ᠮᠠᠯᠴᠢᠨ ᠤ ᠨᠣᠳᠤᠭ ᠲᠤ ᠬᠦᠭᠡᠪᠦᠷ ᠲᠡᠯᠪᠡᠷᠡᠨ ᠪᠤᠯᠠᠭ ᠣᠷᠭᠢᠯᠤᠭᠰᠠᠨ ᠰᠠᠶᠢᠬᠠᠨ ᠴᠢᠮᠡᠭᠡ ᠰᠠᠯᠬᠢᠨ ᠬᠤᠷᠲᠤ ᠲᠠᠢ ᠲᠠᠷᠬᠠᠨ᠎ᠠ
ᠨᠡᠶᠢᠲᠡᠯᠡᠭᠰᠡᠨ ᠴᠠᠭ᠄
2024/6/7
     5 ᠰᠠᠷ᠎ᠠ ᠶᠢᠨ 26 ᠤ ᠡᠳᠦᠷ ᠠᠪᠠᠭ᠎ᠠ ᠬᠤᠰᠢᠭᠤᠨ ᠤ ᠨᠠᠷᠠᠨᠪᠣᠯᠠᠭ ᠰᠣᠮᠣᠨ ᠤ ᠠᠯᠲᠠᠨᠲᠤᠭᠤᠭᠠᠲᠤ ᠭᠠᠴᠠᠭᠠᠨ ᠤ ᠮᠠᠯᠴᠢᠨ ᠳᠦᠪᠰᠢᠨ ᠤ ᠨᠣᠳᠤᠭ ᠲᠡᠭᠡᠷ᠎ᠡ ᠬᠦᠬᠡᠪᠦᠷ ᠲᠡᠯᠪᠡᠷᠡᠨ ᠪᠤᠯᠠᠭ ᠣᠷᠬᠢᠯᠵᠦ ᠪᠠᠶᠢᠭ᠎ᠠ ᠪᠢᠴᠢᠯᠭᠡ ᠰᠦᠯᠵᠢᠶ᠎ᠡ ᠪᠠᠷ ᠰᠠᠴᠤᠭᠲᠠᠨ ᠣᠯᠠᠨ ᠤ ᠠᠩᠬᠠᠷᠤᠯ ᠳᠤ ᠬᠦᠷᠦᠯ᠎ᠡ᠃      ᠣᠣᠯ ᠨᠢ ᠳᠦᠪᠰᠢᠨ ᠥᠷᠯᠦᠭᠡ ᠭᠠᠳᠠᠨ᠎ᠠ ᠪᠠᠨ ᠠᠵᠢᠯ ᠬᠢᠵᠦ ᠪᠠᠶᠢᠭᠠᠳ ᠨᠣᠳᠤᠭ ᠲᠡᠭᠡᠷᠡᠬᠢ ᠬᠠᠲᠠᠭᠰᠠᠨ ᠨᠠᠭᠤᠷ ᠨᠢ ᠪᠤᠯᠠᠭ ᠤᠷᠬᠢᠯᠵᠦ ᠪᠠᠶᠢᠬᠤ ᠶᠢ ᠬᠠᠷᠠᠨ᠂ ᠲᠡᠷᠡ ᠳᠠᠷᠤᠢ ᠪᠢᠴᠢᠯᠭᠡ ᠰᠢᠩᠭᠡᠬᠡᠨ ᠨᠠᠶᠢᠵᠠ ᠶᠢᠨ ᠲᠤᠭᠤᠷᠢᠭ ᠪᠤᠯᠤᠨ ᠭᠠᠴᠠᠭᠠᠨ ᠤ ᠬᠤᠯᠪᠣᠭᠠᠨ ᠳᠤ ᠪᠠᠨ ᠬᠤᠪᠢᠶᠠᠯᠴᠠᠭᠰᠠᠨ ᠢᠶᠠᠨ ᠤᠳᠠᠵᠤ ᠲᠦᠳᠡᠯ ᠦᠭᠡᠢ ᠡᠯ᠎ᠡ ᠰᠦᠯᠵᠢᠶ᠎ᠡ ᠳᠠᠮᠵᠢᠨ ᠲᠠᠷᠬᠠᠭᠰᠠᠨ ᠨᠢ ᠡᠨᠡ ᠪᠠᠶᠢᠵᠠᠢ᠃ ᠣᠣᠯ ᠨᠢ ᠠᠲᠡ ᠬᠡᠴᠢᠨᠡᠨ ᠵᠢᠯ ᠤᠨ ᠦᠨᠵᠢᠭᠦᠯ ᠨᠠᠭᠤᠷ ᠲᠠᠢ ᠪᠠᠶᠢᠭᠰᠠᠨ  ᠨᠢ ᠨᠢᠳᠦᠨᠦᠨ ᠶᠡᠭᠡ ᠭᠠᠩᠳᠠᠭᠰᠠᠨ ᠠᠴᠠ ᠰᠢᠷᠬᠢᠭᠡᠳ ᠵᠢᠯ ᠢᠯᠡᠭᠦᠦ ᠪᠣᠯᠵᠤ ᠪᠠᠶᠢᠭ᠎ᠠ ᠶᠤᠮ ᠪᠠᠶᠢᠨ᠎ᠠ᠃      ︽ᠶᠡᠷᠦᠨᠢ ᠡᠨᠡ ᠭᠡᠰᠡᠭ ᠭᠠᠵᠠᠷ ᠪᠣᠰᠤᠳ ᠭᠠᠵᠠᠷ ᠢᠶᠠᠨ ᠪᠤᠳᠤᠪᠠᠯ ᠢᠯᠡᠭᠦᠦ ᠴᠢᠬᠢᠭᠯᠢᠭ᠂ ᠭᠢᠰᠬᠢᠬᠦ ᠳᠤ ᠶᠡᠭᠡ ᠵᠦᠭᠡᠯᠡᠨ ᠪᠠᠶᠢᠵᠤ᠂ ᠬᠠᠪᠤᠷ ᠲᠤ ᠪᠠᠨ ᠬᠦᠪᠡᠭᠡ ᠵᠠᠬ᠎ᠠ ᠪᠠᠷ ᠨᠢ ᠶᠠᠪᠤᠭᠰᠠᠭᠠᠷ ᠰᠢᠭᠢᠳᠬᠦ ᠠᠶᠤᠯ ᠲᠠᠢ᠂ ᠮᠠᠯ ᠤᠨᠤᠭ᠎ᠠ ᠰᠢᠭᠢᠳᠪᠡᠯ ᠲᠠᠲᠠᠬᠤ ᠳᠤ ᠪᠠᠨ ᠶᠡᠭᠡ ᠬᠢᠴᠢᠶᠡᠳᠡᠭ︾ ᠬᠡᠮᠡᠨ ᠳᠦᠪᠰᠢᠨ ᠣᠴᠢᠷᠯᠠᠨ᠎ᠠ᠃ᠨᠣᠳᠤᠭ ᠤᠨ ᠪᠤᠭᠤᠷᠤᠯ ᠤᠳ ᠤᠨ ᠬᠠᠭᠤᠴᠢᠯᠠᠬᠤ ᠪᠠᠷ ᠣᠣᠯ ᠨᠢ ᠬᠦᠬᠡᠪᠤᠷ ᠲᠡᠯᠪᠡᠷᠡᠬᠦ ᠳᠤ ᠪᠠᠨ ᠲᠡᠭᠷᠢ ᠲᠤᠤᠭᠠᠷᠴᠦ ᠪᠠᠶᠢᠬᠤ ᠰᠢᠭ᠋ ᠶᠡᠭᠡ ᠲᠤᠤᠭᠠᠷᠴᠦ᠂ ᠭᠤᠷᠪᠠ ᠠᠴᠠ ᠲᠠᠪᠤᠨ ᠮᠧᠲᠷ ᠦᠨᠳᠦᠷ ᠤᠷᠬᠢᠯᠲᠠᠭ ᠭᠡᠨ᠎ᠡ᠃      ᠦᠴᠦᠭᠡᠳᠦᠷ ᠦᠷᠯᠦᠭᠡ ᠲᠡᠯᠪᠡᠷᠡᠭᠰᠡᠨ ᠬᠦᠬᠡᠪᠤᠷ ᠨᠢ ᠣᠳᠣᠬᠠᠨ ᠳᠤ ᠪᠠᠨ ᠮᠤᠩᠭᠤᠯ ᠭᠡᠷ ᠤᠨ ᠪᠠᠭᠤᠴᠠᠨ ᠤ ᠬᠢᠷᠢ ᠲᠠᠢ ᠭᠠᠵᠠᠷ ᠤᠷᠬᠢᠯᠵᠦ ᠪᠠᠶᠢᠭ᠎ᠠ᠃ ︽ᠤᠶᠢᠷ᠎ᠠ ᠶᠢᠨ ᠠᠷᠪᠠᠨ ᠵᠢᠯ ᠢᠩᠭᠢᠵᠦ ᠬᠦᠴᠦᠲᠡᠢ ᠪᠣᠷᠬᠢᠯᠤᠭ᠎ᠠ ᠦᠭᠡᠢ︾ ᠬᠡᠮᠡᠨ ᠨᠣᠳᠤᠭ ᠤᠨ ᠣᠣᠭᠠᠯ ᠮᠠᠯᠴᠢᠳ ᠶᠠᠷᠢᠵᠠᠭᠠᠨ᠎ᠠ᠃      ᠬᠦᠭᠡᠪᠤᠷ ᠲᠡᠯᠪᠡᠷᠡᠭᠰᠡᠨ ᠵᠢᠯ ᠰᠠᠶᠢᠬᠠᠨ ᠵᠤᠨ ᠪᠣᠯᠲᠠᠭ ᠬᠡᠮᠡᠨ ᠪᠡᠯᠭᠡᠰᠢᠶᠡᠭᠰᠡᠨ ᠨᠣᠳᠤᠭ ᠤᠨ ᠣᠯᠠᠨ ᠤ ᠠᠮᠠᠨ ᠢᠷᠦᠭᠡᠯ ᠢᠶᠠᠷ ᠡᠨᠡ ᠨᠣᠳᠤᠭ ᠲᠤ ᠨᠡᠶᠢᠳᠡᠮ ᠡᠭᠦᠯᠡ ᠪᠦᠷᠬᠦᠨ ᠬᠤᠷ᠎ᠠ ᠳᠠᠯᠠᠯᠤᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号