3 ᠰᠠᠷ᠎ᠠ ᠶᠢᠨ 8 ᠡᠳᠦᠷ᠂ ᠠᠪᠠᠭ᠎ᠠ ᠨᠤᠲᠤᠭ ᠤᠨ ᠲᠡᠮᠦᠷ ᠬᠡᠤᠬᠡᠨᠴᠤᠳ ᠰᠢᠶᠠᠮᠧᠨ ᠬᠤᠳᠠ ᠳᠤ ︽ | ᠤᠮᠠᠷᠠᠳᠦ ᠬᠢᠵᠠᠭᠠᠷ ᠤᠨ ᠳᠤᠷᠠᠰᠤᠮᠵᠢ · ᠲᠠᠯ᠎ᠠ ᠨᠤᠲᠤᠭ ᠤᠨ ᠳᠡᠮᠦᠷ ᠬᠡᠤᠬᠡᠨ︾ ᠪᠠᠷᠢᠮᠳᠠᠳᠦ ᠺᠢᠨᠤ᠋ ᠶᠢᠨ ᠨᠡᠭᠡᠭᠡᠯᠳᠡ | ᠶᠢᠨ ᠶᠤᠰᠤᠯᠠᠯ ᠵᠢᠴᠢ ︽3 · 8︾ ᠳᠡᠯᠡᠬᠡᠢ ᠶᠢᠨ ᠬᠦᠳᠡᠯᠮᠦᠷᠢᠴᠢᠨ ᠡᠮᠡᠭᠳᠡᠶᠢᠴᠤᠳ ᠤᠨ ᠪᠠᠶᠠᠷ ᠢ ᠳᠡᠮᠳᠡᠭᠯᠡᠬᠦ | ᠰᠤᠶᠤᠯ ᠤᠨ ᠰᠤᠯᠢᠯᠴᠠᠭᠠᠨ ᠤ ᠠᠵᠢᠯᠯᠠᠭ᠎ᠠ ᠳᠤ ᠤᠷᠤᠯᠴᠠᠪᠠ᠃ | ᠲᠤᠰ ᠠᠵᠢᠯᠯᠠᠭ᠎ᠠ ᠶᠢ ᠦᠪᠦᠷ ᠮᠤᠩᠭᠤᠯ ᠤᠨ ᠦᠨᠳᠦᠰᠦᠳᠡᠨ ᠤ ᠺᠢᠨᠤ᠋ ᠤᠷᠴᠢᠭᠤᠯᠤᠨ ᠦᠢᠯᠡᠳᠬᠦ ᠲᠦᠪ᠂ | ᠰᠢᠶᠠᠮᠧᠨ ᠬᠤᠳᠠ ᠶᠢᠨ ᠰᠧ ᠮᠢᠩ ᠲᠤᠭᠤᠷᠢᠭ ᠤᠨ ᠰᠤᠶᠤᠯ ᠵᠢᠭᠤᠯᠴᠢᠯᠠᠯ ᠤᠨ ᠲᠤᠪᠴᠢᠶ᠎ᠠ ᠠᠴᠠ ᠭᠤᠤᠯᠯᠠᠨ | ᠡᠷᠬᠢᠯᠡᠵᠦ᠂ ᠦᠪᠦᠷ ᠮᠤᠩᠭᠤᠯ ᠤᠨ ᠳᠤᠮᠳᠠᠳᠦ ᠤᠯᠤᠰ ᠤᠨ ᠵᠢᠭᠤᠯᠴᠢᠯᠠᠯ ᠤᠨ ᠬᠤᠷᠢᠶ᠎ᠠ᠂ ᠦᠪᠦᠷ ᠮᠤᠩᠭᠤᠯ ᠤᠨ | ᠱᠠ ᠬᠦᠸᠧ ᠰᠤᠶᠤᠯ ᠵᠢᠭᠤᠯᠴᠢᠯᠠᠯ ᠤᠨ ᠬᠢᠵᠠᠭᠠᠷᠳᠤ ᠺᠤᠮᠫᠠᠨᠢ ᠠᠴᠠ ᠳᠠᠭᠠᠭᠠᠴᠢᠯᠠᠨ ᠡᠷᠬᠢᠯᠡᠵᠠᠢ᠃ | ︽ᠤᠮᠠᠷᠠᠳᠦ ᠬᠢᠵᠠᠭᠠᠷ ᠤᠨ ᠳᠤᠷᠠᠰᠤᠮᠵᠢ · ᠲᠠᠯ᠎ᠠ ᠨᠤᠲᠤᠭ ᠤᠨ ᠳᠡᠮᠦᠷ ᠬᠡᠤᠬᠡᠨ︾ ᠪᠠᠷᠢᠮᠳᠠᠳᠦ ᠺᠢᠨᠤ᠋ ᠶᠢᠨ | ᠨᠡᠭᠡᠭᠡᠯᠳᠡ ᠶᠢᠨ ᠶᠤᠰᠤᠯᠠᠯ ᠳᠤ ᠠᠯᠠᠱᠠ ᠠᠶᠢᠮᠠᠭ᠂ ᠪᠠᠶᠠᠨᠨᠠᠭᠤᠷ ᠬᠤᠳᠠ᠂ ᠤᠯᠠᠭᠠᠨᠬᠠᠳᠠ ᠬᠤᠳᠠ᠂ ᠲᠦᠩᠯᠢᠶᠤᠤ | ᠬᠤᠳᠠ᠂ ᠰᠢᠯᠢ ᠶᠢᠨ ᠭᠤᠤᠯ ᠠᠶᠢᠮᠠᠭ ᠵᠡᠷᠭᠡ ᠠᠶᠢᠮᠠᠭ ᠬᠤᠳᠠ ᠬᠤᠰᠢᠭᠤᠨ ᠤ 200 ᠭᠠᠷᠤᠢ ︽ᠳᠡᠮᠤᠷ | ᠬᠡᠤᠬᠡᠨᠴᠤᠳ︾ ᠤᠨ ᠲᠦᠯᠦᠭᠡᠯᠡᠭᠴᠢ ᠤᠷᠤᠯᠴᠠᠵᠠᠢ᠃ ᠮᠠᠨ ᠤ ᠬᠤᠰᠢᠭᠤᠨ ᠤ 13 ︽ᠳᠡᠮᠤᠷ ᠬᠡᠤᠬᠡᠨ︾ | ᠬᠤᠰᠢᠭᠤ ᠨᠤᠲᠤᠭ ᠢᠶᠠᠨ ᠲᠦᠯᠦᠭᠡᠯᠡᠨ ᠤᠷᠤᠯᠴᠠᠵᠦ᠂ 11 ᠤ ᠡᠳᠦᠷ ᠤᠯᠵᠠ ᠤᠮᠤᠭ ᠲᠦᠭᠦᠷᠡᠩ ᠨᠤᠲᠤᠭ | ᠪᠤᠴᠠᠵᠦ ᠪᠢᠯᠡ᠃ | ᠶᠤᠰᠤᠯᠠᠯ ᠲᠡᠭᠡᠷ᠎ᠡ᠂ ᠦᠪᠦᠷ ᠮᠤᠩᠭᠤᠯ ᠤᠨ ᠪᠦᠬᠦ ᠳᠡᠮᠤᠷ ᠬᠡᠤᠬᠡᠨᠴᠤᠳ ᠠᠴᠠ ︽ᠬᠦᠳᠡᠭᠡ ᠲᠠᠯ᠎ᠠ ᠳᠤ | ᠮᠦᠩᠭᠡ ᠶᠢᠨ ᠨᠠᠷᠠ ᠮᠠᠨᠳᠤᠯ᠎ᠠ︾᠂ ︽ᠴᠠᠭᠠᠨ ᠰᠠᠷᠠᠯ ᠮᠤᠷᠢ︾᠂ ︽ᠬᠠᠶᠢᠷ᠎ᠠ ᠰᠢᠩᠭᠡᠭᠰᠡᠨ ᠡᠸ᠋ᠨᠩᠬᠢ︾᠂ ︽ | ᠶᠤᠬᠤᠷ ᠪᠦᠵᠢᠭ︾ ᠵᠡᠷᠭᠡ ᠭᠤᠴᠦ ᠰᠠᠶᠢᠬᠠᠨ ᠲᠤᠭᠯᠠᠯᠳᠠ ᠭᠠᠷᠭᠠᠵᠦ᠂ ᠤᠯᠠᠨ ᠤ ᠰᠡᠳᠬᠢᠯ ᠢ ᠪᠠᠶᠠᠰᠬᠠᠯ᠎ᠠ᠃ ᠡᠬᠦᠨ | ᠳᠤ ᠮᠠᠨ ᠬᠤᠰᠢᠭᠤᠨ ᠤ ᠲᠦᠯᠦᠭᠡᠯᠡᠭᠴᠢᠳ ᠨᠢ ᠠᠶᠢᠮᠠᠭ ᠬᠤᠳᠠ ᠶᠢᠨ ᠲᠦᠯᠦᠭᠡᠯᠡᠭᠴᠢᠳ ᠲᠠᠢ ᠬᠠᠮᠳᠤ ︽ | ᠤᠶᠠᠩᠭ᠎ᠠ ᠶᠢᠨ ᠰᠠᠶᠢᠬᠠᠨ ᠰᠢᠯᠢ ᠶᠢᠨ ᠭᠤᠤᠯ︾ ᠳᠠᠭᠤᠤ ᠪᠠᠨ ᠳᠠᠭᠤᠯᠠᠵᠦ᠂ ᠰᠢᠯᠢ ᠶᠢᠨ ᠭᠤᠤᠯ ᠨᠤᠲᠤᠭ ᠤᠨ ︽ | ᠳᠡᠮᠤᠷ ᠬᠡᠤᠬᠡᠨᠴᠤᠳ︾ ᠤᠨ ᠴᠤᠭ ᠵᠢᠪᠬᠤᠭ᠎ᠠ ᠶᠢ ᠬᠠᠷᠠᠭᠤᠯᠤᠭᠰᠠᠨ ᠪᠠᠶᠢᠨ᠎ᠠ᠃ ᠶᠤᠰᠤᠯᠠᠯ ᠤᠨ ᠳᠠᠷᠠᠭ᠎ᠠ᠂ ︽ | ᠳᠡᠮᠤᠷ ᠬᠡᠤᠬᠡᠨᠴᠤᠳ︾ ᠰᠢᠶᠠᠮᠧᠨ ᠬᠤᠳᠠ ᠶᠢᠨ ᠦᠵᠡᠮᠵᠢ ᠶᠢᠨ ᠤᠷᠤᠨ᠂ ᠳᠡᠤᠬᠡᠨ ᠳᠤᠷᠠᠰᠬᠠᠯᠳᠤ ᠮᠦᠽᠸᠢ ᠪᠠᠷ | ᠲᠤᠭᠤᠷᠢᠨ ᠵᠤᠭᠠᠴᠠᠪᠠ᠃ | — ᠡᠨᠡ ᠰᠠᠶᠢᠬᠠᠨ ᠠᠵᠢᠯᠯᠠᠭ᠎ᠠ ᠳᠤ ᠤᠯᠠᠨ ᠭᠠᠵᠠᠷ ᠤᠨ ︽ᠳᠡᠮᠤᠷ ᠬᠡᠤᠬᠡᠨᠴᠤᠳ︾ ᠲᠠᠢ ᠪᠠᠨ ᠬᠠᠮᠳᠤ | ᠤᠷᠤᠯᠴᠠᠭᠰᠠᠨ ᠳᠠᠭᠠᠨ ᠰᠡᠳᠬᠢᠭᠳᠡᠯ ᠮᠠᠰᠢ ᠦᠨᠳᠦᠷ ᠪᠠᠶᠢᠨ᠎ᠠ᠃ ᠡᠨᠡᠬᠦ ᠺᠢᠨᠤ᠋ ᠨᠢ ᠨᠢᠭᠡᠨ ᠴᠠᠭ ᠦᠶ᠎ᠠ ᠶᠢᠨ | ᠡᠮᠡᠭᠳᠡᠶᠢᠴᠤᠳ ᠤᠨ ᠭᠠᠪᠰᠢᠭᠠᠶᠢᠯᠠᠵᠦ ᠪᠠᠶᠢᠭᠰᠠᠨ ᠳᠡᠤᠬᠡ ᠶᠢ ᠰᠡᠬᠦᠵᠦ᠂ ︽ᠳᠡᠮᠤᠷ ᠬᠡᠤᠬᠡᠨᠴᠤᠳ︾ ᠤᠨ ᠬᠤᠪᠢ | ᠨᠡᠮᠡᠷᠢ ᠶᠢ ᠮᠡᠳᠡᠷᠡᠵᠦ᠂ ᠪᠠᠭᠠᠳᠤᠷᠯᠢᠭ ᠦᠢᠯᠡ ᠠᠵᠢᠯᠯᠠᠭ᠎ᠠ ᠶᠢ ᠳᠡᠮᠳᠡᠭᠯᠡᠭᠰᠡᠨ ᠪᠠᠶᠢᠨ᠎ᠠ᠃ ᠲᠠᠯ᠎ᠠ ᠨᠤᠲᠤᠭ ᠤᠨ | ᠤᠮᠠᠷᠠᠳᠦ ᠬᠢᠯᠢ ᠶᠢᠨ ᠨᠤᠲᠤᠭ ᠲᠤ ᠠᠵᠦ ᠲᠦᠷᠦᠵᠦ ᠪᠠᠶᠢᠭ᠎ᠠ ᠵᠢᠷᠠ ᠳᠠᠯ᠎ᠠ ᠬᠦᠷᠦᠭᠰᠡᠨ ᠪᠢᠳᠡ ᠬᠡᠳᠦ ᠴᠢᠨᠢ᠂ | ᠦᠨᠦᠳᠦᠷ ᠡᠨᠡᠬᠦ ᠤᠯᠤᠰ ᠤᠨ ᠬᠦᠭᠵᠢᠭᠰᠡᠨ ᠬᠤᠳᠠ ᠳᠤ ᠢᠷᠡᠵᠦ᠂ ︽ᠳᠡᠮᠤᠷ ᠬᠡᠤᠬᠡᠨᠴᠤᠳ︾ ᠤᠨ ᠢᠶᠠᠨ ᠠᠯᠳᠠᠷ | ᠨᠠᠷᠠ ᠢᠶᠠᠷ ᠢᠶᠠᠨ ᠪᠠᠭ᠋ᠠᠷᠬᠠᠵᠦ ᠶᠠᠪᠤᠭ᠎ᠠ ᠨᠢ ᠶᠤᠰᠤᠳᠠᠢ ᠶᠡᠭᠡ ᠪᠠᠶᠠᠷᠯᠠᠭᠤᠰᠢᠳᠠᠢ ᠶᠠᠪᠤᠳᠠᠯ᠃ ᠢᠷᠡᠭᠰᠡᠨ ᠡᠨᠡ ᠬᠡᠳᠦᠨ | ᠡᠳᠦᠷ ᠪᠠᠰᠠ ᠲᠤᠭᠤᠷᠢᠨ ᠵᠤᠭᠠᠴᠠᠵᠦ᠂ ᠰᠢᠶᠠᠮᠧᠨ ᠬᠤᠳᠠ ᠶᠢᠨ ᠦᠩᠭᠡ ᠦᠵᠡᠮᠵᠢ ᠶᠢ ᠰᠤᠨᠢᠷᠬᠠᠵᠦ᠂ ᠠᠷᠠᠳ ᠤᠨ | ᠠᠮᠢᠳᠤᠷᠠᠯ᠂ ᠨᠡᠶᠢᠭᠡᠮ ᠤᠨ ᠬᠦᠭᠵᠢᠯᠳᠡ ᠶᠢ ᠨᠢ ᠤᠶᠢᠯᠠᠭᠠᠵᠦ᠂ ᠰᠢᠶᠠᠮᠧᠨ ᠬᠤᠳᠠ ᠶᠢᠨ ᠬᠦᠭᠵᠢᠯ ᠬᠤᠪᠢᠷᠠᠯ ᠢ | ᠪᠡᠶ᠎ᠡ ᠪᠠᠷ ᠢᠶᠠᠨ ᠮᠡᠳᠡᠷᠡᠵᠦ᠂ ᠪᠡᠶ᠎ᠡ ᠶᠢᠨ ᠠᠯᠵᠢᠶᠠᠯ ᠢ ᠮᠡᠳᠡᠷᠡᠯ ᠦᠭᠡᠢ ᠬᠡᠳᠦᠨ ᠡᠳᠦᠷ ᠢ ᠮᠠᠰᠢ ᠰᠠᠶᠢᠬᠠᠨ ᠤᠳᠬ᠎ᠠ | ᠠᠭᠤᠯᠭ᠎ᠠ ᠲᠠᠢ ᠦᠩᠭᠡᠷᠡᠬᠦᠯᠦᠯ᠎ᠡ ᠰᠢᠦ ᠬᠡᠮᠡᠨ ᠮᠠᠨ ᠤ ᠬᠤᠰᠢᠭᠤᠨ ᠤ ︽ᠳᠡᠮᠤᠷ ᠬᠡᠤᠬᠡᠨ︾ ᠴᠢᠮᠡᠭ ᠰᠡᠳᠬᠢᠭᠳᠡᠯ | ᠢᠶᠠᠨ ᠬᠤᠪᠢᠶᠠᠯᠴᠠᠯ᠎ᠠ᠃ | ᠤᠶᠢᠷ᠎ᠠ ᠶᠢᠨ ᠬᠤᠭᠤᠴᠠᠭᠠᠨ ᠳᠤ᠂ 26 ᠪᠦᠯᠦᠭᠳᠦ ᠳᠤᠮᠤ ᠬᠡᠯᠪᠡᠷᠢ ᠶᠢᠨ ᠪᠠᠷᠢᠮᠳᠠᠳᠦ ᠺᠢᠨᠤ᠋ ︽ᠤᠮᠠᠷᠠᠳᠦ | ᠬᠢᠵᠠᠭᠠᠷ ᠤᠨ ᠳᠤᠷᠠᠰᠤᠮᠵᠢ · ᠲᠠᠯ᠎ᠠ ᠨᠤᠲᠤᠭ ᠤᠨ ᠳᠡᠮᠦᠷ ᠬᠡᠤᠬᠡᠨ︾ ᠦᠪᠦᠷ ᠮᠤᠩᠭᠤᠯ ᠤᠨ ᠲᠧᠯᠸᠢᠰ ᠬᠤᠷᠢᠶᠠᠨ ᠤ | ᠰᠤᠶᠤᠯ ᠰᠢᠨᠵᠢᠯᠡᠭᠡᠨ ᠤ ᠰᠤᠪᠠᠭ ᠢᠶᠠᠷ ᠦᠵᠡᠭᠴᠢᠳ ᠲᠠᠢ ᠪᠠᠨ ᠵᠤᠯᠭᠠᠬᠤ ᠳᠤ ᠪᠡᠯᠡᠭᠡᠨ ᠪᠤᠯᠤᠯ᠎ᠠ᠃ ᠲᠤᠰ | ᠪᠠᠷᠢᠮᠳᠠᠳᠦ ᠺᠢᠨᠤ᠋ ᠨᠢ ᠳᠡᠮᠦᠷ ᠬᠡᠤᠬᠡᠨᠴᠤᠳ ᠤᠨ ᠨᠠᠮ ᠤᠨ ᠤᠳᠤᠷᠢᠳᠤᠯᠭ᠎ᠠ ᠲᠤᠤᠷ᠎ᠠ᠂ ᠡᠬᠡ ᠤᠯᠤᠰ ᠤᠨ ᠤᠮᠠᠷᠠᠳᠦ | ᠬᠢᠯᠢ ᠶᠢᠨ ᠨᠡᠶᠢᠭᠡᠮ ᠵᠢᠷᠤᠮᠳᠤ ᠪᠦᠲᠦᠭᠡᠨ ᠪᠠᠶᠢᠭᠤᠯᠤᠯᠳᠠ ᠶᠢᠨ ᠰᠠᠭᠤᠷᠢ ᠳᠠᠯᠪᠢᠬᠤ ᠳᠤ ᠵᠠᠯᠠᠭᠤ ᠨᠠᠰᠤᠨ ᠤ ᠪᠠᠨ | ᠬᠡᠷᠡᠯ ᠬᠢᠯᠪᠠᠭ᠎ᠠ᠂ ᠤᠶᠤᠨ ᠤᠬᠠᠭᠠᠨ᠂ ᠬᠦᠴᠦᠨ ᠴᠢᠳᠠᠯ ᠢᠶᠠᠨ ᠬᠠᠷᠠᠮ ᠦᠭᠡᠢ ᠵᠤᠷᠢᠭᠤᠯᠵᠦ᠂ ᠬᠤᠪᠢ ᠨᠡᠮᠡᠷᠢ | ᠦᠵᠡᠬᠦᠯᠦᠭᠰᠡᠨ ᠳᠡᠤᠭᠡ ᠶᠢ ᠲᠡᠮᠳᠡᠭᠯᠡᠭᠰᠡᠨ ᠶᠤᠮ᠃ |