ᠮᠤᠩᠭᠤᠯ ᠦᠨᠳᠦᠰᠦᠳᠡᠨ ᠤ ᠤᠷᠴᠢᠨ ᠦᠶ᠎ᠡ ᠶᠢᠨ ᠰᠤᠷᠭᠠᠨ ᠬᠦᠮᠦᠵᠢᠯ ᠤᠨ ᠵᠢᠳᠬᠦᠯᠳᠡᠳ ᠤᠨ | ᠨᠢᠭᠡ ᠪᠤᠯᠬᠤ ᠨᠧᠴᠢᠨ ᠠᠪᠤᠭᠠᠢ ᠪᠤᠯ ᠠᠪᠠᠭ᠋ᠠᠨᠠᠷ ᠵᠠᠭᠦᠨ ᠭᠠᠷᠤᠨ ᠬᠤᠰᠢᠭᠤᠨ ᠤ ᠬᠦᠮᠦᠨ ᠶᠤᠮ᠃ ᠲᠡᠷᠡ ᠪᠠᠷ | ᠪᠠᠳᠠᠷᠠᠭᠤᠯᠳᠤ ᠲᠦᠷᠦ ᠶᠢᠨ ᠭᠤᠴᠢᠨ ᠭᠤᠷᠪᠠᠳᠤᠭᠠᠷ ᠤᠨ ᠤ ᠤᠯᠠᠭᠴᠢᠨ ᠬᠤᠨᠢᠨ ᠵᠢᠯ ︵1907︶ ᠴᠡᠪᠡᠭᠳᠦ | ᠵᠠᠬᠢᠷᠤᠭᠴᠢ ᠶᠢᠨ ᠳᠤ ᠲᠦᠷᠦᠵᠤ᠂ ᠪᠠᠭ᠎ᠠ ᠨᠠᠰᠤᠨ ᠠᠴᠠ ᠪᠠᠨ ᠭᠡᠷ ᠤᠨ ᠰᠤᠷᠭᠠᠭᠤᠯᠢ ᠲᠠᠭᠠᠵᠤ ᠱᠠᠸᠠᠷᠢ ᠵᠠᠬᠢᠷᠤᠭᠴᠢ | ᠳᠤ ᠱᠠᠪᠢᠯᠠᠪᠠ᠃ ᠨᠧᠴᠢᠨ᠂ ᠮᠤᠩᠭᠤᠯ ᠪᠢᠴᠢᠭ ᠢ ᠤᠨᠴᠠᠭᠠᠢ ᠰᠠᠶᠢᠨ ᠰᠤᠷᠴᠦ᠂ ᠰᠠᠶᠢᠬᠠᠨ ᠪᠢᠴᠢᠳᠡᠭ | ᠪᠠᠶᠢᠭᠰᠠᠨ ᠠᠴᠠ ᠬᠤᠰᠢᠭᠤ ᠶᠠᠮᠤᠨ ᠤ ᠰᠤᠷᠬᠤ ᠪᠢᠴᠢᠭᠡᠴᠢ᠂ ᠵᠢᠩᠬᠢᠨᠢ ᠪᠢᠴᠢᠭᠡᠴᠢ ᠶᠢᠨ ᠠᠯᠪᠠ ᠶᠢ ᠤᠯᠠᠨ ᠵᠢᠯ | ᠬᠠᠭᠠᠵᠤ᠂ ᠲᠡᠭᠦᠨ ᠢ ᠦᠰᠦᠨ ᠪᠢᠷ ᠤᠨ ᠪᠢᠴᠢᠯᠭᠡ ᠨᠢ ᠭᠤᠶᠢᠳᠠ ᠰᠠᠶᠢᠬᠠᠨ ᠭᠡᠯᠪᠡᠷᠢ ᠲᠠᠢ ᠮᠦᠷᠳᠡᠭᠡᠨ ᠲᠠᠰᠢᠶ᠎ᠠ | ᠪᠤᠷᠤᠭᠤ ᠪᠢᠴᠢᠳᠡᠭ ᠦᠭᠡᠢ᠂ ᠪᠢᠴᠢᠭ ᠤᠨ ᠨᠤᠤᠷᠠᠭ ᠢ ᠤᠨᠴᠠ ᠰᠠᠶᠢᠬᠠᠨ ᠵᠤᠬᠢᠶᠠᠨ ᠨᠠᠶᠢᠷᠠᠭᠤᠯᠳᠠᠭ ᠢᠶᠠᠷ ᠢᠶᠠᠨ | ᠲᠡᠭᠡᠲᠦ ᠵᠡᠷᠬᠡ ᠶᠢᠨ ᠪᠢᠴᠢᠭᠡᠴᠢ ᠬᠡᠮᠡᠨ ᠴᠤᠤ ᠮᠠᠨᠳᠤᠵᠤ᠂ ᠬᠤᠵᠢᠮ ᠨᠢ ᠲᠡᠷᠡ ᠬᠤᠰᠢᠭᠤ ᠵᠠᠯᠠᠨ᠂ ᠮᠠᠶᠢᠷᠠᠨ ᠤ | ᠲᠤᠰᠢᠶᠠᠯ ᠳᠤ ᠲᠡᠪᠰᠢᠭᠰᠡᠨ ᠪᠦᠭᠡᠳ ᠰᠢᠯᠢ ᠶᠢᠨ ᠭᠤᠤᠯ ᠴᠢᠭᠤᠯᠭᠠᠨ ᠲᠠᠶᠠᠭᠠᠷ ᠲᠤ ︽ᠨᠧᠴᠢᠨ ᠵᠠᠯᠠᠨ︾ ᠬᠡᠵᠤ | ᠠᠯᠳᠠᠷᠰᠢᠵᠠᠢ᠃ ① ᠨᠧᠴᠢᠨ ᠠᠪᠦᠭᠠᠢ᠂ ᠵᠠᠯᠠᠭᠤ ᠽᠠᠨᠳᠠᠨ ᠨᠠᠰᠣᠨ ᠠᠴᠠ ᠪᠠᠨ ᠦᠪᠡᠷ ᠤᠨ ᠠᠮᠢᠳᠤᠷᠠᠯ ᠪᠤᠯᠤᠨ | ᠬᠤᠪᠢ ᠵᠠᠶᠠᠭ᠎ᠠ ᠪᠠᠨ ᠮᠤᠩᠭᠤᠯ ᠦᠨᠳᠤᠰᠦᠳᠡᠨ ᠤ ᠰᠤᠶᠤᠯ ᠪᠤᠯᠪᠠᠰᠤᠷᠠᠯ ᠤᠨ ᠦᠢᠯᠡᠰ ᠲᠤ ᠬᠤᠯᠪᠤᠵᠤ᠂ ᠨᠠᠰᠤᠨ | ᠲᠤᠷᠰᠢ ᠵᠢᠳᠬᠦᠵᠤ ᠶᠠᠪᠤᠵᠠᠢ᠃ | ᠨᠧᠴᠢᠨ᠂ 1943 — 1945 ᠤᠨ ᠳᠤ ᠠᠪᠠᠭ᠋ᠠᠨᠠᠷ ᠵᠡᠭᠦᠨ ᠭᠠᠷᠤᠨ ᠬᠤᠰᠢᠭᠤᠨ ᠤ | ᠦᠬᠢᠳ ᠤᠨ ᠰᠤᠷᠭᠠᠭᠤᠯᠢ ᠶᠢᠨ ᠵᠠᠬᠢᠷᠤᠯ ᠪᠠᠶᠢᠵᠤ᠂ 1946 ᠤᠨ ᠳᠤ ᠲᠤᠰ ᠬᠤᠰᠢᠭᠤᠨ ᠤ ᠠᠷᠠᠳᠴᠢᠯᠠᠭᠰᠠᠨ | ᠵᠠᠰᠠᠭ ᠤᠨ ᠤᠷᠳᠤᠨ ᠤ ᠠᠩᠬᠠᠳᠤᠭᠴᠢ ᠬᠤᠰᠢᠭᠤ ᠲᠠᠷᠤᠭ᠎ᠠ ᠪᠠᠷ ᠰᠤᠩᠭᠤᠭᠳᠠᠪᠠ᠃ 1947 ᠤᠨ ᠳᠤ | ᠤᠯᠠᠭᠠᠨᠬᠤᠳᠠ ᠬᠤᠳᠠ ᠳᠠᠬᠢ ᠦᠪᠦᠷ ᠮᠤᠩᠭᠤᠯ ᠤᠨ ᠵᠠᠰᠠᠭ ᠤᠨ ᠤᠷᠳᠤᠨ ᠳᠤ ᠠᠵᠢᠯᠯᠠᠵᠤ᠂ 1948 ᠤᠨ ᠳᠤ | ᠰᠢᠯᠢ ᠶᠢᠨ ᠭᠤᠤᠯ ᠠᠶᠢᠮᠠᠭ ᠤᠨ ᠵᠠᠰᠠᠭ ᠤᠨ ᠤᠷᠳᠤᠨ ᠳᠤ ᠠᠵᠢᠯᠯᠠᠪᠠ᠃ 1949 ᠤᠨ ᠳᠤ ᠠᠪᠠᠭ᠎ᠠ | ᠬᠤᠰᠢᠭᠤᠨ ᠤ ᠮᠢᠩᠳᠦᠪ ᠰᠦᠮ᠎ᠡ ᠳᠤ ᠨᠡᠭᠦᠳᠡᠯ ᠤᠨ ᠪᠠᠭ᠎ᠠ ᠰᠤᠷᠭᠠᠭᠤᠯᠢ ᠪᠠᠶᠢᠭᠤᠯᠵᠤ ᠪᠠᠭᠰᠢᠯᠠᠪᠠ᠃ 1950 | ᠤᠨ ᠳᠤ ᠰᠢᠯᠢ ᠶᠢᠨ ᠭᠤᠤᠯ ᠶᠢᠨ ᠪᠦᠷᠢᠨ ᠪᠦᠷᠢᠨ ᠪᠠᠭ᠎ᠠ ᠰᠤᠷᠭᠠᠭᠤᠯᠢ ᠳᠤ ᠪᠠᠭᠰᠢᠯᠠᠪᠠ᠃ 1955 — | 1958 ᠤᠨ ᠳᠤ ᠰᠢᠯᠢ ᠶᠢᠨ ᠭᠤᠤᠯ ᠠᠶᠢᠮᠠᠭ ᠤᠨ ᠰᠤᠨᠢᠨ ᠤ ᠬᠤᠷᠢᠶᠠᠨ ᠳᠤ ᠨᠠᠶᠢᠷᠠᠭᠤᠯᠤᠭᠴᠢ ᠪᠠᠷ ᠠᠵᠢᠯᠯᠠᠪᠠ᠃ | 1958 — 1959 ᠤᠨ᠂ ᠰᠦᠨᠢᠳ ᠪᠠᠷᠠᠭᠤᠨ ᠬᠤᠰᠢᠭᠤᠨ ᠤ ᠮᠤᠩᠭᠤᠯ ᠪᠠᠭ᠎ᠠ ᠰᠤᠷᠭᠠᠭᠤᠯᠢ ᠳᠤ ᠪᠠᠭᠰᠢᠯᠠᠪᠠ | ᠃ 1960 — 1966 ᠤᠨ ᠠᠪᠠᠭ᠎ᠠ ᠬᠤᠰᠢᠭᠤᠨ ᠤ ᠰᠢᠭᠤᠳ ᠬᠠᠷᠢᠶ᠎ᠠ ᠪᠠᠭ᠎ᠠ ᠰᠤᠷᠭᠠᠭᠤᠯᠢ ᠳᠤ ᠲᠠᠷᠤᠭᠠᠯᠠᠪᠠ | ᠃ ᠨᠧᠴᠢᠨ᠂ 1957 ᠤᠨ ᠳᠤ ᠰᠢᠯᠢ ᠶᠢᠨ ᠭᠤᠤᠯ ᠠᠶᠢᠮᠠᠭ ᠤᠨ ᠤᠯᠤᠰ ᠲᠦᠷᠦ ᠶᠢᠨ ᠵᠦᠪᠯᠡᠯᠭᠡᠨ ᠤ ᠬᠡᠰᠢᠬᠦᠨ | ᠢᠶᠠᠷ ᠰᠤᠩᠭᠤᠭᠳᠠᠪᠠ᠃ ᠲᠡᠷᠡ ᠪᠠᠷ ︽ᠰᠤᠶᠤᠯ ᠤᠨ ᠬᠤᠪᠢᠰᠬᠠᠯ︾ ︵1966 — 1977︶ ᠤᠨ ᠲᠤᠮᠳᠠ | ᠬᠦᠨᠳᠦ ᠨᠤᠴᠢᠳᠠᠢ ᠬᠤᠤᠷᠯᠠᠯ ᠠᠮᠰᠠᠵᠤ᠂ 1977 ᠤᠨ ᠳᠤ ᠲᠡᠯᠡᠨ ᠨᠠᠰᠣᠳᠠᠢ ᠳᠠᠭᠠᠨ ᠶᠢᠷᠳᠢᠨᠴᠦ ᠠᠴᠠ | ᠠᠩᠭᠢᠵᠢᠷᠠᠪᠠ᠃ | ᠨᠧᠴᠢᠨ᠂ ᠬᠠᠭᠤᠷᠮᠠᠭ ᠮᠤᠩᠭᠤᠯ ᠬᠢᠵᠠᠭᠠᠷ ᠤᠨ ᠦᠪᠡᠷᠳᠡᠬᠡᠨ ᠵᠠᠰᠠᠬᠤ ᠬᠤᠯᠪᠤᠭᠠᠳᠤ ᠵᠠᠰᠠᠭ ᠤᠨ | ᠤᠷᠳᠤᠨ ᠤ ᠦᠶ᠎ᠡ ᠳᠤ᠂ ᠴᠢᠭᠤᠯᠤᠯᠳᠤ ᠬᠠᠭᠠᠯᠭ᠎ᠠ ᠬᠤᠳᠠᠨ᠎ᠠ ᠬᠦᠷᠴᠦ ᠤᠳᠬ᠎ᠠ ᠰᠤᠶᠤᠯ ᠤᠨ ᠶᠠᠮᠤᠨ ᠪᠤᠶᠤ ︽ | ᠲᠡᠷᠢᠬᠦᠨ ᠨᠤᠶᠠᠨ ᠤ ᠤᠷᠳᠤᠨ ᠤ ᠲᠠᠷᠤᠮᠠᠯ ᠤᠨ ᠭᠠᠵᠠᠷ︾ ᠲᠤ ᠨᠠᠶᠢᠷᠠᠭᠤᠯᠤᠭᠴᠢ ᠪᠠᠷ ᠠᠵᠢᠯᠯᠠᠵᠤ᠂ ︽ᠶᠤᠸᠠᠨ | ᠤᠯᠤᠰ ᠤᠨ ᠬᠦᠬᠡ ᠰᠤᠳᠤᠷ︾᠂ ︽ᠷᠠᠰᠢᠫᠤᠩᠰᠤᠭ ᠤᠨ ᠠᠯᠳᠠᠨ ᠲᠤᠪᠴᠢ︾᠂ ︽ᠮᠠᠷᠺᠦ — ᠫᠤᠯᠤ ᠶᠢᠨ | ᠠᠶᠠᠯᠠᠯ ᠤᠨ ᠲᠡᠮᠳᠡᠭᠯᠡᠯ︾ ᠪᠤᠯᠤᠨ ︽ᠰᠤᠷᠬᠤ ᠪᠢᠴᠢᠭ︾ ᠁ ᠵᠡᠷᠭᠡ ᠨᠤᠮ ᠪᠢᠴᠢᠭ ᠢ ᠬᠢᠨᠠᠨ ᠨᠠᠶᠢᠷᠠᠭᠤᠯᠬᠤ | ᠠᠵᠢᠯ ᠳᠤ ᠤᠷᠤᠯᠴᠠᠨ ᠨᠡᠯᠢᠶᠡᠳ ᠵᠢᠯ ᠰᠠᠭᠤᠵᠠᠢ᠃ ᠲᠡᠷᠡ ᠪᠠᠰᠠ ᠰᠢᠯᠢ ᠶᠢᠨ ᠭᠤᠤᠯ ᠴᠢᠭᠤᠯᠭᠠᠨ ᠤ ᠪᠦᠬᠡᠴᠤᠳ | ᠪᠠ ᠤᠷᠠᠯᠢᠭᠴᠢᠳ ᠤᠨ ᠪᠦᠯᠬᠦᠮ ᠢ ᠲᠠᠭᠠᠭᠤᠯᠤᠨ ᠶᠠᠫᠤᠨ᠂ ᠰᠤᠯᠤᠩᠭᠤᠰ ᠵᠡᠷᠭᠡ ᠤᠯᠤᠰ ᠢᠶᠠᠷ ᠲᠤᠭᠤᠷᠢᠨ ᠦᠵᠡᠵᠦ | ᠠᠶᠢᠯᠴᠢᠯᠠᠪᠠ᠃ ᠨᠧᠴᠢᠨ ᠤ ᠵᠤᠬᠢᠶᠠᠭᠰᠠᠨ ︽ᠮᠤᠩᠭᠤᠯ ᠪᠢᠴᠢᠭ ᠶᠢᠨ ᠦᠰᠦᠭ ᠨᠠᠶᠢᠷᠠᠭᠤᠯᠬᠤ ᠢᠯᠡᠳᠬᠡᠯ︾ ︵蒙古 | 字 母连接表︶ ᠬᠡᠮᠡᠬᠦ ᠮᠤᠩᠭᠤᠯ ᠬᠡᠯᠡ ᠪᠢᠴᠢᠭ ᠤᠨ ᠵᠦᠪ ᠪᠢᠴᠢᠯᠭᠡ ᠤᠨ ᠦᠨᠳᠦᠰᠦᠨ ᠲᠦᠷᠢᠮ ᠢ | ᠮᠡᠳᠡᠭᠦᠯᠬᠦ ᠪᠠᠷ ᠵᠤᠷᠢᠯᠭ᠎ᠠ ᠪᠤᠯᠭᠠᠭᠰᠠᠨ ᠵᠤᠬᠢᠶᠠᠯ ᠨᠢ ᠬᠠᠭᠤᠷᠮᠠᠭ ᠮᠤᠩᠭᠤᠯ ᠬᠢᠵᠠᠭᠠᠷ ᠤᠨ ᠦᠪᠡᠷᠳᠡᠭᠡᠨ ᠵᠠᠰᠠᠬᠤ | ᠬᠤᠯᠪᠤᠭᠠᠳᠤ ᠵᠠᠰᠠᠭ ᠤᠨ ᠤᠷᠳᠤᠨ ᠤ ᠦᠶ᠎ᠡ ᠳᠤ ᠴᠢᠯᠠᠭᠤᠨ ᠪᠠᠷ ᠢᠶᠠᠷ ᠬᠡᠪᠯᠡᠭᠳᠡᠨ ᠦᠬᠢᠳ ᠬᠦᠪᠡᠭᠦᠳ ᠤᠨ ᠪᠠᠭ᠎ᠠ | ᠰᠤᠷᠭᠠᠭᠤᠯᠢ ᠶᠢᠨ ᠰᠤᠷᠬᠤ ᠪᠢᠴᠢᠭ ᠪᠤᠯᠵᠤ ᠪᠠᠶᠢᠭᠰᠠᠨ ᠪᠦᠭᠡᠳ ᠰᠢᠯᠢ ᠶᠢᠨ ᠭᠤᠤᠯ ᠴᠢᠭᠤᠯᠭᠠᠨ ` ᠤ ᠤᠯᠠᠨ | ᠬᠤᠰᠢᠭᠤᠳ ᠢᠶᠠᠷ ᠭᠠᠷ ᠪᠢᠴᠢᠮᠡᠯ ᠢᠶᠠᠷ ᠦᠷᠭᠡᠨ ᠲᠠᠷᠬᠠᠵᠤ ᠲᠤᠬᠠᠢ ᠶᠢᠨ ᠦᠶ᠎ᠡ ᠶᠢᠨ ᠮᠤᠩᠭᠤᠯ ᠪᠢᠴᠢᠭ | ᠰᠤᠷᠤᠭᠰᠡᠳ ᠢ ᠰᠡᠩᠬᠡᠷᠡᠭᠦᠯᠵᠤ ᠪᠠᠶᠢᠵᠠᠢ᠃ ᠴᠢᠯᠤᠭᠡᠯᠡᠳᠡᠭᠰᠡᠨ ᠠᠴᠠ ᠬᠤᠶᠢᠰᠢ ᠲᠤᠰ ᠲᠡᠪᠳᠡᠷ ᠢ ᠦᠨᠳᠦᠷ | ᠦᠨᠡᠯᠡᠭᠳᠡᠵᠤ 1956 ᠤᠨ ᠳᠤ ︽ᠮᠤᠩᠭᠤᠯ ᠬᠡᠯᠡᠨ ᠤ ᠲᠤᠷᠠᠰᠬᠠᠯᠳᠤ ᠪᠢᠴᠢᠭ︾ ᠬᠡᠮᠡᠨ ᠨᠤᠮ ᠳᠤ ᠰᠤᠩᠭᠤᠭᠳᠠᠨ | ᠤᠷᠤᠵᠤ ᠲᠠᠬᠢᠨ ᠬᠤᠷᠭᠤᠯᠵᠢᠨ ᠪᠠᠷ ᠢᠶᠠᠷ ᠬᠡᠪᠯᠡᠭᠳᠡᠵᠤ ᠦᠩᠭᠡᠷᠡᠭᠰᠡᠨ ᠪᠦᠬᠡᠳ ᠤᠳᠤ ᠦᠪᠦᠷ ᠮᠤᠩᠭᠤᠯ ᠤᠨ ᠶᠡᠭᠡ | ᠰᠤᠷᠭᠠᠭᠤᠯᠢ ᠶᠢᠨ ᠨᠤᠮ ᠤᠨ ᠰᠠᠩ᠂ ᠦᠪᠦᠷ ᠮᠤᠩᠭᠤᠯ ᠤᠨ ᠨᠡᠶᠢᠭᠡᠮ ᠤᠨ ᠰᠢᠨᠵᠢᠯᠡᠬᠦ ᠤᠬᠠᠭᠠᠨ ᠤ ᠬᠦᠷᠢᠶᠡᠯᠡᠩ ᠤᠨ | ᠨᠤᠮ ᠤᠨ ᠰᠠᠩ ᠤᠳ ᠲᠤ ᠰᠤᠳᠤᠯᠤᠯ ᠰᠢᠨᠵᠢᠯᠡᠯ ᠤᠨ ᠲᠤᠷᠠᠰᠬᠠᠯᠳᠤ ᠰᠤᠷᠪᠤᠯᠵᠢ ᠪᠢᠴᠢᠭ ᠢᠶᠠᠷ ᠬᠠᠳᠠᠭᠠᠯᠠᠭᠳᠠᠵᠤ ᠪᠤᠢ | ᠃ ② | ᠨᠧᠴᠢᠨ ᠭᠤᠸᠠᠢ ᠨᠤᠳᠤᠭ ᠤᠨ ᠤᠯᠠᠨ ᠰᠠᠶᠢᠨ ᠮᠠᠯᠴᠢᠳ ᠢ ᠰᠤᠷᠪᠤᠯᠵᠢᠯᠠᠨ ᠲᠡᠳᠡᠨ ᠤ | ᠲᠤᠷᠰᠢᠯᠭ᠎ᠠ ᠶᠢ ᠴᠤᠭᠯᠠᠭᠤᠯᠤᠨ ᠪᠤᠯᠪᠠᠰᠤᠷᠠᠭᠤᠯᠵᠤ ᠪᠠᠶᠢᠭᠠᠳ 1939 ᠤᠨ ᠳᠤ ᠵᠤᠬᠢᠶᠠᠨ ᠨᠠᠶᠢᠷᠠᠭᠤᠯᠤᠭᠰᠠᠨ ︽ | ᠠᠳᠤᠭᠤᠯᠠᠬᠤ ᠬᠦᠷᠦᠩᠭᠡ ᠶᠢᠨ ᠶᠡᠷᠦ ᠶᠢᠨ ᠮᠡᠳᠡᠯᠬᠡ︾ ᠬᠡᠰᠡᠨ ᠵᠤᠬᠢᠶᠠᠯ ᠨᠢ ᠮᠠᠰᠢ ᠰᠤᠨᠢᠷᠬᠠᠯᠳᠠᠢ ᠪᠠᠶᠢᠳᠠᠭ ᠶᠤᠮ᠃ | ᠲᠡᠭᠦᠨ ᠳᠤ ᠲᠠᠪᠦᠨ ᠲᠦᠷᠦᠯ ᠤᠨ ᠮᠠᠯ ᠤᠨ ᠨᠠᠰᠤ ᠰᠢᠳᠤ᠂ ᠶᠠᠰᠤ ᠴᠢᠨᠠᠷ᠂ ᠡᠳ᠋ᠯᠡᠵᠤ᠂ ᠮᠠᠯᠵᠢᠬᠤ ᠦᠰᠭᠡᠵᠤ | ᠦᠷᠡᠵᠢᠭᠦᠯᠬᠦ ᠪᠤᠯᠤᠨ ᠠᠰᠢᠭ ᠰᠢᠮ᠎ᠡ ᠶᠢ ᠨᠢ ᠬᠡᠷᠬᠢᠨ ᠠᠪᠬᠤ ᠳᠤ ᠬᠦᠷᠳᠡᠯ᠎ᠡ ᠠᠯᠢ ᠰᠠᠶᠢᠨ ᠠᠷᠭ᠎ᠠ ᠲᠤᠷᠰᠢᠯᠭ᠎ᠠ ᠶᠢ | ᠵᠢᠭᠠᠭᠰᠠᠨ ᠪᠠᠶᠢᠳᠠᠭ᠃ ᠵᠢᠱᠢᠶᠡᠯᠡᠪᠡᠯ᠂ ᠨᠢᠭᠡᠨ ᠡᠮ᠎ᠡ ᠬᠤᠨᠢ ᠶᠢ ᠨᠠᠢᠮᠡ ᠤᠳᠠᠭ᠎ᠠ ᠦᠬᠢᠨ ᠬᠤᠷᠠᠭ᠎ᠠ ᠲᠦᠯᠯᠡᠭᠦᠯᠵᠤ | ᠲᠠᠪᠢᠨ ᠬᠤᠶᠠᠷ ᠬᠤᠨᠢ ᠪᠤᠯᠭᠠᠨ ᠦᠷᠡᠵᠢᠭᠦᠯᠦᠭᠰᠡᠨ ᠨᠢᠭᠡᠨ ᠰᠤᠨᠢᠬᠠᠨ ᠬᠦᠰᠦᠨᠦᠭᠳᠦ ᠲᠠᠢ ᠪᠦᠭᠡᠳ ᠲᠡᠭᠦᠨ ᠤ | ᠦᠵᠡᠭᠰᠡᠳ ᠪᠦᠬᠦᠨ ᠮᠠᠯ ᠦᠰᠬᠡᠬᠦ ᠵᠤᠷᠢᠭᠵᠢᠯ ᠤᠷᠤᠳᠠᠭ ᠠᠵᠠᠢ᠃ ᠡᠨᠡ ᠵᠤᠬᠢᠶᠠᠯ ᠲᠤᠬᠠᠢ ᠶᠢᠨ ᠦᠶ᠎ᠡ ᠳᠤ | ᠠᠷᠤᠭᠰᠠᠨ ᠮᠠᠶᠢᠷᠠᠨ ᠫᠡᠸ᠋ᠩᠰᠢᠩᠭᠡ ᠶᠢᠨ ᠪᠢᠴᠢᠭᠰᠡᠨ ᠤᠷᠤᠰᠢᠯ ᠲᠠᠢ ᠭᠠᠷ ᠪᠢᠴᠢᠮᠡᠯ ᠢᠶᠠᠷ ᠲᠠᠮᠵᠢᠨ ᠲᠠᠷᠬᠠᠵᠤ ᠪᠠᠶᠢᠪᠠ᠃ | ᠡᠨᠡ ᠪᠢᠴᠢᠮᠡᠯ ᠢ ᠭᠤ᠂ ᠵᠠᠮᠶᠠᠩ ᠭᠤᠸᠠᠢ᠂ ︽ᠰᠤᠶᠤᠯ ᠤᠨ ᠬᠤᠪᠢᠰᠬᠠᠯ︾ ᠤᠨ ᠡᠮᠤᠨᠡᠬᠡᠨ ᠪᠤᠯᠳᠠᠯ᠎ᠠ ᠨᠢᠭᠡ | ᠬᠤᠪᠢ ᠶᠢ ᠬᠢᠮᠠᠭᠠᠳᠠᠨ ᠬᠠᠳᠠᠭᠠᠯᠠᠵᠤ ᠪᠠᠶᠢᠵᠠᠢ᠃ ᠨᠧᠴᠢᠨ ᠠᠪᠦᠭᠠᠢ᠂ ᠵᠤᠬᠢᠶᠠᠯ ᠤᠷᠠᠯᠢᠭ ᠲᠤ ᠪᠠᠭ᠋ᠠᠳᠠᠢ ᠶᠢᠨ ᠤᠴᠢᠷ | ᠂ ᠭᠤᠷᠪᠠᠨ ᠤᠳᠠᠰᠤᠳᠤ ᠬᠦᠭᠵᠢᠮ ᠢ ᠮᠠᠰᠢ ᠰᠠᠶᠢᠬᠠᠨ ᠴᠢᠪᠬᠠᠳᠠᠳᠠᠭ ᠪᠦᠬᠡᠳ ᠬᠤᠷᠢᠮ ᠤᠨ ᠦᠭᠡ᠂ ᠢᠷᠦᠭᠡᠯ | ᠮᠠᠭᠳᠠᠭᠠᠯ᠂ ᠮᠤᠷᠢᠨ ᠴᠤᠯᠠ᠂ ᠪᠦᠬᠡ ᠶᠢᠨ ᠮᠡᠳᠡᠭᠦᠯᠦᠯᠳᠡ ᠵᠡᠷᠭᠡ ᠤᠷᠠᠨ ᠢᠷᠠᠭᠤ ᠰᠢᠯᠦᠭ ᠨᠠᠶᠢᠷᠠᠭ ᠲᠠᠢ ᠪᠠᠭ᠋ᠠᠷᠬᠠᠮᠠ | ᠰᠠᠶᠢᠬᠠᠨ ᠵᠤᠬᠢᠶᠠᠯ ᠪᠦᠳᠦᠭᠡᠯ ᠤᠯᠠᠨ ᠢ ᠪᠢᠴᠢᠭᠰᠡᠨ ᠭᠡᠳᠡᠭ᠃ ᠲᠡᠳᠡᠭᠡᠷ ᠵᠤᠬᠢᠶᠠᠯ ᠤᠳ ᠨᠢ ᠤᠳᠤ ᠤᠯᠳᠠᠬᠤ ᠦᠭᠡᠢ | ᠪᠤᠯᠤᠭᠰᠠᠨ ᠨᠢ ᠲᠠᠩᠴᠢ ᠬᠠᠷᠠᠮᠰᠠᠯᠳᠠᠢ᠃ | 1944 ᠤᠨ ᠳᠤ᠂ ᠲᠠᠷᠬᠠᠨ ᠰᠢᠷᠡᠭᠡᠳᠦ ᠲᠠᠢ ᠬᠦᠤᠰᠢ ᠶᠢᠨ ᠬᠤᠪᠢᠯᠭᠠᠨ — | ᠠᠭᠸᠠᠩᠳᠦ᠋ᠪᠳᠡᠨᠴᠦ᠋ᠯᠳᠦᠮ ᠤᠨ ᠵᠠᠯᠠᠯᠭ᠎ᠠ ᠶᠢᠨ ᠨᠠᠶᠢᠷ ᠲᠡᠭᠡᠷ᠎ᠡ ᠬᠡᠯᠡᠭᠰᠡᠨ ᠢᠷᠤᠭᠡᠯ ᠠᠴᠠ ᠬᠡᠳᠦᠨ ᠪᠠᠳᠠᠭ ᠢ | ᠰᠡᠶᠢᠷᠡᠭᠦᠯᠪᠡᠯ᠄ | ︽ᠡᠷᠳᠡᠨ ᠤ ᠢᠳᠡᠭᠡᠨ ᠦᠭᠯᠢᠬᠡᠳᠦ ᠬᠤᠳᠠᠯᠠ ᠶᠢ ᠪᠠᠶᠠᠰᠬᠠᠭᠴᠢ ᠤᠷᠤᠨ ᠢ | ᠡᠳᠦᠭᠡᠬᠢ ᠮᠤᠩᠭᠤᠯ ᠤᠨ ᠤᠷᠤᠨ᠎ᠠ ᠨᠡᠭᠦᠯᠭᠡᠨ ᠢᠷᠡᠭᠰᠡᠨ ᠮᠡᠳᠦ ᠪᠠᠷ | ᠡᠨᠡ ᠬᠦ ︽ᠦᠨᠡᠨ ᠢᠶᠠᠷ ᠠᠪᠤᠷᠠᠭᠴᠢ ᠬᠡᠶᠢᠳ︾ ᠤᠨ ᠰᠠᠶᠢᠨ ᠬᠤᠪᠢᠳᠠᠨ | ᠡᠷᠬᠢᠮ ᠠᠶᠠᠭ᠎ᠠ ᠲᠠᠬᠢᠮᠯᠢᠭ᠌ ᠤᠨ ᠠᠷᠢᠭᠤᠨ ᠲᠦᠷᠢ ᠪᠠᠷ ᠴᠡᠩᠭᠡᠵᠤ | ᠪᠡᠯᠡᠷ ᠬᠠᠷᠠᠩᠭᠤᠢ ᠮᠠᠨ ᠤ ᠡᠨᠡ ᠪᠠ ᠬᠤᠶᠢᠳᠦ ᠶᠢ ᠬᠡᠶᠢᠬᠦᠯᠦᠷᠠ | ᠪᠠᠳᠤᠳᠠᠢ ᠮᠠᠨ ᠤ ᠬᠤᠰᠢᠭᠤᠨ ᠤ ᠦᠷᠡᠵᠢᠵᠡᠪ ᠤᠨ ᠲᠦᠷᠦᠯ ᠳᠤᠷ ᠲᠠᠭᠠᠯᠠᠨ | ᠪᠠᠶᠠᠰᠬᠤᠯᠠᠩᠳᠤ ᠰᠠᠷᠠᠨ ᠤ ᠬᠦᠮᠦᠳᠡ ᠶᠢᠨ ᠲᠤᠭᠤᠷᠴᠤᠭ ᠠᠴᠠ ᠡᠰᠢᠯᠡᠨ ᠮᠡᠨᠳᠦᠯᠡᠭᠰᠡᠨ | ᠪᠠᠭᠰᠢ ᠬᠦᠤᠰᠢ ᠶᠢᠨ ᠢᠯᠭᠤᠭᠰᠠᠨ ᠲᠦᠷᠢ ᠶᠢ ᠰᠢᠷᠡᠭᠡᠨ᠎ᠡ ᠵᠠᠯᠠᠵᠤᠬᠤᠢ︾ ᠬᠡᠵᠤ ᠰᠢᠯᠦᠭᠯᠡᠭᠰᠡᠨ | ᠪᠠᠶᠢᠳᠠᠭ ᠪᠦᠭᠡᠳ ᠪᠠᠰᠠ ᠨᠠᠶᠢᠷ ᠤᠨ ᠪᠦᠬᠡ ᠶᠢᠨ ᠮᠡᠳᠡᠭᠦᠯᠦᠯᠳᠡ ᠳᠤ᠄ | ︽ᠨᠠᠷᠠᠨ ᠮᠡᠳᠦ ᠬᠡᠶᠢᠭᠦᠯᠦᠭᠰᠡᠨ ᠶᠡᠭᠡ ᠨᠢᠬᠦᠯᠡᠰᠢᠬᠦᠢ ᠪᠠᠷ ᠡᠨᠡᠷᠢᠵᠤ | ᠨᠠᠰᠤᠳᠠ ᠰᠠᠬᠢᠨ ᠠᠪᠤᠷᠠᠭᠴᠢ ᠪᠤᠭᠳᠠ ᠲᠠᠭᠡᠳᠦᠰ ᠡᠬᠢᠯᠡᠨ | ᠨᠠᠷᠮᠠᠢ ᠤᠯᠤᠰ ᠤᠨ ᠬᠠᠭᠠᠨ ᠲᠦᠷᠦ ᠶᠢᠨ ᠭᠤᠷᠪᠠᠨ ᠲᠤᠪᠴᠢᠶ᠎ᠠ ᠶᠢ | ᠨᠠᠶᠢᠷᠠᠮᠳᠠᠭᠤ ᠡᠶ᠎ᠡ ᠪᠠᠷ ᠵᠠᠰᠠᠨ ᠲᠡᠳᠬᠦᠭᠴᠢ ᠨᠤᠶᠠᠳ ᠲᠦᠰᠢᠮᠡᠳ | ᠨᠠᠢᠮᠠᠨ ᠦᠯᠵᠠᠶᠢᠳᠦ ᠴᠢᠯᠤᠭᠡ ᠤᠴᠠᠷᠠᠯ ᠲᠡᠭᠦᠰ ᠲᠦᠭᠡᠮᠡᠯ | ᠨᠠᠶᠢᠷ ᠬᠤᠷᠢᠮ ᠢ ᠲᠦᠪ ᠶᠤᠰᠤ ᠪᠠᠷ ᠦᠷᠨᠢᠭᠦᠯᠦᠨ ᠡᠭᠦᠰᠬᠡᠬᠦᠢ ᠳᠤ | ᠨᠠᠭᠠᠳᠤᠮ ᠤᠨ ᠮᠦᠷᠦ᠋ᠢᠴᠡᠯ ᠤᠨ ᠨᠢᠭᠡᠨ ᠵᠠᠭᠤᠨ ᠬᠤᠷᠢᠨ ᠨᠠᠢᠮᠠᠨ | ᠨᠠᠮᠪᠠᠳᠤ ᠪᠦᠬᠡ ᠲᠠᠯᠪᠢᠵᠤ ᠪᠠᠷᠢᠯᠳᠤᠭᠤᠯᠬᠤ ᠶᠢ ᠠᠶᠢᠯᠠᠳᠬᠠᠵᠤ ᠮᠡᠳᠡᠭᠦᠯᠦᠶ᠎ᠡ︾ ᠬᠡᠵᠦ ᠪᠢᠴᠢᠭᠰᠡᠨ | ᠪᠠᠶᠢᠳᠠᠭ᠃ | ᠨᠧᠴᠢᠨ ᠠᠪᠤᠭᠠᠢ ᠶᠢᠨ ᠦᠳᠡᠯᠦᠭᠡ ᠨᠠᠰᠤᠨ ᠤ ᠦᠶ᠎ᠡ ᠶᠢᠨ ᠪᠦᠳᠦᠭᠡᠯ ᠪᠤᠯᠬᠤ 1973 ᠤᠨ ᠳᠤ | ᠪᠢᠴᠢᠭᠰᠡᠨ ︽ᠵᠦᠪ ᠪᠢᠴᠢᠯᠭᠡ ᠶᠢᠨ ᠲᠦᠷᠢᠮ ᠳᠤ ᠬᠤᠯᠪᠤᠭᠳᠠᠬᠤ ᠲᠦᠷᠪᠡᠨ ᠵᠦᠢᠯ ᠤᠨ ᠵᠠᠷᠴᠢᠮ︾ ᠬᠡᠰᠡᠨ | ᠵᠤᠬᠢᠶᠠᠯ ᠢ ᠨᠢ ᠲᠡᠭᠦᠨ ᠲᠠᠢ ᠠᠷᠪᠠᠭᠠᠳ ᠵᠢᠯ ᠬᠠᠮᠳᠦ ᠠᠵᠢᠯᠯᠠᠭᠰᠠᠨ ᠡᠷᠳᠡᠨᠢᠰᠤᠪᠤᠳ ᠪᠠᠭᠰᠢ ᠨᠠᠨᠳᠢᠩᠨᠠᠨ | ᠬᠠᠳᠠᠭᠠᠯᠠᠵᠤ ᠪᠠᠶᠢᠭᠰᠠᠨ ᠢᠶᠠᠨ 1988 ᠤᠨ ᠳᠤ ᠠᠪᠠᠭ᠎ᠠ ᠬᠤᠰᠢᠭᠤᠨ ᠤ ︽ᠠᠯᠳᠠᠨ ᠲᠤᠯᠢ︾ ᠰᠡᠳᠬᠦᠯ ᠳᠤ | ᠨᠡᠶᠢᠳᠡᠯᠡᠬᠦᠯᠵᠤ ᠨᠧᠴᠢᠨ ᠪᠠᠭᠰᠢ ᠶᠢ ᠲᠤᠷᠠᠳᠬᠠᠬᠤ ᠶᠢᠨ ᠲᠠᠭᠠᠤ ᠦᠷᠭᠡᠨ ᠤᠯᠠᠨ ᠮᠤᠩᠭᠤᠯ ᠬᠡᠯᠡ ᠪᠢᠴᠢᠭ ᠤᠨ | ᠪᠠᠭᠰᠢ ᠠᠵᠢᠯᠳᠠᠨ ᠳᠤ ᠯᠠᠪᠯᠠᠯᠳᠠ ᠬᠦᠷᠳᠡᠭᠡᠯ ᠪᠤᠯᠭᠠᠭᠰᠠᠨ ᠪᠠᠶᠢᠪᠠ᠃ | ᠠᠳᠡ ᠲᠤᠰ ᠵᠤᠬᠢᠶᠠᠯ ᠢ ᠪᠦᠬᠦ ᠤᠳᠬ᠎ᠠ ᠪᠠᠷ ᠨᠢ ᠰᠡᠶᠢᠷᠡᠭᠦᠯᠦᠶ᠎ᠡ᠃ | ᠬᠡᠯᠡᠨ ᠤ ᠵᠦᠢ ᠶᠢᠨ ᠲᠤᠳᠤᠷ᠎ᠠ ᠵᠦᠪ ᠪᠢᠴᠢᠯᠭᠡ ᠶᠢᠨ ᠲᠦᠷᠢᠮ ᠳᠤ ᠬᠤᠯᠪᠤᠭᠳᠠᠬᠤ ᠲᠦᠷᠪᠡᠨ | ᠵᠦᠢᠯ ᠤᠨ ᠵᠠᠷᠴᠢᠮ | ︵ᠨᠢᠭᠡ︶ ᠤᠯᠠᠮᠵᠢᠯᠠᠯ ᠤᠨ ᠵᠦᠢ ᠪᠠᠷᠢᠮᠳᠠᠯᠠᠬᠤ ᠵᠠᠷᠴᠢᠮ ᠤᠨ ᠦᠭᠡ ᠬᠡᠵᠦ ᠪᠠᠶᠢᠳᠠᠭ᠃ ᠲᠡᠷᠡ ᠨᠢ | ᠤᠤᠯ ᠠᠴᠠ ᠪᠠᠨ ᠤᠩᠰᠢᠬᠤ ᠠᠪᠢᠶ᠎ᠠ ᠲᠠᠢ ᠪᠠᠨ ᠨᠡᠶᠢᠴᠡᠬᠦ ᠦᠭᠡᠢ ᠳᠤᠰᠬᠠᠢ ᠲᠦᠷᠰᠦᠳᠦ ᠦᠰᠦᠭ ᠦᠭᠡᠰ ᠢᠶᠠᠷ | ᠪᠢᠴᠢᠳᠡᠭ ᠦᠭᠡᠰ ᠢ ᠬᠡᠯᠡᠨ᠎ᠡ᠃ ᠵᠢᠱᠢᠶ᠎ᠡ ᠨᠢ᠂ ᠲᠡᠭᠷᠢ᠂ ᠨᠠᠢᠮᠠᠨ᠂ ᠭᠬᠢᠪ ︵ᠭᠬᠢᠪ ᠬᠠᠳᠠᠭ︶᠂ ᠭᠬᠢᠷ ᠲᠤᠭᠤᠰᠤ᠂ | ᠭᠱᠠᠨ ᠵᠠᠭᠤᠷ᠎ᠠ᠂ ᠪᠠᠷᠰ᠂ ᠢᠷᠪᠢᠰ ᠬᠤᠶᠠᠳᠣᠭᠠᠷ᠂ ᠣᠮᠡᠷᠳᠠᠬᠤ ︵ᠮᠠᠷᠳᠠᠬᠤ︶ ᠁ ᠭᠡᠬᠦ ᠮᠡᠳᠣ᠃ | ︵ᠬᠤᠶᠠᠷ︶ ᠲᠦᠷᠰᠣ ᠪᠠᠷ ᠢᠯᠭᠠᠬᠤ ᠵᠠᠷᠴᠢᠮ ᠤᠨ ᠦᠭᠡᠰ ᠭᠡᠵᠤ ᠪᠠᠶᠢᠳᠠᠭ᠃ ᠲᠡᠷᠡ ᠨᠢ | ᠣᠩᠰᠢᠬᠤ ᠠᠶᠠᠯᠭᠤ ᠨᠢ ᠠᠳᠠᠯᠢᠪᠳᠣᠷ ᠪᠣᠯᠪᠠᠴᠣ ᠪᠢᠴᠢᠯᠭᠡ ᠠᠭᠤᠯᠭ᠎ᠠ ᠨᠢ ᠳᠣᠰᠪᠦᠷᠢ ᠣᠨᠳᠣᠣ ᠦᠭᠡᠰ ᠢ ᠬᠡᠯᠡᠨ᠎ᠠ᠃ | ᠵᠢᠱᠢᠶ᠎ᠠ ᠨᠢ᠄ ᠡᠪᠦᠷ — ᠡᠩᠭᠡᠷ ᠵᠠᠭᠠᠮ᠎ᠠ ᠶᠢᠨ ᠳᠣᠳᠣᠷ ᠳᠠᠯ᠎ᠠ᠃ ᠦᠪᠦᠷ — ᠠᠭᠤᠯᠠ ᠶᠢᠨ ᠦᠪᠦᠷ᠂ ᠦᠪᠡᠷ | — ᠳᠣᠰ ᠪᠡᠶ᠎ᠡ ᠶᠢᠨ᠂ ᠮᠦᠷ — ᠵᠠᠮ ᠮᠦᠷ ᠤᠨ᠂ ᠮᠦᠷᠦ — ᠳᠠᠯᠥ ᠮᠦᠷᠦ ᠶᠢᠨ᠂ ᠳᠣᠮᠳᠠᠭᠤᠷ — | ᠬᠤᠳᠠ ᠳᠣᠮᠳᠠᠭᠤᠷ ᠳᠠᠯ᠎ᠠ ᠳᠣᠮᠳᠠᠭᠤᠷ ᠭᠡᠬᠦ ᠮᠠᠳᠣ᠃ ᠳᠣᠨᠳᠠᠭᠤᠷ — ᠰᠠᠪᠠ ᠳᠣᠨᠳᠠᠭᠤᠷ ᠭᠡᠬᠦ ᠮᠡᠳᠣ᠃ ᠪᠦᠷ | — ᠴᠦᠮ ᠪᠦᠭᠦᠳᠡᠭᠡᠷ᠂ ᠪᠦᠷᠢ — ᠳᠠᠭᠠᠪᠣᠷᠢ ᠦᠰᠦᠭ ᠤᠨ᠂ ᠳᠦᠭᠦᠷᠡᠩ — ᠳᠦᠭᠦᠷᠡᠩ ᠬᠦᠨᠳᠠᠢ ᠶᠢᠨ᠂ | ᠳᠦᠭᠦᠷᠴᠦ ᠳᠦᠭᠦᠷᠦᠨ — ᠪᠢᠯᠬᠠᠵᠣ᠂ ᠡᠴᠦᠰᠯᠠᠬᠦ ᠮᠠᠳᠣ ᠶᠢᠨ᠂ ᠣᠷᠢᠳᠣ — ᠦᠩᠭᠡᠷᠡᠭᠰᠡᠨ ᠡᠷᠳᠡᠨ ᠤ᠂ | ᠣᠷᠢᠳᠠ — ᠡᠮᠦᠨᠡᠬᠢ ᠶᠢᠨ᠂ ᠣᠷᠢᠳ ᠬᠤᠵᠢᠳ — ᠣᠳᠠᠭ᠎ᠠ ᠳᠠᠷᠠᠭ᠎ᠠ ᠭᠡᠬᠦ ᠪᠣᠶᠣ ᠣᠷᠢᠳᠴᠢᠯᠠᠬᠤ ᠭᠡᠬᠦ | ᠮᠡᠳᠣ ᠶᠢᠨ᠃ ᠬᠠᠶᠢᠷ᠎ᠠ — ᠬᠠᠶᠢᠷᠠᠯᠠᠬᠤ ᠬᠠᠯᠠᠮᠵᠢᠯᠠᠬᠤ ᠶᠢᠨ᠃ ᠬᠠᠶᠢᠷ — ᠬᠠᠶᠢᠷ ᠴᠢᠯᠠᠭᠤ ᠭᠡᠬᠦ ᠮᠡᠳᠣ ᠶᠢᠨ᠃ | ᠳᠣᠣᠷ᠎ᠠ — ᠳᠡᠭᠡᠷ᠎ᠡ ᠳᠣᠣᠷ᠎ᠠ ᠶᠢᠨ᠂ ᠳᠣᠣᠷ — ᠰᠦᠯᠵᠢᠮᠡᠯ ᠶᠠᠭᠤᠮ᠎ᠠ ᠶᠢᠨ ᠳᠣᠣᠷ ᠢ ᠬᠡᠯᠡᠨ᠎ᠡ᠃ ᠡᠭᠦᠨ | ᠠᠴᠠ ᠭᠠᠳᠠᠨ᠎ᠠ ᠣᠷᠭᠤᠭᠰᠠᠨ ᠮᠣᠳᠣ᠃ ᠣᠷᠭᠤᠭᠰᠠᠨ ᠬᠦᠮᠥᠨ ᠭᠡᠬᠦ ᠮᠡᠳᠣ ᠪᠣᠶᠣ ᠪᠣᠭᠤᠨᠢ ᠣᠬᠤᠷ ᠤᠨ ᠣᠷᠳᠣ᠂ | ᠡᠮᠦᠨ᠎ᠡ ᠵᠦᠭ ᠤᠨ ᠣᠷᠳᠣ ᠭᠡᠬᠦ ᠮᠡᠳᠣ ᠶᠢᠨ ᠦᠭᠦᠯᠡᠪᠦᠷᠢ ᠶᠢᠨ ᠠᠭᠤᠯᠭ᠎ᠠ ᠪᠠᠷ ᠢᠶᠠᠨ ᠵᠦᠪ ᠳᠠᠭᠤᠳᠠᠯᠭ᠎ᠠ ᠨᠢ | ᠢᠯᠡᠷᠡᠳᠡᠭ ᠦᠭᠡᠰ ᠴᠦ ᠪᠣᠢ᠃ | ︵ᠭᠤᠷᠪᠠ︶ ᠦᠭᠡᠰ ᠤᠨ ᠵᠦᠢ ᠶᠢ ᠪᠠᠷᠢᠮᠳᠠᠯᠠᠬᠤ ᠵᠡᠷᠴᠢᠮ ᠤᠨ ᠦᠭᠡᠰ ᠭᠡᠵᠤ ᠪᠠᠶᠢᠳᠠᠭ᠂ | ᠲᠡᠷᠡ ᠨᠢ᠄ ᠬᠤᠪᠢᠯᠬᠤ ᠵᠢᠷᠭᠤᠭ᠎ᠠ᠂ ᠬᠤᠪᠢᠯᠭᠠᠬᠤ ᠬᠤᠷᠢᠨ ᠬᠤᠶᠠᠷ ᠦᠰᠦᠭ ᠤᠨ ᠲᠦᠷᠢᠮ ᠢᠶᠠᠷ ᠪᠦᠳᠦᠭᠰᠡᠨ | ᠦᠭᠡᠰ ᠢ ᠭᠡᠯᠡᠳᠡᠭ᠃ ᠬᠤᠪᠢᠯᠬᠤ ᠵᠢᠷᠭᠤᠭ᠎ᠠ ᠭᠡᠳᠡᠭ ᠨᠢ᠄ ᠨ᠊᠂ ᠪ᠊᠂ ᠳ᠊᠂ ︵ᠳ᠋᠊︶᠂ ᠷ᠊᠂ ᠰ᠊᠂ ᠯ᠊ ᠤᠨ | ᠵᠢᠷᠭᠤᠭᠠᠨ ᠳᠡᠪᠢᠰᠭᠡᠷ ᠦᠰᠦᠭ ᠢ ᠬᠡᠯᠡᠵᠣ ᠪᠠᠶᠢᠨ᠎ᠠ᠃ ᠡᠳᠡᠭᠡᠷ ᠬᠡᠵᠢᠶᠡᠳᠡ ᠮᠡᠷᠳᠡᠬᠤ ᠦᠭᠡᠢ ᠪᠠᠷ ᠴᠡᠭᠡᠵᠢᠯᠡᠬᠦ ᠶᠢᠨ | ᠲᠦᠯᠦᠭᠡ ︽ᠨᠠᠪᠳᠠᠷᠰᠠᠯ︾ ᠭᠡᠳᠡᠭ ᠦᠭᠡ ᠪᠠᠷ ᠨᠡᠷᠡᠯᠡᠨ ᠴᠡᠭᠡᠵᠢᠯᠡᠳᠡᠭ ᠪᠢᠯᠡ᠃ ᠳᠡᠭᠦᠨ ᠵᠢᠱᠢᠶ᠎ᠠ ᠤ ᠣᠣᠯ | ᠦᠭᠡ ᠪᠠᠷ ᠨᠢ ᠲᠦᠬᠦᠮ ᠵᠢᠱᠢᠶᠠᠯᠠᠪᠡᠯ ︽ᠬᠠᠨ᠂ ᠠᠪ᠂ ᠣᠳ᠂ ᠰᠣᠷ᠂ ᠪᠣᠰ᠂ ᠣᠯ︾ ᠭᠡᠭᠦ ᠮᠡᠳᠣ ᠶᠢᠨ ᠵᠠᠬᠢᠷᠬᠤ | ᠦᠢᠯᠡ ᠦᠬᠡ ᠨᠦᠭᠦᠳ ᠪᠣᠯᠣᠨ᠎ᠠ᠃ ᠵᠠᠯᠭᠠᠭᠠᠳ ᠬᠤᠪᠢᠯᠭᠠᠬᠤ ᠬᠤᠷᠢᠨ ᠬᠤᠶᠠᠷ ᠦᠰᠦᠭ ᠢ ᠳᠣᠰᠪᠦᠷᠢ | ᠳᠣᠳᠣᠷᠬᠠᠶᠢᠯᠠᠪᠠᠯ᠄ | 1᠂ ᠶᠡᠷᠦ ᠶᠢᠨ ᠦᠶ᠎ᠡ ᠦᠰᠦᠭ ︵ᠨᠠ᠂ ᠨᠠᠮ᠂ ᠮᠠ᠂ ᠮᠠᠯ᠂ ᠮᠠᠭᠴᠠ᠂ ᠮᠡᠭᠴᠡ᠂ ᠮᠣᠢ᠂ ᠯᠤᠭ᠎ᠠ᠂ | ᠯᠦᠬᠡ᠂ ︵ᠯᠠ︶᠂ ᠷᠷᠠ᠂ ᠶᠷᠠ᠂ ᠶᠠ᠂ ᠰᠢ︶ ᠵᠡᠷᠭᠡ ᠶᠢᠨ 13 ᠦᠰᠦᠭ ᠪᠠᠶᠢᠳᠠᠭ᠃ | 2. ᠤᠷᠳᠤᠳᠬᠠᠯ ᠭᠠ ᠶᠢᠨ ᠭᠠ᠊᠂ ᠭᠡ᠊᠂ ᠭᠤ᠋᠂ ᠭᠤ᠋᠂ ᠭᠦ᠂ ᠭᠦ ᠶᠢᠨ ᠵᠢᠷᠭᠤᠭᠠᠨ ᠦᠭᠡ ᠦᠰᠦᠭ | ᠪᠤᠢ᠃ | 3. ᠲᠡᠪᠢᠰᠭᠡᠷ ᠦᠰᠦᠭ ᠤᠨ ᠶᠠᠮᠠᠷ ᠨᠢᠭᠡᠨ ᠦᠭᠡᠨ ᠳᠤ ᠬᠤᠭᠤᠷᠤᠨᠳᠤ ᠪᠠᠨ ᠰᠢᠭᠤᠳ | ᠤᠴᠠᠷᠠᠬᠤ ᠳᠤ ᠬᠦᠷᠪᠡᠯ ᠲᠡᠭᠡᠷᠡᠬᠢ ᠦᠭᠡᠰ ᠲᠠᠢ ᠠᠳᠠᠯᠢ ᠪᠠᠷ ᠵᠠᠪᠠᠯ ᠬᠡᠳᠡᠰᠦᠨ ︵ᠦ᠊︶ ᠡᠭᠡᠰᠢᠭ ᠢᠶᠠᠷ ᠬᠤᠯᠪᠤᠨ | ᠠᠮᠢᠯᠠᠭᠤᠯᠳᠠᠭ ᠪᠤᠯᠬᠤᠷ ︽ᠨ᠊ ᠭ᠊ ︵ᠭ᠊︶ ᠯ᠊︾ ᠤᠨ ᠭᠤᠷᠪᠠᠨ ᠲᠡᠪᠢᠰᠭᠡᠷ ᠦᠰᠦᠭ ᠨᠡᠮᠡᠭᠳᠡᠭᠡᠳ ᠲᠤᠳᠤᠷ᠎ᠠ ᠪᠠᠨ | ᠭᠤᠷᠪᠠᠨ ᠵᠦᠢᠯ ᠤᠨ ᠢᠯᠭᠠᠭ᠎ᠠ ᠲᠠᠢ ᠬᠤᠪᠢᠯᠭᠠᠬᠤ ᠬᠤᠷᠢᠨ ᠬᠤᠶᠠᠷ ᠦᠰᠦᠭ ᠤᠨ ᠪᠦᠷᠢᠳᠬᠡᠯ ᠭᠠᠷᠴᠠᠢ᠃ | ᠲᠡᠳᠡᠭᠡᠷ ᠨᠢ ᠲᠦᠭᠦᠮ ᠢᠶᠠᠷ ᠵᠢᠱᠢᠶᠡᠯᠡᠪᠡᠯ᠄ | ⑴ ᠬᠠᠨ — ᠬᠠᠨᠤᠨ᠎ᠠ ᠬᠠᠨᠤᠨᠠᠮ ᠬᠠᠨᠤᠨ ᠬᠠᠨᠤᠭᠠᠳ᠃ | ⑵ ᠠᠪ — ᠠᠪᠤᠮᠠ ᠠᠪᠤᠰᠢ ᠠᠪᠤᠯ ︵ᠦᠭᠡᠢ︶ ᠠᠪᠤᠮᠠᠯ ᠠᠪᠤᠭᠠᠳ ᠠᠪᠤᠭᠠᠳᠤᠢ ᠠᠪᠤᠨ | ᠠᠪᠤᠭᠰᠠᠨ ᠠᠪᠤᠭᠤᠵᠠᠢ | ⑶ ᠤᠳ — ᠤᠳᠤᠮᠠᠭᠴᠠ ᠤᠳᠤᠯᠤᠭᠠ ︵ᠤᠳᠤᠯ᠎ᠠ︶ ᠤᠳᠤᠮᠤᠢ ᠤᠳᠤᠭᠠᠰᠠᠢ ᠤᠳᠤᠨ | ᠤᠳᠤᠭᠰᠠᠨ | ⑷ ᠰᠤᠷ᠂ ᠬᠦᠷ — ᠰᠤᠷᠤᠮᠠᠭᠴᠠ᠂ ᠰᠤᠷᠤᠭᠠᠳ᠂ ᠬᠦᠷᠦᠮᠡᠭᠴᠡ᠂ ᠬᠦᠷᠦᠭᠡᠳ᠂ | ᠬᠦᠷᠦᠭᠡᠳᠦᠢ᠂ ᠬᠦᠷᠦᠭᠦᠵᠠᠢ᠂ ᠬᠦᠷᠦᠨ ᠬᠦᠷᠦᠭᠰᠡᠨ᠂ ᠬᠦᠷᠦᠰᠢ ᠬᠦᠷᠦᠯ ᠦᠭᠡᠢ᠃ | ⑸ ᠪᠤᠰ — ᠪᠤᠰᠤᠶᠠ ᠪᠤᠰᠤᠷᠠ ᠪᠤᠰᠤᠯᠤᠭᠠ ᠬᠦᠷᠦᠯᠦᠭᠡ ︵ᠯᠡ︶ ᠪᠤᠰᠤᠭᠠᠳᠤᠢ᠂ ᠪᠤᠰᠤᠮᠠᠭᠴᠠ | ᠂ ᠪᠤᠰᠤᠭᠰᠠᠨ ᠪᠤᠰᠤᠨ ᠪᠤᠰᠤᠯ ᠦᠭᠡᠢ ᠬᠡᠬᠦ ᠮᠡᠳᠦ ᠪᠠᠷ ᠮᠡᠳᠡᠭᠳᠡᠨ᠎ᠡ᠃ | ⑹ ᠤᠯ — ᠤᠯᠤᠨ᠎ᠠ ᠤᠯᠤᠨᠠᠮ ᠤᠯᠤᠶ᠎ᠠ ᠤᠯᠤᠯ᠎ᠠ ᠤᠯᠤᠭᠰᠠᠨ ᠤᠯᠤᠭᠤᠵᠠᠢ ᠤᠯᠤᠰᠢ ᠤᠯᠤᠯ | ᠦᠭᠡᠢ ᠤᠯᠤᠮᠠ ᠦᠭᠡᠢ ᠁ ᠭᠡᠬᠦ ᠵᠡᠷᠭᠡ ᠪᠠᠷ ᠪᠢᠴᠢᠭᠳᠡᠨ᠎ᠡ᠃ ᠲᠡᠭᠡᠷᠡᠬᠢ ᠦᠰᠦᠭ ᠤᠳ ᠡᠨᠡ ᠮᠡᠳᠦ ᠪᠠᠷ | ᠬᠤᠪᠢᠰᠴᠤ ᠪᠠᠶᠢᠪᠠᠴᠤ ᠤᠤᠯ ᠦᠭᠡ ᠶᠢᠨ ᠦᠨᠳᠦᠰᠦᠨ ᠠᠶᠠᠯᠭᠤ ᠨᠢ ᠶᠡᠷᠦ ᠬᠤᠪᠢᠷᠠᠳᠠᠭ ᠦᠭᠡᠢ᠃ ᠰᠢᠳᠦᠨ | ᠡᠭᠡᠰᠢᠭ ᠢᠶᠠᠷ ᠡᠭᠡᠰᠢᠭᠯᠡᠭᠰᠡᠨ ᠲᠡᠪᠢᠰᠭᠡᠷ ᠲᠠᠢ ᠦᠭᠡ ᠪᠤᠯ ᠲᠡᠭᠡᠷᠡᠬᠢ ᠦᠭᠡᠰ ᠤᠨ ᠲᠤᠭᠠᠨ ᠳᠤ ᠪᠠᠭᠳᠠᠬᠤ ᠦᠭᠡᠢ᠃ | ᠵᠢᠱᠢᠶᠡᠯᠡᠪᠡᠯ᠂ ᠨᠠᠶᠢᠷ — ᠨᠠᠶᠢᠷᠠᠮ ᠨᠠᠶᠢᠷᠠᠯ ᠨᠠᠶᠢᠷᠠᠭᠤᠯᠬᠤ ᠬᠡᠵᠦ ᠰᠢᠳᠦ ᠪᠠᠷ ᠡᠭᠡᠰᠢᠭ ᠤᠷᠤᠭᠤᠯᠤᠨ ᠪᠢᠴᠢᠳᠡᠭ᠃ | ᠬᠡᠪᠡᠴᠦ ᠡᠶᠢᠮᠦᠷᠬᠦ ᠦᠭᠡᠰ ᠨᠢ ᠴᠦᠬᠡᠨ᠂ ᠬᠡᠳᠡᠰᠦᠨ ᠡᠭᠡᠰᠢᠭ ᠲᠠᠢ ᠨᠢ ᠤᠯᠠᠨ ᠪᠠᠶᠢᠳᠠᠭ ᠶᠤᠮ ᠪᠠᠶᠢᠨ᠎ᠠ᠃ | ︵ᠲᠦᠷᠪᠡ︶ ᠠᠪᠢᠶ᠎ᠠ ᠶᠢᠨ ᠵᠦᠢ ᠶᠢ ᠪᠠᠷᠢᠮᠳᠠᠯᠠᠬᠤ ᠵᠠᠷᠴᠢᠮ ᠤᠨ ᠦᠭᠡᠰ ᠬᠡᠵᠦ ᠪᠠᠶᠢᠳᠠᠭ᠃ | ᠲᠡᠷᠡ ᠨᠢ ᠤᠩᠰᠢᠯᠭ᠎ᠠ ᠪᠢᠴᠢᠯᠭᠡ ᠨᠢ ᠶᠠᠭ ᠠᠪ ᠠᠳᠠᠯᠢᠬᠠᠨ ᠪᠠᠶᠢᠳᠠᠭ ᠦᠭᠡᠰ ᠢ ᠬᠡᠯᠡᠨ᠎ᠡ᠃ ᠵᠢᠱᠢᠶ᠎ᠡ ᠨᠢ᠄ ᠨᠤᠮ | ᠪᠢᠴᠢᠭ᠂ ᠲᠡᠪᠳᠡᠷ ᠬᠠᠷᠠᠨᠳᠠ᠂ ᠲᠦᠯ ᠮᠠᠯ᠂ ᠭᠠᠷ ᠬᠦᠯ ᠬᠡᠬᠦ ᠮᠡᠳᠦ ᠶᠢᠨ ᠤᠯᠠᠨ ᠨᠡᠷ᠎ᠡ ᠦᠭᠡ ᠪᠤᠶᠦ ᠵᠠᠬᠢᠷᠬᠤ | ᠦᠢᠯᠡ ᠨᠦᠭᠦᠳ ᠤᠯᠠᠨ ᠪᠤᠢ᠃ | ᠲᠠᠭᠠᠯᠳᠤᠭᠤᠯᠤᠯ | ᠲᠠᠬᠢᠭᠠᠳ ᠨᠢᠭᠡ ᠬᠡᠯᠡᠪᠡᠯ ᠬᠤᠪᠢᠯᠳᠠᠭ ᠦᠭᠡᠰ ᠭᠠᠭᠴᠠ ᠡᠨᠠᠤᠬᠡᠨ ᠲᠡᠳᠦᠢ ᠪᠢᠰᠢ᠂ ᠤᠤᠯ ᠤᠨ | ᠲᠡᠪᠢᠰᠭᠡᠷ ᠦᠰᠦᠭ ᠢ ᠨᠢ ᠦᠭᠡᠷ᠎ᠠ ᠶᠠᠩᠵᠤ ᠶᠢᠨ ᠲᠡᠪᠢᠰᠭᠡᠷ ᠪᠤᠯᠭᠠᠨ ᠰᠤᠯᠢᠵᠤ ᠪᠢᠴᠢᠳᠡᠭ ᠦᠭᠡᠰ ᠴᠦ ᠪᠠᠶᠢᠳᠠᠭ᠃ | ᠵᠢᠱᠢᠶᠡᠯᠡᠪᠡᠯ᠄ ᠦᠭᠡ ᠶᠢᠨ ᠲᠤᠮᠳᠡ ᠤᠷᠤᠭᠰᠠᠨ ᠨ᠋᠊ ᠨ ᠲᠡᠪᠢᠰᠭᠡᠷ ᠲᠠᠢ ᠦᠰᠦᠭ ᠲᠤ ᠨᠠ ᠬᠠ ᠭᠠ ᠶᠢᠨ ᠭᠤᠷᠪᠠᠨ | ᠲᠦᠷᠦᠯ ᠤᠨ ᠦᠰᠦᠭ ᠤᠨ ᠠᠯᠢ ᠨᠢᠭᠡᠨ ᠢ ᠨᠢ ᠰᠢᠭᠤᠳ ᠵᠠᠯᠭᠠᠵᠤ ᠪᠢᠴᠢᠪᠡᠯ ᠢ ᠲᠡᠪᠢᠰᠭᠡᠷ ᠪᠤᠯᠭᠠᠨ ᠰᠤᠯᠢᠵᠤ | ᠪᠢᠴᠢᠳᠡᠭ ᠪᠠᠶᠢᠨ᠎ᠠ᠃ ᠵᠢᠱᠢᠶ᠎ᠡ ᠨᠢ᠄ ᠲᠠᠶᠢᠰᠤᠨ᠂ ᠲᠠᠶᠢᠰᠦᠭᠨᠠᠬᠤ᠂ ᠲᠠᠷᠤᠨ᠂ ᠲᠠᠷᠤᠩᠭᠤᠶᠢᠯᠠᠬᠤ ᠬᠡᠬᠦ ᠪᠤᠶᠤ ᠬᠠᠨ | — ᠬᠠᠨᠵᠤ ᠬᠡᠬᠦ ᠵᠡᠷᠭᠡ ᠦᠭᠡᠰ ᠢ ᠢᠩᠭᠢᠵᠤ ᠪᠢᠴᠢᠳᠡᠭ ᠪᠠᠶᠢᠳᠠᠯ᠎ᠠ ᠪᠠᠨ ᠬᠠᠶᠢᠨ᠂ ᠬᠠᠩᠬᠤ᠂ ᠬᠠᠩᠭᠠᠬᠤ ᠬᠡᠵᠦ | ᠪᠢᠴᠢᠳᠡᠭ᠃ ᠲᠡᠭᠦᠨᠴᠢᠯᠡᠨ ᠪᠠᠳᠠᠷᠠᠨ — ᠪᠠᠳᠠᠷᠠᠩᠭᠤᠢ᠂ ᠤᠷᠤᠰᠢᠨ ᠤᠷᠤᠰᠢᠩᠭᠤᠢ᠂ ᠲᠡᠯᠭᠡᠷᠡᠨ ᠲᠡᠯᠭᠡᠷᠡᠩᠭᠦᠢ | ᠬᠡᠬᠦ ᠮᠡᠳᠦ ᠶᠢᠨ ᠦᠭᠡᠰ ᠠᠷᠪᠢᠨ ᠪᠠᠶᠢᠳᠠᠭ᠃ ᠪᠠᠰᠠ ᠦᠢᠯᠡ ᠦᠭᠡ ᠶᠢᠨ ︵ᠪᠠ︶ ᠦᠶ᠎ᠡ ᠦᠰᠦᠭ᠂ ᠦᠭᠪᠡ᠂ | ᠦᠭᠬᠦᠪᠡᠰᠦ ᠬᠡᠬᠦ ᠦᠭᠡᠰ ᠤᠨ ᠤᠤᠯ ᠤᠨ ᠲᠡᠪᠢᠰᠭᠡᠷ ᠦᠰᠦᠭ ᠢ ᠬᠤᠪᠢᠯᠭᠠᠬᠤ ᠦᠭᠡᠢ ᠠᠳᠠᠯ᠎ᠠ ᠪᠠᠨ ᠬᠠᠷᠢᠨ ᠦᠶ᠎ᠡ | ᠪᠠ ᠨᠢ ᠤᠤᠯ ᠤᠨ ᠪ ᠲᠡᠪᠢᠰᠭᠡᠷ ᠢᠶᠠᠨ ᠬᠤᠪᠢᠯᠭᠠᠵᠤ ᠠᠪ ᠬᠡᠰᠡᠨ ᠢᠵᠠᠭᠤᠷ ᠦᠭᠡ ᠶᠢ ᠠᠪᠤᠪᠠ ᠠᠪᠤᠪᠠᠢ ᠬᠡᠵᠦ | ᠡᠭᠡᠰᠢᠭᠳᠡᠢ ᠪᠤᠯᠭᠠᠨ ᠪᠢᠴᠢᠳᠡᠭ ᠮᠦᠷᠳᠡᠭᠡᠨ ᠪᠠᠰᠠ ᠬᠦᠪᠬᠦ ᠵᠢᠪᠬᠦ ᠬᠡᠬᠦ ᠦᠭᠡᠰ ᠲᠤ ᠤᠷᠳᠤᠳᠬᠠᠯ ᠭᠠ ᠶᠢᠨ ᠦᠶ᠎ᠡ | ᠨᠦᠭᠦᠳ ᠠᠴᠠ ᠪᠤᠶᠤ ᠲᠡᠪᠢᠰᠭᠡᠷ ᠦᠰᠦᠭ ᠵᠠᠯᠭᠠᠨ ᠪᠢᠴᠢᠪᠡᠯ ᠬᠦᠪᠪᠦᠭᠡᠳ ᠵᠢᠪᠪᠦᠨ ᠵᠢᠪᠦᠭᠰᠡᠨ ᠦᠭᠬᠦᠨ | ᠦᠭᠬᠦᠭᠰᠡᠨ ᠦᠭᠬᠦᠮᠤᠢ ᠦᠭᠬᠦᠭᠡᠳᠦᠢ ᠬᠡᠵᠦ ᠪᠦᠬᠦᠯᠢ ᠪᠦ᠋ ᠬᠦ᠋ ᠦᠶ᠎ᠡ ᠪᠠᠷ ᠬᠠᠯᠠᠭᠯᠠᠨ ᠪᠢᠴᠢᠵᠤ ᠪᠠᠶᠢᠨ᠎ᠠ᠃ ᠡᠨᠡ | ᠮᠡᠳᠦ ᠶᠢᠨ ᠵᠢᠱᠢᠶ᠎ᠡ ᠶᠢ ᠠᠳᠡ ᠬᠦᠷᠳᠡᠯ᠎ᠡ ᠪᠢᠴᠢᠭᠡᠳ ᠤᠯᠠᠨ ᠲᠦᠮᠡᠨ ᠤ ᠲᠤᠳᠤᠷ᠎ᠠ ᠦᠩᠭᠡᠷᠡᠭᠰᠡᠨ ᠤ ᠦᠭᠡ | ᠦᠰᠦᠭ ᠢ ᠲᠦᠭᠦᠮ ᠬᠢᠯᠪᠠᠷ ᠪᠤᠯᠭᠠᠨ ᠦᠭᠡᠷᠡᠴᠢᠯᠡᠨ᠎ᠡ ᠭᠡᠳᠡᠭ ᠦᠭᠡ ᠶᠠᠷᠢᠶ᠎ᠠ ᠪᠠᠶᠢᠳᠠᠭ ᠪᠤᠯᠪᠠᠴᠤ ᠮᠠᠤ ᠵᠦᠰᠢ ᠶᠢᠨ | ᠵᠤᠬᠢᠶᠠᠯ ᠪᠤᠯᠤᠨ ᠲᠦᠪ ᠪᠠ ᠤᠷᠤᠨ ᠤ ᠬᠡᠪ ᠲᠠᠷᠤᠮᠠᠯᠠᠯ ᠪᠢᠴᠢᠭ ᠲᠤ ᠴᠦᠮ ᠤᠤᠯ ᠶᠤᠰᠤᠭᠠᠷ ᠨᠢ ᠬᠡᠪᠯᠡᠨ | ᠲᠠᠷᠤᠮᠠᠯᠠᠭᠰᠠᠭᠠᠷ ᠪᠠᠶᠢᠬᠤ ᠪᠦᠭᠡᠳ ᠬᠦᠩᠴᠠᠨᠳᠡᠩ ᠨᠠᠮ ᠪᠤᠯᠤᠨ ᠮᠠᠤ ᠵᠦᠰᠢ ᠶᠢᠨ ᠬᠤᠪᠢᠰᠬᠠᠯᠳᠤ ᠲᠦᠷᠦ ᠶᠢᠨ | ᠪᠤᠳᠤᠯᠭ᠎ᠠ ᠳᠤ ᠴᠦᠬᠡᠨ ᠲᠤᠭᠠᠲᠤ ᠦᠨᠳᠤᠰᠤᠳᠡᠨ ᠤ ᠦᠭᠡ ᠬᠡᠯᠡ ᠦᠰᠦᠭ ᠪᠢᠴᠢᠭ ᠢ ᠬᠦᠢᠳᠦᠳᠬᠡᠨ | ᠬᠦᠭᠵᠢᠭᠦᠯᠦᠨ᠎ᠡ ᠬᠡᠵᠦ ᠪᠠᠶᠢᠬᠤ ᠪᠤᠯᠬᠤᠷ ᠤᠨᠴᠠᠭᠠᠢ ᠬᠤᠪᠢᠷᠠᠯᠳᠠ ᠲᠠᠢ ᠦᠭᠡᠰ ᠢ ᠪᠠᠭ᠎ᠠ ᠲᠦᠭᠦᠮ ᠢᠶᠠᠷ ᠡᠮᠬᠢᠳᠬᠡᠪᠡᠯ | ᠤᠯᠠᠨ ᠪᠠᠭᠰᠢ ᠨᠠᠷ ᠤᠨ ᠵᠢᠭᠠᠬᠤ ᠪᠠ ᠰᠤᠷᠤᠭᠴᠢᠳ ᠤᠨ ᠪᠢᠴᠢᠭᠰᠡᠨ ᠢ ᠵᠠᠯᠠᠷᠠᠭᠤᠯᠤᠨ ᠵᠠᠰᠠᠬᠤ ᠳᠤ ᠲᠦᠭᠦᠮ ᠪᠤᠯᠬᠤ | ᠪᠤᠯᠪᠠᠤ ᠬᠡᠵᠦ ᠮᠤᠩᠬᠠᠭᠳᠠᠨ ᠰᠠᠨᠠᠭᠰᠠᠨ ᠳᠠᠭᠠᠨ ᠲᠡᠭᠡᠷᠡᠬᠢ ᠬᠡᠳᠦᠨ ᠦᠭᠡᠰ ᠢ ᠡᠷᠢᠶᠡᠯ ᠦᠭᠡᠢ ᠪᠠᠷ ᠪᠢᠴᠢᠯ᠎ᠡ᠂ | ᠬᠦᠰᠡᠬᠦ ᠨᠢ ᠤᠯᠠᠨ ᠪᠠᠭᠰᠢ ᠨᠠᠷ ᠠᠭᠤᠴᠢᠯᠠᠨ ᠵᠦᠪᠰᠢᠶᠡᠷᠡᠪᠡᠯ᠂ ᠪᠤᠷᠤᠭᠤ ᠶᠢ ᠨᠢ ᠵᠠᠯᠠᠷᠠᠭᠤᠯᠤᠨ᠂ ᠲᠤᠳᠠᠭᠤ ᠶᠢ ᠨᠢ | ᠨᠡᠮᠡᠵᠤ ᠤᠯᠠᠮ ᠬᠦᠨᠵᠡᠬᠡᠢ ᠲᠡᠭᠦᠯᠳᠡᠷ ᠪᠤᠯᠭᠠᠵᠤ ᠬᠡᠷᠡᠭᠯᠡᠬᠦ ᠪᠤᠯᠪᠠᠤ︕ | ᠵᠦᠪ ᠪᠢᠴᠢᠬᠦ ᠶᠢᠨ ᠲᠤᠬᠠᠢ ᠪᠤᠯ ᠨᠠᠳᠠ ᠳᠤ ᠬᠠᠭᠤᠴᠢᠨ ᠤ ᠮᠤᠳᠤᠨ ᠬᠡᠪ ᠲᠠᠷᠤᠮᠠᠯᠠᠯ ᠪᠢᠴᠢᠭ ᠠᠴᠠ | ᠲᠡᠭᠦᠵᠤ ᠠᠪᠤᠭᠰᠠᠨ ᠪᠤᠶᠤ ᠵᠦᠪ ᠪᠢᠴᠢᠯᠭᠡ ᠳᠡᠭᠡᠨ ᠰᠠᠶᠢᠨ ᠬᠦᠮᠦᠰ ᠠᠴᠠ ᠬᠠᠭᠤᠯᠤᠨ ᠲᠡᠮᠳᠡᠭᠯᠡᠵᠤ ᠠᠪᠤᠭᠰᠠᠨ | ᠬᠤᠪᠢᠯᠤᠭᠴᠢ ᠦᠰᠦᠭ ᠤᠳ ᠤᠨ ᠲᠤᠬᠠᠢ ᠪᠠᠭ᠎ᠠ ᠰᠠᠭ᠎ᠠ ᠲᠡᠮᠳᠡᠭᠯᠡᠭᠰᠡᠨ ᠨᠢᠭᠡᠨ ᠪᠠᠭ᠎ᠠ ᠲᠡᠪᠳᠡᠷ ᠪᠠᠶᠢᠭᠰᠠᠨ ᠶᠤᠮᠰᠠᠨ᠂ | ᠬᠡᠳᠡᠯ᠎ᠡ ᠪᠢ ᠲᠡᠭᠦᠨ ᠢᠶᠠᠨ ᠲᠦᠴᠢᠨ ᠬᠡᠳᠦᠨ ᠤᠨ ᠳᠤ ᠬᠡᠬᠡᠬᠡᠳ ᠠᠯᠠᠭ᠎ᠠ ᠪᠤᠯᠴᠢᠬᠠᠪᠠ᠃ ᠤᠳᠤ ᠨᠠᠳᠠᠳᠤ | ᠲᠡᠶᠢᠮᠦᠷᠬᠦ ᠲᠡᠮᠳᠡᠭᠯᠡᠯ ᠤᠨ ᠲᠡᠪᠳᠡᠷ ᠬᠠᠳᠠᠭᠠᠯᠠᠭᠳᠠᠵᠤ ᠪᠠᠶᠢᠭᠰᠠᠨ ᠢ ᠮᠡᠳᠡᠬᠦ ᠪᠤᠶᠤ ᠰᠤᠨᠤᠭᠰᠠᠨ ᠬᠦᠮᠦᠨ ᠵᠦᠪ | ᠪᠢᠴᠢᠯᠭᠡ ᠶᠢᠨ ᠠᠭᠤᠯᠭ᠎ᠠ ᠶᠢᠨ ᠲᠤᠬᠠᠢ ᠶᠢ ᠨᠠᠮᠠᠢᠢ ᠭᠤᠯᠤᠬᠤ ᠦᠭᠡᠢ ᠪᠠᠷ ᠠᠰᠠᠭᠤᠳᠠᠭ ᠴᠦ ᠪᠠᠶᠢᠨ᠎ᠠ᠃ ᠢᠩᠭᠢᠬᠦ | ᠳᠤᠨᠢ ᠪᠢ ᠤᠤᠯ ᠲᠡᠮᠳᠡᠭᠯᠡᠯ ᠤᠨ ᠲᠡᠪᠳᠡᠷ ᠪᠠᠨ ᠦᠷᠡᠭᠳᠡᠬᠦᠯᠦᠭᠰᠡᠨ ᠪᠦᠬᠡᠳ ᠦᠪᠡᠷ ᠤᠨ ᠤᠬᠠᠭᠠᠨ ᠮᠡᠳᠡᠷᠡᠯ | ᠬᠤᠤᠳᠤᠤ ᠪᠤᠯᠴᠢᠬᠠᠭᠰᠠᠨ ᠪᠤᠯᠬᠤᠷ ᠵᠠᠷᠢᠮ ᠵᠦᠢᠯ ᠢ ᠬᠡᠴᠢᠨᠡᠨ ᠪᠤᠳᠤᠭᠠᠳ ᠪᠤᠳᠤᠭᠠᠠᠳ ᠦᠢᠨ ᠳᠠᠭᠠᠨ ᠤᠯᠵᠤ | ᠠᠪᠴᠦ ᠴᠢᠳᠠᠬᠤ ᠦᠭᠡᠢ᠂ ᠪᠠᠰᠠ ᠵᠠᠷᠢᠮ ᠢ ᠨᠢ ᠪᠠᠪᠠ ᠲᠠᠢ ᠯᠠᠪ ᠲᠡᠶᠢᠮᠦ ᠶᠤᠮ ᠳ᠋ᠠ ᠬᠡᠵᠦ ᠪᠠᠳᠤᠯᠠᠵᠤ ᠪᠠᠰᠠ | ᠴᠢᠳᠠᠬᠤ ᠦᠭᠡᠢ ᠬᠡᠮᠵᠢᠶᠡᠨ ᠳᠤ ᠬᠦᠷᠴᠡᠢ᠃ ᠡᠶᠢᠮᠦ ᠲᠤᠬᠠᠢ ᠶᠢ ᠪᠤᠳᠠᠳᠠᠢ ᠪᠠᠷ ᠤᠯᠠᠮᠵᠢᠯᠠᠭᠰᠠᠨ ᠶᠠᠪᠤᠳᠠᠯ ᠤᠭᠳᠤ | ᠪᠢᠰᠢ᠂ ᠬᠠᠷᠢᠨ ᠲᠡᠮᠡᠢ ᠪᠠᠯᠠᠢ ᠪᠠᠷ ᠵᠦᠨᠦᠭᠳᠡᠨ ᠰᠠᠮᠠᠷᠠᠭᠤᠯᠤᠭᠰᠠᠨ ᠬᠡᠷᠡᠭ ᠪᠤᠯᠬᠤ ᠨᠢ ᠵᠠᠶᠢᠯᠠᠰᠢ ᠦᠭᠡᠢ ᠪᠤᠯᠤᠨ᠎ᠠ | ᠬᠡᠰᠡᠨ ᠲᠦᠷᠦᠭᠳᠡᠯ ᠨᠠᠳᠠᠳᠤ ᠪᠤᠢ ᠪᠤᠯᠪᠠ᠃ ᠡᠶᠢᠮᠦ ᠲᠦᠷᠦᠭᠳᠡᠯ ᠠᠴᠠ ᠪᠠᠨ ᠪᠤᠯᠵᠤ᠂ ᠪᠢ ᠤᠳᠤ ᠦᠪᠡᠷ ᠢᠶᠠᠨ | ᠰᠠᠶᠢᠨ ᠪᠤᠳᠤᠵᠤ ᠰᠠᠨᠠᠭᠠᠯᠵᠠᠬᠤ ᠶᠢᠨ ᠵᠡᠷᠭᠡᠴᠡᠪᠡᠷ ᠪᠠᠭᠰᠢ ᠨᠠᠷ ᠠᠴᠠ ᠠᠰᠠᠭᠤᠵᠤ ᠯᠠᠪᠯᠠᠵᠤ ᠪᠠᠶᠢᠭᠠᠳ ᠨᠢᠭᠡ ᠪᠠᠭ᠎ᠠ | ᠵᠦᠢᠯ ᠢ ᠡᠮᠬᠢᠳᠬᠡᠨ ᠪᠢᠴᠢᠭᠡᠳ ᠦᠭᠪᠡᠯ ᠲᠡᠳᠡ ᠨᠠᠷ ᠯᠠᠪᠳᠠᠶᠢᠶ᠎ᠠ ᠰᠤᠳᠤᠯᠵᠤ ᠶᠠᠷᠢᠯᠴᠠᠭᠠᠳ ᠡᠨᠡ ᠲᠤᠬᠠᠢ ᠶᠢ ᠨᠡᠩ | ᠵᠦᠪ ᠨᠡᠩ ᠬᠦᠢᠴᠡᠳ ᠪᠤᠯᠭᠠᠵᠤ ᠭᠠᠷ ᠤᠨ ᠠᠪᠤᠯᠭ᠎ᠠ ᠳᠠᠭᠠᠨ ᠬᠡᠷᠡᠭᠯᠡᠬᠦ ᠮᠠᠭᠠᠳ ᠦᠭᠡᠢ ᠪᠤᠯᠪᠠᠤ ᠭᠤᠷᠢᠳᠠᠭᠰᠠᠨ | ᠳᠠᠭᠠᠨ ᠵᠦᠪ ᠪᠢᠴᠢᠯᠭᠡ ᠶᠢᠨ ᠲᠦᠷᠢᠮ ᠳᠤ ᠬᠤᠯᠪᠤᠭᠳᠠᠯ ᠲᠠᠢ ᠲᠦᠷᠪᠡᠨ ᠵᠦᠢᠯ ᠢᠶᠠᠷ ᠭᠤᠤᠯ ᠪᠤᠯᠭᠠᠭᠰᠠᠨ᠂ | ᠪᠠᠰᠠᠴᠤ ᠦᠭᠡᠷ᠎ᠡ ᠶᠠᠩᠵᠤ ᠪᠠᠷ ᠬᠤᠪᠢᠯᠳᠠᠭ ᠴᠦᠬᠡᠨ ᠲᠤᠭᠠᠨ ᠤ ᠦᠭᠡᠰ ᠢ ᠲᠠᠭᠠᠯᠳᠤᠭᠤᠯᠤᠭᠰᠠᠨ ᠪᠠᠭ᠎ᠠ ᠪᠠᠯᠠᠷᠬᠠᠢ | ᠵᠦᠢᠯ ᠢ ᠲᠡᠭᠡᠷ᠎ᠡ ᠲᠡᠮᠳᠡᠭᠯᠡᠨ ᠪᠢᠴᠢᠯ᠎ᠡ᠃ | ᠨᠧᠴᠢᠨ | 1973 ᠤᠨ ᠤ ᠨᠠᠶᠢᠮᠠᠳᠤᠭᠠᠷ ᠰᠠᠷ᠎ᠠ ᠶᠢᠨ ᠵᠢᠷᠭᠤᠭᠠᠨ ᠤ ᠡᠳᠦᠷ᠎ᠡ | ᠵᠡᠬᠦᠯᠳᠡ ᠲᠠᠶᠢᠯᠪᠦᠷᠢ | ① ᠨᠧᠴᠢᠨ ᠵᠠᠯᠠᠨ ᠤ ᠲᠤᠬᠠᠢ ᠠᠯᠢᠪᠠ ᠮᠡᠳᠡᠭᠡ ᠶᠢ ᠴᠤ᠋᠂ ᠪᠠᠯᠳᠠᠨ᠂ ᠭᠤ᠂ ᠵᠠᠮᠶᠠᠩ ᠨᠠᠷ ᠤᠨ | ᠵᠤᠬᠢᠶᠠᠯ ᠠᠴᠠ ᠠᠪᠴᠦ ᠨᠠᠶᠢᠷᠠᠭᠤᠯᠪᠠ᠃ ᠴᠤ᠋᠂ ᠪᠠᠯᠾᠠ ᠶᠢᠨ ᠵᠤᠬᠢᠶᠠᠯ᠂ ︽ᠰᠢᠯᠢ ᠶᠢᠨ ᠬᠤᠳᠠ ᠶᠢᠨ ᠰᠤᠶᠤᠯ | ᠲᠡᠤᠬᠡᠨ ᠮᠠᠲ᠋ᠧᠷᠢᠶᠠᠯ ︵ᠬᠤᠶᠠᠳᠤᠭᠠᠷ ᠡᠮᠬᠢᠳᠬᠡᠯ︶︾᠂ ᠭᠤ᠂ ᠵᠠᠮᠶᠠᠩ ᠤᠨ ︽ᠨᠤᠳᠤᠭ ᠤᠨ ᠴᠡᠩᠭᠡᠷ ᠪᠠᠷ᠎ᠠ︾ ᠳᠤ | ᠦᠵᠡᠭᠡᠷᠡᠢ᠃ | ② ᠨᠧᠴᠢᠨ ᠵᠠᠯᠠᠨ ᠤ ︽ᠦᠰᠦᠭ ᠨᠠᠶᠢᠷᠠᠭᠤᠯᠬᠤ ᠶᠢᠨ ᠢᠯᠡᠳᠬᠡᠯ︾᠂ ᠢᠷᠭᠡᠨ ᠤᠯᠤᠰ ᠤᠨ | ᠦᠶ᠎ᠡ ᠶᠢᠨ ᠴᠢᠭᠤᠯᠭᠠᠳᠤ ᠬᠠᠭᠠᠯᠭ᠎ᠠ ᠳᠠᠬᠢ ᠲᠡᠷᠢᠭᠦᠨ ᠨᠤᠶᠠᠨ ᠤ ᠤᠷᠳᠤᠨ ᠤ ᠲᠠᠷᠤᠮᠠᠯ ᠤᠨ ᠭᠠᠵᠠᠷ ᠤᠨ | ᠬᠤᠷᠭᠤᠯᠵᠢᠨ ᠪᠢᠷ᠂ 46 ᠨᠢᠭᠤᠷ ︵ᠲᠤᠭᠳᠤᠢ︶ 20.5 × 14.5cm ᠤᠨ ᠡᠩ ᠤᠨ ᠬᠠᠪᠳᠠᠰᠤᠳᠠᠢ ᠲᠡᠪᠳᠡᠷ | ᠂ ᠲᠤᠮᠳᠠᠳᠤ ᠤᠯᠤᠰ ᠤᠨ ᠤᠯᠤᠰ ᠤᠨ ᠨᠤᠮ ᠤ ᠰᠠᠩ᠂ ᠦᠪᠦᠷ ᠮᠤᠩᠭᠤᠯ ᠤᠨ ᠨᠡᠶᠢᠬᠡᠮ ᠤᠨ ᠰᠢᠨᠵᠢᠯᠡᠬᠦ | ᠤᠬᠠᠭᠠᠨ ᠤ ᠬᠦᠷᠢᠶᠡᠯᠡᠩ ᠤᠨ ᠨᠤᠮ ᠪᠢᠴᠢᠭ ᠮᠡᠳᠡᠭᠡ ᠵᠠᠩᠭᠢ ᠶᠢᠨ ᠲᠦᠪ᠂ ᠦᠪᠦᠷ ᠮᠤᠩᠭᠤᠯ ᠤᠨ ᠲᠠᠩᠰᠠ | ᠡᠪᠬᠡᠮᠡᠯ ᠤᠨ ᠰᠠᠩ᠂ ᠰᠢᠯᠢ ᠶᠢᠨ ᠭᠤᠤᠯ ᠠᠶᠢᠮᠠᠭ ᠤᠨ ᠲᠠᠩᠰᠠ ᠡᠪᠬᠡᠮᠡᠯ ᠤᠨ ᠰᠠᠩ ᠳᠤ ᠬᠠᠳᠠᠭᠠᠯᠠᠭᠳᠠᠵᠤ ᠪᠤᠢ᠃ ︽ | ᠲᠤᠮᠳᠠᠳᠤ ᠤᠯᠤᠰ ᠤᠨ ᠡᠷᠳᠡᠨ ᠤ ᠮᠤᠩᠭᠤᠯ ᠨᠤᠮ ᠪᠢᠴᠢᠭ ᠤᠨ ᠶᠡᠷᠦᠩᠭᠡᠢ ᠭᠠᠷᠴᠠᠭ︾ ᠨᠤᠮ ᠤᠨ 1138 ᠨᠢᠭᠤᠷ | ᠂ 06583 ᠵᠤᠷᠪᠤᠰ ᠢ ᠦᠵᠡᠬᠡᠷᠡᠢ᠃ |