ᠬᠥᠬᠡᠭᠡ ᠡᠪᠦᠯ ᠤᠨ ᠠᠪᠠᠭ᠎ᠠ ᠨᠤᠲᠤᠭ ᠮᠦᠩᠭᠦᠨ ᠬᠤᠶᠠᠭ ᠭᠡᠳᠦᠷᠴᠦ᠂ ᠣᠨᠴᠠ ᠶᠢᠨ ᠭᠤᠶᠢᠳᠠ ᠦᠵᠡᠮᠵᠢ ᠨᠢ | ᠵᠢᠷᠤᠭ ᠰᠢᠤᠬᠠᠨ ᠬᠠᠷᠠᠭᠳᠠᠨ᠎ᠠ᠃ ᠬᠤᠯᠠᠨ ᠰᠢᠷᠭ᠎ᠠ ᠳᠠᠭ᠎ᠠ ᠶᠢᠨ ᠡᠯᠡᠰᠦᠨ ᠤ ᠵᠠᠬ᠎ᠠ ᠳᠤ ᠠᠮᠤᠭᠤᠯᠠᠩ ᠲᠠᠶᠢᠪᠤᠩ | ᠠᠵᠤ ᠲᠦᠷᠦᠵᠦ ᠪᠠᠶᠢᠭ᠎ᠠ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠠᠯᠳᠠᠨᠳᠦ᠋ᠬᠦᠷᠢᠭ ᠭᠠᠴᠠᠭᠠᠨ ᠤ | ᠮᠠᠯᠴᠢᠨ ᠰᠠᠶᠢᠬᠠᠨᠴᠡᠴᠡᠭ ᠤᠨ ᠬᠢ ᠥᠶᠦᠭ ᠲᠠᠪᠠᠲᠠᠢ ᠡᠪᠦᠯᠵᠢᠨ᠎ᠡ᠃ | ᠡᠳᠡᠨ ᠤ ᠬᠢ ᠠᠮᠠ ᠪᠦᠯᠢ ᠳᠤᠯᠤᠭᠤᠯᠠ ᠪᠠᠶᠢᠵᠤ᠂ 4500 ᠮᠦ ᠨᠤᠲᠤᠭ ᠪᠡᠯᠴᠢᠭᠡᠷ ᠳᠡᠭᠡᠷ᠎ᠡ ᠪᠠᠨ 1000 | ᠮᠦ ᠨᠤᠲᠤᠭ ᠲᠦᠷᠢᠶᠡᠰᠦᠯᠡᠵᠦ ᠪᠤᠢ᠃ ᠨᠤᠲᠤᠭ ᠪᠡᠯᠴᠢᠭᠡᠷ ᠤᠨ ᠬᠢᠨᠢ ᠬᠦᠷᠦᠰᠦ ᠨᠢ ᠰᠤᠯᠠᠬᠠᠨ᠂ ᠮᠠᠩᠬ᠎ᠠ ᠭᠤᠣᠯᠲᠠᠢ | ᠪᠤᠯᠬᠤᠷ ᠬᠠᠪᠤᠷ ᠤᠨ ᠭᠠᠩ ᠬᠠᠭᠰᠠᠷᠠᠭᠠᠨ᠂ ᠰᠠᠯᠬᠢᠨ ᠤ ᠢᠳᠡᠭᠳᠡᠯ ᠵᠢᠴᠢ ᠮᠠᠯ ᠤᠨᠤᠭᠠᠨ ᠤ ᠬᠥᠯ ᠢᠶᠠᠷ ᠡᠪᠡᠰᠦᠨ ᠤ | ᠤᠷᠭᠤᠯᠲᠠ ᠮᠠᠰᠢ ᠠᠨᠠᠢ ᠪᠣᠯᠵᠤ᠂ ᠵᠢᠯ ᠠᠴᠠ ᠵᠢᠯ ᠳᠠᠴᠢᠷᠰᠢᠨ ᠡᠯᠡᠰᠦᠷᠬᠡᠭᠵᠢᠬᠦ ᠶᠢ ᠬᠠᠷᠠᠭᠠᠳ ᠠᠮᠢ ᠠᠬᠤᠢ ᠪᠠᠨ | ᠰᠡᠷᠭᠦᠭᠡᠬᠦ ᠪᠠᠷ ᠴᠢᠷᠮᠠᠶᠢᠵᠤ ᠢᠷᠡᠵᠡᠢ᠃ ᠲᠡᠳᠡ ᠡᠯᠡᠰᠦᠷᠬᠡᠭᠵᠢᠵᠦ ᠪᠠᠶᠢᠭ᠎ᠠ ᠭᠠᠵᠠᠷ ᠲᠤ ᠠᠷᠭᠠᠯ ᠬᠦᠷᠵᠡᠩ ᠬᠢᠵᠦ | ᠬᠦᠷᠦᠰᠦ ᠶᠢ ᠨᠢ ᠲᠤᠭᠳᠠᠪᠤᠷᠢᠵᠢᠭᠤᠯᠬᠤ᠂ ᠡᠪᠡᠰᠦ ᠮᠤᠳᠤ ᠲᠠᠷᠢᠬᠤ ᠵᠡᠷᠭᠡ ᠤᠯᠠᠨ ᠠᠷᠭ᠎ᠠ ᠬᠡᠮᠵᠢᠶ᠎ᠡ ᠠᠪᠤᠭᠰᠠᠨ ᠢᠶᠠᠷ | ᠡᠯᠡᠰᠦ ᠶᠢ ᠨᠣᠭᠲᠣᠯᠵᠤ᠂ ᠠᠮᠢᠯᠠᠯ ᠤᠨ ᠨᠣᠭᠤᠭᠠᠨ ᠥᠩᠭᠡ ᠪᠠᠷ ᠴᠢᠮᠡᠵᠡᠢ᠃ ︽ᠡᠮᠦᠨ᠎ᠡ ᠬᠡᠳᠦᠨ ᠵᠢᠯ ᠬᠠᠪᠤᠷ ᠤᠨ | ᠰᠠᠯᠬᠢ ᠶᠡᠬᠡᠲᠡᠢ ᠦᠶᠡᠰ᠂ ᠡᠯᠡᠰᠦᠨ ᠰᠢᠭᠤᠷᠭ᠎ᠠ ᠪᠣᠰᠴᠤ᠂ ᠬᠦᠷᠢᠶ᠎ᠡ ᠬᠠᠰᠢᠶ᠎ᠠ ᠶᠢ ᠳᠠᠷᠤᠵᠤ᠂ ᠭᠡᠷ ᠳᠦᠭᠦᠷᠡᠩ | ᠡᠯᠡᠰᠦ ᠰᠢᠷᠣᠢ ᠳᠡᠭᠳᠡᠨ ᠬᠡᠴᠡᠭᠦᠦ ᠪᠠᠶᠢᠯ᠎ᠠ᠃ ᠨᠡᠩ ᠢᠯᠠᠩᠭᠤᠶ᠎ᠠ ᠮᠠᠨ ᠤ ᠬᠢ ᠭᠠᠴᠠᠭᠠᠨ ᠤ ᠱᠦᠢᠨᠢ ᠵᠠᠮ ᠠᠴᠠ | ᠣᠶᠢᠷᠠᠬᠠᠨ ᠪᠣᠯᠬᠤᠷ᠂ ᠬᠠᠪᠤᠷ ᠤᠨ ᠡᠯᠡᠰᠦᠨ ᠰᠢᠭᠤᠷᠭ᠎ᠠ ᠲᠠᠢ ᠡᠳᠦᠷ ᠰᠠᠯᠬᠢᠨ ᠳᠤ ᠬᠡᠶᠢᠰᠦᠭᠰᠡᠨ ᠡᠯᠡᠰᠦ ᠱᠦᠢᠨᠢ | ᠵᠠᠮ ᠢ ᠳᠠᠷᠤᠵᠤ᠂ ᠪᠦᠷ ᠪᠦᠳᠦᠭᠦᠨ ᠮᠠᠰᠢᠨ ᠢᠶᠠᠷ ᠳᠦᠯᠬᠢᠵᠦ ᠪᠠᠶᠢᠭᠰᠠᠨ ᠤᠳᠠᠭ᠎ᠠ ᠴᠦ ᠪᠣᠢ︾ ᠭᠡᠵᠦ | ᠰᠠᠶᠢᠬᠠᠨᠴᠡᠴᠡᠭ ᠡᠷᠭᠢᠴᠡᠭᠦᠯᠦᠨ ᠶᠠᠷᠢᠨ᠎ᠠ᠃ | ᠨᠤᠲᠤᠭ ᠪᠡᠯᠴᠢᠭᠡᠷ ᠪᠣᠯ ᠮᠠᠯ ᠠᠵᠤ ᠠᠬᠤᠢ ᠶᠢᠨ ᠬᠥᠭᠵᠢᠯᠲᠡ ᠬᠢᠭᠡᠳ ᠮᠠᠯᠵᠢᠬᠤ ᠦᠢᠯᠡᠳᠪᠦᠷᠢᠯᠡᠯ ᠤᠨ | ᠰᠠᠭᠤᠷᠢ ᠪᠣᠯᠬᠤ ᠶᠢ ᠴᠠᠭᠠᠨ᠎ᠠ ᠨᠢ ᠭᠠᠷᠲᠠᠯ᠎ᠠ ᠤᠶᠢᠯᠠᠭᠠᠳᠠᠭ ᠰᠠᠶᠢᠬᠠᠨᠴᠡᠴᠡᠭ ᠤᠨ ᠬᠢ ᠬᠡᠷᠬᠢᠨ ᠨᠤᠲᠤᠭ | ᠪᠡᠯᠴᠢᠭᠡᠷ ᠢᠶᠠᠨ ᠨᠣᠭᠤᠭᠠᠷᠠᠭᠤᠯᠵᠤ ᠰᠠᠶᠢᠵᠢᠷᠠᠭᠤᠯᠬᠤ ᠪᠠᠷ ᠠᠷᠭ᠎ᠠ ᠪᠥᠬᠦᠨ ᠢ ᠰᠦᠪᠡᠭᠴᠢᠯᠡᠪᠡ᠂ ᠠᠷᠭᠠᠯ | ᠬᠦᠷᠵᠡᠩ ᠤᠨ ᠬᠥᠷᠥᠰᠥ ᠶᠢ ᠲᠣᠭᠲᠠᠪᠤᠷᠢᠵᠢᠭᠤᠯᠬᠤ ᠦᠢᠯᠡᠳᠦᠯ ᠲᠠᠢ ᠶᠢ ᠮᠡᠳᠡᠳᠡᠭ ᠪᠣᠯᠬᠤᠷ ᠡᠯᠡᠰᠦᠷᠬᠡᠭᠵᠢᠭᠰᠡᠨ | ᠨᠤᠲᠤᠭ ᠲᠠᠭᠠᠨ ᠠᠷᠭᠠᠯ ᠬᠦᠷᠵᠡᠩ ᠬᠢᠵᠦ ᠲᠣᠭᠲᠠᠪᠤᠷᠢᠵᠢᠭᠤᠯᠪᠠ᠃ ︽ᠬᠠᠪᠤᠷ ᠤᠨ ᠪᠦᠳᠦᠬᠦᠨ ᠠᠷᠭᠠᠯ ᠤᠳ ᠮᠠᠰᠢ | ᠰᠠᠶᠢᠨ᠂ ᠪᠡᠯᠴᠢᠭᠡᠷ ᠢ ᠶᠡᠭᠡ ᠲᠣᠭᠲᠠᠭᠠᠳᠠᠭ᠃ ᠬᠤᠩᠬᠤᠷ ᠭᠠᠵᠠᠷ ᠬᠢᠵᠦ ᠣᠷᠣᠭᠤᠯᠪᠠᠯ ᠳᠠᠷᠠᠭ᠎ᠠ ᠵᠢᠯ ᠨᠢ ᠭᠤᠶᠣ | ᠪᠣᠯᠴᠢᠬᠠᠨ᠎ᠠ᠂ ᠵᠣᠨ ᠨᠢ ᠪᠣᠷᠤᠭ᠎ᠠ ᠰᠠᠶᠢᠨ ᠪᠣᠯ ᠡᠪᠡᠰᠦ ᠭᠤᠶᠣ ᠤᠷᠭᠤᠴᠢᠬᠠᠨᠠ᠂ ᠮᠠᠨ ᠤ ᠬᠢ ᠤᠤᠯ ᠠᠴᠠ ᠪᠠᠨ | ᠢᠩᠭᠢᠵᠦ ᠬᠢᠵᠦ ᠪᠠᠶᠢᠭᠰᠠᠨ ᠪᠣᠯᠪᠠᠴᠤ ᠭᠠᠭᠴᠠ ᠠᠷᠭᠠᠯ ᠬᠢᠭᠡᠳ ᠡᠯᠡᠰᠦ ᠶᠢ ᠶᠡᠭᠡ ᠵᠠᠰᠠᠵᠦ ᠲᠡᠶᠢᠯᠬᠦ ᠦᠭᠡᠢ᠂ | ᠡᠯᠡᠰᠦ ᠶᠢ ᠵᠠᠰᠠᠬᠤ ᠠᠵᠢᠯ ᠤᠨ ᠦᠷ᠎ᠡ ᠠᠰᠢᠭ ᠢᠶᠠᠨ ᠨᠡᠩ ᠳᠡᠭᠡᠭᠰᠢᠯᠡᠭᠦᠯᠬᠦ ᠶᠢᠨ ᠲᠤᠰᠠᠳᠠ ᠡᠪᠡᠰᠦ ᠲᠠᠷᠢᠵᠦ | ᠡᠬᠢᠯᠡᠭᠰᠡᠨ ᠶᠤᠮ︾ ᠭᠡᠵᠦ ᠰᠠᠶᠢᠬᠠᠨᠴᠡᠴᠡᠭ ᠬᠡᠯᠡᠨ᠎ᠡ᠃ | ᠰᠠᠶᠢᠬᠠᠨᠴᠡᠴᠡᠭ ᠤᠨ ᠬᠢ ᠡᠯᠡᠰᠦ ᠶᠢ ᠵᠠᠰᠠᠬᠤ ᠳᠤ ᠤᠯᠠᠨ ᠠᠷᠭ᠎ᠠ ᠵᠠᠮ ᠰᠦᠪᠡᠭᠴᠢᠯᠡᠬᠦ ᠶᠢᠨ ᠬᠠᠮᠲᠤ | ᠪᠤᠰᠤᠳ ᠤᠨ ᠡᠯᠡᠰᠦ ᠵᠠᠰᠠᠭᠰᠠᠨ ᠲᠤᠷᠰᠢᠯᠭ᠎ᠠ ᠶᠢ ᠰᠠᠶᠢᠲᠤᠷ ᠰᠣᠷᠣᠯᠴᠠᠵᠤ᠂ ᠡᠯᠡᠰᠦ ᠵᠠᠰᠠᠬᠤ ᠠᠵᠢᠯ ᠤᠨ ᠦᠷ᠎ᠡ | ᠠᠰᠢᠭ ᠢᠶᠠᠨ ᠳᠡᠭᠡᠭᠰᠢᠯᠡᠭᠦᠯᠬᠦ ᠶᠢ ᠵᠣᠷᠢᠪᠠ᠃ ᠲᠡᠷᠡ ᠬᠤᠯᠠᠨ ᠰᠢᠷᠭ᠎ᠠ ᠳᠠᠭ᠎ᠠ ᠶᠢᠨ ᠡᠯᠡᠰᠦᠨ ᠳᠤ ᠰᠠᠭᠤᠷᠢᠰᠢᠳᠠᠭ | ᠴᠠᠭᠠᠨᠨᠠᠭᠤᠷ ᠪᠠᠯᠭᠠᠰᠤᠨ ᠤ ᠪᠠᠶᠠᠨᠨᠠᠭᠤᠷ ᠭᠠᠴᠠᠭᠠᠨ ᠤ ᠬᠦᠷᠭᠡᠨ ᠠᠬ᠎ᠠ ᠶᠢᠨ ᠢᠶᠠᠨ ᠡᠷᠲᠡ ᠠᠴᠠ ᠡᠪᠡᠰᠦ ᠮᠣᠳᠣ | ᠲᠠᠷᠢᠵᠤ ᠨᠤᠲᠤᠭ ᠢᠶᠠᠨ ᠨᠣᠭᠤᠭᠠᠷᠠᠭᠤᠯᠤᠭᠰᠠᠨ ᠠᠷᠭ᠎ᠠ ᠲᠤᠷᠰᠢᠯᠭ᠎ᠠ ᠶᠢ ᠰᠣᠷᠣᠯᠴᠠᠵᠤ᠂ 2022 ᠣᠨ ᠤ 5 | ᠰᠠᠷ᠎ᠠ ᠠᠴᠠ ᠡᠬᠢᠯᠡᠨ ᠠᠪᠤ ᠡᠵᠢ ᠲᠠᠢ ᠪᠠᠨ᠂ ᠬᠤᠶᠠᠷ ᠬᠡᠦᠬᠡᠳ ᠢᠶᠠᠨ ᠳᠠᠭᠠᠭᠤᠯᠤᠨ᠂ ᠪᠥᠬᠦ ᠭᠡᠷ ᠢᠶᠠᠷ ᠢᠶᠠᠨ | ᠬᠦᠲᠡᠯᠦᠯᠴᠡᠨ ᠰᠦᠷ ᠳᠠᠯᠠᠶᠢᠴᠠᠲᠠᠢ ᠡᠪᠡᠰᠦ ᠲᠠᠷᠢᠬᠤ ᠠᠵᠢᠯ ᠢᠶᠠᠨ ᠡᠬᠢᠯᠡᠭᠦᠯᠵᠦ᠂ ᠠᠩᠬ᠎ᠠ ᠡᠬᠢᠯᠡᠭᠡᠳ ᠮᠠᠩᠬᠠᠨ ᠤ | ᠪᠤᠷᠤᠭᠤ ᠬᠠᠵᠠᠭᠤ ᠲᠠᠯ᠎ᠠ ᠪᠠᠷ ᠡᠬᠢᠯᠡᠵᠦ ᠲᠠᠷᠢᠵᠡᠢ᠃ ︽ᠮᠠᠩᠬ᠎ᠠ ᠵᠠᠰᠠᠬᠤ ᠳᠤ ᠠᠷᠤ ᠲᠠᠯ᠎ᠠ ᠠᠴᠠ ᠡᠬᠢᠯᠡᠵᠦ ᠵᠠᠰᠠᠪᠠᠯ | ᠠᠮᠠᠷᠬᠠᠨ᠂ ᠤᠷᠤᠭᠤ ᠬᠠᠵᠠᠭᠤ ᠭᠠᠵᠠᠷ ᠪᠣᠯᠬᠤᠷ ᠰᠡᠭᠦᠳᠡᠷ ᠲᠠᠢ᠂ ᠤᠰᠤ ᠳᠠᠭᠠᠭᠠᠬᠤ ᠴᠢᠨᠠᠷ ᠢᠶᠠᠷ ᠰᠠᠶᠢᠨ᠂ ᠴᠠᠰᠤ | ᠬᠤᠷᠠᠬᠤ ᠨᠢ ᠢᠯᠡᠭᠦᠦ᠂ ᠡᠪᠡᠰᠦ ᠮᠣᠳᠣ ᠲᠠᠷᠢᠪᠠᠯ ᠤᠷᠭᠤᠬᠤ ᠨᠢ ᠬᠤᠷᠳᠤᠨ᠂ ᠡᠳᠡᠭᠡᠷᠡᠬᠦ ᠨᠢ ᠴᠦ ᠬᠤᠷᠳᠤᠨ︾ | ᠭᠡᠵᠦ ᠲᠤᠷᠰᠢᠯᠭ᠎ᠠ ᠪᠠᠨ ᠲᠠᠨᠢᠯᠴᠠᠭᠤᠯᠤᠨ᠎ᠠ᠃ | ᠠᠩᠬ᠎ᠠ ᠡᠬᠢᠯᠡᠭᠡᠳ ᠣᠯᠠᠨ ᠬᠦᠴᠢᠷᠲᠡᠯ ᠲᠤᠯᠭᠠᠷᠠᠵᠤ ᠪᠠᠶᠢᠬᠤ ᠦᠶ᠎ᠡ ᠳᠤ᠂ ᠬᠦᠷᠭᠡᠨ ᠠᠬ᠎ᠠ ᠨᠢ ᠪᠠᠶᠢᠩᠭᠤ | ᠢᠷᠡᠵᠦ ᠮᠡᠷᠭᠡᠵᠢᠯ ᠲᠤᠷᠰᠢᠯᠭ᠎ᠠ ᠪᠠᠨ ᠵᠢᠭᠠᠵᠤ ᠤᠯᠠᠮᠵᠢᠯᠠᠬᠤ ᠶᠢᠨ ᠳᠠᠭᠠᠤ ᠬᠠᠮᠵᠢᠵᠤ ᠲᠠᠷᠢᠳᠠᠭ ᠪᠠᠶᠢᠪᠠ᠃ ︽ᠶᠡᠭᠡ | ᠡᠯᠡᠰᠦᠷᠬᠡᠦ ᠭᠠᠵᠠᠷ ᠲᠤ ᠠᠯᠲᠠᠨ ᠬᠠᠷᠭᠠᠨ᠎ᠠ᠂ ᠴᠡᠷᠭᠠᠰᠤ᠂ ᠮᠣᠷᠢᠨ ᠬᠤᠨᠴᠢᠷ᠂ ᠰᠢᠷ᠎ᠠ ᠪᠤᠷᠭᠠᠰᠤ᠂ ᠳᠡᠷᠡᠰᠦ ᠵᠡᠷᠭᠡ | ᠡᠪᠡᠰᠦ ᠶᠢ ᠲᠠᠷᠢᠭᠰᠠᠨ᠂ ᠠᠯᠲᠠᠨ ᠬᠠᠷᠭᠠᠨ᠎ᠠ ᠪᠦᠷ ᠥᠨᠳᠥᠷ ᠤᠷᠭᠤᠵᠡᠢ᠂ ᠳᠡᠷᠡᠰᠦ ᠨᠢ ᠠᠷᠠᠢ ᠰᠠᠶᠢᠨ ᠤᠷᠭᠤᠵᠤ | ᠳᠡᠶᠢᠯᠦᠭᠰᠡᠨ ᠦᠭᠡᠢ︾ ᠭᠡᠵᠦ ᠰᠠᠶᠢᠬᠠᠨᠴᠡᠴᠡᠭ ᠶᠠᠷᠢᠨ᠎ᠠ᠃ ᠢᠩᠭᠢᠵᠦ ᠬᠡᠰᠡᠭ ᠬᠡᠰᠡᠭ ᠢᠶᠠᠷ ᠲᠠᠷᠢᠵᠤ | ᠨᠣᠭᠤᠭᠠᠷᠠᠭᠤᠯᠤᠭᠰᠠᠨ ᠢᠶᠠᠷ᠂ ᠣᠳᠣ ᠪᠣᠯᠬᠤ ᠳᠤ 600 ᠮᠦ ᠣᠷᠴᠢᠮ ᠡᠯᠡᠰᠦᠷᠬᠡᠭᠵᠢᠭᠰᠡᠨ ᠨᠤᠲᠤᠭ ᠢᠶᠠᠨ | ᠨᠣᠭᠤᠭᠠᠷᠠᠭᠤᠯᠵᠤ᠂ ᠥᠩᠭᠡᠷᠡᠬᠦ ᠵᠢᠯ ᠪᠣᠷᠣᠭᠠᠨ ᠬᠤᠷ᠎ᠠ ᠰᠠᠶᠢᠨ ᠪᠣᠯᠬᠤᠷ ᠡᠪᠡᠰᠦᠨ ᠤ ᠤᠷᠭᠤᠯᠲᠠ ᠨᠢ ᠮᠠᠰᠢ ᠰᠠᠶᠢᠨ | ᠪᠠᠶᠢᠵᠤ᠂ ᠡᠯᠡᠰᠦᠷᠬᠡᠭᠵᠢᠭᠰᠡᠨ ᠨᠤᠲᠤᠭ ᠨᠢ ᠠᠮᠢᠯᠠᠨ ᠰᠡᠷᠭᠦᠵᠦ ᠡᠪᠡᠰᠦ ᠨᠣᠭᠤᠭ᠎ᠠ ᠬᠠᠯᠢᠭᠤᠷᠠᠨ᠂ ᠨᠣᠭᠤᠭᠠᠨ | ᠪᠦᠷᠢᠳᠦ ᠪᠣᠯᠣᠭᠰᠠᠨ ᠪᠠᠶᠢᠯ᠎ᠠ᠃ ᠰᠠᠶᠢᠬᠠᠨᠴᠡᠴᠡᠭ ᠤᠨ ᠦᠭᠡ ᠪᠠᠷ ᠬᠡᠯᠡᠪᠡᠯ᠂ ᠲᠠᠪᠤ ᠠᠯᠬᠤᠬᠤ ᠳᠤ ᠨᠢᠭᠡ ᠬᠡᠰᠡᠭ | ᠪᠣᠳᠠ ᠲᠠᠢ᠂ ᠥᠨᠳᠥᠷ ᠰᠢᠭ ᠡᠪᠡᠰᠦ ᠨᠢ ᠲᠡᠭᠦᠨ ᠤ ᠪᠡᠶ᠎ᠡ ᠶᠢᠨ ᠥᠨᠳᠥᠷ ᠲᠠᠢ ᠲᠡᠩᠴᠡᠮᠡᠷ᠂ ᠰᠢᠭᠤᠷᠬᠤ ᠡᠯᠡᠰᠦ | ᠪᠠᠶᠢᠬᠤ ᠦᠭᠡᠢ ᠭᠤᠶᠣ ᠰᠠᠶᠢᠬᠠᠨ ᠨᠣᠭᠤᠭᠠᠨ ᠪᠤᠯᠴᠢᠬᠠᠵᠡᠢ᠃ ᠲᠡᠳᠡ ᠡᠪᠡᠰᠦ ᠲᠠᠷᠢᠬᠤ ᠶᠢᠨ ᠳᠠᠭᠠᠤ ᠮᠠᠯ | ᠤᠨᠤᠭᠠᠨ ᠳᠠᠭᠠᠨ ᠶᠠᠪᠤᠬᠤ ᠳᠤ ᠠᠷᠭᠠᠯ ᠢᠶᠠᠨ ᠡᠭᠦᠷᠴᠦ ᠬᠤᠷᠮᠣᠶᠢᠯᠠᠭᠠᠳ᠂ ᠡᠯᠡᠰᠦᠷᠬᠡᠭᠵᠢᠭᠰᠡᠨ ᠭᠠᠵᠠᠷ ᠲᠤ | ᠬᠠᠶᠠᠭᠠᠳ ᠬᠥᠷᠥᠰᠥ ᠶᠢ ᠲᠣᠭᠲᠠᠪᠤᠷᠢᠵᠢᠭᠤᠯᠵᠤ᠂ ᠵᠠᠷᠢᠮ ᠳᠠᠭᠠᠨ ᠪᠠᠰᠠ ᠲᠡᠷᠭᠡ ᠪᠠᠷ ᠲᠡᠭᠡᠭᠡᠵᠦ ᠬᠠᠶᠠᠳᠠᠭ ᠪᠣᠯᠬᠤᠷ | ᠪᠠᠰᠠ ᠨᠢᠭᠡ 500 ᠭᠠᠷᠤᠢ ᠮᠦ ᠨᠤᠲᠤᠭ ᠨᠢ ᠥᠪᠡᠷ ᠢᠶᠠᠨ ᠡᠳᠡᠭᠡᠷᠡᠭᠰᠡᠨ ᠪᠠᠶᠢᠨ᠎ᠠ᠃ ᠡᠯᠡᠰᠦᠨ ᠤ ᠵᠠᠰᠠᠯᠲᠠ ᠨᠢ | ᠨᠡᠯᠢᠶᠡᠳ ᠦᠷ᠎ᠡ ᠪᠦᠲᠦᠮᠵᠢ ᠣᠯᠬᠤ ᠪᠠᠷ᠂ ᠰᠠᠶᠢᠬᠠᠨᠴᠡᠴᠡᠭ ᠤᠨ ᠬᠢ ᠨᠡᠩ ᠶᠡᠭᠡ ᠵᠣᠷᠢᠭᠵᠢᠵᠤ᠂ 2024 ᠣᠨ ᠳᠤ | ᠬᠠᠳᠤᠯᠠᠩ ᠤᠨ 1000 ᠮᠦ ᠨᠤᠲᠤᠭ ᠪᠡᠯᠴᠢᠭᠡᠷ ᠲᠡᠭᠡᠨ ᠴᠦᠭᠡᠪᠤᠷ ᠮᠣᠷᠢᠨ ᠬᠤᠨᠴᠢᠷ ᠪᠣᠯᠣᠨ ᠤᠯᠠᠨ ᠴᠠᠷᠭᠠᠰᠤ | ᠲᠠᠷᠢᠵᠤ᠂ ᠲᠤᠬᠠᠢ ᠶᠢᠨ ᠵᠢᠯ ᠳᠡᠭᠡᠨ ᠬᠠᠳᠤᠭᠰᠠᠨ ᠦᠭᠡᠢ᠂ ᠢᠷᠡᠬᠦ ᠵᠢᠯ ᠪᠣᠷᠣᠭᠠᠨ ᠬᠤᠷ᠎ᠠ ᠡᠯᠪᠡᠭ ᠪᠣᠯ ᠯᠠᠪ ᠰᠠᠶᠢᠨ | ᠤᠷᠭᠤᠨ᠎ᠠ᠂ ᠪᠠᠰᠠ ᠨᠡᠯᠢᠶᠡᠳ ᠬᠠᠳᠤᠯᠠᠩ ᠡᠪᠡᠰᠦ ᠭᠠᠷᠴᠢᠬᠠᠬᠤ ᠪᠠᠶᠢᠬ᠎ᠠ ᠭᠡᠵᠦ ᠰᠠᠶᠢᠬᠠᠨᠴᠡᠴᠡᠭ ᠢᠲᠡᠭᠡᠯ | ᠳᠦᠭᠦᠷᠡᠩ ᠪᠠᠶᠢᠯ᠎ᠠ᠃ | ᠠᠮᠢ ᠠᠬᠤᠢ ᠪᠠᠨ ᠰᠠᠶᠢᠵᠢᠷᠠᠭᠤᠯᠬᠤ ᠳᠤ ᠡᠪᠡᠰᠦ ᠮᠣᠳᠣ ᠲᠠᠷᠢᠵᠤ ᠨᠣᠭᠤᠭᠠᠷᠠᠭᠤᠯᠬᠤ ᠠᠴᠠ ᠭᠠᠳᠠᠨ᠎ᠠ | ᠬᠠᠮᠠᠭᠠᠯᠠᠬᠤ ᠨᠢ ᠪᠠᠰᠠ ᠮᠠᠰᠢ ᠴᠢᠬᠤᠯᠠ᠃ ᠰᠠᠶᠢᠬᠠᠨᠴᠡᠴᠡᠭ ᠤᠨ ᠬᠢ ᠨᠤᠲᠤᠭ ᠪᠡᠯᠴᠢᠭᠡᠷ ᠢᠶᠠᠨ ᠬᠠᠮᠠᠭᠠᠯᠠᠬᠤ ᠶᠢᠨ | ᠲᠥᠯᠥᠭᠡ ᠶᠡᠭᠡ ᠡᠯᠡᠰᠦᠷᠬᠡᠭᠵᠢᠭᠰᠡᠨ ᠨᠤᠲᠤᠭ ᠢᠶᠠᠨ ᠪᠢᠲᠡᠭᠦᠮᠵᠢᠯᠡᠨ ᠲᠣᠣᠷᠯᠠᠵᠤ᠂ ᠮᠠᠯ ᠤᠨ ᠲᠤᠭ᠎ᠠ ᠲᠣᠯᠣᠭᠠᠢ ᠪᠠᠨ | ᠪᠠᠭᠠᠰᠬᠠᠬᠤ ᠶᠢᠨ ᠬᠠᠮᠲᠤ ᠬᠤᠲᠠ ᠣᠷᠣᠵᠤ ᠠᠷᠠᠯᠵᠢᠶ᠎ᠠ ᠮᠠᠶᠢᠮᠠᠢ ᠬᠢᠵᠦ ᠣᠷᠣᠯᠭ᠎ᠠ ᠪᠠᠨ ᠨᠡᠮᠡᠭᠳᠡᠭᠦᠯᠦᠭᠰᠡᠨ ᠪᠠᠶᠢᠨ᠎ᠠ᠃ | ︽ᠤᠤᠯ ᠨᠢ100 ᠭᠠᠷᠤᠢ ᠪᠣᠳᠠ ᠮᠠᠯ᠃ 200 ᠵᠠᠭᠤ ᠣᠷᠴᠢᠮ ᠪᠣᠭ ᠮᠠᠯ ᠪᠠᠶᠢᠵᠡᠢ᠂ ᠣᠳᠣ 30 ᠭᠠᠷᠤᠢ | ᠪᠣᠳᠠ ᠮᠠᠯ ᠪᠣᠯᠣᠨ ᠴᠦᠭᠡᠪᠤᠷ ᠬᠡᠳᠦᠨ ᠢᠳᠡᠰᠢᠨ ᠤ ᠬᠤᠨᠢ ᠯᠡ ᠦᠯᠡᠳᠡᠭᠡᠵᠦ᠂ ᠬᠠᠪᠤᠷ ᠡᠬᠢᠯᠡᠨ ᠵᠢᠷᠭᠤᠭᠠᠨ ᠰᠠᠷ᠎ᠠ | ᠪᠤᠯᠳᠠᠯ᠎ᠠ ᠬᠠᠰᠢᠶᠠᠯᠠᠵᠤ᠂ ᠦᠩᠭᠡᠷᠡᠬᠦ ᠵᠢᠯ ᠤᠨ ᠭᠠᠩ ᠬᠠᠭᠰᠠᠷᠠᠭᠠᠨ ᠲᠠᠢ ᠪᠠᠶᠢᠳᠠᠯ ᠳᠤ ᠮᠠᠯ ᠢᠶᠠᠨ ᠣᠲᠣᠷ | ᠶᠠᠪᠤᠭᠤᠯᠤᠭᠠᠳ᠂ ᠪᠡᠯᠴᠢᠭᠡᠷ ᠲᠡᠭᠡᠨ ᠮᠠᠯ ᠣᠷᠣᠭᠤᠯᠤᠭᠰᠠᠨ ᠦᠭᠡᠢ᠂ ᠬᠠᠮᠠᠭᠠᠯᠠᠯᠲᠠ ᠨᠣᠭᠤᠭᠠᠷᠠᠭᠤᠯᠤᠯᠲᠠ ᠶᠢ ᠰᠠᠶᠢᠨ | ᠬᠢᠵᠦ ᠯᠡ ᠪᠠᠶᠢᠪᠠᠯ ᠨᠤᠲᠤᠭ ᠤᠨ ᠮᠢᠨᠢ ᠠᠮᠢ ᠠᠬᠤᠢ ᠰᠡᠷᠭᠦᠵᠦ ᠴᠢᠳᠠᠨ᠎ᠠ︾ ᠭᠡᠵᠦ ᠰᠠᠶᠢᠬᠠᠨᠴᠡᠴᠡᠭ ᠢᠲᠡᠭᠡᠯᠲᠡᠶᠢᠬᠡᠨ | ᠶᠠᠷᠢᠨ᠎ᠠ᠃ |