7 ᠰᠠᠷ᠎ᠠ ᠶᠢᠨ 4 ᠤ ᠡᠳᠦᠷ᠂ ᠤᠯᠤᠰ ᠲᠥᠷᠥ ᠶᠢᠨ ᠵᠥᠪᠯᠡᠯᠭᠡᠨ ᠤ ᠰᠣᠶᠣᠯ ᠲᠡᠤᠬᠡ ᠶᠢᠨ ᠴᠤᠪᠤᠷᠠᠯ ᠪᠢᠴᠢᠭ ᠪᠤᠯᠬᠤ ︽ | ᠠᠪᠠᠭ᠎ᠠ ᠨᠤᠲᠤᠭ ᠰᠢᠲᠦᠭᠡᠨᠲᠦ ᠭᠠᠵᠠᠷ ᠤᠰᠤᠨ — ᠬᠤᠩᠭᠤᠷᠭᠤᠣᠯ ᠪᠠᠯᠭᠠᠰᠤ︾ ᠭᠡᠬᠦ ᠨᠤᠮ ᠤᠨ ᠲᠠᠷᠬᠠᠭᠠᠯᠲᠠ ᠶᠢᠨ | ᠶᠣᠰᠣᠯᠠᠯ ᠬᠤᠩᠭᠤᠷᠭᠤᠣᠯ ᠪᠠᠯᠭᠠᠰᠤᠨ ᠤ ᠰᠢᠨ᠎ᠡ ᠴᠠᠭ ᠦᠶ᠎ᠡ ᠶᠢᠨ ᠪᠣᠯᠪᠠᠰᠤᠨ ᠤ ᠦᠢᠯᠡᠳᠦᠯᠭᠡ ᠶᠢᠨ ᠵᠢᠱᠢᠶ᠎ᠡ ᠦᠵᠡᠭᠦᠯᠬᠦ | ᠴᠡᠭ — ᠠᠪᠠᠭ᠎ᠠ ᠬᠤᠰᠢᠭᠤᠨ ᠤ ︽ᠪᠦᠷᠢᠨ ᠲᠠᠩᠰᠤᠭ︾ ᠨᠡᠷᠡᠮᠵᠢᠳᠦ ᠲᠠᠯ᠎ᠠ ᠨᠤᠳᠤᠭ ᠤᠨ ᠰᠣᠶᠤᠯ ᠤᠨ ᠥᠷᠦᠭᠡᠨ ᠳᠤ | ᠥᠷᠨᠢᠭᠦᠨ ᠶᠠᠪᠤᠭᠳᠠᠯ᠎ᠠ᠃ | | ︽ᠠᠪᠠᠭ᠎ᠠ ᠨᠤᠲᠤᠭ ᠰᠢᠲᠦᠭᠡᠨᠲᠦ ᠭᠠᠵᠠᠷ ᠤᠰᠤᠨ — ᠬᠤᠩᠭᠤᠷᠭᠤᠣᠯ ᠪᠠᠯᠭᠠᠰᠤ︾ ᠨᠣᠮ ᠨᠢ ᠠᠪᠠᠭ᠎ᠠ | ᠨᠤᠲᠤᠭ ᠤᠨ ᠴᠤᠪᠤᠷᠠᠯ ᠨᠤᠮ ᠤᠨ ᠲᠠᠪᠤᠳᠤᠭᠠᠷ ᠪᠦᠲᠦᠭᠡᠯ ᠪᠠᠶᠢᠵᠤ᠂ ᠬᠤᠩᠭᠤᠷᠭᠤᠣᠯ ᠪᠠᠯᠭᠠᠰᠤᠨ ᠤ 12 ᠭᠠᠴᠠᠭᠠᠨ ᠤ | ᠭᠠᠵᠠᠷ ᠤᠰᠤᠨ ᠤ ᠨᠡᠷᠡᠶᠢᠳᠦᠯ᠂ ᠭᠠᠵᠠᠷ ᠵᠦᠢ ᠶᠢᠨ ᠤᠷᠴᠢᠨ ᠲᠤᠭᠤᠷᠢᠨ᠂ ᠪᠠᠶᠢᠭᠠᠯᠢ ᠶᠢᠨ ᠡᠬᠢ ᠪᠠᠶᠠᠯᠢᠭ ᠪᠤᠯᠤᠨ ᠲᠡᠤᠬᠡ | ᠶᠢᠨ ᠤᠯᠠᠷᠢᠯ ᠬᠤᠪᠢᠰᠤᠯ᠂ ᠲᠡᠤᠬᠡᠨ ᠳᠤ ᠪᠤᠯᠤᠭᠰᠠᠨ ᠦᠢᠯᠡ ᠬᠡᠷᠡᠭ ᠤᠳ ᠵᠡᠷᠭᠡ ᠠᠭᠤᠯᠭ᠎ᠠ ᠶᠢ ᠬᠠᠮᠤᠷᠴᠤ᠂ | ᠬᠤᠩᠭᠤᠷᠭᠤᠣᠯ ᠪᠠᠯᠭᠠᠰᠤᠨ ᠤ ᠭᠠᠵᠠᠷ ᠤᠷᠤᠨ ᠤ ᠣᠨᠴᠠᠯᠢᠭ᠂ ᠰᠣᠶᠣᠯ ᠢᠷᠭᠡᠨᠰᠢᠯ ᠤᠨ ᠲᠡᠦᠬᠡ ᠪᠣᠯᠤᠨ ᠡᠯᠪᠡᠭ ᠲᠡᠯᠪᠡᠭ | ᠡᠬᠢ ᠪᠠᠶᠠᠯᠢᠭ ᠢ ᠪᠦᠷᠢᠨ ᠢᠯᠡᠷᠡᠭᠦᠯᠦᠭᠰᠡᠨ ᠪᠠᠶᠢᠨ᠎ᠠ᠃ ᠡᠨᠡᠬᠦ ᠨᠤᠮ ᠨᠢ ᠬᠤᠩᠭᠤᠷᠭᠤᠣᠯ ᠪᠠᠯᠭᠠᠰᠤᠨ ᠤ ᠥᠷᠭᠡᠨ ᠣᠯᠠᠨ | ᠮᠠᠯᠴᠢᠨ ᠲᠦᠮᠡᠨ ᠤ ᠬᠠᠮᠲᠤ ᠶᠢᠨ ᠲᠡᠮᠡᠴᠡᠯ ᠤᠨ ᠲᠡᠤᠬᠡ ᠶᠢ ᠬᠠᠷᠠᠭᠤᠯᠤᠭᠰᠠᠨ ᠨᠢᠭᠡᠨ ᠳᠡᠪᠲᠡᠷ ᠲᠡᠦᠬᠡ ᠶᠢᠨ ᠨᠣᠮ | ᠪᠣᠯᠤᠭᠰᠠᠨ ᠤ ᠬᠤᠪᠢ ᠳᠤ᠂ ᠠᠪᠠᠭ᠎ᠠ ᠬᠤᠰᠢᠭᠤᠨ ᠤ ᠠᠵᠤ ᠠᠬᠤᠶ ᠨᠡᠶᠢᠭᠡᠮ ᠤᠨ ᠬᠥᠭᠵᠢᠯᠲᠡ ᠳᠤ ᠵᠠᠰᠠᠭ ᠲᠤ ᠲᠤᠰᠠᠯᠠᠬᠤ | ᠴᠢᠬᠤᠯᠠ ᠲᠤᠯᠢ ᠪᠤᠯᠬᠤ ᠶᠤᠮ᠃ | | ᠡᠨᠡᠬᠦ ᠨᠤᠮ ᠤᠨ ᠭᠤᠤᠯᠯᠠᠨ ᠨᠠᠶᠢᠷᠠᠭᠤᠯᠤᠭᠴᠢ ᠰᠠᠶᠢᠨᠳᠠᠬᠦᠰ ᠠᠴᠠ ︽ᠠᠪᠠᠭ᠎ᠠ ᠨᠤᠲᠤᠭ ᠰᠢᠲᠦᠭᠡᠨᠲᠦ ᠭᠠᠵᠠᠷ ᠤᠰᠤᠨ | — ᠬᠤᠩᠭᠤᠷᠭᠤᠣᠯ ᠪᠠᠯᠭᠠᠰᠤ︾ ᠨᠣᠮ ᠢ ᠨᠠᠶᠢᠷᠠᠭᠤᠯᠤᠨ ᠲᠤᠭᠤᠷᠪᠢᠭᠰᠠᠨ ᠪᠠᠶᠢᠳᠠᠯ᠂ ᠭᠤᠣᠯ ᠠᠭᠤᠯᠭ᠎ᠠ ᠵᠢᠴᠢ ᠵᠣᠬᠢᠶᠠᠨ | ᠪᠦᠲᠦᠭᠡᠭᠰᠡᠨ ᠰᠡᠳᠬᠢᠮᠵᠢ ᠪᠠᠨ ᠲᠠᠨᠢᠯᠴᠠᠭᠤᠯᠵᠠᠢ᠃ ᠬᠤᠰᠢᠭᠤ ᠤᠯᠤᠰ ᠲᠦᠷᠦ ᠶᠢᠨ ᠵᠥᠪᠯᠡᠯᠭᠡᠨ ᠠᠴᠠ ᠬᠤᠩᠭᠤᠷᠭᠤᠣᠯ | ᠪᠠᠯᠭᠠᠰᠤᠨ ᠤ ᠨᠠᠮ ᠤᠨ ᠬᠤᠷᠢᠶ᠎ᠠ᠂ ᠵᠠᠰᠠᠭ ᠤᠨ ᠣᠷᠳᠣᠨ ᠪᠣᠯᠤᠨ ︽ᠪᠦᠷᠢᠨ ᠲᠠᠩᠰᠤᠭ︾ ᠨᠡᠷᠡᠮᠵᠢᠳᠦ ᠲᠠᠯ᠎ᠠ ᠨᠤᠳᠤᠭ | ᠤᠨ ᠰᠣᠶᠤᠯ ᠤᠨ ᠦᠷᠦᠭᠡ ᠳᠤ ︽ᠠᠪᠠᠭ᠎ᠠ ᠨᠤᠲᠤᠭ ᠰᠢᠲᠦᠭᠡᠨᠲᠦ ᠭᠠᠵᠠᠷ ᠤᠰᠤᠨ — ᠬᠤᠩᠭᠤᠷᠭᠤᠣᠯ ᠪᠠᠯᠭᠠᠰᠤ︾ | ᠰᠢᠨ᠎ᠡ ᠨᠤᠮ ᠢ ᠪᠡᠯᠡᠭᠯᠡᠪᠡ᠃ | | | ᠵᠠᠯᠭᠠᠭᠠᠳ ᠪᠥᠬᠦ ᠤᠯᠤᠰ ᠤᠨ ︽ᠨᠣᠮ ᠤᠨ ᠪᠤᠶᠠᠨᠲᠤ ᠡᠷᠦᠬᠡ︾᠂ ︽ᠠᠷᠪᠠᠨ ᠰᠣᠳᠤᠨ ᠤᠩᠰᠢᠭᠴᠢ︾ ᠶᠢᠨ ᠴᠣᠯᠠ | ᠬᠦᠷᠲᠡᠭᠴᠢ ᠠᠪᠠᠭ᠎ᠠ ᠬᠤᠰᠢᠭᠤᠨ ᠤ ︽ᠪᠦᠷᠢᠨ ᠲᠠᠩᠰᠤᠭ︾ ᠨᠡᠷᠡᠮᠵᠢᠲᠦ ᠲᠠᠯ᠎ᠠ ᠨᠤᠲᠤᠭ ᠤᠨ ᠰᠣᠶᠤᠯ ᠤᠨ ᠥᠷᠦᠭᠡᠨ ᠤ | ᠡᠵᠡᠨᠲᠡᠨ ᠳᠣ· ᠲᠥᠮᠡᠨᠪᠠᠶᠠᠷ ᠵᠢᠴᠢ ᠶᠣᠰᠤᠯᠠᠯ ᠳᠤ ᠬᠦᠷᠦᠯᠴᠡᠨ ᠢᠷᠡᠭᠰᠡᠨ ᠮᠠᠯᠴᠢᠨ ᠤᠩᠰᠢᠭᠴᠢᠳ ᠨᠤᠮ ᠤᠨ ᠲᠤᠭᠤᠷᠢᠨ | ᠳᠤ ᠪᠤᠳᠤᠯ ᠰᠡᠳᠬᠢᠭᠳᠡᠯ ᠢᠶᠠᠨ ᠴᠢᠯᠦᠭᠡᠲᠡᠢ ᠶᠠᠷᠢᠯᠴᠠᠯ᠎ᠠ᠃ | | |