1ᠰᠠᠷ᠎ᠠ ᠶᠢᠨ 3 ᠤ ᠡᠳᠦᠷ᠂ ︽ᠮᠦᠰᠦᠨ ᠳᠡᠭᠡᠷ᠎ᠡ ᠨᠠᠷᠬᠢᠯᠳᠦᠨ ᠵᠢᠭᠠᠰᠦ ᠬᠦᠬᠢᠳᠡᠨ ᠪᠠᠶᠠᠰᠤᠯᠴᠠᠵᠦ — | ᠠᠪᠠᠭ᠎ᠠ ᠬᠤᠰᠢᠭᠤᠨ ᠤ ᠡᠪᠦᠯ ᠤᠨ ᠤᠯᠠᠷᠢᠯ ᠤᠨ ᠬᠦᠭᠵᠢᠯᠳᠦ ᠮᠦᠴᠠ ᠶᠢ ᠬᠠᠮᠳᠤᠪᠡᠷ ᠳᠡᠮᠳᠡᠭᠯᠡᠶ᠎ᠡ︾ ᠭᠤᠤᠯ | ᠰᠡᠳᠦᠪᠳᠦ ᠠᠪᠠᠭ᠎ᠠ ᠬᠤᠰᠢᠭᠤᠨ ᠤ 2025 ᠤᠨ ᠤ ᠡᠪᠦᠯ ᠤᠨ ᠤᠯᠠᠷᠢᠯ ᠤᠨ ᠮᠦᠰᠦᠨ ᠳᠡᠭᠡᠷᠡᠬᠢ ᠰᠢᠷᠢᠰ | ᠠᠵᠢᠯᠯᠠᠭ᠎ᠠ ᠵᠢᠴᠢ ᠬᠤᠶᠠᠳᠤᠭᠠᠷ ᠬᠤᠭᠤᠴᠠᠭᠠᠨ ᠤ ᠬᠦᠦᠷ ᠴᠠᠭᠠᠨ ᠨᠠᠭᠤᠷ ᠤᠨ ᠡᠪᠦᠯ ᠤᠨ ᠤᠯᠠᠷᠢᠯ ᠤᠨ ᠵᠢᠭᠠᠰᠦ | ᠬᠦᠬᠢᠳᠡᠬᠦ ᠠᠵᠢᠯᠯᠠᠭ᠎ᠠ ᠬᠦᠦᠷ ᠴᠠᠭᠠᠨ ᠨᠠᠭᠤᠷ ᠤᠨ ᠡᠪᠦᠯ ᠤᠨ ᠤᠯᠠᠷᠢᠯ ᠤᠨ ᠵᠢᠭᠠᠰᠦ ᠬᠦᠬᠢᠳᠡᠬᠦ ᠴᠡᠴᠡᠷᠯᠢᠭ ᠲᠤ | ᠬᠦᠷ ᠬᠦᠭᠵᠢᠶᠡᠨ ᠲᠠᠢ ᠶᠠᠪᠤᠭᠳᠠᠵᠠᠢ᠃ | ᠡᠬᠢᠯᠡᠯᠳᠡ ᠶᠢᠨ ᠶᠤᠰᠤᠯᠠᠯ ᠳᠡᠭᠡᠷ᠎ᠡ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ ᠬᠤᠷᠠᠯ ᠤᠨ ᠪᠠᠶᠢᠩᠭᠤ | ᠶᠢᠨ ᠬᠤᠷᠢᠶᠠᠨ ᠤ ᠨᠠᠮ ᠤᠨ ᠲᠤᠭᠤᠶᠢᠯᠠᠩ ᠤᠨ ᠱᠦᠵᠢ᠂ ᠡᠷᠬᠢᠯᠡᠭᠴᠢ ᠬᠠᠰᠪᠠᠭᠠᠳᠤᠷ᠂ ᠬᠤᠰᠢᠭᠤ ᠤᠯᠤᠰ ᠲᠦᠷᠦ | ᠶᠢᠨ ᠵᠦᠪᠯᠡᠯᠭᠡᠨ ᠤ ᠨᠠᠮ ᠤᠨ ᠲᠤᠭᠤᠶᠢᠯᠠᠩ ᠤᠨ ᠱᠦᠵᠢ᠂ ᠲᠡᠷᠢᠬᠦᠯᠡᠭᠴᠢ ᠯᠢᠦ ᠰᠢᠶᠤᠤ ᠮᠢᠨ᠂ ᠬᠤᠰᠢᠭᠤ ᠵᠠᠰᠠᠭ | ᠤᠨ ᠤᠷᠳᠤᠨ ᠤ ᠨᠠᠮ ᠤᠨ ᠲᠤᠭᠤᠶᠢᠯᠠᠩ ᠤᠨ ᠬᠡᠰᠢᠬᠦᠨ᠂ ᠬᠤᠰᠢᠭᠤ ᠳᠡᠳ᠋ ᠳᠠᠷᠤᠭ᠎ᠠ ᠪᠠᠳᠠᠷᠠᠩᠭᠤᠢ᠂ ᠯᠢ ᠵᠢᠶᠦ᠋ᠨ᠂ | ᠭᠦᠸᠧ ᠴᠦᠨ ᠮᠸᠢ᠂ ᠳ᠋ᠧᠦ ᠶᠠᠨ ᠶᠣᠣ ᠵᠡᠷᠭᠡ ᠤᠳᠤᠷᠢᠳᠤᠯᠭ᠎ᠠ ᠠᠵᠢᠯᠯᠠᠭ᠎ᠠ ᠶᠢᠨ ᠠᠬᠤᠢ ᠲᠠᠯᠠᠪᠠᠢ ᠳᠤ | ᠰᠠᠭᠠᠳᠠᠵᠦ ᠤᠷᠤᠯᠳᠤᠭᠠᠨ ᠨᠠᠭᠠᠳᠤᠮ ᠢ ᠰᠤᠨᠢᠷᠬᠠᠵᠠᠢ᠃ ᠬᠤᠰᠢᠭᠤ ᠠᠷᠠᠳ ᠤᠨ ᠲᠦᠯᠦᠭᠡᠯᠡᠭᠴᠢᠳ ᠤᠨ ᠶᠡᠭᠡ | ᠬᠤᠷᠠᠯ ᠤᠨ ᠪᠠᠶᠢᠩᠭᠤ ᠶᠢᠨ ᠬᠤᠷᠢᠶᠠᠨ ᠤ ᠡᠷᠬᠢᠯᠡᠭᠴᠢ ᠬᠠᠰᠪᠠᠭᠠᠳᠤᠷ ᠠᠵᠢᠯᠯᠠᠭ᠎ᠠ ᠡᠬᠢᠯᠡᠭᠰᠡᠨ ᠢ ᠵᠠᠷᠯᠠᠵᠦ᠂ | ᠬᠤᠰᠢᠭᠤ ᠳᠡᠳ᠋ ᠳᠠᠷᠤᠭ᠎ᠠ ᠭᠥᠸᠧ ᠴᠦᠨ ᠮᠧᠢ ᠠᠴᠠ ᠪᠠᠶᠠᠷ ᠤᠨ ᠶᠠᠷᠢᠶ᠎ᠠ ᠲᠠᠯᠪᠢᠵᠠᠢ᠃ | ᠤᠯᠠᠭᠠᠠᠮᠦ᠋ᠴᠢᠷ ᠤᠨ ᠲᠤᠭᠯᠠᠭᠴᠢᠳ ᠤᠨ ᠭᠤᠴᠤ ᠰᠠᠶᠢᠬᠠᠨ ᠲᠤᠭᠯᠠᠯᠳᠠ ᠪᠠᠷ ᠦᠨᠦᠳᠦᠷ ᠤᠨ ᠠᠵᠢᠯᠯᠠᠭᠠᠨ ᠤ | ᠬᠦᠰᠢᠭᠡ ᠶᠢ ᠰᠡᠬᠦᠭᠰᠡᠨ ᠢᠶᠠᠨ᠂ ᠮᠠᠨ ᠤ ᠬᠤᠰᠢᠭᠤᠨ ᠤ ᠪᠠᠨ ᠤᠷᠢᠶᠠᠩᠬᠠᠢ ᠬᠤᠨᠢ᠂ ᠴᠠᠭᠠᠨ ᠨᠠᠭᠤᠷ ᠤᠨ ᠵᠢᠭᠠᠰᠦ | ᠶᠢ ᠲᠠᠨᠢᠯᠴᠠᠭᠤᠯᠤᠨ᠂ ︽ᠵᠢᠭᠠᠰᠤᠨ ᠮᠢᠬ᠎ᠠ ᠬᠤᠨᠢᠨ ᠮᠢᠬᠠᠨ ᠤ ᠰᠢᠨ᠎ᠠ ᠰᠤᠷᠭᠤᠭ︾ ᠢ ᠦᠨ᠎ᠠ ᠲᠦᠯᠦᠪᠦᠷᠢ ᠦᠭᠡᠢ | ᠪᠠᠷ ᠠᠮᠳᠠᠯᠠᠨ ᠦᠨᠡᠯᠡᠯᠳᠡ ᠬᠢᠯᠭᠡᠵᠠᠢ᠃ ᠴᠠᠰᠦ ᠮᠦᠰᠦᠨ ᠳᠤ ᠬᠤᠴᠢᠭᠳᠠᠭᠰᠠᠨ ᠲᠠᠯ᠎ᠠ ᠨᠤᠲᠤᠭ ᠤᠨ ᠨᠠᠭᠠᠳᠤᠮ ᠤᠨ | ᠳᠡᠪᠵᠢᠭᠡᠨ ᠳᠤ ᠠᠶᠢᠯᠴᠢᠨ ᠭᠡᠶᠢᠴᠢᠨ ᠳᠤ ᠪᠠᠨ ᠨᠤᠲᠤᠭ ᠤᠨ ᠤᠨᠴᠠᠯᠢᠭ ᠪᠤᠯᠤᠭᠰᠠᠨ ᠰᠢᠨ᠎ᠠ ᠰᠤᠷᠭᠤᠭ ᠬᠤᠨᠢ ᠪᠠ | ᠵᠢᠭᠠᠰᠤᠨ ᠤ ᠮᠢᠬ᠎ᠠ ᠪᠠᠨ ᠠᠮᠲᠠᠯᠠᠭᠤᠯᠤᠨ ᠳᠠᠶᠢᠯᠠᠵᠦ ᠨᠠᠭᠠᠳᠤᠮ ᠦᠷᠨᠢᠬᠦᠯᠬᠦ ᠨᠢ ᠶᠢᠰᠦ ᠶᠢᠨ ᠬᠦᠢᠳᠡᠨ ᠢ | ᠪᠦᠯᠢᠶᠡᠴᠡᠬᠦᠯᠦᠮᠡ ᠶᠠᠭᠤᠳᠠᠢ ᠬᠦᠭᠵᠢᠯᠳᠡᠢ ᠠᠵᠢ᠃ | ᠡᠨᠡᠬᠦ ᠤᠳᠠᠭᠠᠨ ᠤ ᠠᠵᠢᠯᠯᠠᠭ᠎ᠠ ᠨᠢ ᠡᠪᠦᠯ ᠤᠨ ᠤᠯᠠᠷᠢᠯ ᠤᠨ ᠵᠢᠭᠠᠰᠦ ᠬᠦᠬᠢᠳᠡᠬᠦ ᠤᠷᠤᠯᠳᠤᠭᠠᠨ ᠪᠠ ᠮᠦᠰᠦᠨ | ᠳᠡᠭᠡᠷᠡᠬᠢ ᠰᠤᠨᠢᠷᠬᠠᠯᠳᠤ ᠬᠦᠳᠡᠯᠭᠡᠭᠡᠨ ᠢᠶᠠᠷ ᠶᠠᠪᠤᠭᠳᠠᠨ᠂ ᠵᠢᠭᠠᠰᠦ ᠬᠦᠬᠢᠳᠡᠬᠦ ᠪᠠᠭ᠋ᠠᠳᠠᠳ 50 ᠬᠦᠮᠦᠨ | ᠤᠷᠤᠯᠳᠤᠭᠠᠨ ᠳᠤ ᠤᠷᠤᠯᠴᠠᠵᠠᠢ᠃ ᠤᠳᠤᠨ ᠬᠡᠯᠪᠡᠷᠢ ᠪᠠᠷ ᠵᠢᠭᠰᠠᠭᠠᠵᠦ ᠡᠩᠨᠡᠷᠡᠭᠰᠡᠨ ᠦᠩᠭᠡ ᠶᠢᠨ ᠮᠠᠶᠢᠬᠠᠨ ᠳᠤ | ᠵᠢᠭᠠᠰᠦ ᠬᠦᠬᠢᠳᠡᠬᠦ ᠪᠠᠭ᠋ᠠᠳᠠᠳ ᠮᠠᠨᠢ ᠨᠠᠮ ᠲᠠᠶᠢᠪᠤᠩ ᠰᠠᠭᠤᠵᠦ ᠵᠢᠭᠠᠰᠦ ᠬᠦᠬᠢᠳᠡᠨᠡ᠂ ᠳᠡᠳᠡᠨ ᠳᠤ ᠲᠤᠯᠠᠭᠠᠨ | ᠮᠠᠶᠢᠬᠠᠨ᠂ ᠬᠠᠯᠠᠭᠤᠨ ᠤᠰᠦ ᠵᠡᠷᠭᠡ ᠪᠦᠷᠢᠨ ᠬᠠᠩᠭᠠᠯᠳᠠᠳᠠᠢ᠃ ᠵᠢᠭᠠᠰᠦ ᠬᠦᠬᠢᠳᠡᠬᠦ ᠪᠠᠭ᠋ᠠᠳᠠᠳ ᠤᠨ ᠳᠤᠮᠳᠠ ᠠᠴᠠ | ᠬᠡᠨ ᠨᠢ ᠬᠠᠮᠤᠭ ᠤᠨ ᠳᠤᠮᠤ ᠵᠢᠭᠠᠰᠦ ᠬᠦᠬᠢᠳᠡᠳᠡᠭ ᠪᠤᠯ ᠭᠡᠵᠦ ᠦᠵᠡᠭᠴᠢᠳ ᠰᠤᠨᠢᠷᠬᠠᠨ ᠬᠦᠯᠢᠶᠡᠵᠦ ᠪᠠᠶᠢᠯ᠎ᠠ᠃ | ᠡᠬᠦᠨ ᠤ ᠬᠠᠮᠳᠤ᠂ ᠠᠵᠢᠯᠯᠠᠭ᠎ᠠ ᠳᠤ ᠮᠦᠰᠦᠨ ᠳᠡᠭᠡᠷᠡᠬᠢ ᠱᠠᠭ᠎ᠠ ᠶᠢᠨ ᠤᠷᠤᠯᠳᠤᠭᠠᠨ᠂ ᠮᠦᠰᠦᠨ ᠳᠡᠭᠡᠷᠡᠬᠢ | ᠲᠤᠭᠤᠷᠢᠭᠤᠯ ᠤᠨ ᠤᠷᠤᠯᠳᠤᠭᠠᠨ᠂ ᠴᠠᠰᠦᠳᠦ ᠲᠠᠯ᠎ᠠ ᠳᠠᠬᠢ ᠰᠤᠷ ᠬᠠᠷᠪᠤᠯᠳᠠ ᠶᠢᠨ ᠤᠷᠤᠯᠳᠤᠭᠠᠨ ᠵᠡᠷᠭᠡ ᠮᠦᠰᠦᠨ | ᠲᠡᠭᠡᠷᠡᠬᠢ ᠰᠤᠨᠢᠷᠬᠠᠯᠳᠤ ᠬᠦᠳᠡᠯᠭᠡᠭᠡᠨ ᠨᠢ ᠬᠦᠮᠦᠰ ᠤᠨ ᠠᠩᠬᠠᠷᠤᠯ ᠢ ᠲᠠᠳᠠᠨ᠎ᠠ᠃ ᠠᠬᠤᠢ ᠲᠠᠯᠠᠪᠠᠢ ᠳᠠᠬᠢ | ᠦᠵᠡᠭᠴᠢᠳ ᠴᠦ ᠤᠷᠤᠯᠳᠤᠭᠠᠨ ᠰᠤᠨᠢᠷᠬᠠᠬᠤ ᠶᠢᠨ ᠵᠠᠪᠰᠠᠷ ᠮᠦᠰᠦᠨ ᠳᠡᠭᠡᠷᠡᠬᠢ ᠴᠢᠷᠭᠠᠨ ᠳᠤ ᠰᠠᠭᠤᠬᠤ ᠬᠡᠬᠦ ᠮᠡᠳᠦ | ᠪᠠᠷ ᠴᠠᠰᠦ ᠮᠦᠰᠦᠨ ᠳᠡᠭᠡᠷ᠎ᠡ ᠴᠢᠯᠦᠭᠡᠳᠡᠢ ᠨᠠᠭᠠᠳᠤᠨ ᠪᠠᠶᠠᠰᠴᠦ᠂ ᠠᠵᠢᠯᠯᠠᠭ᠎ᠠ ᠶᠢᠨ ᠠᠬᠤᠢ ᠲᠠᠯᠠᠪᠠᠢ ᠶᠢᠨ ᠠᠭᠤᠷ | ᠠᠮᠢᠰᠬᠤᠯ ᠤᠯᠠᠮ ᠬᠦᠷ ᠪᠠᠶᠠᠰᠤᠯ ᠢᠶᠠᠷ ᠪᠢᠯᠬᠠᠵᠦ ᠪᠠᠶᠢᠯ᠎ᠠ᠃ | ᠠᠵᠢᠯᠯᠠᠭ᠎ᠠ ᠶᠢ ᠠᠪᠠᠭ᠎ᠠ ᠬᠤᠰᠢᠭᠤᠨ ᠤ ᠰᠤᠶᠤᠯ ᠲᠠᠮᠢᠷ ᠵᠢᠭᠤᠯᠴᠢᠯᠠᠯ ᠷᠠᠳᠢᠤ᠋ ᠲᠧᠯᠸᠢᠰ ᠲᠤᠪᠴᠢᠶ᠎ᠠ᠂ ᠠᠪᠠᠭ᠎ᠠ | ᠬᠤᠰᠢᠭᠤᠨ ᠤ ᠬᠤᠳᠠ ᠬᠦᠳᠡᠭᠡ ᠶᠢᠨ ᠪᠦᠲᠦᠭᠡᠨ ᠪᠠᠶᠢᠭᠤᠯᠤᠯᠳᠠ ᠶᠢᠨ ᠪᠡᠯᠡ ᠤᠷᠤᠭᠤᠯᠤᠯᠳᠠ ᠶᠢᠨ ᠪᠦᠯᠦᠭᠯᠡᠯ ᠤᠨ | ᠬᠢᠵᠠᠭᠠᠷᠳᠦ ᠺᠤᠮᠫᠠᠨᠢ ᠠᠴᠠ ᠭᠤᠤᠯᠯᠠᠨ ᠡᠷᠬᠢᠯᠡᠵᠦ᠂ ᠠᠪᠠᠭ᠎ᠠ ᠬᠤᠰᠢᠭᠤᠨ ᠤ ᠠᠵᠢᠯ ᠤᠨ ᠴᠢᠯᠦᠭᠡᠨ ᠤ ᠪᠡᠶ᠎ᠡ ᠶᠢᠨ | ᠲᠠᠮᠢᠷ ᠤᠨ ᠰᠤᠷᠭᠠᠭᠤᠯᠢ᠂ ᠠᠪᠠᠭ᠎ᠠ ᠬᠤᠰᠢᠭᠤᠨ ᠤ ᠴᠠᠭᠠᠨ ᠨᠠᠭᠤᠷ ᠤᠰᠤᠨ ᠭᠠᠷᠤᠯᠳᠠ ᠶᠢᠨ ᠳᠡᠵᠢᠭᠡᠨ | ᠦᠷᠡᠵᠢᠬᠦᠯᠬᠦ ᠬᠢᠵᠠᠭᠠᠷᠳᠤ ᠬᠠᠷᠢᠭᠤᠴᠠᠯᠭᠠᠳᠤ ᠺᠤᠮᠫᠠᠨᠢ ᠳᠠᠭᠠᠭᠠᠴᠢᠯᠠᠨ ᠡᠷᠬᠢᠯᠡᠭᠰᠡᠨ ᠪᠠᠶᠢᠨ᠎ᠠ᠃ ᠤᠷᠤᠯᠳᠤᠭᠠᠨ ᠢᠶᠠᠷ | ᠳᠠᠮᠵᠢᠨ᠂ ᠵᠢᠭᠠᠰᠦ ᠬᠦᠬᠢᠳᠡᠬᠦ ᠤᠷᠤᠯᠳᠤᠭᠠᠨ ᠳᠤ ᠰᠢᠯᠢ ᠶᠢᠨ ᠬᠤᠳᠠ ᠶᠢᠨ ᠰᠦᠨ ᠹᠧᠩ 20.76 ᠵᠢᠩ ᠤᠨ | ᠵᠢᠭᠠᠰᠦ ᠬᠦᠬᠢᠳᠡᠨ ᠲᠡᠷᠢᠬᠦᠯᠡᠵᠦ᠂ ᠰᠢᠯᠢ ᠶᠢᠨ ᠬᠤᠳᠠ ᠶᠢᠨ ᠰᠦᠨ ᠯᠸᠢ 20.32 ᠵᠢᠩ ᠤᠨ ᠵᠢᠭᠠᠰᠦ ᠬᠦᠬᠢᠳᠡᠨ | ᠬᠤᠶᠠᠳᠤᠭᠠᠷ ᠳᠤ ᠤᠷᠤᠵᠦ᠂ ᠰᠢᠯᠢ ᠶᠢᠨ ᠬᠤᠳᠠ ᠶᠢᠨ ᠯᠢᠦ ᠷᠦᠩ ᠯᠠᠢ 19.12 ᠵᠢᠩ ᠤᠨ ᠵᠢᠭᠠᠰᠦ ᠬᠦᠬᠢᠳᠡᠨ | ᠭᠤᠷᠪᠠᠳᠤᠭᠠᠷ ᠳᠤ ᠤᠷᠤᠪᠠ᠃ ᠮᠦᠰᠦᠨ ᠳᠡᠭᠡᠷᠡᠬᠢ ᠱᠠᠭ᠎ᠠ ᠶᠢᠨ ᠤᠷᠤᠯᠳᠤᠭᠠᠨ ᠳᠤ ᠬᠤᠰᠢᠭᠤ ᠬᠠᠮ ᠵᠠᠭᠤᠴᠢᠯᠠᠭᠤᠷ | ᠤᠨ ᠲᠦᠪ ᠤᠨ ᠡᠶᠡᠯᠳᠡᠭ ᠲᠡᠷᠢᠬᠦᠯᠡᠵᠦ᠂ ᠮᠦᠰᠦᠨ ᠳᠡᠭᠡᠷᠡᠬᠢ ᠲᠤᠭᠤᠷᠢᠭᠤᠯ ᠤᠨ ᠤᠷᠤᠯᠳᠤᠭᠠᠨ ᠳᠤ ᠠᠪᠠᠭ᠎ᠠ | ᠬᠤᠰᠢᠭᠤᠨ ᠤ ᠤᠷᠤᠯᠴᠠᠭᠴᠢ ᠪᠢᠯᠢᠭᠪᠡᠭᠠᠳᠤᠷ ᠲᠡᠷᠢᠬᠦᠯᠡᠵᠦ᠂ ᠴᠠᠰᠦᠳᠦ ᠲᠠᠯ᠎ᠠ ᠳᠠᠬᠢ ᠰᠤᠷ ᠬᠠᠷᠪᠤᠯᠳᠠ ᠶᠢᠨ | ᠤᠷᠤᠯᠳᠤᠭᠠᠨ ᠳᠤ ᠠᠪᠠᠭ᠎ᠠ ᠬᠤᠰᠢᠭᠤᠨ ᠤ ᠪᠠᠶᠠᠨᠳᠤᠭ ᠰᠤᠮᠤᠨ ᠤ ᠡᠩᠭᠡᠪᠠᠳᠤ ᠲᠡᠷᠢᠬᠦᠯᠡᠭᠰᠡᠨ ᠪᠠᠶᠢᠨ᠎ᠠ᠃ | ᠢᠷᠡᠭᠰᠡᠨ ᠭᠡᠶᠢᠴᠢᠳ ᠪᠤᠴᠠᠳᠠᠭ ᠤᠨ ᠵᠢᠮ᠎ᠠ ᠪᠠᠷ 2025 ᠤᠨ ᠤ ᠠᠪᠠᠭ᠎ᠠ ᠨᠤᠲᠤᠭ ᠤᠨ ᠴᠠᠰᠦ ᠮᠦᠰᠦᠨ ᠤ | ᠨᠠᠭᠠᠳᠤᠮ ᠳᠤ ᠰᠠᠭᠠᠳᠠᠭᠰᠠᠨ ᠨᠠᠭᠠᠳᠤᠮᠴᠢᠨ ᠤᠯᠠᠨ ᠮᠠᠨᠢ ᠳᠠᠷᠠᠭ᠎ᠠ ᠵᠢᠯ ᠤᠨ ᠢᠶᠠᠨ ᠪᠤᠯᠵᠤᠭ᠎ᠠ ᠶᠢ ᠳᠠᠯᠪᠢᠵᠦ ᠵᠠᠮ ᠵᠠᠮ | ᠢᠶᠠᠨ ᠡᠯᠬᠦᠯᠠ᠃ ᠮᠠᠨ ᠤ ᠬᠤᠰᠢᠭᠤᠨ ᠤ ᠡᠪᠦᠯ ᠤᠨ ᠤᠯᠠᠷᠢᠯ ᠤᠨ ᠮᠦᠰᠦᠨ ᠳᠡᠭᠡᠷᠡᠬᠢ ᠰᠢᠷᠢᠰ ᠠᠵᠢᠯᠯᠠᠭ᠎ᠠ ᠵᠢᠴᠢ | ᠬᠦᠦᠷ ᠴᠠᠭᠠᠨ ᠨᠠᠭᠤᠷ ᠤᠨ ᠡᠪᠦᠯ ᠤᠨ ᠤᠯᠠᠷᠢᠯ ᠤᠨ ᠵᠢᠭᠠᠰᠦ ᠬᠦᠬᠢᠳᠡᠬᠦ ᠠᠵᠢᠯᠯᠠᠭ᠎ᠠ ᠨᠢ ᠴᠠᠰᠦ ᠲᠠᠢ ᠮᠦᠩᠭᠦᠨ | ᠡᠪᠦᠯ ᠤᠨ ᠪᠠᠰᠠ ᠨᠢᠭᠡᠨ ᠬᠢᠯᠠᠰ ᠰᠠᠶᠢᠬᠠᠨ ᠠᠵᠢᠯᠯᠠᠭ᠎ᠠ ᠪᠤᠯᠵᠦ᠂ ᠬᠤᠶᠠᠳᠠᠬᠢ ᠤᠳᠠᠭ᠎ᠠ ᠪᠠᠨ ᠶᠠᠪᠤᠭᠳᠠᠭᠰᠠᠨ ᠨᠢ | ᠬᠤᠯᠠ ᠤᠶᠢᠷ᠎ᠠ ᠶᠢᠨ ᠵᠤᠭᠠᠴᠠᠭᠰᠠᠳ ᠤᠨ ᠠᠶᠢᠯ ᠭᠡᠷ ᠢᠶᠠᠷ ᠢᠶᠠᠨ ᠪᠤᠶᠤ ᠨᠠᠶᠢᠵᠠ ᠨᠦᠬᠦᠳ ᠲᠠᠢ ᠪᠠᠨ | ᠠᠭᠤᠯᠵᠠᠯᠳᠤᠬᠤ ᠪᠠᠰᠠ ᠨᠢᠭᠡᠨ ᠵᠠᠪᠰᠢᠶᠠᠨ ᠪᠤᠯᠵᠠᠢ᠃ ᠳᠡᠳᠡ ᠮᠠᠨᠢ ᠵᠢᠷᠤᠭ ᠰᠡᠬᠦᠳᠡᠷ ᠦᠯᠡᠳᠡᠭᠡᠵᠦ᠂ ᠮᠦᠩᠭᠦᠨ | ᠡᠪᠦᠯ ᠤᠨ ᠦᠩᠭᠡ ᠦᠵᠡᠮᠵᠢ ᠶᠢ ᠮᠡᠳᠡᠷᠡᠨ᠂ ᠴᠠᠰᠦᠨ ᠮᠦᠰᠦᠨ ᠤ ᠨᠠᠭᠠᠳᠤᠮ ᠰᠤᠨᠢᠷᠬᠠᠨ ᠨᠠᠶᠢᠷᠯᠠᠯᠳᠤᠨ | ᠬᠦᠭᠵᠢᠯᠳᠦᠵᠦ᠂ ᠮᠦᠩᠬᠦᠨ ᠡᠪᠦᠯ ᠳᠤ ᠪᠠᠨ ᠰᠡᠳᠬᠢᠯ ᠳᠤ ᠬᠤᠨᠤᠭᠰᠢᠮᠠ ᠳᠤᠷᠠᠰᠤᠮᠵᠢ ᠶᠢ ᠦᠯᠡᠳᠡᠭᠡᠵᠦ ᠦᠭᠭᠦ | ᠨᠠᠨᠳᠢᠨ ᠳᠠᠪᠴᠠᠩ ᠪᠤᠯᠵᠦ᠂ ᠵᠤᠭᠠᠴᠠᠭᠰᠠᠳ ᠤᠨ ᠳᠠᠭᠠᠰᠢᠶᠠᠯ ᠢ ᠤᠯᠵᠦ ᠪᠢᠯᠡ᠃ |