ᠠᠪᠠᠭ᠎ᠠ ᠪᠠᠷᠠᠭᠤᠨ ᠭᠠᠷ ᠤᠨ ᠬᠤᠰᠢᠭᠤᠨ ᠤ ᠵᠣᠷᠢᠭᠳᠣ ᠵᠢᠶᠦ᠋ᠨ ᠸᠠᠩ ᠱᠣᠩᠨᠣᠳᠣᠩᠳᠣᠪ
ᠨᠡᠶᠢᠲᠡᠯᠡᠭᠰᠡᠨ ᠴᠠᠭ᠄
2017/6/15
                             ︵ᠰᠣᠷᠪᠣᠵᠢᠯᠡᠨ ᠡᠮᠬᠢᠳᠭᠡᠭᠰᠡᠨ ᠳᠦᠢᠮᠣ ᠪᠠᠶᠢᠳᠠᠯ︶              ᠠᠪᠠᠭ᠎ᠠ ᠪᠠᠷᠠᠭᠤᠨ ᠭᠠᠷᠣᠨ ᠬᠤᠰᠢᠭᠤ ᠪᠣᠯ ᠳᠣᠷᠵᠢ ᠳᠡᠶᠢᠵᠢ ︵ᠶᠠᠩᠭᠤᠳᠠᠢ ᠵᠣᠷᠢᠭᠳᠣ ᠶᠢᠨ ᠬᠦᠪᠡᠭᠦᠨ ᠪᠦᠭᠡᠳ ᠡᠴᠢᠭᠡ ᠣᠶᠠᠨ ᠠᠯᠳᠠᠷᠳᠠᠢ︶ ᠳᠡᠭᠷᠢ ᠶᠢᠨ ᠰᠠᠴᠡᠨ ᠤ ᠬᠤᠶᠠᠳᠣᠭᠠᠷ ︵1628︶ ᠣᠨ ᠳᠤ ᠬᠤᠶᠢᠳᠣ ᠠᠯᠳᠠᠨ ᠣᠯᠣᠰ ᠯᠤᠭ᠎ᠠ ᠬᠠᠷᠢᠴᠠᠭ᠎ᠠ ᠲᠠᠢ ᠪᠣᠯᠬᠤ ᠪᠠᠨ ᠢᠯᠡᠷᠬᠡᠶᠢᠯᠡᠵᠣ ᠣᠣᠯ ᠨᠣᠳᠤᠭ — — ᠬᠠᠩᠭᠠᠢ ᠬᠠᠨ  ᠤ ᠠᠷᠣ ᠣᠨᠣᠨ ᠬᠡᠷᠡᠯᠣᠨ ᠤ ᠬᠦᠪᠡᠬᠡᠨ ᠠᠴᠠ ᠦᠪᠡᠷ ᠤᠨ ᠬᠠᠷᠢᠶᠠᠳᠣ ᠠᠷᠠᠳ ᠢᠶᠠᠨ ᠳᠠᠭᠠᠭᠤᠯᠣᠨ ᠳᠡᠭᠷᠢ ᠶᠢᠨ ᠰᠡᠴᠡᠨ ᠤ ᠳᠦᠷᠪᠡᠳᠦᠭᠡᠷ ︵1630︶ ᠣᠨ ᠳᠤ ᠴᠢᠩ ᠣᠯᠣᠰ ᠢ ᠳᠡᠭᠠᠷ᠎ᠠ ᠢᠷᠡᠭᠡᠳ ᠳᠡᠭᠡᠳᠣ ᠡᠷᠳᠡᠮᠳᠣ ᠶᠢᠨ ᠵᠢᠷᠭᠤᠳᠣᠭᠠᠷ ︵1641︶ ᠣᠨ ᠳᠤ ᠵᠠᠷᠯᠢᠭ ᠢᠶᠠᠷ ᠵᠠᠰᠠᠭ ᠲᠦᠷᠦ ᠶᠢᠨ ᠵᠣᠷᠢᠭᠳᠣ ᠵᠢᠶᠦ᠋ᠨ ᠸᠠᠩ ᠤᠨ ᠵᠡᠷᠭᠡ ᠦᠭᠴᠣ ᠠᠪᠠᠭ᠎ᠠ ᠪᠠᠷᠠᠭᠤᠨ ᠭᠠᠷᠣᠨ ᠬᠤᠰᠢᠭᠤ ᠶᠢ ᠵᠠᠬᠢᠷᠠᠭᠤᠯᠣᠭᠰᠠᠨ ᠠᠴᠠ ᠡᠬᠢᠯᠡᠨ᠂ ᠰᠧᠷᠵᠢᠯ᠂ ᠳᠡᠮᠪᠡᠷᠢᠯ᠂ ᠴᠦᠢᠳᠡᠩ᠂ ᠴᠡᠷᠢᠨ᠂ ᠳᠠᠮᠷᠢᠵᠠᠪ᠂ ᠪᠠᠶᠠᠨ᠂ ᠵᠠᠮᠪᠠᠯᠵᠠᠪ᠂ ᠴᠡᠷᠢᠩᠭᠠᠩᠪᠦ᠋᠂ ᠷᠠᠳᠨᠠᠰᠧᠳ᠋᠂ ᠨᠠᠮᠰᠠᠷᠠᠶᠢᠳᠣᠷᠵᠢ᠂ ᠯᠧᠵᠢᠯᠳᠣᠷᠵᠢ᠂ ᠯᠾᠵᠢᠯᠳᠣᠷᠵᠢ᠂ ᠸᠠᠩᠭᠠᠷᠯᠾᠦ᠋ᠩᠪᠦ᠋᠂ ᠪᠣᠶ᠋ᠬᠠᠦ᠋ᠯᠵᠠᠢ᠂ ᠽᠧᠨᠡᠮᠢᠳᠠᠷ᠎ᠠ᠂ ᠱᠣᠩᠨᠣᠳᠣᠩᠳᠣᠪ ᠲᠤ ᠬᠦᠷᠳᠡᠯ᠎ᠠ ᠠᠷᠪᠠᠨ ᠵᠢᠷᠠᠭᠤᠭᠠᠨ ᠣᠳᠠᠭᠠᠨ ᠤ ᠸᠠᠩ ᠵᠠᠯᠭᠠᠮᠵᠢᠯᠠᠨ ᠰᠠᠭᠤᠭᠰᠠᠨ ᠳᠡᠣᠬᠡ ᠲᠠᠢ ᠭᠡᠳᠡᠭ ᠪᠢᠯᠡ᠃              ᠠᠪᠠᠭ᠎ᠠ ᠪᠠᠷᠠᠭᠤᠨ ᠭᠠᠷ ᠤᠨ ᠬᠤᠰᠢᠭᠤᠨ ᠤ ᠵᠠᠰᠠᠭ ᠲᠦᠷᠦ ᠶᠢᠨ ᠵᠣᠷᠢᠭᠳᠣ ᠵᠢᠶᠦ᠋ᠨ ᠸᠠᠩ ᠤᠨ ︽ᠵᠣᠷᠢᠭᠳᠣ︾ ᠬᠡᠮᠡᠬᠦ ᠦᠭᠡᠨ ᠤ ᠢᠷᠡᠯᠳᠡ ᠢ ᠳᠣᠬᠠᠢ ᠬᠤᠶᠠᠷ ᠵᠦᠢᠯ ᠤᠨ ᠬᠡᠯᠡᠯᠭᠡ ᠣᠯᠠᠮᠵᠢᠯᠠᠭᠳᠠᠵᠣ ᠪᠣᠢ᠃              ᠨᠢᠭᠡᠳᠦᠭᠡᠷ ᠬᠡᠯᠡᠯᠬᠡ ᠪᠣᠯ᠄ ᠳᠡᠭᠡᠳᠦᠰ ᠸᠠᠩ ᠤᠨ ᠦᠶ᠎ᠡ ᠲᠤᠷ ᠵᠠᠰᠠᠭ ᠸᠠᠩ ᠪᠦᠬᠦᠨ ᠡᠵᠡᠨ ᠬᠠᠭᠠᠨ᠎ᠠ ᠠᠷᠢᠬᠢ ᠪᠠᠷᠢᠳᠠᠭ᠂ ᠵᠠᠰᠠᠭ ᠪᠠᠶᠢᠯᠡ ᠠᠷᠢᠬᠢ ᠪᠠᠷᠢᠳᠠᠭ ᠦᠭᠡᠢ᠃ ᠡᠵᠡᠨ ᠬᠠᠭᠠᠨ ᠳᠤ ᠠᠷᠢᠬᠢ ᠪᠠᠷᠢᠬᠤ ᠨᠢ ᠳᠡᠷᠦᠢ ᠣᠷᠳᠣᠨ  ᠤ ᠭᠠᠳᠠᠨ᠎ᠠ ᠮᠥᠩᠭᠦᠨ ᠠᠶᠠᠭᠠᠨ ᠳᠤ ᠠᠷᠢᠬᠢ ᠪᠠᠨ ᠬᠢᠵᠣ ᠣᠷᠳᠣ ᠬᠠᠳᠠᠭ ᠯᠤᠭ᠎ᠠ ᠳᠣᠯᠣᠭᠠᠢ ᠳᠡᠭᠡᠷ᠎ᠡ ᠪᠠᠨ ᠪᠠᠷᠢᠵᠣ ᠬᠡᠳᠣᠨ ᠡᠭᠦᠳᠡ ᠶᠢ ᠳᠠᠮᠵᠢᠨ ᠡᠵᠡᠨ ᠬᠠᠭᠠᠨ ᠤ ᠳᠣᠳᠣᠭᠠᠳᠣ ᠣᠷᠳᠣᠨ᠎ᠠ ᠣᠷᠣᠬᠤ ᠳᠤ ᠳᠣᠰᠪᠣᠷᠢ ᠰᠡᠯᠡᠮ᠎ᠡ ᠪᠠᠷᠢᠭᠰᠠᠨ ᠬᠤᠶᠠᠷ ᠬᠦᠮᠥᠨ ᠬᠤᠶᠠᠷ ᠳᠡᠯ᠎ᠡ ᠳᠤ ᠨᠢ ᠵᠣᠭᠰᠣᠵᠣ ᠪᠠᠶᠢᠳᠠᠭ᠂ ᠬᠡᠷᠪᠡ ᠠᠷᠢᠬᠢ ᠪᠠᠷ ᠴᠠᠯᠭᠢᠭᠤᠯᠣᠨ ᠠᠰᠬᠠᠪᠠᠯ ᠳᠡᠷᠡ ᠳᠠᠷᠦᠢ ᠳᠤ ᠨᠢ ᠳᠣᠯᠣᠭᠠᠢ ᠶᠢ ᠨᠢ ᠠᠪᠳᠠᠭ ᠶᠣᠰᠣ ᠲᠠᠢ ᠪᠠᠶᠢᠵᠣ ᠬᠡᠨ᠎ᠡ᠃ ︵ᠦᠨᠡᠨ ᠳᠤ ᠪᠠᠨ ᠳᠣᠯᠣᠭᠠᠢ ᠶᠢ ᠶᠢ ᠠᠪᠣᠭᠰᠠᠨ ᠶᠠᠪᠣᠳᠠᠯ᠂ ᠳᠣᠮᠤᠭ ᠪᠠᠶᠢᠭᠰᠠᠨ ᠦᠭᠡᠢ︶ ᠡᠶᠢᠮᠥ ᠠᠴᠠ ᠠᠷᠢᠬᠢ ᠪᠠᠷᠢᠳᠠᠭ ᠵᠠᠰᠠᠭ ᠸᠠᠩ ᠤᠳ ᠶᠡᠭᠡᠳᠡ ᠠᠶᠣᠨ ᠰᠠᠨᠳᠣᠷᠴᠣ ᠠᠷᠢᠬᠢ ᠬᠢᠭᠴᠢᠳ ᠲᠤ ᠮᠥᠩᠭᠦ ᠦᠭᠴᠣ ᠳᠣᠮᠳᠠᠭᠤᠷ ᠰᠢᠭ᠋ ︵ᠶᠡᠭᠡ ᠳᠣᠮᠳᠠᠭᠤᠷ ᠪᠠᠰᠠ ᠪᠣᠯᠬᠤ ᠦᠭᠡᠢ︶ ᠬᠢᠯᠭᠡᠳᠡᠭ ᠭᠡᠰᠡᠨ ᠶᠠᠷᠢᠶ᠎ᠠ ᠴᠦ ᠪᠠᠶᠢᠵᠠᠢ᠃ ᠠᠪᠠᠭ᠎ᠠ ᠪᠠᠷᠠᠭᠤᠨ ᠭᠠᠷ ᠤᠨ ᠬᠤᠰᠢᠭᠤᠨ ᠤ ᠳᠡᠭᠡᠷ᠎ᠡ ᠦᠶ᠎ᠡ ᠶᠢᠨ ᠸᠠᠩ ᠤᠳ ᠤᠨ ᠨᠢᠭᠡᠨ ᠨᠢ ︵ᠠᠯᠢ ᠸᠠᠩ ᠪᠣᠯᠬᠤ ᠨᠢ ᠳᠣᠳᠣᠷᠬᠠᠢ ᠦᠭᠡᠢ︶ ᠠᠶᠠᠭ᠎ᠠ ᠲᠠᠢ ᠠᠷᠢᠬᠢ ᠪᠠᠨ ᠳᠦᠭᠦᠷᠳᠡᠯ᠎ᠡ ᠬᠢᠯᠬᠡᠵᠣ ᠦᠴᠦᠬᠡᠨ ᠴᠦ ᠠᠶᠣᠵᠣ ᠠᠰᠠᠬᠠᠭᠰᠠᠨ ᠦᠭᠡᠢ ᠪᠠᠷ ᠡᠵᠡᠨ ᠬᠠᠭᠠᠨ ᠳᠤ ᠪᠠᠷᠢᠵᠣ ᠬᠡᠨ᠎ᠡ᠃ ᠡᠭᠦᠨᠳᠣ ᠬᠠᠭᠠᠨ ᠪᠣᠯᠣᠨ ᠪᠣᠰᠣᠳ ᠨᠣᠶᠠᠳ ᠳᠦᠰᠢᠮᠡᠳ ︽ᠵᠣᠷᠢᠭᠳᠣ ᠬᠦᠮᠥᠨ︾ ᠬᠡᠮᠡᠨ ᠮᠠᠭᠳᠠᠨ ᠰᠠᠶᠢᠰᠢᠶᠠᠵᠣ᠂ ︽ᠵᠣᠷᠢᠭᠳᠣ︾ ᠭᠡᠰᠡᠨ ᠦᠭᠡ ᠶᠢ ᠨᠡᠮᠡᠭᠡᠳ ︽ᠵᠣᠷᠢᠭᠳᠣ ᠵᠢᠶᠦ᠋ᠨ ᠸᠠᠩ︾ ᠪᠣᠯᠣᠭᠰᠠᠨ ᠭᠡᠳᠡᠭ ᠪᠢᠯᠡ᠃              ᠬᠤᠶᠠᠳᠣᠭᠠᠷ ᠬᠡᠯᠡᠯᠭᠡ ᠪᠣᠯ᠄ ᠳᠡᠭᠡᠳᠣ ᠦᠶ᠎ᠡ ᠶᠢᠨ ᠸᠠᠩ ᠤᠳ ᠤᠨ ᠨᠢᠭᠡᠨ ᠨᠢ ᠳᠠᠶᠢᠨ  ᠳᠤ ᠭᠠᠪᠢᠶ᠎ᠠ ᠪᠠᠶᠢᠭᠤᠯᠣᠭᠠᠳ ᠳᠦᠷᠪᠡᠨ ᠠᠯᠳᠠᠨ ᠣᠳᠣ ᠰᠠᠭᠤᠯᠭᠠᠭᠰᠠᠨ ᠰᠡᠯᠡᠮ᠎ᠡ ᠪᠠᠷ ᠱᠠᠩᠨᠠᠭᠤᠯᠣᠭᠠᠳ ︽ᠵᠣᠷᠢᠭᠳᠣ︾ ᠭᠡᠰᠡᠨ ᠴᠣᠯᠠ ᠨᠡᠮᠡᠭᠰᠡᠨ ᠭᠡᠳᠡᠭ ᠴᠦ ᠪᠣᠢ᠃ ᠭᠡᠳᠡᠯ᠎ᠡ ᠡᠨᠡ ᠳᠣᠬᠠᠢ ᠣᠳᠣᠬᠠᠨ ᠳᠤ ᠡᠰᠢ ᠪᠠᠷᠢᠮᠳᠠ  ᠲᠠᠢ ᠵᠦᠢᠯ ᠦᠭᠡᠢ᠂ ᠪᠢᠳᠡ ᠱᠣᠩᠨᠣᠳᠣᠩᠳᠣᠪ ᠤᠨ ᠰᠡᠭᠦᠯ ᠬᠠᠳᠣᠨ ᠳᠣᠯᠭᠠᠷ ᠢ ︵ᠣᠳᠣ 69 ᠨᠠᠰᠣᠳᠠᠢ ᠰᠢᠯᠢ  ᠶᠢᠨ ᠬᠤᠳᠠ ᠶᠢᠨ ᠳᠠᠪᠰᠢᠯᠳᠠ ᠰᠣᠮᠣᠨ ᠳᠤ ᠪᠠᠶᠢᠨ᠎ᠠ︶ ᠳᠣᠰᠬᠠᠶᠢᠯᠠᠨ ᠣᠴᠢᠵᠣ ᠰᠣᠷᠪᠣᠯᠵᠢᠯᠠᠭᠰᠠᠨ ᠢᠶᠠᠷ ᠪᠣᠯ ᠨᠢᠭᠡᠳᠦᠭᠡᠷ ᠬᠡᠯᠡᠯᠬᠡ ᠶᠢ ᠨᠡᠯᠢᠶᠠᠳ ᠳᠣᠳᠣᠷᠬᠠᠢ ᠰᠢᠭ ᠮᠡᠳᠡᠵᠣ ᠬᠤᠶᠠᠳᠣᠭᠠᠷ ᠬᠡᠯᠡᠯᠭᠡ ᠶᠢ ᠶᠡᠷᠦ ᠮᠡᠳᠡᠬᠦ ᠦᠭᠡᠢ ᠪᠠᠶᠢᠨ᠎ᠠ᠃ ᠪᠢᠳᠡ ᠡᠨᠡ ᠣᠳᠠᠭ᠎ᠠ ᠨᠢᠭᠡᠳᠦᠭᠡᠷ ᠬᠡᠯᠡᠯᠭᠡ ᠪᠠᠷ ᠭᠤᠣᠯ ᠪᠣᠯᠭᠠᠨ ᠳᠡᠮᠳᠡᠭᠯᠡᠵᠣ᠂ ᠬᠤᠶᠠᠳᠣᠭᠠᠷ ᠬᠡᠯᠡᠯᠭᠡ  ᠶᠢ ᠳᠣᠷᠠᠳᠣᠨ ᠬᠤᠶᠢᠰᠢᠳᠠ ᠳᠠᠬᠢᠨ ᠰᠣᠳᠣᠯᠬᠤ ᠴᠢᠬᠤᠯᠠ ᠲᠠᠢ ᠬᠡᠵᠤ ᠦᠵᠡᠪᠡ᠃ ᠠᠷᠪᠠᠨ ᠲᠦᠷᠪᠡᠳᠦᠭᠡᠷ ᠣᠳᠠᠭ᠎ᠠ ᠶᠢᠨ ᠵᠠᠰᠠᠭ ᠲᠦᠷᠦ ᠶᠢᠨ ᠵᠣᠷᠢᠭᠳᠣ ᠵᠢᠶᠦ᠋ᠨ ᠸᠠᠩ ᠪᠤᠶ᠋ᠬᠠᠥ᠋ᠯᠵᠡᠢ ︵ᠣᠯᠡᠨ ᠳᠤ ᠬᠠᠮᠠᠷ ᠸᠠᠩ ᠭᠡᠰᠡᠨ ᠬᠤᠴᠢ ᠲᠠᠢ ᠪᠠᠶᠢᠵᠠᠢ︶ ᠪᠣᠯ ᠪᠠᠳᠠᠷᠠᠭᠤᠯᠳᠣ ᠳᠦᠷᠦ ᠬᠦᠪᠡᠭᠦᠨ ᠦᠭᠡᠢ ᠳᠣᠯᠠ ᠳᠣᠭᠳᠠᠭᠠᠯ ᠤᠨ ᠶᠣᠰᠣᠭᠠᠷ ᠬᠡᠷᠪᠡ ᠸᠠᠩ ᠤᠨ ᠣᠭᠰᠠᠭ᠎ᠠ ᠲᠠᠬᠢ᠂ ᠣᠯᠠᠭᠠᠨ ᠵᠢᠩᠰᠡ ᠲᠠᠢ ᠳᠠᠶᠢᠵᠢ ᠶᠢ ᠬᠡᠯᠡᠨ᠎ᠠ᠃ ᠵᠠᠷᠢᠮ ᠭᠠᠵᠠᠷ ᠡᠭᠦᠨ ᠢ ︽ᠨᠣᠶᠠᠨ ᠳᠠᠶᠢᠵᠢ ᠭᠡᠬᠦ ᠪᠣᠶᠣ ᠳᠡᠷᠢᠬᠦᠨ ᠵᠡᠷᠭᠡ ᠶᠢᠨ ᠳᠠᠶᠢᠵᠢ︾ ᠬᠡᠳᠡᠭ ᠭᠡᠰᠡᠨ ᠶᠠᠷᠢᠶ᠎ᠠ ᠴᠦ ᠪᠣᠢ᠃ ᠡᠶᠢᠮᠣ ᠡ ᠳᠡᠷᠢᠬᠦᠨ ᠵᠡᠷᠭᠡ ᠶᠢᠨ ᠳᠠᠶᠢᠵᠢ ᠱᠣᠩᠨᠣᠳᠣᠩᠳᠣᠪ 1918 ᠣᠨ ᠳᠤ ᠵᠠᠰᠠᠭ ᠲᠦᠷᠦ ᠶᠢᠨ ᠵᠣᠷᠢᠭᠳᠣ ᠵᠢᠶᠦ᠋ᠨ ᠸᠠᠩ ᠤᠨ ᠵᠡᠷᠭᠡ ᠶᠢ ᠵᠠᠯᠭᠠᠮᠵᠢᠯᠠᠭᠠᠳ 1919 ᠣᠨ ᠳᠤ ᠡᠪᠡᠳᠴᠢᠨ ᠢᠶᠠᠷ ᠨᠠᠰᠣ ᠪᠠᠷᠠᠪᠠ᠃              ᠱᠣᠩᠨᠣᠳᠣᠩᠳᠣᠪ ᠪᠣᠯ ᠽᠡᠨᠠᠮᠢᠳᠠᠷ᠎ᠠ ᠶᠢᠨ ᠠᠬᠠᠮᠠᠳ ᠬᠦᠪᠡᠭᠦᠨ ᠪᠣᠯᠬᠤ ᠪᠦᠭᠡᠳ ᠳᠣᠬᠠᠢ ᠶᠢᠨ ᠦᠶ᠎ᠡ ᠳᠤ ᠨᠠᠰᠣ ᠪᠠᠭ᠎ᠠ ᠪᠠᠶᠢᠭᠰᠠᠨ ᠪᠣᠯᠬᠤᠷ ᠵᠢᠷᠭᠤᠭᠠᠨ ᠵᠢᠯ ᠰᠢᠬᠠᠮ ᠳᠣᠰᠠᠯᠠᠭᠴᠢ ᠵᠡᠷᠭᠡ ᠨᠣᠶᠠᠳ ᠲᠦᠰᠢᠮᠡᠳ ᠨᠢ ᠬᠤᠰᠢᠭᠤᠨ ᠤ  ᠪᠠᠨ ᠠᠵᠢᠯ ᠢ ᠡᠷᠬᠢᠯᠡᠵᠣ ᠪᠠᠶᠢᠭᠠᠳ 1925 ᠣᠨ ᠳᠤ ᠱᠣᠩᠨᠣᠳᠣᠩᠳᠣᠪ ᠠᠷᠪᠠᠨ ᠨᠠᠢᠮᠡᠨ ᠨᠠᠰᠣ ᠬᠦᠷᠦᠭᠰᠡᠨ ᠤ ᠳᠠᠷᠠᠭ᠎ᠠ ᠵᠠᠰᠠᠭ ᠲᠦᠷᠦ ᠶᠢᠨ ᠵᠣᠷᠢᠭᠳᠣ ᠵᠢᠶᠦ᠋ᠨ ᠸᠠᠩ ᠤᠨ ᠡᠷᠬᠡ ᠶᠢ ᠵᠠᠯᠵᠠᠮᠵᠢᠯᠡᠵᠣ᠂ 1945 ᠣᠨ ᠬᠦᠷᠳᠡᠯ᠎ᠡ ᠬᠤᠷᠢᠨ ᠵᠢᠯ ᠸᠠᠩ ᠰᠠᠭᠤᠭᠰᠠᠨ ᠪᠠᠶᠢᠨ᠎ᠠ᠃ ᠱᠣᠩᠨᠣᠳᠣᠩᠳᠣᠪ ᠪᠣᠯ 1908 ᠣᠨ ᠳᠤ ᠳᠡᠷᠦᠢ ᠰᠢᠷ᠎ᠠ ᠪᠠᠴᠢᠨ ᠵᠢᠯ ᠽᠡᠨᠠᠮᠢᠳᠠᠷ᠎ᠠ ᠶᠢᠨ ᠭᠡᠷ ᠲᠤ ᠲᠦᠷᠦᠵᠠᠢ᠃ ᠲᠡᠷᠡ ᠨᠠᠢᠮᠡᠨ ᠨᠠᠰᠣᠨ ᠳᠤ ᠪᠠᠨ ᠳᠣᠵᠢᠶ᠎ᠠ ᠵᠠᠬᠢᠷᠣᠭᠴᠢ ᠪᠠᠷ ᠪᠠᠭᠰᠢ ᠪᠣᠯᠭᠠᠨ ᠮᠣᠩᠭᠤᠯ ᠪᠢᠴᠢᠭ ᠵᠢᠭᠠᠯᠭᠠᠵᠣ᠂ 1934 ᠣᠨ ᠳᠤ ᠳᠡᠷᠦᠢ ᠬᠦᠬᠡ ᠨᠣᠬᠠᠢ ᠵᠢᠯ ᠵᠠᠩ ᠵᠢᠶᠠ ᠺᠧᠣ ᠬᠤᠳᠠᠨ᠎ᠠ ᠰᠣᠷᠣᠯᠴᠠᠪᠠ᠃ ᠡᠭᠦᠨᠴᠡ ᠦᠭᠡᠷ᠎ᠡ ᠰᠣᠷᠭᠠᠨ ᠬᠦᠮᠦᠵᠢᠯ ᠭᠦᠷᠳᠡᠭᠰᠡᠨ ᠦᠭᠡᠢ ᠳᠣᠯᠠ ᠮᠣᠩᠭᠤᠯ ᠪᠢᠴᠢᠭ ᠢ ᠣᠩᠰᠢᠵᠣ ᠴᠢᠳᠠᠬᠤ ᠳᠡᠳᠦᠢ ᠰᠣᠶᠣᠯ ᠲᠠᠢ ᠬᠦᠮᠥᠨ ᠪᠣᠯᠣᠨ᠎ᠠ᠃ ᠳᠣᠰ ᠬᠦᠮᠥᠨ ᠤ ᠣᠨᠴᠠᠯᠢᠭ ᠭᠡᠪᠡᠯ᠄ ᠠᠳᠣᠭᠤᠨ ᠳᠤ ᠪᠠᠭ᠋ᠠᠳᠠᠢ᠂ ᠮᠣᠷᠢ ᠣᠷᠭᠠᠯᠠᠬᠤ ᠳᠤ ᠪᠠᠨ ᠰᠠᠶᠢᠨ᠂ ᠠᠩ ᠭᠦᠷᠦᠭᠡ ᠳᠤ ᠪᠠᠭ᠋ᠠᠳᠠᠢ᠂ ᠫᠣᠣ ᠬᠠᠷᠪᠣᠬᠤ ᠳᠤ ᠪᠠᠨ ᠰᠠᠶᠢᠨ᠂ ᠭᠠᠷ ᠣᠷᠠᠯᠠᠯ ᠳᠤ ᠪᠠᠨ ᠰᠠᠶᠢᠨ᠂ ᠮᠣᠳᠣ ᠲᠡᠮᠦᠷ ᠣᠷᠣᠯᠳᠣᠬᠤ ᠳᠣᠷᠠᠳᠠᠢ᠃ ᠰᠡᠭᠦᠯ ᠤᠨ ᠦᠶ᠎ᠡ ᠳᠤ ᠠᠷᠢᠬᠢᠨ ᠳᠤ ᠳᠣᠷ᠎ᠠ ᠲᠠᠢ ᠪᠣᠯᠵᠣ ᠠᠭᠠᠰᠢ ᠵᠠᠩ ᠪᠠᠷᠣᠭᠳᠠᠢ᠂ ᠮᠠᠵᠢᠶᠠᠩ ᠫᠠᠢ ᠶᠡᠭᠡ ᠨᠠᠭᠠᠳᠳᠠᠭ ᠪᠣᠯᠣᠭᠰᠠᠨ ᠳᠤ ᠲᠦᠰᠢᠮᠡᠳ ᠤᠨ ᠵᠠᠷᠢᠮ ᠨᠢ ᠳᠣᠷ᠎ᠠ ᠦᠬᠡᠶᠢᠴᠡᠨ ᠳᠡᠮᠴᠣᠭᠳᠣᠩᠷᠣᠪ ᠲᠤ ᠮᠡᠳᠡᠭᠦᠯᠥᠨ ᠱᠣᠩᠨᠣᠳᠣᠩᠳᠣᠪ ᠢ ᠰᠢᠭᠦᠮᠵᠢᠯᠡᠵᠣ ᠪᠠᠶᠢᠭᠰᠠᠨ ᠶᠠᠪᠣᠳᠠᠯ ᠴᠦ ᠭᠠᠷᠴᠣ ᠦᠩᠭᠡᠷᠡᠵᠠᠢ᠃ ᠱᠣᠩᠨᠣᠳᠣᠩᠳᠣᠪ ᠪᠣᠯ ᠠᠪᠠᠭ᠎ᠠ ᠪᠠᠷᠠᠭᠤᠨ ᠭᠠᠷᠣᠨ ᠬᠤᠰᠢᠭᠤᠨ ᠤ ᠵᠠᠰᠠᠭ ᠸᠠᠩ ᠤᠨ ᠠᠵᠢᠯ ᠢ ᠬᠠᠷᠢᠭᠤᠴᠠᠵᠣ ᠪᠠᠶᠢᠭᠰᠠᠨ ᠠᠴᠠ ᠭᠠᠳᠠᠨ᠎ᠠ 1925 ᠣᠨ ᠳᠤ ᠳᠠᠷᠦᠢ ᠬᠦᠭᠡᠭᠴᠢᠨ ᠭᠠᠭ᠋ᠠᠢ ᠵᠢᠯ ᠬᠤᠸᠠ ᠳ᠋ᠧ ᠰᠢᠶᠠᠨ ᠳᠤ ᠴᠡᠷᠢᠭ ᠤᠨ ᠮᠡᠷᠭᠡᠵᠢᠯ ᠰᠣᠷᠣᠯᠴᠠᠵᠣ ᠢᠷᠡᠭᠡᠳ 1936 ᠣᠨ ᠳᠤ ᠳᠡᠷᠦᠢ ᠣᠯᠠᠭᠠᠨ ᠬᠤᠯᠣᠭᠠᠨ᠎ᠠ ᠵᠢᠯ ᠰᠢᠯᠢ ᠶᠢᠨ ᠭᠤᠣᠯ ᠴᠢᠭᠤᠯᠭᠠᠨ ᠤ ᠮᠣᠩᠭᠤᠯ ᠮᠣᠷᠢᠳᠣ ᠴᠡᠷᠢᠭ ᠤᠨ ᠱᠢᠵᠠᠩ ᠤᠨ ᠳᠣᠰᠢᠶᠠᠯ ᠢ ᠬᠠᠷᠢᠭᠤᠴᠠᠵᠣ ᠳᠣᠰ ᠵᠢᠯ ᠳᠤ ᠪᠠᠨ ᠴᠢᠭᠤᠯᠭᠠᠨ ᠤ ᠮᠣᠩᠭᠤᠯ ᠮᠣᠷᠢᠳᠣ ᠴᠡᠷᠢᠭ ᠤᠨ ᠱᠢᠵᠠᠩ ᠤᠨ ᠳᠣᠰᠢᠶᠠᠯ ᠢ ᠬᠠᠷᠢᠭᠤᠴᠠᠵᠣ ᠳᠣᠰ ᠵᠢᠯ  ᠳᠤ ᠪᠠᠨ ᠴᠢᠭᠤᠯᠭᠠᠨ ᠤ ᠮᠣᠷᠢᠳᠣ ᠴᠡᠷᠢᠭ ᠢᠶᠠᠨ ᠬᠤᠸᠠ ᠳ᠋ᠧ ᠰᠢᠶᠠᠨ ᠤ ᠴᠡᠷᠢᠭ ᠤᠨ ᠪᠠᠶᠢᠭᠤᠯᠣᠮᠵᠢ ᠶᠢᠨ ᠴᠡᠷᠢᠭ  ᠤᠨ ᠭᠠᠵᠠᠷ ᠢᠶᠠᠨ ᠪᠣᠪᠠᠰᠣᠷᠠᠭᠤᠯᠣᠭᠠᠳ 1937 ᠣᠨ ᠳᠠᠷᠦᠢ ᠣᠯᠠᠭᠴᠢᠨ ᠦᠭᠡᠷ ᠵᠢᠯ ᠳᠤ ᠴᠢᠭᠤᠯᠭᠠᠨ ᠤ ᠮᠣᠷᠢᠳᠣ ᠴᠡᠷᠢᠭ ᠤᠨ ᠱᠢᠵᠠᠩ ᠤᠨ ᠳᠣᠰᠢᠶᠠᠯ ᠢᠶᠠᠨ ᠴᠢᠯᠣᠭᠡᠯᠡᠪᠠ᠃ ᠳᠣᠬᠠᠢ ᠶᠢᠨ ᠦᠶ᠎ᠡ ᠳᠤ ᠳᠡᠮᠴᠦᠭᠳᠣᠩᠷᠣᠪ ᠠᠴᠠ ᠣᠳᠣ ᠶᠢᠨ ᠬᠤᠸᠠ ᠳ᠋ᠧ ᠰᠢᠶᠠᠨ ᠢ ︽ᠡᠷᠳᠡᠮ ᠰᠣᠶᠣᠯᠳᠣ ᠬᠤᠳᠠ︾ ︵ᠳ᠋ᠧ ᠬᠤᠸᠠ ᠬᠤᠳᠠ︶ ᠬᠡᠮᠡᠨ ᠦᠭᠡᠷᠡᠴᠢᠯᠡᠵᠣ 1936 ᠣᠨ ᠤ ᠦᠶ᠎ᠡ ᠳᠤ ︽ᠴᠡᠷᠢᠭ ᠤᠨ ᠦᠶᠡᠰ  ᠤᠨ ᠵᠠᠰᠠᠭ ᠤᠨ ᠣᠷᠳᠣᠨ︾ ᠭᠡᠵᠣ ᠪᠠᠶᠢᠭᠤᠯᠣᠭᠰᠠᠨ ᠪᠠᠶᠢᠵᠠᠢ᠃ ᠪᠠᠰᠠ ᠴᠡᠷᠢᠭ ᠤᠨ ᠪᠠᠶᠢᠭᠤᠯᠣᠮᠵᠢ ᠶᠢᠨ ᠳᠠᠯ᠎ᠠ  ᠪᠠᠷ ᠣᠳᠣ ᠶᠢᠨ ᠱᠢ ᠶᠢ ︽ᠪᠦᠯᠦᠭ︾ ᠳᠣᠸᠠᠨ ᠢ ᠪᠠᠭ ᠭᠡᠵᠣ ᠨᠠᠷᠠᠯᠡᠭᠰᠡᠨ ᠬᠡᠯᠡᠯᠭᠡ ᠲᠠᠢ ᠲᠠᠢ ᠪᠢᠯᠡ᠃ 1943 ᠣᠨ ᠳᠡᠷᠦᠢ ᠬᠠᠷᠠᠭᠴᠢᠨ ᠬᠤᠨᠢᠨ ᠵᠢᠯ ᠳᠤ ᠱᠣᠩᠨᠣᠳᠣᠩᠳᠣᠪ ᠰᠢᠯᠢ ᠶᠢᠨ ᠭᠤᠣᠯ ᠤᠨ ᠴᠢᠭᠤᠯᠭᠠᠨ  ᠤ ᠠᠮᠣᠷ ᠢ ᠬᠠᠮᠠᠭᠠᠯᠠᠬᠤ ᠭᠠᠵᠠᠷ ᠤᠨ ᠳᠠᠷᠤᠭ᠎ᠠ ᠪᠣᠯᠣᠭᠰᠠᠨ ᠢᠶᠠᠷ ᠪᠠᠷᠠᠬᠤ ᠦᠭᠡᠢ ᠪᠠᠰᠠ ᠮᠣᠩᠭᠤᠯ ᠬᠢᠵᠠᠭᠠᠷ ᠤᠨ ᠵᠠᠰᠠᠭ ᠤᠨ ᠭᠠᠵᠠᠷ ᠤᠨ ᠵᠦᠪᠯᠡᠭᠴᠢ᠂ ᠮᠣᠩᠭᠤᠯ ᠬᠢᠵᠠᠭᠠᠷ ᠤᠨ ᠴᠡᠷᠢᠭ ᠶᠢᠰᠦᠳᠦᠭᠡᠷ ᠱᠢ ᠶᠢᠨ ᠱᠢᠵᠠᠩ ᠵᠡᠷᠭᠡ ᠳᠣᠰᠢᠶᠠᠯ ᠤᠳ ᠢ ᠣᠷᠢᠳ ᠬᠤᠵᠢᠳ ᠳᠣᠰ ᠳᠣᠰ ᠬᠠᠷᠢᠭᠤᠴᠠᠨ 1945 ᠣᠨ ᠤ ᠴᠢᠯᠦᠬᠡᠯᠡᠯᠳᠡ ᠳᠤ ᠴᠡᠷᠢᠭ  ᠤᠨ ᠵᠠᠰᠠᠭ ᠤᠨ ᠳᠣᠰᠢᠶᠠᠯ ᠢᠶᠠᠨ ᠪᠦᠬᠦᠨ ᠢ ᠬᠠᠰᠣᠭᠤᠯᠵᠠᠢ᠃              ᠱᠣᠩᠨᠣᠳᠣᠩᠳᠣᠪ ᠪᠣᠯ ᠭᠤᠷᠪᠠᠨ ᠬᠠᠳᠣᠨ ᠠᠪᠣᠭᠰᠠᠨ ᠶᠤᠮ᠃ ᠠᠩᠬᠠᠳᠣᠭᠠᠷ ᠬᠠᠳᠣᠨ ᠪᠣᠯ ᠳ᠋ᠦᠢᠩᠭᠡᠷ ᠮᠠᠶᠢᠷᠡᠨ ᠤ ᠬᠡᠣᠬᠡᠨ ᠶᠠᠩᠵᠢᠨᠳᠣᠯᠮ᠎ᠠ ᠬᠡᠰᠡᠨ ᠨᠡᠷ᠎ᠡ ᠲᠠᠢ ᠪᠠᠶᠢᠵᠣ ᠡᠨᠡ ᠨᠢ ᠡᠪᠡᠳᠴᠢᠨ ᠢᠶᠠᠷ ᠪᠡᠶ᠎ᠡ ᠪᠠᠷᠠᠪᠠ ᠃ ᠳᠣᠮᠳᠠ ᠬᠠᠳᠣᠨ ᠪᠣᠯ ᠴᠣᠪᠣᠯ ᠵᠢᠬᠢᠷᠣᠭᠴᠢ ᠶᠢᠨ ᠬᠡᠣᠬᠡᠨ ᠶᠦᠮᠴᠢᠨ ᠬᠡᠰᠡᠨ ᠨᠡᠷ᠎ᠡ ᠲᠠᠢ ᠬᠦᠮᠥᠨ ᠪᠠᠶᠢᠪᠠ᠃ ᠡᠨᠡ ᠬᠠᠳᠣᠨ ᠪᠠᠰᠠ ᠬᠦᠨᠳᠣ ᠡᠪᠡᠳᠴᠢᠨ ᠳᠤ ᠨᠡᠷᠪᠡᠭᠳᠡᠭᠰᠡᠨ ᠦᠶ᠎ᠡ ᠳᠤ ᠮᠡᠷᠭᠡᠳ ᠯᠠᠮᠠᠨᠠᠷ ᠠᠴᠠ ᠠᠳ ᠴᠢᠳᠭᠦᠷ ᠲᠠᠢ ᠭᠡᠵᠣ ᠠᠮᠢᠳᠣ ᠬᠦᠮᠥᠨ ᠢ ᠵᠣᠯᠢᠭ ᠲᠤ ᠭᠠᠷᠭᠠᠬᠤ ᠨᠣᠮ ᠭᠦᠷᠢᠮ ᠪᠠᠭᠤᠯᠭᠤᠭᠰᠠᠨ ᠲᠤᠷ ᠱᠣᠩᠨᠣᠳᠣᠩᠳᠣᠪ ᠴᠡᠭᠡᠯ ᠰᠦᠮ᠎ᠡ ᠶᠢᠨ ᠬᠠᠮᠪᠤ ᠯᠠᠮᠠ ᠶᠢ ᠵᠠᠯᠠᠵᠣ ᠨᠣᠮ ᠣᠩᠰᠢᠭᠤᠯᠣᠭᠠᠳ ᠵᠣᠭᠳᠣᠷ ᠭᠡᠰᠡᠨ ᠨᠡᠷ᠎ᠡ ᠲᠠᠢ ᠡᠮᠡᠭᠳᠡᠢ ᠶᠢ ᠠᠪᠴᠢᠷᠠᠨ ᠵᠣᠯᠢᠭ ᠲᠤ ᠭᠠᠷᠭᠠᠭᠰᠠᠨ ᠪᠠᠶᠢᠨ᠎ᠠ᠃ ᠵᠣᠯᠢᠭ ᠲᠤ ᠭᠠᠷᠭᠠᠨ᠎ᠠ ᠭᠡᠳᠡᠭ ᠨᠢ᠂ ᠡᠪᠡᠳᠴᠢᠨ ᠲᠠᠢ ᠬᠠᠳᠣᠨ ᠤ ᠡᠮᠥᠰᠴᠣ ᠪᠠᠶᠢᠭᠰᠠᠨ ᠬᠤᠪᠴᠠᠰᠣ ᠬᠤᠨᠠᠷ ᠢ ᠦᠭᠡᠷ᠎ᠡ ᠬᠦᠮᠥᠨ ᠳᠤ ᠡᠮᠥᠰᠦᠭᠦᠯᠦᠨ᠂ ᠡᠳ᠋ᠯᠡᠵᠣ ᠪᠠᠶᠢᠭᠰᠠᠨ ᠵᠠᠰᠠᠯ ᠴᠢᠮᠡᠭ ᠢᠶᠠᠷ ᠵᠠᠰᠠᠨ ᠴᠢᠮᠡᠵᠣ᠂ ᠬᠠᠳᠣᠨ ᠤ ᠣᠨᠣᠳᠠᠭ ᠮᠣᠷᠢᠨ ᠳᠤᠨᠢ ᠳᠣᠬᠤᠳᠠᠭ ᠡᠮᠡᠬᠡᠯ ᠢ ᠨᠢ ᠳᠣᠬᠤᠵᠣ ᠣᠨᠣᠭᠤᠯᠣᠭᠠᠳ ᠳᠣᠰᠬᠠᠢ ᠬᠦᠮᠥᠨ ᠢᠶᠠᠷ ᠭᠦᠳᠣᠯᠣᠭᠦᠯᠦᠨ ᠰᠣᠷᠣ ︵ᠪᠠᠯᠢᠩ︶ ᠰᠢᠳᠠᠭᠠᠬᠤ ᠭᠠᠯ ᠢ ᠳᠠᠮᠵᠢᠭᠤᠯᠣᠨ ᠴᠢᠨᠠᠭᠰᠢ ᠶᠠᠪᠣᠭᠤᠯᠵᠣ ᠶᠠᠪᠣᠭᠤᠯᠵᠣ ᠳᠡᠭᠦᠨ ᠤ ᠬᠤᠶᠢᠨ᠎ᠠ ᠠᠴᠠ ᠨᠣᠮ ᠣᠩᠰᠢᠨ ᠰᠣᠷᠣ ︵ᠪᠠᠯᠢᠩ︶ ᠪᠠᠨ ᠬᠠᠶᠠᠨ ᠰᠢᠳᠠᠭᠠᠵᠣ᠂ ᠬᠠᠳᠣᠨ ᠤ ᠠᠮᠢ ᠶᠢ ᠠᠪᠬᠤ ᠭᠡᠰᠡᠨ ᠠᠳ ᠴᠢᠳᠬᠦᠷ ᠲᠤ ᠦᠭᠡᠷ᠎ᠡ ᠬᠦᠮᠥᠨ ᠢᠶᠠᠷ ᠣᠷᠣᠯᠠᠭᠤᠯᠣᠨ ᠦᠭᠴᠦ ᠠᠳ ᠴᠢᠳᠬᠦᠷ ᠢ ᠳᠡᠬᠢᠨ ᠡᠷᠬᠢᠯᠳᠡ ᠦᠭᠡᠢ ᠪᠠᠷ ᠬᠦᠭᠡᠭᠡᠨ ᠳᠣᠨᠢᠯᠭᠠᠭᠰᠠᠨ ᠬᠤᠳᠠᠯ ᠬᠠᠭᠤᠷᠮᠠᠭ ᠬᠡᠶᠢᠰᠪᠣᠷᠢ ᠠᠵᠢᠯᠯᠠᠭ᠎ᠠ ᠳᠡᠳᠦᠢ ᠪᠢᠯᠡ᠃ ᠵᠣᠯᠢᠭ ᠲᠤ ᠭᠠᠷᠣᠭᠰᠠᠨ ᠬᠦᠮᠥᠨ ᠪᠤ ᠡᠷᠬᠡᠪᠰᠢ ᠲᠡᠷᠡ ᠳᠡᠷᠦᠢ ᠳᠤ ᠪᠠᠨ ᠦᠪᠡᠷᠣᠨ ᠬᠤᠰᠢᠭᠤ ᠨᠣᠳᠤᠭ ᠠᠴᠠ ᠪᠠᠨ ᠰᠠᠯᠵᠣ ᠬᠦᠨᠳᠡᠯᠡᠨ ᠤ ᠬᠤᠰᠢᠭᠤᠨ ᠳᠤ ᠣᠴᠢᠵᠣ ᠠᠮᠢᠳᠣᠷᠠᠬᠤ ᠶᠣᠰᠣᠳᠠᠢ ᠳᠣᠯᠠ ᠵᠣᠯᠢᠭ ᠲᠤ ᠭᠠᠷᠣᠭᠰᠠᠨ ᠵᠣᠭᠳᠣᠷ ᠢ ᠬᠦᠭᠡᠭᠡᠨ ᠶᠠᠪᠣᠭᠤᠯᠪᠠ᠂ ᠭᠡᠳᠡᠯ᠎ᠡ ᠬᠠᠳᠣᠨ ᠶᠦᠮᠴᠢᠨ ᠭᠠᠢ ᠪᠠᠷᠴᠢᠳ ᠠᠴᠠ  ᠪᠠᠨ ᠰᠠᠯᠵᠣ ᠡᠳᠡᠭᠡᠷᠡᠭᠰᠡᠨ ᠦᠭᠡᠢ ᠪᠠᠷ ᠪᠡᠶ᠎ᠡ ᠪᠠᠷᠠᠭᠠᠳ᠂ ᠵᠣᠯᠢᠭ ᠪᠣᠯᠣᠭᠰᠠᠨ ᠵᠣᠭᠳᠣᠷ ᠴᠢᠯᠥᠭᠡᠯᠡᠭᠳᠡᠭᠰᠡᠨ ᠤ ᠳᠠᠷᠠᠭ᠎ᠠ ᠪᠣᠬᠳᠠ ᠠᠭᠤᠯᠠ ᠰᠣᠮᠣᠨ ᠤ ᠰᠠᠶᠢᠬᠠᠨᠲᠦᠮᠡᠨ ᠭᠠᠴᠠᠭᠠᠨ ᠳᠤ ᠪᠠᠨ ᠪᠣᠴᠠᠵᠣ ᠢᠷᠡᠭᠡᠳ ᠣᠳᠣ 70 ᠭᠠᠷᠦᠢ ᠨᠠᠰᠠᠯᠠᠵᠣ ᠰᠠᠶᠢᠨ ᠰᠠᠶᠢᠬᠠᠨ ᠠᠮᠢᠳᠣᠷᠠᠵᠣ ᠪᠠᠶᠢᠨ᠎ᠠ᠃ ᠳᠣᠮᠳᠠ ᠬᠠᠳᠣᠨ ᠨᠠᠰᠣ ᠪᠠᠷᠠᠭᠰᠡᠨ ᠤ ᠳᠠᠷᠠᠭ᠎ᠠ ᠪᠠᠷ 1937 ᠣᠨ ᠤ ᠨᠠᠷᠠᠳᠣ ᠶᠢᠨ ᠱᠠᠪᠠᠷᠠᠩ ᠤᠨ ᠬᠡᠣᠬᠡᠨ ᠳᠣᠯᠮ᠎ᠠ ᠶᠢ ᠭᠤᠷᠪᠠᠳᠠᠬᠢ ᠣᠳᠠᠭ᠎ᠠ ᠶᠢᠨ ᠬᠠᠳᠣᠨ ᠪᠣᠯᠭᠠᠨ ᠠᠪᠣᠪᠠ᠃ ᠳᠣᠯᠮ᠎ᠠ ᠶᠢ ᠬᠠᠳᠣᠨ ᠪᠣᠯᠭᠠᠨᠰᠠᠨ ᠤ ᠳᠠᠷᠠᠭ ᠨᠡᠷ᠎ᠡ ᠶᠢ ᠨᠢ ᠦᠭᠡᠷᠡᠴᠢᠯᠡᠵᠣ ᠳᠣᠯᠭᠠᠷ ᠬᠡᠳᠡᠭ ᠨᠡᠷ᠎ᠡ ᠲᠠᠢ ᠪᠣᠯᠭᠠᠭᠰᠠᠨ ᠪᠠᠶᠢᠨ᠎ᠠ᠃ ᠡᠨᠡ ᠳᠣᠬᠠᠢ ᠵᠠᠷᠢᠮ ᠶᠠᠷᠢᠶ᠎ᠠ ᠳᠣᠰᠬᠠᠯ᠂ ᠳᠠᠭᠠᠮᠠᠭᠯᠠᠯ ᠢᠶᠠᠷ ᠪᠣᠯ ᠠᠩᠬᠠᠨ ᠤ ᠬᠠᠳᠣᠨ ᠤ ᠨᠠᠷ᠎ᠡ ᠳᠤ ᠳᠣᠯᠮ᠎ᠠ ᠬᠡᠵᠣ ᠪᠠᠶᠢᠭᠰᠠᠨ ᠠᠴᠠ ᠪᠣᠯᠣᠭᠰᠠᠨ ᠭᠡᠳᠡᠭ ᠪᠢᠯᠡ᠃ ᠱᠣᠩᠨᠣᠳᠣᠩᠳᠣᠪ ᠤᠨ ᠣᠷᠳᠣᠨ ᠪᠣᠯ ᠡᠬᠢᠨ ᠳᠤ ᠪᠠᠨ ᠮᠣᠩᠭᠤᠯ ᠭᠡᠷ ᠪᠠᠷᠢᠵᠣ 1927 ᠣᠨ ᠤ ᠦᠶ᠎ᠡ ᠳᠤ ᠲᠦᠮᠡᠨ ᠡᠯᠡᠰᠣᠨ ᠤ ᠵᠡᠭᠦᠨ ᠬᠤᠶᠢᠳᠣ ᠵᠠᠬ᠎ᠠ ᠳᠤ ᠪᠠᠶᠢᠬᠤ ᠠᠬᠢᠳᠣ ᠶᠢᠨ ᠨᠢᠷᠣᠭᠤ ᠭᠡᠰᠡᠨ ᠭᠠᠵᠠᠷ ᠮᠠᠰᠢᠨ᠎ᠠ ᠶᠢᠨ ᠪᠠᠶᠢᠰᠢᠩ ᠬᠤᠶᠠᠷ ᠵᠠᠩ ᠢ ᠪᠠᠷᠢᠵᠣ ᠵᠢᠷᠭᠤᠭᠠᠨ ᠮᠣᠩᠭᠤᠯ ᠭᠡᠷ ᠢᠶᠠᠷ ᠨᠣᠳᠣᠭᠯᠠᠵᠣ ᠪᠠᠶᠢᠭᠰᠠᠨ ᠠᠴᠠ ᠪᠠᠨ 1935 ᠣᠨ ᠤ ᠦᠶ᠎ᠡ ᠳᠤ ᠲᠦᠮᠡᠨ ᠡᠯᠡᠰᠣᠨ ᠤ ᠪᠠᠷᠠᠭᠤᠨ ᠡᠮᠦᠨ᠎ᠡ ᠪᠠᠶᠢᠭ᠎ᠠ ᠬᠤᠩᠭᠤᠷ ᠰᠦᠮ᠎ᠡ ᠳᠤ ᠨᠡᠭᠦᠨᠣᠴᠢᠪᠠ᠃ ᠡᠨᠡ ᠰᠦᠮ᠎ᠡ ᠪᠣᠯ ᠬᠦᠶ᠎ᠡ ᠬᠡᠭᠡᠨ ᠤ ᠣᠷᠳᠣᠨ᠃ ︵ᠵᠠᠷᠢᠮ ᠬᠦᠮᠥᠨ ᠡᠭᠦᠨ ᠢ ᠽᠧᠨᠡᠮᠢᠳᠡᠷ᠎ᠠ ᠶᠢᠨ ᠪᠠᠶᠢᠰᠢᠩ ᠬᠦᠷᠢᠶ᠎ᠡ ᠭᠡᠳᠡᠭ︶ ᠭᠦᠶ᠎ᠡ ᠬᠡᠭᠡᠨ ᠪᠣᠯ ᠱᠣᠩᠨᠣᠳᠣᠩᠳᠣᠪ ᠢ ᠨᠢᠯᠬ᠎ᠠ ᠪᠠᠭ᠎ᠠ ᠪᠠᠶᠢᠬᠤ ᠳᠤᠨᠢ ᠡᠩᠬᠦᠷᠡᠶᠢᠯᠡᠨ ᠦᠰᠦᠭᠡᠭᠰᠡᠨ ᠪᠦᠭᠡᠳ ᠬᠦᠶ᠎ᠡ ᠬᠡᠬᠡᠨ ᠢ ᠨᠠᠰᠣ ᠪᠠᠷᠠᠬᠤ ᠦᠶ᠎ᠡ ᠳᠤ ᠠᠯᠢᠪᠠ ᠠᠵᠢᠯ ᠢ ᠱᠣᠩᠨᠣᠳᠣᠩᠳᠣᠪ ᠭᠠᠷᠳᠠᠨ ᠬᠢᠭᠰᠡᠨ ᠢᠶᠠᠷ ᠪᠠᠷᠠᠬᠤ ᠦᠭᠡᠢ ᠰᠡᠬᠦᠯ ᠤᠨ ᠦᠶ᠎ᠡ ᠶᠢᠨ ᠬᠤᠪᠢᠯᠣᠭᠰᠡᠨ ᠭᠦᠶ᠎ᠡ ᠭᠡᠭᠡᠨ ᠢ ᠵᠠᠯᠠᠬᠤ ᠳᠤ ᠴᠦ ᠭᠤᠣᠯ ᠪᠣᠯᠵᠣ ᠠᠯᠢᠪᠠ ᠠᠵᠢᠯ ᠢ ᠨᠢ ᠬᠢᠭᠰᠡᠨ ᠵᠡᠷᠭᠡ ᠬᠠᠷᠢᠴᠠᠭ᠎ᠠ ᠠᠴᠠ ᠪᠣᠯᠵᠣ ᠪᠠᠶᠢᠰᠢᠩ ᠬᠦᠷᠢᠶ᠎ᠡ ᠶᠢ ᠡᠵᠡᠮᠰᠢᠭᠰᠡᠨ ᠭᠡᠵᠣ ᠳᠣᠬᠠᠢ ᠶᠢᠨ ᠦᠶ᠎ᠡ ᠪᠠᠶᠢᠳᠠᠯ ᠢ ᠨᠠᠯᠢᠶᠠᠳ ᠮᠠᠳᠠᠮᠡᠷ ᠬᠦᠮᠥᠨ ᠳᠣᠰᠬᠠᠵᠣ ᠦᠭᠭᠦᠭᠰᠡᠨ ᠢᠶᠠᠷ ᠭᠤᠣᠯ ᠪᠣᠯᠭᠠᠵᠣ ᠳᠡᠮᠳᠡᠭᠯᠡᠨ ᠣᠷᠣᠭᠤᠯᠪᠠ᠃ ᠭᠦᠶ᠎ᠡ ᠬᠡᠬᠡᠨ ᠤ ᠣᠷᠳᠣᠨ ᠭᠡᠵᠣ ᠬᠤᠩᠭᠤᠷ ᠰᠦᠮ᠎ᠡ ᠶᠢᠨ ᠵᠠᠭᠦᠨ ᠳᠡᠯ᠎ᠠ ᠳᠤᠨᠢ ᠪᠠᠶᠢᠵᠣ ᠠᠷᠣ ᠳᠠᠯ᠎ᠠ  ᠲᠤᠨᠢ ᠡᠮᠣᠨᠡᠰᠢ ᠪᠠᠨ ᠬᠠᠨᠳᠣᠭᠰᠠᠨ ᠬᠤᠶᠡᠷ ᠵᠠᠩ᠂ ᠵᠡᠭᠦᠨ ᠪᠠᠷᠠᠭᠤᠨ ᠬᠤᠲᠠᠷ ᠳᠠᠯ᠎ᠠ ᠳᠤ ᠬᠤᠶᠠᠷ ᠦᠭᠡᠳᠡ ᠠᠴᠠ  ᠪᠠᠨ ᠬᠠᠨᠳᠣᠭᠰᠠᠨ ᠳᠣᠰᠪᠣᠷᠢ ᠬᠤᠶᠠᠷ ᠵᠠᠩ᠂ ᠳᠡᠭᠦᠨ ᠤ ᠡᠮᠦᠨ᠎ᠡ ᠳᠠᠪᠣᠨ ᠵᠠᠩ ᠪᠠᠶᠢᠰᠢᠩ ᠮᠥᠨ ᠣᠷᠣᠭᠰᠢ ᠪᠠᠨ ᠬᠠᠨᠳᠣᠵᠣ ᠪᠠᠰᠠ ᠵᠡᠭᠦᠨ ᠪᠡᠷᠠᠭᠤᠨ ᠬᠤᠶ᠋ᠷ ᠳᠠᠯ᠎ᠠ ᠳᠤ ᠬᠤᠶᠠᠷ ᠦᠭᠡᠳᠡ ᠠᠴᠠ ᠪᠠᠨ ᠬᠠᠨᠳᠣᠭᠰᠠᠨ ᠪᠠᠶᠢᠰᠢᠩ ᠳᠣᠰᠪᠣᠷᠢ ᠭᠤᠷᠪᠠᠨ ᠵᠠᠩ ᠪᠦᠭᠡᠳ ᠳᠣᠰᠬᠠᠢ ᠬᠦᠷᠢᠶ᠎ᠠ ᠲᠠᠢ ᠡᠮᠥᠨ᠎ᠡ ᠳᠠᠯ᠎ᠠ ᠳᠤ ᠪᠠᠨ ᠶᠡᠭᠡ ᠬᠠᠭᠠᠯᠭ᠎ᠠ ᠲᠠᠢ᠂ ᠬᠠᠭᠠᠯᠭ᠎ᠠ ᠶᠢᠨ ᠬᠤᠶᠠᠷ ᠳᠠᠯ᠎ᠠ ᠳᠤ ᠪᠠᠭ᠎ᠠ ᠬᠡᠮᠵᠢᠶᠡᠨ ᠤ ᠴᠢᠬᠢᠨ ᠪᠠᠶᠢᠰᠢᠩ ᠲᠠᠢ ᠪᠠᠶᠢᠪᠡ᠃ ᠰᠡᠭᠦᠯ ᠳᠤ ᠨᠢ ᠱᠣᠩᠨᠣᠳᠣᠩᠳᠣᠪ ᠠᠴᠠ ᠭᠦᠶ᠎ᠡ ᠭᠡᠭᠡᠨ ᠤ ᠣᠷᠳᠣᠨ ᠤ ᠵᠡᠬᠦᠨ ᠳᠠᠯ᠎ᠠ ᠳᠤ ᠨᠢ ᠬᠦᠷᠢᠶ᠎ᠡ ᠨᠡᠮᠡᠨ ᠪᠠᠷᠢᠵᠣ ᠪᠠᠰᠠ ᠬᠦᠷᠢᠶᠡᠨ ᠤ ᠳᠣᠳᠣᠷ᠎ᠠ ᠳᠡᠭᠡᠳᠣ ᠳᠠᠯ᠎ᠠ ᠳᠤ ᠨᠢ ᠳᠣᠰᠪᠣᠷᠢ ᠬᠤᠶᠠᠷ ᠵᠠᠩ ᠪᠠᠶᠢᠰᠢᠩ ᠢ ᠣᠷᠣᠭᠰᠢ ᠬᠠᠨᠳᠣᠭᠤᠯᠣᠨ ᠳᠡᠭᠦᠨ ᠤ ᠡᠮᠥᠨ᠎ᠡ ᠬᠦᠷᠢᠶ᠎ᠡ ᠪᠦᠷᠢ ᠳᠤ ᠲᠦᠷᠪᠡᠨ ᠮᠣᠩᠭᠤᠯ ᠭᠡᠷ ᠤᠨ ᠪᠠᠭᠤᠴᠠ ᠶᠢ ᠴᠣᠪᠣᠷᠢᠭᠤᠯᠣᠨ᠂ ᠵᠡᠭᠦᠨ ᠬᠦᠷᠢᠶ᠎ᠠ ᠤ ᠵᠡᠭᠦᠨ ᠳᠡᠯ᠎ᠠ᠂ ᠪᠠᠷᠠᠭᠤᠨ ᠬᠦᠷᠢᠶᠡᠨ ᠤ ᠪᠠᠷᠠᠭᠤᠨ ᠳᠠᠯ᠎ᠠ ᠳᠤ ᠶᠡᠭᠡ ᠬᠠᠭᠠᠯᠭ᠎ᠠ ᠲᠠᠢ ᠪᠦᠭᠡᠳ 1936 ᠣᠨ ᠤ ᠦᠶ᠎ᠡ ᠳᠤ ᠭᠤᠣᠯ ᠤᠨ ᠬᠦᠷᠢᠶᠡᠨ ᠳᠣᠮᠳᠠ ᠪᠠᠨ ᠰᠠᠭᠤᠷᠢ ᠪᠠᠷ ᠢᠶᠠᠨ ᠶᠡᠭᠡ ᠳᠡᠭᠡᠭᠰᠢ ᠪᠠᠨ ᠨᠠᠷᠢᠬᠠᠨ ᠰᠣᠪᠣᠷᠭ᠎ᠠ ᠶᠢᠨ ᠬᠡᠯᠪᠡᠷᠢᠳᠠᠢ ᠳᠣᠣᠷᠠᠳᠣ ᠳᠠᠪᠬᠤᠷ ᠨᠢ ᠮᠣᠳᠣ ᠪᠠ ᠳᠣᠭᠤᠰᠬ᠎ᠠ ᠶᠢᠨ ᠪᠦᠳᠣᠴᠡ ᠲᠠᠢ ᠳᠡᠭᠡᠳᠣ ᠳᠠᠪᠬᠤᠷ ᠨᠢ ᠪᠦᠷ ᠮᠣᠳᠣ ᠪᠠᠷ ᠭᠤᠣᠯ ᠪᠣᠯᠭᠠᠨᠰᠠᠨ ᠣᠯᠠᠨ ᠰᠢᠯ ᠴᠣᠩᠬᠤ ᠪᠠᠷ ᠪᠦᠷᠢᠯᠳᠣᠭ᠍ᠰᠡᠨ ᠳᠡᠭᠰᠢ ᠲᠦᠷᠪᠡᠯᠵᠢᠨ ᠵᠢᠵᠢᠭ ᠠᠰᠠᠷ ᠢ ᠪᠠᠷᠢᠵᠣ ᠵᠣᠨ ᠰᠠᠭᠤᠳᠠᠭ ᠣᠷᠳᠣᠨ ᠪᠣᠯᠭᠠᠵᠠᠢ᠃ ᠭᠡᠳᠡᠯ᠎ᠡ ᠡᠨᠡ ᠨᠢ ᠨᠢᠬᠡ ᠣᠳᠠᠭᠠᠨ ᠤ ᠦᠶᠡᠷ ᠤᠨ ᠡᠮᠥᠨᠡᠬᠢ ᠶᠡᠭᠡ ᠰᠠᠯᠬᠢᠨ ᠳᠤ ᠰᠢᠯ ᠨᠢ ᠬᠠᠭᠠᠷᠠᠵᠣ ᠵᠢᠶᠠᠼᠢ ᠮᠣᠳᠣᠨ ᠤ ᠡᠪᠳᠡᠷᠡᠭᠰᠡᠨ ᠠᠴᠠ ᠪᠣᠯᠵᠣ ᠶᠡᠬᠡᠳᠡ ᠰᠡᠵᠢᠭᠯᠡᠨ ᠳᠣᠣᠭᠠᠩ ᠪᠣᠭᠳᠠ ︵ᠳᠦᠪᠡᠳ ᠤᠨ ᠨᠢᠭᠡᠨ ᠬᠤᠪᠢᠯᠭᠠᠨ ᠯᠠᠮᠠ︶  ᠠᠴᠠ ᠠᠰᠠᠭᠤᠭᠰᠠᠨ ᠳᠤ ︽ᠳᠠᠯ᠎ᠠ ᠦᠭᠡᠢ ᠭᠡᠮᠡᠨ︾ ᠨᠣᠳᠤᠭ ᠬᠦᠭᠡᠭᠡᠭᠰᠡᠨ ᠳᠣᠯᠠ 1937 ᠣᠨ ᠤ ᠦᠶ᠎ᠡ ᠳᠤ ᠲᠦᠮᠡᠨ ᠡᠯᠡᠰᠣᠨ᠎ᠠ ᠳᠠᠷᠦᠢ ᠪᠠᠷᠠᠭᠤᠨ ᠮᠣᠩᠭᠤᠯ ᠬᠡᠭᠦ ᠭᠠᠵᠠᠷ ᠤᠨ ᠵᠡᠭᠦᠨ ᠬᠤᠶᠢᠨ᠎ᠠ ᠵᠢᠷᠦᠬᠡ ᠶᠢᠨ ᠱᠠᠩᠳᠠᠨ ᠤ ᠪᠠᠷᠠᠭᠤᠨ ᠡᠮᠦᠨᠡᠬᠢ ᠮᠣᠩᠭᠤᠯ ᠤᠨ ᠴᠠᠭᠠᠨ ᠳ᠋ᠣᠱᠢ ᠭᠡᠳᠡᠭ ᠨᠡᠷ᠎ᠡ ᠲᠠᠢ ᠭᠠᠵᠠᠷ ᠰᠡᠭᠦᠯ ᠤᠨ ᠣᠷᠳᠣᠨ ᠢᠶᠠᠨ ᠪᠠᠶᠢᠭᠤᠯᠵᠠᠢ᠃ ᠶᠠᠷᠢᠶ᠎ᠠ ᠶᠢ ᠦᠨᠳᠣᠰᠣᠯᠡᠪᠡᠯ᠄ ᠣᠷᠳᠣᠨ ᠢᠶᠠᠨ ᠪᠠᠶᠢᠭᠤᠯᠣᠭᠰᠠᠨ ᠤ ᠳᠠᠷᠠᠭ᠎ᠠ ᠪᠠᠷ ᠳᠣᠪᠵᠢᠯ ᠭᠡᠭᠡᠨ ︵ᠬᠦᠬᠡ ᠨᠠᠭᠤᠷ ᠮᠣᠵᠢ ᠶᠢᠨ ᠬᠦᠮᠥᠨ ᠪᠣᠯᠣᠨ᠎ᠠ︶ ᠢᠶᠠᠷ ᠰᠢᠨᠵᠢᠭᠦᠯᠣᠭᠰᠡᠨ ᠳᠤ ᠲᠡᠷᠡ᠄ ︽ᠲᠠᠣᠯᠠᠢ ᠶᠢᠨ ᠵᠣ ᠶᠢᠨ ᠰᠢᠨᠵᠢᠳᠠᠢ ᠭᠠᠵᠠᠷ︾ ᠬᠡᠵᠣ ᠬᠡᠯᠡᠭᠰᠡᠨ ᠬᠡᠨ᠎ᠠ᠃ ᠬᠤᠵᠢᠮ ᠨᠢ ᠠᠷᠠᠳ ᠤᠨ ᠳᠣᠳᠣᠷ᠎ᠠ᠄ ︽ᠲᠠᠣᠯᠠᠢ ᠶᠢᠨ ᠵᠣ ᠳᠡᠭᠡᠷ᠎ᠡ ᠶᠠᠭᠤᠮ᠎ᠠ ᠳᠣᠭᠳᠠᠳᠠᠭ ᠦᠭᠡᠢ᠂ ᠮᠠᠨ ᠤ ᠸᠠᠩ ᠤᠨ ᠣᠷᠳᠣᠨ ᠬᠡᠳᠦᠢ ᠣᠳᠠᠬᠤ ᠪᠢᠯᠡ︾ ᠭᠡᠰᠡᠨ ᠶᠠᠷᠢᠶ᠎ᠠ ᠪᠣᠢ ᠪᠣᠯᠣᠭᠰᠠᠨ ᠪᠠᠶᠢᠨ᠎ᠠ᠃ ᠲᠦᠮᠡᠨ ᠡᠯᠡᠰᠣᠨ ᠤ ᠣᠷᠳᠣᠨ ᠪᠣᠯ 100 ᠭᠠᠷᠦᠢ ᠵᠠᠩ ᠪᠠᠶᠢᠰᠢᠩ ᠲᠠᠢ᠂ ᠳᠡᠭᠰᠢ ᠲᠦᠷᠪᠡᠯᠵᠢᠨ ᠳᠣᠮᠣ ᠬᠦᠷᠢᠶ᠎ᠡ ᠲᠠᠢ᠂ ᠬᠦᠷᠢᠶ᠎ᠡ ᠨᠢ ᠶᠡᠭᠡ ᠵᠣᠵᠠᠭᠠᠨ ᠪᠦᠭᠡᠳ ᠲᠦᠷᠪᠡᠨ ᠦᠨᠴᠦᠭ ᠲᠡᠭᠡᠨ ᠫᠣᠣᠳᠠᠢ᠂ ᠬᠡᠷᠡᠮ ᠪᠠ ᠫᠣᠣᠳᠠᠢ ᠶᠢᠨ ᠳᠡᠭᠡᠭᠦᠷ ᠫᠣᠣ ᠶᠢᠨ ᠰᠡᠬᠡᠬᠡ ︵ᠫᠣᠣ ᠣᠨᠢᠯᠠᠨ ᠬᠠᠷᠠᠭᠠᠯᠠᠬᠤ ᠨᠦᠬᠡ ᠲᠠᠢ ᠲᠦᠷᠪᠡᠯᠵᠢᠨ ᠬᠡᠯᠪᠡᠷᠢᠳᠠᠢ ᠪᠡᠶ᠎ᠡ ᠬᠠᠮᠠᠭᠠᠯᠠᠬᠤ ᠬᠡᠷᠡᠮ︶ ᠶᠢ ᠢᠷᠡᠶᠢᠳᠠᠯ᠎ᠠ ᠡᠩᠨᠡᠭᠦᠯᠦᠭᠰᠡᠨ᠂ ᠪᠠᠷᠠᠭᠤᠨ᠂ ᠵᠡᠭᠦᠨ᠂ ᠡᠮᠦᠨ᠎ᠡ ᠭᠤᠷᠪᠠᠨ ᠳᠠᠯ᠎ᠠ ᠶᠢᠨ ᠬᠦᠷᠢᠶᠡᠨ ᠤ ᠭᠤᠣᠯ ᠳᠣᠮᠳᠠ ᠨᠢ ᠳᠣᠮᠣ ᠪᠦᠳᠦᠭᠦᠨ ᠬᠠᠭᠠᠯᠭ᠎ᠠ ᠲᠠᠢ᠂ ᠡᠨᠡᠬᠦ ᠬᠠᠭᠠᠯᠭ᠎ᠠ ᠶᠢᠨ ᠭᠠᠳᠠᠷ ᠬᠡᠯᠪᠡᠷᠢ ᠨᠢ ᠲᠦᠷᠪᠡᠯᠵᠢᠨ᠂ ᠳᠡᠭᠡᠭᠦᠷ ᠨᠢ ᠪᠠᠰᠠ ᠫᠣᠣ ᠶᠢᠨ ᠰᠡᠬᠡᠬᠡ ᠲᠠᠢ᠂ ᠣᠷᠣᠵᠣ ᠭᠠᠷᠬᠤ ᠳᠣᠳᠣᠷᠠᠬᠢ ᠬᠡᠯᠪᠡᠷᠢ  ᠨᠢ ᠳᠡᠭᠡᠳᠣ ᠳᠠᠯ᠎ᠠ ᠨᠢ ᠳᠣᠭᠤᠢ᠂ ᠳᠣᠷᠣᠭᠰᠢ ᠪᠠᠨ ᠲᠦᠷᠪᠡᠯᠵᠢᠨ ᠪᠣᠯᠵᠣ᠂ ᠨᠡᠭᠡᠭᠡᠵᠤ ᠬᠠᠭᠠᠳᠠᠭ ᠬᠠᠭᠠᠯᠭ᠎ᠠ ᠨᠢ ᠪᠠᠷᠤᠭ ᠲᠦᠷᠪᠡᠨ ᠬᠤᠷᠣᠭᠤ ᠢᠯᠡᠭᠦᠦ ᠵᠣᠵᠠᠭᠠᠨ ᠮᠣᠳᠣ ᠪᠠᠷ ᠬᠢᠨᠰᠡᠨ ᠳᠡᠯᠡᠪᠴᠢᠨ ᠬᠠᠭᠠᠯᠭ᠎ᠠ ᠲᠠᠢ ᠪᠠᠶᠢᠵᠣ ᠪᠠᠶᠢᠰᠢᠩ ᠨᠢ ᠬᠦᠷᠢᠶ᠎ᠡ ᠲᠠᠢ ᠪᠠᠨ ᠦᠷᠭᠦᠯᠵᠢ ᠳᠣᠳᠣᠭᠰᠢ ᠪᠠᠨ ᠬᠠᠨᠳᠣᠭᠤᠯᠵᠣ᠂ ᠡᠳᠡᠭᠡᠷ ᠪᠠᠶᠢᠰᠢᠩ ᠤᠨ ᠬᠠᠭᠠᠯᠭ᠎ᠠ ᠴᠣᠩᠬᠤ ᠶᠢᠨ ᠳᠡᠭᠡᠳᠣ ᠳᠠᠯ᠎ᠠ ᠳᠤ ᠪᠠᠨ ᠳᠠᠯ᠎ᠠ ᠳᠣᠭᠤᠢ ᠭᠡᠯᠪᠡᠷᠢᠳᠠᠢ ᠪᠠᠶᠢᠳᠠᠭ᠃ ᠳᠣᠳᠣᠷ᠎ᠠ ᠪᠠᠨ ᠳᠠᠪᠬᠤᠷ ᠬᠦᠷᠢᠶ᠎ᠡ  ᠲᠠᠢ᠂ ᠡᠮᠥᠨᠡᠬᠢ ᠰᠡᠶᠢᠮᠡᠬᠡᠢ ᠬᠦᠷᠢᠶᠡᠨ ᠳᠤ ᠸᠠᠩ ᠤᠨ ᠣᠷᠳᠣᠨ ᠪᠠᠶᠢᠵᠣ᠂ ᠠᠷᠣ ᠶᠢᠨ ᠬᠦᠷᠢᠶᠡᠨ ᠳᠤ ᠰᠢᠳᠦᠬᠡᠨ ᠤ ᠰᠥᠮ᠎ᠡ᠂ ᠪᠠᠷᠠᠭᠤᠨ ᠳᠠᠯ᠎ᠠ ᠳᠤ ᠪᠠᠨ ᠬᠤᠰᠢᠭᠤ ᠶᠠᠮᠣᠨ᠂ ᠵᠡᠭᠦᠨ ᠳᠠᠯ᠎ᠠ ᠳᠤ ᠪᠠᠨ ᠬᠦᠪᠡᠭᠦᠳ ᠤᠨ ᠪᠠᠭ᠎ᠠ ᠰᠣᠷᠭᠠᠭᠤᠯᠢ ᠶᠢ ᠳᠣᠰ ᠳᠣᠰ ᠪᠠᠶᠢᠷᠢᠯᠠᠭᠤᠯᠵᠠᠢ᠃ ᠡᠮᠦᠨ᠎ᠡ ᠶᠡᠭᠡ ᠬᠠᠭᠠᠯᠭ᠎ᠠ ᠨᠢ ᠸᠠᠩ ᠤᠨ ᠣᠷᠳᠣᠨ ᠤ ᠬᠦᠷᠢᠶᠡᠨ  ᠤ ᠬᠠᠭᠠᠯᠭ᠎ᠠ ᠪᠣᠯᠬᠤᠷ ᠬᠦᠷᠢᠶᠡᠨ ᠤ ᠭᠠᠳᠠᠨ᠎ᠠ ᠡᠮᠦᠨ᠎ᠡ ᠪᠠᠨ ᠶᠠᠩ ᠫᠠᠢ ᠲᠠᠢ ᠪᠠᠶᠢᠪᠠ᠃ ᠳᠣᠰ ᠣᠷᠳᠣᠨ ᠢ ᠳᠣᠯᠣᠨ — ᠨᠣᠣᠷ ᠤᠨ ᠬᠤᠪᠢᠳᠣ ᠶᠢᠨ ᠬᠦᠥ ᠶᠢᠨ ᠱᠢᠪᠡᠷᠴᠢᠨ ᠪᠠᠷᠢᠭᠰᠠᠨ ᠪᠦᠭᠡᠳ ᠳᠣᠬᠠᠢ ᠶᠢᠨ ᠦᠶ᠎ᠡ ᠳᠤ ᠪᠦᠭᠦ ᠦᠷᠳᠡᠭ ᠠᠷᠪᠠᠨ ᠬᠤᠶᠠᠷ ᠲᠦᠮᠡᠨ ᠲᠦᠭᠦᠷᠢᠭ ᠣᠷᠣᠭᠰᠠᠨ ᠬᠡᠳᠡᠭ᠃ ᠳᠣᠰ ᠣᠷᠳᠣᠨ ᠢ ᠪᠠᠶᠢᠭᠤᠯᠣᠭᠰᠠᠨ ᠡᠬᠡ ᠪᠡᠯᠡ ᠶᠢᠨ ᠢᠷᠡᠯᠳᠡ ᠶᠢᠨ ᠳᠣᠬᠠᠢ ᠰᠣᠷᠪᠣᠯᠵᠢᠯᠡᠬᠤ ᠶᠢᠨ ᠳᠣᠮᠳᠠ ᠠᠩᠬ᠎ᠠ ᠠᠯᠬᠤᠮ ᠣᠶᠢᠯᠠᠭᠠᠭᠰᠠᠨ ᠢᠶᠠᠷ ᠪᠣᠯ᠄ ᠨᠢᠭᠡ ᠳᠤ ᠨᠣᠮᠴᠢ ᠯᠠᠮᠠ ︵ᠱᠣᠩᠨᠣᠳᠣᠩᠳᠣᠪ ᠤᠨ ᠳᠡᠭᠦᠦ︶ ᠭᠤᠣᠯ ᠬᠠᠷᠢᠭᠤᠴᠠᠵᠣ ᠪᠠᠶᠠᠨᠨᠠᠭᠤᠷ ᠠᠶᠢᠮᠠᠭ ᠠᠴᠠ ᠬᠤᠶᠠᠷ ᠣᠳᠠᠭ᠎ᠠ ᠨᠡᠶᠢᠳᠠ ᠮᠢᠩᠭ᠎ᠠ ᠰᠢᠬᠠᠮ ᠠᠳᠣᠭᠤ ᠶᠢ ᠵᠡᠭᠦᠨᠰᠢ ᠪᠠᠨ ᠬᠡᠰᠢᠭᠳᠡᠨ ᠤ ᠯᠢᠰᠢ ᠭᠡᠰᠡᠨ ᠭᠠᠵᠠᠷ ᠳᠠᠮᠵᠢᠭᠤᠯᠣᠨ ᠬᠤᠳᠠᠯᠳᠣᠭᠠᠳ ᠵᠢᠷᠭᠤᠭᠠᠨ ᠲᠦᠮᠡ ᠰᠢᠬᠠᠮ ᠳᠦᠭᠦᠷᠢᠭ ᠢ ᠬᠤᠨᠵᠢᠵᠣ ᠣᠯᠣᠭᠠᠳ ᠣᠷᠳᠣᠨ ᠪᠠᠶᠢᠭᠤᠯᠬᠤ ᠳᠤ ᠬᠡᠷᠡᠭᠯᠡᠭᠰᠡᠨ ᠪᠠᠶᠢᠨ᠎ᠠ᠃ ᠬᠱᠶᠠᠷ ᠲᠤ ᠬᠤᠩᠭᠤᠷ ᠰᠦᠮ᠎ᠡ ᠳᠡᠭᠡᠷ᠎ᠡ ᠪᠠᠶᠢᠭᠰᠠᠨ ᠣᠷᠳᠣᠨ ᠤ ᠪᠠᠶᠢᠰᠢᠩ ᠤᠳ ᠢᠶᠠᠨ ᠪᠦᠷ ᠨᠣᠷᠠᠭᠠᠵᠣ ᠮᠣᠳᠣ ᠶᠢ ᠨᠢ ᠬᠡᠷᠡᠭᠯᠡᠭᠰᠡᠨ ᠢᠶᠠᠷ ᠪᠠᠷᠠᠬᠤ ᠦᠭᠡᠢ ᠪᠣᠯᠣᠩ ᠤᠨ ᠬᠤᠷᠠᠯ ᠁ ᠵᠡᠷᠭᠡ ᠶᠢᠨ ᠵᠠᠷᠢᠮ ᠰᠦᠮ᠎ᠡ ᠬᠤᠷᠠᠯ ᠤᠨ ᠮᠣᠳᠣ ᠶᠢ ᠠᠪᠣᠭᠰᠠᠨ ᠪᠠᠶᠢᠨ᠎ᠠ᠃ ᠡᠭᠦᠨᠴᠡ ᠭᠠᠳᠠᠨ᠎ᠠ ᠪᠠᠪᠣᠣ ᠵᠡᠷᠭᠡ ᠬᠡᠳᠦᠨ ᠬᠦᠮᠥᠨ ᠢᠶᠠᠷ ᠲᠦᠮᠡᠨ ᠡᠯᠡᠰᠦᠨ ᠤ ᠬᠠᠶᠢᠯᠠᠰᠣ ᠶᠢ ᠣᠭᠳᠣᠯᠠᠵᠣ ᠳᠡᠭᠡᠭᠡᠯᠭᠡᠪᠡ᠃ ᠴᠠᠩᠳᠣ ᠰᠥᠮ᠎ᠡ ᠶᠢᠨ ᠵᠢᠰᠠ ᠡ ᠣᠯᠠᠨ ᠳᠡᠷᠭᠡ ᠳᠠᠳᠠᠵᠣ ᠡᠮᠦᠨ᠎ᠡ ᠡᠯᠡᠰᠣᠨ ᠠᠴᠠ ᠪᠣᠷᠭᠠᠰᠣ ᠳᠡᠭᠡᠭᠡᠯᠭᠡᠨ ᠲᠦᠮᠡᠨ ᠡᠯᠡᠰᠣᠨ ᠤ ᠪᠠᠷᠠᠭᠤᠨ ᠡᠮᠦᠨ᠎ᠡ ᠵᠠᠬ᠎ᠠ ᠳᠤ ᠪᠠᠶᠢᠬᠤ ᠴᠠᠭᠠᠨ ᠬᠤᠳᠳᠤᠭ ᠭᠡᠬᠦ ᠭᠠᠵᠠᠷ ᠲᠣᠭᠤᠰᠬ᠎ᠠ ᠭᠡᠷᠡᠭᠯᠡᠪᠡ᠃ ᠭᠤᠷᠪᠠ᠂ ᠠᠷᠡᠳ ᠣᠯᠠᠨ ᠳᠤ ᠠᠯᠪᠠ ᠳᠠᠳᠠᠪᠣᠷᠢ ᠪᠠᠷ ︵ᠴᠣᠬᠤᠮ ᠬᠡᠳᠦᠢ ᠪᠣᠯᠬᠤ ᠨᠢ ᠳᠣᠳᠣᠷᠬᠠᠢ ᠦᠭᠡᠢ︶ ᠪᠠᠷᠢᠯᠭ᠎ᠠ ᠶᠢᠨ ᠡᠬᠡ ᠪᠡᠯᠡ ᠶᠢ ᠰᠢᠢᠳᠪᠦᠷᠢᠯᠡᠭᠰᠡᠨ ᠵᠡᠷᠭᠡ ᠭᠤᠷᠪᠠᠨ ᠳᠠᠯ᠎ᠠ ᠪᠠᠷ ᠶᠠᠷᠢᠭᠳᠡᠵᠣ ᠪᠣᠢ᠃ ᠱᠣᠩᠨᠣᠳᠣᠩᠳᠣᠪ ᠪᠣᠯ ᠵᠠᠩ ᠵᠢᠶᠠ ᠺᠧᠣ ᠬᠤᠳᠠᠨ᠎ᠠ ᠳᠣᠭᠳᠠᠭᠰᠠᠨ ᠬᠤᠭᠤᠴᠠᠭ᠎ᠠ ᠲᠠᠢ ᠠᠯᠪᠠᠨ ᠠᠵᠢᠯ ᠢᠶᠠᠷ ᠰᠠᠭᠤᠳᠠᠭ ᠪᠠᠶᠢᠵᠠᠢ᠃ ᠢᠩᠬᠢᠭᠡᠳ 1942 ᠣᠨ ᠤ ᠦᠶ᠎ᠡ ᠳᠤ ᠰᠢᠶᠣᠣ ᠮᠠ ᠴᠠᠩ ᠵᠡᠭᠡᠯᠢ ᠶᠢᠨ ᠬᠤᠷᠢᠨ ᠲᠦᠷᠪᠡᠳᠦᠭᠡᠷ ᠡᠭᠦᠳᠡ᠂ ᠳᠡᠷᠦᠢ ᠳᠣᠰᠬᠠ᠊ ᠭᠦᠷᠢᠶ᠎ᠡ ᠲᠠᠢ ᠭᠦᠷᠢᠶᠡᠨ ᠳᠣᠳᠣᠷ᠎ᠠ ᠭᠤᠷᠪᠠᠨ ᠵᠠᠩ ᠰᠠᠭᠤᠳᠠᠯ ᠤᠨ ᠪᠠᠶᠢᠰᠢᠩ ᠠᠴᠠ ᠭᠠᠳᠠᠨ᠎ᠠ ᠰᠠᠭᠹᠠᠩ᠂ ᠴᠢᠬᠢᠨ ᠤ ᠪᠠᠶᠢᠰᠢᠩ ᠤᠳ ᠪᠣᠢ᠃ ᠡᠳᠡᠭᠡᠷ ᠢ ᠬᠤᠳᠠᠯᠳᠣᠨ ᠠᠪᠣᠭᠠᠳ 1945 ᠣᠨ ᠳᠤ ᠴᠢᠯᠦᠭᠡᠯᠡᠭᠳᠡᠭᠰᠡᠨ ᠤ ᠳᠡᠷᠠᠭ᠎ᠠ ᠳᠡᠭᠦᠨ ᠢ ᠬᠡᠷᠡᠭᠯᠡᠭᠰᠡᠨ ᠦᠭᠡᠢ᠃ ᠱᠣᠩᠨᠣᠳᠣᠩᠳᠣᠪ ᠲᠤ ᠣᠷᠢᠳ ᠬᠤᠵᠢᠳ ᠨᠠᠷᠢᠨ ᠲᠦᠷᠪᠡᠨ ᠮᠠᠰᠢᠨ ᠳᠡᠷᠭᠡ ᠲᠠᠢ᠂ ᠡᠭᠦᠨ ᠳᠤ ᠰᠠᠭᠤᠳᠠᠯ ᠤᠨ ᠮᠠᠰᠢᠨ ᠨᠢᠭᠡ᠂ ᠠᠴᠢᠶᠠᠨ ᠤ ᠶᠡᠭᠡ ᠮᠠᠰᠢᠨ ᠬᠤᠶᠠᠷ᠂ ᠨᠣᠮᠴᠢ ᠯᠠᠮᠠ ᠶᠢᠨ ᠭᠤᠷᠪᠠᠨ ᠳᠣᠭᠤᠢ ᠮᠠᠰᠢᠨ ᠨᠢᠭᠡ ᠪᠠᠶᠢᠵᠣ ᠵᠢᠯᠣᠭᠤᠴᠢ ᠨᠢ ᠣᠷᠢᠳ ᠬᠤᠵᠢᠳ ᠯᠾᠮᠣᠰᠦ᠋ᠷᠦᠩ᠂ ᠪᠠᠭᠠᠳᠣᠷ᠂ ᠭᠦᠩᠰᠡᠩ᠂ ᠴᠣᠪᠣᠭᠤ᠂ , ᠢᠰᠢ᠂ ᠯᠠᠪᠰᠠᠮᠵᠠᠮᠰᠣ ᠨᠠᠷ ᠪᠣᠯᠣᠨ᠎ᠠ᠃              ᠱᠣᠩᠨᠣᠳᠣᠩᠳᠣᠪ ᠬᠤᠰᠢᠭᠤ ᠶᠢ ᠵᠠᠬᠢᠷᠴᠣ ᠪᠠᠶᠢᠬᠤ ᠬᠤᠭᠤᠴᠠᠭᠠᠨ ᠳᠤ ᠳᠣᠬᠠᠢ ᠶᠢᠨ ᠦᠶ᠎ᠡ ᠶᠢᠨ ᠵᠠᠰᠠᠭ ᠲᠦᠷᠦ ᠶᠢᠨ ᠠᠵᠢᠯ ᠠᠴᠠ ᠭᠠᠳᠠᠨ᠎ᠠ᠂ ᠪᠠᠰᠠ ᠳᠣᠣᠷᠠᠬᠢ ᠬᠡᠳᠣᠨ ᠠᠵᠢᠯ ᠢ ᠬᠢᠭᠰᠡᠨ ᠪᠠᠶᠢᠨ᠎ᠠ᠃              1᠂ ᠳᠡᠷᠢᠭᠦᠨ ᠨᠣᠶᠠᠨ ᠳᠡᠮᠴᠦᠭᠳᠣᠩᠷᠣᠪ ᠤᠨ ᠵᠢᠭᠠᠪᠣᠷᠢ ᠪᠠᠷ 1937 ᠣᠨ᠂ ᠣᠯᠠᠭᠴᠢᠨ ᠦᠬᠡᠷ ᠵᠢᠯ ᠳᠤ ᠬᠦᠪᠡᠭᠦᠳ ᠤᠨ ᠪᠠᠭ᠎ᠠ ᠰᠣᠷᠭᠠᠭᠤᠯᠢ ᠶᠢ ᠬᠤᠩᠭᠤᠷ ᠰᠦᠮ᠎ᠡ ᠳᠤ ᠬᠡᠳᠣᠨ ᠮᠣᠩᠭᠤᠯ ᠭᠡᠷ ᠢᠶᠠᠷ ᠪᠠᠶᠢᠭᠤᠯᠪᠠ᠃ ᠪᠠᠭᠰᠢ ᠨᠢ ᠵᠣᠩᠳᠣᠢ ᠵᠠᠯᠠᠨ ᠪᠢᠮᠪᠠ ᠵᠠᠯᠠᠨ ᠨᠠᠷ ᠪᠠᠶᠢᠵᠣ᠂ ᠰᠣᠷᠣᠭᠴᠢ 30 ᠣᠷᠴᠢᠮ ᠠᠴᠠ ᠪᠠᠨ 1943 ᠣᠨ ᠤ ᠦᠶ᠎ᠡ ᠳᠤ ᠲᠦᠮᠡᠨ ᠡᠯᠡᠰᠣᠨ ᠳᠤ ᠨᠡᠭᠦᠨ 70 ᠣᠷᠴᠢᠮ ᠰᠣᠷᠣᠭᠴᠢ ᠲᠠᠢ ᠪᠣᠯᠣᠨ ᠨᠡᠮᠡᠭᠳᠡᠪᠠ᠃ 1942 ᠣᠨ ᠳᠤ ᠣᠯᠠᠨ ᠬᠤᠳᠳᠠᠭ ᠤᠨ ᠣᠷᠳᠣ ᠳᠡᠭᠡᠷ᠎ᠡ ᠬᠡᠳᠣᠨ ᠮᠣᠩᠭᠤᠯ ᠭᠡᠷ ᠢᠶᠠᠷ 30 ᠭᠠᠷᠦᠢ ᠰᠣᠷᠣᠭᠴᠢ ᠲᠠᠢ ᠦᠬᠢᠳ ᠤᠨ ᠰᠣᠷᠭᠠᠭᠤᠯᠢ ᠶᠢ ᠪᠠᠶᠢᠭᠤᠯᠵᠣ᠂ ᠮᠢᠰᠢᠭ ᠳᠠᠶᠢᠵᠢ᠂ ᠬᠠᠷᠠᠴᠢᠨ ᠳᠣᠭᠳᠠᠬᠤ ᠨᠡᠷ ᠪᠠᠭᠰᠢᠯᠡᠵᠣ᠂ 1944 ᠣᠨ ᠤ ᠦᠶ᠎ᠡ ᠳᠤ ᠭᠠᠷᠣᠳᠢ ᠷᠠᠪᠢᠶᠠᠨ ᠵᠡᠷᠭᠡ ᠪᠠᠭᠰᠢ ᠨᠡᠮᠡᠭᠳᠡᠨ ᠰᠣᠷᠣᠭᠴᠢ 70 ᠰᠢᠬᠠᠮ ᠪᠣᠯᠪᠠ᠃ ᠡᠭᠦᠨ ᠠᠴᠠ ᠭᠠᠳᠠᠨ᠎ᠠ ᠴᠠᠩᠳᠣ ᠰᠦᠮ᠎ᠡ ᠳᠤ 20 ᠣᠷᠴᠢᠮ ᠵᠠᠯᠠᠭᠤ ᠯᠠᠮᠠ ᠶᠢ ᠵᠣᠬᠢᠶᠠᠨ ᠪᠠᠶᠢᠭᠤᠯᠣᠨ ᠮᠣᠩᠭᠤᠯ ᠪᠢᠴᠢᠭ ᠰᠣᠷᠬᠤ ᠰᠣᠷᠭᠠᠭᠤᠯᠢ ᠬᠡᠮᠡᠨ ᠨᠠᠷᠡᠯᠠᠵᠣ᠂ ᠯᠠᠮᠠ ᠶᠢᠨ ᠳᠣᠳᠣᠷ᠎ᠠ ᠠᠴᠠ ᠮᠣᠩᠭᠤᠯ ᠪᠢᠴᠢᠭ ᠮᠡᠳᠡᠳᠡᠭ ᠳᠠᠭᠸ᠎ᠠ᠂ ᠯᠣᠪᠰᠠᠩᠳᠠᠮᠪᠠ ᠨᠠᠷ ᠢᠶᠠᠷ ᠪᠠᠭᠰᠢᠯᠠᠭᠤᠯᠪᠠ᠃ ᠡᠨᠡ ᠮᠡᠳᠣ ᠪᠠᠷ ᠪᠣᠰᠣᠳ ᠰᠦᠮ᠎ᠡ ᠳᠤ ᠪᠠᠰᠠ ᠠᠳᠠᠯᠢ ᠪᠣᠰᠣ ᠬᠡᠮᠵᠢᠶ᠎ᠡ ᠪᠠᠷ ᠳᠣᠰ ᠳᠣᠰ ᠪᠠᠶᠢᠭᠤᠯᠵᠠᠢ᠃              2᠂ ᠪᠣᠭᠳᠠ — ᠠᠭᠤᠯᠠ ᠶᠢᠨ ᠡᠩᠭᠡᠷ ᠲᠤ 1943 ᠣᠨ ᠤ ᠦᠶ᠎ᠡ ᠳᠤ ᠬᠤᠰᠢᠭᠤ ᠬᠤᠷᠰᠢᠶ᠎ᠠ ᠪᠠᠶᠢᠭᠤᠯᠵᠣ ᠶᠡᠷᠦᠩᠬᠡᠢ ᠬᠠᠷᠢᠭᠤᠴᠠᠬᠤ ᠳᠠᠷᠤᠭ᠎ᠠ ᠨᠢ ᠵᠣᠳᠪᠠ ᠠᠮᠪᠠᠨ᠂ ᠪᠣᠳᠠᠳᠠᠢ ᠠᠵᠢᠯ ᠢ ᠡᠷᠬᠢᠯᠡᠨ ᠬᠢᠭᠴᠦ ᠨᠢ ᠴᠦᠯᠳᠣᠮ ︵ᠳᠡᠬᠢᠷ ᠴᠦ᠋︶ ᠵᠡᠷᠭᠡ 3 — 5 ᠬᠦᠮᠥᠨ ᠪᠠᠶᠢᠵᠣ ᠡᠬᠡ ᠪᠡᠯᠡ ᠶᠢ ᠠᠷᠠᠳ ᠣᠯᠠᠨ ᠤ ᠮᠠᠯ ᠰᠦᠷᠦᠭ  ᠤᠨ ᠪᠠᠶᠢᠳᠠᠯ ᠢ ᠦᠨᠳᠣᠰᠣᠯᠡᠨ ᠶᠡᠭᠡ ᠨᠢ ᠶᠡᠭᠡ᠂ ᠪᠠᠭ᠎ᠠ ᠨᠢ ᠪᠠᠭ᠎ᠠ ᠬᠡᠮᠵᠢᠶ᠎ᠡ ᠪᠠᠷ ᠮᠠᠯ ᠳᠠᠳᠠᠪᠣᠷᠢᠯᠠᠨ ᠪᠦᠭᠦᠳᠡ ᠪᠣᠳᠠ ᠳᠠᠪᠣᠨ ᠮᠢᠩᠭᠠᠨ ᠳᠣᠯᠣᠭᠠᠢ᠂ ᠪᠣᠭ ᠮᠠᠯ ᠲᠦᠮᠡᠨ ᠳᠣᠯᠣᠭᠠᠢ ᠪᠣᠯᠵᠣ ᠬᠤᠷᠰᠢᠶ᠎ᠠ ᠨᠢ ᠬᠤᠨᠵᠢᠪᠣᠷᠢ ᠶᠢᠨ ᠮᠥᠩᠭᠦ ᠠᠴᠠ ᠪᠠᠨ ᠣᠣᠯ ᠡᠬᠡ ᠪᠡᠯᠡ ᠪᠠᠨ ᠬᠤᠭᠤᠴᠠᠭ᠎ᠠ ᠬᠤᠪᠢᠶᠠᠨ ᠠᠯᠬᠤᠮ ᠠᠯᠬᠤᠮ ᠢᠶᠠᠷ ᠪᠣᠴᠠᠭᠠᠬᠤ ᠪᠠᠷ ᠳᠣᠭᠳᠠᠭᠠᠵᠣ ᠭᠤᠣᠯᠳᠠᠭᠤ ᠪᠦᠰ ᠪᠠᠷᠠᠭ᠎ᠠ᠂ ᠪᠣᠳᠠᠭ᠎ᠠ ᠭᠤᠯᠢᠷ᠂ ᠴᠠᠢ ᠳᠡᠮᠠᠬᠢ ᠁ ᠵᠡᠷᠭᠡ ᠠᠮᠢᠳᠣᠷᠠᠯ ᠤᠨ ᠬᠡᠷᠡᠭᠰᠡᠯ ᠢ ᠣᠷᠣᠭᠤᠯᠣᠨ ᠠᠷᠠᠳ ᠣᠯᠠᠨ ᠳᠤ ᠬᠤᠳᠠᠯᠳᠣᠨ ᠬᠠᠩᠭᠠᠳᠠᠭ ᠪᠠᠶᠢᠵᠠᠢ᠃              3᠂ ᠰᠢᠷᠠᠭᠴᠢᠨ ᠲᠠᠥᠯᠠᠢ ᠵᠢᠯ 1939 ᠣᠨ ᠤ ᠨᠠᠮᠣᠷ᠂ ᠣᠣᠯ ᠳᠠᠮᠠᠭᠠᠨ ᠴᠡᠷᠢᠭ ᠢᠶᠠᠨ ᠦᠷᠭᠡᠳᠬᠡᠵᠣ᠂ ᠠᠮᠣᠷ ᠢ ᠬᠠᠮᠠᠭᠠᠯᠠᠬᠤ ᠴᠡᠷᠢᠭ ᠠᠩᠭᠢ ᠪᠠᠶᠢᠭᠤᠯᠵᠣ ᠳᠠᠷᠤᠭ᠎ᠠ ᠨᠢ ᠴᠠᠬᠠᠷ ᠴᠢᠭᠤᠯᠭᠠᠨ ᠤ ᠨᠣᠷᠪᠤ᠂ ᠪᠠᠶᠠᠷ ᠬᠤᠶᠠᠷ ᠪᠣᠯᠵᠣ᠂ 50 — 60 ᠣᠷᠴᠢᠮ ᠪᠠᠶᠢᠯᠳᠣᠭᠴᠢ᠂ ᠬᠡᠳᠣᠨ ᠮᠣᠩᠭᠤᠯ ᠭᠡᠷ ᠲᠠᠢ ᠪᠠᠶᠢᠭᠰᠠᠨ ᠠᠴᠠ ᠪᠠᠨ 1943 ᠣᠨ ᠤ ᠦᠶ᠎ᠡ ᠲᠦᠮᠡᠨ ᠡᠯᠡᠰᠣᠨ ᠳᠠᠬᠢ ᠡᠮᠣᠨᠡᠳᠣ ᠮᠣᠩᠭᠤᠯ ᠭᠡᠬᠦ ᠭᠠᠵᠠᠷ ᠪᠠᠶᠢᠰᠢᠩ ᠪᠠᠷᠢᠵᠣ ᠰᠣᠮᠣᠨ ᠳᠠᠷᠤᠭ᠎ᠠ ᠨᠢ ᠭᠤᠳᠣᠪ ᠪᠣᠯᠵᠣ ᠪᠠᠶᠢᠯᠳᠣᠭᠴᠢ ᠨᠢ 150 ᠭᠠᠷᠦᠢ ᠳᠤ ᠭᠦᠷᠦᠭᠰᠡᠨ ᠪᠠᠶᠢᠨ᠎ᠠ᠃ ︵ᠬᠢᠯᠢ ᠶᠢᠨ ᠴᠡᠷᠢᠭ ᠪᠠᠭᠳᠠᠵᠤ ᠪᠣᠢ︶              1945 ᠣᠨ ᠤ 7 ᠰᠠᠷ᠎ᠠ ᠶᠢᠨ 2 ᠤᠨ ᠡᠳᠦᠷ ᠵᠦᠪᠯᠡᠯᠳᠣ ᠮᠣᠩᠭᠤᠯ ᠤᠨ ᠴᠡᠷᠢᠭ ᠮᠠᠨ ᠤ ᠬᠤᠰᠢᠭᠤᠨ ᠤ ᠬᠢᠯᠢ ᠳᠡᠭᠡᠷ᠎ᠡ ᠪᠠᠶᠢᠬᠤ ᠵᠢᠷᠭᠠᠯᠠᠩᠳᠣ ᠰᠥᠮ᠎ᠡ ᠳᠤ ᠣᠷᠣᠵᠣ ᠢᠷᠡᠬᠦ ᠳᠤ ᠬᠢᠯᠢ ᠶᠢᠨ ᠴᠡᠷᠢᠭ ᠤᠳ ᠪᠣᠳᠠᠷᠠᠨ ᠳᠣᠳᠠᠭᠠᠵᠣ ᠳᠡᠭᠯᠠᠢ ᠳᠡᠮᠴᠢᠭ᠂ ᠨᠢᠰᠣ ᠴᠦᠢᠮᠪᠣᠯ ᠨᠠᠷ ᠶᠠᠮᠣᠨ ᠳᠤ ᠴᠢᠮᠡᠭᠡ ᠮᠡᠳᠡᠭᠡ ᠬᠦᠷᠭᠡᠨ ᠢᠷᠡᠭᠰᠡᠨ ᠪᠠᠶᠢᠨ᠎ᠠ᠃ ᠱᠣᠩᠨᠣᠳᠣᠩᠳᠣᠪ ᠡᠨᠡᠬᠦ ᠴᠢᠮᠡᠭᠡ ᠶᠢ ᠰᠣᠨᠣᠰᠣᠭᠰᠠᠨ ᠤ ᠳᠠᠷᠠᠭ᠎ᠠ ᠣᠯᠠᠭᠠᠨ ᠪᠣᠯᠠᠭ ᠤᠨ ᠬᠤᠶᠢᠳᠣ ᠳᠡᠭᠡᠷ᠎ᠡ ᠵᠣᠰᠠᠭᠠᠯ  ᠳᠤ ᠪᠠᠶᠢᠭ᠎ᠠ ᠭᠡᠷ ᠳᠤ ᠪᠠᠨ ᠪᠠᠶᠢᠵᠣ ᠬᠠᠷᠢᠨ ᠣᠷᠳᠣᠨ ᠳᠤ ᠪᠠᠶᠢᠭᠰᠠᠨ ᠶᠡᠭᠡ ᠪᠠᠭ᠎ᠠ ᠠᠷᠪᠠᠭᠠᠳ ᠫᠣᠣ ᠪᠠᠨ ᠰᠣᠮᠣ  ᠲᠠᠢ ᠨᠢ ᠬᠤᠨᠢᠨ ᠪᠣᠷᠭᠠᠰᠣᠨ ᠬᠤᠷᠣᠭᠠᠨ ᠤ ᠭᠤᠣᠯ ᠳᠤ ᠶᠡᠭᠡ ᠨᠦᠬᠡ ᠮᠠᠯᠳᠠᠵᠣ ᠪᠣᠯᠠᠪᠠ᠃ ᠢᠩᠭᠢᠭᠡᠳ ᠶᠡᠭᠡ ᠪᠠᠳᠣᠯᠠᠭ᠎ᠠ ᠦᠭᠡᠢ ᠰᠠᠨᠠᠭᠳᠠᠵᠣ ᠶᠡᠭᠡ ᠴᠡᠷᠢᠭ ᠦᠩᠭᠡᠷᠡᠮᠡᠭᠴᠡ ᠪᠣᠯᠠᠭᠰᠠᠨ ᠫᠣᠣ ᠪᠠᠨ ᠭᠠᠷᠭᠠᠨ ᠣᠯᠠᠭᠠᠨ ᠪᠣᠯᠠᠭ ᠭᠡᠰᠡᠨ ᠨᠠᠭᠤᠷ ᠲᠤ ᠬᠠᠶᠠᠭᠰᠠᠨ ᠪᠠᠶᠢᠨ᠎ᠠ᠃ ᠬᠠᠳᠣᠨ ᠳᠣᠯᠭᠠᠷ ᠠᠶᠣᠨ ᠰᠠᠨᠳᠣᠷᠴᠣ ᠠᠯᠳᠠᠠᠭᠡᠷᠡᠯ ᠭᠡᠳᠡᠭ ᠨᠣᠮ ᠢ ᠪᠠᠷᠢᠵᠣ ᠭᠡᠷ ᠢᠶᠠᠨ ᠳᠣᠭᠤᠷᠢᠨ ᠵᠠᠯᠪᠠᠷᠢᠵᠣ ᠪᠠᠶᠢᠪᠠ᠃ ᠶᠡᠭᠡ ᠴᠡᠷᠢᠭ ᠢᠷᠡᠮᠡᠭᠴᠠ ᠱᠣᠩᠨᠣᠳᠣᠩᠳᠣᠪ ᠤᠨ ᠨᠢᠳᠣ ᠶᠢ ᠪᠦᠰ ᠢᠶᠠᠷ ᠳᠠᠷᠣᠵᠣ ᠪᠣᠭᠤᠨ ᠪᠠᠷᠢᠵᠣ ᠠᠪᠣᠭᠠᠳ ᠶᠠᠪᠣᠪᠠ᠃ ᠶᠠᠪᠣᠬᠤ ᠵᠠᠮ ᠳᠣᠮᠳᠠ ᠪᠠᠨ ᠵᠢᠷᠢᠮ ᠦᠶ᠎ᠡ ᠳᠤ ᠠᠶᠣᠯᠭᠠᠨ ᠵᠠᠷᠢᠮ ᠦᠶ᠎ᠡ ᠳᠤ ᠵᠦᠭᠡᠯᠡᠨ ᠠᠷᠭ᠎ᠠ ᠪᠠᠷ ᠠᠰᠠᠭᠤᠨ ᠪᠠᠶᠢᠴᠠᠭᠠᠵᠣ ᠳᠣᠯᠣᠨ ᠨᠣᠣᠷ ᠲᠤ ᠬᠦᠷᠦᠭᠰᠡᠨ ᠤ ᠳᠠᠷᠠᠭ᠎ᠠ ᠮᠣᠩᠭᠤᠯ ᠴᠡᠷᠢᠭ ᠤᠨ ᠨᠢᠭᠡᠨ ᠭᠤᠣᠯ ᠰᠠᠭᠤᠷᠢᠨ ᠳᠤ ᠬᠦᠷᠭᠡᠭᠳᠡᠵᠣ ᠳᠠᠨᠳᠠ ᠠᠴᠠ ᠪᠠᠨ ᠵᠠᠮ ᠶᠠᠪᠣᠬᠤ ᠪᠢᠴᠢᠭ ᠣᠯᠣᠭᠠᠳ ᠲᠠᠯᠪᠢᠭᠳᠠᠨ ᠪᠣᠴᠠᠵᠣ ᠢᠷᠡᠪᠠ᠃ ᠱᠣᠩᠨᠣᠳᠣᠩᠳᠣᠪ ᠤᠨ ᠬᠢ ᠣᠣᠯ ᠳᠤ ᠪᠠᠨ ᠮᠠᠯ ᠰᠦᠷᠦᠭ ᠠᠷᠪᠢᠨ ᠦᠭᠡᠢ᠂ ᠢᠯᠠᠩᠭᠤᠶ᠎ᠠ ᠶᠡᠭᠡ ᠴᠡᠷᠢᠭ ᠤᠨ ᠬᠦᠯ ᠳᠤ ᠳᠠᠭᠠᠷᠢᠭᠳᠠᠵᠣ ᠮᠠᠯ ᠰᠦᠷᠦᠭ ᠳᠡᠮᠡᠢ ᠦᠯᠡᠳᠡᠭᠰᠡᠨ ᠦᠭᠡᠢ᠂ ᠡᠶᠢᠮᠦ ᠠᠴᠠ ᠣᠶᠢᠷ᠎ᠠ ᠣᠷᠴᠢᠮ ᠤᠨ ᠵᠣᠳᠪᠠ ᠵᠡᠷᠭᠡ ᠵᠠᠷᠢᠮ ᠪᠠᠶᠠᠴᠣᠳ ᠮᠠᠯ ᠢᠶᠠᠷ ᠳᠡᠮᠵᠢᠭᠰᠡᠨ ᠠᠴᠠ ᠲᠦᠮᠡᠨ ᠣᠪᠣᠭᠠᠨ ᠤ ᠪᠠᠷᠠᠭᠤᠨ ᠬᠤᠶᠢᠨ᠎ᠠ ᠠᠶᠢᠯ ᠪᠣᠯᠣᠨ ᠲᠦᠪᠬᠢᠨᠡᠭᠰᠡᠨ ᠭᠡᠳᠡᠭ ᠪᠢᠯᠡ᠃              1945 ᠣᠨ ᠤ ᠨᠠᠮᠣᠷ ᠶᠠᠫᠣᠨ ᠪᠠᠭᠤᠵᠣ ᠦᠭᠭᠦᠨ ᠳᠠᠶᠢᠨ ᠵᠣᠭᠰᠣᠵᠣ ᠵᠦᠪᠯᠡᠯᠳᠣ ᠮᠣᠩᠭᠤᠯ ᠤᠨ ᠴᠡᠷᠢᠭ ᠪᠣᠴᠠᠪᠠ᠃ ᠡᠨᠡ ᠦᠶ᠎ᠡ ᠳᠤ ᠮᠣᠩᠭᠤᠯ ᠤᠨ ᠴᠡᠷᠢᠭ ᠤᠨ ᠳᠡᠷᠤᠭ᠎ᠠ ᠯᠾᠠᠮᠣᠵᠠᠪ ᠰᠠᠶᠢᠳ ᠪᠠᠶᠢᠰᠡ ᠶᠢᠨ ᠰᠦᠮ᠎ᠡ ︵ᠰᠢᠯᠢ ᠶᠢᠨ ᠬᠤᠳᠠ︶ ᠳᠤ ᠰᠢᠯᠢ ᠶᠢᠨ ᠭᠤᠣᠯ ᠤᠨ ᠴᠢᠭᠤᠯᠭᠠᠨ ᠤ ᠠᠷᠪᠡᠨ ᠬᠤᠰᠢᠭᠠᠨ ᠤ ᠸᠠᠩ ᠨᠣᠶᠠᠳ ᠤᠨ ᠬᠤᠷᠠᠯ ᠢ ᠬᠢᠭᠰᠡᠨ ᠳᠤ ᠠᠪᠠᠭ᠎ᠠ ᠪᠠᠷᠠᠭᠤᠨ ᠭᠠᠷᠣᠨ ᠬᠤᠰᠢᠭᠤᠨ ᠠᠴᠠ ᠱᠣᠩᠨᠣᠳᠣᠩᠳᠣᠪ ᠴᠡᠪᠡᠭ ᠵᠠᠬᠢᠷᠣᠭᠴᠢ ᠵᠡᠷᠬᠡ ᠬᠦᠮᠥᠰ ᠣᠷᠣᠯᠴᠠᠪᠠ᠃ ᠬᠤᠷᠠᠯ  ᠤᠨ ᠠᠭᠤᠯᠭᠤ ᠨᠢ ᠡᠯ᠎ᠡ ᠬᠤᠰᠢᠭᠤ ᠶᠢ ᠳᠣᠰ ᠳᠣᠰ ᠤᠨ ᠸᠠᠩ ᠨᠣᠶᠠᠳ ᠲᠤᠨᠢ ᠡᠷᠭᠢᠭᠦᠯᠵᠣ ᠦᠭᠭᠦᠭᠰᠡᠨ ᠪᠠᠶᠢᠨ᠎ᠠ᠃ ᠣᠴᠢᠷ ᠨᠢ ᠵᠥᠪᠯᠡᠯᠳᠣ ᠮᠣᠩᠭᠤᠯ ᠴᠡᠷᠢᠭ ᠨᠢᠭᠡᠨᠳᠡ ᠪᠣᠴᠠᠪᠠ᠂ ᠪᠠᠰᠠ ᠬᠤᠪᠢᠰᠬᠠᠯ ᠣᠷᠣᠵᠣ ᠢᠷᠡᠭᠡᠳ ᠢᠷᠡᠭᠡᠳᠦᠢ ᠪᠣᠯᠬᠤᠷ ᠡᠨᠡ ᠳᠣᠮᠳᠠ ᠡᠵᠡᠨ ᠦᠭᠡᠶᠢᠳᠡᠬᠦ ᠠᠴᠠ ᠰᠡᠷᠭᠡᠶᠢᠯᠡᠭᠰᠡᠨ ᠪᠣᠯᠣᠯᠳᠠᠢ ᠬᠡᠵᠣ ᠣᠯᠡᠨ ᠤ ᠳᠣᠮᠳᠠ ᠶᠠᠷᠢᠶᠠᠨ ᠪᠠᠶᠢᠳᠠᠭ᠃ 1945 ᠣᠨ ᠤ ᠡᠪᠦᠯ ᠤᠨ ᠡᠬᠢ ᠪᠠᠷ ᠶᠡᠭᠡ ᠴᠡᠷᠢᠭ ᠦᠨᠳᠣᠰᠣᠨ ᠳᠤ ᠪᠠᠨ ᠪᠣᠴᠠᠵᠣ ᠬᠢᠯᠢ ᠬᠠᠭᠠᠯ᠎ᠠ ᠭᠡᠳᠡᠭ ᠪᠣᠯᠪᠠᠴᠣ ᠬᠤᠰᠢᠭᠤᠨ ᠳᠡᠭᠡᠷ᠎ᠡ ᠪᠠᠰᠠ ᠮᠣᠩᠭᠤᠯ ᠤᠨ ᠭᠡᠳᠣᠨ ᠬᠦᠮᠥᠨ ᠪᠠᠶᠢᠳᠠᠭ ᠪᠦᠭᠡᠳ ᠨᠠᠰᠢ ᠴᠠᠰᠢ ᠶᠠᠪᠣᠯᠴᠠᠳᠠᠭ ᠪᠠᠶᠢᠵᠠᠢ᠃ ᠡᠨᠡ ᠦᠶ᠎ᠡ ᠳᠤ ᠮᠣᠩᠭᠤᠯ ᠴᠡᠷᠢᠭ ᠠᠴᠠ ᠱᠣᠩᠨᠣᠳᠣᠩᠳᠣᠪ ᠢ ᠪᠣᠯᠠᠭᠰᠠᠨ ᠫᠣᠣ ᠪᠠᠨ ᠣᠯᠵᠣ ᠮᠣᠩᠭᠤᠯ ᠳᠤ ᠬᠦᠷᠭᠡᠵᠣ ᠦᠭ ᠬᠡᠵᠣ ᠬᠤᠭᠤᠴᠠᠭ᠎ᠠ ᠳᠣᠭᠳᠠᠭᠠᠨ ᠱᠠᠭᠠᠷᠳᠠᠭᠰᠡᠨ ᠳᠤ ᠱᠣᠩᠨᠣᠳᠣᠩᠳᠣᠪ ᠠᠷᠭ᠎ᠠ ᠪᠣᠰᠣ ᠣᠶᠢᠷ᠎ᠠ ᠣᠷᠴᠢᠮ ᠤᠨ ᠬᠦᠮᠥᠰ ᠢ ᠳᠠᠶᠢᠴᠢᠯᠡᠨ ᠨᠡᠯᠢᠶᠡᠳ ᠬᠦᠯᠳᠡᠭᠰᠡᠨ ᠣᠯᠠᠭᠠᠨ ᠪᠣᠯᠠᠭ ᠭᠡᠰᠡᠨ ᠨᠠᠭᠤᠷ ᠢ ᠪᠠᠷᠤᠭ ᠬᠠᠭᠠᠰ ᠰᠠᠷ᠎ᠠ ᠢᠯᠡᠭᠦᠦ ᠮᠠᠯᠳᠠᠵᠣ ᠪᠠᠶᠢᠭᠠᠳ ᠫᠣᠣ ᠠᠴᠠ ᠪᠠᠨ 3 — 4 ᠶᠢ ᠨᠢ ᠣᠯᠵᠣ ᠪᠣᠰᠣᠳ ᠨᠢ ᠣᠯᠳᠠᠭᠰᠠᠨ ᠦᠭᠡᠢ᠃ ᠢᠩᠭᠢᠭᠡᠳ ᠰᠠᠨᠳᠣᠷᠬᠤ ᠳᠤ ᠪᠠᠨ ᠡᠮᠣᠨ᠎ᠡ ᠪᠡᠶ᠎ᠡ ᠪᠠᠷ ᠨᠣᠳᠣᠭᠯᠠᠵᠣ ᠪᠠᠶᠢᠭᠰᠠᠨ ᠪᠣᠳᠦᠬᠦᠨ ᠭᠤᠮᠪᠤ ︵ᠵᠠᠯᠠᠨ︶ ᠳᠤ ᠭᠡᠳᠣᠨ ᠫᠣᠣ ᠪᠠᠶᠢᠭᠰᠠᠨ ᠢ ᠮᠡᠳᠡᠳᠡᠭ ᠪᠦᠭᠡᠳ ᠮᠣᠩᠭᠤᠯ ᠤᠨ ᠴᠡᠷᠢᠭ ᠳᠡᠭᠦᠨ ᠤ ᠫᠣᠣ ᠶᠢ ᠠᠪᠬᠤ ᠪᠠᠷ ᠱᠠᠭᠠᠷᠳᠠᠭᠰᠡᠨ ᠦᠭᠡᠢ ᠶᠢ ᠨᠢ ᠰᠣᠨᠣᠰᠣᠭᠠᠳ ᠨᠢᠭᠤᠭᠰᠠᠨ ᠫᠣᠣ ᠶᠢ ᠨᠢ ᠠᠪᠴᠢᠷᠠᠭᠤᠯᠬᠤ ᠪᠠᠷ ᠬᠦᠮᠥᠨ ᠶᠠᠪᠣᠭᠤᠯᠣᠭᠰᠠᠨ ᠳᠤ 3 ᠫᠣᠣ ᠣᠯᠵᠣ ᠢᠷᠡᠭᠰᠡᠨ ᠢ ᠦᠪᠡᠷᠣᠨ ᠮᠠᠯᠳᠠᠵᠣ ᠭᠠᠷᠭᠠᠭᠰᠠᠨ ᠫᠣᠣ ᠯᠤᠭ᠎ᠠ ᠨᠡᠶᠢᠯᠡᠭᠦᠯᠣᠨ ᠳᠡᠮᠡᠭᠡᠨ ᠠᠴᠢᠶ᠎ᠠ ᠪᠠᠷ ᠮᠣᠩᠭᠤᠯ ᠤᠨ ᠬᠦᠯᠢ ᠶᠢᠨ ᠳᠣᠳᠣᠷᠠᠬᠢ ᠨᠠᠷᠠᠨ ᠬᠠᠪᠢᠷᠭ᠎ᠠ ᠭᠡᠰᠡᠨ ᠭᠠᠵᠠᠷ ᠱᠣᠩᠨᠣᠳᠣᠩᠳᠣᠪ ᠪᠡᠶ᠎ᠡ ᠪᠠᠷ ᠢᠶᠠᠨ ᠭᠦᠷᠭᠡᠭᠰᠡᠨ ᠳᠤ ᠮᠣᠩᠭᠤᠯ ᠤᠨ ᠳᠠᠯ᠎ᠠ ᠠᠴᠠ ︽ᠰᠠᠶᠢᠨ︾ ᠭᠡᠵᠣ ᠵᠣᠷᠢᠭᠵᠢᠭᠤᠯᠬᠤ ᠶᠢᠨ ᠬᠠᠮᠳᠣ ᠳᠡᠪᠡᠯ ᠤᠨ ᠭᠠᠳᠠᠷ ︵ᠦᠭᠡᠷ ᠳ᠋ᠠᠯᠢᠩᠪᠣᠣ︶ ᠦᠭᠭᠦᠭᠰᠡᠨ ᠪᠠᠶᠢᠨ᠎ᠠ᠃              1946 ᠣᠨ ᠤ ᠬᠠᠪᠣᠷ ᠪᠣᠯᠬᠤ ᠳᠤ ᠪᠣᠷᠢᠶᠠᠳ ᠤᠨ ᠷᠢᠨᠴᠢᠨ ᠨᠣᠶᠠᠨ ᠣᠷᠪᠠᠵᠣ ᠮᠠᠨ ᠤ ᠬᠤᠰᠢᠭᠠᠨ ᠤ ᠶᠠᠩᠳᠣᠣ ᠰᠦᠮ᠎ᠡ ᠶᠢᠨ ᠡᠮᠣᠨᠡᠭᠦᠷ ᠣᠷᠣᠵᠣ ᠢᠷᠡᠭᠡᠳ ᠪᠠᠶᠢᠬᠤ ᠦᠶ᠎ᠡ ᠳᠤ ᠱᠣᠩᠨᠣᠳᠣᠩᠳᠣᠪ ᠵᠣᠳᠪᠠ ︵ᠠᠷᠯᠠᠩ︶ ᠭᠡᠰᠡᠨ ᠬᠦᠮᠥᠨ ᠢ ᠪᠣᠷᠢᠶᠠᠳ ᠲᠠᠢ ᠬᠤᠯᠪᠣᠭ᠎ᠠ ᠠᠪᠬᠤ ᠪᠠᠷ ᠶᠠᠪᠣᠭᠤᠯᠵᠣ᠂ ᠳᠠᠷᠠᠭ᠎ᠠ ᠨᠢ 3 ᠰᠠᠷᠠᠶᠢᠨ ᠦᠶ᠎ᠡ ᠪᠠᠷ ᠱᠣᠩᠨᠣᠳᠣᠩᠳᠣᠪ ᠦᠪᠡᠷᠳᠡᠭᠡᠨ ᠣᠴᠢᠵᠣ ᠠᠭᠤᠯᠵᠠᠭᠰᠠᠨ ᠪᠠᠶᠢᠨ᠎ᠠ᠃ ᠲᠡᠷᠡ ᠢᠷᠡᠭᠰᠡᠨ ᠤ ᠪᠠᠨ ᠲᠠᠷᠠᠭ᠎ᠠ ᠬᠤᠰᠢᠭᠤᠨ  ᠤ ᠨᠣᠶᠠᠳ ᠲᠦᠰᠢᠮᠡᠳ ᠲᠡᠭᠡᠨ᠄ ︽ᠬᠠᠭᠤᠴᠢᠨ ᠲᠦᠷᠦ ᠪᠠᠨ ᠰᠡᠷᠭᠦᠭᠡᠨ᠎ᠡ᠂ ᠶᠠᠮᠣᠨ ᠳᠤ ᠪᠠᠨ ᠢᠷᠡᠵᠣ ᠣᠣᠯ ᠤᠨ ᠠᠵᠢᠯ ᠢᠶᠠᠨ ᠬᠢᠬᠦ ᠬᠡᠷᠡᠭᠳᠠᠢ︾ ᠭᠡᠰᠡᠨ ᠲᠠᠭᠤᠳᠠᠯᠭ᠎ᠠ ᠢ ᠠᠯᠪᠠᠨ ᠪᠢᠴᠢᠭ ᠪᠠᠭᠤᠯᠭᠠᠪᠠ᠃ ᠬᠡᠳᠡᠯ᠎ᠡ ᠨᠣᠶᠠᠳ ᠲᠦᠰᠢᠮᠡᠳ ᠤ ᠲᠦᠷᠦ ᠶᠢᠨ ᠶᠠᠪᠣᠳᠠᠯ ᠲᠦᠪᠰᠢᠷᠡᠭᠡᠳᠦᠢ ᠶᠡᠭᠡ ᠰᠠᠮᠠᠭᠤᠨ ᠪᠠᠶᠢᠨ᠎ᠠ᠃ ᠪᠠᠶᠢᠳᠠᠯ ᠢ ᠦᠵᠡᠵᠣ ᠪᠠᠶᠢᠭᠠᠳ ᠪᠣᠯᠣᠶ᠎ᠠ ᠬᠡᠳ ᠳᠡᠮᠡᠢ ᠬᠦᠮᠥᠨ ᠣᠴᠢᠭᠰᠡᠨ ᠦᠭᠡᠢ ᠬᠤᠶᠠᠷ ᠣᠳᠠᠭᠠᠨ ᠤ ᠳᠠᠭᠤᠳᠠᠯᠭ᠎ᠠ ᠶᠢ ᠦᠩᠭᠡᠷᠡᠭᠡᠵᠠᠢ᠃              1947 ᠣᠨ ᠤ 4 ᠰᠠᠷᠠᠶᠢᠨ ᠦᠶ᠎ᠡ ᠪᠠᠷ ︽ᠪᠣᠷᠢᠶᠠᠳ ᠤᠨ ᠴᠡᠷᠢᠭ ᠤᠨ ᠶᠠᠮᠣᠨ ᠳᠤ ᠢᠷᠡᠪᠡ᠂ ᠬᠤᠷᠳᠣᠨ ᠢᠷ᠎ᠡ︾ ᠭᠡᠰᠡᠨ ᠭᠤᠷᠪᠠᠳᠠᠬᠢ ᠣᠳᠠᠭᠠᠨ ᠤ ᠳᠠᠭᠤᠳᠠᠯᠭ᠎ᠠ ᠶᠠᠪᠣᠭᠤᠯᠣᠭᠰᠠᠨ ᠳᠤ ᠬᠤᠶᠢᠳᠣ ᠴᠢᠭ ᠠᠴᠠ ᠳᠠᠮᠳᠢᠨ ᠳᠣᠰᠠᠯᠠᠭᠴᠢ᠂ ᠢᠳᠠᠮ ᠵᠠᠯᠠᠨ᠂ ᠳᠣᠳᠣᠯᠠᠨ ᠵᠠᠯᠠᠨ᠂ ᠡᠮᠣᠨ᠎ᠡ ᠴᠢ ᠠᠴᠠ ᠵᠣᠩᠳᠦᠢ ᠵᠠᠯᠠᠨ᠂ ᠳᠡᠮᠦᠷ ︵ᠳ᠋ᠠ ᠶᠦᠣ︶ ᠨᠠᠷ ᠢᠷᠡᠵᠡᠭᠡᠪᠡ᠃ ᠡᠳᠡᠨ ᠢ ᠢᠷᠡᠭᠦ ᠦᠶ᠎ᠡ ᠳᠤ ᠶᠠᠮᠣᠨ ᠳᠡᠭᠡᠷ᠎ᠡ ᠪᠣᠷᠢᠶᠠᠳ ᠤᠨ ᠶᠣᠯᠭ᠎ᠠ ᠱᠠᠭᠳᠠᠷ ᠭᠡᠰᠡᠨ ᠳᠠᠷᠤᠭ᠎ᠠ  ᠲᠠᠢ ᠶᠢᠰᠣᠨ ᠴᠡᠷᠢᠭ ᠢᠷᠡᠭᠡᠳ ︽ᠣᠳᠣ ᠬᠠᠭᠤᠴᠢᠨ ᠲᠦᠷᠦ ᠪᠠᠨ ᠰᠡᠷᠭᠦᠭᠡᠯ᠎ᠡ︾ ᠭᠡᠵᠣ ᠶᠡᠬᠡᠪᠡᠷ ᠶᠠᠷᠢᠵᠠᠭᠠᠵᠣ ᠪᠠᠶᠢᠵᠠᠢ᠃ ᠡᠨᠡ ᠬᠡᠳᠦᠨ ᠴᠡᠷᠢᠭ ᠪᠣᠯᠪᠠᠰᠣ ᠪᠣᠷᠢᠶᠠᠳ ᠬᠤᠪᠴᠠᠰᠣ ᠲᠠᠢ ᠬᠦᠵᠦᠭᠦᠨ ᠳᠤ ᠪᠠᠨ ᠡᠷᠢᠬᠡ ︵ᠮᠠᠨᠢ ᠳᠣᠭᠠᠯᠠᠳᠠᠭ︶ ᠰᠠᠬᠢᠭᠤᠰᠣ ᠵᠡᠭᠦᠭᠰᠡᠨ ᠬᠦᠮᠥᠰ ᠪᠣᠯᠣᠨ᠎ᠠ᠃ ᠡᠳᠡᠨᠡᠷ ᠳᠡᠮᠳᠢᠨ ᠳᠣᠰᠠᠯᠠᠭᠴᠢ ᠵᠡᠷᠭᠡ ᠬᠤᠰᠢᠭᠤᠨ ᠳᠤ ᠣᠴᠢᠭᠰᠠᠳ ᠲᠤ ︽ᠡᠵᠡᠨ ᠸᠠᠩ ᠴᠢᠨᠢ ᠳᠠᠭᠤᠳᠠᠵᠣ ᠪᠠᠶᠢᠬᠤ ᠳᠤ ᠳᠠᠨᠠᠷ ᠶᠠᠭᠠᠬᠢᠭᠠᠳ ᠢᠷᠡᠳᠡᠭ ᠦᠭᠡᠢ ᠣᠯᠣᠰ  ᠤᠳ ᠪᠣᠢ %% ᠭᠡᠵᠣ ᠠᠭᠠᠰᠢᠯᠠᠨ ᠵᠠᠩᠨᠠᠪᠠ᠃ ᠳᠠᠮᠳᠢᠨ ᠢᠳᠠᠮ ᠨᠠᠷ ᠠᠴᠠ ︽ᠪᠢᠳᠠ ᠭᠠᠵᠠᠷ ᠬᠤᠯᠠ᠂ ᠣᠨᠣᠯᠭ᠎ᠠ ᠮᠠᠭᠤᠳᠠᠢ᠂ ᠭᠡᠷ ᠲᠤ ᠡᠶᠢᠮᠦ ᠳᠡᠶᠢᠮᠣ ᠠᠷᠭ᠎ᠠ ᠦᠭᠡᠢ ᠣᠴᠢᠷ ᠁︾ ᠭᠡᠬᠦ ᠮᠡᠳᠣ ᠪᠠᠷ ᠭᠡᠳᠣᠨ ᠬᠤᠳᠠᠯ ᠰᠢᠯᠳᠠᠭᠠᠨ ᠡᠪᠯᠡᠭᠦᠯᠦᠨ ᠬᠡᠯᠡᠵᠣ ᠦᠩᠭᠡᠷᠡᠭᠡᠪᠡ᠃ ᠡᠭᠦᠨᠳᠣ ᠪᠣᠷᠢᠶᠠᠳ ᠤᠨ ᠲᠠᠯ᠎ᠠ ᠠᠴᠠ ︽ᠳᠠᠨᠠᠷ ᠣᠳᠣ  ᠪᠠᠷ ᠢᠶᠠᠨ ᠸᠠᠩ ᠤᠨ ᠣᠷᠳᠣᠨ ᠳᠤ ᠣᠴᠢ︕︾ ᠭᠡᠰᠡᠨ ᠳᠤ ᠡᠳᠡᠨᠠᠷ ᠪᠠᠰᠠ ᠰᠢᠳᠠᠭᠠᠨ ᠬᠡᠯᠡᠵᠣ ᠦᠵᠡᠭᠡᠳ ᠳᠣᠰᠠ ᠪᠣᠯᠣᠭᠰᠠᠨ ᠦᠭᠡᠢ ᠳᠠᠪᠣᠭᠤᠯᠠ ᠪᠠᠨ ᠬᠤᠩᠭᠤᠷ ᠠᠴᠠ ᠪᠠᠷᠠᠭᠤᠨ ᠬᠤᠶᠢᠨ᠎ᠠ ᠲᠦᠰᠢᠳᠣ ᠬᠡᠬᠦ ᠭᠠᠵᠠᠷ ᠪᠠᠶᠢᠭ᠎ᠠ ᠱᠣᠩᠨᠣᠳᠣᠩᠳᠣᠪ ᠤᠨ ᠣᠷᠳᠣᠨ ᠵᠦᠭ ᠮᠣᠷᠳᠠᠪᠠ᠃ ᠪᠣᠷᠢᠶᠠᠳ ᠤᠨ ᠴᠡᠷᠢᠭ ᠶᠠᠮᠣᠨ ᠳᠤ ᠬᠤᠴᠣᠷᠪᠠ᠃ ᠳᠠᠮᠳᠢᠨ ᠢᠳᠠᠮ ᠨᠠᠷ ᠣᠷᠳᠣᠨ ᠳᠤ ᠣᠴᠢᠬᠤ ᠳᠤ ᠸᠠᠩ ᠭᠡᠷ ᠲᠤ ᠪᠠᠨ ᠪᠠᠶᠢᠭᠰᠠᠨ ᠦᠭᠡᠢ᠃ ᠬᠠᠷᠢᠨ ᠣᠷᠳᠣᠨ ᠤ ᠬᠦᠮᠥᠰ ︽ᠴᠡᠪᠡᠭ ᠮᠡᠶᠢᠷᠡᠨ ᠤ ᠮᠣᠷᠢ ᠨᠢ ᠪᠠᠶᠢᠨ᠎ᠠ ᠬᠦᠮᠥᠨ ᠨᠢ ᠠᠯᠠᠭ᠎ᠠ ᠪᠣᠯᠵᠠᠢ ᠠᠷᠯᠠᠩ ᠵᠣᠳᠪᠠ ᠳᠡᠷᠢᠭᠦᠨ ᠲᠠᠢ ᠬᠡᠳᠣᠨ ᠬᠦᠮᠥᠨ ᠡᠷᠢᠬᠦ ᠪᠠᠷ ᠶᠠᠪᠣᠭᠰᠠᠨ︾ ᠭᠡᠬᠦ ᠮᠡᠳᠣ ᠪᠠᠷ ᠰᠣᠨᠢᠨ ᠪᠣᠯᠭᠠᠨ ᠶᠠᠷᠢᠵᠠᠭᠠᠵᠣ ᠪᠠᠶᠢᠪᠠ᠃ ᠢᠩᠬᠢᠭᠡᠳ ᠳᠡᠮᠡᠢ ᠣᠳᠠᠭᠰᠠᠨ ᠦᠭᠡᠢ ᠸᠠᠩ ᠢᠷᠡᠵᠣ᠂ ᠡᠳᠡᠨᠡᠷ ᠸᠠᠩ ᠲᠠᠢ ᠠᠭᠤᠯᠵᠠᠭᠰᠠᠨ ᠳᠤ ᠱᠣᠩᠨᠣᠳᠣᠩᠳᠣᠪ ᠠᠴᠠ᠄ ︽ᠳᠠᠨᠠᠷ ᠬᠠᠭᠤᠴᠢᠨ ᠠᠵᠢᠯ ᠢᠶᠠᠨ ᠬᠢᠭᠦ ᠬᠡᠷᠡᠭᠳᠠᠢ︾ ᠭᠦᠬᠦ ᠶᠢᠨ ᠬᠠᠮᠳᠣ ᠶᠠᠮᠣᠨ ᠤ ᠰᠠᠭᠤᠳᠠᠯ ᠳᠤ ᠰᠠᠭᠤᠵᠣ ᠴᠢᠳᠠᠬᠤ ᠦᠭᠡᠢ ᠭᠡᠷ ᠲᠤ ᠡᠶᠢᠮᠣ ᠳᠡᠶᠢᠮᠣ ᠠᠷᠭ᠎ᠠ ᠦᠭᠡᠢ ᠣᠴᠢᠷ ᠲᠤ ᠭᠡᠵᠦ ᠳᠣᠰ ᠳᠣᠰ ᠴᠢᠯᠥᠭᠡ ᠬᠡᠯᠡᠵᠣ ᠡᠴᠣᠰ ᠲᠡᠭᠡᠨ ᠳᠡᠮᠣᠷ ᠢ ᠰᠠᠭᠤᠯᠭᠤᠬᠤ ᠪᠠᠷ ᠳᠣᠭᠳᠠᠭᠠᠪᠠ᠃ ᠱᠣᠩᠨᠣᠳᠣᠩᠳᠣᠪ ᠠᠴᠠ ᠰᠠᠭᠤᠳᠠᠯ ᠳᠤ ᠰᠠᠭᠤᠬᠤ ᠳᠡᠮᠦᠷ ᠲᠤ᠄ ︽ᠴᠡᠪᠡᠭ ᠠᠯᠠᠭ᠎ᠠ ᠪᠣᠯᠵᠠᠢ᠂ ᠡᠶᠢᠮᠣ ᠠᠴᠠ ᠳᠠᠩᠵᠢᠨᠵᠠᠮᠰᠣ ︵ᠴᠡᠪᠡᠭ ᠤᠨ ᠠᠬ᠎ᠠ︶ ᠶᠠᠮᠣᠨ ᠳᠡᠭᠡᠷ᠎ᠡ ᠠᠪᠴᠢᠷᠠᠪᠠ᠃ ᠲᠡᠷᠡ ᠴᠡᠪᠡᠭ ᠢ ᠮᠡᠳᠡᠬᠦ ᠶᠣᠰᠣᠳᠠᠢ᠂ ᠰᠠᠶᠢᠳᠣᠷ ᠠᠰᠠᠭᠤᠵᠣ ᠪᠠᠶᠢᠴᠠᠭᠠᠬᠤ ᠬᠡᠷᠡᠭᠳᠡᠢ︾ ᠭᠡᠰᠡᠨ ᠡᠭᠦᠷᠭᠡ ᠦᠭᠪᠡ᠃ ᠲᠡᠷᠡ ᠳᠣᠣᠷ᠎ᠠ ᠪᠠᠨ ᠳᠠᠪᠣᠭᠤᠯᠠ ᠶᠠᠮᠣᠨ ᠳᠡᠭᠡᠷ᠎ᠡ ᠢᠷᠡᠭᠰᠡᠨ ᠳᠤ ᠦᠨᠦ ᠪᠣᠷᠢᠶᠠᠳ ᠤᠨ ᠭᠡᠳᠣᠨ ᠬᠦᠮᠥᠨ ᠶᠠᠪᠣᠴᠢᠬᠠᠭᠰᠠᠨ ᠪᠠᠶᠢᠪᠠ᠃ ᠪᠢᠳᠠ ᠴᠠᠢ ᠣᠣᠭᠤᠵᠣ ᠪᠠᠶᠢᠳᠠᠯ᠎ᠠ ᠪᠠᠷᠠᠭᠤᠨ ᠡᠮᠦᠨ᠎ᠡ ᠠᠴᠠ ᠰᠣᠳᠪᠠ ︵ᠰᠣᠪᠣᠣ︶ ᠭᠡᠰᠡᠨ ᠬᠦᠮᠥᠨ ᠳᠡᠪᠬᠢᠨ ᠢᠷᠡᠭᠡᠳ ᠬᠡᠯᠡᠭᠰᠡᠨ ᠨᠢ᠄ ︽ᠴᠠᠩᠳᠣ ᠰᠦᠮ᠎ᠡ ᠠᠴᠠ ᠨᠠᠰᠢ ᠪᠠᠯᠣᠣ ᠶᠢᠨ ᠣᠯᠠᠨ ᠴᠡᠷᠢᠭ ᠨᠠᠰᠢ ᠪᠠᠨ ᠶᠠᠪᠣᠵᠣ ᠪᠠᠶᠢᠨ᠎ᠠ᠃ ︵ᠦᠨᠡᠨ ᠳᠤ ᠪᠠᠨ ᠠᠷᠪᠠᠨ ᠵᠢᠷᠭᠤᠳᠣᠭᠠᠷ ᠳ᠋ᠢᠸᠧᠢᠽᠢ ᠶᠢᠨ ᠴᠡᠷᠢᠭ ᠴᠠᠩᠳᠣ ᠣᠷᠣᠭᠤ ᠢᠷᠡᠭᠰᠡᠨ ᠶᠤᠮ᠃ ︶ ᠳᠡᠩᠵᠢᠨᠵᠠᠮᠰᠣ ᠶᠢ ᠳᠠᠯᠪᠢᠵᠣ ᠶᠠᠪᠣᠭᠤᠯ ᠭᠡᠵᠣ ᠸᠠᠩ ᠬᠡᠯᠡᠪᠡ︾ ᠭᠡᠰᠡᠨ ᠱᠣᠩᠨᠣᠳᠣᠩᠳᠣᠪ ᠤᠨ ᠴᠢᠮᠡᠭᠡ ᠶᠢ ᠣᠯᠪᠠ ᠃ ᠡᠨᠡ ᠶᠣᠰᠣᠭᠠᠷ ᠳᠠᠩᠵᠢᠨᠵᠠᠮᠰᠣ ᠶᠢ ᠳᠡᠯᠪᠢᠵᠣ ᠳᠠᠮᠳᠢᠨ᠂ ᠢᠳᠠᠮ᠂ ᠳᠣᠳᠣᠯᠠᠨ ᠨᠠᠷ ᠳᠠᠩᠵᠢᠨᠵᠠᠮᠰᠣ ᠶᠢᠨ ᠬᠠᠮᠳᠣ ᠭᠡᠷ ᠭᠡᠷ ᠲᠤ ᠪᠠᠨ ᠪᠣᠴᠠᠪᠠ᠃ ᠢᠩᠬᠢᠭᠡᠳ ᠳᠡᠮᠡᠢ ᠣᠳᠠᠭᠰᠠᠨ ᠦᠭᠡᠢ  ᠪᠠᠷ ᠱᠣᠩᠨᠣᠳᠣᠩᠳᠣᠪ᠂ ᠬᠠᠳᠣᠨ ᠳᠣᠯᠭᠠᠷ᠂ ᠢᠰᠢ᠂ ᠰᠣᠨᠣᠮ ︵ᠭᠠᠵᠠᠷᠴᠢ ᠪᠠᠷ︶ ᠳᠠᠮᠳᠢᠨ ᠵᠠᠩᠬᠢ ︵ᠡᠮᠦᠨ᠎ᠡ ᠡᠯᠡᠰᠣᠨ ᠤ︶ ᠴᠠᠩᠳᠣ ᠰᠥᠮ᠎ᠡ ᠶᠢᠨ ᠭᠤᠮᠪᠣᠨ ᠯᠠᠮᠠ᠂ ᠭᠤᠮᠪᠤ ᠵᠠᠯᠠᠨ᠂ ᠡᠭᠦᠨ ᠠᠴᠠ ᠭᠠᠳᠠᠨ᠎ᠠ ᠯᠾᠠᠵᠠᠪ ︵ᠱᠣᠩᠨᠣᠳᠣᠩᠳᠣᠪ ᠤᠨ ᠬᠦᠪᠡᠬᠦᠨ︶ ᠢ ᠳᠣᠰᠬᠠᠢ ᠬᠦᠮᠥᠨ ᠢᠶᠠᠷ ᠳᠠᠭᠤᠳᠠᠭᠤᠯᠣᠭᠰᠠᠨ ᠳᠤ ᠵᠢᠷᠭᠠᠯᠠᠩᠳᠣ ᠰᠦᠨ᠎ᠡ ᠶᠢᠨ ᠭᠤᠣᠯ ᠯᠠᠮᠠᠨᠠᠷ ᠰᠢᠳᠠᠭᠠᠨ ᠬᠡᠯᠡᠵᠣ ᠶᠠᠪᠣᠭᠤᠯᠣᠭᠰᠠᠨ ᠦᠭᠡᠢ᠃ ᠴᠠᠩᠳᠣ ᠰᠦᠮ᠎ᠡ ᠶᠢᠨ ᠬᠠᠮᠪᠤ ᠯᠠᠮ᠎ᠠ ᠳᠤ ᠬᠦᠮᠥᠨ ᠶᠠᠪᠣᠭᠤᠯᠣᠨ ᠬᠡᠯᠡᠭᠰᠡᠨ ᠳᠤ ᠲᠡᠷᠡ᠄ ︽ᠶᠠᠭᠤ ᠪᠣᠯᠣᠭᠰᠠᠨ ᠴᠦ ᠨᠣᠳᠤᠭ ᠣᠷᠣᠨ ᠠᠴᠠ ᠪᠠᠨ ᠰᠠᠯᠬᠤ ᠦᠭᠡᠢ︾ ᠭᠡᠵᠣ ᠬᠡᠯᠡᠭᠡᠳ ᠶᠠᠪᠣᠭᠰᠠᠨ ᠦᠭᠡᠢ᠃ ᠣᠷᠪᠠᠵᠣ ᠶᠠᠪᠣᠬᠤ ᠬᠦᠮᠥᠰ ᠨᠡᠶᠢᠯᠡᠯᠳᠣᠨ ᠴᠠᠩᠳᠣ ᠰᠦᠮ᠎ᠡ ᠶᠢᠨ ᠡᠮᠣᠨ᠎ᠡ ᠡᠯᠡᠰᠣᠨ ᠳᠤ ᠬᠡᠳᠣᠨ ᠬᠤᠨᠤᠭ ᠪᠣᠯᠣᠭᠰᠠᠨ ᠤ ᠳᠠᠷᠠᠭ᠎ᠠ ᠳᠣᠯᠣᠨ ᠨᠣᠣᠷ ᠲᠤ ᠭᠦᠷᠦᠭᠡᠳ ᠱᠣᠩᠨᠣᠳᠣᠩᠳᠣᠪ ᠳᠣᠯᠭᠠᠷ ᠭᠤᠮᠪᠣᠨ ᠯᠠᠮᠠ᠂ ᠵᠠᠯᠠᠨ ᠭᠤᠮᠪᠤ ᠲᠦᠷᠪᠡᠭᠦᠯᠡ ᠵᠠᠩ ᠵᠢᠶᠠ ᠺᠧᠣ ᠬᠤᠳᠠᠨ᠎ᠠ ᠣᠴᠢᠪᠠ᠂ ᠱᠣᠩᠨᠣᠳᠣᠩᠳᠣᠪ ᠡᠬᠡᠨᠡᠷ  ᠲᠠᠢ ᠪᠠᠨ ᠠᠳᠠ ᠢᠯᠡᠭᠦᠣ ᠪᠣᠯᠵᠣ᠂ 1948 ᠣᠨ ᠤ ᠵᠣᠨ ᠤ ᠦᠶ᠎ᠡ ᠪᠠᠷ ᠵᠠᠩ ᠵᠢᠶ᠎ᠠ ᠺᠧᠣ ᠴᠢᠯᠥᠭᠡᠯᠡᠭᠳᠡᠬᠦ ᠪᠣᠯᠣᠭᠰᠠᠨ ᠳᠤ ᠳᠣᠳᠠᠭᠠᠨ ᠶᠠᠪᠣᠵᠣ ᠪᠡᠭᠡᠵᠢᠩ ᠳᠤ ᠭᠦᠷᠦᠭᠡᠳ ᠲᠡᠮᠴᠦᠭᠳᠣᠩᠷᠣᠪ ᠲᠠᠢ ᠠᠭᠤᠯᠵᠠᠵᠣ ᠳᠡᠭᠦᠨ ᠲᠠᠢ ᠬᠠᠮᠳᠣ ᠨᠢᠬᠡ ᠳᠣᠣᠷ᠎ᠠ ᠰᠠᠭᠤᠵᠠᠭᠠᠨ ᠡᠪᠦᠯᠵᠢᠪᠡ᠃              1949 ᠣᠨ ᠳᠤ ᠪᠡᠭᠡᠵᠢᠩ ᠬᠤᠳᠠ ᠴᠢᠯᠥᠭᠡᠯᠡᠭᠳᠡᠬᠦ ᠪᠣᠯᠣᠭᠰᠠᠨ ᠳᠣᠯᠠ ᠪᠠᠰᠠ ᠳᠡᠨᠳᠡ ᠠᠴᠠ ᠪᠠᠨ ᠪᠠᠷᠠᠭᠤᠨ ᠰᠦᠨᠢᠳ ᠤᠨ ᠠᠯᠳᠠᠨᠸᠠᠴᠢᠷ ᠳᠣᠰᠠᠯᠠᠭᠭ᠍ᠴᠢ ᠡᠬᠡᠨᠡᠷ ᠲᠠᠢ᠂ ᠳᠣᠮᠳᠠ ᠭᠦᠩ ᠡᠬᠡᠨᠡᠷ ᠲᠠᠢ ᠂ ᠳᠠᠷᠬᠠᠨ ᠪᠠᠶᠢᠯᠡ ᠶᠢᠨ ᠰᠥᠩ ᠰᠧ ᠯᠢᠨ ᠲᠦᠷᠪᠡᠭᠦᠯᠡ᠂ ᠴᠠᠬᠠᠷ ᠤᠨ ᠪᠣᠣ ᠮᠢᠩ ᠵᠢᠶᠠᠩ ᠠᠮᠪᠠᠨ ᠳᠡᠪᠣᠭᠤᠯᠠ ᠨᠡᠶᠢᠯᠡᠯᠳᠣᠨ ᠳᠣᠮᠳᠠ ᠭᠦᠩ ᠤᠨ ᠳᠠᠷᠬᠠᠨ ᠪᠠᠶᠢᠯᠡ ᠶᠢᠨ ᠠᠴᠠ ᠪᠠᠷᠠᠭᠤᠨ ᠡᠮᠦᠨᠡᠬᠢ ᠶᠡᠭᠡ ᠬᠤᠳᠠᠨ ᠳᠤ ︵ᠨᠡᠷ᠎ᠡ ᠶᠢ ᠨᠢ ᠮᠡᠳᠡᠬᠦ ᠦᠭᠡᠢ︶ ᠣᠴᠢᠵᠣ ᠨᠢᠭᠡ ᠬᠤᠭᠤᠴᠠᠭ᠎ᠠ ᠪᠣᠯᠣᠭᠰᠠᠨ ᠤ ᠳᠠᠷᠠᠭ᠎ᠠ ᠠᠳᠡᠬᠢ ᠪᠠᠰ᠊ ᠴᠢᠯᠥᠭᠡᠯᠡᠭᠳᠡᠬᠦ ᠪᠣᠯᠣᠭᠰᠠᠨ ᠳᠣᠯᠠ ᠵᠠᠮ ᠮᠣᠬᠤᠷᠳᠠᠵᠣ 1949 ᠣᠨ ᠤ ᠪᠢᠯᠢᠭ ᠤᠨ ᠣᠯᠠᠷᠢᠯ ᠤᠨ ᠰᠡᠬᠦᠯ ᠤᠨ ᠶᠢᠰᠣᠨ ᠰᠠᠷ᠎ᠠ ᠳᠤ ᠮᠣᠩᠭᠤᠯ ᠣᠯᠣᠰ ᠤᠨ ᠳᠣᠷᠣᠨ᠎ᠠ — ᠭᠤᠪᠢ ᠬᠡᠮᠡᠬᠦ ᠶᠡᠭᠡ ᠭᠤᠪᠢ ᠶᠢᠨ ᠡᠮᠣᠨ᠎ᠡ ᠵᠠᠬ᠎ᠠ ᠪᠠᠷ ᠱᠣᠩᠨᠣᠳᠣᠩᠳᠣᠪ ᠵᠡᠷᠭᠡ ᠬᠡᠳᠦᠨ ᠭᠤᠣᠯ ᠬᠦᠮᠥᠰ ᠡᠬᠡᠨᠡᠷ ᠢᠶᠠᠨ ᠳᠠᠭᠠᠭᠤᠯᠣᠨ ᠳᠡᠷᠭᠡ ᠬᠦᠰᠭᠡ ᠪᠠᠨ ᠣᠷᠬᠢᠵᠣ ᠮᠣᠩᠭᠤᠯ ᠤᠨ ᠬᠢᠯᠢ ᠶᠢ ᠳᠠᠪᠠᠵᠣ ᠮᠣᠩᠭᠤᠯ ᠤᠨ ᠴᠡᠷᠢᠭ ᠲᠤ ᠪᠠᠷᠢᠭᠳᠠᠪᠠ᠃ ᠬᠢᠯᠢ ᠳᠡᠭᠡᠷ᠎ᠡ ᠠᠴᠠ ᠳᠠᠭᠠᠯᠳᠠ ᠪᠣᠯᠬᠤ ᠭᠦᠮᠥᠰ ᠢ ︽ᠣᠷᠣᠨ ᠨᠣᠳᠤᠭ ᠲᠠᠭᠠᠨ ᠪᠣᠴᠠᠬᠤ ᠭᠡᠷᠡᠭᠳᠠᠢ︾ ᠭᠡᠵᠣ ᠢᠳᠬᠠᠨ ᠶᠠᠪᠣᠭᠤᠯᠣᠭᠠᠳ᠂ ᠪᠠᠷᠢᠪᠴᠢᠯᠠᠭᠰᠠᠨ ᠱᠣᠩᠨᠣᠳᠣᠩᠳᠣᠪ ᠮᠡᠳᠣ ᠶᠢᠨ ᠭᠤᠣᠯ ᠬᠦᠮᠥᠰ ᠢ ᠡᠬᠡᠨᠡᠷ ᠲᠠᠢ ᠨᠢ ᠨᠢᠳᠣ ᠶᠢ ᠨᠢ ᠪᠦᠰ ᠢᠶᠠᠷ ᠳᠡᠷᠣᠵᠣ ᠣᠶᠠᠭᠠᠳ ᠮᠠᠰᠢᠨ ᠢᠶᠠᠷ ᠣᠯᠠᠭᠠᠨᠪᠠᠭᠠᠳᠣᠷ ᠬᠤᠳᠠᠨ᠎ᠠ ᠠᠪᠠᠴᠢᠵᠣ ᠡᠬᠦᠳᠣᠨ ᠳᠡᠭᠡᠨ ᠬᠠᠷᠠᠭᠤᠯ ᠲᠠᠢ ᠳᠣᠮᠣ ᠭᠦᠷᠢᠶᠡᠨ ᠳᠤ ᠣᠷᠣᠭᠤᠯᠣᠨ ᠱᠣᠩᠨᠣᠳᠣᠩᠳᠣᠪ ᠢ ᠡᠬᠡᠨᠡᠷ ᠲᠠᠢ ᠨᠢ ᠭᠤᠷᠪᠠᠨ ᠵᠠᠩ ᠬᠠᠭᠠᠰ ᠬᠢᠷᠢ ᠲᠠᠢ ᠪᠠᠶᠢᠰᠢᠩ ᠳᠤ ᠰᠠᠭᠤᠯᠭᠤᠨ ︽ᠳᠣᠷ᠎ᠠ ᠪᠠᠷ ᠢᠶᠠᠨ ᠬᠦᠷᠢᠶᠠᠨ ᠠᠴᠠ ᠭᠠᠳᠠᠭᠰᠢ ᠭᠠᠷᠴᠣ ᠪᠣᠯᠬᠤ ᠦᠭᠡᠢ︾ ᠭᠡᠵᠣ ᠬᠡᠯᠡᠭᠡᠳ ᠮᠠᠷᠭᠠᠰᠢ  ᠨᠢ ᠬᠤᠶᠡᠷ ᠡᠮᠡᠭᠳᠡᠢ᠂ ᠬᠤᠶᠠᠷ ᠡᠷᠡᠭᠳᠡᠢ ᠢᠷᠡᠵᠣ ᠪᠡᠶ᠎ᠡ ᠪᠣᠯᠣᠨ ᠠᠪᠴᠣ ᠶᠠᠪᠣᠭ᠎ᠠ ᠡᠳ᠋ᠯᠡᠯ ᠰᠠᠪᠠ ᠵᠡᠷᠭᠡ ᠶᠢ ᠪᠠᠶᠢᠴᠠᠭᠠᠪᠠ᠃ ᠡᠨᠡ ᠦᠶ᠎ᠡ ᠳᠤ ᠳᠣᠯᠭᠠᠷ ᠪᠠᠶ᠎ᠡ ᠳᠠᠪᠬᠤᠷ ᠲᠦᠷᠦᠭᠦ ᠣᠶᠢᠷᠠᠳᠣᠭᠰᠠᠨ ᠳᠣᠯᠠ ᠳᠠᠭᠤᠳᠠᠨ ᠠᠪᠠᠴᠢᠵᠣ ᠠᠰᠠᠭᠤᠳᠠᠭ ᠦᠭᠡᠢ᠂ ᠬᠠᠶᠠ ᠱᠣᠩᠨᠣᠳᠣᠩᠳᠣᠪ ᠢ ᠠᠪᠠᠴᠢᠵᠣ ᠠᠰᠠᠭᠤᠨ ᠪᠣᠴᠠᠭᠠᠳᠠᠭ ᠪᠠᠶᠢᠵᠠᠢ᠃ ᠢᠩᠬᠢᠭᠡᠳ 20 ᠭᠠᠷᠦᠢ ᠬᠤᠨᠣᠭᠰᠠᠨ ᠤ ᠳᠠᠷᠠᠭ᠎ᠠ ᠳᠣᠯᠭᠠᠷ ᠲᠦᠷᠦᠵᠣ ᠰᠠᠷ᠎ᠠ ᠳᠤ ᠰᠠᠭᠤᠭᠠᠳ 40 ᠭᠠᠷᠦᠢ ᠬᠤᠨᠤᠭ ᠪᠣᠯᠬᠤ ᠳᠤ ᠱᠣᠩᠨᠣᠳᠣᠩᠳᠣᠪ ᠢ ᠳᠣᠭᠤᠳᠠᠨ ᠠᠪᠠᠴᠢᠵᠣ ᠨᠡᠯᠢᠶᠡᠳ ᠣᠳᠠᠭᠰᠠᠨ ᠤ ᠳᠠᠷᠠᠭ᠎ᠠ ᠳᠣᠳᠣᠭᠠᠳᠣ ᠶᠢ ᠬᠠᠮᠠᠭᠠᠯᠠᠬᠤ ᠭᠠᠵᠠᠷ  ᠤᠨ ᠳᠠᠪᠤ ᠵᠢᠷᠭᠤᠭᠠᠨ ᠬᠦᠮᠥᠨ ᠢᠷᠡᠵᠣ ︽ᠱᠣᠩᠨᠣᠳᠣᠩᠳᠣᠪ ᠪᠣᠯ ᠣᠯᠣᠰ ᠠᠴᠠ ᠪᠠᠨ ᠣᠷᠪᠠᠭᠰᠠᠨ ᠳᠣᠯᠠ ᠪᠢᠳᠡ ᠬᠠᠣᠯᠢ ᠶᠣᠰᠣᠭᠠᠷ ᠪᠠᠷᠢᠪᠴᠢᠯᠠᠪᠠ︾ ᠭᠡᠵᠣ ᠬᠡᠯᠡᠭᠡᠳ ᠳᠣᠯᠭᠠᠷ ᠤᠨ ᠪᠡᠶ᠎ᠡ ᠪᠣᠯᠣᠨ ᠡᠳ᠋ᠯᠡᠯ ᠬᠡᠷᠡᠭᠰᠡᠯ ᠢ ᠳᠡᠬᠢᠨᠳᠠ ᠨᠠᠩᠵᠢᠵᠣ ᠪᠠᠶᠢᠴᠠᠭᠠᠭᠠᠳ ᠮᠠᠰᠢᠨ ᠳᠤ ᠰᠠᠭᠤᠯᠭᠠᠨ ᠬᠤᠳᠠᠨ ᠳᠣᠳᠣᠷ᠎ᠠ ᠨᠢᠬᠡᠨ ᠪᠠᠶᠢᠭᠤᠯᠭ᠎ᠠ ᠶᠢᠨ ᠭᠠᠵᠠᠷ ᠰᠠᠷ᠎ᠠ ᠬᠢᠷᠢ ᠲᠠᠢ ᠰᠣᠯᠠ ᠰᠢᠭ ᠪᠠᠶᠢᠯᠭᠠᠵᠣ ᠳᠠᠬᠢᠨ ᠠᠷᠣ — ᠬᠠᠩᠭᠠᠢ ᠠᠶᠢᠮᠠᠭ ᠤᠨ ᠴᠡᠴᠡᠷᠯᠢᠭ ᠬᠤᠳᠠᠨ᠎ᠠ ᠳᠣᠷᠵᠢ᠂ ᠭᠤᠩᠴᠤᠭ ᠭᠡᠳᠡᠭ ᠬᠤᠶᠠᠷ ᠠᠶᠢᠯ ᠳᠤ ᠣᠷᠢᠳ ᠬᠤᠵᠢᠳ ᠰᠣᠭᠤᠨ ᠠᠡᠰᠠᠷ ᠠᠵᠢᠯ ᠢ ᠨᠢ ᠬᠠᠪᠰᠣᠷᠴᠣ ᠬᠢᠯᠴᠡᠨ ᠳᠠᠷᠠᠭ᠎ᠠ ᠨᠢ ᠡᠮᠴᠢ ᠶᠢᠨ ᠬᠤᠷᠢᠶᠠᠨ ᠤ ᠴᠡᠪᠡᠷᠯᠡᠭᠴᠢ ᠵᠡᠷᠭᠡ ᠠᠵᠢᠯ ᠢ ᠬᠢᠬᠦ ᠪᠠᠷ ᠳᠠᠮᠵᠢᠨ ᠦᠢᠯᠡᠳᠪᠦᠷᠢᠴᠢᠨ ᠤ ᠬᠡᠰᠢᠭᠦᠨ ᠭᠡᠳᠡᠭ ᠰᠠᠷ᠎ᠠ ᠶᠢᠨ 130 ᠳᠦᠭᠦᠷᠢᠭ ᠤᠨ ᠴᠠᠯᠢᠩ ᠲᠠᠢ ᠠᠵᠢᠯᠴᠢᠨ ᠪᠣᠯᠣᠭᠠᠳ 1950 ᠣᠨ ᠤ 8 ᠰᠠᠷ᠎ᠠ ᠳᠤ ᠦᠪᠡᠷᠤᠨ ᠭᠤᠶᠣᠴᠢᠯᠠᠯ ᠢᠶᠠᠷ ᠡᠬᠡ ᠣᠯᠣᠰ ᠲᠤ ᠪᠣᠴᠠᠵᠣ ᠢᠷᠡᠪᠠ᠃               ᠱᠣᠩᠨᠣᠳᠣᠩᠳᠣᠪ 1950 ᠣᠨ ᠤ ᠨᠠᠮᠣᠷ ᠤᠨ ᠡᠬᠢᠨ ᠳᠤ ᠡᠬᠡ ᠣᠯᠣᠰ ᠲᠤ ᠪᠠᠨ ᠭᠦᠷᠭᠡᠭᠳᠡᠨ ᠢᠷᠡᠭᠡᠳ ᠳᠠᠶᠢᠨ ᠤ ᠶᠠᠯᠠᠳᠠᠨ ᠢᠶᠠᠷ ᠳᠣᠭᠳᠠᠭᠠᠭᠳᠠᠨ ᠬᠠᠣᠯᠢ ᠶᠢᠨ ᠬᠠᠮᠢᠶᠠᠷᠣᠯᠳᠡ ᠶᠢ ᠬᠦᠯᠢᠶᠡᠵᠣ 1950 ᠣᠨ ᠤ ᠨᠠᠮᠣᠷ ᠠᠷᠠᠳ ᠤᠨ ᠲᠦᠪ ᠵᠠᠰᠠᠭ ᠤᠨ ᠭᠠᠵᠠᠷ ᠠᠴᠠ ᠬᠡᠰᠡᠭ ᠳᠠᠶᠢᠨ ᠤ ᠶᠠᠯᠡᠳᠠᠨ ᠳᠤ ᠦᠷᠦᠰᠢᠶᠠᠯ ᠦᠵᠡᠭᠦᠯᠬᠦ ᠳᠤ ᠱᠣᠩᠨᠣᠳᠣᠩᠳᠣᠪ ᠳᠣᠳᠣᠷ᠎ᠠ ᠨᠢ ᠪᠠᠶᠢᠵᠣ᠂ ᠦᠷᠦᠰᠢᠶᠡᠯ ᠬᠦᠷᠳᠡᠵᠣ ᠰᠣᠯᠠᠯᠠᠭᠳᠠᠪᠠ᠃ ᠢᠩᠭᠢᠭᠡᠳ ᠵᠣᠬᠢᠶᠠᠨ ᠪᠠᠶᠢᠭᠤᠯᠣᠯᠳᠠ ᠡ ᠪᠣᠭᠤᠳᠣ᠂ ᠬᠦᠬᠡᠬᠤᠳᠠ ᠵᠡᠷᠭᠡ ᠭᠠᠵᠠᠷ ᠤᠳ ᠢᠶᠠᠷ ᠳᠣᠭᠤᠷᠢᠨ ᠦᠵᠡᠭᠦᠯᠵᠣ ᠴᠢᠯᠥᠭᠡᠯᠡᠭᠳᠡᠭᠰᠡᠨ  ᠠᠴᠠ ᠨᠠᠰᠢᠬᠢ ᠣᠯᠣᠰ᠂ ᠣᠷᠣᠨ ᠤ ᠬᠦᠭᠵᠢᠯ ᠤᠨ ᠪᠠᠶᠢᠳᠠᠯ ᠢ ᠮᠡᠳᠡᠭᠦᠯᠥᠭᠰᠡᠨ ᠢᠶᠠᠷ ᠪᠠᠷᠠᠬᠤ ᠦᠭᠡᠢ ᠱᠣᠩᠨᠣᠳᠣᠩᠳᠣᠪ ᠤᠨ ᠠᠪᠢᠶᠠᠰ ᠴᠢᠳᠠᠪᠣᠷᠢ ᠶᠢ ᠦᠨᠳᠣᠰᠦᠯᠡᠨ ᠰᠢᠯᠢ ᠶᠢᠨ ᠬᠤᠳᠠ ᠳᠤ ᠵᠣᠬᠢᠰᠳᠠᠢ ᠠᠵᠢᠯ ᠳᠤ ᠳᠣᠬᠢᠷᠠᠭᠤᠯᠣᠨ ᠪᠠᠶᠢᠷᠢᠯᠠᠭᠤᠯᠪᠠ᠃ 1966 ᠣᠨ ᠳᠤ ᠡᠬᠢᠯᠡᠭᠰᠡᠨ ︽ᠰᠣᠶᠣᠯ ᠤᠨ ᠶᠡᠭᠡ ᠬᠤᠪᠢᠰᠬᠠᠯ︾ ᠤᠨ ᠠᠷᠪᠠᠨ ᠵᠢᠯ ᠤᠨ ᠰᠠᠮᠠᠭᠤᠷᠠᠯ  ᠤᠨ ᠦᠶ᠎ᠡ ᠳᠤ ᠠᠪᠠᠭ᠎ᠠ ᠬᠤᠰᠢᠭᠤᠨ ᠤ ᠪᠣᠭᠳᠠ ᠠᠭᠤᠯᠠ ᠨᠢᠬᠡᠳᠦᠯ ︵ᠣᠳᠣ ᠰᠣᠮᠣ ᠪᠣᠯᠵᠠᠢ︶ ᠠᠴᠠ 1968 ᠣᠨ ᠤ ᠬᠠᠪᠣᠷ ᠱᠣᠩᠨᠣᠳᠣᠩᠳᠣᠪ ᠢ ᠠᠪᠴᠢᠷᠠᠨ ᠬᠠᠷ᠎ᠠ ᠭᠡᠷ ᠲᠤ ᠬᠤᠷᠢᠭᠰᠡᠨ ᠤ ︵ᠬᠠᠣᠯᠢ ᠪᠠᠷ ᠪᠠᠷᠢᠪᠴᠢᠯᠠᠭᠰᠠᠨ ᠪᠢᠰᠢ︶ ᠬᠠᠮᠳᠣ ᠪᠠᠰᠠ ᠳᠡᠭᠦᠨ ᠢ ᠬᠤᠰᠢᠭᠤ ᠰᠣᠮᠣ ᠬᠤᠶᠡᠷ ᠱᠠᠳᠣᠨ ᠳᠤ ᠳᠡᠮᠡᠴᠡᠪᠡ᠃ ᠡᠭᠦᠨᠳᠣ ᠬᠠᠷᠭᠢᠰ ᠸᠠᠩ᠂ ᠳᠠᠶᠢᠨ ᠤ ᠶᠠᠯᠠᠳᠠᠨ ᠳᠤ ᠦᠷᠦᠰᠢᠶᠡᠯ ᠦᠵᠡᠭᠦᠯᠦᠭᠰᠡᠨ ᠯᠢᠣ ᠱᠣᠣ ᠴᠢ ᠶᠢ ᠪᠣᠷᠣᠭᠤᠰᠢᠶᠠᠨ ᠰᠢᠭᠦᠮᠵᠢᠯᠡᠵᠣ ᠱᠣᠩᠨᠣᠳᠣᠩᠳᠣᠪ ᠪᠠᠷ ᠠᠮᠢᠳᠣ ᠫᠠᠢ ᠪᠣᠯᠭᠠᠨ ᠦᠩᠭᠡᠷᠡᠭᠰᠡᠨ ᠳᠤ ᠸᠠᠩ ᠰᠠᠭᠤᠵᠣ ᠠᠷᠠᠳ ᠲᠦᠮᠡᠨ ᠢ ᠳᠠᠷᠣᠯᠠᠵᠣ ᠮᠦᠯᠵᠢᠭᠰᠡᠨ᠂ ᠬᠤᠪᠢᠰᠬᠠᠯ ᠤᠨ ᠴᠠᠭ ᠦᠶ᠎ᠡ ᠳᠤ ᠣᠷᠪᠠᠵᠣ ᠳᠠᠶᠢᠨ ᠤ ᠶᠠᠯᠠᠳᠠᠨ ᠪᠣᠯᠣᠭᠰᠠᠨ ᠵᠡᠷᠭᠡ ᠳᠡᠥᠬᠡ ᠶᠢᠨ ᠠᠰᠠᠭᠤᠳᠠᠯ ᠳᠡᠭᠡᠷ᠎ᠡ ︽ᠬᠤᠪᠢᠰᠬᠠᠯ ᠤᠨ ᠡᠰᠡᠷᠭᠦᠣ ᠪᠦᠯᠥᠭ ᠢ ᠵᠣᠬᠢᠶᠠᠨ ᠪᠠᠶᠢᠭᠤᠯᠣᠭᠰᠠᠨ︾ ᠰᠢᠨ᠎ᠡ ᠶᠠᠯ᠎ᠠ ᠳᠣᠯᠭᠠᠨ ᠰᠦᠷᠡᠬᠡᠢ ᠡᠷᠡᠭᠦᠣ ᠳᠠᠮᠣᠯᠠᠯ ᠢ ᠦᠵᠡᠭᠦᠯᠥᠭᠰᠡᠨ ᠠᠴᠠ ᠣᠯᠠᠨ ᠬᠦᠮᠥᠨ ᠢ ᠬᠤᠳᠠᠯ ᠢᠶᠠᠷ ᠳᠣᠰᠢᠶᠠᠯᠭᠠᠵᠣ᠂ ᠡᠨᠡᠬᠦ ᠦᠴᠢᠭ ᠢᠶᠠᠷ ᠬᠡᠰᠡᠭ ᠭᠦᠮᠥᠨ ᠢ ᠪᠠᠷᠢᠪᠴᠢᠯᠠᠨ ᠪᠠᠰᠠ ᠨᠢᠭᠡ ᠪᠦᠯᠥᠭ ᠬᠦᠮᠥᠰ ᠢ ᠰᠡᠵᠢᠭ ᠤᠨ ᠬᠦᠷᠢᠶᠡᠨ ᠳᠤ ᠣᠷᠣᠭᠤᠯᠪᠠ᠃ 1969 ᠣᠨ ᠳᠤ ᠱᠣᠩᠨᠣᠳᠣᠩᠳᠣᠪ ᠡᠷᠡᠭᠦᠣ ᠳᠠᠮᠣᠯᠠᠯ ᠤᠨ ᠬᠤᠣᠷ᠂ ᠡᠪᠡᠳᠴᠢᠨ ᠤ ᠰᠢᠯᠳᠠᠭᠠᠨ ᠳᠠᠪᠬᠤᠷᠯᠠᠵᠣ ᠪᠡᠶ᠎ᠡ ᠪᠠᠷᠠᠵᠠᠢ᠃              ᠨᠠᠮ ᠤᠨ ᠠᠷᠪᠡᠨ ᠨᠢᠭᠡᠳᠦᠭᠡᠷ ᠬᠤᠭᠤᠴᠠᠭᠠᠨ ᠤ ᠭᠤᠷᠪᠠᠳᠣᠭᠠᠷ ᠪᠦᠭᠦᠳᠡ ᠬᠤᠷᠠᠯ  ᠠᠴᠠ ᠨᠠᠰᠢ ᠠᠶᠢᠮᠠᠭ ᠤᠨ ᠨᠠᠮ᠂ ᠵᠠᠰᠠᠭ ᠠᠴᠠ ᠱᠣᠩᠨᠣᠳᠣᠩᠳᠣᠪ ᠤᠨ ᠬᠢᠯᠢᠰ ᠬᠡᠷᠡᠭ ᠢ ᠤ ᠴᠠᠭᠠᠳᠬᠠᠵᠣ ᠭᠡᠷ ᠪᠦᠯᠢ  ᠳᠤ ᠨᠢ 1700 ᠲᠦᠭᠦᠷᠢᠭ ᠤᠨ ᠳᠡᠳᠬᠦᠮᠵᠢ ᠣᠯᠭᠤᠨ ᠦᠷ᠎ᠡ ᠭᠡᠣᠭᠡᠳ ᠤᠨ ᠨᠢᠭᠡᠨ ᠳᠤ ᠨᠢ ᠣᠷᠣᠨ ᠳᠤᠭ᠎ᠠ ᠦᠭᠴᠦ ᠪᠠᠶᠢᠷᠢᠯᠠᠭᠤᠯᠪᠠ᠃                                          1988 ᠣᠨ ᠤ 3 ᠰᠠᠷ᠎ᠠ ᠳᠤ
 
ᠢᠷᠡᠯᠲᠡ᠄ ᠲᠣᠲᠣᠷᠬᠠᠢ ᠦᠭᠡᠢ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号