ᠠᠪᠤ ᠡᠵᠢ ᠶᠢᠨ ᠢᠶᠠᠨ ᠪᠠᠶᠠᠷ ᠢ ᠤᠯᠠᠮᠵᠢᠯᠠᠯ ᠶᠤᠰᠤᠭᠠᠷ ᠰᠠᠶᠢᠬᠠᠨ ᠪᠡᠯᠭᠡᠯᠡᠵᠠᠢ
ᠨᠡᠶᠢᠲᠡᠯᠡᠭᠰᠡᠨ ᠴᠠᠭ᠄
2025/3/19
     ᠤᠶᠢᠷ᠎ᠠ ᠶᠢᠨ ᠵᠢᠯ ᠤᠳ ᠠᠴᠠ ᠨᠠᠰᠤᠨ ᠪᠠᠶᠠᠷ᠂ ᠬᠤᠷᠢᠮ ᠨᠠᠶᠢᠷ ᠬᠡᠬᠦᠴᠢᠯᠡᠨ ᠪᠠᠶᠠᠷ ᠨᠠᠶᠢᠷ ᠬᠢᠵᠦ ᠪᠡᠯᠭᠡᠯᠡᠬᠦ  ᠳᠤ ᠪᠠᠨ ᠬᠤᠭᠤᠯᠠᠨ ᠭᠡᠷ ᠲᠤ ᠰᠢᠷᠡᠭᠡ ᠵᠠᠰᠠᠨ᠂ ᠶᠠᠩᠵᠦ ᠪᠦᠷᠢ ᠶᠢᠨ ᠪᠡᠯᠭᠡ ᠰᠡᠯᠳᠡ ᠬᠤᠳᠠᠯᠳᠤᠨ ᠠᠪᠴᠦ᠂ ᠤᠯᠠᠮ  ᠠᠴᠠ ᠤᠯᠠᠮ ᠨᠢᠵᠢᠬᠢᠷ ᠳᠡᠮᠳᠡᠭᠯᠡᠬᠦ ᠪᠤᠯᠤᠭᠰᠠᠨ ᠨᠢ ᠠᠳᠠᠯᠢ ᠪᠤᠰᠤ ᠬᠡᠮᠵᠢᠶᠡᠨ ᠳᠤ ᠪᠦᠷᠢᠯᠭᠡᠨ ᠰᠦᠢᠳᠬᠡᠵᠦ ᠪᠠᠶᠢᠭ᠎ᠠ ᠤᠴᠢᠷ᠃ ᠨᠠᠷᠠᠨᠪᠤᠯᠠᠭ ᠰᠤᠮᠤᠨ ᠤ ᠵᠢᠷᠭᠠᠯᠠᠩᠳᠤ  ᠭᠠᠴᠠᠭᠠᠨ ᠤ ᠢᠯᠠᠯᠳᠠ ᠶᠢᠨ ᠬᠢᠨ ᠬᠤᠶᠠᠷ ᠪᠤᠭᠤᠷᠤᠯ ᠤᠨ ᠢᠶᠠᠨ ᠨᠠᠰᠤᠳᠠᠨ ᠪᠠᠶᠠᠷ ᠢ ᠲᠤᠮᠤᠬᠠᠨ ᠬᠤᠭᠤᠯᠠᠨ ᠭᠡᠷ ᠲᠤ ᠰᠢᠷᠡᠭᠡ ᠵᠠᠰᠠᠵᠦ ᠨᠢᠵᠢᠬᠢᠷ ᠳᠡᠮᠳᠡᠭᠯᠡᠬᠦ ᠳᠤ ᠪᠤᠯᠬᠤ ᠪᠠᠶᠢᠭᠰᠠᠨ᠂ ᠭᠡᠪᠡᠴᠦ ᠳᠡᠳᠡ ᠬᠦᠭᠡᠭᠴᠢᠨ ᠮᠤᠭᠠᠢ ᠵᠢᠯ ᠤᠨ ᠰᠢᠨ᠎ᠠ ᠵᠢᠯ ᠴᠠᠭᠠᠨ ᠰᠠᠷ᠎ᠠ ᠪᠠᠨ ᠮᠠᠯᠴᠢᠨ ᠠᠶᠢᠯ ᠤᠳ ᠪᠠᠶᠠᠷ ᠢᠶᠠᠷ ᠲᠦᠭᠦᠷᠡᠩ᠂ ᠳᠠᠭᠤᠤ ᠬᠤᠭᠤᠷ ᠤᠨ ᠡᠭᠡᠰᠢᠭ ᠲᠠᠢ ᠨᠠᠷᠬᠢᠯᠳᠤᠵᠦ ᠪᠠᠶᠢᠭᠰᠠᠨ ᠴᠠᠭ ᠢᠶᠠᠷ ᠬᠦᠳᠡᠭᠡ ᠨᠤᠳᠤᠭ ᠲᠤ ᠪᠠᠨ ᠲᠤᠯᠠᠭᠠᠨ ᠲᠤᠬᠢᠯᠢᠭ ᠮᠤᠩᠭᠤᠯ ᠭᠡᠷ ᠢᠶᠠᠨ ᠪᠠᠷᠢᠵᠦ᠂ ᠤᠯᠠᠮᠵᠢᠯᠠᠯᠳᠤ ᠰᠠᠶᠢᠬᠠᠨ ᠵᠠᠩᠰᠢᠯ ᠢ ᠬᠠᠷᠠᠭᠤᠯᠵᠦ᠂ ᠠᠴᠢᠳᠦ ᠠᠪᠤ ᠶᠢᠨ ᠢᠶᠠᠨ 85 ᠨᠠᠰᠦ᠂ ᠡᠨᠡᠷᠢᠯᠳᠦ ᠡᠵᠢ ᠶᠢᠨ ᠢᠶᠠᠨ 80 ᠨᠠᠰᠤᠨ ᠤ ᠪᠠᠶᠠᠷ ᠪᠤᠶᠤ ᠠᠯᠳᠠᠨ ᠤᠷᠤᠭ ᠢ ᠨᠢ ᠳᠠᠷᠤᠤᠬᠠᠨ ᠠᠳᠠᠯ᠎ᠠ ᠪᠠᠨ ᠤᠴᠢᠷᠳᠠᠢ ᠲᠡᠮᠳᠡᠭᠯᠡᠵᠦ ᠦᠭᠬᠦᠭᠰᠡᠨ ᠨᠢ ᠦᠷ᠎ᠠ ᠬᠡᠤᠬᠡᠳ᠂ ᠵᠤᠨ ᠤᠯᠠᠨ ᠳᠤ ᠪᠠᠨ ᠵᠦᠪ ᠰᠠᠶᠢᠬᠠᠨ ᠳᠠᠭᠤᠷᠢᠶᠠᠯ ᠪᠤᠯᠵᠦ ᠴᠢᠳᠠᠯ᠎ᠠ᠃      ᠢᠯᠠᠯᠳᠠ ᠶᠢᠨ ᠠᠪᠤ ᠢᠰᠢᠵᠡᠮᠰᠦ ᠪᠤᠯ ᠠᠪᠠᠭ᠎ᠠ ᠨᠤᠲᠤᠭ ᠲᠤ ᠪᠠᠨ ᠭᠠᠷᠮᠠᠭᠠᠢ ᠮᠠᠯᠴᠢᠨ ᠪᠠᠶᠢᠭᠰᠠᠨ ᠮᠦᠷᠳᠡᠭᠡᠨ ᠠᠷᠠᠳ ᠤᠨ ᠪᠠᠭᠰᠢ᠂ ᠢᠷᠠᠭᠤ ᠨᠠᠶᠢᠷᠠᠭᠴᠢ᠂ ᠵᠠᠩ ᠦᠢᠯᠡ ᠰᠤᠳᠤᠯᠤᠭᠠᠴᠢ᠂ ᠡᠵᠢ ᠲᠤᠯᠵᠢᠨ ᠨᠢ ᠭᠤᠷᠪᠠᠨ ᠦᠶ᠎ᠠ ᠳᠠᠮᠵᠢᠭᠰᠠᠨ ᠠᠷᠠᠳ ᠤᠨ ᠳᠠᠭᠤᠴᠢᠨ ᠶᠠᠪᠤᠭᠰᠠᠨ ᠨᠤᠳᠤᠭ ᠤᠨ ᠤᠯᠠᠨ ᠳᠤ ᠪᠠᠨ ᠬᠦᠨᠳᠦᠳᠬᠡᠯᠳᠠᠢ ᠬᠤᠶᠠᠷ ᠶᠤᠮ᠃ ᠮᠦᠨᠬᠦ 1962 ᠤᠨ ᠳᠤ ᠦᠷᠬᠦᠭᠡ ᠭᠡᠷ ᠤᠨ ᠢᠶᠠᠨ ᠲᠤᠯᠭ᠎ᠠ ᠶᠢᠨ ᠭᠠᠯ ᠢ ᠠᠰᠠᠭᠠᠵᠦ᠂ ᠦᠨᠦᠳᠦᠷ ᠪᠤᠯᠬᠤ ᠳᠤ 63 ᠵᠢᠯ ᠤᠨ ᠨᠢᠭᠤᠷ ᠢ ᠦᠵᠡᠵᠦ᠂ ᠵᠠᠵᠢᠨ ᠦᠰᠦ ᠪᠠᠨ ᠪᠤᠭᠤᠷᠤᠯᠳᠤᠳᠠᠯ᠎ᠠ ᠪᠠᠨ ᠬᠠᠮᠳᠤ  ᠠᠮᠢᠳᠤᠷᠠᠭᠰᠠᠨ ᠬᠤᠶᠠᠷ ᠰᠠᠶᠢᠬᠠᠨ ᠪᠤᠭᠤᠷᠤᠯ ᠤᠨ ᠠᠯᠳᠠᠨ ᠤᠷᠤᠭ ᠤᠨ ᠪᠠᠷᠢᠯᠳᠤᠯᠭ᠎ᠠ ᠨᠢ ᠨᠡᠩ ᠴᠦ ᠦᠷ᠎ᠡ ᠬᠡᠤᠭᠡᠳ ᠲᠤ ᠪᠠᠨ ᠤᠯᠠᠨ ᠰᠠᠶᠢᠬᠠᠨ ᠬᠦᠮᠦᠵᠢᠯ ᠢ ᠬᠦᠷᠳᠡᠭᠡᠭᠰᠡᠨ ᠤᠴᠢᠷᠳᠠᠢ᠃ ᠢᠰᠢᠵᠠᠮᠰᠤ ᠳᠤᠯᠵᠢᠨ ᠭᠤᠸᠠᠢ ᠮᠠᠨᠢ ᠬᠡᠤᠬᠡᠳ ᠤᠳ ᠢᠶᠠᠨ ᠦᠩᠭᠡ ᠲᠠᠢ ᠦᠭᠡᠳᠡ ᠲᠠᠢ ᠶᠠᠪᠤᠭᠤᠯᠬᠤ ᠶᠢᠨ ᠳᠤᠯᠠᠳᠠ ᠰᠤᠶᠤᠯ ᠰᠤᠷᠭᠠᠨ ᠬᠦᠮᠦᠵᠢᠯ ᠤᠨ ᠮᠦᠷ ᠢ ᠬᠦᠭᠡᠯᠬᠡᠵᠦ᠂ ᠨᠤᠮ ᠢᠯᠡᠬᠦᠦ ᠤᠩᠰᠢᠬᠤ ᠶᠢ ᠰᠠᠨᠠᠭᠤᠯᠵᠦ ᠰᠤᠷᠭᠠᠳᠠᠭ ᠪᠠᠶᠢᠭᠰᠠᠨ ᠢᠶᠠᠷ ︽ᠨᠤᠮ ᠲᠠᠢ ᠠᠶᠢᠯ︾ ᠬᠡᠮᠡᠨ ᠤᠯᠠᠨ ᠳᠤ  ᠪᠠᠨ ᠱᠠᠭᠰᠢᠭᠳᠠᠵᠦ ᠢᠷᠡᠭᠰᠡᠨ᠃ ᠶᠡᠭᠡ ᠬᠦᠦ ᠨᠢ ᠤᠯᠤᠰ ᠤᠨ ᠠᠯᠪᠠᠳᠠᠨ᠂ ᠬᠤᠶᠠᠳᠤᠭᠠᠷ ᠬᠦᠦ ᠢᠯᠠᠯᠳᠠ ᠮᠠᠯᠴᠢᠨ ᠭᠤᠯᠤᠮᠳᠠ ᠪᠠᠨ ᠵᠠᠯᠭᠠᠵᠦ᠂ ᠪᠠᠭ᠎ᠠ ᠬᠡᠤᠬᠡᠨ ᠨᠢ ᠠᠷᠠᠳ ᠤᠨ ᠪᠠᠭᠰᠢ ᠶᠢᠨ ᠠᠯᠪᠠ ᠬᠦᠢᠴᠡᠳᠭᠡᠵᠦ᠂ ᠦᠪᠡᠷ ᠦᠪᠡᠷᠰᠡᠳ ᠤᠨ ᠠᠵᠢᠯ ᠦᠢᠯᠡᠰ ᠲᠤ ᠪᠠᠨ ᠬᠢᠯᠠᠷᠠᠭᠤᠯᠵᠦ ᠶᠠᠪᠤᠭ᠎ᠠ᠃      ᠰᠢᠨ᠎ᠠ ᠵᠢᠯ ᠴᠠᠭᠠᠨ ᠰᠠᠷ᠎ᠠ ᠪᠠᠷ ᠢᠯᠠᠯᠳᠠ ᠶᠢᠨ ᠭᠠᠳᠠᠭ᠎ᠠ ᠭᠠᠩᠭᠠᠩ ᠬᠦᠯᠦᠭ ᠤᠳ ᠤᠶᠠᠭᠠᠨ ᠳᠡᠭᠡᠷ᠎ᠡ ᠨᠢ ᠦᠤᠷᠰᠡᠵᠦ᠂ ᠢᠰᠡᠭᠡᠢ ᠴᠠᠭᠠᠨ ᠮᠤᠩᠭᠤᠯ ᠭᠡᠷ ᠬᠤᠯᠠ ᠠᠴᠠ ᠪᠦᠮᠪᠦᠯᠵᠡᠨ ᠴᠠᠶᠢᠯᠵᠠᠵᠦ᠂ ᠨᠠᠰᠤᠳᠠᠨ ᠪᠤᠭᠤᠷᠤᠯ ᠤᠳ  ᠨᠢ ᠭᠡᠷ ᠤᠨ ᠬᠤᠶᠢᠮᠤᠷ ᠰᠠᠭᠠᠳᠠᠵᠦ᠂ ᠲᠠᠪᠠᠭᠯᠠᠵᠦ ᠵᠠᠰᠠᠭᠰᠠᠨ ᠴᠠᠭᠠᠨ ᠢᠳᠡᠭᠡᠨ ᠢᠶᠠᠨ ᠲᠡᠭᠡᠵᠢᠯᠡᠨ᠂ ᠠᠶᠢᠷᠠᠭ ᠰᠠᠷᠬᠤᠳ ᠢᠶᠠᠨ ᠰᠦᠩᠨᠡᠨ ᠪᠠᠷᠢᠵᠦ᠂ ᠬᠦᠳᠡᠭᠡ ᠠᠶᠢᠯ ᠳᠤ ᠰᠠᠷ᠎ᠠ ᠰᠢᠨ᠎ᠠ᠂ ᠨᠠᠰᠤᠨ ᠪᠠᠶᠠᠷ᠂ ᠠᠯᠳᠠᠨ ᠤᠷᠤᠭ ᠤᠨ ᠦᠯᠡᠮᠵᠢ ᠨᠠᠶᠢᠷ ᠪᠤᠯᠵᠦ᠂ ᠬᠤᠯᠠ ᠤᠶᠢᠷ᠎ᠠ ᠶᠢᠨ ᠬᠡᠶᠢᠴᠢᠨ ᠵᠤᠴᠢᠨ᠂ ᠰᠠᠳᠤᠨ ᠲᠦᠷᠦᠯ᠂ ᠬᠡᠤᠬᠡᠳ ᠠᠴᠢ ᠨᠠᠷ ᠨᠢ ᠬᠤᠶᠠᠷ ᠰᠠᠶᠢᠬᠠᠨ ᠪᠤᠭᠤᠷᠤᠯ ᠳᠠᠭᠠᠨ ᠮᠦᠷᠬᠦᠨ ᠵᠤᠯᠭᠠᠵᠦ᠂ ᠦᠷᠬᠦᠭᠡ ᠬᠡᠷ ᠢ ᠨᠢ ᠲᠦᠭᠦᠷᠭᠡᠨ᠂ ᠠᠶᠠᠯᠭᠤ ᠳᠠᠭᠤᠤ᠂ ᠢᠷᠠᠭᠤ ᠨᠠᠶᠢᠷᠠᠭ ᠢᠶᠠᠷ ᠨᠠᠶᠢᠷᠠᠯᠠᠯᠳᠤᠨ ᠬᠦᠭᠵᠢᠯᠳᠤᠵᠦ᠂ ᠨᠠᠰᠤᠳᠠᠳ ᠤᠨ ᠢᠶᠠᠨ ᠮᠠᠩᠨᠠᠢ ᠶᠢ ᠳᠡᠨᠡᠶᠢᠯᠭᠡᠨ ᠪᠠᠶᠠᠷᠯᠠᠭᠤᠯᠤᠯ᠎ᠠ᠃ ᠨᠡᠩ ᠴᠦ ᠢᠷᠡᠭᠰᠡᠨ ᠬᠡᠶᠢᠴᠢᠨ ᠪᠦᠬᠦᠨ ᠳᠤ ᠪᠠᠨ ᠢᠷᠠᠭᠤ ᠨᠠᠶᠢᠷᠠᠭᠴᠢ ᠢᠰᠢᠵᠠᠮᠰᠦ ᠭᠤᠸᠠᠢ ᠶᠢᠨ ᠦᠪᠡᠷ ᠤᠨ ᠪᠦᠲᠦᠭᠡᠯ ᠪᠤᠯᠬᠤ ︽ᠠᠪᠠᠭ᠎ᠠ ᠳᠡᠤᠬᠡᠨ ᠦᠪ ᠰᠤᠶᠤᠯ ᠤᠨ ᠡᠮᠬᠢᠳᠬᠡᠯ︾ ᠬᠡᠮᠡᠬᠦ ᠨᠤᠮ ᠤᠨ ᠪᠡᠯᠡᠭ ᠪᠠ ᠳᠠᠯᠠᠯᠭ᠎ᠠ ᠶᠢᠨ ᠰᠠᠪᠠ ᠵᠡᠷᠭᠡ ᠪᠠᠷ ᠪᠡᠯᠡᠭ ᠪᠠᠷᠢᠵᠦ᠂ ᠬᠡᠤᠬᠡᠳ ᠪᠠᠭᠠᠴᠤᠳ ᠲᠤ ᠪᠢᠴᠢᠭ ᠨᠤᠮ ᠬᠠᠷᠠᠨᠳᠠ ᠳᠡᠪᠳᠡᠷ ᠤᠨ ᠪᠡᠯᠡᠭ ᠤᠨ ᠬᠠᠷᠢᠭᠤ ᠪᠡᠯᠡᠭ ᠭᠠᠷᠳᠠᠭᠤᠯᠤᠭᠰᠠᠨ ᠨᠢ  ᠰᠤᠶᠤᠯᠵᠢᠭᠰᠠᠨ ᠠᠶᠢᠯ ᠤᠨ ᠦᠢᠯᠡ ᠬᠠᠷᠠᠭᠤᠯᠤᠨ᠎ᠠ᠃      ︽ᠶᠡᠷᠦᠨᠢ ᠢᠵᠠᠭᠤᠷ ᠡᠷᠳᠡ ᠶᠢᠨ ᠦᠶ᠎ᠠ ᠠᠴᠠ ᠰᠢᠨ᠎ᠠ ᠵᠢᠯ ᠴᠠᠭᠠᠨ ᠰᠠᠷ᠎ᠠ ᠪᠤᠯᠪᠠᠯ ᠲᠠᠯᠠ ᠨᠠᠶᠠ ᠬᠦᠷᠦᠭᠰᠡᠨ ᠨᠠᠰᠤᠳᠠᠨ ᠪᠤᠭᠤᠷᠤᠯ ᠳᠤ ᠪᠠᠨ ᠨᠤᠲᠤᠭ ᠤᠨ ᠤᠯᠠᠨ ᠨᠢ ᠤᠴᠢᠵᠦ ᠵᠤᠯᠭᠠᠳᠠᠭ ᠶᠤᠰᠤᠨ ᠲᠠᠢ᠂ ᠡᠨᠡ ᠰᠠᠶᠢᠬᠠᠨ ᠤᠯᠠᠮᠵᠢᠯᠠᠯ ᠢᠶᠠᠷ ᠮᠠᠨ ᠤ ᠬᠢ ᠴᠠᠭᠠᠨ ᠰᠠᠷ᠎ᠠ ᠶᠢᠨ ᠪᠠᠶᠠᠷ ᠢᠶᠠᠷ ᠢᠷᠡᠭᠰᠡᠨ ᠬᠡᠶᠢᠴᠢᠨ᠂ ᠰᠠᠳᠤᠨ ᠲᠦᠷᠦᠯ ᠲᠠᠢ ᠪᠠᠨ ᠰᠠᠶᠢᠬᠠᠨ ᠨᠠᠶᠢᠷ ᠡᠬᠦᠰᠭᠡᠵᠦ᠂ ᠠᠪᠤ ᠡᠵᠢ ᠶᠢᠨ ᠢᠶᠠᠨ ᠵᠢᠯ ᠤᠨ ᠪᠠᠶᠠᠷ ᠢ ᠨᠢ ᠳᠤᠷᠠᠳᠬᠠᠯ ᠲᠠᠢ ᠳᠡᠮᠳᠡᠭᠯᠡᠯ᠎ᠡ᠃ ᠨᠤᠮ ᠪᠤᠯ ᠬᠠᠮᠤᠭ ᠤᠨ ᠨᠠᠨᠳᠢᠨ ᠪᠡᠯᠡᠭ᠂ ᠮᠦᠨᠬᠦ ᠮᠠᠨᠠᠶᠢᠬᠢᠨ ᠳᠡᠭᠡᠭᠰᠢ ᠪᠠᠨ ᠬᠠᠷᠠᠭᠰᠠᠨ ᠰᠠᠪᠠ ᠰᠠᠭᠤᠯᠠᠭ᠎ᠠ ᠶᠢ ᠴᠦ ᠪᠡᠯᠭᠡᠰᠢᠶᠡᠳᠡᠭ ᠤᠴᠢᠷ ᠠᠴᠠ ᠬᠦᠮᠦᠰ ᠲᠤ ᠡᠶᠢᠮᠦᠷᠬᠦ ᠪᠡᠯᠡᠭ ᠰᠡᠯᠳᠡ ᠦᠭᠴᠦ᠂ ᠬᠡᠤᠬᠡᠳ  ᠲᠡᠬᠦᠦᠨᠠᠷ ᠢᠶᠠᠨ ᠪᠠᠶᠠᠰᠬᠠᠨ᠂ ᠤᠯᠠᠮᠵᠢᠯᠠᠯᠳᠤ ᠵᠠᠩᠰᠢᠯ ᠢᠶᠠᠷ ᠢᠶᠠᠨ ᠰᠠᠶᠢᠬᠠᠨ ᠬᠢᠬᠦ ᠶᠢ ᠵᠤᠷᠢᠭᠰᠠᠨ ᠶᠤᠮ︾ ᠬᠡᠮᠡᠨ ᠬᠦᠦ ᠢᠯᠠᠯᠳᠠ ᠨᠢ  ᠤᠴᠢᠷᠯᠠᠨ᠎ᠠ᠃      ᠠᠭᠤᠳᠠᠮ ᠬᠠᠩᠭᠠᠢ ᠶᠢᠨ ᠢᠶᠠᠨ ᠦᠶᠦᠭ ᠨᠦᠮᠦᠷᠢ ᠳᠤ ᠪᠠᠭᠤᠳᠠᠯᠯᠠᠵᠦ᠂ ᠤᠳᠤᠮ ᠲᠠᠮᠵᠢᠭᠰᠠᠨ ᠮᠠᠯᠴᠢ ᠤᠬᠠᠭᠠᠨ ᠳᠠᠭᠠᠨ ᠰᠢᠳᠦᠵᠦ ᠶᠠᠪᠤᠭᠰᠠᠨ ᠮᠠᠯᠴᠢᠨ ᠠᠶᠢᠯ ᠤᠨ ᠬᠤᠳᠠᠨ ᠳᠤ ᠪᠠᠶᠠᠷ ᠨᠠᠶᠢᠷ ᠦᠷᠬᠦᠯᠵᠢᠯᠡᠭᠰᠡᠨ ᠰᠠᠶᠢᠬᠠᠨ ᠵᠤᠭᠤᠭ ᠦᠨᠦᠬᠡᠨ ᠪᠤᠯᠳᠠᠯ᠎ᠠ ᠨᠤᠳᠤᠭ ᠤᠨ ᠤᠯᠠᠨ ᠤ ᠬᠢᠨᠢ ᠲᠤᠮᠳᠠ ᠲᠠᠮᠵᠢᠭᠳᠠᠭᠰᠠᠭᠠᠷ ᠪᠠᠶᠢᠯ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号