᠃ | ᠨᠤᠮᠴᠢ ᠪᠠᠶᠢᠰᠠ ᠭᠤᠮᠪᠦᠸᠠᠩᠵᠢᠯ ᠪᠠᠰᠠ ᠲᠦᠪᠡᠳ ᠬᠡᠯᠡᠨ ᠠᠴᠠ ᠨᠤᠮ ᠵᠤᠬᠢᠶᠠᠯ ᠤᠷᠴᠢᠭᠤᠯᠵᠤ | ᠪᠠᠶᠢᠭᠰᠠᠨ ᠪᠠᠶᠢᠵᠠᠢ᠃ ᠸᠠᠭᠢᠨᠳᠠᠷ᠎ᠠ ᠰᠤᠮᠠᠳᠢ ᠱᠠᠱᠢᠨᠠ ᠰᠶᠠ ᠳ᠋ᠾᠤᠸᠠᠽᠠ ︵ᠠᠭᠸᠠᠩᠯᠤᠪᠰᠠᠩᠳᠠᠮᠪᠢᠵᠠᠯᠽᠠᠨ︶ ᠶᠢᠨ ︽ | ᠤᠷᠤᠨ ᠤ ᠲᠡᠭᠡᠲᠦ ᠪᠤᠶᠠᠨ ᠢ ᠴᠤᠭᠯᠠᠷᠠᠭᠤᠯᠤᠭᠴᠢ ᠬᠡᠶᠢᠳ ᠤᠨ ᠰᠢᠳᠤᠭᠡᠨ ᠬᠢᠬᠡᠳ ᠰᠢᠳᠦᠭᠴᠢ ᠰᠠᠯᠳᠠ ᠳᠤᠷ ᠡᠷᠭᠦᠯ | ᠬᠦᠨᠳᠦᠯᠡᠯ ᠦᠢᠯᠡᠳᠦᠭᠰᠡᠨ ᠵᠡᠷᠭᠡ ᠶᠢ ᠲᠤᠬᠠᠶᠢᠯᠠᠨ ᠦᠭᠦᠯᠡᠭᠰᠡᠨ ᠭᠠᠶᠢᠬᠠᠮᠰᠢᠭᠳᠤ ᠤᠷᠤᠨ᠎ᠠ ᠵᠤᠬᠢᠶᠠᠨ ᠦᠢᠯᠡᠳᠦᠭᠴᠢ | ᠲᠡᠭᠷᠢ ᠶᠢᠨ ᠬᠦᠬᠦᠷᠬᠡ ᠬᠡᠮᠡᠭᠳᠡᠬᠦ ᠤᠷᠤᠰᠢᠪᠠ︾ ⑩ ᠬᠡᠬᠦ ᠲᠦᠪᠡᠳ ᠵᠤᠬᠢᠶᠠᠯ ᠢ ᠭᠤᠮᠪᠦᠸᠠᠩᠵᠢᠯ᠂ ᠵᠤᠬᠢᠶᠠᠭᠴᠢ | ᠶᠢᠨ ᠲᠤᠷᠠᠳᠤᠯᠭ᠎ᠠ ᠪᠠᠷ ᠤᠷᠴᠢᠭᠤᠯᠤᠭᠰᠠᠨ ᠪᠠᠶᠢᠵᠠᠢ᠃ ᠲᠡᠭᠦᠨ ᠤ ᠭᠠᠷᠭᠠᠯᠭ᠎ᠠ ᠳᠤ᠄ ︽ᠤᠷᠤᠨ ᠤ ᠲᠡᠭᠡᠳᠦ ᠪᠤᠶᠠᠨ | ᠪᠦᠬᠦᠨ ᠢ ᠴᠤᠭᠯᠠᠷᠠᠭᠤᠯᠤᠭᠴᠢ ᠬᠡᠶᠢᠳ ᠬᠢᠭᠡᠳ ᠰᠢᠳᠤᠭᠡᠨ ᠯᠦᠭᠡ ᠰᠠᠯᠳᠠ ᠳᠤᠷ ᠡᠷᠭᠦᠯ ᠬᠦᠨᠳᠦᠯᠡᠯ ᠦᠢᠯᠡᠳᠦᠭᠰᠡᠨ | ᠵᠡᠷᠭᠡ ᠶᠢ ᠲᠤᠬᠠᠶᠢᠯᠠᠨ ᠦᠭᠦᠯᠡᠭᠰᠡᠨ᠃ ᠭᠠᠶᠢᠬᠠᠮᠰᠢᠭᠳᠤ ᠤᠷᠤᠨ᠎ᠠ ᠵᠤᠬᠢᠶᠠᠨ ᠦᠢᠯᠡᠳᠦᠭᠴᠢ ᠲᠡᠭᠷᠢ ᠶᠢᠨ ᠬᠦᠬᠦᠷᠭᠡ | ᠬᠡᠮᠡᠭᠳᠡᠬᠦ ᠡᠭᠦᠨ ᠢ ᠴᠤ ᠪᠠᠨᠳᠢᠳᠠ ᠸᠠᠭᠢᠨᠳᠠᠷ᠎ᠠ ᠰᠤᠮᠠᠳᠢ ᠱᠠᠱᠢᠨᠠ ᠰᠶᠠ ᠳ᠋ᠾᠤᠸᠠᠽᠠ ᠪᠠᠷ ᠴᠢᠩ ᠤᠯᠤᠰ ᠤᠨ | ᠰᠠᠶᠢᠰᠢᠶᠠᠯᠳᠤ ᠢᠷᠦᠭᠡᠯᠳᠤ ᠬᠠᠭᠠᠨ ᠤ ᠬᠤᠷᠢᠨ ᠲᠠᠪᠤᠳᠤᠭᠠᠷ ᠤᠨ ︵1820︶ ᠤ ᠴᠠᠶᠢᠳᠠᠷ ᠤᠳᠤᠨ ᠡᠵᠡᠯᠡᠭᠰᠡᠨ | ᠰᠠᠷ᠎ᠠ ᠶᠢᠨ ᠰᠢᠨ᠎ᠠ ᠶᠢᠨ ᠰᠠᠶᠢᠨ ᠡᠳᠦᠷ ᠡᠬᠢᠯᠡᠭᠡᠳ ᠪᠠᠶᠢᠭᠤᠯᠤᠭᠰᠠᠨ ᠲᠤᠭᠠᠨ ᠤ ᠪᠢᠴᠢᠭ ᠲᠡᠷᠢᠭᠦᠳᠡᠨ ᠢ ᠲᠠᠷᠠᠭᠠᠯᠠᠨ | ᠲᠠᠯᠪᠢᠵᠤ᠂ ᠦᠢᠯᠡ ᠶᠢᠨ ᠰᠠᠭᠦᠯ ᠭᠦᠢᠴᠡᠳᠬᠦᠢ ᠶᠢ ᠲᠤᠬᠢᠶᠠᠯᠳᠤᠭᠤᠯᠤᠨ ᠯᠠᠪᠷᠤᠩ ᠦᠯᠵᠠᠶᠢᠳᠤ ᠲᠢᠶᠠᠨ ᠤ ᠪᠢᠮᠠᠨ | ᠬᠠᠷᠰᠢ ᠶᠢᠨ ᠲᠤᠳᠤᠭᠠᠳᠤ ᠤᠷᠳᠤᠨ ᠮᠠᠰᠢ ᠠᠮᠤᠷᠯᠢᠭᠰᠠᠨ ᠲᠡᠭᠦᠰ ᠵᠢᠷᠭᠠᠯᠠᠩ ᠤᠨ ᠪᠠᠶᠠᠰᠬᠤᠯᠠᠩᠳᠤ ᠴᠡᠴᠡᠷᠯᠢᠭ ᠲᠤᠷ | ᠲᠡᠭᠦᠰᠬᠡᠵᠤ ᠪᠢᠴᠢᠭᠰᠡᠨ ᠁ ᠡᠬᠦᠨ ᠢ ᠬᠤᠳᠠᠯᠠ ᠢᠯᠭᠤᠭᠰᠠᠳ ᠤᠨ ᠮᠥᠨ ᠴᠢᠨᠠᠷ᠂ ᠠᠷᠢᠶ᠎ᠠ ᠪᠠᠨᠳᠢᠳᠠ ᠭᠡᠭᠡᠨ | ᠲᠠᠨ ᠢᠶᠠᠷ ᠵᠤᠬᠢᠶᠠᠨ ᠠᠶᠢᠯᠠᠳᠤᠭᠰᠠᠨ ᠢᠶᠠᠨ ᠮᠤᠩᠭᠤᠯᠴᠢᠯᠠᠨ ᠪᠢᠴᠢᠳᠤᠬᠡᠢ ᠬᠡᠮᠡᠭᠰᠡᠨ ᠵᠠᠷᠯᠢᠭ ᠢ ᠤᠷᠤᠢ ᠲᠠᠭᠠᠨ | ᠬᠦᠯᠢᠶᠠᠵᠤ᠂ ᠮᠤᠩᠬᠠᠭ ᠤᠶᠤᠨ ᠳᠤᠷ ᠭᠠᠷᠤᠭᠰᠠᠭᠠᠷ ᠬᠦ ᠦᠭᠡᠰ ᠤᠨ ᠨᠠᠶᠢᠷ ᠢ ᠲᠠᠭᠠᠵᠤ ᠪᠢᠴᠢᠭᠡᠴᠢ ᠰᠠᠶᠢᠨ ᠪᠤᠶᠠᠨ | ᠪᠤᠯᠳᠤᠭᠠᠢ︾ ᠭᠡᠵᠡᠢ᠃ ᠴᠢᠩ ᠤᠯᠤᠰ ᠤᠨ ᠰᠠᠶᠢᠰᠢᠶᠠᠯᠳᠤ ᠢᠷᠦᠭᠡᠯᠳᠦ ᠶᠢᠨ ᠬᠤᠷᠢᠨ ᠲᠠᠪᠤᠳᠤᠭᠠᠷ ᠤᠨ ᠤ ᠮᠤᠳᠤᠨ | ᠪᠠᠷ ᠤᠨ 22 ᠬᠠᠭᠤᠳᠠᠰᠤ ᠲᠠᠢ 8.3×47cm ᠰᠤᠳᠤᠷ᠂ ᠦᠪᠦᠷ ᠮᠤᠩᠭᠤᠯ ᠤᠨ ᠦᠪᠡᠷᠳᠡᠭᠡᠨ ᠵᠠᠰᠠᠬᠤ | ᠤᠷᠤᠨ ᠤ ᠨᠤᠮ ᠤᠨ ᠰᠠᠩ᠂ 1 — 18 ᠬᠠᠭᠤᠳᠠᠰᠤ ᠶᠢᠨ ᠮᠥᠨ ᠰᠤᠳᠤᠷ᠂ ᠦᠪᠦᠷ ᠮᠤᠩᠭᠤᠯ ᠤᠨ ᠨᠡᠶᠢᠭᠡᠮ | ᠤᠨ ᠰᠢᠨᠵᠢᠯᠡᠬᠦ ᠤᠬᠠᠭᠠᠨ ᠤ ᠬᠦᠷᠢᠶᠡᠯᠡᠭ ᠤᠨ ᠨᠤᠮ ᠪᠢᠴᠢᠭ ᠮᠡᠳᠡᠭᠡ ᠵᠠᠩᠬᠢ ᠶᠢᠨ ᠲᠦᠪ ᠲᠤ ᠲᠤᠰ ᠲᠤᠰ | ᠬᠠᠳᠠᠭᠠᠯᠠᠭᠳᠠᠵᠤ ᠪᠤᠢ᠃ |