| | ᠦᠩᠬᠡᠷᠡᠭᠰᠡᠨ ᠨᠢᠬᠡ ᠦᠶ᠎ᠡ ᠶᠢᠨ ᠪᠠᠶᠢᠳᠠᠯ ᠠᠴᠠ ᠦᠪᠡᠷ ᠢ ᠪᠠᠨ ᠭᠤᠣᠯᠳᠠᠵᠣ | ᠳᠣᠷᠠᠳᠬᠠᠨ ᠶᠠᠷᠢᠬᠤ ᠨᠢ | ᠪᠦᠳᠡᠪᠠᠯᠠ | ᠶᠣᠸᠠᠨ ᠲᠠᠶᠢᠽᠣ ᠴᠢᠩᠬᠢᠰ ᠬᠠᠭᠠᠨ ᠤ ᠳᠡᠭᠦᠣ ᠪᠢᠯᠠᠭᠦᠳᠠᠢ ᠠᠴᠠ ᠢᠵᠠᠭᠤᠷᠯᠠᠨ ᠦᠶ᠎ᠡ ᠵᠠᠯᠭᠠᠮᠵᠢᠯᠠᠵᠣ | ᠠᠷᠪᠠᠨ ᠳᠣᠯᠣᠳᠣᠭᠠᠷ ᠦᠶ᠎ᠡ ᠶᠢᠨ ᠦᠷ᠎ᠡ ᠠᠴᠢ ᠪᠣᠯ ᠪᠠᠶᠠᠰᠬᠤᠪᠦ᠋ᠷᠭᠦᠳ ᠪᠣᠯᠣᠨ᠎ᠠ᠃ ᠳᠡᠭᠦᠨ ᠤ ᠠᠬᠠᠮᠠᠳ | ᠬᠦᠪᠡᠭᠦᠨ ᠲᠠᠷᠨᠢᠬᠦ᠋ᠳᠡᠩ ᠨᠣᠶᠠᠨ ᠤ ᠦᠶ᠎ᠡ ᠳᠤ᠂ ᠦᠪᠡᠷ ᠤᠨ ᠠᠶᠢᠮᠠᠭ ᠢ ᠠᠪᠠᠭ᠎ᠠ ᠭᠡᠵᠣ ᠨᠡᠷᠡᠯᠡᠭᠰᠡᠨ ᠶᠣᠮ ᠬᠡᠳᠡᠭ᠃ | ᠣᠣᠯ ᠠᠶᠢᠮᠠᠭ᠂ ᠬᠠᠩᠭᠠᠢ ᠬᠠᠨ ᠤ ᠠᠷᠣ᠂ ᠣᠨᠣᠨ ᠬᠡᠷᠡᠯᠣᠨ ᠤ ᠬᠦᠪᠡᠭᠡ ᠳᠠᠭᠠᠣ ᠨᠣᠳᠣᠭᠯᠠᠵᠣ᠂ ᠬᠠᠯᠬ᠎ᠠ ᠰᠠᠴᠡᠨ | ᠤ ᠠᠶᠢᠮᠠᠭ ᠲᠤ ᠬᠠᠷᠢᠶᠠᠯᠠᠭᠳᠠᠵᠣ ᠪᠠᠶᠢᠭᠰᠠᠨ ᠠᠵᠢ᠃ ᠠᠪᠠᠭ᠎ᠠ ᠠᠶᠢᠮᠠᠭ ᠤᠨ ᠲᠡᠷᠡᠭᠦ ᠲᠠᠷᠨᠢᠬᠦ᠋ᠳᠡᠩ ᠨᠣᠶᠠᠨ ᠤ | ᠭᠤᠴᠢ ᠬᠦᠪᠡᠭᠦᠨ ᠪᠠᠭᠠᠳᠣᠷ ᠵᠢᠨᠦᠩ ᠳᠦᠰᠭᠠᠷ ᠭᠡᠭᠴᠢ᠂ ᠬᠤᠵᠢᠮ ᠨᠢ 1651 ᠣᠨ ᠳᠤ ᠬᠠᠷᠢᠶᠠᠳᠣ ᠪᠠᠨ | ᠳᠠᠭᠠᠭᠤᠯᠣᠨ᠂ ᠮᠠᠨᠵᠣ ᠴᠢᠩ ᠣᠯᠣᠰ ᠲᠤ ᠳᠠᠭᠠᠷ᠎ᠠ ᠢᠷᠡᠭᠰᠡᠨ ᠢ ᠡᠶᠡᠪᠡᠷ ᠵᠠᠰᠠᠭᠴᠢ ᠶᠢᠨ ᠠᠷᠪᠠᠳᠣᠭᠠᠷ ᠣᠨ ︵ | 1653 ᠣᠨ︶ ᠳᠤ ᠵᠡᠭᠦᠨ ᠠᠪᠠᠭ᠎ᠠ ᠬᠤᠰᠢᠭᠤᠨ ᠤ ᠵᠠᠰᠠᠭ ᠲᠦᠷᠦ ᠶᠢᠨ ᠵᠢᠶᠦ᠋ᠨ ᠸᠠᠩ ᠡᠷᠭᠦᠮᠵᠢᠯᠡᠭᠳᠡᠭᠰᠠᠨ ᠳᠡᠷᠡ | ᠴᠠᠭ ᠠᠴᠠ ᠡᠬᠢᠯᠡᠨ ᠦᠶ᠎ᠡ ᠣᠯᠠᠷᠢᠨ ᠵᠠᠯᠭᠠᠮᠵᠢᠯᠠᠵᠣ᠂ ᠮᠢᠨᠣ ᠪᠡᠶ᠎ᠡ ᠳᠤ ᠬᠦᠷᠴᠣ ᠢᠷᠡᠳᠡᠯ᠎ᠡ ᠠᠷᠪᠠᠨ ᠬᠤᠶᠡᠷ ᠦᠶ᠎ᠡ | ᠳᠠᠰᠣᠷᠠᠯ ᠦᠭᠡᠢ ᠠᠬᠠᠮᠠᠳ ᠬᠦᠪᠡᠭᠦᠨ ᠨᠢ ᠵᠠᠭᠦᠨ ᠠᠪᠠᠭ᠎ᠠ ᠬᠤᠰᠢᠭᠤᠨ ᠤ ᠵᠠᠰᠠᠭ ᠲᠦᠷᠦ ᠶᠢᠨ ᠡᠷᠬᠡ ᠶᠢ ᠪᠡᠷᠢᠵᠣ | ᠢᠷᠡᠵᠦᠬᠦᠢ᠃ | ᠮᠢᠨᠣ ᠪᠡᠶ᠎ᠡ ᠠᠴᠠ ᠡᠮᠦᠨᠡᠬᠢ ᠡᠷᠪᠠᠨ ᠨᠢᠭᠡᠨ ᠦᠶ᠎ᠡ ᠶᠢᠨ ᠨᠠᠷᠢᠨ ᠪᠠᠶᠢᠳᠠᠯ ᠢ ᠳᠣᠳᠣᠷᠬᠠᠢ ᠮᠠᠳᠡᠬᠦ | ᠪᠠᠷᠢᠮᠳᠠ ᠦᠭᠡᠢ ᠪᠣᠯᠪᠠᠴᠣ᠂ ᠳᠡᠰ ᠳᠡᠷᠠᠭᠠᠯᠠᠨ ᠨᠠᠷᠡᠰ ᠢ ᠪᠢᠴᠢᠪᠡᠯ᠄ ᠪᠠᠭᠠᠳᠣᠷ ᠵᠢᠨᠦ᠋ᠩ ᠳᠦᠰᠭᠠᠷ᠂ ᠦᠷᠵᠢᠨᠵᠠᠪ᠂ | ᠱᠠᠭᠵᠠᠰᠡᠩᠭᠡ᠂ ᠪᠠᠳᠮᠠᠭᠤᠩᠴᠤᠭ᠂ ᠰᠣᠳᠨᠠᠮᠷᠠᠪᠳᠠᠨ᠂ ᠨᠠᠶᠢᠳᠠᠨᠽᠠᠨᠶᠠᠩ᠂ ᠭᠤᠮᠪᠣᠵᠠᠪ᠂ ᠮᠠᠨᠢᠪᠠᠳᠠᠷᠠ᠂ ᠠᠷᠳᠠᠨᠰᠢᠳᠢ᠂ | ᠸᠠᠭᠢᠨᠳᠠᠷ᠎ᠠ᠂ ᠶᠠᠩᠰᠠᠩ ᠪᠣᠯᠣᠨ᠎ᠠ᠃ ᠮᠢᠨᠣ ᠡᠴᠢᠬᠡ ᠶᠠᠩᠰᠠᠩ ᠪᠣᠯ᠂ ᠵᠡᠭᠦᠨ ᠠᠪᠠᠭ᠎ᠠ ᠬᠤᠰᠢᠭᠤᠨ ᠤ ᠵᠠᠰᠠᠭ | ᠬᠤᠱᠣᠢ ᠴᠢᠨ ᠸᠠᠩ ᠪᠦᠭᠡᠳ ᠰᠢᠯᠢ ᠶᠢᠨ ᠭᠤᠣᠯ ᠴᠢᠭᠤᠯᠭᠠᠨ ᠤ ᠳᠠᠷᠤᠭ᠎ᠠ ᠶᠢᠨ ᠳᠣᠰᠢᠶᠠᠯ ᠢ ᠣᠯᠡᠨ ᠵᠢᠯ | ᠬᠠᠷᠢᠭᠤᠴᠠᠵᠣ ᠢᠷᠡᠵᠦᠬᠦᠢ᠃ ᠮᠢᠨᠣ ᠡᠴᠢᠬᠡ ᠬᠤᠵᠢᠮ ᠨᠢ ᠴᠢᠭᠤᠯᠭᠠᠨ ᠤ ᠳᠡᠷᠤᠭ᠎ᠠ ᠶᠢᠨ ᠳᠣᠰᠢᠶᠠᠯ ᠢᠶᠠᠨ | ᠴᠢᠯᠣᠭᠡᠯᠡᠵᠣ᠂ ᠴᠢᠭᠤᠯᠭᠠᠨ ᠤ ᠳᠡᠷᠤᠭ᠎ᠠ ᠶᠢᠨ ᠳᠣᠰᠢᠶᠠᠯ ᠢ ᠴᠢᠭᠤᠯᠭᠠᠨ ᠤ ᠳᠡᠳ᠋ ᠳᠡᠷᠤᠭ᠎ᠠ ᠪᠠᠶᠢᠭᠰᠠᠨ ᠪᠠᠷᠠᠭᠤᠨ | ᠦᠵᠦᠮᠦᠴᠢᠨ ᠬᠤᠰᠢᠭᠤᠨ ᠤ ᠵᠠᠰᠠᠭ ᠬᠤᠱᠥᠢ ᠰᠡᠴᠢᠨ ᠴᠢᠨ ᠸᠠᠩ ᠰᠣᠳᠨᠠᠮᠷᠠᠪᠳᠠᠨ ᠳᠤ ᠰᠢᠯᠵᠢᠬᠦᠯᠣᠨ ᠦᠭᠴᠠᠢ᠃ | ᠳᠡᠷᠠᠭ᠎ᠠ ᠨᠢ ᠵᠡᠭᠦᠨ ᠠᠪᠠᠭ᠎ᠠ ᠬᠤᠰᠢᠭᠤᠨ ᠤ ᠵᠠᠰᠠᠭ ᠤᠨ ᠳᠣᠰᠢᠶᠠᠯ ᠢᠶᠠᠨ ᠴᠢᠯᠣᠭᠡᠯᠡᠵᠣ᠂ ᠨᠠᠮ᠎ᠠ ᠶᠢ ᠠᠷᠪᠠᠨ ᠨᠠᠢᠮᠠᠨ | ᠨᠠᠰᠣᠳᠠᠢ ᠦᠶᠡᠰ ᠲᠤ ᠵᠠᠰᠠᠭ ᠸᠠᠩ ᠤᠨ ᠡᠷᠬᠡ ᠳᠣᠰᠢᠶᠠᠯ ᠢᠶᠠᠨ ᠨᠠᠳᠠᠳᠣ ᠰᠢᠯᠵᠢᠭᠦᠯᠥᠨ ᠦᠭᠴᠣ ᠦᠪᠡᠷ ᠢᠶᠠᠨ | ᠰᠣᠯᠠ ᠰᠠᠭᠤᠬᠤ ᠪᠣᠯᠣᠭᠰᠠᠨ ᠪᠠᠶᠢᠨ᠎ᠠ᠃ | ᠲᠡᠷᠡ ᠦᠶᠡᠰ ᠮᠢᠨᠣ ᠨᠠᠰᠣ ᠪᠠᠭ᠎ᠠ᠂ ᠬᠤᠰᠢᠭᠤᠨ ᠤ ᠠᠯᠢᠪᠠ ᠬᠡᠷᠡᠭ ᠢ ᠡᠵᠡᠨ ᠮᠠᠳᠡᠨ ᠰᠢᠢᠳᠪᠦᠷᠢᠯᠡᠵᠣ | ᠴᠢᠳᠡᠬᠤ ᠦᠭᠡᠢ ᠳᠣᠯᠠ᠂ ᠮᠢᠨᠣ ᠡᠴᠢᠬᠡ ᠵᠢᠭᠠᠨ ᠣᠳᠣᠷᠢᠳᠴᠣ᠂ ᠬᠤᠰᠢᠭᠤᠨ ᠤ ᠳᠣᠰᠠᠯᠠᠭᠴᠢ ᠳᠦᠰᠢᠮᠡᠳ | ᠬᠠᠷᠢᠭᠤᠴᠠᠨ ᠠᠵᠢᠯᠯᠠᠵᠣ ᠪᠠᠶᠢᠭᠰᠠᠨ ᠪᠢᠯᠡ᠃ | ᠮᠢᠨᠣ ᠪᠡᠶ᠎ᠡ ᠪᠠᠭ᠎ᠠ ᠴᠠᠭ ᠠᠴᠠ ᠡᠴᠢᠬᠡ ᠡᠬᠡ ᠶᠢᠨ ᠳᠡᠷᠭᠡᠳᠡ᠂ ᠳᠦᠪᠡᠳ᠂ ᠮᠠᠨᠵᠣ᠂ ᠮᠣᠩᠭᠤᠯ ᠨᠣᠮ | ᠪᠢᠴᠢᠭ ᠵᠢᠭᠠᠯᠭᠠᠵᠣ ᠪᠠᠶᠢᠭᠠᠳ᠂ ᠠᠷᠪᠡᠨ ᠬᠤᠶᠡᠷ ᠨᠠᠰᠣᠨ ᠤ ᠦᠶ᠎ᠡ ᠳᠤ᠂ ᠳᠣᠰ ᠬᠤᠰᠢᠭᠤᠨ ᠤ ᠪᠠᠭ᠎ᠠ | ᠰᠣᠷᠭᠠᠭᠤᠯᠢ ᠳᠤ ᠮᠣᠩᠭᠤᠯ ᠮᠠᠨᠵᠣ ᠭᠢᠳᠠᠳ ᠦᠰᠦᠭ ᠪᠢᠴᠢᠵᠣ ᠰᠣᠷᠴᠣ ᠪᠠᠶᠢᠯ᠎ᠠ᠃ ᠮᠢᠨᠣ ᠪᠠᠭᠰᠢ ᠪᠣᠯ᠂ ᠣᠣᠯ ᠨᠢ | ᠴᠠᠬᠠᠷ ᠬᠦᠪᠡᠭᠡᠳᠣ ᠴᠠᠭᠠᠨ ᠬᠤᠰᠢᠭᠤᠨ ᠤ ᠬᠦᠮᠥᠨ ᠪᠣᠯᠪᠠᠴᠣ᠂ ᠿᠧ ᠾᠧ ᠮᠣᠵᠢ ᠶᠢᠨ ᠢᠮᠠᠭᠠᠳᠣ ᠭᠠᠴᠠᠭᠠᠨ ᠳᠤ | ᠨᠣᠳᠣᠭᠯᠠᠨ ᠰᠠᠭᠤᠳᠠᠭ ᠪᠣᠯᠬᠤᠷ ᠲᠡᠷᠡ ᠵᠣᠨ ᠳᠤ ᠪᠠᠨ ᠢᠷᠡᠵᠣ ᠰᠣᠷᠭᠠᠭᠤᠯᠢ ᠨᠡᠭᠡᠭᠡᠵᠣ ᠡᠪᠣᠯ ᠳᠤ ᠪᠠᠨ | ᠰᠣᠷᠭᠠᠭᠤᠯᠢ ᠳᠠᠷᠬᠠᠵᠣ ᠨᠣᠳᠤᠭ ᠳᠤ ᠪᠠᠨ ᠬᠠᠷᠢᠳᠠᠭ ᠪᠠᠶᠢᠪᠠ᠃ ᠡᠶᠢᠮᠦ ᠠᠴᠠ ᠰᠣᠷᠭᠠᠭᠤᠯᠢ ᠳᠤ ᠰᠠᠭᠤᠬᠤ | ᠬᠤᠭᠤᠴᠠᠭ᠎ᠠ ᠪᠠᠭ᠎ᠠ᠂ ᠢᠯᠠᠩᠭᠤᠶ᠎ᠠ ᠨᠠᠰᠣ ᠪᠠᠭ᠎ᠠ ᠣᠴᠢᠷ ᠠᠴᠠ ᠰᠣᠷᠴᠣ ᠰᠣᠳᠣᠯᠬᠤ ᠶᠢ ᠶᠡᠷᠦ ᠪᠣᠳᠣᠬᠤ ᠦᠭᠡᠢ | ᠨᠠᠭᠠᠳᠴᠣ ᠵᠣᠭᠠᠭᠢᠬᠤ ᠪᠠᠷ ᠭᠤᠣᠯ ᠪᠣᠯᠭᠠᠵᠣ ᠡᠳᠦᠷ ᠬᠤᠭᠤᠴᠠᠭ᠎ᠠ ᠢ ᠨᠦᠭᠴᠢᠭᠡᠨ ᠪᠠᠶᠢᠭᠰᠠᠭᠠᠷ ᠰᠣᠷᠣᠭᠰᠠᠨ | ᠮᠠᠳᠡᠭᠰᠡᠨ ᠪᠠᠭ᠎ᠠ᠂ ᠡᠷᠳᠡᠮ ᠮᠡᠳᠡᠯᠭᠡ ᠮᠥᠴᠢᠳ ᠪᠣᠯᠣᠭᠰᠠᠨ ᠣᠴᠢᠷ ᠡᠶᠢᠮᠥ ᠶᠣᠮ᠃ | ᠮᠢᠨᠣ ᠪᠡᠶ᠎ᠡ ᠠᠷᠪᠠᠨ ᠳᠡᠪᠣᠨ ᠨᠠᠰᠣᠨ ᠳᠤ ᠪᠠᠨ᠂ ᠣᠯᠣᠰ ᠲᠤᠷ ᠳᠣᠰᠠᠯᠠᠬᠤ ᠬᠦᠩ ᠤᠨ ᠵᠡᠷᠭᠡ ᠶᠢ | ᠵᠠᠯᠭᠠᠮᠵᠢᠯᠠᠪᠠ᠃ ᠠᠷᠪᠠᠨ ᠨᠠᠢᠮᠠᠨ ᠨᠠᠰᠣᠨ ᠳᠤ ᠪᠠᠨ ᠵᠡᠭᠦᠨ ᠠᠪᠠᠭ᠎ᠠ ᠬᠤᠰᠢᠭᠤᠨ ᠤ ᠵᠠᠰᠠᠭ ᠬᠤᠱᠦᠢ ᠴᠢᠨ ᠸᠠᠩ | ᠤᠨ ᠵᠡᠷᠭᠡ ᠶᠢ ᠵᠠᠯᠭᠠᠮᠵᠢᠯᠠᠭᠰᠠᠨ ᠠᠴᠠ ᠬᠤᠶᠢᠰᠢ ᠬᠤᠷᠢᠨ ᠳᠠᠪᠣᠨ ᠨᠠᠰᠣ ᠬᠦᠷᠳᠡᠯ᠎ᠠ ᠭᠠᠳᠠᠭᠰᠢ ᠭᠠᠷᠴᠣ᠂ ᠠᠯᠪᠠᠨ | ᠠᠵᠢᠯ ᠶᠡᠷᠦ ᠬᠢᠭᠰᠡᠨ ᠦᠭᠡᠢ᠃ 1935 ᠣᠨ ᠳᠤ᠂ ᠳᠡᠮᠴᠣᠭᠳᠣᠩᠷᠣᠪ ᠤᠨ ᠰᠠᠨᠠᠭᠠᠴᠢᠯᠭ᠎ᠠ ᠪᠠᠷ᠂ ᠰᠢᠯᠢ ᠶᠢᠨ | ᠭᠤᠣᠯ᠂ ᠴᠠᠬᠠᠷ᠂ ᠣᠯᠠᠭᠠᠨᠴᠠᠪ ᠵᠡᠷᠭᠡ ᠴᠢᠭᠤᠯᠭᠠᠨ ᠤ ᠣᠯᠡᠨ ᠬᠤᠰᠢᠭᠤᠳ ᠤᠨ ᠲᠦᠯᠦᠭᠡᠯᠡᠭᠴᠢ ᠣᠷᠣᠯᠴᠠᠭᠰᠠᠨ | ᠪᠠᠷᠠᠭᠤᠨ ᠦᠵᠦᠮᠦᠴᠢᠨ ᠸᠠᠩ ᠤᠨ ᠣᠷᠳᠣᠨ᠎ᠠ ᠬᠤᠷᠠᠯᠳᠣᠭᠰᠠᠨ ᠶᠡᠭᠡ ᠬᠤᠷᠠᠯ ᠳᠤ ᠪᠣᠯ᠂ ᠶᠠᠫᠣᠨ ᠤ ᠳᠡᠮᠵᠢᠯᠭᠡ ᠪᠠᠷ | ᠪᠠᠳᠣᠬᠠᠭᠠᠯᠭ᠎ᠠ ᠶᠢᠨ ᠭᠠᠵᠠᠷ ᠪᠠᠶᠢᠭᠤᠯᠣᠭᠰᠠᠨ ᠮᠣᠩᠭᠤᠯ ᠵᠠᠰᠠᠭ ᠤᠨ ᠬᠤᠷᠠᠯ ᠢ ᠦᠭᠡᠷᠡᠴᠢᠯᠡᠨ᠂ ᠴᠠᠬᠠᠷ ᠱᠠᠩᠳᠣ | ᠬᠤᠰᠢᠭᠤᠨ ᠤ ᠡᠷᠳᠡᠮᠰᠣᠶᠣᠯᠳᠣ ᠬᠤᠳᠠᠨ᠎ᠠ ︵ᠣᠳᠣ ᠶᠢᠨ ᠬᠤᠸᠠ ᠳ᠋ᠧ ᠰᠢᠶᠡᠨ︶ ᠮᠣᠩᠭᠤᠯ ᠤᠨ ᠴᠡᠷᠢᠭ ᠤᠨ | ᠦᠶᠡᠰ ᠵᠠᠰᠠᠭ ᠤᠨ ᠣᠷᠳᠣᠨ ᠢ ᠪᠠᠶᠢᠭᠤᠯᠬᠤ ᠶᠢ ᠵᠦᠪᠯᠡᠨ ᠳᠣᠭᠳᠠᠭᠠᠨᠰᠠᠨ ᠶᠣᠮ᠃ | ᠮᠢᠨᠣ ᠪᠡᠶ᠎ᠡ ᠲᠡᠷᠡ ᠴᠠᠭ ᠠᠴᠠ ᠡᠬᠢᠯᠡᠨ ᠳᠡᠮᠴᠦᠭᠳᠣᠩᠷᠣᠪ ᠤᠨ ᠳᠡᠷᠭᠡᠳᠡ ᠠᠵᠢᠯᠯᠠᠵᠣ ᠪᠠᠶᠢᠭᠰᠠᠭᠠᠷ | ᠴᠡᠷᠢᠭ ᠤᠨ ᠦᠶᠡᠰ ᠤᠨ ᠵᠠᠰᠠᠭ ᠤᠨ ᠣᠡᠳᠣᠨ ᠳᠤ ᠵᠠᠰᠠᠭ ᠤᠨ ᠵᠦᠪᠯᠡᠭᠴᠢ ᠪᠣᠯᠣᠨ ᠮᠣᠩᠭᠤᠯ ᠴᠡᠷᠢᠭ ᠤᠨ | ᠨᠠᠢᠮᠠᠳᠣᠭᠠᠷ ᠪᠦᠯᠦᠭ ᠤᠨ ᠳᠡᠷᠤᠭ᠎ᠠ ᠶᠢᠨ ᠳᠣᠰᠢᠶᠠᠯ ᠳᠤ ᠳᠣᠮᠢᠯᠠᠭᠳᠠᠵᠣ᠂ ᠦᠷᠭᠦᠯᠵᠢ ᠵᠠᠰᠠᠭ ᠤᠨ ᠣᠭᠳᠣᠨ᠎ᠠ | ᠰᠠᠭᠤᠵᠣ ᠠᠵᠢᠯᠯᠠᠳᠠᠭ ᠦᠭᠡᠢ ᠪᠣᠯᠪᠠᠴᠣ᠂ ᠨᠠᠰᠢ ᠴᠠᠰᠢ ᠣᠴᠢᠵᠣ ᠢᠷᠡᠵᠣ ᠶᠠᠪᠣᠳᠠᠭ ᠪᠣᠯᠣᠭᠰᠠᠨ ᠪᠠᠶᠢᠨ᠎ᠠ᠂ ᠣᠴᠢᠷ | ᠨᠢ ᠮᠢᠨᠣ ᠡᠴᠢᠭᠡ ᠪᠣᠯ ᠨᠠᠮ᠎ᠠ ᠶᠢ ᠭᠠᠳᠠᠭᠰᠢ ᠶᠠᠪᠣᠭᠤᠯᠵᠣ ᠠᠵᠢᠯ ᠬᠢᠯᠬᠡᠭᠦ ᠮᠠᠰᠢ ᠳᠣᠷ᠎ᠠ ᠦᠭᠡᠢ ᠳᠣᠯᠠ ᠣᠳᠠᠭᠠᠨ | ᠬᠤᠨᠤᠭ ᠢᠶᠠᠷ ᠶᠠᠪᠣᠵᠣ ᠴᠢᠳᠠᠳᠠᠭ ᠦᠭᠡᠢ ᠪᠢᠯᠡ᠃ ᠳᠡᠮᠴᠦᠭᠳᠣᠩᠷᠣᠪ ᠴᠦ ᠭᠡᠰᠡᠨ ᠨᠠᠮ᠎ᠠ ᠶᠢ ᠦᠷᠭᠦᠯᠵᠢ ᠵᠠᠰᠠᠭ ᠤᠨ | ᠣᠷᠳᠣᠨ᠎ᠠ ᠰᠠᠭᠤᠯᠭᠠᠵᠣ ᠠᠵᠢᠯᠯᠠᠭᠤᠯᠬᠤ ᠰᠠᠨᠠᠭᠠᠳᠠᠢ ᠪᠣᠯᠪᠠᠴᠣ ᠮᠢᠨᠣ ᠡᠴᠢᠬᠡ ᠶᠢᠨ ᠳᠣᠷ᠎ᠠ ᠦᠭᠡᠢ ᠶᠢ ᠮᠡᠳᠡᠭᠦ ᠳᠣᠯᠠ | ᠠᠷᠭ᠎ᠠ ᠦᠭᠡᠢ ᠪᠠᠶᠢᠭᠰᠠᠨ ᠶᠣᠮ᠃ | 1937 ᠣᠨ ᠳᠤ ᠰᠢᠯᠢ ᠶᠢᠨ ᠭᠤᠣᠯ ᠤᠨ ᠴᠢᠭᠤᠯᠭᠠᠨ ᠶᠠᠮᠣᠨ ᠢ ᠪᠡᠷᠡᠭᠤᠨ ᠰᠦᠨᠢᠳ ᠬᠤᠰᠢᠭᠤᠨ | ᠳ᠋ᠠᠷᠡ ᠡᠬᠡ ᠶᠢᠨ ᠰᠦᠮ᠎ᠡ ︵ᠦᠨᠳᠦᠷ ᠰᠦᠮ᠎ᠡ ᠬᠡᠳᠡᠭ︶ ᠳᠤ ᠪᠠᠶᠢᠭᠤᠯᠵᠣ᠂ ᠮᠢᠨᠣ ᠪᠡᠶ᠎ᠡ ᠳᠣᠰ ᠶᠠᠮᠣᠨ ᠤ ᠶᠡᠷᠣᠩᠬᠡᠢ | ᠶᠠᠪᠣᠳᠠᠯ ᠤᠨ ᠲᠢᠩᠬᠢᠮ ᠤᠨ ᠳᠡᠷᠤᠭ᠎ᠠ ᠶᠢᠨ ᠳᠣᠰᠢᠶᠠᠯ ᠳᠤ ᠳᠣᠮᠢᠯᠠᠭᠳᠠᠵᠣ᠂ ᠴᠢᠭᠤᠯᠭᠠᠨ ᠶᠠᠮᠣᠨᠠ ᠰᠠᠭᠤᠵᠣ᠂ | ᠴᠢᠭᠤᠯᠭᠠᠨ ᠤ ᠠᠯᠪᠠᠨ ᠠᠵᠢᠯ ᠢ ᠬᠢᠬᠦ ᠪᠣᠯᠣᠭᠰᠠᠨ ᠶᠣᠮ᠃ ᠳᠡᠭᠦᠨ ᠠᠴᠠ ᠣᠷᠢᠳᠠ ᠴᠢᠭᠤᠯᠭᠠᠨ ᠤ ᠶᠠᠮᠣᠨ ᠬᠡᠵᠣ | ᠶᠡᠷᠦ ᠪᠠᠶᠢᠭᠰᠠᠨ ᠦᠭᠡᠢ᠃ ᠶᠠᠮᠡᠷ ᠨᠢᠭᠡᠨ ᠵᠠᠰᠠᠭ ᠸᠠᠩ ᠴᠢᠭᠤᠯᠭᠠᠨ ᠤ ᠳᠡᠷᠤᠭ᠎ᠠ ᠰᠠᠭᠤᠪᠠᠯ᠂ ᠲᠡᠷᠡ ᠬᠤᠰᠢᠭᠤᠨ ᠤ | ᠠᠯᠪᠠᠨ ᠶᠠᠮᠣᠨ ᠪᠣᠯᠳᠠᠭ ᠪᠢᠯᠡ᠃ | ᠴᠢᠭᠤᠯᠭᠠᠨ ᠶᠠᠮᠣᠨ ᠠᠩᠬ᠎ᠠ ᠪᠠᠶᠢᠭᠤᠯᠬᠤ ᠦᠶᠡᠰ ᠤᠨ ᠴᠢᠭᠤᠯᠭᠠᠨ ᠳᠠᠷᠤᠭ᠎ᠠ ᠪᠣᠯ ᠰᠦᠨᠢᠳ ᠵᠡᠭᠦᠨ | ᠬᠤᠰᠢᠭᠤᠨ ᠤ ᠵᠠᠰᠠᠭ ᠸᠠᠩ ᠷᠢᠨᠴᠢᠨᠸᠠᠩᠳᠠᠨ᠂ ᠴᠢᠭᠤᠯᠭᠠᠨ ᠤ ᠳᠡᠳ᠋ ᠳᠠᠷᠤᠭ᠎ᠠ ᠪᠣᠯ ᠵᠡᠭᠦᠨ ᠬᠠᠭᠤᠴᠢᠳ ᠬᠤᠰᠢᠭᠤᠨ | ᠤ ᠵᠠᠰᠠᠭ ᠸᠠᠩ ᠰᠦᠩᠵᠢᠨᠸᠠᠩᠴᠤᠭ ᠪᠠᠶᠢᠭᠰᠠᠨ ᠶᠣᠮ᠃ ᠴᠢᠭᠤᠯᠭᠠᠨ ᠶᠠᠮᠣᠨ ᠤ ᠵᠠᠰᠠᠭ ᠤᠨ ᠪᠠᠶᠢᠭᠤᠯᠣᠮᠵᠢ ᠬᠡᠪᠡᠯ᠄ | ᠶᠡᠷᠦᠩᠬᠡᠢ ᠶᠠᠪᠣᠳᠠᠯ ᠤᠨ ᠳᠢᠩᠬᠢᠮ᠂ ᠢᠷᠭᠡᠨ ᠤ ᠵᠠᠰᠠᠯᠳᠠ ᠶᠢᠨ ᠭᠠᠵᠠᠷ᠂ ᠠᠮᠣᠷ ᠢ ᠬᠠᠮᠠᠭᠠᠯᠠᠬᠤ ᠭᠠᠵᠠᠷ ᠵᠡᠷᠭᠡ | ᠪᠣᠯᠣᠨ᠎ᠠ᠃ ᠴᠢᠭᠤᠯᠭᠠᠨ ᠶᠠᠮᠣᠨ ᠳᠤ ᠶᠠᠫᠣᠨ ᠬᠦᠮᠥᠰ ᠳᠡᠮᠡᠢ ᠣᠯᠡᠨ ᠦᠭᠡᠢ᠂ ᠠᠰᠠᠭᠤᠨ ᠵᠦᠪᠯᠡᠭᠴᠢ ᠢᠲ᠋ᠣᠣ ᠬᠡᠳᠡᠭ | ᠨᠢᠭᠡᠯᠬᠡᠨ ᠶᠠᠫᠣᠨ ᠬᠦᠮᠥᠨ ᠪᠠᠶᠢᠭᠰᠠᠨ ᠶᠣᠮ᠃ | 1939 ᠣᠨ ᠳᠤ ᠴᠢᠭᠤᠯᠭᠠᠨ ᠶᠠᠮᠣᠨ ᠨᠡᠭᠦᠭᠡᠳ᠂ ᠪᠢᠳᠢᠳᠠ ᠬᠡᠬᠡᠨ ᠬᠡᠶᠢᠳ ᠤᠨ ᠵᠡᠭᠦᠬᠡᠨᠡ | ᠪᠠᠭᠤᠵᠣ᠂ ᠳᠡᠨᠳᠡ ᠮᠣᠩᠭᠤᠯ ᠭᠡᠷ ᠢᠶᠠᠷ ᠵᠢᠯ ᠢᠯᠡᠭᠦᠦ ᠰᠠᠭᠤᠵᠣ ᠪᠠᠶᠢᠭᠠᠳ ᠳᠡᠷᠠᠭ᠎ᠠ ᠨᠢ ᠪᠠᠶᠢᠰᠢᠩ ᠭᠡᠷ ᠪᠠᠷᠢᠭᠰᠠᠨ | ᠶᠣᠮ᠃ | 1941 ᠣᠨ ᠳᠤ ᠴᠢᠭᠤᠯᠭᠠᠨ ᠤ ᠳᠡᠷᠤᠭ᠎ᠠ ᠷᠢᠨᠴᠢᠨᠸᠠᠩᠳᠠᠨ ᠳᠣᠰᠢᠶᠠᠯ ᠢᠶᠠᠨ ᠴᠢᠯᠥᠭᠡᠯᠡᠭᠡᠳ | ᠴᠢᠭᠤᠯᠭᠠᠨ ᠤ ᠳᠡᠳ᠋ ᠳᠠᠷᠤᠭ᠎ᠠ ᠪᠠᠶᠢᠭᠰᠠᠨ ᠰᠦᠩᠵᠢᠨᠸᠠᠩᠴᠤᠭ ᠴᠢᠭᠤᠯᠭᠠᠨ ᠤ ᠳᠡᠷᠤᠭ᠎ᠠ ᠶᠢᠨ ᠳᠣᠰᠢᠶᠠᠯ ᠳᠤ | ᠳᠣᠮᠢᠯᠠᠭᠳᠠᠵᠣ᠂ ᠮᠢᠨᠣ ᠪᠡᠶ᠎ᠡ ᠴᠢᠭᠤᠯᠭᠠᠨ ᠤ ᠲᠡᠳ᠋ ᠳᠠᠷᠤᠭ᠎ᠠ ᠶᠢᠨ ᠳᠣᠰᠢᠶᠠᠯ ᠳᠤ ᠳᠣᠮᠢᠯᠠᠭᠳᠠᠨ᠂ ᠪᠠᠰᠠ 1943 | ᠣᠨ ᠳᠤ ᠮᠠᠨ ᠤ ᠴᠢᠭᠤᠯᠭᠠᠨ ᠳᠤ ᠰᠢᠨ᠎ᠠ ᠪᠠᠷ ᠪᠠᠶᠢᠭᠤᠯᠣᠭᠳᠠᠭᠰᠠᠨ ᠮᠣᠩᠭᠤᠯ ᠴᠡᠷᠢᠭ ᠤᠨ ᠰᠡᠷᠬᠡᠶᠢᠯᠡᠨ ᠪᠡᠯᠡᠳᠭᠡᠬᠦ | ᠪᠦᠯᠦᠭ ᠴᠡᠷᠢᠭ ᠤᠨ ᠲᠡᠳ᠋ ᠳᠠᠷᠤᠭ᠎ᠠ ᠪᠠᠷ ᠳᠣᠮᠢᠯᠠᠭᠳᠠᠪᠠᠢ᠃ ︵ᠱᠣᠣ ᠵᠢᠶᠠᠩ ᠵᠡᠷᠭᠡ ᠲᠠᠢ︶ ᠳᠡᠷᠡ ᠦᠶᠡᠰ ᠲᠤ | ᠴᠢᠭᠤᠯᠭᠠᠨ ᠤ ᠳᠠᠷᠤᠭ᠎ᠠ ᠰᠦᠩᠵᠢᠨᠸᠠᠩᠴᠤᠭ ᠮᠣᠩᠭᠤᠯ ᠬᠢᠵᠠᠭᠠᠷ ᠤᠨ ᠵᠠᠰᠠᠭ ᠤᠨ ᠣᠷᠳᠣᠨ ᠤ ᠮᠣᠩᠭᠤᠯ ᠢ | ᠮᠠᠨᠳᠣᠭᠤᠯᠬᠤ ᠳᠦᠰᠢᠮᠡᠳ ᠤᠨ ᠬᠤᠷᠠᠯ ᠤᠨ ᠳᠠᠷᠤᠭ᠎ᠠ ᠪᠣᠯᠣᠭᠰᠠᠨ ᠣᠴᠢᠷ᠂ ᠲᠡᠷᠡ ᠦᠷᠭᠦᠯᠵᠢ ᠴᠢᠭᠤᠯᠭᠠᠨ | ᠶᠠᠮᠣᠨᠠ ᠰᠠᠭᠤᠵᠣ ᠠᠵᠢᠯᠯᠠᠬᠤ ᠦᠭᠡᠢ ᠪᠣᠯᠵᠣ᠂ ᠴᠢᠭᠤᠯᠭᠠᠨ ᠤ ᠠᠯᠢᠪᠠ ᠠᠯᠪᠡᠨ ᠠᠵᠢᠯ ᠢ ᠮᠢᠨᠣ ᠪᠡᠶ᠎ᠡ | ᠬᠠᠷᠢᠭᠤᠴᠠᠬᠤ ᠪᠣᠯᠣᠭᠰᠠᠨ ᠳᠣᠯᠠ ᠰᠡᠷᠬᠡᠶᠢᠯᠡᠨ ᠪᠡᠯᠡᠳᠭᠡᠬᠦ ᠴᠡᠷᠢᠭ ᠤᠨ ᠭᠡᠷᠡᠭ ᠣᠴᠢᠷ ᠢ ᠴᠦ ᠣᠨᠴᠠ ᠬᠠᠮᠢᠶᠠᠷᠳᠠᠭ | ᠦᠭᠡᠢ ᠪᠠᠶᠢᠯ᠎ᠠ᠃ | ᠳᠡᠷᠡ ᠦᠶᠡᠰ ᠤᠨ ᠴᠢᠭᠤᠯᠭᠠᠨ ᠶᠠᠮᠣᠨ ᠤ ᠵᠠᠰᠠᠭ ᠤᠨ ᠪᠠᠶᠢᠭᠤᠯᠣᠮᠵᠢ ᠪᠣᠯᠣᠨ ᠳᠡᠭᠦᠨ ᠤ | ᠳᠣᠰᠢᠶᠠᠯᠳᠠᠨ ᠢ ᠳᠣᠷᠠᠳᠪᠠᠰᠣ᠄ ᠶᠡᠷᠦᠩᠬᠡᠢ ᠶᠠᠪᠣᠳᠠᠯ ᠤᠨ ᠭᠠᠵᠠᠷ᠂ ᠢᠷᠬᠡᠨ ᠤ ᠵᠠᠰᠠᠯᠳᠠ ᠶᠢᠨ ᠭᠠᠵᠠᠷ᠂ ᠦᠨᠡᠨ | ᠬᠦᠷᠦᠩᠭᠡ ᠶᠢᠨ ᠭᠠᠵᠠᠷ᠂ ᠠᠮᠣᠷ ᠢ ᠬᠠᠮᠠᠭᠠᠯᠠᠬᠤ ᠭᠠᠵᠠᠷ ᠭᠡᠵᠣ ᠪᠠᠶᠢᠭᠰᠠᠨ ᠶᠣᠮ᠃ ᠶᠡᠷᠦᠩᠬᠡᠢ ᠶᠠᠪᠣᠳᠠᠯ ᠤᠨ ᠭᠠᠵᠠᠷ | ᠤᠨ ᠲᠡᠷᠤᠭ᠎ᠠ ᠪᠣᠯ ᠵᠠᠭᠴᠢᠳᠰᠡᠴᠢᠨ ᠭᠡᠳᠡᠭ ᠬᠦᠮᠥᠨ ᠪᠠᠶᠢᠭᠰᠠᠨ ᠶᠤᠮ᠃ ᠵᠠᠭᠴᠢᠳᠰᠡᠴᠢᠨ ᠪᠣᠯ ᠬᠠᠷᠴᠢᠨ ᠸᠠᠩ ᠤᠨ | ᠬᠤᠰᠢᠭᠤᠨ ᠤ ᠬᠦᠮᠥᠨ᠂ ᠪᠡᠭᠡᠵᠢᠩ ᠶᠡᠭᠡ ᠰᠣᠷᠭᠠᠭᠤᠯᠢ ᠳᠡᠭᠦᠰᠭᠡᠵᠣ ᠳᠡᠷᠠᠭ᠎ᠠ ᠨᠢ ᠶᠠᠫᠣᠨ ᠳᠤ ᠣᠴᠢᠵᠣ | ᠰᠣᠷᠣᠯᠴᠠᠭᠰᠠᠨ ᠰᠣᠶᠣᠯ ᠡᠷᠳᠡᠮ ᠪᠣᠯᠪᠠᠰᠣᠷᠠᠩᠭᠤᠢ ᠶᠡᠭᠡ ᠰᠡᠷᠭᠦᠯᠡᠩ ᠬᠦᠮᠥᠨ ᠶᠤᠮ᠃ ᠮᠢᠨᠣ ᠪᠡᠶ᠎ᠡ ᠠᠯᠢᠪᠠ ᠠᠵᠢᠯ | ᠢᠶᠠᠨ ᠳᠡᠭᠦᠨ ᠯᠦᠭᠡ ᠵᠦᠪᠯᠡᠵᠣ ᠬᠢᠳᠡᠭ ᠪᠦᠭᠡᠳ ᠨᠠᠳᠠᠳᠣ ᠶᠡᠭᠡ ᠬᠠᠨᠢ ᠪᠣᠯᠵᠣ ᠪᠠᠶᠢᠭᠰᠠᠨ ᠶᠤᠮ᠃ ᠳᠦᠴᠢᠨ ᠳᠠᠪᠣᠨ | ᠣᠨ ᠳᠤ ᠲᠡᠷᠡ ᠪᠡᠭᠡᠵᠢᠩ ᠳᠤ ᠳᠣᠳᠠᠭᠠᠨ ᠶᠠᠪᠣᠭᠰᠠᠨ᠂ ᠡᠳᠦᠭᠡ ᠠᠮᠢᠳᠣ ᠪᠠᠶᠢᠬᠤ ᠡᠰᠡᠬᠦ ᠶᠢ ᠮᠡᠳᠡᠭᠦ ᠦᠭᠡᠢ᠃ | ᠢᠷᠭᠡᠨ ᠤ ᠵᠠᠰᠠᠯᠳᠠ ᠶᠢᠨ ᠭᠠᠵᠠᠷ ᠤᠨ ᠳᠡᠷᠤᠭ᠎ᠠ ᠪᠣᠯ ᠵᠡᠭᠦᠨ ᠠᠪᠠᠭ᠋ᠠᠨᠡᠷ ᠬᠤᠰᠢᠭᠤᠨ ᠤ ᠵᠠᠰᠠᠭ ᠪᠡᠶᠢᠯᠡ | ᠪᠡᠯᠭᠦᠰᠦ᠋ᠷᠦᠩ ᠪᠠᠶᠢᠭᠰᠠᠨ ᠶᠤᠮ᠃ ᠶᠠᠫᠣᠨ ᠬᠦᠮᠥᠨ ᠣᠯᠡᠨ ᠪᠠᠶᠢᠭᠰᠠᠨ ᠦᠭᠡᠢ ᠪᠣᠯᠪᠠᠴᠣ ᠰᠡᠭᠦᠯᠴᠢ ᠶᠢᠨ ᠦᠶ᠎ᠡ ᠳᠤ | ᠠᠯᠭᠤᠷ ᠢᠶᠠᠷ ᠨᠡᠮᠡᠭᠳᠡᠵᠣ ᠭᠠᠵᠠᠷ ᠤᠨ ᠳᠡᠳ᠋ ᠳᠠᠷᠤᠭ᠎ᠠ ᠶᠢᠨ ᠳᠣᠰᠢᠶᠠᠯ ᠢ ᠶᠡᠫᠣᠨ ᠬᠦᠮᠥᠨ ᠬᠠᠷᠢᠭᠤᠴᠠᠵᠣ ᠪᠠᠶᠢᠭᠰᠠᠨ | ᠶᠤᠮ᠂ ᠪᠠᠰᠠ ᠽᠠᠨ ᠢ ᠭᠤᠸᠠᠨ ᠭᠡᠳᠡᠭ ᠵᠦᠪᠯᠡᠭᠴᠢ ᠶᠢᠨ ᠳᠣᠰᠢᠶᠠᠯ ᠲᠠᠢ ᠶᠠᠫᠣᠨ ᠬᠦᠮᠥᠨ ᠪᠠᠶᠢᠭᠰᠠᠨ᠃ ᠽᠠᠨ ᠢ | ᠭᠤᠸᠠᠨ ᠨᠢ ᠪᠠᠶᠢᠨ ᠲᠠᠬᠢᠨ ᠬᠠᠯᠠᠭᠳᠠᠭᠰᠠᠭᠠᠷ ᠪᠠᠶᠢᠭᠠᠳ ᠰᠡᠭᠦᠯᠴᠢ ᠶᠢᠨ ᠦᠶ᠎ᠡ ᠳᠤ ᠡᠺᠡᠵᠢ ᠭᠡᠳᠡᠭ ᠶᠠᠫᠣᠨ ᠬᠦᠮᠥᠨ | ᠪᠠᠶᠢᠭᠰᠠᠨ ᠶᠤᠮ᠃ ᠲᠡᠷᠡ ᠪᠣᠯ ᠣᠨᠴᠠ ᠬᠠᠷᠭᠢᠰ ᠭᠡᠷᠴᠡᠬᠡᠢ ᠬᠦᠮᠥᠨ ᠪᠢᠰᠢ᠂ ᠠᠯᠢᠪᠠ ᠠᠵᠢᠯ ᠢ ᠠᠰᠠᠭᠤᠨ ᠵᠦᠪᠯᠡᠵᠣ | ᠬᠢᠳᠡᠭ ᠬᠦᠮᠥᠨ ᠪᠠᠶᠢᠭᠰᠠᠨ ᠪᠢᠯᠡ᠃ 1943 ᠣᠨ ᠤ ᠦᠶᠡᠰ ᠬᠤᠰᠢᠭᠤ ᠪᠦᠷᠢ ᠶᠠᠫᠣᠨ ᠭᠦᠸᠧᠨ ᠭᠡᠳᠡᠭ | ᠠᠰᠠᠭᠤᠨ ᠵᠦᠪᠯᠡᠭᠴᠢ ᠰᠠᠭᠤᠳᠠᠭ ᠪᠣᠯᠣᠭᠰᠠᠨ ᠶᠤᠮ᠃ ᠵᠡᠭᠦᠨ ᠠᠪᠠᠭ᠎ᠠ ᠬᠤᠰᠢᠭᠤᠨ ᠳᠤ ᠶᠠᠮᠠᠲ ᠬᠡᠳᠡᠭ ᠬᠦᠮᠥᠨ | ᠰᠠᠭᠤᠵᠣ ᠪᠠᠶᠢᠭᠠᠳ ᠬᠠᠯᠠᠭᠳᠠᠵᠣ᠂ ᠳᠡᠷᠠᠭ᠎ᠠ ᠨᠢ ᠰᠧᠰᠡ ᠬᠡᠳᠡᠭ ᠬᠦᠮᠥᠨ ᠰᠠᠭᠤᠵᠣ ᠪᠠᠶᠢᠭᠠᠳ 1945 ᠣᠨ ᠤ | ᠳᠠᠶᠢᠨ ᠤ ᠦᠶ᠎ᠡ ᠳ᠋ᠡ ᠳᠣᠳᠠᠭᠠᠨ ᠵᠠᠶᠢᠯᠠᠵᠣ ᠵᠠᠪᠳᠣᠭᠰᠠᠨ ᠦᠭᠡᠢ ᠪᠠᠷᠢᠭᠳᠠᠵᠣ ᠮᠣᠩᠭᠤᠯ ᠣᠯᠣᠰ ᠲᠤ ᠬᠦᠳᠡᠯᠮᠥᠷᠢ | ᠪᠠᠷ ᠦᠭᠡᠷᠡᠴᠢᠯᠡᠭᠳᠠᠵᠣ ᠪᠠᠶᠢᠭᠠᠳ 1954 ᠣᠨ ᠳᠤ ᠬᠦᠭᠡᠬᠤᠳᠡ ᠳᠤ ᠭᠦᠷᠭᠡᠭᠳᠡᠨ ᠢᠷᠡᠭᠡᠳ ᠳᠡᠮᠡᠢ ᠣᠳᠠᠭᠰᠠᠨ | ᠦᠭᠡᠢ ᠬᠡᠳᠣᠨ ᠶᠠᠫᠣᠨ ᠬᠥᠮᠥᠰ ᠤᠨ ᠬᠠᠮᠳᠣ ᠣᠯᠣᠰ ᠲᠤ ᠪᠠᠨ ᠬᠠᠷᠢᠭᠰᠠᠨ ᠪᠢᠯᠡ᠃ | ᠮᠠᠨ ᠤ ᠴᠢᠭᠤᠯᠭᠠᠨ ᠳᠤ ᠰᠠᠭᠤᠵᠣ ᠪᠠᠶᠢᠭᠰᠠᠨ ᠶᠡᠫᠣᠨ ᠭᠤᠸᠠᠨ ᠳ᠋ᠦᠩ ᠵᠢᠶᠦ᠋ᠨ ᠴᠡᠷᠢᠭ ᠤᠨ | ᠣᠨᠴᠣᠭᠤᠢ ᠶᠠᠪᠣᠳᠠᠯ ᠤᠨ ᠶᠠᠮᠣᠨ ᠭᠡᠭᠴᠢ ᠪᠣᠯ 1932 ᠣᠨ ᠤ ᠦᠶᠡᠰ ᠠᠴᠠ ᠡᠬᠢᠯᠡᠨ ᠪᠠᠶᠢᠭᠤᠯᠣᠭᠰᠠᠨ ᠬᠡᠵᠣ | ᠪᠣᠯᠬᠤ ᠶᠤᠮ᠂ ᠣᠴᠢᠷ ᠨᠢ ᠲᠡᠷᠡ ᠦᠶᠡᠰ ᠲᠤ ᠮᠣᠷᠢᠰᠢᠮᠠ ᠬᠡᠳᠡᠭ ᠨᠢᠬᠡᠨ ᠡᠪᠦᠭᠡᠰᠢᠶᠡᠷ ᠶᠡᠫᠣᠨ ᠬᠦᠮᠥᠨ ᠪᠠᠳᠢᠳᠠ | ᠬᠡᠬᠡᠨ ᠬᠡᠶᠢᠳ ᠲᠤ ᠢᠷᠡᠵᠣ ᠬᠦᠯᠢᠭᠡᠷ ᠳᠣᠪᠵᠢᠶᠠᠳᠣ ᠬᠡᠳᠡᠭ ᠯᠣᠪᠣᠨ ᠯᠠᠮᠠ ᠶᠢᠨ ᠪᠠᠶᠢᠰᠢᠩ ᠳᠤ ᠰᠠᠭᠤᠵᠣ᠂ ᠲᠡᠷᠡ | ᠬᠦ ᠣᠨᠴᠣᠭᠤᠢ ᠶᠠᠪᠣᠳᠠᠯ ᠤᠨ ᠶᠠᠮᠣᠨ ᠤ ᠠᠩᠬᠠᠨ ᠤ ᠪᠡᠯᠡᠳᠬᠡᠯ ᠢ ᠬᠢᠭᠡᠳ ᠳᠡᠮᠡᠢ ᠣᠳᠠᠭᠰᠠᠨ ᠦᠭᠡᠢ ᠰᠢᠯᠵᠢᠵᠣ᠂ | ᠳᠡᠷᠠᠭ᠎ᠠ ᠨᠢ ᠮᠠᠬᠢᠨᠣᠣ ᠬᠡᠳᠡᠭ ᠬᠦᠮᠥᠨ ᠢᠷᠡᠵᠣ ᠣᠨᠴᠣᠭᠤᠢ ᠶᠠᠪᠣᠳᠠᠯ ᠤᠨ ᠶᠠᠮᠣᠨ ᠤ ᠬᠡᠬᠡᠨ ᠬᠡᠶᠢᠳ ᠠᠴᠠ | ᠣᠶᠢᠷᠠᠬᠠᠨ ᠵᠡᠭᠦᠨ ᠡᠮᠣᠨᠡᠰᠢ ᠵᠦᠭ ᠲᠤ ᠵᠢᠩᠬᠢᠨᠢ ᠪᠠᠷ ᠪᠠᠶᠢᠭᠤᠯᠵᠣ ᠪᠠᠶᠢᠭᠠᠳ ᠪᠠᠰᠠ ᠲᠡᠷᠡ ᠬᠠᠯᠠᠭᠳᠠᠵᠣ ᠬᠢᠮᠦᠷᠠ | ᠬᠡᠳᠡᠭ ᠬᠦᠮᠥᠨ ᠳᠠᠷᠣᠭᠠᠯᠠᠵᠣ ᠪᠠᠶᠢᠭᠠᠳ 1945 ᠣᠨ ᠤ ᠳᠡᠯᠡᠬᠡᠢ ᠶᠢᠨ ᠬᠤᠶᠠᠳᠣᠭᠠᠷ ᠳᠠᠶᠢᠨ ᠤ ᠦᠶᠡᠰ ᠪᠦᠬᠦ | ᠶᠠᠮᠣᠨ ᠢᠶᠠᠨ ᠭᠠᠯᠳᠠᠭᠠᠳ ᠰᠦᠨᠡᠰᠣ ᠨᠢ ᠵᠠᠪᠬᠤᠷᠠᠨ ᠳᠣᠳᠠᠭᠠᠨ ᠶᠠᠪᠣᠭᠰᠠᠨ ᠪᠢᠯᠡ᠃ ᠲᠡᠷᠡ ᠬᠦ ᠣᠨᠴᠣᠭᠤᠢ ᠶᠠᠪᠣᠳᠠᠯ | ᠤᠨ ᠶᠠᠮᠣᠨ ᠤ ᠰᠢᠯᠢ ᠶᠢᠨ ᠭᠤᠣᠯ ᠬᠤᠰᠢᠭᠤᠳ ᠲᠠᠬᠢ ᠰᠠᠯᠪᠣᠷᠢ ᠶᠠᠮᠣᠨ ᠪᠠᠶᠢᠭᠰᠠᠨ ᠭᠠᠵᠠᠷ ᠢ ᠳᠣᠷᠠᠳᠪᠠᠯ᠄ | ᠪᠠᠷᠠᠭᠤᠨ ᠦᠵᠦᠮᠦᠴᠢᠨ ᠬᠤᠰᠢᠭᠤᠨ ᠤ ᠸᠠᠩ ᠤᠨ ᠣᠷᠳᠣᠨ᠂ ᠪᠠᠷᠠᠭᠤᠨ ᠦᠵᠦᠮᠦᠴᠢᠨ ᠬᠤᠰᠢᠭᠤᠨ ᠤ ᠯᠠᠮᠠ ᠶᠢᠨ | ᠬᠦᠷᠢᠶ᠎ᠡ ᠶᠢᠨ ᠰᠦᠮ᠎ᠡ᠂ ᠵᠡᠬᠦᠨ ᠦᠵᠦᠮᠦᠴᠢᠨ ᠬᠤᠰᠢᠭᠤᠨ ᠤ ᠨᠦᠩᠨᠡᠢ ᠶᠢᠨ ᠰᠦᠮ᠎ᠡ᠂ ᠪᠠᠷᠠᠭᠤᠨ ᠰᠦᠨᠢᠳ | ᠬᠤᠰᠢᠭᠤᠨ ᠤ ᠸᠠᠩ ᠤᠨ ᠣᠷᠳᠣᠨ ᠤ ᠵᠡᠭᠦᠨ ᠳᠠᠯ᠎ᠠ ᠳᠤ᠂ ᠵᠡᠭᠦᠨ ᠰᠦᠨᠢᠳ ᠬᠤᠰᠢᠭᠤᠨ ᠤ ᠴᠧᠪᠵᠣ ᠵᠠᠷᠠᠭ᠎ᠠ᠂ | ᠵᠡᠬᠦᠨ ᠰᠦᠨᠢᠳ ᠬᠤᠰᠢᠭᠤᠨ ᠤ ᠴᠠᠭᠠᠨ ᠣᠪᠣᠭ᠎ᠠ ᠰᠦᠮ᠎ᠡ᠂ ᠵᠦᠭᠦᠨ ᠠᠪᠠᠭ᠋ᠠᠨᠡᠷ ᠬᠤᠰᠢᠭᠤᠨ ᠤ ᠳ᠋ᠠᠢ ᠯᠠᠮᠠ ᠶᠢᠨ | ᠰᠦᠮ᠎ᠡ ᠵᠡᠷᠭᠡ ᠭᠠᠵᠠᠷ ᠤᠳ ᠲᠤ ᠪᠠᠶᠢᠭᠰᠠᠨ ᠪᠦᠭᠡᠳ ᠳᠡᠳᠡᠭᠡᠷ ᠶᠠᠮᠣᠨ ᠪᠣᠯ᠂ ᠣᠣᠯ ᠨᠣᠳᠤᠭ ᠣᠷᠣᠨ ᠤ ᠬᠦᠮᠥᠰ ᠢ | ᠲᠠᠩᠨᠠᠭᠤᠯ ᠤᠨ ᠠᠵᠢᠯ ᠳᠤ ᠪᠠᠨ ᠡᠯᠰᠡᠵᠣ᠂ ᠳᠡᠳᠡᠨ ᠤ ᠪᠠᠶᠢᠩᠭᠤ ᠶᠢᠨ ᠵᠠᠩᠰᠢᠯ ᠲᠠᠩᠨᠠᠬᠤ ᠠᠵᠢᠯ ᠳᠤ ᠪᠠᠨ | ᠵᠢᠯᠣᠭᠤᠳᠣᠨ ᠵᠠᠷᠣᠳᠠᠭ ᠶᠤᠮ᠃ ᠶᠠᠫᠣᠨ ᠤ ᠲᠠᠩᠨᠠᠭᠤᠯ ᠤᠨ ᠠᠵᠢᠯ ᠳᠤ ᠣᠷᠣᠯᠴᠠᠭᠰᠠᠨ ᠳᠡᠳᠡᠭᠡᠷ ᠬᠦᠮᠥᠰ ᠢ | 1945 ᠣᠨ ᠳᠤ ᠵᠦᠪᠯᠡᠯᠳᠣ ᠪᠠ ᠮᠣᠩᠭᠤᠯ ᠤᠨ ᠴᠡᠷᠢᠭ ᠪᠠᠷᠢᠪᠴᠢᠯᠠᠨ ᠠᠪᠴᠣ ᠮᠣᠩᠭᠤᠯ ᠣᠯᠣᠰ ᠲᠤ ᠶᠠᠯ᠎ᠠ | ᠰᠢᠢᠳᠬᠡᠯ ᠢ ᠳᠣᠭᠳᠠᠭᠠᠨ ᠬᠦᠳᠡᠯᠮᠦᠷᠢ ᠪᠠᠷ ᠦᠭᠡᠷᠡᠴᠢᠯᠠᠵᠣ ᠪᠠᠶᠢᠭᠠᠳ᠂ 1954 ᠣᠨ ᠳᠤ ᠣᠣᠯ ᠨᠣᠳᠤᠭ ᠲᠤ ᠨᠢ | ᠪᠣᠴᠠᠭᠠᠨ ᠢᠷᠡᠭᠦᠯᠦᠭᠰᠡᠨ ᠪᠢᠯᠡ᠃ ᠣᠳᠣ ᠶᠢᠨ ᠰᠢᠯᠢ ᠶᠢᠨ ᠭᠤᠣᠯ ᠴᠢᠭᠤᠯᠭᠠᠨ ᠤ ᠦᠩᠬᠡᠷᠡᠭᠰᠡᠨ ᠨᠢᠬᠡᠨ ᠦᠶ᠎ᠡ | ᠶᠢᠨ ᠨᠡᠶᠢᠬᠡᠮ ᠤᠨ ᠪᠠᠶᠢᠭᠤᠯᠣᠵᠮᠵᠢ ᠶᠢ ᠳᠣᠷᠠᠳᠪᠠᠯ᠄ ᠰᠢᠯᠢ ᠶᠢᠨ ᠭᠤᠣᠯ ᠴᠢᠭᠤᠯᠭᠠᠨ ᠳᠤ ᠪᠣᠯ ᠠᠷᠪᠠᠨ ᠬᠤᠰᠢᠭᠤ | ᠪᠠᠶᠢᠳᠠᠭ ᠪᠦᠭᠡᠳ ᠨᠢᠬᠡ ᠵᠠᠭᠤᠨ ᠨᠠᠢᠮᠠᠨ ᠰᠣᠮᠣ ᠲᠠᠢ᠂ ᠪᠦᠬᠦ ᠬᠦᠮᠥᠨ ᠠᠮᠠ ᠨᠢ ᠪᠣᠯ ︵1945 ᠣᠨ ᠤ ᠡᠮᠥᠨᠡᠬᠢ | ᠪᠦᠷᠢᠳᠬᠡᠯ ᠢᠶᠠᠷ︶ ᠳᠡᠪᠣᠨ ᠲᠦᠮᠡ ᠭᠠᠷᠦᠢ ᠪᠠᠶᠢᠭᠰᠠᠨ ᠶᠤᠮ ︵ᠡᠭᠦᠨ ᠳᠤ ᠬᠢᠳᠡᠳ ᠪᠠᠭᠳᠠᠬᠤ ᠦᠭᠡᠢ︶᠃ | | ᠪᠠᠷᠠᠭᠤᠨ ᠦᠵᠣᠮᠦᠴᠢᠨ ᠬᠤᠰᠢᠭᠤ ᠬᠤᠷᠢᠨ ᠨᠢᠬᠡᠨ ᠰᠣᠮᠣ ᠲᠠᠢ᠂ ᠵᠡᠬᠦᠨ ᠦᠵᠣᠮᠦᠴᠢᠨ | ᠬᠤᠰᠢᠭᠤ ᠶᠢᠰᠣᠨ ᠰᠣᠮᠣ ᠲᠠᠢ᠂ ᠵᠡᠬᠦᠨ ᠰᠦᠨᠢᠳ ᠬᠤᠰᠢᠭᠤ ᠬᠤᠷᠢᠨ ᠰᠣᠮᠣ ᠲᠠᠢ᠂ ᠪᠠᠷᠠᠭᠤᠨ | ᠰᠦᠨᠢᠳ ᠬᠤᠰᠢᠭᠤ ᠠᠷᠪᠠᠨ ᠭᠤᠷᠪᠠᠨ ᠰᠣᠮᠣ ᠲᠠᠢ᠂ ᠵᠡᠬᠦᠨ ᠠᠪᠠᠭ᠎ᠠ ᠬᠤᠰᠢᠭᠤ ᠠᠷᠪᠠᠨ ᠨᠢᠬᠡᠨ ᠰᠣᠮᠣ ᠲᠠᠢ | ᠂ ᠪᠡᠷᠡᠭᠤᠨ ᠠᠪᠠᠭ᠎ᠠ ᠬᠤᠰᠢᠭᠤ ᠳᠣᠯᠣᠭᠠᠨ ᠰᠣᠮᠣ ᠲᠠᠢ᠂ ᠵᠡᠭᠦᠨ ᠠᠪᠠᠭ᠋ᠠᠨᠡᠷ ᠬᠤᠰᠢᠭᠤ ᠶᠢᠰᠣᠨ | ᠰᠣᠮᠣ ᠲᠠᠢ᠂ ᠪᠠᠷᠠᠭᠤᠨ ᠠᠪᠠᠭ᠋ᠠᠨᠡᠷ ᠬᠤᠰᠢᠭᠤ ᠳᠣᠯᠣᠭᠠᠨ ᠰᠣᠮᠣ ᠲᠠᠢ᠂ ᠵᠡᠭᠦᠨ ᠬᠠᠭᠤᠴᠢᠳ | ᠬᠤᠰᠢᠭᠤ ᠵᠢᠷᠭᠤᠭᠠᠨ ᠰᠣᠮᠣ ᠲᠠᠢ᠂ ᠪᠠᠷᠠᠭᠤᠨ ᠬᠠᠭᠤᠴᠢᠳ ᠬᠤᠰᠢᠭᠤ ᠳᠠᠪᠣᠨ ᠰᠣᠮᠣ ᠲᠠᠢ᠂ ᠰᠢᠯᠢ ᠶᠢᠨ | ᠭᠤᠣᠯ ᠴᠢᠭᠤᠯᠭᠠᠨ ᠤ ᠠᠷᠪᠠᠨ ᠬᠤᠰᠢᠭᠤᠨ ᠤ ᠵᠠᠰᠠᠭ ᠸᠠᠩ᠂ ᠪᠡᠶᠢᠯᠡ ᠨᠡᠷ ᠤᠨ ᠨᠡᠷᠡᠰ᠄ ᠪᠠᠷᠠᠭᠤᠨ ᠦᠵᠦᠮᠦᠴᠢᠨ | ᠬᠤᠰᠢᠭᠤᠨ ᠤ ᠵᠠᠰᠠᠭ ᠬᠤᠱᠦᠢ ᠰᠡᠴᠡᠨ ᠴᠢᠨ ᠸᠠᠩ ᠰᠣᠣᠳᠨᠠᠮᠷᠠᠪᠳᠠᠨ᠂ ᠡᠪᠡᠳᠴᠢᠨ ᠢᠶᠠᠷ ᠨᠠᠰᠣ ᠨᠦᠭᠴᠢᠭᠡᠳ | ᠦᠪᠡᠷ ᠢᠶᠠᠨ ᠲᠦᠷᠦᠭᠰᠡᠨ ᠬᠦᠪᠡᠬᠦᠨ ᠦᠭᠡᠢ ᠳᠣᠯᠠ ᠣᠶᠢᠷ᠎ᠠ ᠲᠦᠷᠦᠯ ᠤᠨ ᠲᠠᠶᠢᠵᠢ ᠳᠠᠩᠭᠤᠳ ᠭᠡᠭᠴᠢ ᠶᠢᠨ | ᠬᠦᠪᠡᠬᠦᠨ ᠮᠢᠵᠢᠳᠵᠠᠩᠴᠣᠪᠨᠢᠩᠪᠣᠣ ᠳᠤ ᠬᠤᠰᠢᠭᠤᠨ ᠤ ᠵᠠᠰᠠᠭ ᠬᠤᠱᠦᠢ ᠰᠡᠴᠡᠨ ᠴᠢᠨ ᠸᠠᠩ ᠤᠨ ᠵᠡᠷᠭᠡ ᠶᠢ | ᠵᠠᠯᠭᠠᠮᠵᠢᠯᠠᠭᠤᠯᠣᠭᠰᠠᠨ ᠶᠤᠮ᠃ ᠵᠡᠭᠦᠨ ᠦᠵᠦᠮᠣᠴᠢᠨ ᠬᠤᠰᠢᠭᠤᠨ ᠤ ᠵᠠᠰᠠᠭ ᠸᠠᠩ ᠳᠣᠷᠵᠢ 1945 ᠣᠨ | ᠳᠤ ᠬᠤᠰᠢᠭᠤᠨ ᠤ ᠪᠠᠨ ᠠᠶᠢᠯ ᠠᠷᠠᠳ ᠤᠨ ᠣᠯᠠᠩᠬᠢ ᠶᠢ ᠳᠠᠭᠠᠭᠤᠯᠣᠨ ᠮᠣᠩᠭᠤᠯ ᠣᠯᠣᠰ ᠲᠤ ᠨᠡᠭᠦᠨ ᠶᠠᠪᠣᠭᠰᠠᠨ | ᠶᠤᠮ᠃ | ᠵᠡᠭᠦᠨ ᠬᠠᠭᠤᠴᠢᠳ ᠵᠠᠰᠠᠭ ᠵᠢᠶᠦ᠋ᠨ ᠸᠠᠩ ᠰᠦᠩᠵᠢᠨᠸᠠᠩᠴᠤᠭ ᠴᠢᠭᠤᠯᠭᠠᠨ ᠤ ᠳᠠᠷᠤᠭ᠎ᠠ ᠪᠦᠭᠡᠳ | ᠮᠣᠩᠭᠤᠯ ᠬᠢᠵᠠᠭᠠᠷ ᠤᠨ ᠵᠠᠰᠠᠭ ᠤᠨ ᠣᠷᠳᠣᠨ ᠤ ᠮᠣᠩᠭᠤᠯ ᠢ ᠮᠠᠨᠳᠣᠭᠤᠯᠬᠤ ᠳᠦᠰᠢᠮᠡᠳ ᠤᠨ ᠬᠤᠷᠠᠯ ᠤᠨ ᠳᠡᠷᠤᠭ᠎ᠠ | ᠪᠠᠶᠢᠯ᠎ᠠ᠂ 1946 ᠣᠨ ᠤ ᠦᠶᠡᠰ ᠬᠤᠪᠢᠰᠬᠠᠯ ᠳᠤ ᠠᠵᠢᠯ ᠬᠢᠵᠣ ᠪᠠᠶᠢᠭᠠᠳ 1948 ᠣᠨ ᠤ ᠦᠶ᠎ᠡ | ᠣᠯᠠᠭᠠᠨᠬᠤᠳᠠ ᠳᠤ ᠡᠪᠡᠳᠴᠢᠨ ᠢᠶᠠᠷ ᠨᠠᠰᠣ ᠨᠦᠭᠴᠢᠪᠡ᠃ ᠪᠠᠷᠠᠭᠤᠨ ᠬᠠᠭᠤᠴᠢᠳ ᠬᠤᠰᠢᠭᠤᠨ ᠤ ᠵᠠᠰᠠᠭ | ᠵᠢᠶᠦ᠋ᠨ ᠸᠠᠩ ᠰᠠᠨᠳᠠᠭᠳᠣᠷᠵᠢ ᠨᠠᠰᠣ ᠨᠦᠭᠴᠢᠭᠡᠳ ᠦᠪᠡᠷ ᠤᠨ ᠲᠦᠷᠣᠭ᠍ᠰᠡᠨ ᠬᠦᠪᠡᠭᠦᠨ ᠦᠭᠡᠢ ᠳᠣᠯᠠ ᠳᠡᠭᠦᠨ ᠤ | ᠳᠡᠵᠢᠭᠡᠭᠰᠡᠨ ᠬᠦᠪᠡᠭᠦᠨ ︵ᠣᠶᠢᠷ᠎ᠠ ᠳᠦᠷᠦᠯ ᠤᠨ ᠳᠣᠰᠠᠯᠠᠭᠴᠢ ᠯᠢᠭᠳᠡᠨ ᠤ ᠬᠦᠪᠡᠭᠦᠨ︶ ᠵᠣᠭᠳᠠᠷᠵᠠᠯᠠᠮᠣ ᠳᠤ | ᠬᠤᠰᠢᠭᠤᠨ ᠤ ᠵᠠᠰᠠᠭ ᠵᠢᠶᠦ᠋ᠨ ᠸᠠᠩ ᠤᠨ ᠵᠡᠷᠭᠡ ᠶᠢ ᠵᠠᠯᠭᠠᠮᠵᠢᠯᠠᠭᠤᠯᠣᠭᠰᠠᠨ ᠶᠤᠮ᠃ ᠲᠡᠷᠡ 1945 ᠣᠨ ᠳᠤ | ᠬᠤᠰᠢᠭᠤᠨ ᠤ ᠪᠠᠨ ᠠᠶᠢᠯ ᠠᠷᠠᠳ ᠤᠨ ᠣᠯᠠᠩᠬᠢ ᠶᠢ ᠳᠠᠭᠠᠭᠤᠯᠣᠨ ᠮᠣᠩᠭᠤᠯ ᠣᠯᠣᠰ ᠲᠤ ᠨᠡᠬᠦᠨ ᠶᠠᠪᠣᠭᠰᠠᠨ ᠶᠤᠮ | ᠃ ᠵᠡᠭᠦᠨ ᠠᠪᠠᠭ᠋ᠠᠨᠡᠷ ᠬᠤᠰᠢᠭᠤᠨ ᠤ ᠵᠠᠰᠠᠭ ᠪᠡᠶᠢᠯᠡ ᠠᠭᠳᠣᠩᠭᠠ ᠨᠠᠰᠣ ᠨᠦᠭᠴᠢᠭᠡᠳ ᠳᠡᠭᠦᠨ ᠤ ᠲᠦᠷᠦᠭᠰᠡᠨ | ᠬᠦᠪᠡᠬᠦᠨ ᠪᠡᠯᠭᠦᠨᠰᠦ᠋ᠷᠦᠩ ᠵᠠᠰᠠᠭ ᠪᠡᠶᠢᠯᠡ ᠶᠢᠨ ᠵᠡᠷᠭᠡ ᠶᠢ ᠵᠠᠯᠭᠠᠮᠵᠢᠯᠠᠭᠰᠠᠨ ᠶᠤᠮ᠃ ᠲᠡᠷᠡ 1947 ᠣᠨ ᠳᠤ | ᠣᠯᠠᠭᠠᠨᠬᠤᠳᠠ ᠳᠤ ᠣᠴᠢᠭᠰᠡᠨ ᠭᠡᠳᠡᠭ ᠶᠤᠮ᠃ | ᠪᠠᠷᠠᠭᠤᠨ ᠠᠪᠠᠭ᠋ᠠᠨᠡᠷ ᠬᠤᠰᠢᠭᠤᠨ ᠤ ᠵᠠᠰᠠᠭ ᠲᠦᠷᠦ ᠶᠢᠨ ᠪᠡᠶᠢᠯᠡ ᠰᠣᠳᠨᠠᠮᠨᠣᠷᠪᠤ ᠮᠣᠩᠭᠤᠯ ᠤᠨ | ᠴᠡᠷᠢᠭ ᠤᠨ ᠦᠶᠡᠰ ᠤᠨ ᠵᠠᠰᠠᠭ ᠤᠨ ᠣᠷᠳᠣᠨ ᠤ ᠳᠣᠳᠣᠭᠠᠳᠣ ᠶᠠᠪᠣᠳᠠᠯ ᠤᠨ ᠶᠠᠮᠣᠨ ᠤ ᠳᠡᠷᠤᠭ᠎ᠠ ᠪᠠᠶᠢᠭᠠᠳ | ᠡᠪᠡᠳᠴᠢᠨ ᠢᠶᠠᠷ ᠨᠠᠰᠣ ᠨᠦᠭᠴᠢᠭᠡᠳ ᠳᠡᠭᠦᠨ ᠤ ᠲᠦᠷᠦᠭᠰᠡᠨ ᠬᠦᠪᠡᠬᠦᠨ ᠸᠠᠩᠵᠢᠯᠴᠡᠳᠡᠩ ᠬᠤᠰᠢᠭᠤᠨ ᠤ ᠵᠠᠰᠠᠭ | ᠲᠦᠷᠦ ᠶᠢᠨ ᠪᠡᠶᠢᠯᠡ ᠶᠢᠨ ᠵᠡᠷᠭᠡ ᠶᠢ ᠵᠠᠯᠭᠠᠮᠵᠢᠯᠠᠭᠰᠠᠨ ᠶᠤᠮ᠃ ᠣᠳᠣ ᠠᠪᠠᠭ᠎ᠠ ᠬᠤᠰᠢᠭᠤᠨ ᠤ ᠪᠠᠶᠠᠨᠴᠠᠭᠠᠨ | ᠰᠣᠮᠣᠨ ᠤ ᠬᠠᠩᠭᠠᠯᠭ᠎ᠠ ᠶᠢᠨ ᠬᠤᠷᠰᠢᠶᠠᠨ ᠤ ᠡᠷᠬᠢᠯᠡᠭᠴᠢ ᠪᠠᠷ ᠠᠵᠢᠯᠯᠠᠵᠣ ᠪᠣᠢ᠃ ᠵᠡᠬᠦᠨ ᠠᠪᠠᠭ᠎ᠠ ᠬᠤᠰᠢᠭᠤᠨ ᠤ | ᠵᠠᠰᠠᠭ ᠬᠤᠱᠣᠢ ᠴᠢᠨ ᠸᠠᠩ ᠶᠠᠨᠰᠠᠩ ᠨᠠᠰᠣ ᠦᠳᠡᠯᠡᠵᠣ ᠳᠣᠰᠢᠶᠠᠯ ᠢᠶᠠᠨ ᠴᠢᠯᠥᠭᠡᠯᠡᠭᠡᠳ ᠲᠦᠭᠦᠨ ᠤ ᠲᠦᠷᠦᠭᠰᠡᠨ | ᠬᠦᠪᠡᠬᠦᠨ ᠪᠦᠳᠡᠪᠠᠯᠠ ᠵᠠᠰᠠᠭ ᠬᠤᠱᠣᠢ ᠴᠢᠨ ᠸᠠᠩ ᠤᠨ ᠵᠡᠷᠭᠡ ᠶᠢ ᠵᠠᠯᠭᠠᠮᠵᠢᠯᠠᠭᠰᠠᠨ ᠶᠤᠮ᠃ ᠡᠳᠣᠭᠡ ᠲᠡᠷᠡ ᠰᠢᠯᠢ | ᠶᠢᠨ ᠬᠤᠳᠠ ᠳᠤ ᠰᠠᠭᠤᠵᠣ ᠪᠠᠶᠢᠨ᠎ᠠ᠃ ᠪᠠᠷᠠᠭᠤᠨ ᠠᠪᠠᠭ᠎ᠠ ᠬᠤᠰᠢᠭᠠᠨ ᠤ ᠵᠠᠰᠠᠭ ᠵᠣᠷᠢᠭᠳᠣ ᠵᠢᠶᠦ᠋ᠨ ᠸᠠᠩ | ᠴᠣᠨᠠᠮᠢᠳᠠᠷᠠ ᠨᠠᠰᠣ ᠪᠠᠷᠠᠭᠰᠠᠨ ᠤ ᠬᠤᠶᠢᠨ᠎ᠠ ᠳᠦᠬᠦᠨ ᠤ ᠲᠦᠷᠦᠭᠰᠡᠨ ᠬᠦᠪᠡᠭᠦᠨ ᠱᠣᠩᠨᠣᠳᠣᠩᠳᠣᠪ ᠵᠠᠰᠠᠭ ᠵᠣᠷᠢᠭᠳᠣ | ᠵᠢᠶᠦ᠋ᠨ ᠸᠠᠩ ᠤᠨ ᠵᠡᠷᠭᠡ ᠶᠢ ᠵᠠᠯᠭᠠᠮᠵᠢᠯᠠᠵᠣ 1948 ᠣᠨ ᠤ ᠦᠶᠡᠰ ᠬᠠᠣᠯᠢ ᠪᠠᠷ ᠰᠢᠢᠳᠬᠡᠭᠳᠡᠨ ᠬᠦᠳᠡᠯᠮᠣᠷᠢ ᠪᠠᠷ | ᠦᠭᠡᠷᠡᠴᠢᠯᠡᠭᠳᠡᠵᠣ ᠪᠠᠶᠢᠭᠠᠳ 1959 ᠣᠨ ᠳᠤ ᠳᠣᠰᠬᠠᠢ ᠦᠷᠦᠰᠢᠶᠡᠯ ᠢᠶᠠᠷ ᠰᠣᠯᠠᠯᠠᠭᠳᠠᠵᠣ ᠰᠢᠯᠢ ᠶᠢᠨ ᠬᠤᠳᠠ | ᠳᠤ ᠠᠵᠢᠯᠴᠢᠨ ᠢᠶᠠᠷ ᠠᠵᠢᠯᠯᠠᠵᠣ ᠪᠠᠶᠢᠭᠠᠳ 1968 ᠣᠨ ᠤᠨ ᠦᠶ᠎ᠡ ᠳᠤ ᠡᠪᠡᠳᠴᠢᠨ ᠢᠶᠠᠷ ᠨᠠᠰᠣ ᠪᠠᠷᠠᠪᠠ᠃ | ᠵᠡᠭᠦᠨ ᠰᠦᠨᠢᠳ ᠬᠤᠰᠢᠭᠤᠨ ᠤ ᠵᠠᠰᠠᠭ ᠵᠢᠶᠦ᠋ᠨ ᠸᠠᠩ ᠷᠢᠨᠴᠢᠨᠸᠠᠩᠳᠠᠨ 1945 ᠣᠨ ᠳᠤ ᠡᠪᠡᠳᠴᠢᠨ ᠢᠶᠠᠷ ᠨᠠᠰᠣ | ᠨᠦᠭᠴᠢᠭᠡᠳ᠂ ᠲᠦᠷᠦᠭᠰᠡᠨ ᠬᠦᠪᠡᠭᠦᠨ ᠦᠭᠡᠢ ᠳᠣᠯᠠ ᠦᠶ᠎ᠡ ᠵᠠᠯᠭᠠᠮᠵᠢ ᠳᠡᠰᠣᠷᠠᠵᠠᠢ᠃ | ᠪᠠᠷᠠᠭᠤᠨ ᠰᠦᠨᠢᠳ ᠬᠤᠰᠢᠭᠤᠨ ᠤ ᠵᠠᠰᠠᠭ ᠬᠤᠱᠣᠢ ᠳᠦᠭᠦᠷᠡᠩ ᠴᠢᠨ ᠸᠠᠩ ᠳᠡᠮᠴᠦᠭᠳᠣᠩᠷᠣᠪ ᠳᠡᠭᠦᠨ | ᠤ ᠪᠡᠶ᠎ᠡ ᠮᠣᠩᠭᠤᠯ ᠬᠢᠵᠠᠭᠠᠷ ᠤᠨ ᠦᠪᠡᠷᠳᠡᠭᠡᠨ ᠵᠠᠰᠠᠬᠤ ᠵᠠᠰᠠᠭ ᠤᠨ ᠣᠷᠳᠣᠨ ᠤ ᠳᠡᠷᠢᠬᠦᠯᠡᠭᠴᠢ ᠪᠣᠯᠣᠭᠠᠳ ᠳᠡᠭᠦᠨ | ᠤ ᠲᠦᠷᠦᠭᠰᠡᠨ ᠬᠦᠪᠡᠭᠦᠨ ᠳᠣᠭᠠᠷᠰᠦ᠋ᠷᠦᠩ ᠵᠠᠰᠠᠭ ᠬᠤᠱᠣᠢ ᠳᠦᠭᠦᠷᠡᠩ ᠴᠢᠨ ᠸᠠᠩ ᠤᠨ ᠵᠡᠷᠭᠡ ᠶᠢ | ᠵᠠᠯᠭᠠᠮᠵᠢᠯᠠᠭᠰᠠᠨ ᠶᠤᠮ᠃ ᠲᠡᠷᠡ 1945 ᠣᠨ ᠳᠤ ᠮᠣᠩᠭᠤᠯ ᠣᠯᠣᠰ ᠲᠤ ᠨᠡᠭᠦᠵᠣ ᠶᠠᠪᠣᠭᠠᠳ ᠦᠨᠦ ᠭᠦᠷᠳᠡᠯ᠎ᠡ | ᠰᠣᠷᠠᠭ ᠦᠭᠡᠢ᠃ ᠮᠠᠨᠵᠣ ᠴᠢᠩ ᠣᠯᠣᠰ ᠠᠴᠠ ᠣᠯᠭᠤᠭᠰᠠᠨ ᠬᠤᠰᠢᠭᠤ ᠶᠢ ᠵᠠᠬᠢᠷᠣᠭᠴᠢ ᠵᠠᠰᠠᠭ ᠤᠨ | ᠲᠠᠮᠠᠭ᠎ᠠ ᠭᠡᠵᠣ ᠪᠠᠶᠢᠳᠠᠭ᠂ ᠲᠡᠷᠡ ᠲᠠᠮᠠᠭᠠᠨ ᠤ ᠬᠡᠮᠵᠢᠶ᠎ᠡ ᠮᠠᠶ᠋ᠢᠭ ᠨᠢ ᠭᠤᠷᠪᠡᠨ ᠢᠮᠡᠬᠤ ᠰᠢᠬᠠᠮ ᠳᠦᠷᠪᠡᠶᠢᠵᠢᠨ᠂ | ᠵᠣᠵᠠᠭᠠᠨ ᠨᠢ ᠢᠮᠠᠬᠤ ᠰᠢᠬᠠᠮ ᠪᠦᠭᠡᠳ ᠪᠠᠷᠢᠭᠤᠯ ᠨᠢ ᠴᠣᠮᠴᠣᠶᠢᠵᠣ ᠰᠠᠭᠤᠭᠰᠠᠨ ᠪᠠᠷᠰ ᠪᠦᠭᠡᠳ ᠴᠣᠯᠣ ᠴᠠᠭᠠᠨ | ᠮᠥᠩᠬᠦ ᠪᠠᠷ ᠣᠷᠠᠯᠠᠨ ᠬᠢᠭᠰᠡᠨ ᠪᠠᠶᠢᠳᠠᠭ᠃ ᠲᠠᠮᠠᠭᠠᠨ ᠤ ᠦᠰᠦᠭ ᠨᠢ ᠵᠡᠭᠦᠨ ᠠᠪᠠᠭ᠎ᠠ ᠬᠤᠰᠢᠭᠤ ᠪᠠᠷ ᠬᠡᠯᠡᠪᠡᠯ᠂ | ᠮᠠᠨᠵᠣ ᠮᠣᠩᠭᠤᠯ ᠦᠰᠦᠭ ᠢᠶᠠᠷ 《 ᠵᠡᠭᠦᠨ ᠠᠪᠠᠭ᠎ᠠ ᠬᠤᠰᠢᠭᠤ ᠶᠢ ᠵᠠᠬᠢᠷᠣᠭᠴᠢ ᠵᠠᠰᠠᠭ ᠤᠨ ᠲᠠᠮᠠᠭ᠎ᠠ 》 ᠭᠡᠵᠣ . | ᠪᠠᠶᠢᠳᠠᠭᠲᠠᠮᠠᠭᠠ ᠪᠠᠨ ᠮᠠᠰᠢ ᠶᠡᠭᠡ ᠬᠦᠨᠳᠣᠳᠬᠡᠵᠣ ᠵᠠᠰᠠᠭ ᠸᠠᠩ ᠤᠨ ᠣᠷᠳᠣᠨ᠎ᠠ ᠬᠠᠳᠠᠭᠠᠯᠠᠵᠣ᠂ ᠲᠠᠮᠠᠭᠠᠨ ᠤ ᠮᠠᠨᠠᠭ᠎ᠠ | ᠭᠡᠵᠣ ᠰᠦᠨᠢ ᠪᠦᠷᠢ ᠨᠢᠬᠡᠨ ᠬᠦᠮᠥᠨ ᠮᠠᠨᠠᠵᠣ ᠬᠤᠨᠣᠳᠠᠭ ᠪᠠᠶᠢᠭᠰᠠᠨ ᠶᠤᠮ᠃ ᠪᠢᠯᠢᠭ ᠤᠨ ᠴᠠᠭᠠᠨ ᠰᠠᠷ᠎ᠠ ᠶᠢᠨ | ᠰᠢᠨᠡᠳ ᠢᠶᠠᠷ ᠰᠠᠶᠢᠨ ᠡᠳᠣᠷ ᠢ ᠰᠣᠩᠭᠤᠵᠣ ᠬᠤᠰᠢᠭᠤᠨ ᠤ ᠳᠣᠰᠠᠯᠠᠭᠴᠢ ᠲᠦᠰᠢᠮᠡᠳ ᠴᠣᠭᠯᠠᠷᠠᠨ ᠬᠤᠷᠠᠯᠳᠣᠵᠣ᠂ | ᠬᠤᠨᠢᠨ ᠤ ᠪᠦᠬᠦᠯᠢ ᠰᠢᠭᠦᠰᠣ᠂ ᠪᠣᠣᠪᠤ᠂ ᠠᠷᠢᠬᠢ ᠪᠡᠯᠡᠳᠬᠡᠨ᠂ ᠲᠠᠮᠠᠭ᠎ᠠ ᠪᠠᠨ ᠳᠡᠬᠢᠵᠣ ᠮᠦᠷᠭᠦᠭᠡᠳ ᠳᠡᠷᠠᠭ᠎ᠠ ᠨᠢ | ᠨᠠᠶᠢᠷ ᠬᠢᠵᠣ᠂ ᠮᠢᠬ᠎ᠠ ᠠᠷᠢᠬᠢ ᠪᠠᠨ ᠬᠤᠪᠢᠶᠠᠨ ᠢᠳᠠᠵᠣ ᠣᠣᠭᠤᠳᠠᠭ ᠪᠠᠶᠢᠭᠰᠠᠨ ᠶᠤᠮ᠃ ᠬᠡᠷᠪᠡ ᠬᠤᠰᠢᠭᠤᠨ ᠤ | ᠵᠠᠰᠠᠭ ᠸᠠᠩ ᠶᠠᠮᠡᠷ ᠨᠢᠭᠡᠨ ᠬᠡᠷᠡᠭ ᠢᠶᠠᠷ ᠭᠠᠳᠠᠭᠰᠢ ᠶᠠᠪᠣᠪᠠᠯ᠂ ᠲᠡᠷᠡ ᠣᠴᠢᠷ ᠢ ᠴᠢᠭᠤᠯᠭᠤᠨ ᠤ ᠳᠠᠷᠤᠭ᠎ᠠ ᠳᠤ | ᠮᠡᠳᠡᠭᠦᠯᠣᠨ ᠵᠦᠪᠰᠢᠶᠡᠷᠡᠯ ᠣᠯᠣᠭᠠᠳ ᠳᠣᠰᠠᠯᠠᠭᠴᠢ ᠳᠠᠶᠢᠵᠢ ᠳᠠᠮᠠᠭ᠎ᠠ ᠬᠠᠮᠢᠶᠠᠷᠣᠨ᠂ ᠬᠤᠰᠢᠭᠤᠨ ᠤ ᠠᠯᠢᠪᠡ ᠠᠯᠪᠠᠨ | ᠬᠡᠷᠡᠭ ᠢ ᠬᠠᠷᠢᠭᠤᠴᠠᠨ ᠰᠢᠢᠳᠬᠡᠳᠡᠭ ᠪᠠᠶᠢᠪᠡ᠃ | ᠰᠢᠯᠢ ᠶᠢᠨ ᠭᠤᠣᠯ ᠴᠢᠭᠤᠯᠭᠠᠨ ᠤ ᠦᠩᠭᠡᠷᠡᠭᠰᠡᠨ ᠦᠶ᠎ᠡ ᠶᠢᠨ ᠬᠠᠣᠯᠢ ᠪᠣᠯ᠂ ᠮᠠᠨᠵᠣ ᠴᠢᠩ ᠣᠯᠣᠰ | ᠤᠨ ᠳᠣᠭᠳᠠᠭᠠᠭᠰᠠᠨ 《 ᠭᠠᠳᠠᠭᠠᠳᠣ ᠮᠣᠩᠭᠤᠯ ᠤᠨ ᠲᠦᠷᠦ ᠶᠢ ᠵᠠᠰᠠᠬᠤ ᠶᠠᠪᠣᠳᠠᠯ ᠤᠨ ᠶᠠᠮᠣᠨ ᠤ ᠬᠠᠣᠯᠢ 》 | ᠭᠡᠳᠡᠭ ᠬᠠᠣᠯᠢ ᠶᠢ ᠮᠦᠷᠳᠡᠨ ᠳᠠᠭᠠᠵᠣ ᠪᠠᠶᠢᠭᠰᠠᠨ ᠪᠢᠯᠡ᠃ ᠮᠠᠨᠵᠣ ᠴᠢᠩ ᠣᠯᠣᠰ ᠮᠦᠬᠦᠵᠣ᠂ ᠳᠣᠮᠳᠡᠳᠣ ᠢᠷᠭᠡᠨ | ᠣᠯᠣᠰ ᠪᠠᠶᠢᠭᠤᠯᠣᠭᠳᠠᠭᠰᠠᠨ ᠤ ᠬᠤᠶᠢᠨ᠎ᠠ᠂ ᠰᠢᠨ᠎ᠡ ᠬᠠᠣᠯᠢ ᠵᠠᠷᠯᠠᠭᠰᠠᠨ ᠪᠣᠯᠪᠠᠴᠣ ᠳᠡᠭᠦᠨ ᠢ ᠮᠠᠨ ᠤ ᠴᠢᠬᠤᠯᠭᠠᠨ ᠤ | ᠣᠯᠠᠨ ᠬᠤᠰᠢᠭᠤᠳ ᠶᠡᠷᠦ ᠬᠡᠷᠡᠭᠯᠡᠭᠰᠡᠨ ᠦᠭᠡᠢ᠂ ᠮᠥᠨ ᠴᠢᠩ ᠣᠯᠣᠰ ᠤᠨ ᠬᠠᠣᠯᠢ ᠶᠢ ᠮᠦᠷᠳᠡᠨ ᠳᠠᠭᠠᠭᠰᠠᠭᠠᠷ | ᠪᠠᠶᠢᠭᠰᠠᠨ ᠬᠡᠳᠡᠭ ᠶᠤᠮ᠃ ᠰᠢᠯᠢ ᠶᠢᠨ ᠭᠤᠣᠯ ᠤᠨ ᠣᠯᠠᠨ ᠬᠤᠰᠢᠭᠤᠳ ᠲᠤ ᠪᠣᠯ᠂ ᠶᠠᠯᠡᠳᠡᠨ ᠬᠡᠷᠡᠭᠳᠡᠨ ᠢ | ᠳᠣᠰᠬᠠᠢ ᠬᠤᠷᠢᠬᠤ ᠬᠢᠨᠳᠡᠨ ᠭᠡᠵᠣ ᠪᠠᠶᠢᠭᠰᠠᠨ ᠦᠭᠡᠢ᠂ ᠶᠡᠯᠡᠳᠣ ᠬᠡᠷᠡᠭ ᠡᠳᠣᠭᠦᠯᠦᠭᠰᠡᠨ ᠬᠦᠮᠥᠰ ᠢ ᠪᠠᠷᠢᠪᠴᠢᠯᠠᠨ᠂ | ᠭᠠᠪ ᠲᠦᠩᠬᠡ ᠵᠡᠭᠦᠯᠭᠡᠵᠣ᠂ ᠬᠤᠰᠢᠭᠤᠨ ᠤ ᠠᠶᠢᠯ ᠤᠳ ᠢᠶᠠᠷ ᠳᠣᠭᠤᠷᠢᠭᠤᠯᠣᠨ ᠬᠠᠳᠠᠭᠠᠯᠠᠵᠣ ᠪᠠᠶᠢᠭᠠᠳ | ᠰᠢᠢᠳᠬᠡᠳᠡᠭ ᠪᠠᠶᠢᠭᠰᠠᠨ ᠪᠢᠯᠡ᠃ ᠴᠢᠩ ᠣᠯᠣᠰ ᠤᠨ ᠳᠣᠭᠳᠠᠭᠠᠭᠰᠠᠨ ᠬᠠᠣᠯᠢ ᠳᠤ ᠠᠯᠠᠬᠤ ᠶᠠᠯᠠᠳᠣ ᠬᠦᠮᠥᠰ ᠢ | ᠮᠣᠩᠭᠤᠯ ᠬᠤᠰᠢᠭᠤᠳ ᠦᠪᠡᠷᠳᠡᠭᠡᠨ ᠰᠢᠢᠳᠪᠦᠷᠢᠯᠡᠬᠦ ᠡᠷᠬᠡ ᠦᠭᠡᠢ᠂ ᠳᠣᠯᠣᠨ ᠨᠠᠭᠤᠷ ᠤᠨ ᠵᠧᠩ ᠱᠧᠣ ᠱᠢ ᠶᠠᠮᠣᠨᠠ | ᠬᠦᠷᠭᠡᠵᠣ ᠰᠢᠢᠳᠪᠦᠷᠢᠯᠡᠳᠡᠭ᠃ ᠭᠡᠪᠡᠴᠣ ᠮᠠᠨᠵᠣ ᠴᠢᠩ ᠣᠯᠣᠰ ᠮᠦᠬᠦᠵᠣ ᠳᠣᠮᠳᠠᠳᠣ ᠢᠷᠭᠡᠨ ᠣᠯᠣᠰ | ᠪᠠᠶᠢᠭᠤᠯᠣᠭᠰᠠᠨ ᠠᠴᠠ ᠬᠤᠶᠢᠰᠢ ᠪᠣᠯ ᠰᠢᠯᠢ ᠶᠢᠨ ᠭᠤᠣᠯ ᠤᠨ ᠣᠯᠠᠨ ᠬᠤᠰᠢᠭᠤᠳ ᠵᠠᠰᠠᠭ ᠤᠨ ᠪᠦᠬᠦ ᠡᠷᠬᠡ ᠪᠠᠨ | ᠮᠡᠳᠡᠵᠣ ᠰᠢᠢᠳᠬᠡᠨ ᠳᠣᠭᠳᠠᠭᠠᠭᠰᠠᠭᠠᠷ ᠪᠠᠶᠢᠭᠰᠠᠨ ᠶᠤᠮ᠃ | ᠣᠯᠣᠰ ᠤᠨ ᠳᠦᠪ ᠲᠤ ᠪᠣᠯ᠂ ᠮᠣᠩᠭᠤᠯ ᠳᠦᠪᠡᠳ ᠤᠨ ᠬᠡᠷᠡᠭ ᠢ ᠰᠢᠢᠳᠬᠡᠬᠦ ᠬᠤᠷᠢᠶ᠎ᠠ ᠬᠡᠵᠣ | ᠪᠠᠶᠢᠭᠰᠠᠨ ᠪᠦᠭᠡᠳ ᠶᠡᠷᠦᠩᠬᠡᠢ ᠰᠢᠳᠬᠡᠭᠴᠢ ᠨᠢ ᠬᠠᠷᠠᠴᠢᠨ ᠴᠢᠩ ᠸᠠᠩ ᠭᠦᠩᠰᠡᠩᠨᠣᠷᠪᠤ ᠭᠡᠳᠡᠭ ᠬᠦᠮᠥᠨ ᠪᠠᠶᠢᠭᠰᠠᠨ | ᠶᠤᠮ᠃ ᠲᠡᠷᠡ ᠶᠠᠮᠣᠨ ᠠᠴᠠ ᠮᠣᠩᠭᠤᠯ ᠬᠤᠰᠢᠭᠤᠳ ᠲᠤ ᠵᠠᠷᠯᠠᠭᠰᠠᠨ ᠬᠠᠣᠯᠢ ᠲᠦᠷᠢᠮ ᠵᠠᠷᠯᠠᠯ ᠳᠣᠭᠳᠠᠭᠠᠯ ᠢ ᠶᠡᠷᠦ | ᠣᠨᠴᠠᠯᠠᠨ ᠬᠡᠷᠡᠭᠰᠡᠳᠡᠭ ᠦᠭᠡᠢ ᠪᠦᠭᠡᠳ ᠣᠣᠯ ᠶᠠᠮᠣᠨ ᠠᠴᠠ ᠴᠦ ᠨᠠᠷᠢᠪᠴᠢᠯᠠᠨ ᠪᠠᠶᠢᠴᠠᠭᠠᠵᠣ ᠱᠠᠭᠠᠷᠳᠠᠳᠠᠭ ᠦᠭᠡᠢ᠃ | ᠡᠶᠢᠮᠦ ᠠᠴᠠ ᠬᠤᠰᠢᠭᠤᠨ ᠤ ᠵᠠᠰᠠᠭ ᠤᠨ ᠪᠦᠬᠦ ᠡᠷᠬᠡ ᠶᠢ ᠪᠦᠷᠢᠮᠥᠰᠣᠨ ᠬᠤᠰᠢᠭᠤᠨ ᠤ ᠵᠠᠰᠠᠭ ᠨᠣᠶᠠᠨ ᠡᠷᠬᠡ | ᠮᠡᠳᠡᠵᠣ ᠰᠢᠢᠳᠪᠦᠷᠢᠯᠡᠳᠡᠭ ᠪᠠᠶᠢᠭᠰᠠᠨ ᠪᠦᠭᠡᠳ ᠭᠠᠭᠴᠠ ᠬᠦ ᠵᠠᠰᠠᠭ ᠸᠠᠩ ᠤᠨ ᠵᠡᠷᠭᠡ ᠵᠠᠯᠭᠠᠮᠵᠢᠯᠡᠬᠤ ᠪᠣᠶᠣ | ᠳᠣᠰᠠᠯᠠᠭᠴᠢ ᠳᠡᠶᠢᠵᠢ ᠶᠢ ᠳᠣᠮᠢᠯᠠᠬᠤ ᠶᠠᠪᠣᠳᠠᠯ ᠢ ᠯᠠ ᠮᠣᠩᠭᠤᠯ ᠳᠦᠪᠡᠳ ᠤᠨ ᠬᠡᠷᠡᠭ ᠰᠢᠬᠦᠬᠦ ᠬᠤᠷᠢᠶ᠎ᠠ ᠳᠤ ᠵᠠᠪᠠᠯ | ᠮᠠᠳᠦᠭᠦᠯᠵᠣ ᠳᠡᠨᠳᠡᠬᠢ ᠵᠦᠪᠰᠢᠶᠡᠷᠡᠯ ᠶᠣᠰᠣᠭᠠᠷ ᠳᠣᠭᠳᠠᠭᠠᠨ ᠰᠢᠢᠳᠪᠦᠷᠢᠯᠡᠳᠡᠭ ᠪᠠᠶᠢᠭᠰᠠᠨ ᠶᠤᠮ᠃ ᠳᠣᠮᠳᠠᠳᠣ | ᠢᠷᠭᠡᠨ ᠣᠯᠣᠰ ᠤᠳ ᠦᠶ᠎ᠡ ᠳᠤ ᠨᠢᠬᠡᠨ ᠵᠢᠯ ᠪᠣᠶᠣ ᠬᠤᠶᠠᠷ ᠵᠢᠯ ᠳᠤ ᠨᠢᠭᠡᠨ ᠣᠳᠠᠭ᠎ᠠ ᠣᠯᠣᠰ ᠤᠨ ᠲᠦᠪ ᠠᠴᠠ | ᠬᠡᠯᠳᠡᠰ ᠤᠨ ᠳᠠᠷᠤᠭ᠎ᠠ ᠶᠢᠨ ᠵᠡᠷᠭᠡ ᠪᠦᠬᠦᠢ ᠳᠣᠮᠣᠬᠠᠨ ᠬᠢᠳᠡᠳ ᠣᠶᠠᠨ ᠢᠷᠡᠵᠣ ᠴᠢᠭᠤᠯᠭᠠᠨ ᠤ ᠣᠯᠠᠨ ᠬᠤᠰᠢᠭᠤᠳ | ᠢ ᠳᠣᠭᠤᠷᠢᠨ ᠦᠵᠡᠳᠡᠭ ᠪᠠᠶᠢᠭᠰᠠᠨ ᠶᠤᠮ᠃ ᠬᠠᠷᠢᠨ ᠣᠯᠣᠰ ᠤᠨ ᠲᠦᠪ ᠠᠴᠠ ᠭᠠᠶᠢᠯᠢ ᠳᠠᠳᠠᠪᠣᠷᠢ ᠠᠪᠳᠠᠭ ᠦᠭᠡᠢ | ᠪᠦᠭᠡᠳ ᠵᠠᠷᠣᠳᠠᠯ ᠰᠦᠢᠳᠬᠡᠯ ᠤᠨ ᠨᠦᠬᠦᠪᠦᠷᠢ ᠬᠡᠵᠣ ᠵᠣᠭᠤᠰ ᠮᠦᠩᠬᠦ ᠶᠡᠷᠦ ᠦᠭᠳᠡᠭ ᠦᠭᠡᠢ᠃ ᠴᠢᠭᠤᠯᠭᠠᠨ ᠤ | ᠵᠠᠰᠠᠭ ᠨᠣᠶᠠᠳ ᠶᠠᠮᠠᠷ ᠨᠢᠭᠡᠨ ᠭᠡᠷᠡᠭ ᠢᠶᠠᠷ ᠪᠡᠭᠡᠵᠢᠩ᠂ ᠣᠳᠠᠢ ᠵᠡᠷᠭᠡ ᠭᠠᠵᠠᠷ ᠢᠶᠠᠷ ᠳᠣᠭᠤᠷᠢᠨ ᠶᠠᠪᠣᠬᠤ ᠪᠦᠷᠢ ᠳᠤ | ᠣᠯᠣᠰ ᠤᠨ ᠲᠦᠪ ᠠᠴᠠ ᠬᠦᠨᠳᠣ ᠵᠣᠴᠢᠨ ᠢᠶᠠᠷ ᠬᠦᠨᠳᠣᠳᠭᠡᠨ ᠭᠠᠯᠳᠣ ᠲᠡᠷᠭᠡ ᠪᠣᠯᠣᠨ᠂ ᠮᠠᠰᠢᠨ ᠲᠡᠷᠭᠡ ᠵᠡᠷᠭᠡ ᠶᠢ | ᠳᠣᠰᠬᠠᠢ ᠪᠡᠯᠡᠳᠬᠡᠨ ᠦᠭᠳᠡᠭ ᠪᠠᠶᠢᠭᠰᠠᠨ ᠶᠤᠮ᠃ | ᠮᠠᠨᠵᠣ ᠴᠢᠩ ᠣᠯᠣᠰ ᠤᠨ ᠦᠶ᠎ᠡ ᠳᠤ ᠮᠠᠨ ᠤ ᠴᠢᠭᠤᠯᠭᠠᠨ ᠠᠴᠠ ᠵᠣᠷᠭᠠᠨ ᠶᠠᠮᠣᠨ ᠳᠤ ᠵᠢᠩᠬᠢᠨᠢ | ᠠᠯᠪᠠ ᠬᠠᠭᠠᠬᠤ ᠳᠤ ᠬᠦᠮᠥᠨ ᠪᠠᠶᠢᠭᠰᠠᠨ ᠦᠭᠡᠢ ᠪᠣᠯᠣᠳᠠᠢ᠂ ᠭᠠᠭᠴᠠᠬᠦ ᠪᠠᠷᠠᠭᠤᠨ ᠠᠪᠠᠭ᠋ᠠᠨᠠᠷ ᠪᠡᠶᠢᠯᠡ ᠶᠢᠨ ᠠᠯᠢ | ᠨᠢᠬᠡ ᠦᠶ᠎ᠡ ᠶᠢ ᠮᠡᠳᠡᠬᠦ ᠦᠭᠡᠢ᠂ ᠶᠠᠭᠤ ᠪᠣᠯᠪᠠᠴᠣ ᠵᠠᠰᠠᠭ ᠪᠡᠶᠢᠯᠡ ᠶᠢᠨ ᠨᠢᠭᠡ ᠨᠢ ᠵᠣᠷᠭᠠᠨ ᠶᠠᠮᠣᠨ ᠤ ᠢᠯᠡᠭᠦᠣ | ᠲᠡᠳ᠋ ᠰᠠᠶᠢᠳ ᠶᠠᠪᠣᠭᠰᠠᠨ ᠳᠡᠣᠬᠡ ᠲᠠᠢ ᠶᠤᠮ ᠪᠠᠶᠢᠨ᠎ᠠ᠃ ᠳᠡᠶᠢᠨ ᠬᠦ ᠪᠠᠷᠠᠭᠤᠨ ᠠᠪᠠᠭ᠋ᠠᠨᠠᠷ ᠬᠤᠰᠢᠭᠤ ᠶᠢ ᠰᠠᠶᠢᠳ | ᠪᠡᠶᠢᠯᠡ ᠶᠢᠨ ᠬᠤᠰᠢᠭᠤ ᠭᠡᠵᠤ ᠨᠠᠷᠡᠯᠡᠳᠡᠭ ᠪᠠᠶᠢᠭᠰᠠᠨ ᠶᠤᠮ᠃ ᠮᠢᠨᠣ ᠡᠴᠢᠭᠡ ᠪᠣᠯ ᠮᠠᠨᠵᠣ ᠴᠢᠩ ᠣᠯᠣᠰ ᠤᠨ ᠦᠶ᠎ᠡ | ᠳᠤ ᠨᠡᠶᠢᠰᠯᠡᠯ ᠪᠡᠭᠡᠵᠢᠩ ᠳᠤ ᠵᠢᠯ ᠪᠦᠷᠢ ᠣᠴᠢᠵᠣ ᠴᠠᠭᠠᠨ ᠰᠠᠷ᠎ᠠ ᠶᠢ ᠦᠩᠬᠡᠷᠡᠭᠡᠨ᠂ ᠡᠵᠡᠨ ᠬᠠᠭᠠᠨ ᠳᠤ ᠵᠢᠰᠢᠶᠠᠨ | ᠤ ᠠᠯᠪᠠ ᠭᠦᠢᠴᠡᠳᠬᠡᠨ ᠰᠠᠭᠤᠳᠠᠭ ᠪᠠᠶᠢᠭᠰᠠᠨ ᠬᠡᠳᠡᠭ ᠪᠦᠭᠡᠳ ᠵᠢᠯ ᠪᠦᠷᠢ ᠴᠠᠯᠢᠩ ᠹᠦᠩᠯᠦ ᠵᠢᠷᠭᠤᠭᠠᠨ ᠵᠠᠭᠤᠨ | ᠯᠠᠩ ᠮᠥᠩᠬᠦ᠂ ᠪᠠᠰᠠ ᠳᠣᠷᠭᠠ᠂ ᠪᠣᠯᠠᠭ᠎ᠠ ᠵᠡᠷᠭᠡ ᠡᠳ᠋ ᠪᠣᠳᠠᠰ ᠤᠨ ᠱᠠᠩᠨᠠᠯ ᠬᠦᠷᠳᠡᠭᠡᠯ ᠣᠯᠳᠠᠭ ᠪᠠᠶᠢᠭᠰᠠᠨ ᠭᠡᠳᠡᠭ | ᠶᠤᠮ᠃ ᠵᠡᠬᠦᠨ ᠠᠪᠠᠭ᠎ᠠ ᠬᠤᠰᠢᠭᠤᠨ ᠤ ᠰᠣᠯᠠ ᠵᠡᠷᠭᠡ ᠲᠠᠢ ᠳᠡᠷᠬᠠᠨ ᠪᠠᠶᠢᠰᠡ᠂ ᠲᠠᠷᠬᠠᠨ ᠬᠦᠩ ᠭᠡᠵᠣ | ᠪᠠᠶᠢᠳᠠᠭ᠂ ᠳᠠᠳᠠᠨᠠᠷ ᠪᠠᠰᠠ ᠵᠢᠰᠢᠶᠠᠨ ᠤ ᠠᠯᠪᠠ ᠬᠦᠢᠴᠡᠳᠭᠡᠭᠦ ᠪᠠᠷ ᠵᠢᠯ ᠪᠦᠷᠢ ᠪᠡᠭᠡᠵᠢᠩ ᠳᠤ ᠣᠴᠢᠳᠠᠭ ᠪᠦᠭᠡᠳ | ᠴᠠᠯᠢᠩ ᠹᠥᠩᠯᠥ ᠣᠯᠳᠠᠭ ᠪᠠᠶᠢᠭᠰᠠᠨ ᠭᠡᠳᠡᠭ ᠶᠤᠮ᠃ | ᠵᠡᠬᠦᠨ ᠠᠪᠠᠭ᠎ᠠ ᠬᠤᠰᠢᠭᠤᠨ ᠤ ᠨᠡᠶᠢᠭᠡᠮ ᠤᠨ ᠪᠠᠶᠢᠭᠤᠯᠣᠮᠵᠢ ᠶᠢᠨ ᠳᠣᠬᠠᠢ ᠳᠣᠷᠠᠳᠪᠠᠯ᠄ | ᠵᠡᠭᠦᠨ ᠠᠪᠠᠭ᠎ᠠ ᠬᠤᠰᠢᠭᠤ ᠪᠣᠯ ᠳᠠᠪᠣᠨ ᠮᠢᠩᠭ᠎ᠠ ᠭᠠᠷᠦᠢ ᠬᠦᠮᠥᠨ ᠠᠮᠠ ᠲᠠᠢ᠂ ᠠᠷᠪᠠᠨ ᠨᠢᠭᠡᠨ ᠰᠣᠮᠣ ᠲᠠᠢ᠂ | ᠳᠣᠬᠠᠶᠢᠯᠠᠪᠠᠯ᠄ ᠦᠪᠣᠷ ᠲᠠᠪᠣᠨ ᠰᠣᠮᠣ᠂ ᠠᠷᠣ ᠵᠢᠷᠭᠤᠭᠠᠨ ᠰᠣᠮᠣ ᠭᠡᠳᠡᠭ ᠪᠦᠭᠡᠳ ᠦᠪᠣᠷ ᠳᠡᠪᠣᠨ ᠰᠣᠮᠣ ᠪᠣᠯ | ᠭᠤᠣᠯ ᠰᠣᠮᠣ᠂ ᠪᠠᠷᠠᠭᠤᠨ ᠰᠣᠮᠣ᠂ ᠵᠡᠭᠦᠨ ᠰᠣᠮᠣ᠂ ᠣᠷᠠᠳ ᠰᠣᠮᠣ᠃ ︵ᠪᠠᠰᠠ ᠱᠣᠭᠤᠮ ᠰᠣᠮᠣ ᠭᠡᠳᠡᠭ︶ ᠪᠠᠶᠢᠰᠡ | ᠶᠢᠨ ᠰᠣᠮᠣ ᠪᠣᠯᠣᠨ᠎ᠠ᠃ ᠠᠷᠣ ᠵᠢᠷᠭᠤᠭᠠᠨ ᠰᠣᠮᠣ ᠪᠣᠯ ᠭᠤᠪᠢ ᠶᠢᠨ ᠪᠠᠷᠠᠭᠤᠨ ᠰᠣᠮᠣ᠂ ᠭᠤᠪᠢ ᠶᠢᠨ ᠵ᠊ ᠵᠡᠭᠦᠨ | ᠰᠣᠮᠣ᠂ ᠳᠠᠶᠢᠴᠢᠨ ᠰᠣᠮᠣ᠃ ᠴᠢᠨᠣᠳ ᠰᠣᠮᠣ᠃ ᠵᠡᠬᠦᠨ ᠬᠤᠶᠢᠳᠣ ᠰᠣᠮᠣ᠂ ᠬᠤᠩᠳᠠᠬᠤ ᠰᠣᠮᠣ ︵ᠬᠠᠭᠠᠰ ᠭᠡᠰᠡᠨ | ᠮᠠᠨᠵᠣ ᠦᠭᠡ︶ ᠡᠳᠡᠭᠡᠷ ᠠᠷᠪᠠᠨ ᠨᠢᠭᠡᠨ ᠰᠣᠮᠣ ᠳᠤ ᠰᠣᠮᠣ ᠪᠦᠷᠢ ᠨᠢᠭᠡᠨ ᠵᠠᠩᠬᠢ᠂ ᠨᠢᠭᠡᠨ ᠬᠦᠨᠳᠣ᠂ ᠬᠡᠳᠣᠨ | ᠪᠣᠱᠤᠭ᠎ᠠ ᠨᠡᠷ ᠰᠣᠮᠣᠨ ᠤ ᠠᠯᠢᠪᠠ ᠠᠯᠪᠠᠨ ᠢ ᠬᠠᠷᠢᠭᠤᠴᠠᠳᠠᠭ᠃ | ᠬᠤᠰᠢᠭᠤᠨ ᠤ ᠠᠯᠪᠠᠨ ᠶᠠᠮᠣᠨ ᠪᠣᠯ ᠵᠠᠰᠠᠭ ᠸᠠᠩ ᠤᠨ ᠣᠷᠳᠣᠨ ᠤ ᠣᠶᠢᠷ᠎ᠠ ᠮᠣᠩᠭᠤᠯ ᠭᠡᠷ ᠢᠶᠠᠷ | ᠰᠠᠭᠤᠵᠣ ᠪᠠᠶᠢᠳᠠᠭ᠃ ᠬᠤᠰᠢᠭᠤᠨ ᠤ ᠳᠣᠰᠢᠶᠠᠯᠳᠠᠳ ᠪᠣᠯ᠂ ᠵᠠᠰᠠᠭ ᠸᠠᠩ ᠠᠴᠠ ᠭᠠᠳᠠᠨ᠎ᠠ᠂ ᠳᠣᠰᠠᠯᠠᠭᠴᠢ ᠬᠤᠲᠠᠷ᠂ | ᠬᠤᠰᠢᠭᠤ ᠵᠠᠬᠢᠷᠣᠭᠴᠢ ᠵᠠᠩᠬᠢ ᠨᠢᠭᠡ ᠮᠡᠶᠢᠷᠡᠨ ᠵᠠᠨᠬᠢ ᠬᠤᠶᠠᠷ᠂ ᠵᠠᠯᠠᠨ ᠵᠠᠩᠬᠢ ᠲᠦᠷᠪᠡ᠂ ᠳᠣᠰᠠᠯᠠᠭᠴᠢ ᠵᠠᠩᠭᠢ ᠪᠣᠯ | ᠵᠠᠪᠠᠯ ᠳᠠᠶᠢᠵᠢ ᠬᠦᠮᠥᠨ ᠪᠣᠯᠳᠠᠭ᠂ ᠬᠠᠷᠠᠴᠣ ᠬᠦᠮᠥᠨ ᠪᠣᠯᠬᠤ ᠳᠣᠭᠳᠠᠭᠠᠯ ᠦᠭᠡᠢ᠃ ᠵᠠᠬᠢᠷᠣᠭᠴᠢ ᠵᠠᠩᠬᠢ ᠪᠣᠯ | ᠳᠠᠶᠢᠵᠢ ᠬᠠᠷᠠᠴᠣ ᠶᠢᠨ ᠠᠯᠢᠨ ᠨᠢ ᠪᠣᠯᠪᠠᠴᠣ ᠪᠦᠷ ᠪᠣᠯᠣᠨ᠎ᠠ᠃ ᠮᠡᠶᠢᠷᠡᠨ ᠵᠠᠩᠬᠢ ᠪᠣᠯ ᠦᠪᠦᠷ ᠳᠡᠪᠣᠨ ᠰᠣᠮᠣᠨ ᠳᠤ | ᠨᠢᠭᠡ᠂ ᠠᠷᠣ ᠵᠢᠷᠭᠤᠭᠠᠨ ᠰᠣᠮᠣᠨ ᠳᠤ ᠨᠢᠭᠡ ᠪᠠᠶᠢᠳᠠᠭ᠃ ᠵᠠᠯᠠᠨ ᠵᠠᠩᠬᠢ ᠪᠣᠯ᠂ ᠦᠪᠦᠷ ᠳᠡᠪᠣᠨ ᠰᠣᠮᠣᠨ | ᠳᠤ ᠬᠤᠶᠠᠷ᠂ ᠠᠷᠣ ᠵᠢᠷᠭᠤᠭᠠᠨ ᠰᠣᠮᠣᠨ ᠳᠤ ᠬᠤᠶᠠᠷ᠂ ᠬᠤᠰᠢᠭᠤ ᠶᠠᠮᠣᠨ ᠳᠤ ᠳᠣᠰᠠᠯᠠᠭᠴᠢ ᠵᠠᠩᠬᠢ ᠠᠴᠠ ᠪᠣᠰᠣᠳ | ᠮᠡᠶᠢᠷᠡᠨ ᠵᠠᠠᠯᠨ ᠨᠠᠷ ᠲᠦᠷᠪᠡᠨ ᠡᠭᠡᠯᠵᠢ ᠪᠠᠷ ᠰᠠᠭᠤᠵᠣ ᠠᠯᠪᠠᠨ ᠳᠤ ᠦᠢᠯᠡᠴᠢᠯᠡᠳᠡᠭ᠃ ᠨᠢᠭᠡᠳᠦᠭᠡᠷ ᠡᠭᠡᠯᠵᠢ ᠨᠢ ᠨᠢᠬᠡ | ᠂ ᠳᠠᠪᠤ᠂ ᠶᠢᠰᠣᠨ ᠰᠠᠷ᠎ᠠ᠃ ᠬᠤᠶᠠᠳᠣᠭᠠᠷ ᠡᠭᠡᠯᠵᠢ ᠨᠢ ᠬᠤᠶᠠᠷ᠂ ᠵᠢᠷᠭᠤᠭ᠎ᠠ᠂ ᠠᠷᠪᠠᠨ ᠰᠠᠷ᠎ᠠ᠃ ᠭᠤᠷᠪᠠᠳᠣᠭᠠᠷ | ᠡᠭᠡᠯᠵᠢ ᠨᠢ ᠭᠤᠷᠪᠠ᠂ ᠳᠣᠯᠤᠭ᠎ᠠ᠂ ᠠᠷᠪᠡᠨ ᠨᠢᠭᠡᠨ ᠰᠠᠷ᠎ᠠ᠃ ᠳᠦᠷᠪᠡᠳᠦᠭᠡᠷ ᠡᠭᠡᠯᠵᠢ ᠨᠢ ᠲᠦᠷᠪᠡ᠂ ᠨᠠᠢᠮᠠ᠂ | ᠠᠷᠪᠠᠨ ᠬᠤᠶᠠᠷ ᠰᠠᠷ᠎ᠠ᠃ ᠨᠢᠭᠡ ᠰᠠᠷ᠎ᠠ ᠶᠢᠨ ᠡᠭᠡᠯᠵᠢ ᠳᠤ ᠳᠦᠰᠢᠮᠡᠯ ᠬᠤᠶᠠᠷ᠂ ᠵᠢᠩᠬᠢᠨᠢ ᠪᠢᠴᠢᠭᠡᠴᠢ ᠬᠤᠶᠠᠷ᠂ | ᠳᠣᠰᠠᠯᠠᠬᠤ ᠪᠢᠴᠢᠭᠡᠴᠢ ᠨᠢᠬᠡ᠂ ᠰᠣᠷᠬᠤ ᠪᠢᠴᠢᠭᠡᠴᠢ ᠭᠤᠷᠪᠠ ᠲᠦᠷᠪᠡ ᠪᠠᠶᠢᠳᠠᠭ᠃ ᠨᠠᠢᠮᠠᠨ ᠳᠦᠰᠢᠮᠠᠯ ᠨᠢ ᠬᠤᠶᠠᠷ | ᠮᠡᠶᠢᠷᠡᠨ᠂ ᠳᠦᠷᠪᠡᠨ ᠵᠠᠯᠠᠨ᠂ ᠰᠠᠭᠤᠳᠠᠯ ᠤᠨ ᠲᠦᠰᠢᠮᠡᠯ ᠬᠤᠶᠠᠷ᠂ ᠡᠳᠡᠭᠡᠷ ᠲᠦᠰᠢᠮᠡᠯ ᠪᠢᠴᠢᠭᠡᠴᠢ ᠨᠡᠷ ᠲᠤ ᠴᠠᠯᠢᠩ | ᠣᠯᠭᠤᠮᠵᠢ ᠦᠭᠳᠡᠭ ᠦᠭᠡᠢ᠃ ᠬᠤᠰᠢᠭᠤ ᠶᠠᠮᠣᠨ ᠠᠴᠠ ᠳᠡᠳᠡᠨ ᠳᠤ ᠵᠦᠪᠬᠡᠨ ᠬᠦᠨᠡᠰᠦ ᠢᠳᠡᠰᠢ ᠶᠢ ᠬᠠᠩᠭᠠᠳᠠᠭ᠃ | | ᠬᠤᠰᠢᠭᠤ ᠶᠠᠮᠣᠨ ᠤ ᠨᠢᠭᠡ ᠵᠢᠯ ᠤᠨ ᠠᠯᠪᠠᠨ ᠵᠠᠷᠣᠳᠠᠯ ᠮᠥᠩᠬᠦᠨ ᠤ ᠣᠷᠢᠳᠴᠢᠯᠠᠭᠰᠠᠨ ᠲᠦᠯᠦᠪᠯᠡᠭᠡ | ᠭᠡᠵᠣ ᠶᠡᠷᠦᠳᠡᠭᠡᠨ ᠪᠠᠶᠢᠳᠠᠭ ᠦᠭᠡᠢ᠂ ᠵᠠᠷᠣᠭᠰᠠᠨ ᠪᠦᠬᠦ ᠮᠥᠩᠬᠦᠨ ᠤ ᠳᠤᠭ᠎ᠠ ᠶᠢ ᠵᠢᠯ ᠤᠨ ᠡᠴᠣᠰ ᠲᠤ ᠪᠣᠳᠣᠭᠠᠳ | ᠬᠡᠳᠦᠢ ᠪᠣᠯᠣᠭᠰᠠᠨ ᠴᠦ ᠬᠤᠰᠢᠭᠤᠨ ᠤ ᠠᠷᠠᠳ ᠣᠯᠠᠨ ᠠᠴᠠ ᠬᠤᠪᠢᠶᠠᠨ ᠳᠠᠳᠠᠪᠣᠷᠢᠯᠠᠵᠣ ᠠᠪᠳᠠᠭ᠃ ᠠᠷᠣ | ᠵᠢᠷᠭᠤᠭᠠᠨ ᠰᠣᠮᠣ ᠪᠣᠯ ᠮᠠᠯ ᠬᠦᠷᠥᠩᠭᠡ ᠴᠢᠨᠡᠭᠡᠯᠢᠭ ᠣᠴᠢᠷ ᠠᠴᠠ ᠠᠯᠪᠠᠨ ᠮᠥᠩᠭᠦᠨ ᠤ ᠳᠠᠳᠠᠪᠣᠷᠢ ᠶᠢ ᠢᠯᠡᠭᠦᠬᠡᠨ | ᠭᠠᠷᠭᠠᠳᠠᠭ᠂ ᠦᠪᠦᠷ ᠳᠠᠪᠣᠨ ᠰᠣᠮᠣ ᠪᠣᠯ ᠮᠠᠯ ᠬᠦᠷᠦᠩᠬᠡ ᠪᠠᠷ ᠴᠦᠬᠡᠨ ᠣᠴᠢᠷ ᠠᠴᠠ ᠳᠣᠳᠠᠭᠤ ᠭᠠᠷᠭᠠᠳᠠᠭ᠃ | ᠶᠡᠷᠦ ᠨᠢ ᠨᠢᠬᠡᠨ ᠵᠢᠯ ᠤᠨ ᠪᠦᠬᠦ ᠵᠠᠷᠣᠳᠠᠯ ᠤᠨ ᠮᠥᠩᠭᠦ ᠪᠠᠷᠤᠭ ᠭᠤᠷᠪᠠ ᠲᠦᠷᠪᠡᠨ ᠮᠢᠩᠭᠠᠨ ᠲᠦᠭᠦᠷᠢᠭ ᠣᠷᠴᠢᠮ | ᠪᠣᠯᠳᠠᠭ ︵ᠴᠠᠭᠠᠨ ᠮᠥᠩᠭᠦ ᠪᠣᠶᠣ ᠮᠥᠩᠭᠦᠨ ᠲᠦᠭᠦᠷᠢᠭ ᠢᠶᠠᠷ ᠪᠣᠳᠣᠪᠠ︶᠃ | ᠮᠠᠯ ᠤᠨ ᠲᠤᠭ᠎ᠠ ᠶᠢ ᠶᠡᠷᠦ ᠠᠪᠳᠠᠭ ᠦᠭᠡᠢ᠂ ᠠᠷᠠᠳ ᠣᠯᠠᠨ ᠤ ᠪᠠᠶᠠᠨ ᠶᠠᠳᠠᠭᠤ ᠶᠢᠨ ᠵᠢᠱᠢᠶ᠎ᠡ ᠪᠠᠷ | ᠠᠯᠪᠠ ᠳᠡᠰᠬᠡᠨ ᠠᠪᠳᠠᠭ᠃ ᠬᠤᠰᠢᠭᠤᠨ ᠤ ᠨᠢᠭᠡᠨ ᠵᠢᠯ ᠤᠨ ᠭᠡᠷᠡᠭᠯᠡᠬᠦ ᠵᠠᠷᠣᠳᠠᠯ ᠪᠣᠯ ᠬᠤᠰᠢᠭᠤ ᠶᠠᠮᠣᠨ ᠤ ᠡᠳᠦᠷ | ᠳᠣᠳᠣᠮ ᠤᠨ ᠠᠯᠢᠪᠠ ᠵᠠᠷᠣᠳᠠᠯ᠂ ᠬᠤᠰᠢᠭᠤᠨ ᠤ ᠪᠠᠭ᠎ᠠ ᠰᠣᠷᠭᠠᠭᠤᠯᠢ ᠶᠢᠨ ᠵᠠᠷᠣᠳᠠᠯ᠂ ᠵᠠᠰᠠᠭ ᠸᠠᠩ ᠪᠣᠯᠣᠨ | ᠲᠦᠰᠢᠮᠡᠳ ᠭᠠᠳᠠᠭᠰᠢ ᠠᠯᠪᠡᠨ ᠬᠡᠷᠡᠭ ᠢᠶᠠᠷ ᠶᠠᠪᠣᠬᠤ ᠵᠠᠷᠣᠳᠠᠯ᠂ ᠬᠡᠬᠡᠨ ᠪᠣᠭᠳᠠ ᠵᠠᠯᠠᠬᠤ ᠵᠠᠷᠣᠳᠠᠯ᠂ ᠪᠠᠶᠡᠷ ᠨᠠᠶᠢᠷ | ᠬᠢᠬᠦ ᠵᠠᠷᠣᠳᠠᠯ᠂ ᠬᠤᠰᠢᠭᠤ ᠰᠦᠮ᠎ᠡ ᠶᠢᠨ ᠨᠣᠮ ᠤᠨ ᠬᠡᠷᠡᠭᠰᠡᠯ ᠳᠤ ᠨᠦᠬᠦᠪᠦᠷᠢᠯᠡᠨ ᠦᠭᠬᠦ ᠵᠠᠷᠣᠳᠠᠯ᠂ ᠬᠤᠰᠢᠭᠤᠨ | ᠳᠤ ᠪᠠᠶᠢᠩᠭᠤ ᠰᠠᠭᠤᠬᠤ ᠴᠡᠷᠢᠭ ᠤᠨ ᠵᠠᠷᠣᠳᠠᠯ ᠪᠣᠯᠣᠨ᠎ᠠ᠃ ᠣᠯᠣᠰ ᠤᠨ ᠵᠠᠰᠠᠭ ᠤᠨ ᠭᠠᠵᠠᠷ ᠠᠴᠠ ᠭᠠᠶᠢᠯᠢ | ᠳᠠᠳᠠᠪᠣᠷᠢ ᠠᠪᠳᠠᠭ ᠦᠭᠡᠢ ᠪᠦᠭᠡᠳ ᠣᠯᠣᠰ ᠠᠴᠠ ᠨᠦᠬᠦᠪᠦᠷᠢ ᠮᠥᠩᠭᠦ ᠴᠦ ᠦᠭᠳᠡᠭ ᠦᠭᠡᠢ᠃ ᠡᠶᠢᠮᠥ ᠠᠴᠠ ᠪᠦᠬᠦ | ᠵᠠᠷᠣᠳᠠᠯ ᠢ ᠦᠪᠡᠷᠳᠡᠭᠡᠨ ᠰᠢᠢᠭᠪᠦᠷᠢᠯᠡᠳᠡᠭ ᠪᠠᠶᠢᠭᠰᠠᠨ ᠶᠤᠮ᠃ | ᠨᠢᠬᠡᠨ ᠵᠢᠯ ᠳᠤ ᠭᠤᠷᠪᠡᠨ ᠣᠳᠠᠭ᠎ᠠ ᠠᠯᠪᠡᠨ ᠴᠣᠭᠯᠠᠭᠠᠨ ᠬᠢᠳᠡᠭ᠃ ᠭᠤᠷᠪᠠᠨ ᠰᠠᠷ᠎ᠠ ᠶᠢᠨ ᠴᠣᠭᠯᠠᠭᠠᠨ | ᠳᠤ ᠠᠯᠢᠪᠠ ᠶᠠᠯᠡᠳᠡᠨ ᠬᠡᠷᠡᠭᠳᠡᠨ ᠢ ᠰᠢᠢᠳᠬᠡᠳᠡᠭ᠂ ᠳᠡᠪᠣᠨ ᠰᠠᠷ᠎ᠠ ᠶᠢᠨ ᠴᠣᠭᠯᠠᠭᠠᠨ ᠳᠤ ᠬᠤᠰᠢᠭᠤᠨ ᠤ ᠠᠯᠢᠪᠠ | ᠵᠠᠷᠣᠳᠠᠯ ᠤᠨ ᠳᠠᠩᠰᠠ ᠳᠣᠭᠠᠴᠠᠭ᠎ᠠ ᠶᠢ ᠪᠣᠳᠣᠵᠣ᠂ ᠠᠷᠪᠡᠨ ᠨᠢᠭᠡᠨ ᠰᠣᠮᠣᠨ ᠳᠤ ᠬᠤᠪᠢᠶᠠᠨ ᠵᠠᠷᠯᠠᠳᠠᠭ᠃ ᠠᠷᠪᠠᠨ | ᠰᠠᠷ᠎ᠠ ᠶᠢᠨ ᠴᠣᠭᠯᠠᠭᠠᠨ ᠳᠤ ᠬᠤᠪᠢᠶᠠᠨ ᠵᠠᠷᠯᠠᠭᠰᠠᠨ ᠠᠯᠪᠠᠨ ᠮᠥᠩᠭᠦ ᠪᠠᠨ ᠬᠤᠷᠢᠶᠠᠨ ᠠᠪᠳᠠᠭ᠃ | ᠪᠢᠯᠢᠭ ᠤᠨ ᠣᠯᠠᠷᠢᠯ ᠤᠨ ᠳᠠᠪᠣᠨ ᠰᠠᠷ᠎ᠠ ᠶᠢᠨ ᠭᠤᠷᠪᠠᠨ ᠳᠤ ᠬᠤᠰᠢᠭᠤ ᠣᠪᠣᠭ᠎ᠠ ᠬᠠᠨ ᠠᠭᠤᠯᠠ ᠶᠢ | ᠳᠠᠬᠢᠳᠠᠭ᠃ ᠣᠪᠣᠭ᠎ᠠ ᠳᠠᠬᠢᠬᠤ ᠨᠠᠶᠢᠷ ᠤᠨ ᠵᠠᠷᠣᠳᠠᠯ ᠪᠣᠯᠣᠨ ᠪᠦᠬᠡ᠂ ᠮᠣᠷᠢᠨ ᠤ ᠱᠠᠩᠨᠠᠯ ᠵᠡᠷᠭᠡ ᠶᠢ ᠬᠤᠰᠢᠭᠤᠨ | ᠠᠴᠠ ᠪᠡᠯᠡᠳᠬᠡᠨ ᠭᠠᠷᠭᠠᠳᠠᠭ ᠪᠠᠶᠢᠨ᠎ᠠ᠃ ᠵᠡᠭᠦᠨ ᠠᠪᠠᠭ᠎ᠠ ᠬᠤᠰᠢᠭᠠᠣᠨ ᠤ ᠰᠥᠮ᠎ᠡ ᠤᠳ ᠭᠡᠪᠡᠯ᠄ ᠶᠠᠩᠳᠣᠣ | ᠰᠦᠮ᠎ᠡ᠂ ᠭᠦᠩ ᠤᠨ ᠰᠦᠮ᠎ᠡ᠂ ᠬᠤᠭᠤᠯᠠᠳᠣ ᠯᠠᠮᠠ ᠶᠢᠨ ᠰᠦᠮ᠎ᠡ᠂ ᠳᠠᠷᠬᠠᠨ ᠪᠡᠶᠢᠰᠡ ᠶᠢᠨ ᠰᠦᠮ᠎ᠡ ᠵᠡᠷᠭᠡ ᠳᠠᠪᠣᠨ | ᠰᠦᠮ᠎ᠡ ᠪᠠᠶᠢᠳᠠᠭ᠃ ᠰᠦᠮ᠎ᠡ ᠪᠦᠷᠢ ᠳᠤ ᠮᠠᠨᠵᠣ ᠴᠢᠩ ᠣᠯᠣ ᠤᠨ ᠬᠠᠭᠠᠨ ᠤ ᠵᠠᠷᠯᠢᠭ ᠢᠶᠠᠷ ᠳᠣᠭᠳᠠᠭᠠᠭᠰᠠᠨ ᠨᠡᠷ᠎ᠡ | ᠪᠠᠶᠢᠳᠠᠭ᠂ ᠳᠡᠶᠢᠮᠥ ᠰᠦᠮ᠎ᠡ ᠶᠢ ᠪᠢᠶᠠᠨ ᠲᠠᠢ ᠰᠦᠮ᠎ᠡ ᠭᠡᠳᠡᠭ᠃ ᠪᠢᠶᠠᠨ ᠭᠡᠳᠡᠭ ᠨᠢ ᠶᠢᠰᠣᠨ ᠯᠣᠣ ᠪᠠᠷ ᠬᠦᠪᠡᠭᠡᠯᠡᠵᠣ | ᠂ ᠮᠠᠨᠵᠣ᠂᠂ ᠮᠣᠩᠭᠤᠯ᠂ ᠲᠦᠪᠡᠳ ᠭᠤᠷᠪᠡᠨ ᠬᠡᠯᠡ ᠪᠠᠷ ᠨᠡᠷ᠎ᠡ ᠶᠢ ᠳᠣᠪᠣᠶᠢᠯᠭᠠᠨ ᠰᠡᠶᠢᠯᠵᠣ ᠠᠯᠳᠠᠭᠳᠠᠭᠰᠠᠨ | ᠳᠦᠷᠪᠡᠯᠵᠢᠨ ᠱᠣᠰᠢᠭ᠎ᠠ ᠶᠢ ᠭᠤᠣᠯ ᠰᠦᠮ᠎ᠡ ᠶᠢᠨ ᠡᠭᠦᠳᠡᠨ ᠳᠡᠭᠡᠷ᠎ᠡ ᠡᠯᠭᠦᠭᠰᠡᠨ ᠪᠠᠶᠢᠳᠠᠭ ᠶᠤᠮ᠃ | ᠲᠡᠶᠢᠨ ᠬᠦ ᠶᠠᠩᠳᠣᠣ ᠰᠦᠮ᠎ᠡ ᠶᠢ 《 ᠵᠠᠷᠯᠢᠭ ᠢᠶᠠᠷ ᠳᠣᠭᠳᠠᠭᠠᠭᠰᠠᠨ ᠮᠥᠩᠬᠡ ᠶᠢ ᠪᠠᠳᠡᠷᠠᠭᠤᠯᠣᠭᠴᠢ | ᠰᠦᠮ᠎ᠡ 》 ᠭᠡᠳᠡᠭ᠂ ᠮᠢᠨᠳᠣᠪ ᠰᠦᠮ᠎ᠡ ᠶᠢ 《 ᠲᠦᠮᠡᠨ ᠳᠣᠬᠢᠶᠠᠯᠳᠣ ᠰᠦᠮ᠎ᠡ 》 ᠭᠡᠳᠡᠭ᠂ ᠬᠦᠩ ᠤᠨ ᠰᠦᠮ᠎ᠡ | ᠶᠢ 《 ᠦᠨᠡᠬᠡᠷ ᠦᠯᠵᠢᠢᠳᠣ ᠰᠦᠮ᠎ᠡ 》 ᠭᠡᠳᠡᠭ᠂ ᠬᠤᠭᠤᠯᠠᠳᠣ ᠯᠠᠮᠠ ᠶᠢᠨ ᠰᠦᠮ᠎ᠡ ᠶᠢ 《 ᠦᠷᠦᠰᠢᠶᠡᠯ ᠢ | ᠢᠯᠡᠳᠬᠡᠭᠴᠢ ᠰᠦᠮ᠎ᠡ 》 ᠭᠡᠳᠡᠭ᠂ ᠪᠠᠶᠢᠰᠡ ᠶᠢᠨ ᠰᠦᠮ᠎ᠡ ᠶᠢ 《 ᠰᠣᠶᠣᠯ ᠢ ᠪᠠᠳᠠᠷᠠᠭᠤᠯᠣᠭᠴᠢ ᠰᠦᠮ᠎ᠡ 》 | ᠭᠡᠳᠡᠭ᠃ ᠵᠡᠭᠦᠨ ᠠᠪᠠᠭ᠎ᠠ ᠬᠤᠰᠢᠭᠤᠨ ᠤ ᠪᠣᠯ ᠮᠠᠨᠵᠣ ᠴᠢᠩ ᠣᠯᠣᠰ ᠤᠨ ᠵᠢᠷᠠᠨ ᠬᠤᠳᠣᠭᠳᠣ ᠶᠢᠨ ᠳᠣᠭᠠᠨ | ᠳᠤ ᠣᠷᠣᠭᠤᠯᠣᠭᠰᠠᠨ ᠨᠡᠷ᠎ᠡ ᠪᠦᠬᠦᠢ ᠬᠤᠳᠣᠭᠳᠣ ᠭᠡᠭᠡᠨ ᠨᠢᠭᠡ ᠪᠠᠶᠢᠳᠠᠭ᠂ ᠲᠡᠷᠡ ᠨᠢ ᠮᠠᠨᠣᠩ ᠭᠡᠭᠡᠨ ᠭᠡᠳᠡᠭ ᠨᠡᠷ᠎ᠡ | ᠲᠠᠢ ᠪᠦᠭᠡᠳ 《 ᠰᠣᠶᠣᠯ ᠢ ᠪᠠᠳᠠᠷᠠᠭᠤᠯᠣᠭᠴᠢ 》 ᠰᠦᠮ᠎ᠡ ᠳᠤ ᠵᠠᠯᠠᠭᠳᠠᠵᠣ ᠳᠡᠨᠳᠡ ᠰᠠᠭᠤᠳᠠᠭ᠃ ᠲᠡᠷᠡ ᠭᠡᠭᠡᠨ | ᠨᠢ ᠲᠦᠷᠦᠯ ᠶᠡᠭᠦᠳᠬᠡᠵᠣ ᠵᠠᠩᠴᠢ ᠬᠠᠯᠠᠬᠤ ᠴᠠᠭ ᠲᠤ ᠶᠠᠮᠡᠷ ᠨᠢᠬᠡᠨ ᠭᠠᠵᠠᠷ ᠤᠨ ᠠᠷᠠᠳ ᠤᠨ ᠳᠣᠳᠣᠷ᠎ᠠ ᠠᠴᠠ | ᠴᠣᠪᠣᠭᠤ ᠰᠡᠷᠭᠦᠯᠡᠩ ᠬᠡᠣᠬᠡᠳ ᠢ ᠰᠣᠩᠭᠤᠨ᠂ ᠳᠣᠬᠠᠢ ᠶᠢᠨ ᠦᠶ᠎ᠡ ᠶᠢᠨ ᠲᠦᠪᠡᠳ ᠤᠨ ᠶᠡᠬᠡᠰ ᠭᠡᠭᠡᠳ ᠢᠶᠠᠷ | ᠳᠣᠳᠣᠯᠠᠭᠤᠯᠣᠨ᠂ ᠨᠢᠭᠡᠨ ᠬᠡᠣᠬᠡᠳ ᠲᠤ ᠬᠤᠶᠠᠷ ᠨᠡᠷ᠎ᠡ ᠦᠭᠴᠦ᠂ ᠳᠡᠶᠢᠮᠦ ᠬᠤᠶᠠᠷ ᠬᠡᠣᠭᠡᠳ ᠤᠨ ᠨᠡᠷ᠎ᠡ ᠶᠢ ᠮᠠᠨᠵᠣ | ᠴᠢᠩ ᠣᠯᠣᠰ ᠤᠨ ᠵᠣᠷᠭᠠᠨ ᠶᠠᠮᠣᠨ ᠳᠤ ᠮᠠᠳᠠᠭᠦᠯᠦᠨ ᠰᠢᠪᠠᠭ᠎ᠠ ᠳᠠᠳᠠᠭᠤᠯᠣᠨ ᠰᠣᠩᠭᠤᠵᠣ ᠭᠡᠭᠡᠨ ᠪᠣᠯᠭᠤᠳᠠᠭ ᠶᠤᠮ᠃ | ᠵᠡᠭᠦᠨ ᠠᠪᠠᠭ᠎ᠠ ᠬᠤᠰᠢᠭᠤᠨ ᠤ ᠬᠤᠰᠢᠭᠤ ᠰᠦᠮ᠎ᠡ ᠪᠠᠨ ᠣᠣᠯ ᠨᠢ ᠬᠡᠰᠢᠭᠳᠡᠨ ᠬᠤᠰᠢᠭᠤᠨ ᠤ ᠲᠠᠷᠬᠠᠨ | ᠠᠭᠤᠯᠠ ᠳᠤ ︽ᠴᠢᠭᠤᠯᠭᠠᠨ ᠰᠦᠮ᠎ᠡ︾ ᠭᠡᠳᠡᠭ ᠨᠡᠷ᠎ᠡ ᠲᠠᠢ ᠰᠦᠮ᠎ᠡ ᠪᠠᠶᠢᠭᠰᠠᠨ ᠭᠡᠳᠡᠭ᠂ ᠡᠨᠡᠬᠦ ︽ᠴᠢᠭᠤᠯᠭᠠᠨ | ᠰᠦᠮ᠎ᠡ︾ ᠪᠣᠯ ᠣᠣᠯ ᠨᠢ ᠴᠢᠩ ᠣᠯᠣᠰ ᠤᠨ ᠮᠠᠨᠵᠣ ᠬᠠᠭᠠᠨ ᠤ ᠲᠦᠮᠡᠨ ᠦᠯᠵᠢᠢᠳᠣ ᠰᠠᠭᠤᠷᠢᠨ ᠢ ᠪᠠᠳᠣᠳᠬᠠᠬᠤ | ᠶᠢᠨ ᠳᠣᠯᠠ ᠵᠢᠯ ᠪᠦᠷᠢ ᠳ᠋ᠠᠨᠵᠣᠣᠷ ᠨᠣᠮ ᠬᠤᠷᠠᠭᠤᠯᠵᠣ᠂ ᠬᠤᠰᠢᠭᠤ ᠪᠦᠷᠢ ᠠᠴᠠ ︽ᠠᠯᠪᠠᠨ ᠳᠠᠩᠰᠠᠳᠠᠨ︾ ᠭᠡᠳᠡᠭ | ᠨᠢᠭᠡᠨ ᠯᠠᠮᠠ ᠰᠠᠭᠤᠯᠭᠠᠵᠣ ᠪᠠᠶᠢᠭᠰᠠᠨ ᠢᠶᠠᠷ ᠦᠯᠦ ᠪᠠᠷᠡᠨ ᠬᠤᠰᠢᠭᠤ ᠪᠦᠷᠢ ᠠᠴᠠ ᠬᠤᠷᠠᠯ ᠨᠣᠮ ᠤᠨ ᠵᠠᠷᠣᠳᠠᠨ ᠢ | ᠠᠯᠪᠠᠨ ᠶᠣᠰᠣᠭᠠᠷ ᠨᠡᠶᠢᠯᠡᠭᠦᠯᠵᠣ ᠪᠠᠶᠢᠭᠰᠠᠨ ᠬᠡᠨ᠎ᠡ᠃ | ᠵᠡᠭᠦᠨ ᠠᠪᠠᠭ᠎ᠠ ᠶᠢᠨ ᠴᠢᠭᠤᠯᠭᠠᠨ ᠰᠦᠮ᠎ᠡ ᠶᠠᠭᠠᠬᠢᠭᠠᠳ ᠬᠡᠰᠢᠭᠳᠡᠨ ᠬᠤᠰᠢᠭᠤᠨ ᠤ ᠨᠣᠳᠤᠭ ᠲᠤ | ᠪᠠᠶᠢᠭᠰᠠᠨ ᠤ ᠣᠴᠢᠷ ᠪᠣᠯ᠂ ᠮᠢᠨᠣ ᠡᠪᠦᠭᠡ ᠳᠡᠭᠡᠳᠣᠰ ᠸᠠᠩ ᠦᠷᠡᠵᠢᠨᠵᠠᠪ ᠤᠨ ᠦᠶ᠎ᠡ ᠳᠤ᠂ ᠲᠡᠷᠡ ᠰᠢᠯᠢ ᠶᠢᠨ | ᠭᠤᠣᠯ᠂ ᠵᠣᠣ ᠣᠳᠠ ᠬᠤᠶᠠᠷ ᠴᠢᠭᠤᠯᠭᠠᠨ ᠤ ᠳᠠᠷᠤᠭ᠎ᠠ ᠶᠢᠨ ᠳᠣᠰᠢᠶᠠᠯ ᠢ ᠬᠠᠷᠢᠭᠤᠴᠠᠵᠣ ᠪᠠᠶᠢᠭᠰᠠᠨ ᠣᠳᠠᠭ᠎ᠠ ᠲᠠᠢ | ᠭᠡᠨ᠎ᠡ᠃ ᠬᠤᠶᠠᠷ ᠴᠢᠭᠤᠯᠭᠠᠨ ᠤ ᠡᠷᠬᠡ ᠶᠢ ᠨᠢᠬᠡ ᠯᠡ ᠶᠠᠮᠣᠨ ᠮᠡᠳᠡᠵᠣ ᠪᠠᠶᠢᠭᠰᠠᠨ ᠲᠡᠷᠡ ᠦᠶ᠎ᠡ ᠳᠤ ᠵᠡᠭᠦᠨ ᠠᠪᠠᠭ᠎ᠠ | ᠬᠤᠰᠢᠭᠤ ᠰᠦᠮ᠎ᠡ ᠶᠢ ᠳᠡᠷᠬᠠᠨ ᠠᠭᠤᠯᠠ ᠶᠢᠨ ᠡᠩᠭᠡᠷ ᠲᠤ ᠪᠠᠭᠤᠯᠭᠠᠭᠰᠠᠨ ᠭᠡᠳᠡᠭ ᠪᠦᠭᠡᠳ ᠳᠡᠭᠦᠨ ᠢ ᠪᠠᠰᠠ ︽ | ᠴᠢᠭᠤᠯᠭᠠᠨ ᠰᠦᠮ᠎ᠡ︾ ᠭᠡᠵᠣ ᠨᠡᠷᠡᠯᠡᠭᠰᠠᠨ ᠭᠡᠳᠡᠭ ᠪᠠᠶᠢᠨ᠎ᠠ᠃ ᠳᠠᠷᠬᠠᠨ ᠠᠭᠤᠯᠠ ᠶᠢᠨ ︽ᠴᠢᠭᠤᠯᠭᠠᠨ | ᠰᠦᠮ᠎ᠡ︾ ᠭᠡᠭᠴᠢ ᠪᠣᠯ ᠦᠭᠡᠷ ᠵᠢᠯ ︵1913 ᠣᠨ︶ ᠤᠨ ᠦᠢᠮᠡᠭᠡᠨ ᠳᠤ ᠶᠣᠸᠠᠨ ᠱᠢ ᠺᠠᠢ ᠶᠢᠨ ᠬᠠᠷ᠎ᠠ ᠴᠡᠷᠢᠭ | ᠳᠣᠪᠳᠣᠯᠣᠨ ᠢᠷᠡᠵᠣ ᠣᠷᠣ ᠦᠭᠡᠢ ᠪᠣᠯᠳᠠᠯ᠎ᠠ ᠳᠡᠭᠡᠷᠡᠮᠳᠡᠨ ᠲᠡᠯᠡᠵᠣ ᠭᠠᠯᠳᠠᠨ ᠰᠢᠳᠠᠭᠠᠵᠣᠬᠤᠢ᠃ ᠳᠡᠨᠳᠡ ᠰᠠᠭᠤᠵᠣ | ᠪᠠᠶᠢᠭᠰᠠᠨ ᠯᠠᠮᠠᠨᠠᠷ ᠨᠢ ᠶᠠᠩᠳᠣᠣ ᠰᠦᠮ᠎ᠡ ᠳᠤ ᠨᠡᠭᠦᠨ ᠢᠷᠡᠭᠡᠳ᠂ ᠬᠤᠵᠢᠮ ᠨᠢ ᠰᠦᠮ᠎ᠡ ᠪᠠᠶᠢᠭᠤᠯᠵᠣ ᠳᠡᠭᠦᠨ ᠢ ᠪᠠᠨ | ︽ᠴᠢᠭᠤᠯᠭᠠᠨ ᠰᠦᠮ᠎ᠡ︾ ᠭᠡᠵᠣ ᠨᠡᠷᠡᠶᠢᠳᠦᠭᠰᠠᠨ ᠪᠢᠯᠡ᠃ ᠡᠨᠡ ᠨᠢ ᠮᠢᠨᠣ ᠡᠴᠢᠬᠡ ᠶᠢᠨ ᠦᠶ᠎ᠡ ᠪᠣᠯᠣᠨ᠎ᠠ᠃ | | ᠣᠣᠯ ᠴᠢᠭᠤᠯᠭᠠᠨ ᠤ ᠬᠠᠭᠤᠴᠢᠨ ᠨᠡᠶᠢᠭᠡᠮ ᠤᠨ ᠵᠠᠷᠢᠮ ᠲᠦᠷᠢᠮ ᠳᠣᠭᠳᠠᠭᠠᠯ ᠵᠦᠢᠯ᠂ ᠣᠷᠴᠢᠨ ᠴᠠᠭ | ᠤᠨ ᠪᠠᠶᠢᠳᠠᠯ ᠳᠤ ᠦᠯᠥ ᠳᠣᠬᠢᠷᠠᠬᠤ ᠳᠣᠯᠠ ᠳᠡᠭᠦᠨ ᠢ ᠬᠠᠯᠠᠨ ᠦᠭᠡᠷᠡᠴᠢᠯᠡᠬᠦ ᠳᠣᠬᠠᠢ᠂ ᠮᠢᠨᠣ ᠪᠡᠶ᠎ᠡ 1942 ᠣᠨ | ᠤ ᠦᠶᠡᠰ ᠬᠡᠳᠣᠨ ᠵᠦᠢᠯ ᠳᠣᠷᠠᠳᠣᠭᠰᠠᠨ ᠢ ᠳᠡᠮᠴᠦᠭᠳᠣᠩᠷᠣᠪ ᠶᠡᠬᠡᠳᠡ ᠰᠠᠶᠢᠰᠢᠶᠠᠨ ᠬᠦᠯᠢᠶᠡᠵᠣ᠂ ᠲᠡᠷᠡ ᠳᠡᠷᠦᠢ | ᠳᠤᠨᠢ ᠦᠪᠡᠷ ᠤᠨ ᠪᠡᠶ᠎ᠡ ᠪᠠᠷ ᠬᠡᠬᠡᠨ ᠬᠡᠶᠢᠳ ᠤᠨ ᠭᠠᠵᠠᠷ ᠢᠷᠡᠵᠣ᠂ ᠣᠯᠠᠨ ᠬᠤᠰᠢᠭᠤᠳ ᠤᠨ ᠵᠠᠰᠠᠭ ᠲᠦᠰᠢᠮᠡᠳ ᠢ | ᠴᠣᠭᠯᠠᠭᠤᠯᠣᠨ ᠬᠤᠷᠠᠯᠳᠣᠭᠤᠯᠵᠣ᠂ ᠵᠦᠪᠯᠡᠨ ᠶᠠᠷᠢᠯᠴᠠᠭᠠᠳ ᠰᠢᠨ᠎ᠡ ᠪᠠᠷ ᠳᠣᠭᠳᠠᠭᠠᠭᠰᠠᠨ ᠵᠦᠢᠯ ᠤᠳ ᠪᠣᠯ | ᠳᠣᠣᠷᠠᠬᠢ ᠮᠡᠳᠦ᠄ | 1. ᠬᠤᠰᠢᠭᠤ ᠪᠦᠷᠢ ᠶᠢᠨ ᠠᠯᠢᠪᠠ ᠠᠯᠪᠠᠨ ᠵᠠᠷᠣᠳᠠᠯ ᠢ ᠣᠷᠢᠳᠴᠢᠯᠠᠨ ᠪᠣᠳᠣᠬᠤ ᠲᠦᠰᠦᠪ ᠲᠠᠢ | ᠪᠣᠯᠭᠠᠬᠤ ᠳᠣᠬᠠᠢ ᠳᠠᠪᠣᠨ ᠬᠤᠰᠢᠭᠤ ᠮᠠᠯ ᠢ ᠳᠣᠭᠠᠯᠠᠵᠣ ᠮᠠᠯ ᠤᠨ ᠳᠤᠭ᠎ᠠ ᠪᠠᠷ ᠭᠠᠶᠢᠯᠢ ᠠᠪᠬᠤ ᠪᠣᠯᠭᠠᠭᠰᠠᠨ᠂ | ᠡᠭᠦᠨᠳᠣ ᠳᠡᠮᠡᠭᠡ ᠠᠳᠣᠭᠤ ᠦᠬᠡᠷ ᠳᠣᠰ ᠪᠦᠷᠢ ᠬᠤᠶᠠᠷ ᠲᠦᠭᠦᠷᠢᠭ᠂ ᠬᠤᠨᠢ ᠢᠮᠠᠭ᠎ᠠ ᠳᠣᠰ ᠪᠦᠷᠢ ᠲᠦᠴᠢᠨ | ᠮᠥᠩᠭᠦ᠂ ᠡᠭᠦᠨᠳᠣ ᠳᠡᠪᠣᠨ ᠮᠠᠯ ᠠᠴᠠ ᠳᠣᠷᠣᠭᠰᠢ ᠮᠠᠯ ᠲᠠᠢ ᠡᠷᠦᠬᠡ ᠠᠴᠠ ᠭᠠᠶᠢᠯᠢ ᠳᠠᠳᠠᠪᠦᠷᠢ ᠬᠤᠷᠢᠶᠠᠬᠤ ᠦᠭᠡᠢ᠂ | ᠰᠦᠮ᠎ᠡ ᠶᠢᠨ ᠵᠢᠰᠠ ᠶᠢᠨ ᠮᠠᠯ ᠠᠴᠠ ᠠᠷᠠᠳ ᠣᠯᠠᠨ ᠤ ᠠᠳᠠᠯᠢ ᠭᠠᠶᠢᠯᠢ ᠬᠤᠷᠢᠶᠠᠬᠤ᠂ ᠬᠤᠰᠢᠭᠤ ᠰᠣᠮᠣᠨ ᠳᠤ | ᠪᠠᠶᠢᠭ᠎ᠠ ᠲᠦᠪᠡᠳ ᠳᠠᠩᠭᠤᠳ ᠤᠨ ᠭᠡᠭᠡᠨᠴᠣᠳ ᠤᠨ ᠰᠦᠷᠦᠭᠯᠡᠨ ᠳᠠᠯᠪᠢᠭᠰᠠᠨ ᠮᠠᠯ ᠠᠴᠠ ᠭᠠᠶᠢᠯᠢ ᠬᠤᠷᠢᠶᠠᠬᠤ᠂ | ᠬᠤᠰᠢᠭᠤᠨ ᠤ ᠵᠠᠰᠠᠭ ᠸᠠᠩ ᠪᠡᠶᠢᠯᠡ ᠪᠡᠶᠢᠰᠡ ᠭᠦᠩ ᠨᠡᠷ ᠤᠨ ᠮᠠᠯ ᠠᠴᠠ ᠮᠥᠨ ᠠᠷᠠᠳ ᠲᠦᠮᠡᠨ ᠤ ᠠᠳᠠᠯᠢ | ᠭᠠᠶᠢᠯᠢ ᠬᠤᠷᠢᠶᠠᠬᠤ ᠪᠠᠷ ᠳᠣᠭᠳᠠᠭᠠᠭᠰᠠᠨ ᠪᠢᠯᠡ᠃ | 2. ᠬᠤᠰᠢᠭᠤ ᠪᠦᠷᠢ ᠳᠤ ᠡᠷᠡᠭᠳᠠᠶᠢᠴᠣᠳ ᠪᠠ ᠦᠬᠢᠳ ᠤᠨ ᠰᠣᠷᠭᠠᠭᠤᠯᠢ ᠪᠠᠶᠢᠭᠤᠯᠣᠰᠠᠨ ︵ᠦᠬᠢᠳ | ᠤᠨ ᠰᠣᠷᠭᠠᠭᠤᠯᠢ ᠡᠭᠦᠨ ᠠᠴᠠ ᠡᠮᠦᠨ᠎ᠡ ᠪᠠᠶᠢᠭ᠎ᠠ ᠦᠭᠡᠢ︶᠃ | 3. ᠬᠤᠰᠢᠭᠤ ᠪᠦᠷᠢ ᠯᠠᠮᠠ ᠡᠮᠴᠢ ᠶᠢᠨ ᠬᠤᠷᠢᠶ᠎ᠠ ᠪᠠᠶᠢᠭᠤᠯᠣᠭᠰᠠᠨ᠃ | 4. ᠠᠷᠠᠳ ᠲᠦᠮᠡᠨ ᠤ ᠠᠮᠢᠳᠣᠷᠠᠯ ᠢ ᠬᠠᠩᠭᠠᠬᠤ ᠳᠣᠬᠠᠢ ᠬᠤᠰᠢᠭᠤᠳ ᠨᠢᠭᠡᠪᠦᠷᠢ ᠨᠢᠭᠡᠨ ᠰᠠᠭᠤᠷᠢ | ᠠᠵᠣ ᠠᠮᠢᠳᠣᠷᠠᠯ ᠤᠨ ᠬᠤᠷᠰᠢᠶ᠎ᠠ ᠪᠠᠶᠢᠭᠤᠯᠣᠭᠰᠠᠨ᠃ ᠡᠬᠡ ᠮᠥᠩᠭᠦ ᠶᠢ ᠬᠤᠰᠢᠭᠤ ᠠᠷᠠᠳ ᠣᠯᠠᠨ ᠠᠴᠠ | ᠳᠠᠳᠠᠪᠦᠷᠢᠯᠡᠨ ᠭᠠᠷᠭᠠᠵᠣ ᠬᠤᠨᠵᠢᠪᠦᠷᠢ ᠮᠥᠩᠭᠦᠨ ᠠᠴᠠ ᠪᠠᠨ ᠵᠢᠯ ᠪᠦᠷᠢ ᠬᠤᠪᠢᠶᠠᠨ ᠦᠭᠭᠦᠭᠰᠡᠭᠡᠷ ᠬᠡᠳᠣᠨ ᠵᠢᠯ ᠤᠨ | ᠳᠣᠳᠣᠷ᠎ᠠ ᠡᠬᠡ ᠮᠥᠩᠭᠦ ᠶᠢ ᠡᠵᠡᠨ ᠳᠤᠨᠢ ᠪᠣᠴᠠᠭᠠᠨ ᠦᠭᠬᠦ ᠵᠣᠷᠢᠯᠭ᠎ᠠ ᠲᠠᠢ ᠶᠤᠮ᠃ ᠬᠤᠰᠢᠭᠤᠨ ᠤ ᠠᠷᠠᠳ ᠣᠯᠡᠨ | ᠤ ᠬᠤᠳᠠᠯᠳᠣᠬᠤ ᠠᠯᠢᠪᠡ ᠮᠠᠯ ᠢ ᠬᠤᠷᠰᠢᠶ᠎ᠠ ᠪᠠᠷ ᠳᠠᠮᠵᠢᠭᠤᠯᠣᠨ ᠬᠤᠳᠠᠯᠳᠣᠵᠣ ᠴᠢᠨᠠᠭᠰᠢ ᠬᠡᠳᠦᠢ ᠦᠷᠳᠡᠭ ᠢᠶᠠᠷ | ᠬᠤᠳᠠᠯᠳᠣᠪᠠᠯ ᠡᠵᠠᠨ ᠳᠤ ᠨᠢ ᠬᠡᠪ ᠢᠶᠠᠷ ᠨᠢ ᠦᠭᠳᠡᠭ᠂ ᠪᠣᠳᠠᠭ᠎ᠠ ᠭᠤᠯᠢᠷ ᠴᠠᠢ᠂ ᠪᠦᠰ ᠪᠠᠷᠠᠭ᠎ᠠ ᠵᠡᠷᠭᠡ ᠶᠢ ᠭᠠᠳᠠᠨ᠎ᠠ | ᠠᠴᠠ ᠬᠤᠳᠠᠯᠳᠣᠨ ᠠᠪᠴᠢᠷᠠᠵᠣ ᠠᠷᠠᠳ ᠣᠯᠠᠨ ᠳᠤ ᠪᠠᠨ ᠬᠤᠪᠢᠶᠠᠷᠢᠯᠠᠨ ᠦᠭᠳᠡᠭ ᠪᠠᠶᠢᠭᠰᠠᠨ ᠶᠤᠮ᠃ ᠵᠡᠭᠦᠨ | ᠠᠪᠠᠭ᠎ᠠ ᠶᠢᠨ ᠳᠡᠶᠢᠮᠦ ᠬᠤᠷᠰᠢᠶ᠎ᠠ ᠪᠣᠯ ᠶᠠᠩᠳᠣᠣ ᠰᠦᠮ᠎ᠡ ᠳᠤ ᠪᠠᠶᠢᠭᠰᠠᠨ ᠶᠤᠮ᠃ ᠲᠡᠷᠡ ᠬᠤᠷᠰᠢᠶ᠎ᠠ ᠶᠢᠨ ᠳᠡᠷᠤᠭ᠎ᠠ | ᠪᠣᠯ ᠮᠡᠶᠢᠷᠡᠨ ᠵᠠᠩᠭᠢ ᠦᠷᠭᠦᠩᠭᠠ ᠬᠡᠳᠡᠭ ᠬᠦᠮᠥᠨ ᠪᠠᠶᠢᠯ᠎ᠠ᠃ | 5. ᠬᠠᠭᠤᠴᠢᠨ ᠨᠡᠶᠢᠬᠡᠮ ᠳᠤ ᠠᠷᠠᠳ ᠣᠯᠠᠨ ᠪᠣᠯ ᠬᠦᠪᠡᠭᠦᠨ ᠢᠶᠠᠨ ᠯᠠᠮᠠ ᠪᠣᠯᠭᠠᠬᠤ ᠳᠣᠷᠠᠳᠠᠢ | ᠪᠠᠶᠢᠳᠠᠭ᠂ ᠡᠶᠢᠮᠥ ᠣᠴᠢᠷ ᠠᠴᠠ ᠭᠠᠭᠴᠠ ᠬᠦᠪᠡᠭᠦᠨ ᠢᠶᠠᠨ ᠯᠠᠮᠠ ᠪᠣᠯᠭᠠᠴᠢᠭᠠᠳ᠂ ᠡᠷᠦᠬᠡ ᠭᠡᠷ ᠤᠨ ᠦᠶ᠎ᠡ | ᠵᠠᠯᠭᠠᠮᠵᠢ ᠳᠠᠰᠣᠷᠠᠬᠤ ᠳᠤ ᠬᠦᠷᠳᠡᠭ ᠶᠠᠪᠣᠳᠠᠯ ᠵᠦᠩᠳᠡᠭᠡᠨ ᠪᠠᠶᠢᠯ᠎ᠠ᠂ ᠲᠡᠶᠢᠨ ᠬᠦ ᠡᠨᠡ ᠣᠳᠠᠭᠠᠨ ᠤ ᠰᠢᠨ᠎ᠡ | ᠳᠣᠭᠳᠠᠭᠠᠯ ᠳᠤ ᠨᠢᠭᠡᠨ ᠡᠷᠦᠬᠡ ᠶᠢᠨ ᠭᠠᠭᠴᠠ ᠬᠦᠪᠡᠭᠦᠨ ᠪᠣᠶᠣ ᠬᠤᠶᠡᠷ ᠬᠦᠪᠡᠭᠦᠨ ᠢ ᠯᠠᠮᠠ ᠪᠣᠯᠭᠠᠵᠣ ᠪᠣᠯᠬᠤ | ᠦᠭᠡᠢ᠂ ᠭᠤᠷᠪᠠᠨ ᠬᠦᠪᠡᠭᠦᠨ ᠲᠠᠢ ᠡᠷᠦᠬᠡ ᠪᠣᠯ ᠵᠢᠩᠬᠢᠨᠢ ᠰᠠᠶᠢᠨ ᠳᠣᠷ᠎ᠠ ᠶᠢ ᠦᠨᠳᠣᠰᠦᠯᠡᠨ᠂ ᠨᠢᠬᠡ ᠶᠢ ᠯᠠᠮᠠ | ᠪᠣᠯᠭᠠᠵᠣ ᠪᠣᠯᠣᠨ᠎ᠠ᠃ ᠬᠡᠷᠪᠡ ᠬᠦᠮᠥᠨ ᠤ ᠭᠠᠭᠴᠠ ᠬᠦᠪᠡᠭᠦᠨ ᠦᠩᠭᠡᠷᠡᠭᠰᠡᠨ ᠳᠤ ᠯᠠᠮᠠ ᠪᠣᠯᠣᠭᠠᠳ ᠳᠡᠭᠦᠨ ᠤ | ᠡᠷᠦᠬᠡ ᠭᠡᠷ ᠤᠨ ᠦᠶ᠎ᠡ ᠵᠠᠯᠭᠠᠮᠵᠢ ᠳᠠᠰᠣᠷᠠᠬᠤ ᠳᠤ ᠭᠦᠷᠦᠭᠰᠡᠨ ᠪᠠᠶᠢᠪᠠᠰᠣ ᠯᠠᠮᠠ ᠬᠤᠸᠠᠷᠠᠭ ᠤᠨ ᠰᠠᠨᠸᠠᠷ ᠢ | ᠪᠣᠴᠠᠭᠠᠵᠣ᠂ ᠬᠡᠷᠬᠡᠶᠢᠳᠡᠨ ᠪᠣᠯᠭᠠᠨ ᠡᠷᠦᠬᠡ ᠭᠡᠷ ᠤᠨ ᠦᠶ᠎ᠡ ᠭᠤᠯᠣᠮᠳᠠ ᠶᠢ ᠵᠠᠯᠭᠠᠮᠵᠢᠯᠠᠭᠤᠯᠬᠤ ᠭᠡᠷᠡᠭᠳᠡᠢ ᠭᠡᠵᠣ | ᠳᠣᠭᠳᠠᠭᠠᠭᠰᠠᠨ ᠶᠤᠮ᠃ ᠡᠳᠡᠭᠡᠷ ᠰᠢᠨ᠎ᠡ ᠳᠣᠭᠳᠠᠭᠠᠭᠰᠠᠨ ᠵᠦᠢᠯ ᠤᠳ ᠢ ᠪᠡᠲᠡᠯᠡᠭᠦᠶᠢᠵᠣ ᠪᠠᠶᠢᠬᠤ ᠡᠰᠡᠭᠦ ᠶᠢ | ᠪᠠᠶᠢᠴᠠᠭᠠᠨ ᠦᠵᠡᠬᠦ ᠪᠠᠷ᠂ ᠬᠤᠵᠢᠮ ᠨᠢ ᠮᠢᠨᠣ ᠪᠡᠶ᠎ᠡ ᠨᠢᠭᠡᠨ ᠣᠳᠠᠭ᠎ᠠ ᠠᠷᠪᠠᠨ ᠬᠤᠰᠢᠭᠤ ᠶᠢ ᠳᠣᠭᠤᠷᠢᠨ ᠶᠠᠪᠣᠵᠣ | ᠨᠠᠷᠢᠨ ᠳᠣᠳᠣᠷᠬᠠᠢ ᠪᠠᠶᠢᠴᠠᠭᠠᠯᠳᠠ ᠬᠢᠭᠰᠡᠨ ᠪᠢᠯᠡ᠃ | ᠦᠪᠡᠷ ᠤᠨ ᠡᠷᠦᠬᠡ ᠭᠡᠷ ᠤᠨ ᠪᠠᠶᠢᠳᠠᠯ ᠢ ᠳᠣᠷᠠᠳᠪᠠᠯ᠄ ᠮᠢᠨᠣ ᠭᠡᠷ ᠳᠡᠪᠣᠨ ᠬᠤᠰᠢᠭᠤ ᠮᠠᠯ ᠢᠶᠠᠷ | ᠨᠡᠯᠢᠶᠡᠳ ᠪᠠᠶᠠᠯᠢᠭ᠂ 1945 ᠣᠨ ᠠᠴᠠ ᠡᠮᠦᠨ᠎ᠡ ᠪᠣᠯ ᠠᠳᠣᠭᠤ ᠭᠤᠷᠪᠠᠨ ᠮᠢᠩᠭᠠᠭᠠᠳ᠂ ᠳᠡᠮᠡᠭᠡ ᠳᠡᠪᠣᠨ | ᠵᠠᠭᠤᠭᠠᠳ᠂ ᠦᠬᠡᠷ ᠭᠤᠷᠪᠠᠨ ᠵᠠᠭᠤᠭᠠᠳ᠂ ᠬᠤᠨᠢ ᠨᠢᠭᠡ ᠲᠦᠮᠡ ᠰᠢᠬᠠᠮ ᠪᠠᠶᠢᠭᠰᠠᠨ ᠶᠤᠮ᠃ ᠠᠳᠣᠭᠤ ᠶᠢ ᠬᠠᠷ᠎ᠠ | ᠂ ᠴᠠᠭᠠᠨ᠂ ᠬᠤᠸᠠ᠂ ᠵᠢᠷᠤᠭ᠎ᠠ᠂ ᠲᠦᠷᠪᠡᠨ ᠰᠠᠭᠤᠷᠢ ᠢᠯᠭᠠᠵᠣ᠂ ᠨᠢᠭᠡ ᠰᠠᠭᠤᠷᠢ ᠨᠢ ᠳᠠᠪᠤ ᠵᠢᠷᠭᠤᠭᠠᠨ ᠵᠠᠭᠤ ᠪᠠᠷ | ᠰᠦᠷᠦᠭᠯᠡᠨ ᠮᠠᠯᠵᠢᠵᠤ ᠪᠠᠶᠢᠭᠰᠠᠨ ᠶᠤᠮ᠃ ᠪᠠᠰᠠ ᠨᠢᠬᠡᠨ ᠮᠢᠩᠭ᠎ᠠ ᠰᠢᠬᠠᠮ ᠠᠳᠣᠭᠤ ᠶᠢ ᠠᠷᠠᠳ ᠲᠤ ᠰᠦᠷᠦᠭ | ᠲᠠᠯᠪᠢᠨ ᠮᠠᠯᠵᠢᠭᠤᠯᠵᠣ ᠪᠠᠶᠢᠯ᠎ᠠ᠃ ᠳᠡᠮᠡᠭᠡᠨ ᠤ ᠣᠯᠠᠩᠬᠢ ᠶᠢ ᠦᠪᠡᠷ ᠤᠨ ᠭᠡᠷ ᠤᠨ ᠣᠶᠢᠷ᠎ᠠ ᠮᠠᠯᠵᠢᠳᠠᠭ᠂ ᠭᠠᠭᠴᠠ | ᠬᠦ ᠠᠷᠣ ᠰᠣᠮᠣᠨ ᠳᠤ ᠨᠢᠬᠡ ᠵᠠᠭᠤ ᠰᠢᠬᠠᠮ ᠳᠡᠮᠡᠭᠡ ᠶᠢ ᠳᠠᠯᠪᠢᠭᠰᠠᠨ ᠪᠠᠶᠢᠵᠠᠢ᠃ ᠦᠬᠡᠷ ᠤᠨ ᠣᠯᠩᠬᠢ ᠶᠢ ᠭᠡᠷ ᠤᠨ | ᠣᠶᠢᠷ᠎ᠠ ᠬᠠᠷᠢᠭᠤᠯᠵᠣ ᠪᠠᠶᠢᠳᠠᠭ᠂ ᠬᠤᠨᠢ ᠪᠣᠯ ᠭᠡᠷ ᠤᠨ ᠣᠶᠢᠷᠠᠯᠴᠠᠭ᠎ᠠ ᠬᠤᠶᠡᠷ ᠭᠤᠷᠪᠡᠨ ᠮᠢᠩᠭᠠᠨ ᠬᠤᠨᠢ ᠪᠠᠶᠢᠳᠠᠭ᠂ | ᠪᠣᠰᠣᠳ ᠨᠢ ᠪᠦᠷ ᠠᠶᠢᠯ ᠤᠳ ᠢᠶᠠᠷ ᠰᠦᠷᠦᠭ ᠳᠠᠯᠪᠢᠭᠰᠠᠨ ᠪᠠᠶᠢᠪᠠ᠃ ᠡᠨᠡᠬᠦ ᠬᠤᠨᠢ ᠮᠠᠯᠵᠢᠬᠤ ᠢᠠᠯ ᠤᠳ ᠪᠣᠯ | ᠠᠶᠢᠪᠠ ᠪᠠᠷ ᠦᠭᠴᠣ ᠬᠠᠷᠢᠭᠤᠯᠳᠠᠭ ᠪᠢᠰᠢ᠂ ᠳ᠋ᠰᠳᠰᠨᠡᠷ ᠬᠤᠨᠢ ᠮᠠᠯᠵᠢᠬᠤ ᠳᠣᠷᠠᠳᠠᠢ ᠰᠠᠨᠠᠯ ᠭᠠᠷᠭᠠᠵᠣ ᠬᠠᠷᠢᠭᠤᠯᠳᠠᠭ | ᠃ ᠨᠢᠬᠡ ᠵᠢᠯ ᠤᠨ ᠬᠤᠨᠢᠨ ᠤ ᠨᠣᠣᠰᠣ ᠶᠢ ᠳᠠᠳᠠᠨᠡᠷ ᠠᠪᠳᠠᠭ᠂ ᠵᠢᠯ ᠳᠤ ᠨᠡᠭᠡᠨ ᠣᠳᠠᠭ᠎ᠠ ᠳᠣᠭᠠᠯᠠᠵᠣ᠂ ᠲᠡᠷᠡ | ᠦᠶᠡᠰ ᠬᠠᠷᠢᠭᠤᠯᠣᠭᠰᠠᠨ ᠬᠤᠨᠢ ᠠᠴᠠ ᠨᠢ ᠴᠦᠭᠡᠪᠦᠷᠢ ᠶᠢ ᠦᠭᠳᠡᠭ᠃ | ᠮᠢᠨᠣ ᠭᠡᠷ ᠲᠤ ᠪᠣᠯ ᠮᠠᠯ ᠬᠠᠷᠢᠭᠤᠯᠬᠤ ᠬᠦᠮᠥᠰ ᠣᠯᠡᠨ᠂ ᠳᠡᠳᠡᠨᠡᠷ ᠲᠤ ᠳᠣᠭᠳᠠᠭᠰᠠᠨ ᠬᠦᠯᠦᠰᠦ ᠬᠡᠵᠣ | ᠪᠠᠶᠢᠳᠠᠭ ᠦᠭᠡᠢ᠂ ᠬᠡᠳᠦᠢ ᠦᠭᠪᠡᠯ ᠳᠡᠳᠦᠢ ᠶᠢ ᠨᠢ ᠠᠪᠣᠭᠠᠳ ᠳᠣᠷ᠎ᠠ ᠦᠭᠡᠢ ᠪᠣᠯᠪᠠᠴᠣ ᠠᠯᠪᠠᠨ ᠶᠣᠰᠣᠭᠠᠷ | ᠵᠠᠷᠣᠭᠳᠠᠳᠠᠭ ᠪᠠᠶᠢᠨ᠎ᠠ᠃ ᠮᠢᠨᠣ ᠭᠡᠷ ᠤᠨ ᠠᠯᠢᠪᠠ ᠠᠵᠢᠯ ᠢ ᠬᠢᠳᠡᠭ ᠵᠢᠷᠭᠤᠭᠠᠨ ᠡᠷᠦᠬᠡ ᠵᠠᠷᠣᠴᠢ ᠠᠶᠢᠯ ᠪᠣᠯ ᠮᠠᠨ ᠤ | ᠭᠡᠷ ᠤᠨ ᠳᠡᠷᠭᠡᠳᠡ ᠪᠠᠶᠢᠳᠠᠭ᠂ ᠲᠡᠷᠡ ᠵᠠᠷᠣᠴᠢ ᠠᠶᠢᠯ ᠤᠨ ᠡᠷᠡᠭᠳᠡᠢ ᠬᠦᠮᠥᠰ ᠨᠢ ᠮᠠᠨ ᠤ ᠭᠡᠷ ᠤᠨ ᠳᠣᠳᠣᠷ᠎ᠠ | ᠭᠠᠳᠠᠨ᠎ᠠ ᠠᠯᠢᠪᠠ ᠠᠵᠢᠯ ᠳᠤ ᠵᠠᠷᠣᠭᠳᠠᠵᠣ ᠶᠠᠪᠣᠳᠠᠭ᠂ ᠡᠮᠡᠭᠳᠡᠢ ᠬᠥᠮᠥᠰ ᠨᠢ ᠵᠣᠨ ᠤ ᠴᠠᠭ ᠲᠤ ᠬᠤᠨᠢ ᠦᠨᠢᠶ᠎ᠡ | ᠰᠠᠭᠠᠵᠤ᠂ ᠡᠪᠣᠯ ᠤᠨ ᠴᠠᠭ ᠲᠤ ᠪᠠᠭᠠᠰᠣ ᠬᠦᠢᠳᠡᠰᠣ ᠬᠤᠷᠢᠶᠠᠬᠤ ᠵᠡᠷᠭᠡ ᠠᠷᠰᠠᠷ ᠠᠵᠢᠯ ᠳᠤ ᠵᠠᠷᠣᠭᠳᠠᠵᠣ ᠶᠠᠪᠣᠳᠠᠭ᠂ | ᠡᠳᠡᠭᠡᠷ ᠵᠠᠷᠣᠴᠠ ᠠᠶᠢᠯ ᠤᠳ ᠢ ᠵᠠᠪᠠᠯ ᠦᠪᠣᠷ ᠳᠠᠪᠣᠨ ᠰᠣᠮᠣᠨ ᠠᠴᠠ ᠠᠯᠪᠠᠨ ᠶᠣᠰᠣᠭᠠᠷ ᠳᠠᠭᠤᠳᠠᠨ ᠠᠪᠴᠢᠷᠠᠵᠣ | ᠰᠠᠭᠤᠯᠭᠠᠳᠠᠭ᠂ ᠢᠩᠬᠢᠬᠦ ᠳᠤ ᠪᠠᠨ ᠭᠤᠣᠯ ᠰᠣᠮᠣᠨ ᠠᠴᠠ ᠬᠤᠶᠠᠷ ᠡᠷᠦᠬᠡ᠂ ᠪᠠᠷᠠᠭᠤᠨ ᠰᠣᠮᠣᠨ ᠠᠴᠠ ᠬᠤᠶᠠᠷ | ᠡᠷᠦᠬᠡ᠂ ᠵᠡᠭᠦᠨ ᠰᠣᠮᠣᠨ ᠠᠴᠠ ᠨᠢᠬᠡ ᠡᠷᠦᠬᠡ᠂ ᠱᠣᠭᠤᠮ ᠰᠣᠮᠣᠨ ᠠᠴᠠ ᠨᠢᠬᠡ ᠡᠷᠦᠬᠡ᠂ ᠳᠡᠳᠡᠭᠡᠷ ᠵᠠᠷᠣᠴᠢ ᠠᠶᠢᠯ | ᠳᠤ ᠳᠣᠭᠳᠠᠭᠰᠠᠨ ᠬᠦᠯᠦᠰᠦ ᠣᠯᠭᠤᠮᠵᠢ ᠦᠭᠳᠡᠭ ᠦᠭᠡᠢ᠂ ᠵᠦᠪᠬᠡᠨ ᠡᠪᠣᠯ ᠵᠣᠨ ᠤ ᠬᠤᠪᠴᠠᠰᠣ᠂ ᠢᠳᠡᠰᠢᠨ ᠤ | ᠬᠤᠨᠢ ᠢᠮᠠᠭ᠎ᠠ᠂ ᠪᠣᠳᠠᠭ᠎ᠠ ᠭᠤᠯᠢᠷ ᠵᠡᠷᠭᠡ ᠶᠢ ᠬᠠᠩᠭᠠᠨ ᠦᠭᠳᠡᠭ᠂ ᠪᠠᠰᠠ ᠵᠣᠨ ᠤ ᠦᠶᠡᠰ ᠦᠪᠣᠷ ᠳᠡᠪᠣᠨ ᠰᠣᠮᠣᠨ | ᠠᠴᠠ ᠠᠷᠪᠠᠨ ᠵᠠᠯᠠᠭᠤ ᠡᠷᠡᠭᠳᠡᠢ ᠬᠦᠮᠥᠨ ᠢ ᠠᠯᠪᠠᠨ ᠶᠣᠰᠣᠭᠠᠷ ᠳᠠᠭᠤᠳᠠᠨ ᠠᠪᠴᠢᠷᠠᠵᠣ ᠵᠠᠷᠣᠳᠠᠭ᠂ ᠳᠡᠳᠡᠭᠡᠷ ᠵᠠᠯᠠᠭᠤ | ᠡᠷᠡᠭᠳᠡᠢ ᠪᠣᠯ᠂ ᠳᠡᠮᠡᠭᠡ᠂ ᠬᠤᠨᠢᠨ ᠤ ᠣᠩᠭᠠᠰᠣ ᠨᠣᠣᠰᠣ ᠬᠤᠷᠢᠶᠠᠨ ᠠᠪᠬᠤ ᠪᠣᠯᠣᠨ ᠭᠡᠷ ᠤᠨ ᠪᠦᠷᠢᠶᠡᠰᠥᠨ ᠤ | ᠮᠣᠩᠭᠤᠯ ᠢᠰᠡᠬᠡᠢ ᠬᠢᠬᠦ ᠠᠵᠢᠯ ᠢ ᠬᠦᠢᠴᠡᠳᠬᠡᠭᠰᠡᠨ ᠬᠤᠶᠢᠨ᠎ᠠ ᠰᠠᠶ᠋ᠢ ᠭᠡᠷ ᠭᠡᠷ ᠲᠤ ᠪᠠᠨ ᠬᠠᠷᠢᠳᠠᠭ ᠶᠤᠮ᠃ | ᠮᠢᠨᠣ ᠭᠡᠷ ᠪᠣᠯ ᠡᠪᠣᠯ ᠵᠣᠨ ᠤ ᠴᠠᠭ ᠲᠤ ᠮᠣᠩᠭᠤᠯ ᠭᠡᠷ ᠢᠶᠠᠷ ᠨᠡᠬᠦᠳᠡᠯᠯᠠᠨ ᠰᠠᠭᠤᠳᠠᠭ᠂ ᠵᠣᠰᠠᠯᠠᠩ ᠤᠨ ᠭᠠᠵᠠᠷ | ᠰᠠᠭᠤᠬᠤ ᠪᠣᠶᠣ ᠶᠠᠭᠤᠮ᠎ᠠ ᠬᠤᠷᠢᠶᠠᠬᠤ ᠠᠷᠪᠠᠨ ᠬᠡᠳᠥᠨ ᠵᠠᠩ ᠪᠠᠶᠢᠰᠢᠩ ᠪᠠᠶᠢᠳᠠᠭ ᠪᠦᠭᠡᠳ ᠵᠣᠨ ᠨᠴᠠᠭ ᠲᠤ ᠪᠣᠯ | ᠬᠦᠢᠳᠡᠨ ᠰᠢᠯᠢ ᠶᠢᠨ ᠠᠷᠣ ᠶᠡᠬᠡᠪᠣᠯᠠᠭ᠂ ᠰᠢᠪᠡᠭᠡ ᠬᠠᠰᠢᠶ᠎ᠠ ᠭᠠᠵᠠᠷ ᠢᠶᠠᠷ ᠨᠣᠳᠣᠭᠯᠠᠳᠠᠭ᠂ ᠡᠪᠥᠯ ᠴᠠᠭ ᠲᠤ ᠬᠤᠶᠠᠷ | ᠬᠤᠯᠣᠰᠣ᠂ ᠳᠡᠪᠢᠨ ᠵᠡᠷᠭᠡ ᠭᠠᠵᠠᠷ ᠢᠶᠠᠷ ᠨᠣᠳᠣᠭᠯᠠᠳᠠᠭ ᠪᠠᠶᠢᠭᠰᠠᠨ ᠶᠤᠮ᠃ | ᠮᠢᠨᠣ ᠡᠴᠢᠭᠡ ᠡᠬᠡ ᠪᠣᠯ᠂ ᠪᠣᠷᠬᠠᠨ ᠱᠠᠰᠢᠨ ᠳᠤ ᠶᠡᠭᠡ ᠰᠦᠰᠦᠭ ᠪᠢᠰᠢᠷᠡᠯᠳᠠᠢ᠂ ᠳᠦᠪᠡᠳ ᠲᠠᠩᠭᠤᠳ | ᠤᠨ ᠬᠡᠬᠡᠳ ᠯᠠᠮᠠᠨᠡᠷ ᠢ ᠶᠡᠭᠡ ᠰᠢᠳᠦᠳᠡᠭ᠂ ᠮᠢᠨᠣ ᠪᠡᠶ᠎ᠡ ᠴᠦ ᠭᠡᠰᠡᠨ ᠠᠪᠤ ᠡᠵᠢ ᠶᠢᠨ ᠰᠣᠷᠭᠠᠯ ᠬᠦᠮᠥᠵᠢᠯ ᠢ | ᠬᠦᠷᠳᠡᠭᠰᠡᠭᠡᠷ ᠮᠣᠩᠬᠠᠭ ᠪᠢᠰᠢᠷᠡᠯ ᠤᠨ ᠰᠦᠰᠦᠭ ᠢᠶᠠᠷ ᠮᠥᠨ ᠯᠡ ᠬᠡᠭᠡᠳ ᠯᠠᠮᠠᠨᠠᠷ ᠢ ᠰᠢᠳᠦᠳᠡᠭ ᠪᠦᠭᠡᠳ ᠬᠦᠮᠪᠣᠮ | ᠬᠡᠶᠢᠳ᠂ ᠣᠲ᠋ᠠᠢ ᠵᠡᠷᠭᠡ ᠭᠠᠵᠠᠷ ᠤᠳ ᠢᠶᠠᠷ ᠮᠥᠷᠭᠦᠯ ᠡᠷᠬᠢᠯ ᠬᠢᠵᠣ ᠬᠡᠳᠦᠨ ᠣᠳᠠᠭ᠎ᠠ ᠶᠠᠪᠣᠭᠰᠠᠨ ᠪᠢᠯᠡ᠂ ᠣᠣᠯ | ᠭᠠᠵᠠᠷ ᠤᠨ ᠰᠦᠮ᠎ᠡ ᠬᠡᠶᠢᠳ ᠤᠨ ᠯᠠᠮᠠᠨᠡᠷ ᠢ ᠴᠦ ᠳᠣᠷᠣᠮᠵᠢᠯᠠᠨ ᠮᠠᠭᠤᠰᠢᠶᠠᠳᠠᠭ ᠦᠭᠡᠢ᠂ ᠬᠠᠷᠢᠨ ᠳᠡᠳᠡᠨ ᠳᠤ | ᠦᠭᠯᠢᠭ ᠡᠷᠭᠦᠴᠡ ᠦᠭᠳᠡᠭ ᠪᠦᠭᠡᠳ ᠮᠠᠨ ᠤ ᠭᠡᠷ ᠲᠤ ᠨᠢᠬᠡ ᠵᠢᠯ ᠳᠤ ᠬᠡᠳᠦᠨ ᠣᠳᠠᠭ᠎ᠠ ᠯᠠᠮᠠᠨᠠᠷ ᠵᠠᠯᠠᠵᠣ ᠨᠣᠮ | ᠪᠣᠶᠠᠠ ᠦᠢᠯᠡᠳᠳᠡᠭ ᠪᠠᠶᠢᠨ᠎ᠠ᠃ | 1945 ᠣᠨ ᠠᠴᠠ ᠬᠤᠶᠢᠰᠢ ᠮᠢᠨᠣ ᠪᠠᠶᠢᠳᠠᠯ ᠬᠡᠪᠡᠯ᠄ 1945 ᠣᠨ ᠤ ᠨᠠᠮᠣᠷ᠂ ᠳᠡᠯᠡᠬᠡᠢ ᠶᠢᠨ | ᠬᠤᠶᠠᠳᠣᠭᠠᠷ ᠳᠠᠶᠢᠠ ᠪᠣᠯᠵᠣ᠂ ᠦᠪᠦᠷ ᠮᠣᠩᠭᠤᠯ ᠣᠷᠣᠨ ᠴᠢᠯᠥᠭᠡᠯᠡᠭᠳᠡᠬᠦ ᠦᠶ᠎ᠡ ᠳᠤ ᠵᠥᠪᠯᠡᠯᠳᠥ ᠶᠢᠨ ᠣᠯᠠᠭᠠᠨ | ᠠᠷᠮᠢ ᠪᠣᠯᠣᠨ ᠮᠣᠩᠭᠤᠯ ᠣᠯᠣᠰ ᠤᠨ ᠬᠤᠪᠢᠰᠬᠠᠯᠳᠣ ᠴᠡᠷᠢᠭ ᠮᠠᠨ ᠤ ᠴᠢᠭᠤᠯᠭᠠᠨ ᠳᠤ ᠣᠷᠣᠵᠣ ᠢᠷᠡᠭᠡᠳ ᠶᠠᠫᠣᠨ | ᠹᠠᠱᠢᠰ᠂ ᠣᠬᠠᠭᠠᠨ ᠰᠡᠭᠡᠬᠡ ᠦᠭᠡᠢ ᠵᠢᠭᠤᠳᠠᠭᠰᠠᠨ ᠳᠡᠷᠡᠬᠦ ᠴᠢᠮᠡᠭᠡ ᠶᠢ ᠣᠯᠵᠣ ᠰᠣᠨᠣᠰᠣᠮᠠᠭᠴᠠ᠂ ᠮᠢᠨᠣ ᠪᠡᠶ᠎ᠡ | ᠠᠶᠣᠨ ᠬᠡᠯᠡᠮᠡᠭᠳᠡᠵᠣ᠂ ᠦᠪᠡᠷ ᠤᠨ ᠭᠡᠷ ᠤᠨ ᠡᠳ᠋ ᠬᠦᠷᠦᠩᠬᠡ ᠡᠳ᠋ᠯᠡᠯ ᠳᠡᠸᠠᠷ ᠮᠥᠩᠭᠦ ᠵᠣᠭᠤᠰ ᠵᠡᠷᠭᠡ ᠪᠠᠨ ᠳᠠᠶᠢᠨ ᠤ | ᠬᠦᠯ ᠳᠤ ᠦᠷᠡᠭᠳᠡᠭᠦᠯᠭᠦ ᠦᠭᠡᠢ ᠶᠢᠨ ᠲᠦᠯᠦᠭᠡ ᠦᠪᠡᠷ ᠤᠨ ᠬᠡᠷ ᠠᠴᠠ ᠪᠠᠨ ᠵᠠᠶᠢᠯᠠᠭᠤᠯᠵᠣ ᠶᠠᠩᠳᠣᠣ ᠰᠦᠮ᠎ᠡ ᠳᠤ | ᠲᠡᠭᠡᠭᠡᠨ ᠠᠪᠴᠢᠷᠠᠭᠰᠠᠨ ᠪᠦᠭᠡᠳ ᠮᠢᠨᠤ ᠪᠡᠶ᠎ᠡ ᠴᠦ ᠠᠪᠤ ᠡᠵᠢ ᠪᠣᠯᠣᠨ ᠭᠡᠷ ᠤᠨ ᠪᠦᠬᠦᠨ ᠢᠶᠠᠨ ᠳᠠᠭᠠᠭᠤᠯᠣᠨ | ᠶᠠᠩᠳᠣᠣ ᠰᠦᠮ᠎ᠡ ᠳᠤ ᠵᠠᠶᠢᠯᠠᠨ ᠰᠠᠭᠤᠭᠠᠳ ᠳᠠᠶᠢᠨ ᠪᠠᠶᠢᠳᠠᠯ ᠢ ᠦᠩᠭᠡᠷᠡᠭᠡᠬᠦ ᠭᠡᠵᠣ ᠪᠣᠳᠣᠭᠰᠠᠨ ᠪᠢᠯᠡ᠃ ᠣᠴᠢᠷ | ᠨᠢ ᠶᠠᠩᠳᠣᠣ ᠰᠦᠮ᠎ᠡ ᠪᠣᠯ ᠶᠡᠭᠡ ᠡᠯᠡᠰᠣᠨ ᠤ ᠵᠠᠬ᠎ᠠ ᠳᠤ ᠪᠠᠶᠢᠬᠤ ᠪᠣᠯᠬᠤᠷ ᠮᠠᠰᠢᠨ ᠳᠡᠷᠭᠡ ᠨᠠᠪᠳᠡᠷᠡᠬᠦ ᠳᠤ ᠲᠣᠩ | ᠬᠦᠴᠢᠷ ᠲᠠᠢ᠂ ᠳᠡᠶᠢᠮᠣ ᠠᠴᠠ ᠣᠷᠣᠰ ᠮᠣᠩᠭᠤᠯ ᠴᠡᠷᠢᠭ ᠳᠡᠨᠳᠡ ᠬᠦᠷᠴᠣ ᠴᠢᠳᠠᠬᠤ ᠦᠭᠡᠢ ᠭᠡᠵᠣ ᠪᠣᠳᠣᠵᠣ | ᠪᠠᠶᠢᠭᠰᠠᠨ ᠪᠢᠯᠡ᠃ ᠬᠡᠳᠡᠯ᠎ᠡ ᠬᠠᠷᠢᠨ ᠣᠷᠣᠰ ᠮᠣᠩᠭᠤᠯ ᠴᠡᠷᠢᠭ ᠨᠢ ᠪᠡᠷᠡᠭᠤᠨ ᠠᠪᠠᠭ᠎ᠠ ᠶᠢᠨ ᠴᠠᠩᠳᠣ ᠰᠥᠮ᠎ᠡ ᠳᠤ | ᠨᠢᠭᠡᠨᠳᠡ ᠣᠷᠣᠵᠣ ᠢᠷᠡᠭᠰᠡᠨ ᠪᠦᠭᠡᠳ ᠪᠠᠰᠠ ᠪᠠᠨᠳᠢᠳᠠ ᠬᠡᠬᠡᠨ ᠬᠡᠶᠢᠳ ᠲᠤ ᠣᠷᠣᠵᠣ ᠢᠷᠡᠩᠭᠦᠳᠡ ᠪᠠᠨ ᠳᠣᠰ | ᠰᠥᠮ᠎ᠡ ᠶᠢᠨ ᠳᠣᠰᠢᠶᠠᠯᠳᠠᠨ ᠯᠠᠮᠠᠨᠠᠷ ᠳᠦᠴᠢ ᠭᠠᠷᠦᠢ ᠬᠦᠮᠥᠰ ᠢ ᠫᠣᠣᠳᠠᠨ ᠠᠯᠠᠪᠠ ᠬᠡᠭᠦ ᠴᠢᠮᠡᠭᠡ ᠶᠢ ᠲᠡᠷᠡ | ᠳᠡᠷᠦᠶᠢᠬᠠᠨ ᠳᠤ ᠪᠠᠨ ᠣᠯᠵᠣ ᠰᠣᠨᠣᠰᠣᠭᠠᠳ᠂ ᠠᠮᠢ ᠮᠡᠨᠳᠣ ᠭᠠᠷᠬᠤ ᠶᠢ ᠪᠣᠳᠣᠵᠣ ᠠᠴᠠ ᠪᠢᠰᠢ ᠦᠭᠡᠷ᠎ᠡ ᠶᠠᠭᠤ ᠴᠦ | ᠪᠣᠳᠣᠬᠤ ᠶᠢᠨ ᠣᠬᠠᠭᠠᠨ ᠦᠭᠡᠢ᠂ ᠠᠶᠣᠨ ᠰᠦᠷᠳᠡᠵᠣ᠂ ᠮᠠᠳᠡᠭᠡ ᠰᠣᠨᠣᠰᠣᠭᠰᠠᠨ ᠲᠡᠷᠡ ᠰᠦᠨᠢ ᠳᠤ ᠪᠠᠨ ᠪᠦᠬᠦ | ᠡᠳ᠋ ᠬᠦᠷᠦᠩᠬᠡ ᠠᠯᠢᠪᠠ ᠵᠦᠢᠯ ᠢᠶᠠᠨ ᠴᠦᠮ ᠢ ᠶᠠᠩᠳᠣᠣ ᠰᠦᠮ᠎ᠡ ᠳᠠᠬᠢ ᠦᠪᠡᠷ ᠤᠨ ᠰᠠᠭᠤᠵᠣ ᠪᠠᠶᠢᠭᠰᠠᠨ | ᠪᠠᠶᠢᠰᠢᠩ ᠳᠤ ᠪᠠᠨ ᠬᠠᠶᠠᠵᠣ ᠣᠷᠬᠢᠭᠠᠳ ᠪᠠᠷᠠᠭᠤᠨ ᠶᠡᠭᠡ ᠡᠯᠡᠰᠣᠨ ᠳᠤ ᠰᠢᠷᠭᠤᠨ ᠣᠷᠣᠵᠣ ᠳᠣᠳᠠᠭᠠᠨ ᠵᠠᠶᠢᠯᠠᠪᠠ᠃ | ᠣᠷᠣᠰ ᠴᠡᠷᠢᠭ ᠨᠢ ᠮᠠᠷᠭᠠᠰᠢ ᠨᠢ ᠶᠠᠩᠳᠣᠣ ᠰᠦᠮ᠎ᠡ ᠳᠤ ᠢᠷᠡᠭᠡᠳ᠂ ᠰᠦᠮ᠎ᠡ ᠶᠢᠨ ᠪᠣᠷᠬᠠᠨ ᠨᠣᠮ᠂ ᠵᠢᠰᠠ ᠶᠢᠨ | ᠡᠳ᠋ ᠬᠦᠷᠦᠩᠭᠡ ᠪᠣᠶᠣ ᠮᠢᠨᠣ ᠬᠠᠶᠠᠵᠣ ᠣᠷᠬᠢᠭᠰᠡᠨ ᠡᠳ᠋ ᠬᠦᠷᠦᠩᠭᠡ ᠴᠦ ᠪᠦᠷᠢᠮᠦᠰᠣᠨ ᠴᠡᠷᠢᠭ ᠤᠨ ᠬᠦᠯ ᠳᠤ | ᠦᠷᠡᠭᠳᠡᠭᠰᠡᠨ ᠪᠢᠯᠡ᠃ ᠲᠡᠷᠡ ᠦᠶ᠎ᠡ ᠳᠤ ᠮᠢᠨᠣ ᠪᠡᠶ᠎ᠡ ᠪᠠᠷᠠᠭᠤᠨ ᠡᠯᠡᠰᠦᠨ ᠳᠤ ᠬᠡᠳᠣᠨ ᠬᠤᠨᠤᠭ ᠳᠠᠯᠳᠠᠯᠠᠵᠣ | ᠰᠠᠭᠤᠭᠰᠠᠭᠠᠷ ᠡᠴᠣᠰ ᠳᠤ ᠪᠠᠨ ᠠᠷᠭ᠎ᠠ ᠮᠣᠬᠤᠷᠳᠠᠵᠣ᠂ ᠮᠣᠩᠭᠤᠯ ᠣᠯᠣᠰ ᠤᠨ ᠴᠡᠷᠢᠭ ᠤᠨ ᠬᠤᠷᠢᠶᠠᠨ ᠳᠤ ᠪᠡᠶ᠎ᠡ | ᠪᠠᠷ ᠣᠴᠢᠵᠣ ᠠᠭᠤᠯᠵᠠᠭᠰᠠᠨ ᠶᠤᠮ᠃ ᠮᠣᠩᠭᠤᠯ ᠣᠯᠣᠰ ᠤᠨ ᠴᠡᠷᠢᠭ ᠠᠴᠠ ᠨᠠᠮᠠᠢᠢ ᠳᠣᠯᠣᠨ ᠨᠠᠭᠤᠷ ᠲᠤ ᠬᠦᠷᠭᠡᠵᠣ | ᠂ ᠪᠢ ᠳᠡᠨᠳᠡ ᠮᠣᠩᠭᠤᠯ ᠣᠯᠣᠰ ᠤᠨ ᠳᠣᠰᠬᠠᠢ ᠲᠦᠯᠥᠭᠡᠯᠡᠭᠴᠢ ᠯᠠᠮᠠᠵᠠᠪ ᠰᠠᠶᠢᠳ ᠲᠠᠢ ᠣᠭᠤᠵᠠᠬᠤ ᠢᠶᠠᠨ ᠶᠠᠷᠢᠯ᠎ᠠ᠃ | ᠳᠡᠭᠤᠨ ᠳᠤ ᠯᠠᠮᠠᠵᠠᠪ ᠰᠠᠶᠢᠳ ᠮᠠᠨ ᠤ ᠴᠢᠭᠤᠯᠭᠠᠨ ᠤ ᠵᠠᠰᠠᠭ ᠨᠣᠶᠠᠳ ᠢ ᠪᠠᠨᠳᠢᠳᠠ ᠬᠡᠬᠡᠨ ᠬᠡᠶᠢᠳ ᠲᠤ | ᠴᠣᠭᠯᠠᠭᠤᠯᠵᠣ ᠴᠢᠭᠤᠯᠭᠠᠨ ᠤ ᠵᠠᠰᠠᠭ ᠵᠠᠬᠢᠷᠭ᠎ᠠ ᠶᠢᠨ ᠠᠵᠢᠯ ᠡᠭᠦᠷᠭᠡ ᠶᠢ ᠳᠣᠬᠢᠷᠠᠭᠤᠯᠣᠨ ᠳᠣᠰᠢᠶᠠᠯ ᠳᠤ ᠳᠣᠮᠢᠯᠠᠨᠠ | ᠬᠡᠵᠣ ᠬᠡᠯᠡᠭᠰᠡᠨ ᠪᠦᠭᠡᠳ ᠲᠡᠷᠡ ᠬᠤᠷᠠᠯ ᠢ ᠬᠤᠷᠠᠯᠳᠣᠭᠤᠯᠬᠤ ᠳᠣᠬᠠᠢ ᠪᠡᠯᠡᠳᠬᠡᠯ ᠠᠵᠢᠯ ᠢ ᠲᠦᠷᠭᠡᠨ ᠬᠦᠢᠴᠡᠳᠭᠡᠬᠦ | ᠬᠡᠷᠡᠭᠳᠡᠢ ᠬᠡᠵᠣ ᠮᠠᠰᠢ ᠶᠠᠭᠠᠷᠠᠯᠳᠠᠢ ᠡᠭᠦᠷᠭᠡ ᠳᠣᠰᠢᠶᠠᠯ ᠢ ᠨᠠᠳᠠᠳᠣ ᠦᠭᠭᠦᠭᠰᠡᠨ ᠪᠢᠯᠡ᠃ ᠯᠠᠮᠠᠵᠠᠪ ᠰᠠᠶᠢᠳ ᠤᠨ | ᠳᠣᠰᠢᠶᠠᠯ ᠢᠶᠠᠷ ᠮᠣᠩᠭᠤᠯ ᠴᠡᠷᠢᠭ ᠤᠨ ᠭᠠᠵᠠᠷ ᠠᠴᠠ ᠪᠡᠯᠡᠳᠬᠡᠨ ᠦᠭᠭᠦᠭᠰᠡᠨ ᠣᠨᠣᠯᠭ᠎ᠠ ᠮᠣᠷᠢ ᠪᠠᠷ ᠪᠢ ᠮᠣᠷᠳᠠᠵᠣ | ᠡᠳᠣᠷ ᠰᠦᠨᠢ ᠦᠭᠡᠢ ᠶᠠᠪᠣᠭᠰᠠᠭᠠᠷ ᠬᠠᠷᠢᠵᠣ ᠢᠷᠡᠭᠡᠳ᠂ ᠬᠤᠰᠢᠭᠤ ᠪᠦᠷᠢ ᠳᠤ ᠵᠠᠷᠣᠯᠭ᠎ᠠ ᠶᠠᠪᠣᠭᠤᠯᠣᠨ ᠵᠠᠰᠠᠭ | ᠨᠣᠶᠠᠳ ᠢ ᠪᠠᠨᠳᠢᠳᠠ ᠭᠡᠭᠡᠨ ᠭᠡᠶᠢᠳ ᠤᠨ ᠭᠠᠵᠠᠷ ᠴᠦᠮ ᠢ ᠳᠠᠭᠤᠳᠠᠨ ᠴᠣᠭᠯᠠᠭᠤᠯᠵᠣ ᠬᠦᠯᠢᠶᠡᠭᠰᠡᠭᠡᠷ ᠬᠡᠳᠣ ᠬᠤᠨᠤᠭ | ᠤᠨ ᠬᠤᠶᠢᠨ᠎ᠠ ᠯᠠᠮᠠᠵᠠᠪ ᠰᠠᠶᠢᠳ ᠪᠡᠶ᠎ᠡ ᠪᠠᠷ ᠢᠷᠡᠵᠣ ᠬᠤᠷᠠᠯ ᠨᠡᠭᠡᠭᠡᠭᠡᠳ ᠳᠣᠰ ᠴᠢᠭᠤᠯᠭᠠᠨ ᠣ ᠣᠯᠠᠨ ᠬᠤᠰᠢᠭᠤᠳ | ᠤᠨ ᠵᠠᠰᠠᠭ ᠪᠠ ᠴᠢᠭᠤᠯᠭᠠᠨ ᠤ ᠳᠠᠷᠤᠭ᠎ᠠ᠂ ᠳᠡᠳ᠋ ᠳᠠᠷᠤᠭ᠎ᠠ ᠶᠢ ᠮᠣᠩᠭᠤᠯ ᠣᠯᠣᠰ ᠤᠨ ᠳᠣᠰᠬᠠᠢ ᠲᠦᠯᠦᠭᠡᠯᠡᠭᠴᠢ | ᠶᠢᠨ ᠳᠠᠮᠠᠭ᠎ᠠ ᠲᠠᠢ ᠪᠢᠴᠢᠭ ᠢᠶᠠᠷ ᠳᠣᠰ ᠳᠣᠰ ᠳᠣᠰᠢᠶᠠᠯ ᠳᠤᠷ ᠳᠣᠮᠢᠯᠠᠭᠰᠠᠨ ᠪᠢᠯᠡ᠃ ᠳᠡᠭᠦᠨ ᠳᠤ ᠮᠢᠨᠣ ᠪᠡᠶ᠎ᠡ ᠶᠢ | ᠬᠠᠭᠤᠴᠢᠨ ᠬᠡᠪ ᠢᠶᠠᠷ ᠴᠢᠭᠤᠯᠭᠠᠨ ᠤ ᠳᠡᠳ᠋ ᠳᠠᠷᠤᠭ᠎ᠠ ᠶᠢᠨ ᠳᠣᠰᠢᠶᠠᠯ ᠳᠤ ᠳᠣᠮᠢᠯᠠᠭᠰᠠᠨ ᠪᠦᠭᠡᠳ ᠣᠯᠠᠨ | ᠬᠤᠰᠢᠭᠤᠳ ᠤᠨ ᠵᠠᠰᠠᠭ ᠢ ᠴᠦ ᠣᠣᠯ ᠶᠢᠨ ᠬᠢ ᠠᠴᠠ ᠦᠭᠡᠷᠡᠴᠢᠯᠡᠭᠰᠡᠨ ᠶᠠᠪᠣᠳᠠᠯ ᠦᠭᠡᠢ ᠬᠠᠭᠤᠴᠢᠨ ᠭᠡᠪ ᠢᠶᠠᠷ ᠨᠢ | ᠳᠣᠮᠢᠯᠠᠭᠰᠠᠨ ᠪᠢᠯᠡ᠃ | ᠶᠠᠫᠣᠨ ᠤ ᠹᠠᠱᠢᠰ ᠨᠢᠭᠡᠨᠳᠡ ᠪᠠᠭᠤᠵᠣ ᠦᠭᠭᠦᠭᠡᠳ᠂ ᠮᠣᠩᠭᠤᠯ ᠬᠢᠵᠠᠭᠠᠷ ᠤᠨ ᠵᠠᠰᠠᠭ ᠤᠨ ᠣᠷᠳᠣᠨ | ᠭᠡᠭᠴᠢ ᠡᠴᠦᠰᠯᠠᠨ ᠳᠠᠭᠤᠰᠴᠣ᠂ ᠳᠡᠷᠢᠭᠦᠨ ᠨᠣᠶᠠᠨ ᠪᠡᠭᠡᠵᠢᠩ ᠳᠤ ᠵᠢᠭᠤᠳᠠᠨ ᠣᠴᠢᠵᠣ ᠭᠤᠮᠢᠨᠳᠠᠩ ᠳᠤ ᠳᠣᠯᠣᠭᠠᠢ | ᠰᠢᠷᠭᠤᠪᠠ᠃ | ᠮᠢᠨᠣ ᠪᠡᠶ᠎ᠡ ᠪᠣᠯ ᠣᠣᠯ ᠤᠨ ᠲᠡᠮᠴᠦᠭᠳᠣᠩᠷᠣᠪ ᠢ ᠢᠳᠡᠭᠡᠨ ᠳᠦᠰᠢᠭᠯᠡᠵᠣ᠂ ᠴᠢᠭᠤᠯᠭᠠᠨ ᠤ ᠠᠯᠢᠪᠠ | ᠠᠯᠪᠠᠨ ᠠᠵᠢᠯ ᠢ ᠳᠡᠭᠦᠨ ᠤ ᠵᠢᠭᠠᠪᠣᠷᠢ ᠪᠠᠷ ᠬᠦᠢᠴᠡᠳᠭᠡᠳᠡᠭ ᠪᠠᠶᠢᠭᠰᠠᠨ ᠳᠡᠳᠦᠢ ᠦᠭᠡᠢ᠂ ᠶᠡᠷᠦ ᠳᠡᠮᠴᠦᠭᠳᠣᠩᠷᠣᠪ | ᠪᠢᠳᠠ ᠬᠤᠶᠠᠷ ᠪᠣᠯ ᠶᠡᠭᠡ ᠳᠣᠳᠣᠨᠣ ᠶᠢᠨ ᠪᠠᠶᠢᠳᠠᠭ ᠨᠦᠬᠦᠷ ᠶᠤᠮ᠃ ᠳᠡᠮᠴᠦᠭᠳᠣᠩᠷᠣᠪ ᠬᠡᠳᠦᠢ ᠪᠠᠷ ᠦᠶ᠎ᠡ ᠣᠯᠠᠷᠢᠨ | ᠠᠷᠠᠳ ᠲᠦᠮᠡᠨ ᠤ ᠳᠣᠯᠣᠭᠠᠢ ᠳᠡᠭᠡᠷ᠎ᠡ ᠰᠠᠭᠤᠵᠣ ᠪᠠᠶᠢᠭᠰᠠᠨ ᠳᠣᠮᠣ ᠳᠣᠯᠣᠭᠠᠢ ᠹᠧᠣᠳᠠᠯ ᠮᠦᠨ ᠪᠣᠯᠪᠠᠴᠣ ᠳᠡᠭᠦᠨ ᠤ | ᠬᠢᠭᠰᠡᠨ ᠡᠭᠦᠳᠦᠭᠰᠡᠨ ᠠᠵᠢᠯ ᠭᠡᠷᠡᠭ ᠪᠦᠬᠦᠨ ᠢᠶᠠᠷ ᠶᠠᠭ ᠮᠠᠭᠤ ᠪᠢᠰᠢ ᠬᠡᠵᠣ ᠦᠵᠡᠨ᠎ᠡ᠃ ᠮᠣᠩᠭᠤᠯ ᠦᠨᠳᠦᠰᠦᠳᠡᠨ | ᠤ ᠡᠷᠬᠡ ᠠᠰᠢᠭ ᠤᠨ ᠳᠦᠯᠦᠭᠡ ᠲᠡᠷᠡ ᠭᠤᠮᠢᠨᠳᠠᠩ ᠤᠨ ᠨᠣᠶᠠᠷᠬᠠᠯ ᠤᠨ ᠦᠶᠡᠰ ᠠᠴᠠ ᠡᠬᠢᠯᠡᠨ ᠳᠡᠮᠡᠴᠡᠭᠰᠡᠭᠡᠷ | ᠢᠷᠡᠭᠰᠡᠨ ᠶᠤᠮ᠃ ᠳᠡᠮᠴᠦᠭᠳᠣᠩᠷᠣᠪ ᠶᠡᠷᠦ ᠠᠴᠠ ᠳᠠᠩ ᠭᠠᠭᠴᠠ ᠬᠤᠪᠢ ᠶᠢᠨ ᠡᠷᠬᠡ ᠵᠢᠷᠭᠠᠯ ᠢ ᠡᠷᠬᠢᠯᠡᠭᠰᠡᠨ ᠪᠢᠰᠢ᠂ | ᠦᠪᠡᠷ ᠤᠨ ᠣᠭᠰᠠᠭ᠎ᠠ ᠦᠨᠳᠣᠰᠦᠳᠡᠨ ᠤ ᠪᠠᠨ ᠪᠡᠶ᠎ᠡ ᠪᠠᠨ ᠳᠠᠭᠠᠭᠠᠵᠣ᠂ ᠡᠷᠬᠡ ᠮᠡᠳᠡᠭᠦ ᠳᠣᠬᠠᠢ ᠠᠷᠭ᠎ᠠ ᠣᠬᠭᠠᠨ ᠢ | ᠰᠡᠳᠬᠢᠨ ᠪᠣᠳᠣᠵᠣ ᠠᠯᠢ ᠡᠷᠳᠡ 1931 ᠣᠨ ᠳᠤ ︽ᠮᠣᠩᠭᠤᠯ ᠤᠨ ᠴᠢᠭᠤᠯᠭᠠᠨ ᠪᠠ ᠬᠤᠰᠢᠭᠤᠨ ᠤ ᠡᠪᠯᠡᠯᠳᠣ | ᠬᠠᠣᠯᠢ︾ ᠭᠡᠳᠡᠭ ᠢ ᠡᠭᠦᠰᠬᠡᠨ ᠨᠡᠶᠢᠳᠡᠯᠡᠵᠣ᠂ 1933 ᠣᠨ ᠳᠤ ︽ᠪᠠᠳᠣᠬᠠᠭᠠᠯᠭ᠎ᠠ ᠶᠢᠨ ᠮᠣᠩᠭᠤᠯ ᠵᠠᠰᠠᠭ ᠤᠨ | ᠬᠤᠷᠠᠯ︾ ᠭᠡᠳᠡᠭ ᠦᠨᠳᠣᠰᠦᠳᠡᠨ ᠤ ᠦᠪᠡᠷᠳᠡᠭᠡᠨ ᠵᠠᠰᠠᠬᠤ ᠪᠡᠯᠡᠳᠬᠡᠯ ᠬᠤᠷᠠᠯ ᠢ ᠰᠠᠨᠠᠭᠠᠴᠢᠯᠠᠨ ᠬᠤᠷᠠᠯᠳᠣᠭᠤᠯᠵᠣ᠂ | 1936 ᠣᠨ ᠳᠤ ᠡᠷᠳᠡᠮ ᠰᠣᠶᠣᠯᠳᠣ ᠬᠤᠳᠠᠨ᠎ᠠ ︽ᠮᠣᠩᠭᠤᠯ ᠤᠨ ᠴᠡᠷᠢᠭ ᠤᠨ ᠦᠶᠡᠰ ᠤᠨ ᠵᠠᠰᠠᠭ ᠤᠨ ᠣᠷᠳᠣᠨ | ︾ ᠢ ᠪᠠᠶᠢᠭᠤᠯᠵᠣ᠂ 1937 ᠣᠨ ᠳᠤ ᠭᠤᠮᠢᠨᠳᠠᠩ ᠤᠨ ᠡᠵᠡᠯᠡᠵᠣ ᠪᠠᠶᠢᠭᠰᠠᠨ ᠰᠦᠢ ᠶᠣᠸᠠᠨ ᠢ ᠪᠠᠶᠢᠯᠳᠣᠨ | ᠡᠵᠡᠯᠡᠵᠣ ᠵᠠᠰᠠᠭ ᠠᠮᠣᠷᠵᠢᠭᠤᠯᠬᠤ ᠬᠤᠷᠠᠯ ᠢ ᠪᠠᠶᠢᠭᠤᠯᠣᠨ᠂ ᠮᠣᠩᠭᠤᠯ ᠤᠨ ᠴᠢᠭᠤᠯᠭᠠᠨ ᠢ ᠬᠤᠯᠪᠣᠵᠣ ᠦᠪᠡᠷᠳᠡᠭᠡᠨ | ᠵᠠᠰᠠᠬᠤ ᠵᠠᠰᠠᠭ ᠤᠨ ᠣᠷᠳᠣᠨ ᠤ ᠡᠪᠯᠡᠯ ᠵᠣᠬᠢᠶᠠᠯ ᠤᠨ ᠶᠡᠭᠡ ᠲᠦᠯᠣᠪ ᠢ ᠵᠦᠪᠯᠡᠨ ᠳᠣᠭᠳᠠᠭᠠᠭᠰᠠᠨ ᠵᠡᠷᠭᠡ ᠭᠡᠷᠡᠭ ᠢ | ᠡᠭᠦᠳᠦᠭᠰᠡᠨ ᠪᠢᠯᠡ᠂ ᠮᠠᠨ ᠤ ᠴᠢᠭᠤᠯᠭᠠᠨ ᠤ ᠳᠣᠳᠣᠷ᠎ᠠ ᠡᠨᠡ ᠮᠠᠳᠣ ᠮᠣᠩᠭᠤᠯ ᠦᠨᠳᠦᠰᠦᠳᠡᠨ ᠤ ᠪᠠᠨ ᠳᠦᠯᠦᠭᠡ | ᠵᠣᠷᠢᠭ ᠰᠦᠰᠦ ᠶᠢ ᠪᠠᠷᠢᠵᠣ᠂ ᠶᠡᠭᠡ ᠭᠡᠷᠡᠭ ᠡᠭᠦᠳᠦᠭᠰᠡᠨ ᠸᠠᠩ ᠵᠠᠰᠠᠭ ᠪᠣᠯ ᠣᠷᠢᠳᠣ ᠡᠮᠣᠨ᠎ᠠ ᠶᠡᠷᠦ ᠪᠠᠶᠢᠭᠰᠠᠨ | ᠦᠭᠡᠢ᠃ | ᠳᠡᠮᠴᠦᠭᠳᠣᠩᠷᠣᠪ ᠢ ᠵᠠᠶᠢᠯᠠᠨ ᠶᠠᠪᠣᠭᠰᠠᠨ ᠠᠴᠠ ᠬᠤᠶᠢᠰᠢ᠂ ᠮᠢᠨᠣ ᠪᠡᠶ᠎ᠡ ᠶᠠᠮᠠᠷ ᠨᠢᠭᠡᠨ ᠠᠷᠭ᠎ᠠ ᠪᠠᠷ | ᠳᠡᠭᠦᠨ ᠲᠠᠢ ᠬᠠᠷᠢᠯᠴᠠᠬᠤ ᠶᠢ ᠪᠣᠳᠣᠭᠰᠠᠭᠠᠷ᠂ 1945 ᠣᠨ ᠤ ᠨᠠᠮᠣᠷ ᠳᠡᠷᠢᠭᠦᠨ ᠨᠣᠶᠠᠨ ᠲᠡᠮᠴᠦᠭᠳᠣᠩᠷᠣᠪ ᠪᠣᠯᠣᠨ | ᠬᠠᠭᠤᠴᠢᠨ ᠮᠣᠩᠭᠤᠯ ᠤᠨ ᠬᠢᠵᠠᠭᠠᠷ ᠤᠨ ᠵᠠᠰᠠᠭ ᠤᠨ ᠣᠷᠳᠣᠨ ᠤ ᠵᠠᠰᠠᠭ ᠤᠨ ᠶᠠᠪᠣᠳᠠᠯ ᠤᠨ ᠬᠤᠷᠢᠶᠠᠨ ᠳᠠᠷᠤᠭ᠎ᠠ | ᠡᠣ ᠾᠧ ᠯᠢᠩ ᠨᠠᠷ ᠲᠠᠢ ᠬᠠᠷᠢᠴᠠᠭ᠎ᠠ ᠠᠪᠬᠤ ᠪᠠᠷ ᠴᠣᠶᠢᠵᠢᠨᠵᠠᠪ ᠭᠡᠳᠡᠭ ᠨᠢᠬᠡᠨ ᠯᠠᠮᠠ ᠬᠦᠮᠥᠨ ᠢ ᠵᠠᠷᠣᠵᠣ ᠨᠢᠭᠡᠨ | ᠣᠳᠠᠭ᠎ᠠ ᠪᠡᠭᠡᠵᠢᠩ ᠳᠤ ᠶᠠᠪᠣᠭᠤᠯᠣᠭᠰᠠᠨ ᠪᠢᠯᠡ᠃ ᠮᠥᠨ ᠣᠨ ᠤ ᠡᠪᠣᠯ ᠤᠨ ᠰᠡᠭᠦᠯᠴᠢ ᠪᠠᠷ ᠵᠡᠭᠦᠨ ᠠᠪᠠᠭ᠎ᠠ | ᠬᠤᠰᠢᠭᠤᠨ ᠤ ᠰᠣᠮᠣᠨ ᠤ ᠪᠢᠴᠢᠭᠡᠴᠢ ᠳᠠᠶᠢᠵᠢ ᠸᠠᠩᠵᠢᠯᠪᠠᠮᠣ ᠬᠡᠳᠡᠭ ᠬᠦᠮᠥᠨ ᠢ ᠵᠠᠷᠣᠵᠣ ᠳᠡᠮᠴᠦᠭᠳᠣᠩᠷᠣᠪ ᠪᠣᠯᠣᠨ | ᠡᠣ ᠾᠧ ᠯᠢᠩ ᠨᠡᠷ ᠲᠠᠢ ᠬᠠᠷᠢᠴᠠᠭ᠎ᠠ ᠠᠪᠬᠤ ᠪᠠᠷ ᠬᠤᠶᠠᠳᠠᠬᠢ ᠣᠳᠠᠭ᠎ᠠ ᠨᠢᠭᠤᠴᠠ ᠪᠠᠷ ᠶᠠᠪᠣᠭᠤᠯᠣᠭᠰᠠᠨ ᠶᠤᠮ᠃ | 1946 ᠣᠨ ᠳᠤ ᠶᠠᠩᠳᠣᠣ ᠰᠦᠮ᠎ᠡ ᠶᠢᠨ ᠱᠠᠪᠢ ᠯᠠᠮᠠ ᠶᠧᠰᠢ ᠭᠡᠳᠡᠭ ᠬᠦᠮᠥᠨ ᠢ ᠵᠠᠷᠣᠵᠣ ᠮᠥᠨ ᠳᠡᠳᠡᠨᠡᠷ ᠲᠠᠢ | ᠬᠠᠷᠢᠴᠠᠭ᠎ᠠ ᠠᠪᠬᠤ ᠪᠠᠷ ᠭᠤᠷᠪᠠᠳᠡᠬᠢ ᠣᠳᠠᠭ᠎ᠠ ᠶᠠᠪᠣᠭᠤᠯᠣᠭᠰᠠᠨ ᠶᠤᠮ᠃ ᠮᠢᠨᠣ ᠡᠨᠡ ᠮᠡᠳᠣ ᠭᠤᠮᠢᠨᠳᠠᠩ ᠪᠣᠯᠣᠨ | ᠲᠡᠮᠴᠦᠭᠳᠣᠩᠷᠣᠪ ᠲᠠᠢ ᠬᠡᠳᠣᠨ ᠣᠳᠠᠭ᠎ᠠ ᠬᠠᠷᠢᠴᠠᠭ᠎ᠠ ᠠᠪᠣᠭᠰᠠᠨ ᠶᠠᠪᠣᠳᠠᠯ ᠡᠴᠣᠰ ᠲᠤ ᠪᠠᠨ ᠢᠯᠡᠷᠡᠨ ᠮᠡᠳᠡᠭᠳᠡᠵᠣ᠂ | ᠬᠤᠪᠢᠰᠬᠠᠯᠳᠣ ᠲᠦᠷᠦ ᠠᠴᠠ ᠨᠠᠮᠠᠢᠢ ᠶᠡᠬᠡᠬᠡᠨ ᠰᠡᠵᠢᠭᠯᠡᠳᠡᠭ ᠪᠣᠯᠣᠭᠰᠠᠨ ᠶᠤᠮ᠃ 1945 ᠣᠨ ᠤ ᠡᠪᠣᠯ᠂ | ᠴᠢᠭᠤᠯᠣᠯᠳᠣ ᠬᠠᠭᠠᠯᠭ᠎ᠠ ᠳᠤ ᠣᠯᠠᠭᠠᠨᠬᠦᠣ ᠨᠦᠬᠦᠷ ᠠᠴᠠ ᠡᠭᠦᠰᠬᠡᠨ ᠣᠳᠣᠷᠢᠳᠣᠭᠰᠠᠨ ᠳᠣᠳᠣᠭᠠᠳᠣ ᠮᠣᠩᠭᠤᠯ ᠤᠨ | ᠦᠪᠡᠷᠳᠡᠭᠡᠨ ᠵᠠᠰᠠᠬᠤ ᠭᠦᠳᠡᠯᠭᠡᠭᠡᠨ ᠤ ᠬᠤᠯᠪᠣᠭᠠᠳᠣ ᠬᠤᠷᠠᠯ ᠠᠴᠠ ᠪᠠᠶᠢᠭᠤᠯᠣᠭᠳᠠᠵᠣ᠂ ᠣᠣᠯ ᠬᠤᠷᠠᠯ ᠠᠴᠠ ᠰᠢᠯᠢ | ᠶᠢᠨ ᠭᠤᠣᠯ ᠴᠢᠭᠤᠯᠭᠠᠨ ᠤ ᠰᠠᠶᠢᠨᠵᠢᠶᠠᠭᠠ ᠭᠡᠳᠡᠭ ᠬᠦᠮᠥᠨ ᠢ ᠳᠣᠮᠢᠯᠠᠨ ᠢᠷᠡᠭᠦᠯᠵᠣ ᠴᠢᠭᠤᠯᠭᠠᠨ ᠤ ᠠᠯᠪᠠᠨ ᠭᠡᠷᠡᠭ | ᠢ ᠬᠠᠮᠢᠶᠠᠷᠠᠭᠤᠯᠣᠭᠰᠠᠨ ᠪᠢᠯᠡ᠃ ᠬᠤᠶᠢᠳᠣ ᠵᠢᠯ ᠤᠨ ︵1946 ᠣᠨ ᠤ︶ ᠬᠠᠪᠣᠷ ᠨᠢ ᠮᠥᠨ ᠬᠤᠷᠠᠯ ᠠᠴᠠ | ᠷᠢᠨᠴᠢᠨᠸᠠᠴᠢᠷ᠂ ᠷᠢᠨᠴᠢᠨᠵᠠᠮᠰᠣ᠂ ᠱᠠᠵᠢᠠᠭᠡᠷᠡᠯ᠂ ᠰᠠᠶᠢᠬᠤᠢᠯᠵᠠᠢ᠂ ᠶᠠᠨᠰᠠᠩᠵᠠᠪ ᠵᠡᠷᠭᠡ ᠠᠷᠪᠠᠭᠠᠳ ᠵᠠᠯᠠᠭᠤ ᠺᠡᠳᠠᠷ ᠢ | ᠳᠣᠮᠢᠯᠠᠨ ᠢᠷᠡᠭᠦᠯᠵᠣ᠂ ᠳᠡᠷᠠᠭ᠎ᠠ ᠨᠢ ᠪᠠᠰᠠ ᠴᠣᠯᠮᠣᠨ᠂ ᠭᠡᠷᠡᠯᠴᠣᠭᠳᠣ᠂ ᠳᠠᠮᠪᠠ ᠨᠠᠷ ᠢ ᠳᠣᠮᠢᠯᠠᠨ ᠢᠷᠡᠭᠦᠯᠵᠣ | ᠠᠵᠢᠯᠯᠠᠭᠤᠯᠣᠰᠠᠨ ᠪᠢᠯᠡ᠃ ᠳᠡᠭᠡᠭᠡᠳ ᠳᠡᠮᠡᠢ ᠣᠳᠠᠯ ᠦᠭᠡᠢ ᠴᠣᠯᠮᠣᠨ ᠴᠢᠭᠤᠯᠭᠠᠨ ᠤ ᠳᠠᠷᠤᠭ᠎ᠠ ᠪᠠᠷ ᠳᠣᠮᠢᠯᠠᠭᠳᠠᠵᠣ | ᠪᠠᠨᠳᠢᠳᠠ ᠬᠡᠬᠡᠨ ᠬᠡᠶᠢᠳ ᠳᠤ ᠨᠠᠮᠠᠢᠢ ᠳᠠᠭᠤᠳᠠᠵᠣ ᠨᠢᠭᠡᠨ ᠬᠤᠷᠠᠯ ᠬᠢᠭᠡᠳ᠂ ᠲᠡᠷᠡ ᠬᠤᠷᠠᠯ ᠳᠡᠭᠡᠷ᠎ᠡ ᠨᠠᠮᠠᠢᠢ | ᠴᠢᠭᠤᠯᠣᠯᠳᠣ ᠬᠠᠭᠠᠯᠭ᠎ᠠ ᠳᠤ ᠶᠠᠪᠣᠭᠤᠯᠬᠤ ᠪᠠᠷ ᠱᠠᠭᠠᠷᠳᠠᠭᠰᠠᠨ ᠪᠣᠯᠪᠠᠴᠣ ᠮᠢᠨᠣ ᠪᠡᠶ᠎ᠡ ᠠᠷᠭ᠎ᠠ ᠰᠢᠯᠳᠠᠭ ᠡᠷᠢᠭᠡᠳ | ᠶᠠᠪᠣᠭᠰᠠᠨ ᠦᠭᠡᠢ ᠶᠤᠮ᠃ ᠪᠠᠰᠠ ᠮᠥᠨ ᠣᠨ ᠤ ᠵᠣᠨ ᠤ ᠦᠶᠡᠰ ᠵᠡᠭᠦᠨ ᠠᠪᠠᠭ᠎ᠠ ᠶᠢᠨ ᠶᠠᠩᠳᠣᠣ ᠰᠦᠮ᠎ᠡ ᠳᠤ | ᠠᠷᠠᠳ ᠤᠨ ᠰᠣᠩᠭᠤᠭᠤᠯᠢ ᠶᠢᠨ ᠬᠤᠷᠠᠯ ᠢ ᠬᠤᠷᠠᠯᠳᠣᠭᠤᠯᠵᠣ᠂ ᠸᠠᠩᠴᠢᠨ ᠢ ᠵᠡᠭᠦᠨ ᠠᠪᠠᠭ᠎ᠠ ᠬᠤᠰᠢᠭᠤᠨ ᠤ | ᠳᠠᠷᠤᠭ᠎ᠠ ᠪᠠᠷ ᠰᠣᠩᠭᠤᠵᠣᠬᠤᠢ᠃ ᠡᠨᠡ ᠮᠡᠳᠣ ᠪᠠᠷ ᠮᠢᠨᠣ ᠪᠡᠶ᠎ᠡ ᠴᠢᠭᠤᠯᠭᠠᠨ ᠤ ᠪᠠ ᠬᠤᠰᠢᠭᠠᠨ ᠤ ᠬᠠᠭᠤᠴᠢᠨ ᠡᠷᠬᠡ | ᠳᠣᠰᠢᠶᠠᠯ ᠢᠶᠠᠨ ᠪᠦᠷᠢᠮᠥᠰᠣᠨ ᠬᠠᠰᠣᠭᠳᠠᠭᠰᠠᠨ ᠪᠠᠶᠢᠨ᠎ᠠ᠃ | 1946 ᠣᠨ ᠤ ᠨᠠᠮᠣᠷ᠂ ᠵᠢᠶᠠᠩ ᠵᠢᠶᠧ ᠱᠢ ᠳᠣᠳᠣᠭᠠᠳᠣ ᠶᠢᠨ ᠳᠠᠶᠢᠨ ᠢ ᠪᠦᠬᠦ ᠪᠠᠷ ᠳᠡᠭᠳᠡᠭᠡᠨ | ᠡᠭᠦᠰᠭᠡᠵᠣ᠂ ᠴᠢᠭᠤᠯᠣᠯᠳᠣ ᠬᠠᠭᠠᠯᠭ᠎ᠠ ᠶᠢ ᠭᠤᠮᠢᠨᠳᠠᠩ ᠤᠨ ᠴᠡᠷᠢᠭ ᠡᠵᠡᠯᠡᠷ᠎ᠡ᠂ ᠳᠣᠪᠳᠣᠯᠣᠭᠰᠠᠨ ᠠᠴᠠ ᠣᠯᠠᠭᠠᠨᠬᠦᠥ | ᠨᠦᠬᠦᠷ ᠤᠨ ᠣᠳᠣᠷᠢᠳᠣᠭᠰᠠᠨ ᠳᠣᠳᠣᠭᠠᠳᠣ ᠮᠣᠩᠭᠤᠯ ᠤᠨ ᠦᠪᠡᠷᠳᠡᠭᠡᠨ ᠵᠠᠰᠠᠬᠤ ᠭᠦᠳᠡᠯᠭᠡᠭᠡᠨ ᠠᠴᠠ ᠣᠬᠤᠷᠢᠨ | ᠭᠠᠷᠴᠣ᠂ ᠮᠣᠩᠭᠤᠯ ᠬᠢᠳᠡᠳ ᠣᠯᠡᠨ ᠺᠡᠳᠡᠷ ᠠᠵᠢᠯᠳᠠᠨ ᠮᠠᠨ ᠤ ᠰᠢᠯᠢ ᠶᠢᠨ ᠭᠤᠣᠯ ᠴᠢᠭᠤᠯᠭᠠᠨ ᠳᠤ ᠰᠯᠢᠯᠵᠢᠨ | ᠢᠷᠡᠯ᠎ᠡ᠃ ᠡᠨᠡ ᠣᠨ ᠤ ᠡᠪᠣᠯ ᠤᠨ ᠡᠬᠢᠨ ᠰᠠᠷ᠎ᠠ ᠳᠤ ᠨᠠᠮᠠᠢᠢ ᠳᠣᠭᠤᠳᠠᠭᠤᠯᠣᠭᠰᠠᠨ ᠪᠢᠯᠡ᠃ ᠲᠡᠷᠡ ᠳᠠᠷᠦᠢ ᠪᠢ | ᠣᠴᠢᠵᠣ ᠠᠭᠤᠯᠵᠠᠪᠠᠯ᠂ ᠣᠯᠠᠭᠠᠨᠬᠦᠥ ᠨᠦᠬᠦᠷ ᠨᠠᠮᠠᠢᠢ ᠶᠡᠭᠡ ᠳᠣᠳᠣᠨᠣ ᠪᠠᠷ ᠬᠦᠨᠳᠣᠳᠭᠡᠨ ᠦᠵᠡᠵᠣ ︽ᠴᠢᠨᠣ ᠪᠡᠶ᠎ᠡ | ᠬᠠᠭᠤᠴᠢᠨ ᠨᠡᠶᠢᠬᠡᠮ ᠳᠡᠭᠡᠷ᠎ᠡ ᠳᠣᠰᠢᠶᠠᠯ ᠠᠵᠢᠯ ᠢ ᠬᠠᠷᠢᠭᠤᠴᠠᠵᠣ ᠪᠠᠶᠢᠭᠰᠠᠨ ᠪᠣᠯᠬᠤᠷ ᠲᠦᠷᠦ ᠶᠢᠨ ᠳᠣᠬᠠᠢ ᠵᠣᠭᠢᠬᠤ | ᠬᠡᠮᠵᠢᠶᠡᠨ ᠤ ᠴᠢᠳᠠᠪᠣᠷᠢ ᠪᠣᠢ᠃ ᠳᠡᠶᠢᠨ ᠬᠦ ᠡᠳᠦᠭᠡ ᠴᠢᠮᠠᠢᠢ ᠮᠥᠨ ᠯᠡ ᠲᠦᠷᠦ ᠶᠢᠨ ᠠᠵᠢᠯ ᠬᠢᠯᠭᠡᠨ᠎ᠡ᠃ ᠡᠭᠦᠨ ᠳᠤ | ᠴᠢᠨᠣ ᠪᠡᠶ᠎ᠡ ᠦᠭᠡᠷ᠎ᠡ ᠵᠦᠢᠯ ᠤᠨ ᠶᠠᠭᠤᠮ᠎ᠠ ᠪᠣᠳᠣᠵᠣ ᠰᠡᠵᠢᠭᠯᠡᠨ ᠵᠣᠪᠠᠭ᠋ᠣ ᠶᠠᠪᠣᠳᠠᠯ ᠣᠭᠳᠣ ᠦᠭᠡᠢ᠃ ᠰᠠᠨᠠᠭ᠎ᠠ | ᠠᠮᠣᠷ ᠪᠠᠶᠢᠵᠣ ᠪᠢᠳᠡᠨ ᠤ ᠬᠠᠮᠳᠣ ᠬᠤᠪᠢᠰᠬᠠᠯ ᠤᠨ ᠠᠵᠢᠯ ᠳᠤ ᠣᠷᠣᠯᠴᠠᠬᠤ ᠴᠢᠬᠤᠯᠠ ᠲᠠᠢ ᠪᠠᠶᠢᠨ᠎ᠠ᠃︾ ᠭᠡᠭᠦ | ᠮᠡᠳᠣ ᠪᠠᠷ ᠰᠣᠷᠭᠠᠨ ᠰᠡᠩᠬᠡᠷᠡᠭᠦᠯᠭᠰᠡᠨ ᠪᠢᠯᠡ᠃ ᠮᠥᠨ ᠲᠡᠷᠡ ᠳᠡᠷᠦᠢ ᠣᠯᠠᠭᠠᠨᠬᠦᠣ ᠨᠦᠬᠦᠷ ᠪᠠᠨᠳᠢᠳᠠ ᠬᠡᠬᠡᠨ ᠬᠡᠶᠢᠳ | ᠲᠤ ᠢᠷᠡᠭᠡᠳ᠂ ᠳᠣᠬᠠᠢ ᠶᠢᠨ ᠦᠶ᠎ᠡ ᠶᠢᠨ ᠡᠯ᠎ᠡ ᠡᠳᠡᠭᠡᠳ ᠤᠨ ᠲᠦᠯᠦᠭᠡᠯᠡᠬᠦ ᠬᠦᠮᠣᠰ ᠢ ᠣᠷᠣᠯᠴᠠᠭᠤᠯᠣᠭᠰᠠᠨ ᠶᠡᠭᠡ | ᠬᠤᠷᠠᠯ ᠢ ᠬᠤᠷᠠᠯᠳᠣᠭᠤᠯᠵᠣ᠂ ᠰᠢᠯᠢ ᠶᠢᠨ ᠭᠤᠣᠯ ᠤᠨ ᠴᠠᠬᠠᠷ ᠤᠨ ᠭᠠᠵᠠᠷ ᠣᠷᠣᠨ ᠳᠤ ᠵᠠᠰᠠᠭ ᠶᠠᠪᠣᠭᠤᠯᠬᠤ ᠺᠣᠮᠢᠰ | ᠢ ᠪᠠᠶᠢᠭᠤᠯᠵᠣ ᠣᠣᠯ ᠺᠣᠮᠢᠰ ᠤᠨ ᠳᠠᠷᠤᠭ᠎ᠠ ᠶᠢ ᠬᠠᠭᠤᠴᠢᠨ ᠮᠣᠩᠭᠤᠯ ᠬᠢᠵᠠᠭᠠᠷ ᠤᠨ ᠵᠠᠰᠠᠭ ᠤᠨ ᠣᠷᠳᠣᠨ ᠤ | ᠬᠡᠯᠳᠡᠰ ᠤᠨ ᠳᠠᠷᠤᠭ᠎ᠠ ᠪᠠᠶᠢᠭᠰᠠᠨ ᠳᠡᠭᠰᠢᠪᠣᠶᠠᠨ ︵ᠬᠢᠳᠡᠳ ᠨᠡᠷ᠎ᠡ ᠤ ᠸᠠᠩ ᠽᠦᠩ ᠯᠧ︶᠂ ᠴᠢᠭᠤᠯᠭᠠᠨ ᠤ | ᠳᠠᠷᠤᠭ᠎ᠠ ᠪᠠᠶᠢᠭᠰᠠᠨ ᠰᠦᠩᠵᠢᠳᠸᠠᠩᠴᠤᠭ ᠨᠡᠷ ᠢᠶᠠᠷ ᠳᠣᠮᠢᠯᠠᠨ᠂ ᠮᠢᠨᠣ ᠪᠡᠶ᠎ᠡ ᠶᠢ ᠦᠨᠡᠨ ᠬᠦᠷᠦᠩᠭᠡ ᠤᠨ ᠭᠠᠵᠠᠷ | ᠤᠨ ᠳᠠᠷᠤᠭ᠎ᠠ ᠪᠠᠷ ᠳᠣᠮᠢᠯᠠᠭᠰᠠᠨ ᠶᠤᠮ᠃ 1947 ᠣᠨ ᠳᠤ ᠪᠣᠯᠣᠭᠰᠠᠨ ᠦᠪᠦᠷ ᠮᠣᠩᠭᠤᠯ ᠤᠨ ᠦᠪᠡᠷᠳᠡᠭᠡᠨ | ᠵᠠᠰᠠᠬᠤ ᠵᠠᠰᠠᠭ ᠤᠨ ᠣᠷᠳᠣᠨ ᠪᠠᠶᠢᠭᠤᠯᠬᠤ ᠶᠡᠭᠡ ᠬᠤᠷᠠᠯᠳᠣᠭᠠᠨ ᠳᠤ ᠮᠢᠨᠣ ᠪᠡᠶ᠎ᠡ ᠶᠢ ᠣᠷᠣᠯᠴᠠᠭᠤᠯᠬᠤ ᠪᠠᠷ | ᠣᠯᠠᠭᠠᠨᠬᠤᠳᠠ ᠳᠤ ᠶᠠᠪᠣᠭᠤᠯᠬᠤ ᠪᠠᠷ ᠱᠠᠭᠠᠷᠳᠠᠭᠰᠡᠨ ᠪᠣᠯᠪᠠᠴᠣ ᠮᠥᠨ ᠯᠡ ᠠᠷᠭ᠎ᠠ ᠰᠢᠯᠳᠡᠭ ᠡᠷᠢᠭᠡᠳ ᠶᠠᠪᠣᠭᠰᠠᠨ | ᠦᠭᠡᠢ ᠪᠢᠯᠡ᠃ | ᠮᠢᠨᠣ ᠪᠡᠶ᠎ᠡ ᠬᠤᠪᠢᠰᠬᠠᠯ ᠤᠨ ᠦᠢᠯᠡᠰ ᠲᠤ ᠣᠷᠣᠳᠠᠭ ᠦᠭᠡᠢ ᠶᠢᠨ ᠦᠨᠳᠣᠰᠣᠨ ᠰᠢᠯᠳᠠᠭᠠᠨ ᠪᠣᠯ᠄ | 1᠂ ᠡᠪ ᠬᠠᠮᠳᠣᠴᠣᠳ ᠢᠯᠠᠵᠣ ᠳᠣᠮᠳᠠᠳᠣ ᠣᠯᠣᠰ ᠲᠤ ᠡᠷᠬᠡ ᠴᠢᠯᠥᠭᠡᠳᠣ ᠪᠦᠬᠦᠳᠡ ᠨᠠᠶᠢᠷᠠᠮᠳᠠᠬᠤ | ᠣᠯᠣᠰ ᠢ ᠪᠠᠶᠢᠭᠤᠯᠵᠣ ᠶᠡᠷᠦ ᠴᠢᠳᠠᠬᠤ ᠦᠭᠡᠢ᠂ ᠡᠨᠡ ᠨᠢ ᠵᠦᠪᠬᠡᠨ ᠣᠷᠣᠰ ᠤᠨ ᠣᠷᠣᠨ ᠳᠤ ᠪᠣᠯᠣᠭᠰᠠᠨ | ᠶᠠᠳᠠᠭᠤᠴᠣᠳ ᠤᠨ ᠦᠢᠮᠡᠭᠡᠨ ᠢ ᠳᠠᠭᠤᠷᠢᠶᠠᠭᠰᠠᠨ ᠳᠡᠳᠦᠢ ᠶᠤᠮ᠃ ᠬᠠᠷᠢᠨ ᠭᠤᠮᠢᠨᠳᠠᠩ ᠪᠣᠯ ᠠᠮᠧᠷᠢᠺᠡ ᠶᠢᠨ | ᠬᠤᠯᠪᠣᠭᠠᠨ ᠤ ᠨᠢᠭᠡᠳᠦᠭᠰᠡᠨ ᠶᠡᠭᠡ ᠣᠯᠣᠰ ᠢ ᠲᠦᠰᠢᠭᠯᠡᠬᠦ ᠪᠣᠯᠬᠤᠷ ᠴᠡᠷᠢᠭ ᠣᠯᠠᠨ᠂ ᠵᠡᠪᠰᠡᠭ ᠬᠤᠷᠴᠠ᠂ ᠣᠷᠴᠢᠨ | ᠴᠠᠭ ᠤᠨ ᠳᠠᠶᠢᠨ ᠤ ᠮᠡᠷᠭᠡᠵᠢᠯ ᠳᠤ ᠪᠣᠯᠪᠠᠰᠣᠷᠠᠩᠭᠤᠢ ᠣᠴᠢᠷ ᠯᠠᠪᠳᠠᠶᠢᠶ᠎ᠠ ᠳᠠᠶᠢᠨ ᠳᠤ ᠪᠠᠭ᠎ᠠ ᠬᠤᠬᠢᠷᠠᠯ ᠠᠮᠰᠠᠬᠤ | ᠶᠣᠰᠣᠳᠠᠢ ᠬᠡᠵᠣ ᠢᠳᠡᠭᠡᠵᠣ ᠪᠠᠶᠢᠭᠰᠠᠨ ᠶᠤᠮ᠃ | 2᠂ ᠮᠢᠨᠣ ᠪᠡᠶ᠎ᠡ ᠣᠣᠯ ᠠᠴᠠ ᠪᠠᠨ ᠪᠣᠷᠵᠢᠬᠢᠨ ᠣᠪᠣᠭ ᠤᠨ ᠸᠠᠩ ᠬᠦᠩ ᠢᠵᠠᠭᠤᠷᠳᠠᠨ ᠮᠥᠨ | ᠪᠦᠭᠡᠳ ᠦᠶ᠎ᠡ ᠣᠯᠠᠷᠢᠨ ᠠᠷᠠᠳ ᠳᠦᠮᠡᠨ ᠤ ᠳᠡᠭᠡᠷ᠎ᠡ ᠵᠠᠬᠢᠷᠬᠤ ᠪᠠᠶᠢᠷᠠᠨ ᠳᠤ ᠰᠠᠭᠤᠵᠣ ᠲᠦᠷᠦ ᠶᠢᠨ ᠡᠷᠬᠡ ᠶᠢ | ᠠᠳᠬᠤᠵᠣ ᠪᠠᠶᠢᠭᠰᠠᠨ ᠶᠤᠮ ᠪᠣᠯᠬᠤᠷ ᠡᠪ ᠬᠠᠮᠳᠣᠴᠣᠳ ᠨᠠᠮᠠᠢᠢ ᠯᠠᠪ ᠠᠭᠤᠴᠢᠯᠠᠬᠤ ᠦᠭᠡᠢ᠃ ᠠᠷᠭ᠎ᠠ ᠬᠡᠮᠵᠢᠶ᠎ᠡ | ᠠᠪᠴᠣ ᠠᠯᠢ ᠨᠢᠬᠡᠨ ᠡᠳᠣᠷ ᠦᠬᠡᠶᠢᠰᠭᠡᠨ ᠪᠣᠳᠣᠬᠤ ᠨᠢ ᠯᠠᠪᠳᠠᠢ ᠶᠤᠮ ᠬᠡᠵᠣ ᠪᠣᠳᠣᠵᠣ ᠪᠠᠶᠢᠯ᠎ᠠ᠃ | 3᠂ ᠳᠡᠮᠴᠦᠭᠳᠣᠩᠷᠣᠪ ᠪᠣᠯᠣᠨ ᠭᠤᠮᠢᠨᠳᠠᠩ ᠲᠤ ᠨᠢᠭᠤᠴᠠ ᠪᠠᠷ ᠬᠠᠷᠢᠯᠴᠠᠵᠣ᠂ ᠡᠪ ᠬᠠᠮᠳᠣ ᠨᠠᠮ ᠤᠨ | ᠡᠰᠡᠷᠭᠦᠣ ᠬᠡᠷᠡᠭ ᠦᠢᠯᠡᠳᠣᠭᠰᠡᠨ ᠢ ᠬᠤᠪᠢᠰᠬᠠᠯ ᠤᠨ ᠬᠦᠮᠥᠰ ᠨᠢᠭᠡᠨᠳᠡ ᠮᠠᠳᠡᠭᠰᠡᠨ ᠪᠣᠯᠬᠤᠷ ᠳᠡᠳᠡ ᠨᠠᠮᠠᠢᠢ ᠦᠨᠡᠨ | ᠰᠡᠳᠭᠢᠯ ᠢᠶᠠᠷ ᠬᠡᠷᠡᠭᠯᠡᠬᠦ ᠶᠣᠰᠣ ᠦᠭᠡᠢ ᠬᠡᠵᠣ ᠪᠣᠳᠣᠳᠠᠭ ᠪᠠᠶᠢᠯ᠎ᠠ᠃ | 4᠂ ᠮᠢᠨᠣ ᠪᠡᠶ᠎ᠡ ᠣᠣᠯ ᠠᠴᠠ ᠪᠠᠨ ᠪᠣᠷᠭᠠᠨ ᠱᠠᠰᠢᠨ ᠢ ᠶᠡᠭᠡ ᠰᠢᠳᠦᠳᠡᠭ᠂ ᠡᠪ ᠬᠠᠮᠳᠣ ᠶᠢᠨ ᠶᠣᠰᠣᠨ | ᠳᠤ ᠪᠣᠯ ᠪᠣᠷᠬᠠᠨ ᠱᠠᠰᠢᠨ ᠢ ᠣᠰᠠᠳᠬᠠᠬᠤ ᠵᠣᠷᠢᠯᠭ᠎ᠠ ᠲᠠᠢ᠂ ᠳᠡᠶᠢᠮᠦ ᠪᠣᠯᠬᠤᠷ ᠮᠢᠨᠣ ᠪᠡᠶ᠎ᠡ ᠬᠤᠪᠢᠰᠬᠠᠯ ᠤᠨ ᠠᠵᠢᠯ | ᠳᠤ ᠣᠷᠣᠯᠴᠠᠬᠤ ᠨᠢ ᠳᠣᠬᠢᠷᠠᠬᠤ ᠦᠭᠡᠢ ᠬᠡᠵᠣ ᠪᠣᠳᠣᠳᠠᠭ ᠪᠠᠶᠢᠯ᠎ᠠ᠃ | ᠨᠢᠭᠡᠯᠡ ᠦᠬᠡ ᠪᠠᠷ ᠬᠡᠯᠡᠪᠡᠯ ᠮᠢᠨᠣ ᠪᠡᠶ᠎ᠡ ᠦᠨᠡᠨ ᠢᠶᠠᠨ ᠬᠡᠯᠡᠭᠡᠳ ᠪᠣᠷᠣᠭᠤ ᠪᠠᠨ ᠬᠠᠯᠠᠭᠰᠠᠨ ᠬᠦᠮᠥᠨ ᠢ | ᠡᠪ ᠬᠠᠮᠳᠣ ᠨᠠᠮ ᠠᠪᠣᠷᠠᠳᠠᠭ ᠬᠡᠰᠡᠨ ᠢ ᠢᠳᠡᠭᠡᠳᠡᠭ ᠦᠭᠡᠢ᠃ ᠳᠡᠷᠰᠯᠡᠭᠦᠦ ᠮᠣᠵᠢᠭᠤᠳᠠ ᠬᠠᠷ᠎ᠠ ᠰᠠᠨᠠᠭ᠎ᠠ ᠬᠦᠨᠳᠣ | ᠪᠠᠶᠢᠭᠰᠠᠨ ᠠᠴᠠ ᠦᠪᠡᠷ ᠤᠨ ᠰᠠᠶᠢᠨ ᠵᠠᠮ ᠢ ᠦᠪᠡᠷ ᠢᠶᠠᠨ ᠪᠣᠷᠣᠭᠤᠳᠠᠭᠤᠯᠠᠭᠰᠠᠨ ᠶᠤᠮ᠃ 1947 ᠣᠨ ᠤ ᠵᠣᠨ᠂ | ᠪᠠᠨᠳᠢᠳᠠ ᠬᠡᠬᠡᠨ ᠬᠡᠶᠢᠳ ᠲᠤ ᠰᠠᠭᠤᠵᠣ ᠪᠠᠶᠢᠭᠰᠠᠨ ᠴᠢᠭᠤᠯᠭᠠᠨ ᠶᠠᠮᠣᠨ ᠤ ᠬᠠᠷᠢᠭᠤᠴᠠᠯᠭᠠᠳᠣ ᠨᠦᠬᠦᠳ ᠪᠣᠯᠣᠨ | ᠬᠤᠪᠢᠰᠬᠠᠯᠳᠣ ᠴᠡᠷᠢᠭ ᠠᠩᠭᠢ ᠬᠤᠪᠢᠰᠬᠠᠯ ᠠᠴᠠ ᠣᠷᠪᠠᠭᠰᠠᠨ ᠪᠣᠷᠢᠶᠠᠳ ᠳᠡᠭᠡᠷᠡᠮ ᠢ ᠴᠣᠬᠢᠵᠣ ᠣᠰᠠᠳᠬᠠᠬᠤ ᠪᠠᠷ | ᠮᠢᠨᠣ ᠭᠡᠷ ᠢ ᠳᠠᠭᠠᠷᠢᠨ ᠢᠷᠡᠵᠣ ᠨᠠᠮᠠᠢᠢ ᠪᠠᠷᠢᠪᠴᠢᠯᠠᠭᠰᠠᠨ ᠪᠢᠯᠡ᠃ ᠲᠡᠷᠡ ᠦᠶ᠎ᠡ ᠳᠤ ᠮᠢᠨᠣ ᠪᠡᠶ᠎ᠡ ᠪᠣᠯ ᠳᠣᠯᠣᠨ | ᠨᠠᠭᠤᠷ ᠲᠠᠬᠢ ᠭᠤᠮᠢᠨᠳᠠᠩ ᠤᠨ ᠵᠦᠭ ᠣᠷᠭᠤᠨ ᠶᠠᠪᠣᠬᠤ ᠪᠠᠷ ᠪᠡᠯᠡᠳᠬᠡᠵᠣ ᠪᠠᠶᠢᠭᠠᠳ᠂ ᠶᠠᠪᠣᠬᠤ ᠬᠡᠵᠣ ᠳᠣᠭᠳᠠᠭᠰᠠᠨ | ᠡᠳᠣᠷ ᠠᠴᠠ ᠪᠠᠨ ᠬᠤᠶᠠᠷᠬᠠᠨ ᠡᠳᠣᠷ ᠤᠨ ᠡᠮᠣᠨ᠎ᠡ ᠪᠠᠷᠢᠭᠳᠠᠭᠰᠠᠨ ᠶᠤᠮ᠃ ᠲᠡᠷᠡ ᠦᠶ᠎ᠡ ᠠᠴᠠ ᠬᠤᠶᠢᠰᠢ᠂ ᠡᠪ | ᠬᠠᠮᠳᠣ ᠨᠠᠮ ᠪᠣᠯᠣᠨ ᠠᠷᠠᠳ ᠤᠨ ᠵᠠᠰᠠᠭ ᠤᠨ ᠭᠠᠵᠠᠷ ᠤᠨ ᠠᠭᠤᠣ ᠶᠡᠭᠡ ᠰᠣᠷᠭᠠᠨ ᠬᠦᠮᠦᠵᠢᠯ ᠪᠣᠯᠣᠨ ᠦᠷᠦᠰᠢᠶᠡᠯ | ᠬᠠᠯᠠᠮᠵᠢᠯᠡᠯ ᠢ ᠬᠦᠷᠳᠡᠵᠣ᠂ ᠦᠪᠡᠷ ᠤᠨ ᠬᠢᠭᠰᠡᠨ ᠶᠠᠯ᠎ᠠ ᠪᠣᠷᠣᠭᠤ ᠪᠠᠨ ᠦᠪᠡᠷ ᠤᠨ ᠠᠷᠢᠭᠤᠨ ᠬᠦᠳᠡᠯᠮᠣᠷᠢ ᠪᠠᠷ ᠢᠶᠠᠨ | ᠲᠦᠯᠦᠭᠡᠳ᠂ ᠬᠤᠷᠢ ᠭᠠᠷᠦᠢ ᠵᠢᠯ ᠤᠨ ᠪᠣᠯᠪᠠᠰᠣᠷᠠᠯ ᠬᠦᠮᠦᠵᠢᠯ ᠢ ᠬᠦᠯᠢᠶᠡᠨ᠂ 1954 ᠣᠨ ᠤ ᠡᠪᠦᠯ ᠨᠠᠮ ᠤᠨ | ᠲᠦᠪ ᠬᠤᠷᠢᠶ᠎ᠡ ᠪᠣᠯᠣᠨ ᠠᠷᠠᠳ ᠤᠨ ᠲᠦᠪ ᠵᠠᠰᠠᠭ ᠤᠨ ᠭᠠᠵᠠᠷ ᠤᠨ ᠦᠷᠦᠰᠢᠶᠡᠯ ᠤᠨ ᠵᠠᠷᠯᠢᠭ ᠢᠶᠠᠷ ᠮᠢᠨᠣ ᠪᠡᠶ᠎ᠡ | ᠰᠣᠯᠠᠯᠠᠭᠳᠠᠵᠣ ᠣᠣᠯ ᠨᠣᠳᠤᠭ ᠰᠢᠯᠢ ᠶᠢᠨ ᠭᠤᠣᠯ ᠳᠤ ᠪᠠᠨ ᠬᠠᠷᠢᠵᠣ ᠢᠷᠡᠭᠡᠳ ᠡᠳᠣᠭᠡ ᠬᠦᠷᠳᠡᠯ᠎ᠡ ᠡᠷᠬᠡ ᠴᠢᠯᠥᠬᠡ | ᠲᠠᠢ ᠰᠠᠶᠢᠨ ᠰᠠᠶᠢᠬᠠᠨ ᠠᠮᠢᠳᠣᠷᠠᠵᠣ ᠰᠠᠭᠤᠭ᠎ᠠ᠃ ᠡᠨᠡ ᠪᠣᠯ ᠳᠣᠮᠳᠠᠳᠣ ᠣᠯᠣᠰ ᠤᠨ ᠡᠪ ᠬᠠᠮᠳᠣ ᠨᠠᠮ ᠤᠨ ᠲᠦᠷᠦ | ᠶᠢᠨ ᠪᠣᠳᠣᠯᠭ᠎ᠠ ᠪᠣᠯᠣᠨ ᠠᠷᠠᠳ ᠤᠨ ᠵᠠᠰᠠᠭ ᠤᠨ ᠭᠠᠵᠠᠷ ᠤᠨ ᠵᠠᠰᠠᠭ ᠬᠠᠣᠯᠢ ᠶᠢᠨ ᠠᠴᠢ ᠢᠪᠡᠭᠡᠯ ᠡᠶᠢᠮᠣ ᠠᠭᠤᠣ | ᠶᠡᠭᠡ ᠭᠡᠳᠡᠭ ᠢ ᠪᠣᠳᠠᠳᠠᠢ ᠪᠠᠷ ᠦᠵᠡᠭᠦᠯᠵᠣ ᠪᠠᠶᠢᠨ᠎ᠠ᠃ ᠡᠨᠡ ᠠᠴᠢ ᠢᠪᠡᠭᠡᠯ ᠢ ᠪᠢ ᠬᠡᠵᠢᠶ᠎ᠡ ᠴᠦ ᠮᠠᠷᠳᠠᠬᠤ ᠦᠭᠡᠢ᠃ | |