ᠲᠠᠯ᠎ᠠ ᠨᠤᠲᠤᠭ ᠲᠤ ︽ᠨᠤᠭᠤᠭᠠᠨ ᠬᠦᠰᠡᠯ︾ ᠲᠡᠷᠭᠡᠯᠰᠢᠬᠦᠯᠵᠦ ᠶᠠᠪᠤᠭ᠎ᠠ ᠰᠠᠷᠠᠨ᠎ᠠ
ᠨᠡᠶᠢᠲᠡᠯᠡᠭᠰᠡᠨ ᠴᠠᠭ᠄
2025/4/11
     ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠪᠠᠶᠠᠨᠬᠦ᠋ᠭᠵᠢᠯ ᠭᠠᠴᠠᠭᠠᠨ ᠤ ᠮᠠᠯᠴᠢᠨ ᠰᠠᠷᠠᠨ᠎ᠠ ᠶᠢᠨ ᠨᠤᠳᠤᠭ ᠪᠠᠯᠴᠢᠭᠡᠷ ᠲᠤ ᠠᠭᠠᠵᠢᠮ ᠢᠶᠠᠷ ᠬᠤᠪᠢᠷᠠᠯᠳᠠ ᠭᠠᠷᠴᠦ᠂ ᠠᠮᠢ ᠠᠬᠤᠢ ᠨᠢ ᠬᠠᠮᠠᠭᠠᠯᠠᠯᠳᠠ ᠰᠠᠶᠢᠳᠠᠢ᠂ ᠠᠮᠢᠵᠢᠷᠠᠯ ᠪᠢᠯᠬᠠᠮ᠎ᠠ ᠪᠠᠶᠢᠨ᠎ᠠ᠃ ᠲᠡᠷᠡ ᠮᠠᠯ ᠰᠦᠷᠦᠭ ᠤᠨ ᠪᠦᠲᠦᠴᠡ ᠳᠤ ᠪᠠᠨ ᠲᠤᠬᠢᠷᠠᠭᠤᠯᠤᠯᠳᠠ ᠬᠢᠵᠦ᠂ 200 ᠭᠠᠷᠤᠢ ᠦᠬᠡᠷ ᠢᠶᠠᠨ ᠴᠦᠭᠡᠴᠢᠯᠡᠭᠡᠳ ᠲᠦᠴᠢᠭᠡᠳ ᠦᠭᠡᠷ ᠦᠯᠡᠳᠡᠭᠡᠨ ᠮᠠᠯᠵᠢᠵᠦ᠂ ᠪᠠᠰᠠ ᠥᠪᠥᠷ ᠮᠣᠩᠭᠤᠯ ᠤᠨ ᠥᠪᠡᠷᠲᠡᠭᠡᠨ ᠵᠠᠰᠠᠬᠤ ᠣᠷᠣᠨ ᠤ ᠲᠠᠷᠢᠶᠠᠯᠠᠩ ᠮᠠᠯ ᠠᠵᠦ ᠠᠬᠤᠢ ᠶᠢᠨ ᠰᠢᠨᠵᠢᠯᠡᠬᠦ ᠤᠬᠠᠭᠠᠨ ᠤ ᠬᠦᠷᠢᠶᠡᠯᠡᠩ ᠤᠨ ᠲᠤᠰᠬᠠᠢ ᠮᠡᠷᠭᠡᠵᠢᠯᠲᠡᠨ ᠤ ᠵᠢᠯᠤᠭᠤᠳᠤᠯᠭ᠎ᠠ ᠳᠣᠣᠷ᠎ᠠ᠂ ᠨᠤᠳᠤᠭ ᠪᠡᠯᠴᠢᠭᠡᠷ ᠲᠤ ᠪᠠᠨ ᠨᠤᠬᠠᠢ ᠶᠢᠨ ᠬᠤᠰᠢᠭᠤ  ᠳᠤᠷᠰᠢᠨ ᠲᠠᠷᠢᠵᠤ᠂ ᠨᠤᠳᠤᠭ ᠪᠠᠯᠴᠢᠭᠡᠷ ᠤᠨ ᠥᠪᠡᠷ ᠤᠨ ᠰᠡᠷᠭᠦᠯᠲᠡ ᠶᠢᠨ ᠴᠣ ᠰᠢᠨ᠎ᠡ ᠠᠷᠭ᠎ᠠ ᠵᠠᠮ ᠢ ᠬᠠᠶᠢᠨ ᠰᠦᠪᠡᠭᠴᠢᠯᠡᠪᠡ᠃      ᠰᠠᠷᠠᠨ᠎ᠠ ᠶᠢᠨ ᠬᠢᠨ ᠳᠤ ᠬᠦᠷᠬᠦ ᠳᠤ᠂ ᠬᠠᠪᠤᠷ ᠤᠨ ᠴᠠᠰᠤᠨ ᠳᠣᠣᠷ᠎ᠠ ᠠᠴᠠ   ᠨᠢᠯᠬ᠎ᠠ ᠨᠤᠭᠤᠭ᠎ᠠ ᠴᠤᠬᠤᠶᠢᠨ ᠬᠠᠪᠤᠷ ᠤᠨ ᠦᠩᠭᠡ ᠲᠤᠳᠤᠬᠠᠨ ᠬᠠᠷᠠᠭᠳᠠᠨ᠎ᠠ᠃  ᠲᠦᠴᠢᠭᠡᠳ ᠦᠬᠡᠷ ᠲᠠᠩᠰᠤᠭ ᠪᠡᠯᠴᠢᠭᠡᠷ ᠲᠡᠭᠡᠷ᠎ᠡ ᠪᠠᠨ ᠲᠠᠷᠭᠤᠨ ᠲᠠᠪᠠᠳᠠᠢ ᠢᠳᠡᠰᠢᠯᠡᠨ᠎ᠡ᠃ ᠥᠩᠭᠡᠷᠡᠭᠰᠡᠨ ᠵᠢᠯ ᠲᠠᠷᠢᠭᠰᠠᠨ ᠨᠤᠬᠠᠢ ᠶᠢᠨ ᠬᠤᠰᠢᠭᠤ ᠨᠢ ᠪᠠᠯᠴᠢᠭᠡᠷ ᠲᠤ ᠵᠢᠭᠳᠡᠷᠡᠨ ᠬᠠᠷᠠᠭᠳᠠᠵᠦ᠂ ᠲᠠᠯ᠎ᠠ ᠶᠢᠨ ᠬᠦᠷᠦᠰᠦ ᠶᠢ ᠤᠮᠳᠠᠯᠠᠵᠤ ᠪᠠᠶᠢᠯ᠎ᠠ᠃ ᠰᠠᠷᠠᠨ᠎ᠠ ᠶᠢᠨ ᠬᠢᠨ ᠤ ᠮᠠᠯ ᠤᠨ ᠲᠤᠭ᠎ᠠ ᠲᠣᠯᠣᠭᠠᠶ  ᠪᠠᠨ ᠴᠦᠭᠡᠴᠢᠯᠡᠭᠰᠡᠨ ᠢᠶᠠᠷ ᠮᠠᠯᠵᠢᠯ ᠤᠨ ᠦᠪᠡᠷ ᠤᠨ ᠦᠷᠲᠡᠭ ᠨᠢ ᠶᠡᠭᠡᠪᠡᠷ ᠪᠠᠭᠠᠰᠤᠭᠰᠠᠨ ᠭᠡᠳᠡᠭ ᠢ ᠲᠡᠬᠦᠨ ᠤ ᠲᠤᠭᠠᠴᠠᠭ᠎ᠠ ᠠᠴᠠ ᠦᠵᠡᠶ᠎ᠡ᠄ ︽ᠮᠠᠨ  ᠤ ᠬᠢ 5700 ᠭᠠᠷᠤᠶ ᠮᠦ ᠨᠤᠳᠤᠭ ᠪᠡᠯᠴᠢᠭᠡᠷ ᠲᠠᠢ᠂ 200 ᠭᠠᠷᠤᠶ ᠦᠬᠡᠷ ᠮᠠᠯᠵᠢᠵᠤ ᠪᠠᠶᠢᠬᠤ ᠳᠤ ᠡᠪᠡᠰᠦ ᠪᠤᠷᠳᠤᠭᠠᠨ ᠤ ᠥᠪᠡᠷ ᠤᠨ ᠥᠷᠲᠡᠭ ᠦᠨᠳᠦᠷ ᠮᠦᠷᠲᠡᠭᠡᠨ ᠠᠮᠢ ᠠᠬᠤᠶ ᠴᠦ ᠵᠤᠬᠢᠬᠤ ᠬᠤᠬᠢᠷᠠᠯ ᠲᠠᠢ ᠪᠤᠯᠤᠭᠰᠠᠨ᠂ ᠡᠭᠦᠨ ᠤ ᠳᠡᠭᠡᠷ᠎ᠡ ᠨᠢᠳᠤᠨᠤᠨ ᠵᠤᠨ ᠭᠠᠩᠳᠠᠵᠦ᠂ 6 ᠰᠠᠷ᠎ᠠ ᠪᠤᠯᠳᠠᠯ᠎ᠠ ᠡᠪᠡᠰᠦ ᠪᠤᠷᠳᠤᠭᠠᠨ ᠤ ᠵᠠᠷᠤᠳᠠᠯ 70 ᠭᠠᠷᠤᠶ ᠲᠦᠮᠡᠨ ᠲᠦᠬᠦᠷᠢᠭ ᠲᠤ ᠬᠦᠷᠦᠭᠰᠡᠨ ᠰᠢᠤ᠃ ᠲᠡᠭᠡᠭᠡᠳ ᠨᠠᠮᠤᠷ ᠨᠢ ᠦᠭᠡᠷ  ᠢᠶᠠᠨ ᠴᠦᠭᠡᠴᠢᠯᠡᠵᠦ 40 ᠭᠠᠷᠤᠢ ᠶᠢ ᠯᠡ ᠦᠯᠡᠳᠡᠭᠡᠭᠰᠡᠨ᠃ ᠲᠡᠬᠦᠨ ᠠᠴᠠ ᠬᠤᠶᠢᠰᠢ ᠣᠳᠣ ᠪᠣᠯᠲᠠᠯ᠎ᠠ ᠮᠠᠯ ᠠᠵᠤ ᠠᠬᠤᠶ ᠶᠢᠨ ᠲᠠᠯ᠎ᠠ ᠪᠠᠷ ᠬᠢ ᠵᠠᠷᠤᠳᠠᠯ ᠶᠡᠭᠡᠪᠡᠷ ᠪᠠᠭᠠᠰᠴᠦ᠂ ᠨᠢᠳᠤᠨᠤᠨ ᠡᠪᠦᠯ ᠤᠨ ᠶᠡᠭᠡ ᠴᠠᠰᠤᠨ ᠳᠤ ᠠᠷᠪᠠᠭᠠᠳ ᠡᠳᠦᠷ ᠲᠡᠵᠢᠭᠡᠵᠦ᠂  ᠪᠠᠷᠤᠭ 4 —5 ᠲᠣᠨ ᠡᠪᠡᠰᠦ ᠯᠡ ᠵᠠᠷᠤᠭᠰᠠᠨ ᠪᠠᠶᠢᠨ᠎ᠠ᠃ ᠨᠢᠳᠤᠨᠤᠨ ᠨᠠᠮᠤᠷ 300 ᠮᠥ ᠬᠠᠳᠤᠯᠠᠩ ᠪᠠᠯᠴᠢᠭᠡᠷ ᠢᠶᠠᠨ ᠬᠠᠳᠤᠵᠦ ᠨᠦᠭᠡᠴᠡᠯᠡᠭᠰᠡᠨ ᠡᠪᠡᠰᠦ ᠠᠴᠠ ᠤᠳᠤ ᠪᠠᠰᠠ 30 ᠭᠠᠷᠤᠶ ᠲᠣᠨ ᠦᠯᠡᠳᠡᠵᠦ᠂ ᠥᠨᠥ ᠵᠢᠯ ᠤᠨ ᠬᠠᠰᠢᠶᠠᠯᠠᠭ᠎ᠠ ᠶᠢᠨ ᠦᠶ᠎ᠡ ᠳᠤ ᠬᠡᠷᠡᠭᠯᠡᠬᠦ ᠳᠤ  ᠪᠡᠯᠡᠬᠡᠨ ᠪᠠᠶᠢᠨ᠎ᠠ᠃ ᠢᠩᠭᠢᠭᠰᠡᠨ ᠢᠶᠠᠷ ᠮᠠᠯ ᠠᠵᠤ ᠠᠬᠤᠶ ᠶᠢᠨ ᠵᠠᠷᠤᠯᠭ᠎ᠠ ᠪᠠᠭᠠᠰᠴᠦ᠂ ᠦᠷ᠎ᠡ ᠠᠰᠢᠭ ᠢ ᠨᠡᠮᠡᠭᠳᠡᠭᠦᠯᠦᠭᠰᠡᠨ ᠢᠶᠠᠷ ᠪᠠᠷᠠᠬᠤ ᠥᠬᠡᠶ ᠪᠠᠰᠠ ᠠᠮᠢ ᠠᠬᠤᠶ ᠶᠢᠨ ᠣᠷᠴᠢᠨ ᠲᠣᠭᠤᠷᠢᠨ ᠢ ᠬᠠᠮᠠᠭᠠᠯᠠᠵᠦ ᠴᠢᠳᠠᠭᠰᠠᠨ ᠶᠤᠮ︾ ᠭᠡᠵᠦ ᠰᠠᠷᠠᠨ᠎ᠠ ᠪᠠᠶᠠᠷᠲᠠᠶᠢᠬᠠᠨ ᠤᠴᠢᠷᠯᠠᠨ᠎ᠠ᠃      2024 ᠣᠨ ᠤ ᠬᠠᠪᠤᠷ᠂ ᠰᠠᠷᠠᠨ᠎ᠠ ᠠᠩᠬ᠎ᠠ ᠤᠳᠠᠭ᠎ᠠ ᠪᠡᠯᠴᠢᠭᠡᠷ ᠳᠡᠭᠡᠷ᠎ᠡ ᠪᠠᠨ ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢᠶᠠᠷ ᠨᠤᠬᠠᠢ ᠶᠢᠨ ᠬᠤᠰᠢᠭᠤ ᠲᠠᠷᠢᠭᠰᠠᠨ ᠪᠠᠶᠢᠨ᠎ᠠ᠃ ᠡᠨᠡ ᠬᠦ ᠲᠠᠷᠢᠬᠤ ᠮᠡᠷᠭᠡᠵᠢᠯ ᠨᠢ ᠡᠪᠡᠰᠦᠨ  ᠤ ᠦᠷ᠎ᠡ ᠶᠢ ᠰᠢᠭᠤᠳ  ᠭᠠᠵᠠᠷ ᠤᠨ ᠬᠦᠷᠦᠰᠦᠨ ᠳᠤ ᠰᠢᠬᠢᠳᠬᠡᠨ ᠲᠠᠷᠢᠳᠠᠭ ᠠᠴᠠ᠂ ᠬᠥᠷᠥᠰᠥᠨ ᠤ ᠡᠪᠳᠡᠭᠳᠡᠯ ᠪᠠᠭ᠎ᠠ ᠮᠦᠷᠳᠡᠭᠡᠨ ᠬᠦᠷᠦᠰᠦᠨ ᠤ ᠤᠰᠤ ᠪᠠ ᠰᠢᠮ᠎ᠡ ᠲᠡᠵᠢᠭᠡᠯ ᠢ ᠪᠠᠲᠤᠯᠠᠬᠤ ᠳᠤ ᠠᠰᠢᠭᠲᠠᠢ᠂ ᠪᠠᠰᠠ ᠤᠤᠯ ᠤᠨ ᠤᠷᠭᠤᠮᠠᠯ ᠤᠨ ᠬᠤᠴᠢᠯᠭ᠎ᠠ ᠶᠢᠨ  ᠦᠨᠳᠦᠰᠦ ᠶᠢᠨ ᠰᠢᠰᠲ᠋ᠧᠮ ᠢ ᠬᠠᠮᠠᠭᠠᠯᠠᠵᠦ᠂ ᠨᠤᠲᠤᠭ ᠪᠡᠯᠴᠢᠭᠡᠷ ᠤᠨ ᠤᠷᠭᠤᠮᠠᠯ ᠤᠨ ᠬᠤᠴᠢᠯᠭ᠎ᠠ ᠶᠢᠨ ᠠᠶᠠᠨᠳᠠᠭᠠᠨ ᠰᠡᠷᠭᠦᠬᠦ ᠶᠢ ᠠᠬᠢᠭᠤᠯᠤᠭᠰᠠᠨ ᠪᠠᠶᠢᠨ᠎ᠠ᠃ ᠰᠠᠷᠠᠨ᠎ᠠ ᠶᠢᠨ ᠨᠢᠮᠪᠠᠢ ᠠᠷᠠᠴᠢᠯᠠᠭ᠎ᠠ ᠪᠠᠷ ᠨᠤᠲᠤᠭ ᠪᠡᠯᠴᠢᠭᠡᠷ ᠨᠢ ᠦᠩᠰᠢᠭ ᠪᠤᠯᠤᠭᠰᠠᠨ ᠮᠦᠷᠳᠡᠭᠡᠨ ᠪᠥᠭᠡᠳ ᠡᠪᠦᠯ ᠤᠨ ᠲᠡᠵᠢᠭᠡᠯ ᠡᠪᠡᠰᠦᠨ  ᠤ ᠨᠦᠭᠡᠴᠡ ᠬᠠᠩᠭᠠᠯᠳᠠᠳᠠᠢ ᠪᠤᠯᠵᠠᠢ᠃      ︽ᠬᠠᠭᠠᠯᠪᠤᠷᠢᠯᠠᠬᠤ ᠦᠭᠡᠢ ᠪᠠᠷ ᠲᠠᠷᠢᠬᠤ ᠨᠢ ᠬᠥᠷᠥᠰᠥ ᠶᠢ ᠭᠦᠨ ᠤᠷᠪᠠᠭᠤᠯᠬᠤ ᠴᠢᠬᠤᠯᠠ ᠦᠭᠡᠢ᠂ ᠡᠪᠡᠰᠦᠨ ᠤ ᠦᠨᠳᠦᠰᠦ ᠶᠢ ᠡᠪᠳᠡᠬᠦ ᠦᠭᠡᠢ᠂ ᠬᠦᠷᠦᠰᠦᠨ ᠤ ᠴᠢᠭᠢᠭ ᠢ  ᠪᠠᠲᠤᠯᠠᠵᠤ ᠳᠡᠶᠢᠯᠦᠨ᠎ᠡ᠃ ᠨᠢᠳᠤᠨᠤᠨ ᠲᠠᠷᠢᠭᠰᠠᠨ ᠨᠣᠬᠠᠶ ᠶᠢᠨ ᠬᠤᠰᠢᠭᠤ ᠶᠢᠨ ᠤᠷᠭᠤᠯᠲᠠ ᠮᠠᠰᠢ ᠰᠠᠶᠢᠨ᠂ ᠦᠬᠡᠷ ᠴᠦ ᠢᠳᠡᠰᠢᠯᠡᠬᠦ ᠳᠤᠷᠠᠲᠠᠢ᠃ ᠡᠨᠡ ᠬᠠᠪᠤᠷ ᠪᠡᠯᠴᠢᠭᠡᠷ ᠡᠷᠲᠡ ᠨᠤᠭᠤᠭᠠᠷᠠᠵᠦ ᠪᠠᠶᠢᠬᠤ ᠠᠴᠠ ᠦᠵᠡᠬᠦ ᠳᠤ ᠬᠦᠷᠦᠰᠦᠨ ᠤ ᠰᠡᠷᠭᠦᠯᠲᠡ ᠰᠠᠶᠢᠨ ᠪᠠᠶᠢᠨ᠎ᠠ᠂ ᠦᠷᠭᠡᠳᠬᠡᠨ ᠲᠠᠷᠢᠬᠤ ᠳᠤ ᠨᠡᠩ ᠤᠷᠮᠠᠳᠠᠢ ᠪᠤᠯᠤᠯ᠎ᠠ︾ ᠭᠡᠵᠦ ᠰᠠᠷᠠᠨ᠎ᠠ ᠢᠳᠡᠭᠡᠯ ᠲᠦᠬᠦᠷᠡᠩ ᠶᠠᠷᠢᠨ᠎ᠠ᠃      ᠲᠡᠬᠦᠨ ᠤ ᠪᠠᠯᠴᠢᠭᠡᠷ ᠲᠡᠭᠡᠷ᠎ᠡ ᠪᠠᠨ ᠡᠪᠡᠰᠦ ᠲᠠᠷᠢᠬᠤ ᠠᠩᠬᠠᠨ ᠤ ᠲᠤᠷᠰᠢᠴᠡ ᠡᠶᠢᠨᠬᠦ ᠠᠮᠵᠢᠯᠳᠠ ᠤᠯᠬᠤ ᠳᠤ ︽ᠨᠤᠭᠤᠭᠠᠨ ᠬᠦᠰᠡᠯ︾ ᠢᠶᠠᠨ ᠲᠡᠷᠭᠡᠯᠰᠢᠬᠦᠯᠬᠦ ᠤᠷᠮ᠎ᠠ ᠵᠤᠷᠢᠭ ᠨᠢ ᠤᠯᠠᠮ ᠢᠶᠠᠷ ᠬᠦᠪᠴᠢᠯᠡᠭᠳᠡᠨ᠂ ᠡᠨᠡ ᠵᠢᠯ ᠲᠡᠷᠡ ᠥᠪᠡᠷ ᠤᠨ 4000 ᠮᠦ ᠬᠠᠳᠤᠯᠠᠩ ᠪᠠᠯᠴᠢᠭᠡᠷ ᠳᠡᠭᠡᠷ᠎ᠡ ᠬᠠᠭᠠᠯᠪᠤᠷᠢᠯᠠᠬᠤ ᠦᠭᠡᠢ ᠪᠠᠷ ᠲᠠᠷᠢᠬᠤ ᠮᠡᠷᠭᠡᠵᠢᠯ ᠢ ᠬᠡᠷᠡᠭᠯᠡᠵᠦ᠂ ᠴᠠᠷᠭᠠᠰᠤ᠂ ᠶᠦᠷᠬᠦᠭ᠂ ᠬᠢᠶᠠᠭ᠂ ᠮᠤᠷᠢᠨ ᠬᠤᠨᠴᠢᠷ᠂ ᠬᠠᠯᠠᠭᠠᠢ᠂ ᠨᠠᠶᠢᠯᠵᠠᠭᠤᠷ ᠬᠠᠷᠭᠠᠨ᠎ᠠ ᠵᠡᠷᠭᠡ ᠤᠯᠠᠨ ᠨᠠᠰᠤᠲᠤ ᠲᠡᠵᠢᠭᠡᠯ ᠡᠪᠡᠰᠦ  ᠲᠠᠷᠢᠬᠤ ᠰᠠᠨᠠᠭᠠᠳᠠᠢ ᠪᠠᠶᠢᠯ᠎ᠠ᠃      ︽ᠣᠯᠠᠨ ᠨᠠᠰᠤᠲᠤ ᠲᠡᠵᠢᠭᠡᠯ ᠡᠪᠡᠰᠦᠨ ᠤ ᠦᠨᠳᠦᠰᠦ ᠬᠦᠭᠵᠢᠬᠦᠨ᠂ ᠬᠥᠷᠥᠰᠥ ᠰᠢᠷᠣᠢ ᠶᠢᠨ ᠢᠳᠡᠭᠳᠡᠯ ᠢ ᠪᠦᠲᠦᠮᠵᠢᠲᠡᠢ ᠬᠤᠷᠢᠭᠯᠠᠵᠦ ᠴᠢᠳᠠᠨ᠎ᠠ᠃ ᠡᠳᠡᠭᠡᠷ ᠡᠪᠡᠰᠦ ᠶᠢ ᠲᠠᠷᠢᠪᠠᠯ᠂ ᠮᠠᠯ ᠤᠨ ᠲᠡᠵᠢᠭᠡᠯ ᠪᠣᠷᠳᠤᠭ᠎ᠠ ᠨᠠᠩ ᠪᠠᠲᠤᠯᠠᠭ᠎ᠠ ᠲᠠᠢ ᠪᠣᠯᠬᠤ ᠪᠠᠷ ᠪᠠᠷᠠᠬᠤ ᠦᠭᠡᠢ᠂ ᠨᠤᠲᠤᠭ ᠪᠡᠯᠴᠢᠭᠡᠷ ᠴᠦ ᠨᠡᠩ ᠰᠠᠶᠢᠨ ᠰᠡᠷᠭᠦᠵᠦ ᠴᠢᠳᠠᠨ᠎ᠠ᠃ ᠡᠨᠡ ᠵᠢᠯ 4000 ᠮᠦ ᠪᠡᠯᠴᠢᠭᠡᠷ ᠳᠡᠭᠡᠷ᠎ᠡ ᠲᠤᠷᠰᠢᠨ ᠲᠠᠷᠢᠵᠦ᠂ ᠮᠠᠯᠵᠢᠯ ᠤᠨ ᠲᠠᠯᠠᠪᠠᠢ ᠶᠢᠨ ᠠᠮᠢ ᠠᠬᠤᠢ ᠶᠢᠨ ᠦᠷ᠎ᠡ ᠠᠰᠢᠭ ᠢ ᠤᠯᠠᠮ ᠨᠢᠭᠡ ᠠᠯᠬᠤᠮ ᠳᠡᠭᠡᠭᠰᠢᠯᠡᠭᠦᠯᠬᠦ ᠪᠠᠷ ᠪᠠᠶᠢᠨ᠎ᠠ︾  ᠭᠡᠵᠦ ᠰᠠᠷᠠᠨ᠎ᠠ ᠰᠢᠭᠤᠷᠬᠠᠢ ᠤᠴᠢᠷᠯᠠᠨ᠎ᠠ᠃      ᠰᠠᠷᠠᠨ᠎ᠠ ᠶᠢᠨ ᠠᠮᠢ ᠠᠬᠤᠢ ᠶᠢᠨ ᠬᠠᠮᠠᠭᠠᠯᠠᠯᠳᠠ ᠳᠤ ᠬᠢᠵᠦ ᠪᠠᠶᠢᠭ᠎ᠠ ᠰᠦᠪᠡᠭᠴᠢᠯᠡᠯᠳᠡ ᠲᠤᠷᠰᠢᠴᠠ ᠨᠢ ᠥᠪᠡᠷ ᠤᠨ ᠨᠤᠳᠤᠭ ᠪᠠᠯᠴᠢᠭᠡᠷ ᠢᠶᠠᠨ ᠲᠤᠶᠢᠯᠪᠤᠷᠢᠳᠠᠢ ᠬᠠᠮᠠᠭᠠᠯᠠᠵᠦ ᠴᠢᠳᠠᠭᠰᠠᠨ ᠢᠶᠠᠷ ᠪᠠᠷᠠᠬᠤ ᠦᠭᠡᠢ ᠪᠠᠰᠠ ᠡᠷᠭᠢᠨ ᠲᠣᠭᠤᠷᠢᠨ ᠤ ᠮᠠᠯᠴᠢᠳ ᠢ  ᠨᠦᠯᠦᠭᠡᠯᠡᠬᠦ ᠪᠤᠯᠵᠠᠢ᠃ ᠨᠢᠳᠤᠨᠤᠨ ᠨᠠᠮᠤᠷ᠂ ᠲᠡᠷᠡ ᠡᠷᠭᠢᠨ ᠲᠣᠭᠤᠷᠢᠨ ᠤ ᠬᠤᠶᠠᠷ  ᠮᠠᠯᠵᠢᠬᠤ ᠡᠷᠦᠬᠡ ᠲᠠᠢ ᠪᠠᠨ ᠬᠠᠮᠳᠤᠷᠠᠨ᠂ ︽ᠨᠠᠷᠠᠨ ᠵᠦᠭ ᠮᠠᠯ ᠠᠵᠤ ᠠᠬᠤᠢ ᠶᠢᠨ ᠰᠢᠨᠵᠢᠯᠡᠬᠦ ᠤᠬᠠᠭᠠᠨ ᠮᠡᠷᠭᠡᠵᠢᠯ ᠤᠨ ᠬᠦᠭᠵᠢᠬᠦᠯᠦᠯᠳᠡ ᠶᠢᠨ ᠬᠢᠵᠠᠭᠠᠷᠲᠤ ᠬᠠᠷᠢᠭᠤᠴᠠᠯᠭᠠᠲᠤ ᠺᠣᠮᠫᠠᠨᠢ︾ ᠶᠢ ᠪᠠᠶᠢᠭᠤᠯᠵᠤ᠂ ᠡᠨᠡ ᠵᠢᠯ ᠤᠨ ᠬᠠᠪᠤᠷ ᠡᠷᠭᠢᠨ ᠲᠣᠭᠤᠷᠢᠨ ᠤ 10 ᠭᠠᠷᠤᠢ ᠮᠯᠠᠵᠢᠬᠤ ᠡᠷᠦᠬᠡ ᠲᠠᠢ ᠬᠠᠮᠲᠤ ᠪᠠᠷ 2 ᠲᠦᠮᠡᠨ ᠮᠦ  ᠣᠯᠠᠨ ᠨᠠᠰᠣᠲᠤ ᠲᠡᠵᠢᠭᠡᠯ ᠡᠪᠡᠰᠦ ᠲᠠᠷᠢᠬᠤ ᠪᠠᠷ ᠲᠥᠯᠥᠪᠯᠡᠵᠦ ᠪᠠᠶᠢᠨ᠎ᠠ᠃      ︽ᠥᠪᠡᠷ ᠤᠨ ᠬᠠᠶᠢᠨ ᠰᠦᠪᠡᠭᠴᠢᠯᠡᠯᠲᠡ ᠪᠠᠷ ᠳᠠᠮᠵᠢᠭᠤᠯᠤᠨ᠂ ᠨᠠᠩ ᠣᠯᠠᠨ ᠮᠠᠯᠴᠢᠳ ᠢᠶᠠᠨ ᠳᠠᠶᠢᠴᠢᠯᠠᠨ ᠬᠠᠮᠲᠤ ᠪᠠᠷ ᠬᠥᠳᠡᠯᠦᠯᠴᠡᠵᠦ᠂ ᠨᠤᠲᠤᠭ ᠪᠡᠯᠴᠢᠭᠡᠷ ᠢᠶᠠᠨ ᠨᠡᠩ ᠰᠠᠶᠢᠲᠤᠷ ᠬᠠᠮᠠᠭᠠᠯᠠᠵᠤ᠂ ᠠᠵᠦ ᠠᠮᠢᠳᠤᠷᠠᠯ ᠢᠶᠠᠨ ᠨᠡᠩ ᠦᠭᠡᠳᠡᠷᠭᠡᠭ ᠪᠤᠯᠭᠠᠬᠤ ᠶᠢ ᠬᠦᠰᠡᠵᠦ ᠪᠠᠶᠢᠨ᠎ᠠ︾  ᠭᠡᠵᠦ ᠰᠠᠷᠠᠨ᠎ᠠ ᠢᠲᠡᠭᠡᠯ ᠲᠡᠭᠦᠯᠳᠡᠷ ᠶᠠᠷᠢᠨ᠎ᠠ᠃      ᠲᠡᠷᠡ ᠤᠶᠤᠨ ᠤᠬᠠᠭᠠᠨ ᠪᠠ ᠬᠠᠯᠠᠭᠤᠨ ᠰᠡᠳᠬᠢᠯ ᠢᠶᠠᠷ ᠢᠶᠠᠨ ᠲᠠᠯ᠎ᠠ ᠨᠤᠲᠤᠭ ᠲᠤ ᠨᠣᠭᠤᠭᠠᠨ ᠦᠩᠬᠡ ᠨᠠᠮᠠᠷᠢᠯᠠᠵᠦ᠂ ᠨᠡᠩ ᠤᠯᠠᠨ ᠮᠠᠯᠴᠢᠳ ᠢ ᠳᠠᠭᠠᠭᠤᠯᠤᠨ᠂ ︽ᠲᠠᠯ᠎ᠠ ᠨᠤᠲᠤᠭ ᠠᠴᠠ ᠪᠠᠨ ᠠᠪᠬᠤ ᠳᠤ ᠮᠡᠳᠡᠭᠡᠳ ᠦᠭᠬᠦ  ᠶᠢ ᠮᠡᠳᠡᠬᠦ ᠦᠭᠡᠢ︾ ᠪᠠᠶᠢᠭᠰᠠᠨ ᠠᠴᠠ ᠪᠠᠨ ︽ᠲᠠᠯ᠎ᠠ ᠨᠤᠲᠤᠭ ᠲᠠᠢ ᠬᠠᠮᠲᠤ ᠣᠷᠣᠰᠢᠬᠤ︾ ᠲᠡᠶᠢᠰᠢ ᠬᠤᠪᠢᠷᠠᠭᠤᠯᠤᠯᠳᠠ ᠬᠢᠵᠦ ᠶᠠᠪᠤᠭ᠎ᠠ᠃ ᠲᠡᠷᠡ ᠥᠪᠡᠷ ᠤᠨ ᠦᠢᠯᠡ ᠠᠵᠢᠯᠯᠠᠭ᠎ᠠ ᠪᠠᠷ ᠢᠶᠠᠨ ᠲᠠᠯ᠎ᠠ ᠨᠤᠲᠤᠭ ᠤᠨ ᠮᠠᠯ ᠠᠵᠤ ᠠᠬᠤᠢ ᠶᠢᠨ ᠢᠷᠡᠭᠡᠳᠦᠢ ᠳᠤ ᠠᠮᠢᠵᠢᠷᠠᠯ ᠤᠨ ᠬᠦᠴᠦᠨ ᠢᠶᠠᠷ ᠪᠢᠯᠬᠠᠭᠰᠠᠨ ᠰᠠᠶᠢᠨ ᠰᠠᠶᠢᠬᠠᠨ ᠵᠢᠷᠤᠭ ᠢ  ᠵᠢᠷᠤᠭᠯᠠᠨ᠎ᠠ᠃      
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号