︽ᠨᠠᠷᠠᠨ ᠭᠤᠶᠤᠯᠠᠯ︾ ᠳᠡᠯᠭᠡᠭᠦᠷ ᠲᠤ ᠣᠷᠤᠵᠤ ᠣᠴᠢᠮᠠᠭᠴᠠ ᠴᠡᠪᠡᠷ ᠲᠡᠭᠰᠢ ᠦᠷᠦᠭᠡᠰᠦᠳᠠᠢ ᠪᠠᠷᠠᠭ᠎ᠠ ᠲᠠᠸᠠᠷ᠂ | ᠬᠠᠯᠠᠭᠤᠮᠰᠤᠭ ᠲᠤᠳᠤᠨᠤᠰᠤᠭ ᠦᠢᠯᠡᠴᠢᠯᠡᠭᠡᠨ ᠤ ᠤᠪᠤᠷ ᠲᠡᠷᠡ ᠪᠦᠬᠦᠨ ᠨᠢ ᠶᠠᠭᠠᠬᠢᠬᠤ ᠠᠷᠭ᠎ᠠ ᠦᠭᠡᠢ ᠰᠡᠳᠬᠢᠯ | ᠳᠤ ᠲᠠᠭᠠᠲᠠᠢ ᠰᠠᠨᠠᠭᠳᠠᠭᠤᠯᠤᠨ᠎ᠠ᠃ ᠡᠨᠡ ᠳᠡᠯᠭᠡᠭᠦᠷ ᠤᠨ ᠡᠵᠡᠨᠲᠡᠨ ᠢ ᠨᠠᠷᠠᠨ ᠭᠡᠳᠡᠭ᠃ ᠲᠡᠬᠦᠨ ᠠᠴᠠ ᠶᠠᠫᠣᠨ | ᠪᠠᠷᠠᠭᠠᠨ ᠤ ᠳᠡᠯᠭᠡᠭᠦᠷ ᠡᠷᠬᠢᠯᠡᠭᠰᠡᠨ ᠲᠤᠬᠠᠢ ᠨᠢ ᠰᠤᠨᠢᠭᠤᠴᠢᠯᠠᠬᠤ ᠳᠤ᠄ ︽ᠶᠠᠫᠤᠨ ᠳᠤ ᠰᠤᠷᠤᠯᠴᠠᠵᠤ ᠠᠮᠢᠳᠤᠷᠠᠵᠤ | ᠪᠠᠶᠢᠭᠰᠠᠨ ᠥᠩᠭᠡᠷᠡᠯᠲᠡ ᠲᠠᠢ ᠮᠠᠨᠢ ᠬᠤᠯᠪᠤᠭ᠎ᠠ ᠲᠠᠢ︾ ᠭᠡᠵᠦ ᠲᠦᠬᠦᠮᠬᠡᠨ ᠠᠳᠠᠯ᠎ᠠ ᠪᠠᠨ ᠦᠯᠢᠭᠡᠷ ᠤᠴᠠᠷᠡᠯ ᠲᠠᠢ | ᠪᠤᠯᠪᠠᠤ ᠤᠤ ᠭᠡᠮᠡᠷ ᠠᠩᠬᠠᠨ ᠤ ᠬᠠᠷᠢᠭᠤᠯᠳᠠ ᠶᠢ ᠦᠭᠴᠦ ᠪᠢᠯᠡ᠃ ᠨᠠᠷᠠᠨ 2016 ᠣᠨ ᠳᠤ ᠪᠠᠯᠬᠦᠳᠠᠢ ᠪᠠᠯᠭᠠᠰᠤᠨ | ᠲᠦᠪ ᠲᠤ ︽ᠨᠠᠷᠠᠨ ᠭᠤᠶᠤᠯᠠᠯ︾ ᠳᠡᠯᠭᠡᠭᠦᠷ ᠢᠶᠠᠨ ᠡᠷᠬᠢᠯᠡᠭᠡᠳ᠂ ᠡᠳᠦᠭᠡ ᠪᠣᠯᠬᠤ ᠳᠤ ᠨᠠᠢᠮᠠᠨ ᠵᠢᠯ ᠤᠨ ᠨᠢᠭᠤᠷ ᠢ | ᠦᠵᠡᠵᠦ᠂ ᠬᠡᠦᠬᠡᠳ ᠢᠶᠠᠨ ᠬᠠᠷᠠᠵᠤ ᠳᠣᠳᠤᠮᠳᠠᠬᠤ ᠶᠢᠨ ᠵᠡᠷᠭᠡ ᠳᠡᠯᠭᠡᠭᠦᠷ ᠤᠨ ᠡᠵᠡᠩᠨᠡᠯᠲᠡ ᠶᠢᠨ ᠴᠢᠨᠠᠷ ᠢ ᠪᠠᠲᠤᠯᠠᠨ᠂ | ᠠᠶᠢᠯ ᠭᠡᠷ ᠠᠵᠢᠯ ᠦᠢᠯᠡᠰ ᠢᠶᠠᠨ ᠥᠩᠭᠡ ᠲᠠᠢ ᠥᠭᠡᠳᠡ ᠲᠠᠢ ᠠᠪᠴᠤ ᠶᠠᠪᠤᠭ᠎ᠠ ᠪᠢᠯᠡ᠃ | ᠶᠠᠫᠤᠨ ᠳᠤ ᠰᠤᠷᠤᠯᠴᠠᠭᠰᠠᠨ ᠳᠤᠷᠠᠰᠤᠮᠵᠢ | ᠨᠠᠷᠠᠨ ᠥᠨᠳᠦᠷ ᠳᠤᠮᠳᠠᠳᠤ ᠳᠤ ᠰᠤᠷᠤᠯᠴᠠᠵᠦ ᠪᠠᠶᠢᠬᠤ ᠬᠤᠭᠤᠴᠠᠭᠠᠨ ᠳᠤ ᠪᠠᠨ ᠶᠠᠫᠤᠨ ᠬᠡᠯᠡ ᠰᠤᠷᠬᠤ | ᠵᠠᠪᠰᠢᠶᠠᠨ ᠲᠤᠬᠢᠶᠠᠵᠦ᠂ ᠶᠠᠫᠤᠨ ᠬᠡᠯᠡ ᠳᠤ ᠲᠤᠷ᠎ᠠ ᠰᠤᠨᠢᠷᠬᠠᠯ ᠲᠠᠢ ᠪᠤᠯᠤᠭᠰᠠᠨ ᠤ ᠡᠷᠬᠡᠨ ᠳᠤ ᠴᠢᠷᠮᠠᠶᠢᠨ | ᠰᠤᠷᠤᠯᠴᠠᠵᠦ ᠰᠠᠶᠢᠳᠤᠷ ᠡᠵᠡᠮᠰᠢᠵᠠᠢ᠃ ᠲᠡᠶᠢᠨᠬᠦ ᠥᠨᠳᠦᠷ ᠲᠤᠮᠳᠠᠳᠦ ᠶᠢᠨ ᠰᠤᠷᠤᠯᠭ᠎ᠠ ᠶᠢᠨ ᠠᠮᠢᠳᠤᠷᠠᠯ ᠨᠢ ᠰᠡᠭᠦᠯ | ᠰᠢᠪᠲᠤᠷᠬᠤ ᠦᠶ᠎ᠡ ᠳᠤ ᠶᠠᠫᠤᠨ ᠬᠡᠯᠡᠨ ᠤ ᠪᠠᠭᠰᠢ ᠨᠢ ᠲᠡᠭᠦᠨ ᠤ ᠭᠠᠳᠠᠭᠠᠳᠤ ᠳᠤ ᠭᠠᠷᠬᠤ ᠶᠢ ᠵᠤᠷᠢᠭᠵᠢᠭᠤᠯᠤᠭᠰᠠᠨ | ᠠᠴᠠ ᠲᠡᠷᠡ ᠠᠷᠪᠠᠭᠠᠳ ᠲᠠᠨᠢᠯ ᠨᠥᠬᠦᠳ ᠤᠨ ᠬᠠᠮᠲᠤ ᠬᠠᠷᠢ ᠬᠦᠷᠦᠨ ᠶᠠᠫᠤᠨ ᠤᠯᠤᠰ ᠲᠤ ᠶᠡᠭᠡ ᠰᠤᠷᠭᠠᠭᠤᠯᠢ ᠶᠢᠨ | ᠠᠮᠢᠳᠤᠷᠠᠯ ᠢᠶᠠᠨ ᠡᠬᠢᠯᠡᠬᠦᠯᠦᠭᠰᠡᠨ ᠶᠤᠮ᠃ ᠭᠡᠷ ᠠᠴᠠ ᠪᠠᠨ ᠳᠡᠮᠡᠢ ᠵᠠᠶᠢᠳᠠᠵᠤ ᠦᠵᠡᠭᠡ ᠦᠭᠡᠢ ᠲᠡᠷᠡᠪᠡᠷ ︽ᠨᠢᠰᠭᠡᠯ | ᠳᠤ ᠭᠠᠷᠤᠭᠰᠠᠨ ᠴᠠᠭ ᠠᠴᠠ ᠪᠠᠨ ᠠᠪᠤᠭᠠᠳ ᠶᠠᠫᠤᠨ ᠳᠤ ᠬᠦᠷᠲᠡᠯ᠎ᠡ ᠪᠠᠨ ᠨᠢᠯᠪᠤᠰᠤ ᠤᠨᠠᠭᠠᠵᠦ ᠶᠠᠪᠤᠭᠰᠠᠨ︾ ᠭᠡᠵᠦ | ᠲᠤᠬᠠᠢ ᠶᠢᠨ ᠦᠶ᠎ᠡ ᠶᠢᠨ ᠠᠷᠤ ᠭᠡᠷ᠂ ᠠᠪᠤ ᠡᠵᠢ ᠠᠴᠠ ᠪᠠᠨ ᠰᠠᠯᠵᠤ ᠶᠠᠳᠠᠭᠰᠠᠨ ᠰᠡᠳᠬᠢᠯᠭᠡ ᠪᠠᠨ ᠡᠷᠭᠢᠴᠡᠭᠦᠯᠦᠨ | ᠶᠠᠷᠢᠨ᠎ᠠ᠃ ᠶᠠᠫᠤᠨ ᠳᠤ ᠣᠴᠢᠭᠰᠠᠨ ᠤ ᠳᠠᠷᠠᠭ᠎ᠠ᠂ ᠵᠥᠪᠬᠡᠨ ᠪᠢᠴᠢᠭ ᠤᠨ ᠬᠡᠯᠡ ᠶᠢ ᠰᠤᠷᠤᠭᠰᠠᠨ ᠨᠠᠷᠠᠨ ᠠᠩᠬ᠎ᠠ | ᠡᠬᠢᠨ ᠳᠤ ᠪᠠᠨ ᠲᠤᠬᠠᠢ ᠶᠢᠨ ᠭᠠᠵᠠᠷ ᠤᠨ ᠬᠦᠮᠦᠰ ᠤᠨ ᠶᠠᠷᠢᠶᠠᠨ ᠤ ᠬᠡᠯᠡ ᠶᠢ ᠳᠥᠬᠦᠭᠡᠷᠡᠵᠦ ᠶᠠᠳᠠᠨ ᠭᠠᠴᠢᠭᠳᠠᠵᠤ | ᠪᠠᠶᠢᠭᠰᠠᠨ ᠭᠡᠨ᠎ᠡ᠃ ︽ᠵᠣᠷᠢᠭ ᠪᠠᠶᠢᠪᠠᠯ ᠵᠣᠷᠢᠭᠰᠠᠨ ᠳᠤ ᠪᠠᠨ︾ ᠭᠡᠳᠡᠭᠴᠢᠯᠡᠨ ᠨᠠᠷᠠᠨ ᠢᠷᠡᠭᠡᠳᠦᠢ ᠶᠢᠨ ᠬᠦᠰᠡᠯ | ᠲᠡᠮᠡᠤᠯᠤᠯ ᠳᠤ ᠪᠠᠨ ᠬᠦᠳᠦᠯᠦᠭᠳᠡᠨ᠂ ᠬᠦᠴᠢᠷ ᠪᠦᠬᠦᠨ ᠢ ᠰᠢᠨᠲᠠᠷᠠᠰᠢ ᠦᠭᠡᠢ ᠲᠤᠭᠤᠯᠤᠨ ᠳᠥᠷᠪᠡᠨ ᠵᠢᠯ ︽ | ᠨᠢᠭᠠᠲ᠋ᠠ ᠠᠵᠤ ᠠᠬᠤᠶᠢᠯᠠᠯ ᠤᠨ ᠶᠡᠭᠡ ᠰᠤᠷᠭᠠᠭᠤᠯᠢ︾ ᠳᠤ ᠰᠤᠷᠤᠯᠴᠠᠵᠤ᠂ ᠨᠡᠶᠢᠭᠡᠮ ᠳᠡᠭᠡᠷ᠎ᠡ ᠭᠠᠷᠴᠤ ᠬᠤᠶᠠᠷ ᠵᠢᠯ | ᠣᠷᠴᠢᠭᠤᠯᠤᠭᠴᠢ ᠪᠠᠷ ᠠᠵᠢᠯᠯᠠᠨ᠂ ᠳᠥᠷᠪᠡᠨ ᠵᠢᠯ ᠵᠢᠰᠦ ᠭᠤᠶᠤᠯᠠᠭᠴᠢ ᠶᠢᠨ ᠠᠵᠢᠯ ᠬᠢᠵᠦ ᠳᠠᠳᠤᠯᠭᠠᠵᠢᠭᠠᠳ | ᠤᠯᠤᠰ ᠲᠤ ᠪᠠᠨ ᠪᠤᠴᠠᠨ ᠢᠷᠡᠵᠡᠢ᠃ | ᠦᠢᠯᠡᠰ ᠪᠣᠰᠬᠠᠵᠤ ᠳᠡᠯᠭᠡᠭᠦᠷ ᠡᠵᠡᠩᠨᠡᠭᠰᠡᠨ ᠵᠠᠮᠨᠠᠯ | ᠨᠠᠷᠠᠨ 2013 ᠣᠨ ᠳᠤ ᠤᠯᠤᠰ ᠲᠤ ᠪᠠᠨ ᠪᠤᠴᠠᠵᠤ᠂ 2016 ᠣᠨ ᠤ 9 ᠰᠠᠷ᠎ᠠ ᠳᠤ ︽ᠨᠠᠷᠠᠨ ᠭᠤᠶᠤᠯᠠᠯ︾ | ᠳᠡᠯᠭᠡᠭᠦᠷ ᠤᠨ ᠢᠶᠠᠨ ᠡᠷᠦᠭᠡ ᠶᠢ ᠰᠡᠬᠦᠵᠦ᠂ ᠥᠪᠡᠷ ᠤᠨ ᠠᠵᠢᠯ ᠦᠢᠯᠡᠰ ᠢᠶᠠᠨ ᠪᠣᠰᠬᠠᠵᠠᠢ᠃ ᠲᠡᠷᠡ | ᠳᠡᠯᠭᠡᠭᠦᠷ ᠲᠤ ᠪᠠᠨ ᠭᠤᠣᠯᠳᠠᠭᠤ ᠶᠠᠫᠤᠨ ᠤᠯᠤᠰ ᠤᠨ ᠨᠢᠭᠤᠷ ᠤᠨ ᠲᠣᠰᠤ᠂ ᠡᠯ᠎ᠡ ᠵᠦᠢᠯ ᠤᠨ ᠤᠭᠢᠶᠠᠯᠭ᠎ᠠ | ᠠᠷᠠᠴᠢᠯᠠᠭ᠎ᠠ ᠶᠢᠨ ᠡᠳ᠋ ᠲᠠᠸᠠᠷ ᠪᠣᠷᠤᠯᠠᠭᠤᠯᠵᠤ᠂ ᠵᠢᠰᠦ ᠭᠤᠶᠤᠯᠠᠯ ᠢ ᠬᠠᠪᠰᠤᠷᠭᠠᠨ ᠬᠢᠵᠦ ᠪᠠᠶᠢᠭᠰᠠᠨ ᠢᠶᠠᠨ ᠦᠷ᠎ᠡ | ᠶᠢᠨ ᠵᠤᠯᠠᠢ ᠦᠨᠦᠷᠯᠡᠵᠦ᠂ ᠡᠷᠪᠡᠢ ᠦᠷ᠎ᠡ ᠪᠠᠨ ᠬᠠᠷᠠᠵᠦ ᠬᠠᠷᠠᠭᠠᠯᠵᠠᠬᠤ ᠱᠠᠭᠠᠷᠳᠠᠯᠭ᠎ᠠ ᠠᠴᠠ ᠪᠤᠯᠵᠦ ᠵᠢᠰᠤ | ᠭᠤᠶᠤᠯᠠᠯ ᠤᠨ ᠠᠵᠢᠯ ᠢᠶᠠᠨ ᠲᠦᠷ ᠵᠣᠭᠰᠤᠭᠠᠳ ᠪᠠᠶᠢᠭ᠎ᠠ ᠶᠤᠮ ᠪᠠᠶᠢᠨ᠎ᠠ᠃ ᠡᠨᠡ ᠲᠤᠬᠠᠢ ᠪᠠᠨ ᠲᠡᠷᠡ᠄ ︽ᠵᠢᠰᠦ | ᠭᠤᠶᠤᠯᠠᠯ ᠤᠨ ᠠᠵᠢᠯ ᠬᠢᠬᠦ ᠳᠤ ᠨᠠᠮᠵᠢᠭᠤᠨ ᠲᠣᠬᠢᠯᠢᠭ ᠣᠷᠴᠢᠨ ᠱᠠᠭᠠᠷᠳᠠᠭᠳᠠᠨ᠎ᠠ᠂ ᠬᠡᠳᠦᠨ ᠵᠢᠯ ᠠᠴᠠ ᠬᠤᠶᠠᠷ | ᠬᠡᠦᠬᠡᠳ ᠮᠠᠨᠢ ᠲᠣᠮᠤᠭ᠎ᠠ ᠣᠷᠤᠵᠤ ᠪᠡᠶ᠎ᠡ ᠪᠠᠨ ᠳᠠᠭᠠᠭᠠᠭᠰᠠᠨ ᠤ ᠳᠠᠷᠠᠭ᠎ᠠ᠂ ᠳᠡᠯᠭᠡᠭᠦᠷ ᠢᠶᠠᠨ ᠥᠷᠭᠡᠳᠬᠡᠵᠦ ᠵᠢᠰᠦ | ᠭᠤᠶᠤᠯᠠᠯ ᠢᠶᠠᠨ ᠦᠷᠭᠦᠯᠵᠢᠯᠡᠭᠦᠯᠦᠨ ᠬᠢᠬᠦ ᠰᠠᠨᠠᠭᠠᠲᠠᠢ︾ ᠬᠡᠮᠡᠨ ᠠᠯᠤᠰ ᠤᠨ ᠬᠠᠷᠠᠯᠳᠠ ᠲᠠᠢ ᠶᠠᠷᠢᠨ᠎ᠠ᠃ | ᠨᠠᠷᠠᠨ ᠶᠠᠫᠤᠨ ᠳᠤ ᠪᠠᠶᠢᠬᠤ ᠬᠤᠭᠤᠴᠠᠭᠠᠨ ᠳᠤ ᠪᠠᠨ ︽ᠪᠤᠤ ᠯᠢ︾ ᠨᠡᠷᠡᠲᠦ ᠲᠡᠮᠳᠡᠭᠲᠦ ᠶᠢᠨ ᠨᠢᠭᠤᠷ ᠤᠨ | ᠲᠣᠰᠤ ᠶᠢ ᠬᠡᠷᠡᠭᠯᠡᠭᠡᠳ ᠬᠠᠨᠤᠮᠵᠢᠲᠠᠢ ᠰᠠᠨᠠᠭᠳᠠᠵᠤ᠂ ᠵᠢᠰᠦ ᠭᠤᠶᠤᠯᠠᠯ ᠨᠢ ᠴᠤ ᠮᠠᠰᠢ ᠲᠠᠭᠠᠯᠠᠭᠳᠠᠭᠰᠠᠨ ᠠᠴᠠ ᠡᠨᠡ | ᠭᠠᠵᠠᠷ ᠲᠤᠨᠢ ᠠᠵᠢᠯᠯᠠᠵᠦ ᠦᠩᠭᠡᠷᠡᠵᠠᠢ᠃ ︽ᠵᠢᠰᠦ ᠭᠤᠶᠤᠯᠠᠭᠴᠢ ᠶᠢᠨ ᠠᠵᠢᠯ ᠨᠢ ᠣᠷᠴᠢᠭᠤᠯᠤᠭᠴᠢ ᠶᠢᠨ ᠠᠵᠢᠯ ᠢ | ᠪᠤᠳᠤᠪᠠᠯ ᠲᠣᠭᠲᠠᠮᠠᠯ ᠴᠠᠯᠢᠩ ᠭᠡᠵᠦ ᠦᠭᠡᠢ ᠮᠦᠷᠳᠡᠭᠡᠨ ᠬᠡᠷᠡᠭᠯᠡᠭᠴᠢ ᠶᠢᠨ ᠲᠤᠭ᠎ᠠ ᠪᠠᠷ ᠬᠥᠯᠦᠰᠦ ᠮᠥᠩᠭᠦ ᠪᠤᠳᠤᠳᠠᠭ | ᠤᠴᠢᠷ ᠠᠴᠠ ᠠᠶᠢᠯ ᠢᠶᠠᠷ ᠲᠣᠭᠤᠷᠢᠵᠦ ᠤᠬᠠᠭᠤᠯᠭ᠎ᠠ ᠬᠢᠵᠦ ᠪᠥᠲᠦᠭᠡᠭᠳᠡᠭᠦᠨ ᠢᠶᠠᠨ ᠲᠠᠨᠢᠯᠴᠠᠭᠤᠯᠵᠤ ᠬᠡᠷᠡᠭᠯᠡᠭᠴᠢ | ᠲᠠᠲᠠᠬᠤ ᠲᠠᠯ᠎ᠠ ᠪᠠᠷ ᠰᠡᠳᠬᠢᠯ ᠤᠨ ᠠᠴᠢᠶᠠᠯᠠᠪᠤᠷᠢ ᠬᠦᠨᠳᠦ ᠪᠠᠶᠢᠭᠰᠠᠨ︾ ᠬᠡᠮᠡᠨ ᠨᠠᠷᠠᠨ ᠲᠤᠬᠠᠢ ᠶᠢᠨ ᠦᠶ᠎ᠡ ᠪᠠᠨ | ᠡᠷᠬᠢᠴᠡᠬᠦᠯᠦᠨ ᠤᠴᠢᠷᠯᠠᠨ᠎ᠠ᠃ ᠭᠡᠪᠡᠴᠦ ᠶᠠᠭ ᠲᠡᠷᠡ ᠳᠥᠷᠪᠡᠨ ᠵᠢᠯ ᠤᠨ ᠪᠣᠯᠪᠠᠰᠤᠷᠠᠯ ᠴᠠᠭᠠᠷᠠᠯ᠂ ᠠᠵᠢᠯ ᠤᠨ | ᠲᠤᠷᠰᠢᠯᠭ᠎ᠠ ᠨᠢ ᠨᠠᠷᠠᠨ ᠤ ᠦᠢᠯᠡᠰ ᠪᠣᠰᠬᠠᠵᠤ᠂ ᠳᠡᠯᠭᠡᠭᠦᠷ ᠡᠷᠬᠢᠯᠡᠬᠦ ᠳᠤ ᠨᠢ ᠢᠳᠡᠭᠡᠯ ᠬᠦᠴᠦᠨ ᠪᠣᠯᠤᠭᠰᠠᠨ ᠨᠢ | ᠳᠠᠮᠵᠢᠭ ᠦᠭᠡᠢ᠃ | ᠡᠳᠡᠭᠡᠷ ᠵᠢᠯ ᠤᠳ ᠲᠤ ᠨᠠᠷᠠᠨ ᠬᠡᠷᠡᠭᠯᠡᠭᠴᠢᠳ ᠲᠠᠢ ᠬᠠᠷᠢᠭᠤᠴᠠᠨ᠂ ᠲᠡᠭᠦᠰ ᠰᠠᠶᠢᠨ ᠦᠢᠯᠡᠴᠢᠯᠡᠭᠡ ᠬᠠᠩᠭᠠᠬᠤ | ᠵᠠᠷᠴᠢᠮ ᠢ ᠪᠠᠷᠢᠮᠲᠠᠯᠠᠵᠤ᠂ ᠪᠠᠷᠠᠭ᠎ᠠ ᠲᠠᠸᠠᠷ ᠤᠨ ᠵᠢᠩᠬᠢᠨᠢ ᠴᠢᠨᠠᠷᠯᠢᠭ ᠪᠠᠶᠢᠬᠤ ᠶᠢ ᠪᠠᠲᠤᠯᠠᠭᠰᠠᠭᠠᠷ ᠢᠷᠡᠭᠰᠡᠨ ᠪᠢᠯᠡ᠃ | ᠠᠩᠬᠠᠨ ᠤ ᠪᠠᠷᠠᠭ᠎ᠠ ᠪᠠᠨ ᠬᠠᠨᠢ ᠨᠦᠬᠦᠷ ᠲᠠᠢ ᠪᠠᠨ ᠬᠤᠶᠠᠭᠤᠯᠠ ᠶᠠᠫᠤᠨ ᠳᠤ ᠣᠴᠢᠵᠤ ᠥᠪᠡᠷ ᠢᠶᠠᠨ ᠰᠣᠩᠭᠤᠵᠤ | ᠣᠷᠤᠭᠤᠯᠤᠭᠰᠠᠨ ᠶᠤᠮ ᠭᠡᠨ᠎ᠡ᠃ ᠬᠤᠵᠢᠮ ᠨᠢ ᠵᠦᠢᠯ ᠵᠦᠢᠯ ᠤᠨ ᠨᠥᠬᠦᠴᠡᠯ ᠰᠢᠯᠲᠠᠭᠠᠨ ᠠᠴᠠ ᠪᠣᠯᠵᠤ | ᠣᠯᠠᠩᠬᠢ ᠳᠤ ᠪᠠᠨ ᠭᠤᠪᠢᠭᠤᠯᠭ᠎ᠠ ᠪᠠᠷ ᠪᠠᠷᠠᠭ᠎ᠠ ᠣᠷᠤᠭᠤᠯᠬᠤ ᠪᠣᠯᠵᠠᠢ᠃ ︽ᠶᠠᠫᠤᠨ ᠬᠡᠯᠡ ᠮᠡᠳᠡᠳᠡᠭ ᠮᠥᠷᠲᠡᠭᠡᠨ | ᠮᠡᠷᠭᠡᠵᠢᠯ ᠤᠨ ᠲᠠᠯ᠎ᠠ ᠶᠢᠨ ᠳᠠᠪᠠᠭᠤᠯᠢᠭ ᠲᠠᠢ ᠤᠴᠢᠷ ᠠᠴᠠ ᠪᠥᠲᠦᠭᠡᠭᠳᠡᠬᠦᠨ ᠤ ᠪᠠᠨ ᠦᠢᠯᠡᠳᠦᠯ᠂ ᠠᠩᠬᠠᠷᠬᠤ ᠵᠦᠢᠯ | ᠵᠢᠴᠢ ᠬᠡᠷᠡᠭᠯᠡᠬᠦ ᠠᠷᠭ᠎ᠠ ᠶᠢ ᠬᠡᠷᠡᠭᠯᠡᠭᠴᠢᠳ ᠲᠤ ᠪᠠᠨ ᠲᠠᠶᠢᠯᠪᠤᠷᠢᠯᠠᠵᠤ ᠬᠡᠯᠡᠵᠦ ᠥᠭᠳᠡᠭ ᠢᠶᠠᠷ ᠢᠶᠠᠨ ᠤᠯᠠᠮ ᠣᠯᠠᠨ | ᠬᠦᠮᠦᠨ ᠤ ᠢᠲᠡᠭᠡᠯ ᠢ ᠣᠯᠵᠤ᠂ ᠬᠡᠷᠡᠭᠯᠡᠭᠴᠢ ᠣᠯᠠᠰᠢᠷᠠᠨ᠂ ᠳᠡᠯᠭᠡᠭᠦᠷ ᠤᠨ ᠡᠵᠡᠩᠨᠡᠯᠲᠡ ᠶᠢᠨ ᠣᠷᠤᠯᠭ᠎ᠠ ᠶᠡᠷᠦ ᠶᠢᠨ | ᠠᠮᠢᠳᠤᠷᠠᠯ ᠤᠨ ᠵᠠᠷᠤᠳᠠᠯ ᠠᠴᠠ ᠭᠠᠳᠠᠨ᠎ᠠ ᠬᠤᠶᠠᠷ ᠬᠡᠦᠬᠡᠳ ᠤᠨ ᠵᠤᠭ᠎ᠠ ᠴᠡᠩᠭᠡᠯ ᠤᠨ ᠵᠠᠷᠤᠳᠠᠯ ᠢ ᠴᠤ ᠬᠠᠩᠭᠠᠵᠤ | ᠲᠡᠶᠢᠯᠬᠦ ᠪᠤᠯᠤᠭᠰᠠᠨ︾ ᠬᠡᠵᠦ ᠨᠠᠷᠠᠨ ᠦᠢᠯᠡᠰ ᠤᠨ ᠠᠮᠵᠢᠯᠳᠠ ᠪᠠᠨ ᠪᠠᠭ᠋ᠠᠳᠤᠨ ᠶᠠᠷᠢᠯ᠎ᠠ᠃ | ︽ᠬᠠᠶᠢᠷ᠎ᠠ᠂ ᠣᠶᠢᠯᠠᠭᠠᠯᠴᠠᠯ᠂ ᠠᠭᠤᠴᠢᠯᠠᠯ︾ ᠲᠠᠢ ᠵᠢᠷᠭᠠᠯᠲᠤ ᠭᠡᠷ ᠪᠦᠯᠢ | ᠡᠮᠡᠭᠲᠡᠢ ᠬᠦᠮᠦᠨ ᠶᠡᠷᠦ ᠨᠢ ᠭᠡᠷ ᠲᠡᠷᠭᠡ ᠪᠠᠨ ᠴᠡᠪᠡᠷᠯᠡᠬᠦ᠂ ᠦᠷ᠎ᠡ ᠬᠡᠦᠬᠡᠳ ᠢᠶᠠᠨ ᠬᠠᠷᠠᠵᠤ ᠳᠣᠳᠤᠮᠳᠠᠬᠤ᠂ | ᠬᠤᠭᠤᠯᠠ ᠤᠮᠳᠠ ᠪᠡᠯᠡᠳᠬᠡᠬᠦ ᠭᠡᠳ ᠡᠳᠦᠷ ᠪᠣᠯᠭᠠᠨ ᠨᠡᠷ᠎ᠡ ᠦᠭᠡᠢ ᠤᠯᠠᠨ ᠠᠵᠢᠯ ᠬᠢᠳᠡᠭ᠃ ᠨᠠᠷᠠᠨ ᠡᠨᠡ ᠪᠦᠬᠦ | ᠵᠦᠢᠯ ᠢᠶᠠᠨ ᠵᠣᠬᠢᠴᠠᠭᠤᠯᠬᠤ ᠶᠢᠨ ᠵᠡᠷᠭᠡ ᠠᠵᠢᠯ ᠦᠢᠯᠡᠰ ᠡᠷᠬᠢᠯᠡᠵᠦ᠂ ᠭᠢᠯᠠᠷᠠᠭᠤᠯᠵᠤ ᠶᠠᠪᠤᠭ᠎ᠠ ᠨᠢ ᠰᠢᠨ᠎ᠡ ᠴᠠᠭ | ᠦᠶ᠎ᠡ ᠶᠢᠨ ᠪᠦᠰᠡᠭᠦᠢ ᠬᠦᠮᠦᠨ ᠤ ᠴᠢᠳᠠᠪᠤᠷᠢᠯᠢᠭ ᠢ ᠬᠠᠷᠠᠭᠤᠯᠤᠨ᠎ᠠ᠃ | ᠨᠠᠷᠠᠨ ᠤ ᠭᠡᠷ ᠪᠦᠯᠢ ᠨᠢ ᠡᠶ᠎ᠡ ᠵᠣᠬᠢᠴᠠᠯ ᠲᠠᠢ᠂ ᠠᠵᠠ ᠵᠢᠷᠭᠠᠯ ᠲᠠᠢ ᠪᠠᠶᠢᠳᠠᠭ ᠢᠶᠠᠷ ᠢᠶᠠᠨ ᠤᠯᠠᠨ ᠳᠤ ᠪᠠᠨ | ᠱᠠᠭᠰᠢᠭᠳᠠᠵᠤ ᠪᠠᠶᠢᠳᠠᠭ᠃ ᠭᠡᠷ ᠪᠦᠯᠢ ᠳᠤ ᠪᠠᠨ ᠨᠠᠷᠠᠨ ᠢᠯᠡᠭᠦᠦ ᠴᠠᠭ ᠭᠠᠷᠭᠠᠵᠤ ᠢᠯᠡᠭᠦᠦ ᠣᠶᠢᠯᠠᠭᠠᠯᠴᠠᠬᠤ ᠶᠢ | ᠡᠷᠬᠢᠮᠯᠡᠳᠡᠭ᠃ ᠬᠠᠨᠢ ᠨᠥᠬᠦᠷ ᠨᠢ ᠠᠵᠢᠯ ᠶᠠᠪᠤᠳᠠᠯ ᠭᠡᠵᠦ ᠶᠠᠭᠠᠷᠠᠬᠤ ᠳᠤ ᠲᠡᠷᠡ ᠠᠵᠢᠯ ᠠᠮᠢᠳᠤᠷᠠᠯ ᠳᠤ ᠪᠠᠨ | ᠡᠭᠦᠷᠲᠦᠵᠦ ᠪᠤᠬᠢᠨᠢᠳᠤᠳᠠᠭ ᠦᠭᠡᠢ᠂ ᠬᠠᠨᠢ ᠳᠤ ᠪᠠᠨ ︽ᠲᠡᠭᠡᠭᠡᠷ᠎ᠡ︾ ᠪᠣᠯᠬᠤ ᠦᠭᠡᠢ ᠶᠢ ᠬᠢᠴᠢᠶᠡᠳᠡᠭ᠃ ᠨᠠᠷᠠᠨ᠄ ︽ | ᠬᠤᠶᠠᠷ ᠬᠦᠮᠦᠨ ᠬᠠᠮᠲᠤ ᠠᠮᠢᠳᠤᠷᠠᠬᠤ ᠳᠤ᠂ ᠵᠥᠷᠢᠴᠡᠯ ᠵᠢᠭᠤᠷᠭᠠᠨ ᠭᠠᠷᠬᠤ ᠦᠭᠡᠢ ᠭᠡᠵᠦ ᠪᠠᠶᠢᠳᠠᠭ ᠦᠭᠡᠢ᠂ | ᠴᠠᠭ ᠤᠨ ᠤᠷᠲᠤ ᠳᠤ ᠵᠠᠩ ᠵᠠᠩ ᠢᠶᠠᠨ ᠮᠡᠳᠡᠯᠴᠡᠵᠦ ᠪᠡᠶ᠎ᠡ ᠪᠡᠶ᠎ᠡ ᠪᠠᠨ ᠣᠶᠢᠯᠠᠭᠠᠳᠠᠭ᠂ ᠢᠯᠡᠭᠦᠦ ᠶᠠᠷᠢᠯᠴᠠᠵᠤ | ᠣᠶᠢᠯᠠᠭᠠᠯᠴᠠᠬᠤ ᠨᠢ ᠨᠢᠭᠡ ᠭᠡᠷ ᠪᠦᠯᠢ ᠳᠤ ᠬᠠᠮᠤᠭ ᠴᠢᠬᠤᠯᠠ ᠭᠡᠵᠦ ᠬᠤᠪᠢᠨ ᠳᠤ ᠪᠠᠨ ᠦᠵᠡᠳᠡᠭ︾ ᠬᠡᠮᠡᠨ ᠶᠠᠷᠢᠵᠦ | ᠪᠠᠶᠢᠯ᠎ᠠ᠃ | ᠬᠡᠦᠬᠡᠳ ᠢᠶᠠᠨ ᠰᠤᠷᠭᠠᠨ ᠬᠥᠮᠦᠵᠢᠭᠦᠯᠬᠦ ᠲᠠᠯ᠎ᠠ ᠳᠤ ᠨᠠᠷᠠᠨ ᠨᠡᠯᠢᠶᠡᠳ ᠣᠯᠠᠨ ᠰᠡᠳᠬᠢᠴᠡ ᠶᠢᠨ ᠨᠣᠮ᠂ | ᠬᠡᠥᠬᠡᠳ ᠤᠨ ᠬᠥᠮᠦᠵᠢᠯ ᠤᠨ ᠨᠣᠮ ᠤᠩᠰᠢᠵᠤ᠂ ᠬᠦᠮᠦᠵᠢᠭᠦᠯᠬᠦ ᠠᠷᠭ᠎ᠠ ᠪᠠᠷᠢᠯ ᠢᠶᠠᠨ ᠲᠣᠬᠢᠷᠠᠭᠤᠯᠤᠨ᠂ ᠠᠭᠤᠷᠯᠠᠵᠤ | ᠤᠴᠠᠭᠠᠷᠯᠠᠬᠤ ᠶᠢ ᠳᠡᠪᠴᠢᠨ᠂ ᠤᠴᠢᠷ ᠶᠣᠰᠤ ᠶᠢ ᠨᠢ ᠣᠯᠭᠤᠵᠤ ᠬᠡᠯᠡᠵᠦ ᠥᠭᠬᠦ ᠶᠢ ᠪᠠᠷᠢᠮᠲᠠᠯᠠᠳᠠᠭ᠃ ᠨᠠᠷᠠᠨ | ᠥᠪᠡᠷ ᠤᠨ ᠳᠤᠷᠠᠲᠠᠢ ᠪᠠᠨ ᠬᠡᠦᠬᠡᠳ ᠲᠤ ᠪᠠᠨ ᠲᠤᠬᠤᠳᠠᠭ ᠦᠭᠡᠢ᠂ ᠬᠠᠷᠢᠨ ︽ᠬᠤᠶᠠᠷ ᠬᠡᠥᠬᠡᠳ ᠤᠨ ᠢᠶᠠᠨ | ᠣᠨᠴᠠᠯᠢᠭ ᠲᠤ ᠨᠢ ᠲᠠᠭᠠᠷᠠᠭᠤᠯᠵᠤ᠂ ᠰᠣᠨᠢᠷᠬᠠᠯ ᠢ ᠨᠢ ᠬᠦᠭᠵᠢᠭᠡᠨ᠂ ᠳᠤᠷ᠎ᠠ ᠪᠠᠬ᠎ᠠ ᠲᠠᠢ ᠵᠦᠢᠯ ᠢ ᠨᠢ ᠰᠤᠷᠭᠠᠶ᠎ᠠ | ᠭᠡᠵᠦ ᠯᠠ ᠪᠣᠳᠤᠵᠤ ᠪᠠᠶᠢᠨ᠎ᠠ︾ ᠭᠡᠮᠡᠨ ᠲᠦᠰᠦᠪ ᠲᠦᠯᠦᠪᠯᠡᠭᠡ ᠲᠠᠢ ᠬᠡᠤᠭᠡᠳ ᠤᠨ ᠬᠦᠮᠦᠵᠢᠯ ᠢᠶᠠᠨ ᠲᠡᠯᠭᠡᠨ᠎ᠡ᠃ | ᠬᠠᠷᠢ ᠨᠤᠲᠤᠭ ᠲᠤ ᠡᠷᠳᠡᠮ ᠰᠤᠷᠴᠤ᠂ ᠬᠠᠶᠢᠷᠠᠳᠠᠢ ᠦᠢᠯᠡᠰ ᠲᠤ ᠪᠠᠨ ᠰᠡᠳᠬᠢᠯ ᠰᠢᠩᠭᠡᠭᠡᠨ᠂ ᠬᠠᠯᠠᠭᠤᠨ | ᠳᠤᠯᠠᠭᠠᠨ ᠭᠡᠷ ᠪᠦᠯᠢ ᠪᠠᠨ ᠤᠬᠠᠭᠠᠨ ᠢᠶᠠᠷ ᠡᠵᠡᠩᠨᠡᠵᠦ ᠶᠠᠪᠤᠭ᠎ᠠ ᠴᠢᠳᠠᠪᠤᠷᠢᠯᠢᠭ ᠪᠦᠰᠡᠭᠦᠢ ᠨᠠᠷᠠᠨ ᠤ ᠠᠶᠢᠯ ᠭᠡᠷ ᠨᠢ | ᠠᠵᠠ ᠵᠢᠷᠭᠠᠯ ᠲᠠᠢ᠂ ᠠᠵᠢᠯ ᠦᠢᠯᠡᠰ ᠨᠢ ᠠᠮᠵᠢᠯᠲᠠ ᠪᠥᠲᠦᠮᠵᠢ ᠲᠠᠢ᠂ ᠠᠯᠢᠪᠠ ᠪᠦᠬᠦᠨ ᠨᠢ ᠥᠭᠡᠳᠡ ᠪᠠᠨ ᠪᠠᠶᠢᠬᠤ | ᠨᠢ ᠯᠠᠪᠳᠠᠢ︕ |