ᠲᠦᠮᠡᠨᠪᠠᠶᠠᠷ ᠤᠨ ︽ᠥᠨᠢᠳᠡ ᠪᠠᠭ᠋ᠠᠷᠬᠠᠯᠲᠤ ᠠᠪᠠᠭ᠎ᠠ ᠨᠤᠲᠤᠭ︾ ᠨᠣᠮ ᠤᠩᠰᠢᠭᠴᠢ ᠲᠦᠮᠡᠨ ᠲᠠᠢ ᠪᠠᠨ ᠵᠤᠯᠭᠠᠯ᠎ᠠ
ᠨᠡᠶᠢᠲᠡᠯᠡᠭᠰᠡᠨ ᠴᠠᠭ᠄
2024/6/28
     6 ᠰᠠᠷ᠎ᠠ ᠶᠢᠨ 19 ᠤ ᠡᠳᠦᠷ ᠠᠪᠠᠭ᠎ᠠ ᠬᠤᠰᠢᠭᠤᠨ ᠤ ᠨᠣᠮ ᠤᠨ ᠰᠠᠩ ᠳᠤ ᠲᠦᠮᠡᠨᠪᠠᠶᠠᠷ ᠤᠨ ︽ᠥᠨᠢᠳᠡ ᠪᠠᠭ᠋ᠠᠷᠬᠠᠯᠲᠤ ᠠᠪᠠᠭ᠎ᠠ ᠨᠤᠲᠤᠭ︾ ᠬᠡᠮᠡᠬᠦ ᠰᠢᠨ᠎ᠡ ᠨᠣᠮ ᠤᠨ ᠬᠠᠭᠤᠳᠠᠰᠤ ᠰᠡᠬᠦᠭᠳᠡᠵᠦ᠂ ᠠᠪᠠᠭ᠎ᠠ ᠬᠤᠰᠢᠭᠤᠨ ᠤ ᠲᠡᠦᠬᠡ ᠶᠢᠨ ᠬᠦᠷᠳᠦᠨ ᠳᠤ ᠪᠠᠰᠠ ᠨᠢᠭᠡ ᠨᠤᠮ ᠤᠨ ᠥᠪ ᠨᠡᠮᠡᠯ᠎ᠡ᠃      ᠲᠠᠷᠬᠠᠭᠠᠯᠲᠠ ᠶᠢᠨ ᠶᠣᠰᠤᠯᠠᠯ ᠳᠤ ᠬᠤᠰᠢᠭᠤ ᠬᠠᠷᠢᠶ᠎ᠠ ᠬᠤᠯᠪᠤᠭᠳᠠᠯ ᠪᠦᠬᠦᠢ ᠪᠠᠶᠢᠭᠤᠯᠭ᠎ᠠ ᠨᠢᠭᠡᠴᠡ ᠪᠣᠯᠤᠨ ᠨᠣᠮ ᠤᠨ ᠪᠠᠭ᠋ᠠᠲᠠᠳ᠂ ᠤᠷᠠᠨ ᠪᠦᠲᠦᠭᠡᠯᠴᠢᠳ ᠤᠷᠢᠭᠳᠠᠨ ᠤᠷᠤᠯᠴᠠᠪᠠ᠃ ᠲᠠᠷᠬᠠᠭᠠᠯᠳᠠ ᠶᠢᠨ ᠶᠤᠰᠤᠯᠡᠯ ᠢᠶᠠᠷ ᠲᠦᠮᠡᠨᠪᠠᠶᠠᠷ ᠤᠨ ᠬᠤᠰᠢᠭᠤ ᠨᠤᠲᠤᠭ ᠤᠨ ᠢᠶᠠᠨ ᠰᠣᠶᠣᠯ ᠤᠨ ᠦᠢᠯᠡᠰ ᠲᠤ ᠠᠤᠭ᠎ᠠ ᠬᠦᠴᠦᠨ ᠨᠡᠮᠡᠷᠢᠯᠡᠭᠰᠡᠨ ᠬᠥᠳᠡᠯᠮᠦᠷᠢ ᠵᠢᠳᠭᠦᠯ ᠢ ᠦᠨᠳᠦᠷ ᠦᠨᠡᠯᠡᠵᠦ᠂ ᠲᠦᠮᠡᠨᠪᠠᠶᠠᠷ ᠠᠴᠠ ᠨᠣᠮ ᠤᠨ ᠲᠠᠨᠢᠯᠴᠠᠭᠤᠯᠭ᠎ᠠ ᠵᠢᠴᠢ ᠥᠪᠡᠷ ᠤᠨ ᠨᠣᠮ ᠲᠠᠢ ᠬᠠᠨᠢᠯᠠᠭᠰᠠᠨ ᠦᠯᠢᠭᠡᠷ ᠤᠴᠠᠷᠠᠯ ᠢᠶᠠᠨ ᠲᠤᠷᠠᠰᠤᠨ᠂ ᠶᠣᠰᠤᠯᠠᠯ ᠳᠤ ᠣᠷᠤᠯᠴᠠᠭᠰᠠᠳ ᠠᠴᠠ ᠨᠤᠮ ᠤᠨ ᠲᠤᠭᠤᠷᠢᠨ ᠳᠤ ᠴᠢᠯᠦᠭᠡᠳᠠᠢ ᠶᠠᠷᠢᠯᠴᠠᠯ᠎ᠡ᠃      ︽ᠥᠨᠢᠳᠡ ᠪᠠᠭ᠋ᠠᠷᠬᠠᠯᠲᠤ ᠠᠪᠠᠭ᠎ᠠ ᠨᠤᠲᠤᠭ︾ ᠨᠣᠮ ᠨᠢ ᠠᠪᠠᠭ᠎ᠠ ᠬᠤᠰᠢᠭᠤᠨ ᠤ ᠤᠯᠤᠰ ᠲᠥᠷᠦ ᠶᠢᠨ ᠵᠥᠪᠯᠡᠯᠭᠡᠨ ᠤ ᠰᠣᠶᠣᠯ ᠲᠡᠦᠬᠡ ᠶᠢᠨ ᠮᠠᠲ᠋ᠧᠷᠢᠶᠠᠯ ︵ᠬᠤᠷᠢᠨ ᠨᠠᠢᠮᠠᠳᠤᠭᠠᠷ ᠡᠮᠬᠢᠳᠭᠡᠯ︶ ᠤᠨ ᠬᠤᠪᠢ ᠳᠤ ᠲᠦᠮᠡᠨᠪᠠᠶᠠᠷ ᠤᠨ 2000 — 2022 ᠣᠨ ᠬᠦᠷᠲᠡᠯᠡᠬᠢ ᠬᠡᠰᠡᠭ ᠪᠦᠳᠦᠭᠡᠯ ᠤᠨ ᠡᠮᠬᠢᠳᠭᠡᠯ ᠪᠠᠶᠢᠵᠤ᠂ ᠲᠤᠬᠠᠶᠢᠯᠠᠭᠰᠠᠨ ᠠᠵᠢᠯ ᠪᠣᠯᠤᠨ ᠣᠷᠤᠨ ᠨᠤᠲᠤᠭ ᠤᠨ ᠰᠣᠶᠣᠯ ᠲᠡᠦᠬᠡ ᠶᠢᠨ ᠬᠠᠮᠢᠶᠠᠲᠠᠢ ᠣᠷᠴᠢᠭᠤᠯᠭ᠎ᠠ ᠶᠢᠨ ᠪᠦᠲᠦᠭᠡᠯ᠂ ᠮᠡᠳᠡᠭᠡᠯᠡᠯ ᠬᠦᠦᠷᠨᠢᠯ ᠤᠳ ᠵᠡᠷᠭᠡ 33 ᠪᠦᠳᠦᠭᠡᠯ ᠢ ᠬᠠᠮᠤᠷᠴᠠᠢ᠂ ᠡᠭᠦᠨ ᠳᠤ ᠣᠷᠴᠢᠭᠤᠯᠭ᠎ᠠ ᠶᠢᠨ ᠵᠣᠬᠢᠶᠠᠯ 9᠂ 2017 ᠣᠨ ᠠᠴᠠ ᠬᠤᠶᠢᠰᠢᠬᠢ ᠪᠦᠳᠦᠭᠡᠯ 18 ᠪᠤᠢ᠃ ᠪᠦᠬᠦ ᠨᠣᠮ ᠤᠨ ᠣᠷᠴᠢᠭᠤᠯᠭ᠎ᠠ ᠲᠠᠶᠢᠯᠪᠤᠷᠢ᠂ ᠡᠷᠳᠡᠮ ᠰᠢᠨᠵᠢᠯᠡᠭᠡᠨ ᠤ ᠦᠬᠦᠯᠡᠯ ᠤᠨ ᠣᠯᠠᠩᠬᠢ ᠨᠢ ᠪᠦᠷ ᠰᠤᠳᠤᠯᠭᠠᠨ ᠰᠢᠨᠵᠢᠯᠡᠭᠡᠨ ᠤ ᠰᠠᠭᠤᠷᠢᠨ ᠳᠡᠭᠡᠷ᠎ᠡ ᠪᠢᠴᠢᠭᠳᠡᠭᠰᠡᠨ ᠤᠴᠢᠷ ᠤᠩᠰᠢᠭᠴᠢᠳ ᠲᠤ ᠦᠷ᠎ᠡ ᠦᠭᠭᠦᠭᠡᠵᠢ ᠨᠡᠩ ᠶᠡᠬᠡᠲᠡᠢ ᠪᠢᠯᠡ᠃      ︽ᠡᠨᠡ ᠨᠣᠮ ᠨᠢ ᠣᠷᠴᠢᠭᠤᠯᠭ᠎ᠠ ᠶᠢᠨ ᠰᠣᠳᠤᠯᠤᠯᠲᠠ᠂ ᠡᠷᠳᠡᠮ ᠰᠢᠨᠵᠢᠯᠡᠭᠡ᠂ ᠬᠡᠭᠡᠷ᠎ᠡ ᠶᠢᠨ ᠰᠢᠨᠵᠢᠯᠡᠭᠡ ᠶᠢᠨ ᠪᠦᠳᠦᠭᠡᠯ ᠤᠳ ᠪᠠᠭᠳᠠᠵᠦ᠂ ᠠᠪᠠᠭᠠᠴᠤᠤᠯ ᠤᠨ ᠦᠷ᠎ᠡ ᠤᠳᠤᠮ ᠲᠡᠳᠦᠢ ᠦᠭᠡᠢ ᠨᠣᠮ ᠬᠢᠬᠦ ᠬᠦᠮᠦᠨ ᠳᠤ ᠴᠤ ᠨᠣᠮ ᠵᠦᠢ ᠶᠢᠨ ᠲᠠᠯ᠎ᠠ ᠪᠠᠷ ᠮᠠᠰᠢ ᠦᠨ᠎ᠡ ᠥᠷᠲᠡᠭ ᠲᠠᠢ ᠰᠠᠶᠢᠬᠠᠨ ᠨᠣᠮ ᠶᠤᠮ︾ ᠬᠡᠮᠡᠨ ᠮᠤᠩᠭᠤᠯ ᠨᠤᠮ ᠤᠨ ᠴᠢᠭᠤᠯᠭᠠᠨ  ᠤ ᠡᠵᠡᠨᠳᠡᠨ ᠲᠡᠭᠦᠰ ᠤᠴᠢᠷᠯᠠᠯ᠎ᠠ᠃      ︽ᠥᠨᠦᠳᠦᠷ ᠮᠢᠨᠤ ᠭᠡᠴᠢᠨᠡᠨ ᠵᠢᠯ ᠤᠨ ᠬᠦᠴᠦ ᠬᠥᠳᠡᠯᠮᠦᠷᠢ ᠣᠷᠤᠭᠤᠯᠵᠤ ᠪᠢᠴᠢᠭᠰᠡᠨ ᠵᠤᠬᠢᠶᠠᠯ ᠪᠦᠳᠦᠭᠡᠯ ᠤᠳ ᠢᠶᠠᠨ ᠨᠣᠮ ᠪᠤᠯᠭᠠᠨ ᠲᠡᠬᠦᠪᠦᠷᠢᠯᠡᠭᠰᠡᠨ ᠪᠠᠶᠠᠷᠲᠤ ᠡᠳᠦᠷ ᠲᠣᠬᠢᠶᠠᠵᠤ ᠪᠠᠶᠢᠨ᠎ᠠ᠃ ᠨᠣᠮ ᠮᠠᠨᠢ ᠬᠤᠰᠢᠭᠤ ᠤᠯᠤᠰ ᠲᠥᠷᠦ ᠶᠢᠨ ᠵᠦᠪᠯᠡᠯᠭᠡᠨ ᠤ ᠨᠣᠮ ᠬᠡᠪᠯᠡᠬᠦᠯᠬᠦ ᠲᠥᠯᠦᠪᠯᠡᠭᠡᠨ ᠳᠤ  ᠬᠠᠮᠤᠷᠤᠭᠳᠠᠨ ᠪᠦᠬᠦ ᠭᠦᠢᠴᠡᠳᠭᠡᠯ ᠢ ᠪᠦᠷᠢᠳᠦᠬᠦᠯᠦᠨ᠂ 2024 ᠣᠨ ᠤ 4 ᠰᠠᠷ᠎ᠠ ᠳᠤ ᠬᠡᠪᠯᠡᠭᠳᠡᠭᠰᠡᠨ ᠶᠤᠮ᠃ ᠠᠳᠡ ᠮᠠᠰᠢ ᠶᠡᠭᠡ ᠲᠡᠮᠵᠢᠯᠭᠡ ᠦᠵᠡᠬᠦᠯᠦᠭᠰᠡᠨ ᠬᠤᠰᠢᠭᠤ ᠤᠯᠤᠰ ᠲᠥᠷᠦ ᠶᠢᠨ ᠵᠦᠪᠯᠡᠯᠭᠡᠨ ᠳᠤ ᠬᠦᠨ ᠲᠠᠯᠠᠷᠬᠠᠯ ᠲᠡᠪᠰᠢᠬᠦᠯᠦᠶ᠎ᠡ᠃ ᠮᠦᠨᠴᠦ ᠦᠨᠦᠳᠦᠷ ᠤᠨ ᠲᠠᠷᠬᠠᠭᠠᠯᠳᠠ ᠶᠢᠨ ᠶᠤᠰᠤᠯᠠᠯ ᠢ ᠡᠷᠬᠢᠯᠡᠨ ᠶᠠᠪᠤᠭᠳᠠᠭᠤᠯᠤᠭᠰᠠᠨ ᠬᠤᠰᠢᠭᠤ ᠰᠣᠶᠣᠯ ᠲᠠᠮᠢᠷ ᠵᠢᠭᠤᠯᠴᠢᠯᠠᠯ ᠷᠠᠳᠢᠤ᠋ ᠲᠧᠯᠸᠢᠰ ᠲᠣᠪᠴᠢᠶ᠎ᠠ᠂ ᠬᠤᠰᠢᠭᠤ ᠨᠣᠮ ᠤᠨ ᠰᠠᠩ ᠬᠢᠭᠡᠳ ᠮᠤᠷᠢᠯᠠᠨ ᠰᠠᠭᠠᠳᠠᠭᠰᠠᠨ ᠪᠠᠶᠢᠭᠤᠯᠭ᠎ᠠ ᠨᠢᠭᠡᠴᠡ ᠶᠢᠨ ᠤᠳᠤᠷᠢᠳᠤᠯᠭ᠎ᠠ ᠨᠠᠷ ᠲᠤ ᠭᠦᠨ ᠲᠠᠯᠠᠷᠬᠠᠯ ᠳᠡᠪᠰᠢᠭᠦᠯᠦᠶ᠎ᠡ᠃ ᠨᠣᠮ ᠳᠤ ᠪᠠᠨ ᠭᠤᠤᠯᠳᠠᠭᠤ ᠠᠪᠠᠭ᠎ᠠ ᠬᠤᠰᠢᠭᠤᠨ ᠤ ᠲᠡᠦᠬᠡᠨ ᠬᠦᠮᠦᠰ᠂ ᠰᠣᠶᠣᠯ ᠲᠡᠦᠬᠡ᠂ ᠵᠠᠩ ᠵᠠᠩᠰᠢᠯ ᠤᠨ ᠬᠠᠮᠢᠶ᠎ᠠ ᠲᠠᠢ ᠪᠢᠴᠢᠭᠰᠡᠨ ᠵᠦᠢᠯ ᠤᠳ ᠢᠶᠠᠷ ᠭᠤᠣᠯᠯᠠᠭᠰᠠᠨ᠂ ᠪᠠᠰᠠ ᠨᠢᠭᠡ ᠪᠦᠯᠦᠭ ᠣᠷᠴᠢᠭᠤᠯᠭ᠎ᠠ ᠶᠢᠨ ᠪᠦᠲᠦᠭᠡᠯ ᠤᠳ ᠪᠠᠶᠢᠭ᠎ᠠ᠃ ︿ᠠᠳᠤᠭᠤᠨ ᠵᠠᠰᠠᠭ﹀ ᠭᠡᠵᠦ ᠡᠷᠲᠡᠨ ᠤ ᠬᠢᠲᠠᠳ ᠬᠡᠯᠡᠨ ᠠᠴᠠ ᠣᠷᠴᠢᠭᠤᠯᠵᠤ ᠪᠠᠭ᠎ᠠ ᠰᠠᠭ᠎ᠠ ᠲᠠᠶᠢᠯᠪᠤᠷᠢ ᠬᠠᠳᠠᠭᠰᠠᠨ ᠪᠦᠲᠦᠭᠡᠯ ᠢᠶᠠᠨ ᠴᠦ ᠣᠯᠠᠨ ᠤ ᠬᠦᠷᠲᠡᠭᠡᠯ ᠪᠤᠯᠭᠠᠨ ᠨᠤᠮ ᠳᠤ ᠪᠠᠨ ᠤᠷᠤᠭᠤᠯᠤᠭᠰᠠᠨ ᠶᠤᠮ︾ ᠬᠡᠮᠡᠨ ᠲᠦᠮᠡᠨᠪᠠᠶᠠᠷ ᠪᠠᠶᠠᠷᠲᠠᠢ ᠤᠴᠢᠷᠯᠠᠨ᠎ᠠ᠃      ᠨᠣᠮ ᠤᠨ ᠬᠤᠷ᠎ᠠ ᠪᠢᠯᠢᠭ ᠤᠮᠲᠠᠯᠠᠭᠰᠠᠨ ᠰᠠᠶᠢᠬᠠᠨ ᠶᠣᠰᠤᠯᠠᠯ ᠥᠨᠳᠦᠷᠯᠡᠯ᠎ᠡ᠃ ︽ᠥᠨᠢᠳᠡ ᠪᠠᠭ᠋ᠠᠷᠬᠠᠯᠲᠤ ᠠᠪᠠᠭ᠎ᠠ ᠨᠤᠲᠤᠭ︾ ᠨᠣᠮ ᠨᠢ ᠦᠶ᠎ᠡ ᠦᠶ᠎ᠡ ᠶᠢᠨ ᠠᠪᠠᠭ᠎ᠠ ᠲᠦᠮᠡᠨ ᠤ ᠰᠡᠳᠭᠢᠯ ᠤᠨ ᠲᠠᠭᠠᠰᠢᠶᠠᠯ ᠪᠣᠯᠬᠤ ᠨᠢ ᠶᠠᠷᠢᠶᠠᠨ ᠦᠭᠡᠢ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号