| | | | ᠴᠣ᠂ ᠪᠠᠯᠾᠠ | ᠵᠡᠭᠦᠨ ᠠᠪᠠᠭ᠋ᠠᠨᠠᠷ ᠬᠤᠰᠢᠭᠤᠨ ᠤ ᠪᠡᠶᠢᠯᠡ ᠪᠡᠯᠭᠦᠨᠰᠦ᠋ᠷᠦᠩ᠂ ᠴᠢᠩ ᠣᠯᠣᠰ ᠤᠨ ᠪᠠᠳᠠᠷᠠᠭᠤᠯᠳᠣ | ᠲᠦᠷᠦ ᠶᠢᠨ ᠬᠤᠷᠢᠨ ᠳᠠᠪᠣᠳᠣᠭᠠᠷ ᠣᠨ ᠤ ᠰᠢᠷᠠᠭᠴᠢᠨ ᠭᠠᠭ᠋ᠠᠢ ᠵᠢᠯ ︵1899 ᠣᠨ︶ ᠳᠤ᠂ ᠳᠠᠶᠢᠴᠢᠨ | ᠳᠣᠰᠠᠯᠠᠭᠴᠢ ᠠᠭᠳᠣᠩᠭᠠ ᠶᠢᠨ ᠠᠬᠠᠮᠠᠳ ᠬᠦᠪᠡᠭᠦᠨ ᠪᠣᠯᠵᠣ ᠲᠦᠷᠦᠵᠠᠢ᠃ ᠠᠷᠪᠠᠨ ᠨᠢᠭᠡ ᠠᠴᠠ ᠠᠷᠪᠠᠨ ᠳᠣᠯᠣᠭᠠᠨ | ᠨᠠᠰᠣ ᠭᠦᠷᠳᠠᠯ᠎ᠠ ᠠᠪᠤ ᠨᠢ ᠳᠡᠭᠦᠨ ᠢ ᠯᠠᠮᠠ ᠪᠣᠯᠭᠠᠬᠤ ᠵᠣᠷᠢᠯᠭ᠎ᠠ ᠲᠠᠢ ᠪᠠᠨᠳᠢᠳᠠ ᠭᠡᠭᠡᠨ ᠳᠤ ᠰᠦᠮ᠎ᠡ ᠳᠤ | ᠰᠠᠭᠤᠯᠭᠠᠵᠣ ᠲᠦᠪᠡᠳ ᠨᠣᠮ ᠰᠣᠷᠭᠠᠵᠠᠢ᠃ ᠠᠷᠪᠡᠨ ᠨᠠᠢᠮᠨᠨ ᠨᠠᠰᠣᠯᠠᠮᠠᠭᠴᠠ ᠬᠠᠷ᠎ᠠ ᠬᠦᠮᠨ ᠪᠣᠯᠭᠠᠵᠣ᠂ ᠳᠠᠶᠢᠵᠢ | ᠵᠡᠷᠭᠡ ᠶᠢ ᠵᠠᠯᠭᠠᠮᠵᠢᠯᠠᠭᠤᠯᠬᠤ ᠪᠠᠷ ᠪᠣᠯᠵᠣ ᠭᠡᠷ ᠲᠡᠭᠡᠨ ᠠᠪᠴᠢᠷᠠᠵᠣ ᠪᠠᠭᠰᠢ ᠵᠠᠯᠠᠵᠣ ᠮᠣᠩᠭᠤᠯ ᠪᠢᠴᠢᠭ ᠦᠵᠡᠭᠦᠯᠵᠠᠢ | ᠃ 1920 ᠣᠨ ᠳᠤ᠂ ᠬᠤᠷᠢᠨ ᠬᠤᠶᠠᠷ ᠨᠠᠰᠣᠨ ᠳᠠᠭᠠᠨ᠂ ᠵᠠᠩᠭᠢᠶ᠎ᠠ ᠬᠡᠬᠡᠠ ᠱᠠᠪᠢᠨᠠᠷ ᠤᠨ ᠶᠦᠯᠵᠢᠯ ᠵᠠᠶᠢᠰᠠᠩ ᠤᠨ | ᠬᠡᠣᠭᠡᠨ ᠭᠠᠨᠳᠢᠮ᠎ᠠ ᠶᠢ ᠬᠠᠳᠣᠨ ᠪᠣᠯᠭᠠᠵᠣ ᠪᠠᠭᠤᠯᠭᠠᠵᠠᠢ᠃ | 1923 ᠣᠨ ᠳᠤ᠂ ᠬᠤᠷᠢᠨ ᠳᠠᠪᠣᠨ ᠨᠠᠰᠣᠳᠠᠢ ᠪᠠᠶᠢᠬᠤ ᠳᠤ᠂ ᠠᠪᠤ ᠠᠭᠳᠣᠩᠭᠠ ᠨᠢ ᠳᠡᠭᠦᠨ ᠳᠤ | ᠲᠦᠷᠦ ᠶᠢᠨ ᠪᠡᠶᠢᠯᠡ ᠶᠢᠨ ᠵᠡᠷᠭᠡ ᠶᠢ ᠵᠠᠯᠭᠠᠮᠵᠢᠯᠠᠭᠤᠯᠵᠣ ᠬᠤᠰᠢᠭᠤᠨ ᠤ ᠵᠠᠰᠠᠭ ᠰᠠᠭᠤᠯᠭᠠᠪᠠ᠃ 1926 ᠣᠨ ᠳᠤ᠂ | ᠬᠤᠷᠢᠨ ᠨᠠᠢᠮᠡᠨ ᠨᠠᠰᠣᠳᠠᠢ ᠳᠠᠭᠠᠨ᠂ ᠪᠠᠷᠠᠭᠤᠨ ᠠᠪᠠᠭ᠋ᠠᠨᠠᠷ ᠬᠤᠰᠢᠭᠤᠨ ᠠᠴᠠ ᠴᠡᠳᠡᠩ ᠢ ᠪᠠᠭ᠎ᠠ ᠬᠠᠳᠣᠨ ᠪᠣᠯᠭᠠᠨ | ᠪᠠᠭᠤᠯᠭᠠᠨᠵᠣ᠂ ᠳᠦᠷᠪᠡᠨ ᠵᠢᠯ ᠪᠣᠯᠣᠭᠠᠳ ᠪᠣᠴᠠᠭᠠᠪᠠ᠃ 1930 ᠣᠨ ᠤ ᠴᠠᠭᠠᠨ ᠮᠣᠷᠢᠨ ᠵᠢᠯ ᠭᠤᠴᠢᠨ ᠬᠤᠶᠠᠷ | ᠨᠠᠰᠣᠨ ᠳᠠᠭᠠᠨ ᠠᠪᠤ ᠠᠭᠳᠣᠩᠭᠠ ᠶᠢᠨ ᠵᠡᠷᠭᠡ ᠶᠢ ᠵᠠᠯᠭᠠᠮᠵᠢᠯᠠᠵᠣ᠂ ᠬᠤᠰᠢᠭᠤᠨ ᠤ ᠵᠠᠰᠠᠭ ᠲᠦᠷᠦ ᠶᠢᠨ ᠪᠡᠶᠢᠯᠡ | ᠪᠣᠯᠪᠠ᠃ 1933 ᠣᠨ ᠳᠤ ᠬᠤᠴᠢᠨ ᠭᠤᠷᠪᠠᠨ ᠨᠠᠰᠣᠨ ᠳᠠᠭᠠᠨ ᠳᠣᠰ ᠬᠤᠰᠢᠭᠤᠨ ᠤ ᠨᠢᠩᠵᠢᠭ ᠢ ᠪᠠᠭ᠎ᠠ ᠬᠠᠳᠣᠨ | ᠪᠣᠯᠭᠠᠨ ᠪᠠᠭᠤᠯᠭᠠᠵᠣ᠂ ᠪᠦᠬᠦᠯᠢ ᠭᠤᠷᠪᠠᠨ ᠵᠢᠯ ᠪᠣᠯᠣᠭᠠᠳᠣᠢ ᠪᠠᠷ ᠪᠣᠴᠠᠭᠠᠪᠠ᠃ 1935 ᠣᠨ ᠤ ᠭᠦᠭᠡᠭᠴᠢᠨ | ᠭᠠᠭ᠋ᠠᠢ ᠵᠢᠯ᠂ ᠪᠠᠨᠳᠢᠳᠠ ᠭᠡᠭᠡᠡ ᠤ ᠠᠷᠪᠠᠨ ᠭᠤᠷᠪᠠᠨ ᠰᠡᠭᠦᠳᠡᠷ᠂ ᠪᠡᠶᠢᠯᠡ ᠪᠡᠯᠭᠦᠨᠰᠦ᠋ᠷᠦᠩ ᠤᠨ ᠭᠤᠴᠢᠨ ᠳᠣᠯᠣᠭᠠᠨ | ᠨᠠᠰᠣᠨ ᠤ ᠵᠢᠯ ᠣᠷᠣᠭᠤᠯᠵᠣ᠂ ᠬᠤᠰᠢᠭᠤᠨ ᠤ ᠬᠡᠮᠵᠢᠶᠠᠨ ᠤ ᠶᠡᠭᠡ ᠨᠠᠶᠢᠷ ᠬᠢᠪᠡ᠃ ᠡᠨᠡ ᠵᠢᠯ ᠠᠩᠬᠠᠨ ᠤ ᠬᠠᠳᠣᠨ | ᠭᠠᠨᠳᠢᠮ᠎ᠠ ᠨᠠᠰᠣ ᠪᠠᠷᠠᠪᠠ᠃ 1936 ᠣᠨ ᠳᠤ ᠭᠤᠴᠢᠨ ᠨᠠᠢᠮᠡᠨ ᠨᠠᠰᠣᠨ ᠳᠠᠭᠠᠨ᠂ ᠳ᠋ᠧ ᠸᠠᠩ ᠠᠴᠠ | ᠡᠷᠳᠡᠮᠰᠣᠶᠣᠯᠳᠣ ᠬᠤᠳᠠ ︵ᠣᠳᠣ ᠶᠢᠨ ᠬᠤᠸᠠ ᠳ᠋ᠧ ᠰᠢᠶᠠᠨ︶ ᠳᠤ ᠪᠠᠶᠢᠭᠤᠯᠣᠭᠰᠠᠨ ᠴᠡᠷᠢᠭ ᠵᠠᠰᠠᠭ ᠤᠨ ᠣᠷᠳᠣᠨ | ᠤ ᠬᠠᠮᠢᠶᠠᠳᠠᠢ ᠴᠡᠷᠢᠭ ᠤᠨ ᠬᠤᠷᠢᠶᠠᠨ ᠳᠠᠷᠤᠭ᠎ᠠ ᠶᠢᠨ ᠠᠵᠢᠯ ᠢ ᠪᠦᠬᠦᠯᠢ ᠨᠢᠭᠡ ᠵᠢᠯ ᠬᠠᠷᠢᠭᠤᠴᠠᠵᠣ ᠦᠩᠭᠡᠷᠡᠪᠡ᠃ | ᠡᠨᠡ ᠵᠢᠯ ᠵᠡᠭᠦᠨ ᠠᠪᠠᠭ᠎ᠠ ᠬᠤᠰᠢᠭᠤᠨ ᠠᠴᠠ ᠴᠢᠮᠡᠣᠬᠤᠰᠣᠷ ᠢ ᠬᠠᠳᠣᠨ ᠪᠣᠯᠭᠠᠨ ᠠᠪᠣᠪᠠ᠃ 1941 — | 1945 ᠣᠨ ᠬᠦᠷᠳᠡᠯ᠎ᠠ ᠰᠢᠯᠢ ᠶᠢᠨ ᠭᠤᠣᠯ ᠤᠨ ᠴᠢᠭᠤᠯᠭᠠᠨ ᠶᠠᠮᠣᠨ ᠤ ᠢᠷᠭᠡᠨ ᠤ ᠵᠠᠰᠠᠯᠳᠠ ᠶᠢᠨ ᠭᠠᠵᠠᠷ ᠤᠨ | ᠳᠠᠷᠤᠭ᠎ᠠ ᠪᠠᠶᠢᠵᠣ᠂ 1946 ᠣᠨ ᠤ ᠣᠯᠠᠭᠠᠨ ᠨᠣᠬᠠᠢ ᠵᠢᠯ ᠳᠤ ᠲᠦᠴᠢᠨ ᠨᠠᠢᠮᠠᠨ ᠨᠠᠰᠣᠨ ᠳᠠᠭᠠᠨ᠂ | ᠠᠷᠠᠳᠴᠢᠯᠠᠭᠰᠠᠨ ᠰᠣᠩᠭᠤᠭᠤᠯᠢ ᠪᠠᠷ ᠬᠤᠰᠢᠭᠤᠨ ᠤ ᠰᠢᠨ᠎ᠠ ᠵᠠᠰᠠᠭ ᠤᠨ ᠣᠷᠳᠣᠨ ᠪᠠᠶᠢᠭᠤᠯᠣᠭᠳᠠᠭᠰᠠᠨ ᠢᠶᠠᠷ᠂ | ᠵᠡᠭᠦᠨ ᠠᠪᠠᠭ᠋ᠠᠨᠠᠷ ᠬᠤᠰᠢᠭᠤᠨ ᠤ ᠵᠠᠰᠠᠭ ᠲᠦᠷᠦ ᠶᠢᠨ ᠪᠡᠶᠢᠯᠡ ᠶᠢᠨ ᠵᠡᠷᠭᠡ ᠳᠣᠰᠢᠶᠠᠯ — ᠹᠸᠣᠳᠠᠯ ᠤᠨ ᠣᠨᠴᠠ | ᠡᠷᠭᠡ ᠪᠠᠨ ᠬᠠᠰᠣᠭᠳᠠᠵᠠᠢ᠃ ᠢᠩᠭᠢᠭᠡᠳ 1948 ᠣᠨ ᠳᠤ ᠳᠠᠪᠢᠨ ᠨᠠᠰᠣᠳᠠᠢ ᠳᠠᠭᠠᠨ ᠣᠯᠠᠭᠠᠨᠬᠤᠳᠠ ᠳᠤ | ᠡᠪᠡᠳᠴᠢᠨ ᠢᠶᠠᠷ ᠨᠠᠰᠣ ᠪᠠᠷᠠᠪᠠ᠃ | ᠳᠠᠶᠢᠽᠣ ᠴᠢᠩᠭᠢᠰ ᠬᠠᠭᠠᠨ ᠤ ᠳᠡᠭᠦᠦ ᠪᠢᠯᠡᠭᠦᠳᠠᠢ ᠶᠢᠨ ᠢᠵᠠᠭᠠᠷ ᠢᠶᠠᠷ ᠦᠶ᠎ᠡ ᠵᠡᠷᠭᠡ | ᠵᠠᠯᠭᠠᠮᠵᠢᠯᠠᠭᠰᠠᠨ ᠢ ᠭᠦᠭᠡᠭᠡᠵᠣ ᠪᠣᠳᠣᠪᠠᠯ᠂ ᠪᠢᠯᠡᠭᠦᠳᠡᠢ ᠠᠴᠠ ᠪᠡᠯᠭᠦᠨᠰᠦ᠋ᠷᠦᠩ ᠬᠦᠷᠳᠡᠯ᠎ᠠ ᠭᠤᠴᠢᠨ ᠦᠶ᠎ᠡ ᠪᠣᠯᠵᠣ᠂ | ᠴᠢᠩ ᠣᠯᠣᠰ ᠤᠨ ᠬᠠᠭᠠᠨ ᠡᠩᠬᠡ ᠠᠮᠣᠭᠤᠯᠠᠩ ᠤᠨ ᠵᠢᠷᠭᠤᠳᠣᠭᠠᠷ ᠣᠨ ᠳᠤ ᠠᠪᠠᠭ᠋ᠠᠨᠠᠷ ᠵᠡᠬᠦᠨ ᠭᠠᠷ ᠤᠨ ᠬᠤᠰᠢᠭᠤ | ᠪᠣᠯᠵᠣ᠂ ᠳ᠋ᠦᠩᠭᠢᠰᠧᠷᠠᠪ ᠢ ᠵᠠᠰᠠᠭ ᠪᠠᠶᠢᠰᠠ ᠰᠠᠭᠤᠯᠭᠠᠭᠰᠠᠨ ᠠᠴᠠ ᠪᠡᠯᠭᠦᠨᠰᠦ᠋ᠷᠦᠩ ᠭᠦᠷᠳᠡᠯ᠎ᠡ ᠠᠷᠪᠠᠨ ᠬᠤᠶᠠᠷ | ᠦᠶ᠎ᠡ ᠪᠣᠯᠣᠭᠰᠠᠨ ᠳᠡᠣᠬᠡ ᠲᠠᠢ᠃ ᠪᠡᠯᠭᠦᠨᠰᠦ᠋ᠷᠦᠩ ᠤᠨ ᠳᠣᠰ ᠬᠦᠮᠥᠨ ᠤ ᠪᠠᠶᠢᠳᠠᠯ᠂ ᠪᠣᠷᠬᠠᠨ ᠤ ᠱᠠᠰᠢᠨ ᠢ | ᠪᠢᠰᠢᠷᠡᠨ ᠰᠢᠳᠦᠳᠡᠭ᠃ ᠪᠠᠨᠳᠢᠳᠠ ᠭᠡᠭᠡᠨ ᠢ ᠣᠷᠳᠣᠨ ᠳᠠᠭᠠᠨ ᠵᠠᠯᠠᠵᠣ᠂ ᠡᠷᠭᠦᠯ ᠭᠦᠨᠳᠣᠯᠡᠯ ᠦᠢᠯᠡᠳᠬᠦ ᠪᠠ ᠣᠶᠢᠷ᠎ᠠ | ᠵᠠᠭᠤᠷ᠎ᠠ ᠶᠢᠨ ᠰᠦᠮ᠎ᠡ ᠬᠡᠶᠢᠳ ᠲᠤ ᠬᠦᠷᠴᠦ ᠮᠦᠷᠭᠦᠯ ᠬᠢᠳᠡᠭ᠃ 1933 ᠣᠨ ᠤ ᠬᠠᠷᠠᠭᠴᠢᠨ ᠳᠠᠬᠢᠶ᠎ᠠ ᠵᠢᠯ᠂ | ᠳᠣᠯᠣᠳᠣᠭᠠᠷ ᠲᠦᠷᠢ ᠶᠢᠨ ᠬᠡᠬᠡᠨ ᠠᠴᠠ ᠳ᠋ᠦᠢᠩᠭᠡᠷ ᠳ᠋ᠠᠽᠠᠩ ᠪᠠᠶᠢᠭᠤᠯᠬᠤ ᠳᠤ᠂ ᠦᠪᠡᠷ ᠤᠨ ᠡᠪᠦᠭᠡ ᠳᠡᠭᠡᠳᠦᠰ ᠤᠨ | ᠣᠷᠳᠣᠨ ᠳᠠᠪᠣᠨ ᠳᠠᠰᠣᠯᠭ᠎ᠠ ᠸᠠᠭᠠᠷ ᠤᠨ ᠪᠠᠶᠢᠰᠢᠩ ᠢᠶᠠᠨ ᠬᠦᠷᠢᠶ᠎ᠡ ᠲᠠᠢ ᠪᠠᠨ ᠬᠠᠮᠳᠣ ᠡᠷᠭᠦᠵᠣ᠂ ᠳ᠋ᠦᠢᠩᠭᠡᠷ ᠤᠨ | ᠰᠦᠮ᠎ᠡ ᠪᠣᠯᠭᠠᠭᠰᠠᠨ ᠪᠠ ᠬᠤᠷᠠᠯ ᠨᠣᠮ ᠤᠨ ᠦᠢᠯᠡᠰ ᠲᠤ ᠵᠣᠷᠢᠭᠤᠯᠣᠨ ᠪᠠᠶᠢᠩᠭᠤ ᠡᠷᠭᠦᠯ ᠬᠦᠨᠳᠣᠯᠠᠯ ᠦᠢᠯᠡᠳᠳᠡᠭ | ᠠᠴᠠ ᠳᠣᠳᠣᠭᠠᠳᠣ ᠦᠭᠯᠢᠭᠡ ᠶᠢᠨ ᠡᠵᠡᠨ ᠭᠢᠵᠣ ᠬᠦᠨᠳᠦᠳᠭᠡᠨ ᠳᠡᠭᠤᠳᠠᠭᠳᠠᠬᠤ ᠪᠣᠯᠣᠭᠰᠠᠨ ᠶᠤᠮ᠃ | ᠳᠡᠬᠦᠨ ᠳᠤ ᠬᠤᠰᠢᠭᠤᠨ ᠤ ᠵᠠᠰᠠᠭ ᠨᠣᠶᠠᠳ ᠤᠨ ᠣᠯᠠᠮᠵᠢᠯᠠᠯᠳᠣ ᠶᠠᠮᠪᠠ ᠯᠠᠷᠵᠠ ᠪᠠᠶᠢᠬᠤ ᠪᠣᠯᠪᠠᠴᠣ᠂ | ᠰᠣᠶᠥᠯ ᠤᠨ ᠬᠡᠮᠵᠢᠶ᠎ᠡ ᠳᠣᠣᠷ᠎ᠠ᠂ ᠨᠣᠮ ᠪᠢᠴᠢᠭ ᠦᠵᠡᠭᠦ ᠳᠣᠷ᠎ᠡ ᠦᠭᠡᠢ᠂ ᠮᠠᠰᠢᠨ ᠳᠡᠷᠭᠡ ᠪᠠᠷ ᠴᠢᠨ᠋ᠸ᠎ᠠ ᠠᠯᠠᠬᠤ | ᠳᠣᠷᠠᠳᠠᠢ᠂ ᠠᠪᠠᠯᠠᠭᠰᠠᠨ ᠴᠢᠨ᠋ᠸ᠎ᠠ ᠶᠢᠨ ᠠᠷᠠᠰᠣᠨ ᠤ ᠦᠨ᠎ᠠ ᠪᠠᠷ ᠨᠢᠭᠡ ᠮᠠᠰᠢᠨ ᠳᠡᠷᠭᠡ ᠠᠪᠣᠪᠠ ᠭᠡᠰᠡᠨ ᠦᠭᠡ | ᠪᠠᠶᠢᠳᠠᠭ᠃ ᠣᠷᠠᠨ ᠳᠠᠷᠬᠠᠨ ᠤ ᠠᠪᠢᠶᠠᠰ ᠲᠠᠢ᠃ ᠠᠷᠢᠬᠢ ᠣᠣᠭᠤᠳᠠᠭ ᠦᠭᠡᠢ᠂ ᠳᠠᠮᠠᠬᠢ ᠳᠠᠳᠠᠳᠠᠭ ᠦᠭᠡᠢ᠂ ᠵᠣᠨ | ᠨᠠᠮᠣᠷ ᠤᠨ ᠴᠠᠭ ᠲᠤ ᠦᠷᠭᠦᠯᠵᠢ ᠴᠡᠭᠡ ᠣᠣᠭᠤᠳᠠᠭ᠃ ᠮᠠᠯ ᠦᠰᠭᠡᠭᠦ ᠳᠤ ᠪᠠᠭ᠋ᠠᠳᠠᠢ᠂ ᠮᠠᠯ ᠢᠶᠠᠨ ᠰᠠᠶᠢᠨ ᠮᠠᠯᠵᠢᠵᠣ | ᠦᠰᠦᠭᠡᠭᠰᠡᠨ ᠬᠦᠮᠥᠨ ᠢ ᠶᠡᠬᠡᠯ᠎ᠡ ᠳᠣᠳᠣᠨᠣ ᠦᠵᠡᠵᠣ᠂ ᠮᠠᠭᠤᠬᠠᠨ ᠮᠠᠯᠵᠢᠭᠰᠠᠨ ᠬᠦᠮᠥᠨ ᠳᠤ ᠶᠡᠷᠦ ᠳᠣᠷ᠎ᠠ ᠮᠠᠭᠤᠳᠠᠢ | ᠪᠠᠶᠢᠳᠠᠭ᠃ ᠳᠣᠭᠰᠢᠨ ᠰᠢᠷᠦᠭᠦᠨ ᠬᠠᠷᠭᠢᠰ ᠦᠷᠡᠮᠡᠳᠡᠭᠡᠢ ᠵᠠᠩ ᠪᠠᠶᠢᠳᠠᠭ ᠦᠭᠡᠢ᠂ ᠶᠡᠬᠡᠯ᠎ᠡ ᠪᠦᠳᠦᠭᠦᠯᠢᠭ ᠮᠠᠶ᠋ᠢᠭ ᠤᠨ | ᠬᠦᠮᠥᠨ ᠪᠠᠶᠢᠭᠰᠠᠨ᠃ ᠡᠯᠳᠡᠪ ᠤᠨ ᠮᠠᠶᠢᠮᠠᠢ ᠬᠢᠬᠦ ᠪᠣᠶᠣ ᠶᠡᠭᠡ ᠦᠨ᠎ᠡ ᠦᠷᠳᠡᠭ ᠲᠠᠢ ᠶᠠᠭᠤᠮ᠎ᠠ ᠶᠢ ᠬᠤᠳᠠᠯᠳᠣᠨ | ᠠᠪᠴᠣ᠂ ᠦᠷᠢ ᠰᠢᠷᠢ ᠳᠠᠯᠪᠢᠨ ᠬᠤᠰᠢᠭᠤᠨ ᠤ ᠠᠷᠡᠳ ᠣᠯᠠᠨ ᠢ ᠳᠠᠳᠠᠪᠦᠷᠢ ᠳᠤ ᠴᠢᠷᠦᠭᠳᠡᠭᠦᠯᠳᠡᠭ ᠦᠭᠡᠢ᠂ | ᠬᠠᠷᠢᠨ ᠮᠠᠯ ᠰᠦᠷᠦᠭ ᠨᠢ ᠦᠰᠴᠣ ᠠᠷᠪᠢᠳᠣᠭᠰᠠᠨ ᠠᠴᠠ ᠳᠡᠭᠦᠨ ᠢ ᠮᠠᠯᠵᠢᠬᠤ ᠨᠢ ᠠᠷᠠᠳ ᠣᠯᠠᠨ ᠳᠤ ᠬᠦᠨᠳᠣ | ᠳᠠᠷᠣᠭᠠᠰᠣ ᠪᠣᠯᠵᠣ ᠪᠠᠶᠢᠭᠰᠠᠨ ᠶᠤᠮ᠃ | 1937 ᠣᠨ ᠳᠤ ᠰᠣᠷᠬᠤ ᠨᠠᠰᠣᠨ ᠤ ᠭᠤᠴᠢᠭᠠᠳ ᠬᠡᠣᠬᠡᠳ ᠢ ᠴᠣᠬᠯᠠᠭᠤᠯᠣᠨ᠂ ᠪᠠᠨᠳᠢᠳᠠ ᠭᠡᠭᠡᠨ | ᠬᠡᠶᠢᠳ ᠤᠨ ᠴᠣᠶᠢᠷ ᠤᠨ ᠴᠠᠭᠠᠨ ᠬᠦᠷᠢᠶᠡᠨ ᠳᠤ᠂ ᠵᠡᠭᠦᠨ ᠠᠪᠠᠭ᠋ᠠᠨᠠᠷ ᠬᠤᠰᠢᠭᠤᠨ ᠤ ᠬᠦᠪᠡᠭᠦᠳ ᠤᠨ ᠪᠠᠭ᠎ᠠ | ᠰᠣᠷᠭᠠᠭᠤᠯᠢ ᠪᠠᠶᠢᠭᠤᠯᠵᠣ᠂ ᠵᠢᠭ᠍ᠮᠢᠳᠨᠠᠮᠵᠢᠯ᠂ ᠳᠠᠪᠢᠨᠢᠩᠪᠤ᠂ ᠴᠣᠭᠳᠣᠭᠡᠷᠡᠯ ᠨᠠᠷ ᠢᠶᠠᠷ ᠪᠠᠭᠰᠢᠯᠠᠭᠤᠯᠵᠣ ᠮᠣᠩᠭᠤᠯ | ᠪᠢᠴᠢᠭ ᠦᠵᠡᠭᠦᠯᠵᠠᠢ᠃ ᠲᠡᠷᠡ ᠦᠶ᠎ᠡ ᠳᠤ ᠰᠣᠷᠭᠠᠭᠤᠯᠢ ᠪᠠᠶᠢᠭᠤᠯᠬᠤ ᠶᠣᠰᠣᠯᠠᠯ ᠢ ᠳᠣᠩ ᠳᠦᠬᠦᠮ ᠶᠠᠪᠣᠭᠤᠯᠵᠣ | ᠪᠠᠶᠢᠭᠰᠠᠨ ᠢ ᠬᠡᠯᠡᠬᠦ ᠳᠤ᠂ ᠨᠢᠭᠡ ᠪᠦᠳᠦᠭᠦᠨ ᠫᠢᠯᠠᠠ ᠳᠤ ᠠᠷᠪᠢᠨ ᠶᠧᠪᠢᠩ ᠪᠣᠣᠪᠤ ᠦᠷᠦᠵᠣ ᠳᠠᠯᠪᠢᠭᠠᠳ᠂ | ᠰᠣᠷᠭᠠᠭᠤᠯᠢ ᠶᠢᠨ ᠳᠠᠷᠤᠭ᠎ᠠ ᠪᠠᠭᠰᠢ ᠵᠢᠭ᠍ᠮᠢᠳᠨᠠᠮᠵᠢᠯ ᠠᠴᠠ ︽ᠮᠠᠨ ᠬᠤᠰᠢᠭᠤᠨ ᠤ ᠨᠣᠶᠠᠳ ᠲᠦᠰᠢᠮᠡᠳ ᠠᠴᠠ᠂ | ᠭᠡᠣᠭᠡᠳ ᠲᠠ ᠨᠠᠷ ᠤᠨ ᠪᠢᠴᠢᠭ ᠰᠣᠶᠣᠯ ᠰᠠᠶᠢᠨ ᠰᠣᠷᠴᠣ ᠡᠷᠳᠡᠮ ᠴᠢᠳᠠᠯᠳᠠᠢ ᠬᠦᠮᠥᠰ ᠪᠣᠯᠬᠤ ᠶᠢ ᠵᠣᠷᠢᠵᠣ ᠡᠨᠡ | ᠰᠣᠷᠭᠠᠭᠤᠯᠢ ᠶᠢ ᠪᠠᠶᠢᠭᠤᠯᠵᠣ ᠪᠠᠶᠢᠭ᠎ᠠ ᠶᠤᠮ᠃ ᠡᠶᠢᠮᠦ ᠳᠤ ᠰᠣᠷᠣᠭᠴᠢ ᠪᠣᠯᠣᠭᠰᠠᠨ ᠲᠠ ᠨᠠᠷ ᠬᠢᠴᠢᠶᠠᠨ ᠴᠢᠷᠮᠠᠶᠢᠵᠣ | ᠰᠠᠶᠢᠨ ᠦᠢᠯᠡᠰ ᠪᠦᠳᠦᠭᠡᠬᠦ ᠶᠢ ᠢᠷᠦᠭᠡᠨ ᠬᠦᠰᠡᠵᠣ ᠪᠠᠶᠢᠨ᠎ᠠ︾ ᠭᠡᠵᠣ ᠬᠡᠯᠡᠭᠡᠳ ᠪᠠᠭᠰᠢ ᠰᠣᠷᠣᠭᠴᠢ ᠬᠠᠮᠳᠣ ᠪᠠᠷ | ᠮᠣᠩᠭᠤᠯ ᠴᠠᠭᠠᠨ ᠳᠣᠯᠣᠭᠠᠢ ᠶᠢᠨ ᠡᠭᠡᠰᠢᠭ ᠳᠣᠯᠣᠭᠠᠨ ᠦᠰᠦᠭ ᠢ ᠭᠡᠳᠦᠨᠳᠡ ᠣᠩᠰᠢᠵᠣ ᠶᠣᠰᠣᠯᠠᠯ ᠳᠠᠭᠤᠰᠣᠭᠰᠠᠨ | ᠤ ᠳᠠᠷᠠᠭ᠎ᠠ᠂ ᠲᠡᠷᠡ ᠪᠣᠣᠪᠤ ᠶᠢ ᠰᠣᠷᠣᠭᠴᠢ ᠨᠠᠷ ᠲᠠᠭᠠᠨ ᠳᠦᠭᠡᠭᠡᠨ ᠦᠭᠴᠦ ᠳᠦᠭᠦᠮ ᠶᠣᠰᠣᠯᠠᠯ ᠳᠡᠭᠦᠰᠴᠦ ᠪᠢᠯᠡ᠃ | ᠰᠣᠷᠣᠭᠴᠢ ᠶᠢᠨ ᠭᠡᠷ ᠨᠢ ᠵᠦᠪᠬᠡᠨ ᠡᠮᠥᠰᠭᠦ ᠶᠢ ᠪᠡᠯᠡᠳᠬᠡᠭᠦ ᠠᠴᠠ ᠭᠠᠳᠠᠨ᠎ᠠ ᠪᠣᠰᠣᠳ ᠭᠡᠷ ᠪᠠᠶᠢᠰᠢᠩ᠂ ᠰᠢᠷᠡᠭᠡ | ᠰᠠᠨᠳᠠᠯᠢ ᠠᠮᠦ ᠪᠣᠳᠠᠭ᠎ᠠ᠂ ᠢᠳᠠᠬᠦ ᠮᠢᠬ᠎ᠠ᠂ ᠪᠢᠷ ᠴᠠᠭᠠᠰᠣ᠂ ᠠᠷᠭᠠᠯ ᠳᠦᠯᠡᠰᠢ ᠵᠡᠷᠭᠡ ᠶᠢ ᠴᠦᠮ ᠬᠤᠰᠢᠭᠤᠨ ᠠᠴᠠ | ᠪᠡᠯᠡᠳᠭᠡᠵᠣ ᠪᠠᠶᠢᠭᠰᠠᠨ ᠶᠤᠮ᠃ | ᠡᠨᠡ ᠰᠣᠷᠭᠠᠭᠤᠯᠢ ᠶᠢ ᠴᠦᠢᠷ ᠤᠨ ᠴᠠᠭᠠᠨ ᠭᠦᠷᠢᠶᠡᠨ ᠳᠤ ᠪᠠᠶᠢᠭᠤᠯᠵᠣ᠂ ᠭᠡᠳᠦᠨ ᠵᠢᠯ ᠪᠣᠯᠣᠭᠰᠠᠨ ᠤ | ᠳᠠᠷᠠᠭ᠎ᠠ᠂ ᠳᠠᠬᠢᠳᠠᠭ ᠤᠨ ᠡᠩᠭᠡᠷ ᠤᠨ ᠮᠠᠶᠢᠮᠠᠢ ᠳᠤ ᠨᠡᠭᠦᠵᠣ ᠨᠢᠭᠡ ᠬᠤᠭᠤᠴᠠᠭ᠎ᠠ ᠰᠠᠭᠤᠵᠣ᠂ ᠳᠠᠬᠢᠨ ᠬᠡᠬᠡᠨ ᠬᠡᠶᠢᠳ | ᠤᠨ ᠰᠠᠩ ᠤᠨ ᠬᠤᠷᠠᠯᠳᠣᠭᠠᠨ ᠳᠤ ᠢᠷᠡᠵᠣ ᠰᠠᠭᠤᠭᠰᠠᠨ ᠶᠤᠮ᠂ ᠢᠩᠭᠢᠵᠣ ᠣᠷᠣᠨ ᠰᠠᠭᠤᠴᠠ ᠶᠢᠨ ᠠᠰᠠᠭᠤᠳᠠᠯ | ᠠᠴᠠ ᠪᠣᠯᠵᠣ ᠭᠡᠳᠦᠨ ᠣᠳᠠᠭ᠎ᠠ ᠨᠡᠭᠦᠭᠰᠡᠨ ᠪᠣᠯᠪᠠᠴᠣ ᠬᠢᠴᠢᠶᠡᠯ ᠰᠣᠷᠣᠯᠭ᠎ᠠ ᠪᠠᠨ ᠳᠠᠰᠣᠯᠳᠠᠭᠤᠯᠣᠭᠰᠠᠨ ᠦᠭᠡᠢ ᠶᠤᠮ | ᠃ | ᠡᠨᠡ ᠰᠣᠷᠭᠠᠭᠤᠯᠢ ᠳᠤ ᠣᠳᠠᠭ᠎ᠠ ᠳᠠᠷᠠᠭ᠎ᠠ ᠪᠠᠭᠰᠢᠯᠠᠵᠣ ᠪᠠᠶᠢᠭᠰᠠᠨ ᠪᠠᠭᠰᠢ ᠨᠠᠷ ᠪᠣᠯ᠂ ᠵᠢᠭ᠍ᠮᠢᠳᠨᠠᠮᠵᠢᠯ | ᠂ ᠳᠠᠪᠢᠨᠢᠩᠪᠤ᠂ ᠴᠣᠭᠳᠣᠭᠡᠷᠡᠯ᠂ ᠫᠧᠩᠱᠢᠩᠭᠡ᠂ ᠳᠠᠰᠢᠵᠠᠮᠰᠣ᠂ ᠪᠠᠯᠾᠠ᠂ ᠳᠣᠭᠠᠷᠨᠢᠮᠠ᠂ ᠭᠤᠮᠪᠣᠰᠦᠷᠦᠩ ᠨᠠᠷ | ᠪᠣᠯᠣᠨ᠎ᠠ᠃ ᠡᠳᠡᠭᠡᠷ ᠪᠠᠭᠰᠢ ᠨᠠᠷ ᠢ ᠪᠣᠯ ᠬᠤᠰᠢᠭᠤᠨ ᠤ ᠳᠣᠳᠣᠷᠠᠬᠢ ᠨᠠᠷᠠ ᠠᠯᠳᠠᠷ ᠪᠦᠬᠦᠢ ᠡᠷᠳᠡᠮᠳᠠᠢ ᠬᠦᠮᠥᠰ | ᠠᠴᠠ ᠳᠣᠬᠢᠷᠠᠭᠤᠯᠵᠣ᠂ ᠭᠠᠳᠠᠨ᠎ᠠ ᠠᠴᠠ ᠪᠠᠰᠠ ᠪᠠᠭᠰᠢ ᠵᠠᠯᠠᠵᠣ ᠠᠪᠴᠢᠷᠠᠭᠰᠠᠨ ᠪᠠᠶᠢᠨ᠎ᠠ᠃ ᠡᠨᠡ ᠪᠣᠯ | ᠪᠡᠯᠭᠦᠨᠰᠦ᠋ᠷᠦᠩ ᠠᠴᠠ ᠪᠢᠴᠢᠭ ᠡᠷᠳᠡᠮ ᠰᠣᠷᠬᠤ ᠶᠢ ᠬᠦᠨᠳᠣᠳᠭᠡᠨ ᠦᠵᠡᠵᠣ ᠪᠠᠶᠢᠭᠰᠠᠨ ᠤ ᠢᠯᠡᠷᠡᠯ ᠪᠣᠯᠣᠨ᠎ᠠ᠃ | ᠡᠨᠡ ᠰᠣᠷᠭᠠᠭᠤᠯᠢ 1944 — 1945 ᠣᠨ ᠤ ᠦᠶ᠎ᠡ ᠳᠤ᠂ ᠳᠦᠪ ᠶᠣᠰᠣᠨ ᠤ ᠰᠣᠷᠭᠠᠭᠤᠯᠢ ᠪᠣᠯᠵᠣ᠂ | ᠦᠨᠳᠦᠷ ᠳᠣᠮᠳᠠ ᠶᠢᠨ ᠬᠡᠮᠵᠢᠶᠡᠨ ᠳᠤ ᠭᠦᠷᠴᠦ ᠬᠡᠯᠡ ᠪᠢᠴᠢᠭ᠂ ᠳᠤᠭ᠎ᠠ ᠪᠣᠳᠣᠯᠭ᠎ᠠ᠂ ᠳᠡᠣᠬᠡ᠂ ᠭᠠᠵᠠᠷ ᠵᠦᠢ᠂ | ᠵᠢᠷᠤᠭ᠂ ᠪᠡᠶ᠎ᠡ ᠶᠢᠨ ᠳᠠᠮᠢᠷ ᠤᠨ ᠬᠢᠴᠢᠶᠡᠯ ᠣᠷᠣᠬᠤ ᠪᠣᠯᠵᠣ᠂ ᠰᠣᠷᠣᠭᠴᠢ ᠶᠢᠨ ᠮᠠᠳᠡᠯᠭᠡ ᠴᠦ ᠶᠡᠭᠡ ᠳᠡᠭᠡᠭᠰᠢᠯᠡᠭᠰᠡᠨ | ᠪᠠᠶᠢᠨ᠎ᠠ᠃ ᠪᠠᠭᠰᠢ ᠨᠠᠷ ᠤᠨ ᠪᠠᠶᠢᠳᠠᠯ ᠢ ᠬᠡᠯᠡᠪᠡᠯ᠂ ᠴᠠᠬᠠᠷ ᠪᠠᠭᠰᠢ ᠴᠣᠭᠳᠣᠭᠡᠷᠡᠯ ᠪᠣᠯ᠂ ᠮᠣᠩᠭᠤᠯ ᠮᠠᠨᠵᠣ ᠪᠢᠴᠢᠭ | ᠮᠡᠳᠡᠬᠦ ᠪᠦᠭᠡᠳ ᠣᠳᠠᠭᠠᠨ ᠵᠢᠯ ᠪᠠᠭᠰᠢᠯᠠᠭᠰᠠᠨ ᠳᠣᠷᠰᠢᠯᠭ᠎ᠠ ᠲᠠᠢ ᠬᠦᠮᠥᠨ ᠶᠤᠮ᠃ ᠰᠣᠷᠣᠭᠴᠢ ᠶᠢ ᠶᠣᠰᠣ ᠲᠦᠷᠢᠮ | ᠲᠠᠢ ᠪᠠᠶᠢᠬᠤ ᠶᠢ ᠴᠢᠩᠭ᠎ᠠ ᠱᠠᠭᠠᠷᠳᠠᠳᠠᠭ᠃ ︽ᠬᠠᠭᠠᠨ ᠤ ᠬᠦᠦ ᠵᠠᠭᠠᠨ ᠣᠨᠣᠭᠠᠳ ᠢᠷᠡᠭᠰᠡᠨ ᠴᠦ ᠲᠡᠷᠡ᠂ ᠬᠠᠷᠠᠴᠣ | ᠶᠢᠨ ᠬᠦᠥ ᠶᠠᠪᠠᠭᠠᠨ ᠭᠦᠶᠦᠭᠡᠳ ᠢᠷᠡᠭᠰᠡᠨ ᠴᠦ ᠲᠡᠷᠡ᠂ ᠰᠣᠷᠭᠠᠭᠤᠯᠢ ᠶᠢᠨ ᠲᠦᠷᠢᠮ ᠢ ᠨᠢᠭᠡᠨ ᠠᠳᠠᠯᠢ ᠴᠢᠩᠭ᠎ᠠ | ᠰᠠᠬᠢᠵᠣ ᠪᠠᠶᠢᠬᠤ ᠭᠡᠷᠡᠭᠳᠡᠢ︾ ᠭᠡᠵᠣ ᠰᠣᠷᠭᠠᠳᠠᠭ ᠪᠠᠶᠢᠭᠰᠠᠨ᠃ ᠰᠣᠷᠭᠠᠭᠤᠯᠢ ᠶᠢᠨ ᠳᠠᠷᠤᠭ᠎ᠠ ᠫᠧᠩᠱᠢᠩᠭᠡ ᠪᠣᠯ | ᠳᠠᠭᠤᠣ ᠰᠢᠯᠥᠭ᠂ ᠵᠣᠭᠢᠶᠠᠯ ᠪᠢᠴᠢᠬᠦ ᠳᠤ ᠠᠪᠢᠶᠠᠰᠣᠯᠢᠭ ᠪᠠᠶᠢᠵᠣ᠂ ᠮᠣᠩᠭᠤᠯ ᠦᠰᠦᠭ ᠤᠨ ᠡᠬᠡᠰᠢᠭ ᠳᠣᠯᠣᠭᠠᠨ | ᠢᠰᠦᠭ ᠤᠨ ᠳᠠᠷᠠᠭᠠᠯᠠᠯ ᠢᠶᠠᠷ ᠦᠭᠡ ᠬᠤᠯᠪᠣᠨ ︽ᠠᠷᠪᠠᠨ ᠡᠷᠳᠡᠮ ᠢᠯᠡᠷᠭᠡᠢ ᠣᠯᠪᠣᠰᠣ ᠣᠬᠠᠭᠠᠨ ᠦᠷᠭᠡᠵᠢᠬᠦ ᠦᠨᠡᠨ | ︾ ᠭᠡᠬᠦ ᠮᠠᠳᠣ ᠣᠷᠠᠨ ᠬᠠᠪᠣᠯᠢᠭ ᠢᠶᠠᠷ ︽ᠠᠷᠪᠠᠨ ᠡᠷᠳᠡᠮ︾ ᠢ ᠰᠢᠯᠥᠭᠯᠡᠨ ᠵᠣᠭᠢᠶᠠᠵᠣ᠂ ᠣᠶᠠᠩᠭᠠᠯᠠᠨ ᠣᠩᠰᠢᠵᠣ᠂ | ᠰᠣᠷᠣᠭᠴᠢᠳ ᠲᠠᠭᠠᠨ ᠠᠭᠤᠯᠭ᠎ᠠ ᠶᠢ ᠨᠢ ᠨᠢᠭᠡ ᠨᠢᠭᠡ ᠪᠠᠷ ᠳᠠᠶᠢᠯᠪᠣᠷᠢᠯᠠᠨ ᠦᠭᠴᠦ ᠡᠶᠢᠮᠦ ᠬᠦᠮᠥᠨ ᠪᠣᠯᠬᠤ ᠭᠡᠷᠡᠭᠳᠡᠢ | ᠭᠡᠵᠣ ᠰᠣᠷᠭᠠᠳᠠᠭ ᠪᠠᠶᠢᠭᠰᠠᠨ ᠪᠦᠭᠡᠳ ᠭᠡᠯᠡ ᠪᠢᠴᠢᠭ ᠤᠨ ᠪᠠᠭᠰᠢ ᠪᠠᠯᠾᠠ ᠠᠴᠠ ︽ᠠᠷᠪᠠᠨ ᠡᠷᠳᠡᠮ︾ ᠶᠠᠭᠤ ᠪᠣᠢ | ᠬᠡᠮᠡᠪᠡᠰᠦ᠄ ᠨᠣᠮ ᠳᠤ ᠮᠡᠷᠭᠡᠨ ᠨᠣᠶᠢᠷ ᠲᠤ ᠰᠡᠷᠭᠡᠭ ᠦᠢᠯᠡ ᠳᠤ ᠣᠷᠠᠨ ᠦᠭᠡᠨ ᠳᠤ | ᠰᠡᠴᠡᠨ ᠬᠠᠣᠯᠢ ᠳᠤ ᠰᠢᠳᠣᠷᠭᠤ ᠬᠤᠷᠢᠮ ᠳᠤ ᠴᠣᠪᠣᠭᠤ ᠳᠠᠶᠢᠨ ᠪᠠᠭᠠᠳᠣᠷ ᠲᠠᠯᠠᠢ ᠳᠤ | ᠣᠰᠣᠴᠢ ᠳᠡᠭᠡᠳᠣ ᠳᠤ ᠵᠢᠰᠣᠷ ᠦᠭᠡᠢ ᠳᠣᠣᠷᠠᠳᠣ ᠳᠤ ᠨᠠᠶᠢᠷᠠᠳᠠᠢ ᠭᠡᠵᠣ ᠠᠮᠢᠳᠣ ᠳᠦᠷᠰᠦᠯᠢᠭ ᠢᠶᠠᠷ | ᠳᠠᠶᠢᠯᠪᠣᠷᠢᠯᠠᠳᠠᠭ ᠪᠠᠶᠢᠭᠰᠠᠨ ᠪᠦᠭᠡᠳ ᠮᠣᠩᠭᠤᠯ ᠬᠡᠯᠡ ᠪᠢᠴᠢᠭ ᠤᠨ ᠦᠰᠦᠭ ᠬᠤᠯᠪᠣᠬᠤ᠂ ᠵᠦᠪ ᠪᠢᠴᠢᠯᠭᠡ᠂ ᠣᠷᠠᠨ | ᠳᠣᠳᠣ ᠣᠩᠰᠢᠯᠭ᠎ᠠ᠂ ᠴᠠᠪᠡᠷ ᠪᠢᠴᠢᠯᠭᠡ ᠬᠢᠭᠡᠳ ᠪᠢᠴᠢᠯᠭᠡ ᠶᠢᠨ ᠳᠢᠭ ᠲᠤ ᠬᠦᠷᠳᠡᠯ᠎ᠠ ᠰᠣᠷᠣᠭᠴᠢᠳ ᠢ ᠨᠠᠷᠢᠨ | ᠨᠢᠮᠪᠠᠢ ᠴᠢᠩᠭ᠎ᠠ ᠱᠠᠭᠠᠷᠳᠠᠳᠠᠭ ᠪᠠᠶᠢᠪᠠ᠃ ᠪᠣᠷᠢᠶᠡᠳ ᠪᠠᠭᠰᠢ ᠳᠣᠭᠠᠷᠨᠢᠮᠠ ᠪᠣᠯ᠂ ᠭᠠᠵᠠᠷ ᠵᠦᠢ᠂ ᠵᠢᠷᠤᠭ᠂ ᠳᠤᠭ᠎ᠠ | ᠪᠣᠳᠣᠯᠭ᠎ᠠ ᠶᠢ ᠰᠠᠶᠢᠬᠠᠨ ᠵᠢᠭᠠᠳᠠᠭ ᠪᠠᠶᠢᠭᠰᠠᠨ᠃ ᠭᠤᠮᠪᠣᠰᠦᠷᠦᠩ ᠪᠣᠯ ᠬᠡᠯᠡ ᠪᠢᠴᠢᠭ᠂ ᠪᠡᠶ᠎ᠡ ᠶᠢᠨ ᠳᠠᠮᠢᠷ ᠢ | ᠰᠠᠶᠢᠬᠠᠨ ᠵᠢᠭᠠᠳᠠᠭ ᠪᠠᠭᠰᠢ ᠪᠠᠶᠢᠭᠰᠠᠨ᠃ ᠡᠶᠢᠮᠦ ᠡᠷᠳᠠᠮᠳᠠᠨ ᠮᠡᠷᠭᠡᠵᠢᠯᠳᠠᠨ ᠪᠠᠭᠰᠢ ᠨᠠᠷ ᠤᠨ ᠰᠣᠷᠭᠠᠵᠣ | ᠬᠦᠮᠦᠵᠢᠭᠦᠯᠥᠭᠰᠠᠨ ᠤ ᠠᠴᠢ ᠪᠠᠷ ᠰᠣᠷᠭᠠᠭᠤᠯᠢ ᠠᠴᠠ ᠳᠡᠭᠦᠰᠴᠦ ᠭᠠᠷᠣᠭᠰᠠᠨ ᠰᠣᠷᠣᠭᠴᠢᠳ ᠳᠣᠬᠠᠢ ᠶᠢᠨ ᠦᠶ᠎ᠡ | ᠳᠡᠭᠡᠨ ᠡᠷᠳᠠᠮ ᠰᠣᠶᠣᠯ ᠲᠠᠢ ᠳᠤ ᠳᠣᠭᠠᠴᠢᠭᠳᠠᠵᠣ ᠪᠠᠶᠢᠭᠰᠠᠨ ᠢᠶᠠᠷ ᠪᠠᠷᠠᠬᠤ ᠦᠭᠡᠢ᠂ ᠴᠢᠯᠥᠭᠡᠯᠡᠭᠳᠡᠭᠰᠠᠨ ᠤ ᠳᠠᠷᠠᠭ᠎ᠠ | ᠪᠠᠷᠤᠭ ᠪᠦᠷ ᠬᠤᠪᠢᠰᠬᠠᠯ ᠤᠨ ᠡᠬᠢᠨ ᠤ ᠦᠶ᠎ᠡ ᠶᠢᠨ ᠺᠡᠳᠠᠷ ᠪᠣᠯᠵᠣ ᠵᠣᠬᠢᠬᠤ ᠬᠡᠮᠵᠢᠶᠠᠨ ᠤ ᠦᠢᠯᠡᠳᠦᠯ ᠭᠠᠷᠭᠠᠵᠣ | ᠪᠠᠶᠢᠭᠰᠠᠨ ᠢ ᠴᠦ ᠣᠨᠴᠠ ᠳᠡᠮᠳᠡᠭᠯᠡᠭᠦᠰᠢᠳᠠᠢ ᠶᠤᠮ᠃ | ᠳ᠋᠊᠂ ᠸᠠᠩ ᠭᠦᠦ ᠳᠣᠭᠠᠷᠰᠦᠷᠦᠩ ᠲᠠᠢ ᠪᠠᠨ᠂ ᠪᠡᠶᠢᠯᠡ ᠪᠡᠯᠭᠦᠨᠰᠦ᠋ᠷᠦᠩ ᠢ ᠳᠠᠭᠠᠭᠤᠯᠣᠨ ᠡᠨᠡ | ᠰᠣᠷᠭᠠᠭᠤᠯᠢ ᠳᠤ ᠢᠷᠡᠵᠣ ᠬᠠᠷᠢᠭᠤ ᠮᠡᠳᠡᠭᠦᠯᠥᠯᠳᠡ ᠶᠢ ᠰᠣᠨᠣᠰᠣᠭᠰᠠᠨ ᠤ ᠳᠠᠷᠠᠭ᠎ᠠ ᠪᠠᠶᠢᠴᠠᠭᠠᠨ ᠦᠵᠡᠵᠣ ᠡᠨᠡ | ᠰᠣᠷᠭᠠᠭᠤᠯᠢ ᠶᠢᠨ ᠰᠣᠷᠣᠯᠭ᠎ᠠ ᠶᠢᠨ ᠬᠢᠷᠢ ᠬᠡᠮᠵᠢᠶ᠎ᠠ ᠶᠢ ᠰᠠᠶᠢᠨ ᠭᠡᠵᠣ ᠦᠨᠡᠯᠡᠵᠣ ᠰᠠᠶᠢᠰᠢᠶᠠᠨ ᠮᠠᠭᠳᠠᠵᠣ ᠪᠠᠶᠢᠭᠰᠠᠨ | ᠶᠤᠮ᠃ ᠪᠠᠰᠠ 1942 ᠣᠨ ᠳᠤ ᠳᠣᠰ ᠬᠤᠰᠢᠭᠤᠨ ᠳᠤ ᠦᠬᠢᠳ ᠤᠨ ᠪᠠᠭ᠎ᠠ ᠰᠣᠷᠭᠠᠭᠤᠯᠢ ᠪᠠᠶᠢᠭᠤᠯᠵᠣ᠂ | ᠨᠧᠴᠢᠨ ᠢᠶᠠᠷ ᠳᠠᠷᠤᠭ᠎ᠠ ᠪᠠᠭᠰᠢ ᠪᠣᠯᠭᠠᠨ᠂ ᠸᠠᠴᠢᠷᠪᠠᠳᠣ᠂ ᠭᠤᠮᠪᠣᠰᠦᠷᠦᠩ ᠨᠠᠷ ᠪᠠᠭᠰᠢᠯᠠᠵᠣ ᠪᠠᠶᠢᠪᠠ᠃ ᠡᠬᠢᠯᠡᠬᠦ | ᠳᠡᠭᠡᠨ ᠬᠤᠷᠢᠨ ᠭᠡᠳᠦᠨ ᠰᠣᠷᠣᠭᠴᠢ ᠲᠠᠢ᠂ ᠮᠣᠩᠭᠤᠯ ᠬᠡᠯᠡ ᠪᠢᠴᠢᠭ᠂ ᠳᠤᠭ᠎ᠠ ᠪᠣᠳᠣᠯᠭ᠎ᠠ᠂ ᠭᠠᠵᠠᠷ ᠵᠦᠢ᠂ ᠪᠡᠶ᠎ᠡ | ᠶᠢᠨ ᠳᠠᠮᠢᠷ ᠵᠡᠷᠭᠡ ᠬᠢᠴᠢᠶᠠᠯ ᠣᠷᠣᠵᠣ ᠪᠠᠶᠢᠭᠰᠠᠨ ᠤ ᠬᠠᠮᠳᠣ ᠳᠣᠪᠤ᠂ ᠵᠢᠷᠭᠤᠭᠠᠨ ᠮᠣᠩᠭᠤᠯ ᠭᠡᠷ ᠢᠶᠠᠷ᠂ ᠪᠠᠷᠳᠡᠭ | ᠰᠢᠷᠠᠳᠠᠯ᠎ᠠ ᠵᠡᠷᠭᠡ ᠭᠠᠵᠠᠷ ᠢᠶᠠᠷ , ᠣᠯᠠᠷᠢᠯ ᠢ ᠲᠠᠭᠠᠨ ᠰᠢᠯᠵᠢᠨ ᠨᠡᠭᠦᠵᠣ᠂ ᠨᠢᠭᠡᠨ ᠰᠦᠷᠦᠭ ᠬᠤᠨᠢ᠂ ᠨᠢᠭᠡᠨ | ᠰᠦᠷᠦᠭ ᠦᠬᠡᠷ ᠮᠠᠯᠵᠢᠵᠣ᠂ ᠰᠣᠷᠣᠭᠴᠢᠳ ᠨᠢ ᠦᠨᠢᠶ᠎ᠡ᠂ ᠬᠤᠨᠢ ᠰᠠᠭᠠᠬᠤ᠂ ᠰᠦ ᠰᠠᠭᠠᠯᠢ ᠪᠣᠯᠪᠠᠰᠣᠷᠠᠭᠤᠯᠬᠤ᠂ | ᠠᠷᠭᠠᠯ ᠳᠡᠭᠦᠭᠦ᠂ ᠬᠤᠪᠴᠠᠰᠣ ᠬᠤᠨᠠᠷ ᠣᠶᠣᠬᠤ ᠵᠡᠷᠭᠡ ᠮᠠᠯ ᠠᠵᠣ ᠠᠬᠤᠶᠢᠳᠠᠨ ᠤ ᠪᠠᠶᠢᠳᠠᠯ ᠳᠤ ᠳᠣᠭᠢᠷᠠᠭᠰᠠᠨ | ᠰᠣᠷᠣᠯᠭ᠎ᠠ᠂ ᠭᠦᠳᠡᠯᠮᠦᠷᠢ ᠶᠢ ᠣᠶᠠᠯᠳᠣᠭᠤᠯᠭᠰᠠᠨ ᠰᠣᠷᠭᠠᠭᠤᠯᠢ ᠶᠢ ᠪᠠᠶᠢᠭᠤᠯᠵᠣ᠂ ᠵᠠᠯᠠᠭᠤ ᠬᠤᠶᠢᠴᠢ ᠦᠶ᠎ᠡ ᠶᠢᠨ | ᠬᠢᠨ ᠢ ᠪᠢᠴᠢᠭ ᠡᠷᠳᠡᠮ ᠰᠣᠷᠭᠠᠬᠤ ᠳᠤ ᠶᠡᠭᠡ ᠠᠩᠬᠠᠷᠴᠣ ᠪᠠᠶᠢᠭᠰᠠᠨ ᠢ ᠡᠭᠦᠨ ᠠᠴᠠ ᠮᠠᠳᠠᠵᠣ ᠪᠣᠯᠣᠨ᠎ᠠ᠃ | ᠡᠨᠡ ᠰᠣᠷᠭᠠᠭᠤᠯᠢ ᠶᠢᠨ ᠳᠠᠷᠤᠭ᠎ᠠ ᠨᠧᠴᠢᠨ ᠪᠣᠯ ︽ᠦᠰᠦᠭ ᠨᠠᠶᠢᠷᠠᠭᠤᠯᠬᠤ ᠢᠯᠡᠳᠬᠡᠯ︾ ᠭᠡᠰᠡᠨ | ᠵᠣᠬᠢᠶᠠᠯ ᠪᠢᠴᠢᠵᠣ᠂ ᠵᠦᠪ ᠪᠢᠴᠢᠯᠭᠡ ᠶᠢᠨ ᠳᠦᠷᠢᠮ ᠢ ᠳᠦᠬᠦᠮ ᠢᠶᠠᠷ ᠣᠶᠢᠯᠠᠭᠠᠬᠤ ᠳᠤ ᠳᠣᠰᠠᠯᠠᠮᠵᠢ ᠪᠣᠯᠭᠠᠵᠣ | ᠪᠠᠶᠢᠭᠰᠠᠨ ᠪᠠ ︽ᠠᠳᠣᠭᠤᠯᠬᠤ ᠬᠦᠷᠦᠩᠭᠡ ᠶᠢᠨ ᠶᠡᠷᠦ ᠶᠢᠨ ᠮᠠᠳᠡᠯᠭᠡ︾ ᠭᠡᠰᠡᠨ ᠵᠣᠬᠢᠶᠠᠯ ᠪᠢᠴᠢᠵᠣ᠂ ᠮᠠᠯ ᠦᠰᠭᠡᠬᠦ | ᠠᠷᠭ᠎ᠠ ᠶᠢ ᠰᠣᠷᠣᠭᠴᠢ ᠨᠠᠷ ᠲᠠᠭᠠᠨ ᠳᠦᠭᠦᠮ ᠳᠠᠨᠢᠭᠤᠯᠵᠣ ᠪᠠᠶᠢᠭᠰᠠᠨ ᠵᠡᠷᠭᠡ ᠰᠣᠷᠬᠤ ᠳᠤ ᠳᠦᠭᠦᠮ ᠠᠴᠢ ᠳᠣᠰᠠ | ᠲᠠᠢ ᠠᠵᠢᠯ ᠤᠳ ᠢ ᠭᠢᠵᠣ ᠪᠠᠶᠢᠵᠠᠢ᠃ ᠁ ᠬᠤᠰᠢᠭᠤᠨ ᠠᠴᠠ ᠬᠦᠪᠡᠭᠦᠳ᠂ ᠦᠬᠢᠳ ᠬᠤᠶᠠᠷ ᠰᠣᠷᠭᠠᠭᠤᠯᠢ | ᠶᠢᠨ ᠰᠣᠷᠣᠭᠴᠢ ᠪᠦᠬᠦᠨ ᠳᠤ ᠨᠢᠭᠡᠨ ᠠᠳᠠᠯᠢ ᠰᠢᠨ᠎ᠡ ᠬᠤᠪᠴᠠᠰᠣ ᠬᠢᠯᠭᠡᠵᠣ᠂ ᠰᠦᠮ᠎ᠡ ᠶᠢᠨ ᠴᠠᠭ ᠤᠨ ᠬᠤᠷᠠᠯ ᠢ | ᠳᠣᠬᠢᠶᠠᠯᠳᠣᠭᠤᠯᠣᠨ ᠳᠣᠭᠤᠷᠢᠭᠤᠯᠣᠨ ᠦᠵᠡᠭᠦᠯᠵᠣ᠂ ᠰᠣᠷᠣᠭᠴᠢᠳ ᠤᠨ ᠣᠷᠮ᠎ᠠ ᠵᠣᠷᠢᠭ ᠢ ᠭᠦᠭᠵᠢᠭᠡᠵᠣ ᠪᠠᠶᠢᠭᠰᠠᠨ | ᠣᠳᠠᠭ᠎ᠠ ᠴᠦ ᠪᠣᠢ᠃ | 1941 ᠣᠨ ᠤ ᠦᠶ᠎ᠡ ᠳᠤ ᠵᠡᠭᠦᠨ ᠠᠪᠠᠭ᠋ᠠᠨᠠᠷ ᠬᠤᠰᠢᠭᠤᠨ ᠤ ᠬᠤᠷᠰᠢᠶ᠎ᠠ ︵ᠬᠠᠩᠭᠠᠯᠭ᠎ᠠ ᠶᠢᠨ︶ | ᠭᠡᠵᠤ ᠪᠠᠨᠳᠢᠳᠠ ᠬᠡᠬᠡᠨ ᠬᠡᠶᠢᠳ ᠲᠤ ᠠᠩᠬ᠎ᠠ ᠣᠳᠠᠭ᠎ᠠ ᠪᠠᠶᠢᠭᠤᠯᠵᠣ᠂ ᠳᠠᠷᠤᠭ᠎ᠠ ᠨᠢ ᠫᠧᠩᠱᠢᠩᠭᠡ᠂ ᠯᠾᠠᠰᠦ᠋ᠷᠦᠩ᠂ | ᠠᠵᠢᠯᠳᠡᠨ ᠳᠠᠪᠤ ᠠᠴᠠ ᠳᠣᠯᠣᠭᠠᠨ ᠬᠦᠮᠥᠨ ᠪᠠᠶᠢᠭᠰᠠᠨ ᠶᠤᠮ᠃ ᠡᠬᠡ ᠪᠡᠯᠡ ᠶᠢ ᠬᠤᠰᠢᠭᠤ᠂ ᠰᠣᠮᠣᠨ ᠤ ᠠᠷᠠᠳ | ᠣᠯᠠᠨ ᠠᠴᠠ ᠶᠡᠭᠡ ᠪᠠᠭ᠎ᠠ ᠠᠳᠠᠯᠢ ᠦᠭᠡᠢ ᠭᠡᠮᠵᠢᠶ᠎ᠡ ᠪᠠᠷ ᠠᠯᠪᠠᠨ ᠵᠢᠷᠦᠮ ᠢᠶᠠᠷ ᠳᠠᠳᠠᠪᠣᠷᠢᠯᠠᠨ ᠠᠪᠴᠣ ᠡᠨᠡ | ᠬᠤᠷᠰᠢᠶ᠎ᠠ ᠶᠢ ᠪᠠᠶᠢᠭᠤᠯᠣᠭᠰᠠᠨ ᠶᠤᠮ᠃ ᠳᠣᠬᠠᠢ ᠶᠢᠨ ᠦᠶ᠎ᠡ ᠳᠤ ᠶᠠᠫᠣᠨ ᠡᠵᠡᠷᠭᠡᠭᠯᠡᠵᠣ᠂ ᠦᠷᠭᠡᠨ ᠭᠡᠷᠡᠭᠴᠡᠭᠡᠨ ᠤ | ᠡᠳ᠋ ᠪᠣᠳᠠᠰ ᠢᠶᠠᠷ ᠪᠠᠶᠢᠭᠰᠠᠨ ᠦᠶ᠎ᠡ ᠳᠤ᠂ ᠣᠯᠠᠨ ᠲᠦᠮᠡᠨ ᠤ ᠠᠮᠢᠳᠣᠷᠠᠯ ᠤᠨ ᠬᠠᠩᠭᠠᠯᠭ᠎ᠠ ᠳᠤ ᠶᠠᠬᠡᠬᠡᠨ ᠳᠣᠰᠠ | ᠳᠦᠭᠦᠮ ᠦᠵᠡᠭᠦᠯᠵᠣ ᠪᠠᠶᠢᠭᠰᠠᠨ ᠶᠤᠮ᠃ ᠪᠡᠯᠭᠦᠨᠰᠦ᠋ᠷᠦᠩ ᠳᠤ ᠦᠪᠡᠷ ᠤᠨ ᠲᠦᠷᠦᠭᠰᠡᠨ ᠭᠡᠣᠭᠡᠳ ᠦᠭᠡᠢ᠂ | ᠪᠣᠰᠣᠳ ᠠᠴᠠ ᠦᠷᠡᠴᠢᠯᠡᠵᠣ ᠠᠪᠣᠭᠰᠠᠨ ᠬᠤᠶᠠᠷ ᠬᠦᠥ᠂ ᠨᠢᠭᠡ ᠬᠡᠣᠭᠡᠨ᠂ ᠠᠪᠠᠭ᠎ᠠ ᠡᠭᠡᠴᠢ ᠲᠠᠢ ᠪᠠᠨ ᠭᠡᠷ ᠲᠡᠭᠡᠨ | ᠵᠢᠷᠭᠤᠭᠠᠨ ᠠᠮᠠ ᠬᠦᠮᠥᠨ ᠲᠠᠢ ᠪᠠᠶᠢᠭᠰᠠᠨ ᠶᠤᠮ᠃ ᠡᠭᠦᠨ ᠢ ᠨᠠᠷᠢᠪᠴᠢᠯᠠᠪᠠᠯ ᠨᠢᠭᠡ ᠬᠦᠥ ᠶᠢ ᠣᠶᠢᠷ᠎ᠠ ᠲᠦᠷᠦᠯ ᠤᠨ | ᠳᠠᠶᠢᠵᠢ ᠳᠣᠰᠢᠶᠠᠯᠳᠣ ᠳᠣᠰᠠᠯᠠᠭᠴᠢ ᠵᠠᠭᠠᠷᠰᠠᠮᠪᠠᠷᠠ ᠶᠢᠨ ᠬᠢ ᠠᠴᠠ ᠦᠷᠡᠴᠢᠯᠡᠵᠣ ᠠᠯᠣᠰ ᠲᠠᠭᠠᠨ ᠦᠪᠡᠷ ᠤᠨ ᠵᠡᠷᠭᠡ | ᠳᠣᠰᠢᠶᠠᠯ ᠢ ᠵᠠᠯᠭᠠᠮᠵᠢᠯᠠᠭᠤᠯᠵᠣ ᠬᠤᠰᠢᠭᠤᠨ ᠤ ᠵᠠᠰᠠᠭ ᠰᠠᠭᠤᠯᠭᠠᠬᠤ ᠪᠠᠷ ᠪᠠᠶᠢᠭᠰᠠᠨ ᠶᠤᠮ᠃ ᠡᠨᠡ ᠬᠦᠥ ᠶᠢᠨ | ᠵᠢᠩᠬᠢᠨᠢ ᠨᠡᠷ᠎ᠡ ᠨᠢ ᠳᠠᠯᠠᠾᠠᠵᠠᠪ ᠭᠡᠳᠡᠭ᠃ ᠰᠣᠶᠣᠯ ᠤᠨ ᠬᠡᠮᠵᠢᠶ᠎ᠠ ᠦᠨᠳᠦᠷ᠂ ᠳᠤᠭ᠎ᠠ ᠪᠣᠳᠣᠯᠭ᠎ᠠ ᠳᠤ ᠰᠠᠶᠢᠨ᠃ | ᠴᠢᠯᠥᠭᠡᠯᠡᠭᠳᠡᠭᠰᠡᠨ ᠤ ᠳᠠᠷᠠᠭ᠎ᠠ 1951 ᠣᠨ ᠠᠴᠠ ᠬᠤᠰᠢᠭᠤᠨ ᠤ ᠬᠤᠷᠰᠢᠶᠠᠨ ᠤ ᠨᠠᠷᠢᠨ ᠪᠢᠴᠢᠭ ᠤᠨ ᠠᠵᠢᠯ ᠢ | ᠬᠢᠵᠣ᠂ ᠳᠠᠷᠠᠭ᠎ᠠ ᠨᠢ 1955 ᠣᠨ ᠳᠤ ᠵᠠᠷᠠᠭ᠎ᠠ ᠰᠦᠮ᠎ᠡ ᠳᠠᠬᠢ ᠰᠣᠮᠣᠨ ᠤ ᠬᠠᠩᠭᠠᠯᠭ᠎ᠠ ᠶᠢᠨ ᠬᠤᠷᠰᠢᠶᠠᠨ ᠤ | ᠡᠷᠬᠢᠯᠡᠭᠴᠢ ᠶᠢᠨ ᠠᠵᠢᠯ ᠢ ᠬᠢᠵᠣ ᠪᠠᠶᠢᠭᠠᠳ 1961 ᠣᠨ ᠳᠤ ᠬᠡᠬᠡᠯ ᠬᠠᠶᠠᠬᠤ ᠡᠪᠡᠳᠴᠢᠨ ᠢᠶᠠᠷ ᠨᠠᠰᠣ ᠪᠠᠷᠠᠪᠠ᠃ | ᠨᠦᠬᠦᠭᠡ ᠨᠢᠭᠡ ᠬᠦᠥ ᠶᠢ ᠪᠣᠯ ᠳᠣᠳᠬᠦᠶᠢᠶᠠᠩᠵᠠᠪ ᠤᠨ ᠬᠡᠷ ᠠᠴᠠ ᠦᠷᠡᠴᠢᠯᠠᠵᠣ ᠠᠪᠣᠭᠠᠳ ᠳᠠᠮᠡᠢ ᠭᠡᠳᠦᠨ ᠵᠢᠯ | ᠪᠣᠯᠣᠭᠰᠠᠨ ᠦᠭᠡᠢ ᠨᠠᠰᠣ ᠪᠠᠷᠠᠵᠠᠢ᠃ ᠨᠢᠬᠡ ᠬᠡᠣᠭᠡᠨ ᠢ ᠪᠣᠯ ᠨᠠᠮᠰᠠᠷᠠᠢ ᠳᠡᠷᠢᠭᠦᠨ ᠤ ᠬᠢ ᠠᠴᠠ ᠦᠷᠡᠴᠢᠯᠡᠵᠣ | ᠠᠪᠣᠭᠠᠳ᠂ ᠴᠢᠯᠥᠭᠡᠯᠥᠭᠳᠡᠭᠰᠡᠨ ᠤ ᠳᠠᠷᠠᠭ᠎ᠠ ᠡᠨᠡ ᠬᠡᠣᠭᠡᠨ ᠠᠶᠢᠮᠠᠭ ᠤᠨ ᠣᠷᠠᠨ ᠰᠠᠶᠢᠬᠠᠨ ᠳᠤ ᠬᠡᠳᠦᠨ ᠵᠢᠯ | ᠳᠠᠭᠤᠴᠢᠨ ᠬᠦᠭᠵᠢᠮᠴᠢᠨ ᠤ ᠠᠵᠢᠯ ᠢ ᠬᠢᠵᠣ ᠪᠠᠶᠢᠭᠠᠳ ᠳᠠᠷᠠᠭ᠎ᠠ ᠨᠢ ᠭᠦᠳᠡᠭᠡ ᠶᠢᠨ ᠮᠠᠯᠴᠢᠨ ᠪᠣᠯᠵᠣ 1948 ᠣᠨ | ᠳᠤ ᠮᠥᠨ ᠡᠪᠡᠳᠴᠢᠨ ᠢᠶᠠᠷ ᠨᠠᠰᠣ ᠪᠠᠷᠠᠪᠠ᠃ ᠭᠡᠷ ᠣᠷᠳᠣᠨ ᠮᠠᠯ ᠬᠦᠷᠦᠩᠭᠡ ᠶᠢᠨ ᠪᠠᠶᠢᠳᠠᠯ ᠪᠢ ᠪᠠᠨᠳᠢᠳᠠ | ᠭᠡᠭᠡᠨ ᠤ ᠬᠡᠶᠢᠳ ᠲᠤ ᠠᠷᠪᠠᠭᠠᠳ ᠳᠠᠰᠣᠯᠭ᠎ᠠ ᠪᠠᠶᠢᠰᠢᠩ ᠭᠡᠷ ᠲᠠᠢ᠂ ᠦᠭᠡᠷ᠎ᠡ ᠭᠠᠵᠠᠷ ᠰᠠᠭᠤᠷᠢᠰᠢᠨ ᠰᠠᠭᠤᠭᠰᠠᠨ | ᠪᠠᠶᠢᠰᠢᠩ ᠭᠡᠷ ᠭᠡᠵᠤ ᠪᠠᠶᠢᠭᠰᠠᠨ ᠦᠭᠡᠢ᠃ ᠪᠣᠷᠬᠠᠨ ᠰᠢᠳᠦᠬᠡᠨ ᠤ ᠭᠡᠷ᠂ ᠳᠠᠮᠠᠭᠠᠨ ᠤ ᠣᠷᠳᠣᠨ᠂ ᠨᠣᠶᠠᠳ ᠠᠪᠠᠭ᠋ᠠᠢ | ᠨᠠᠷ ᠤᠨ ᠰᠠᠭᠤᠬᠤ ᠣᠷᠳᠣᠨ᠂ ᠵᠣᠴᠢᠳ ᠪᠠᠭᠤᠯᠭᠠᠬᠤ ᠭᠡᠷ᠂ ᠨᠣᠶᠠᠨ ᠰᠠᠩ ᠤᠨ ᠬᠠᠮᠢᠶᠠᠳᠠᠢ ᠭᠡᠳᠦᠨ ᠭᠡᠷ᠂ ᠰᠦ | ᠰᠠᠭᠠᠯᠢ ᠶᠢᠨ ᠭᠡᠷ ᠵᠡᠷᠭᠡ ᠠᠷᠪᠠᠨ ᠳᠦᠷᠪᠡ ᠳᠠᠪᠣᠨ ᠮᠣᠩᠭᠤᠯ ᠭᠡᠷ ᠲᠠᠢ᠂ ᠵᠢᠯ ᠤᠨ ᠳᠦᠷᠪᠡᠨ ᠣᠯᠠᠷᠢᠯ ᠳᠤ ᠬᠤᠶᠠᠷ | — ᠭᠤᠷᠪᠠᠨ ᠣᠳᠠᠭ᠎ᠠ ᠨᠣᠳᠤᠭ ᠰᠢᠯᠵᠢᠨ ᠨᠡᠭᠦᠳᠡᠭ᠃ ᠦᠪᠡᠷ ᠲᠡᠭᠡᠨ ᠭᠤᠴᠢᠭᠠᠳ ᠦᠭᠡᠷ ᠳᠡᠷᠭᠡ ᠲᠠᠢ᠂ ᠰᠣᠯᠠ | ᠶᠢᠨ ᠵᠢᠩᠰᠡᠳᠠᠨ᠂ ᠰᠣᠮᠣᠨ ᠤ ᠬᠤᠶᠠᠭ ᠨᠠᠷ ᠢᠷᠡᠵᠣ ᠨᠡᠭᠦᠯᠭᠡᠳᠡᠭ᠃ ᠪᠠᠰᠠ ᠶᠡᠭᠡ ᠪᠠᠭ᠎ᠠ ᠬᠤᠶᠠᠷ ᠮᠠᠰᠢᠨ ᠳᠡᠷᠭᠡ | ᠲᠠᠢ ᠪᠠᠶᠢᠭᠰᠠᠨ ᠶᠤᠮ᠃ | ᠮᠠᠯ ᠰᠦᠷᠦᠭ ᠢ ᠪᠠᠷᠣᠭᠯᠠᠪᠠᠯ᠄ ᠰᠠᠷᠠᠯ᠂ ᠪᠠᠷᠠᠭᠠᠨ᠂ ᠬᠤᠸᠠ ᠵᠢᠰᠣ ᠢᠯᠭᠠᠬᠰᠠᠨ ᠭᠤᠷᠪᠠᠨ ᠰᠦᠷᠦᠭ | ᠠᠳᠣᠭᠤ ᠶᠢ 2000᠂ ᠨᠢᠭᠡ ᠰᠦᠷᠦᠭ ᠦᠬᠡᠷ ᠢ 150᠂ ᠨᠢᠭᠡ ᠰᠦᠷᠦᠭ ᠳᠡᠮᠡᠭᠡ ᠶᠢ 100᠂ ᠠᠷᠪᠠᠨ ᠰᠦᠷᠦᠭ | ᠬᠤᠨᠢ ᠨᠢ 8000 ᠪᠠᠷ ᠪᠣᠳᠣᠬᠤ ᠳᠤ ᠲᠦᠮᠡᠨ ᠮᠠᠯ ᠲᠠᠢ ᠪᠠᠶᠢᠵᠠᠢ᠃ ᠡᠨᠡ ᠠᠷᠪᠠᠨ ᠳᠠᠪᠣᠨ ᠰᠦᠷᠦᠭ ᠮᠠᠯ ᠠᠴᠠ | ᠭᠤᠷᠪᠠᠨ ᠰᠦᠷᠦᠭ ᠠᠳᠣᠭᠤ᠂ ᠨᠢᠭᠡ ᠰᠦᠷᠦᠭ ᠦᠬᠡᠷ᠂ ᠨᠢᠭᠡ ᠰᠦᠷᠦᠭ ᠳᠡᠮᠡᠭᠡ᠂ ᠭᠤᠷᠪᠠᠨ ᠰᠦᠷᠦᠭ ᠬᠤᠨᠢ ᠶᠢ | ᠨᠣᠶᠠᠨ ᠤ ᠰᠠᠩ ᠠᠴᠠ ᠰᠢᠭᠤᠳ ᠬᠠᠮᠢᠶᠠᠷᠣᠨ᠂ ᠣᠰᠣ ᠪᠡᠯᠴᠢᠭᠡᠷ ᠢ ᠳᠣᠬᠢᠷᠠᠭᠤᠯᠵᠣ᠂ ᠨᠣᠶᠠᠨ ᠤ ᠣᠷᠳᠣᠨ | ᠣᠶᠢᠷᠠᠯᠴᠠᠭ᠎ᠠ ᠮᠠᠯᠵᠢᠳᠠᠭ᠃ ᠮᠠᠯᠵᠢᠭᠰᠠᠨ ᠬᠦᠮᠥᠨ ᠳᠤ ᠰᠠᠷ᠎ᠠ᠂ ᠵᠢᠯ ᠢᠶᠠᠷ ᠪᠣᠳᠣᠵᠣ ᠦᠭᠬᠦ ᠭᠦᠯᠥᠰᠣ ᠭᠦᠴᠦ ᠭᠡᠵᠤ | ᠪᠠᠶᠢᠳᠠᠭ ᠦᠭᠡᠢ᠂ ᠵᠦᠪᠬᠡᠨ ᠵᠣᠨ᠂ ᠡᠪᠦᠯ ᠤᠨ ᠬᠤᠪᠴᠠᠰᠣᠨ ᠳᠤ ᠪᠠᠭ᠎ᠠ ᠰᠠᠭ᠎ᠠ ᠨᠡᠮᠡᠷᠢᠯᠡᠵᠣ᠂ ᠵᠢᠯ ᠤᠨ ᠢᠳᠡᠬᠦ | ᠠᠮᠣ ᠪᠣᠳᠠᠭ᠎ᠠ᠂ ᠣᠯᠠᠭᠠᠨ ᠬᠦᠨᠡᠰᠦᠨ ᠤ ᠬᠠᠭᠠᠰ ᠣᠷᠴᠢᠮ ᠢ ᠯᠠ ᠳᠠᠰᠣᠯᠠᠵᠣ ᠪᠠᠶᠢᠭᠰᠠᠨ ᠶᠤᠮ᠂᠃ ᠨᠡᠭᠦᠵᠣ | ᠵᠦᠭᠡᠭᠡᠬᠦ ᠳᠤ ᠭᠡᠷᠡᠭᠯᠡᠬᠦ ᠳᠡᠷᠭᠡ ᠬᠦᠰᠭᠡ᠂ ᠮᠠᠯ ᠳᠤ ᠣᠨᠣᠬᠤ ᠣᠨᠣᠭᠠᠷᠢ ᠮᠣᠷᠢ᠂ ᠬᠤᠷᠤᠭ᠎ᠠ ᠬᠠᠰᠢᠶ᠎ᠠ ᠵᠡᠷᠭᠡ ᠶᠢ | ᠨᠣᠶᠠᠨ ᠤ ᠰᠠᠩ ᠠᠴᠠ ᠬᠠᠷᠢᠭᠤᠴᠠᠳᠠᠭ᠃ | ᠪᠣᠰᠣᠳ ᠳᠣᠯᠣᠭᠠᠨ ᠰᠦᠷᠦᠭ ᠪᠣᠭ ᠮᠠᠯ ᠢ ᠠᠯᠪᠠᠳᠣ ᠬᠠᠷᠢᠶᠠᠳᠣ ᠶᠢᠨ ᠠᠶᠢᠯ ᠡᠷᠦᠬᠡ ᠳᠤ ᠰᠦᠷᠦᠭ | ᠳᠠᠯᠪᠢᠨ ᠮᠠᠯᠵᠢᠭᠤᠯᠳᠠᠭ᠃ ᠰᠦᠷᠦᠭ ᠮᠠᠯᠵᠢᠭᠤᠯᠬᠤ ᠳᠦᠷᠢᠮ ᠨᠢ᠄ ᠨᠡᠭᠦᠵᠣ ᠵᠦᠭᠡᠭᠡᠭᠦ ᠳᠤ ᠭᠡᠷᠡᠭᠯᠡᠬᠦ ᠳᠡᠷᠭᠡ ᠬᠦᠰᠭᠡ | ᠂ ᠮᠠᠯ ᠬᠠᠷᠠᠬᠤ ᠬᠦᠮᠥᠨ ᠤ ᠣᠨᠣᠭᠠᠷᠢ ᠮᠣᠷᠢ᠂ ᠬᠤᠨᠢᠨ ᠤ ᠬᠤᠷᠤᠭ᠎ᠠ ᠬᠠᠰᠢᠶ᠎ᠠ ᠵᠡᠷᠭᠡ ᠶᠢ ᠨᠣᠶᠠᠨ ᠤ ᠰᠠᠩ ᠠᠴᠠ | ᠦᠭᠳᠡᠭ ᠦᠭᠡᠢ᠂ ᠰᠦᠷᠦᠭ ᠮᠠᠯᠵᠢᠭᠰᠠᠨ ᠠᠶᠢᠯ ᠦᠪᠡᠷᠳᠡᠭᠡᠨ ᠬᠠᠷᠢᠭᠤᠴᠠᠨ᠎ᠠ᠂ ᠬᠠᠷᠢᠨ ᠬᠤᠨᠢ ᠬᠤᠷᠠᠭᠠᠨ ᠤ | ᠣᠩᠭᠠᠰᠣ᠂ ᠢᠮᠠᠭᠠᠨ ᠤ ᠨᠣᠣᠰᠣ᠂ ᠬᠤᠨᠢᠨ ᠤ ᠬᠦᠷᠵᠡᠩ᠂ ᠰᠦ ᠰᠠᠭᠠᠯᠢ᠂ ᠢᠭᠡᠷ᠎ᠡ ᠶᠢᠨ ᠦᠷᠦᠭᠡᠰᠦᠨ᠂ ᠵᠣᠬᠢᠰ | ᠦᠭᠡᠢ ᠲᠦᠯ ᠵᠡᠷᠭᠡ ᠶᠢ ᠪᠣᠯ ᠰᠦᠷᠦᠭ ᠮᠠᠯᠵᠢᠭᠰᠠᠨ ᠠᠶᠢᠯ ᠳᠤ ᠦᠭᠳᠡᠭ ᠶᠤᠮ᠃ ᠨᠢᠭᠡ ᠵᠢᠯ ᠳᠤ ᠶᠡᠭᠡ ᠢᠰᠡᠭᠡᠢ | ᠳᠠᠪᠤ᠂ ᠦᠬᠦᠵᠣ ᠬᠤᠷᠣᠭᠳᠠᠭᠰᠠᠨ ᠬᠤᠨᠢ ᠢᠮᠠᠭ᠎ᠠ᠂ ᠬᠤᠷᠠᠭ᠎ᠠ ᠢᠰᠢᠭᠡᠨ ᠤ ᠠᠷᠠᠰᠣ ᠪᠣᠯᠣᠨ ᠳᠣᠰ ᠵᠢᠯ ᠳᠤ ᠡᠷ᠎ᠡ | ᠰᠢᠳᠣᠯᠠᠩ ᠬᠤᠨᠢ᠂ ᠢᠮᠠᠭ᠎ᠠ᠂ ᠭᠡᠳᠦᠢ ᠪᠠᠶᠢᠪᠠᠯ ᠪᠦᠬᠦᠨ ᠢ ᠨᠣᠶᠠᠨ ᠤ ᠰᠠᠩ ᠳᠤ ᠳᠣᠰᠢᠶᠠᠳᠠᠭ ᠢᠩᠭᠢᠭᠡᠳ ᠵᠢᠯ ᠤᠨ | ᠡᠴᠦᠰ ᠤᠨ ᠳᠣᠭᠠᠨ ᠳᠡᠭᠡᠷ᠎ᠡ ᠬᠤᠷᠢᠨ ᠮᠠᠯ ᠴᠡᠪᠡᠷ ᠦᠰᠦᠭᠰᠡᠨ ᠪᠠᠶᠢᠪᠠᠯ᠂ ᠨᠢᠭᠡ ᠮᠠᠯ ᠢᠶᠠᠷ ᠱᠠᠩᠨᠠᠳᠠᠭ ᠪᠠᠶᠢᠭᠰᠠᠨ | ᠪᠣᠯᠪᠠᠴᠣ ᠰᠦᠷᠦᠭ ᠮᠠᠯᠵᠢᠳᠠᠭ ᠬᠦᠮᠥᠰ ᠱᠠᠩᠨᠠᠯ ᠣᠯᠬᠤ ᠨᠢ ᠳᠣᠩ ᠴᠦᠬᠡᠨ ᠪᠠᠶᠢᠳᠠᠭ ᠶᠤᠮ᠃ ᠪᠡᠯᠭᠦᠨᠰᠦ᠋ᠷᠦᠩ ᠤᠨ | ᠵᠠᠰᠠᠭ ᠲᠦᠷᠦ ᠪᠠᠷᠢᠭᠰᠠᠨ ᠠᠷᠪᠡᠨ ᠳᠣᠯᠣᠭᠠᠨ ᠵᠢᠯ ᠤᠨ ᠳᠣᠳᠣᠷ᠎ᠠ ᠡᠬᠢᠨ ᠤ ᠦᠶ᠎ᠡ ᠳᠤ ᠬᠤᠰᠢᠭᠤᠨ ᠤ ᠮᠠᠯ ᠤᠨ | ᠳᠤᠭ᠎ᠠ ᠳᠣᠯᠣᠭᠠᠢ ᠰᠦᠷᠡᠬᠡᠢ ᠨᠡᠮᠡᠭᠳᠡᠵᠣ ᠪᠠᠶᠢᠭᠰᠠᠨ ᠪᠣᠯ᠂ ᠰᠡᠭᠦᠯ ᠤᠨ ᠦᠶ᠎ᠡ ᠳᠤ ᠶᠠᠫᠣᠨ ᠡᠵᠡᠯᠡᠭᠰᠡᠨ ᠠᠴᠠ | ᠬᠤᠶᠢᠰᠢ ᠪᠠᠭᠤᠷᠠᠵᠣ ᠡᠬᠢᠯᠡᠭᠡᠳ᠂ ᠳᠡᠯᠡᠬᠡᠢ ᠶᠢᠨ ᠬᠤᠶᠠᠳᠣᠭᠠᠷ ᠳᠠᠶᠢᠨ ᠤ ᠴᠡᠷᠢᠭ ᠤᠨ ᠬᠦᠯ ᠳᠤ ᠪᠦᠷᠢᠮᠥᠰᠦᠨ | ᠰᠦᠢᠳᠴᠦ᠂ ᠴᠢᠯᠥᠭᠡᠯᠡᠭᠳᠡᠬᠦ ᠦᠶ᠎ᠡ ᠳᠤ ᠬᠡᠳᠣᠬᠡᠨ ᠲᠦᠮᠡᠨ ᠮᠠᠯ ᠲᠠᠢ ᠪᠣᠯᠣᠭᠰᠠᠨ ᠪᠢᠯᠡ᠃ ᠰᠡᠭᠦᠯ ᠤᠨ ᠦᠶ᠎ᠡ ᠳᠤ | ᠰᠣᠷᠭᠠᠭᠤᠯᠢ ᠪᠠᠶᠢᠭᠤᠯᠵᠣ ᠰᠠᠶᠢᠨ ᠡᠷᠬᠢᠯᠡᠭᠰᠡᠨ ᠠᠴᠠ ᠬᠡᠣᠭᠡᠳ ᠵᠠᠯᠭᠤᠴᠣᠳ ᠲᠤ ᠪᠢᠴᠢᠭ ᠰᠣᠶᠣᠯ ᠲᠠᠢ ᠬᠦᠮᠥᠨ | ᠨᠡᠯᠢᠶᠡᠳ ᠨᠡᠮᠡᠭᠳᠡᠭᠰᠡᠨ᠃ ᠴᠢᠯᠥᠬᠡᠯᠡᠭᠳᠡᠭᠦ ᠠᠴᠠ ᠡᠮᠦᠨ᠎ᠠ ᠮᠠᠨ ᠤ ᠬᠤᠰᠢᠭᠤᠨ ᠤ ᠨᠣᠳᠤᠭ ᠳᠡᠪᠢᠰᠭᠡᠷ ᠳᠡᠭᠡᠷ᠎ᠡ | ᠳᠡᠭᠡᠷᠡᠮ ᠬᠤᠯᠠᠭᠠᠢ ᠶᠡᠷᠦ ᠭᠠᠷᠣᠭᠰᠠᠨ ᠦᠭᠡᠢ᠃ ᠭᠠᠮᠰᠢᠭ ᠵᠣᠳ ᠭᠠᠷᠴᠣ ᠪᠠᠶᠢᠭᠰᠠᠨ ᠪᠣᠯᠪᠠᠴᠣ᠂ ᠮᠠᠯ ᠶᠡᠭᠡ | ᠬᠡᠮᠵᠢᠶ᠎ᠡ ᠪᠠᠷ ᠬᠤᠭᠢᠷᠠᠵᠤ ᠰᠦᠢᠳᠦᠭᠰᠡᠨ ᠣᠳᠠᠭ᠎ᠠ ᠦᠭᠡᠢ᠃ ᠬᠤᠰᠢᠭᠤᠨ ᠠᠴᠠ ᠪᠠᠶᠢᠭᠤᠯᠣᠭᠰᠠᠨ ᠶᠡᠬᠡᠬᠡᠨ | ᠦᠢᠯᠡᠳᠪᠦᠷᠢ ᠭᠡᠵᠤ ᠪᠠᠶᠢᠭᠰᠠᠨ ᠦᠭᠡᠢ ᠪᠣᠯᠪᠠᠴᠣ᠂ ᠬᠤᠪᠢ ᠶᠢᠨ ᠬᠤᠳᠠᠯᠳᠣᠭᠠᠴᠢᠨ᠂ ᠵᠢᠵᠢᠭ ᠦᠢᠯᠡᠳᠪᠦᠷᠢᠴᠢᠳ | ᠪᠠᠨᠳᠢᠳᠠ ᠭᠡᠭᠡᠨ ᠬᠡᠶᠢᠳ ᠤᠨ ᠣᠷᠴᠢᠨ ᠳᠣᠭᠤᠷᠢᠨ ᠳᠤ ᠴᠦᠭᠡᠨ ᠦᠭᠡᠢ ᠪᠠᠶᠢᠭᠰᠠᠨ ᠶᠤᠮ᠃ ᠡᠭᠦᠨ ᠳᠤ ᠳᠣᠷᠭᠠ | ᠳᠣᠷᠳᠣᠩ᠂ ᠱᠢᠷᠦ ᠰᠣᠪᠣᠳ᠂ ᠮᠥᠩᠬᠦᠨ ᠡᠳ᠋ᠯᠡᠯ᠂ ᠨᠠᠷᠢᠯᠢᠭ ᠡᠳ᠋ ᠪᠠᠷᠠᠭ᠎ᠠ ᠶᠢ ᠬᠤᠳᠠᠯᠳᠣᠳᠠᠭ᠂ ᠪᠡᠭᠡᠵᠢᠩ᠂ ᠵᠠᠩ | ᠵᠢᠶᠠ ᠺᠧᠦ ᠶᠢᠨ ᠮᠠᠶᠢᠮᠠᠢ᠂ ᠪᠣᠳᠠᠭ᠎ᠠ ᠭᠤᠯᠢᠷ᠂ ᠴᠠᠢ ᠪᠣᠣᠪᠤ ᠳᠡᠮᠡᠬᠢ ᠪᠦᠰ ᠪᠠᠷᠠᠭ᠎ᠠ ᠬᠤᠳᠠᠯᠳᠣᠳᠠᠭ᠂ ᠡᠭᠦᠨ ᠠᠴᠠ | ᠭᠠᠳᠠᠨ᠎ᠠ ᠮᠥᠩᠭᠦᠨ ᠤ᠂ ᠭᠠᠣᠯᠢ ᠵᠠᠰ ᠤᠨ᠂ ᠮᠣᠳᠣᠨ ᠤ ᠳᠡᠮᠦᠷ ᠤᠨ ᠳᠠᠷᠬᠠᠨ ᠪᠣᠯᠣᠨ ᠵᠢᠷᠤᠭ᠂ ᠪᠣᠳᠤᠭ ᠤᠨ | ᠣᠷᠠᠨ ᠳᠠᠷᠬᠠᠨᠴᠣᠳ ᠴᠦ ᠵᠦᠩᠳᠡᠭᠡᠨ ᠪᠠᠶᠢᠭᠰᠠᠨ᠃ ᠠᠷᠠᠰᠣ ᠡᠯᠳᠡᠭᠦ᠂ ᠢᠰᠡᠭᠡᠢ ᠬᠢᠬᠦ ᠬᠤᠪᠢ ᠶᠢᠨ ᠡᠷᠦᠬᠡ ᠴᠦ | ᠪᠠᠰᠠ ᠪᠠᠶᠢᠭᠰᠠᠨ ᠶᠤᠮ᠃ | | 1986 ᠣᠨ ᠤ 8 ᠳ᠋ᠣᠭᠠᠷ ᠰᠠᠷ᠎ᠠ |