ᠠᠪᠠᠭ᠎ᠠ ᠬᠤᠰᠢᠭᠤᠨ ᠤ ᠠᠷᠠᠳ ᠤᠨ ᠶᠠᠪᠤᠳᠠᠯ ᠤᠨ ᠲᠣᠪᠴᠢᠶ᠎ᠠ 2024 ᠣᠨ ᠤ 1-6 ᠰᠠᠷ᠎ᠠ ᠶᠢᠨ ᠬᠦᠴᠢᠷᠳᠡᠯᠲᠡᠶ ᠣᠯᠠᠨ ᠲᠦᠮᠡᠨ ᠤ ᠦᠨᠳᠦᠰᠦᠨ ᠠᠮᠢᠳᠤᠷᠠᠯ ᠤᠨ ᠪᠠᠲᠤᠯᠠᠭ᠎ᠠ ᠶᠢᠨ ᠪᠠᠯᠠ ᠮᠥᠩᠭᠦ ᠶᠢ ᠨᠢᠭᠡᠨᠲᠡ ᠲᠠᠷᠬᠠᠭᠠᠪᠠ
ᠨᠡᠶᠢᠲᠡᠯᠡᠭᠰᠡᠨ ᠴᠠᠭ᠄
2024/6/12
   ᠠᠪᠠᠭ᠎ᠠ ᠬᠤᠰᠢᠭᠤᠨ ᠤ ᠠᠷᠠᠳ ᠤᠨ ᠶᠠᠪᠤᠳᠠᠯ ᠤᠨ ᠲᠣᠪᠴᠢᠶ᠎ᠠ ᠨᠡᠶᠢᠭᠡᠮ ᠤᠨ ᠠᠪᠤᠷᠠᠨ ᠲᠤᠰᠠᠯᠠᠬᠤ ᠠᠵᠢᠯ ᠤᠨ ᠲᠣᠭᠲᠠᠴᠠ ᠶᠢ ᠤᠯᠠᠮ ᠨᠢᠭᠡ ᠠᠯᠬᠤᠮ ᠲᠡᠭᠦᠯᠳᠡᠷᠵᠢᠭᠦᠯᠵᠦ᠂ ᠬᠦᠴᠢᠷᠳᠡᠯᠲᠡᠶ ᠣᠯᠠᠨ ᠲᠦᠮᠡᠨ ᠤ ᠠᠪᠤᠷᠠᠨ ᠲᠤᠰᠠᠯᠠᠬᠤ ᠪᠠᠯᠠ ᠮᠥᠩᠭᠦ ᠶᠢ ᠲᠠᠷᠬᠠᠭᠠᠬᠤ ᠳᠤ ᠴᠠᠭ ᠲᠤᠬᠠᠶ ᠳᠤᠨᠢ ᠬᠢᠨᠠᠯᠲᠠ ᠲᠠᠯᠪᠢᠬᠤ ᠪᠠ ᠠᠵᠢᠯ ᠤᠨ ᠲᠣᠬᠢᠷᠠᠭᠤᠯᠤᠯᠲᠠ ᠪᠠᠨ ᠴᠢᠩᠭᠠᠳᠬᠠᠨ᠂ ᠠᠪᠤᠷᠠᠨ ᠲᠤᠰᠠᠯᠠᠬᠤ ᠪᠠᠯᠠ ᠮᠥᠩᠭᠦ ᠶᠢ ᠴᠠᠭ ᠲᠤᠬᠠᠶ ᠳᠤᠨᠢ ᠲᠤᠭ᠎ᠠ ᠶᠣᠰᠣᠭᠠᠷ ᠣᠯᠭᠤᠬᠤ ᠶᠢ ᠪᠠᠲᠤᠯᠠᠪᠠ᠃    ᠨᠢᠭᠡ᠂ ᠬᠤᠳᠠ ᠬᠥᠳᠡᠭᠡ ᠶᠢᠨ ᠠᠮᠢᠳᠤᠷᠠᠯ ᠤᠨ ᠨᠠᠭᠠᠳᠤ ᠵᠠᠬ᠎ᠠ ᠶᠢᠨ ᠪᠠᠲᠤᠯᠠᠭ᠎ᠠ    2024 ᠣᠨ ᠤ 1 ᠰᠠᠷ᠎ᠠ - 6 ᠰᠠᠷ᠎ᠠ ᠳᠤ᠂ ᠪᠥᠬᠦ ᠬᠤᠰᠢᠭᠤᠨ ᠤ ᠬᠤᠲᠠ ᠬᠥᠳᠡᠭᠡ ᠶᠢᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ 890 ᠡᠷᠦᠬᠡ ᠶᠢᠨ 1228 ᠬᠥᠮᠦᠨ ᠤ ᠠᠮᠢᠳᠤᠷᠠᠯ ᠢ ᠪᠠᠲᠤᠯᠠᠵᠤ᠂ ᠬᠤᠲᠠ ᠬᠥᠳᠡᠭᠡ ᠶᠢᠨ ᠨᠠᠭᠠᠳᠤ ᠵᠠᠬ᠎ᠠ ᠶᠢᠨ ᠪᠠᠲᠤᠯᠠᠭ᠎ᠠ ᠶᠢᠨ ᠪᠠᠯᠠ ᠮᠥᠩᠭᠦ ᠶᠢ ᠨᠡᠶᠢᠲᠡ 453.4880 ᠲᠦᠮᠡᠨ ᠲᠥᠭᠦᠷᠢᠭ ᠲᠠᠷᠬᠠᠭᠠᠪᠠ᠃    6 ᠰᠠᠷ᠎ᠠ ᠳᠤ ᠬᠤᠲᠠ ᠪᠠᠯᠭᠠᠰᠤᠨ ᠤ 538 ᠡᠷᠦᠬᠡ ᠶᠢᠨ 729 ᠬᠥᠮᠦᠨ ᠳᠤ 47.5656 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠪᠠ᠂ ᠮᠠᠯᠵᠢᠬᠤ ᠣᠷᠣᠨ ᠤ 352 ᠡᠷᠦᠬᠡ ᠶᠢᠨ 499 ᠬᠥᠮᠦᠨ ᠳᠤ 27.3433 ᠲᠦᠮᠡᠨ ᠲᠥᠭᠦᠷᠢᠭ ᠤᠨ ᠪᠡᠯᠡ ᠮᠦᠩᠭᠦ ᠶᠢ ᠲᠠᠷᠬᠠᠭᠠᠪᠠ᠃    ᠬᠤᠶᠠᠷ᠂ ᠣᠨᠴᠠ ᠬᠦᠴᠢᠷᠳᠡᠯᠲᠡᠶ ᠬᠥᠮᠦᠰ ᠤᠨ ᠠᠪᠤᠷᠠᠨ ᠳᠤᠰᠠᠯᠠᠯᠲᠠ    1 - 6 ᠰᠠᠷ᠎ᠠ ᠶᠢᠨ ᠣᠨᠴᠠ ᠬᠦᠴᠢᠷᠳᠡᠯᠲᠡᠶ 85 ᠬᠥᠮᠦᠰ ᠤᠨ ᠣᠨᠴᠠ ᠬᠦᠴᠢᠷᠳᠡᠯᠲᠡᠶ ᠬᠥᠮᠦᠰ ᠢ ᠠᠪᠤᠷᠠᠨ ᠲᠤᠰᠠᠯᠠᠬᠤ ᠪᠠᠯᠠ ᠮᠥᠩᠭᠦ ᠶᠢ ᠨᠡᠶᠢᠲᠡ 82.3485 ᠲᠦᠮᠡᠨ ᠲᠥᠭᠦᠷᠢᠭ ᠲᠠᠷᠬᠠᠭᠠᠪᠠ᠂ ᠡᠭᠦᠨ ᠳᠤ᠄ ᠦᠨᠳᠦᠰᠦᠨ ᠠᠮᠢᠳᠤᠷᠠᠯ ᠤᠨ ᠨᠥᠬᠦᠪᠥᠷᠢ ᠶᠢᠨ ᠪᠠᠯᠠ ᠮᠥᠩᠭᠦ 67.456 ᠲᠦᠮᠡᠨ ᠲᠥᠭᠦᠷᠢᠭ᠂ ᠬᠠᠷᠠᠭᠠᠯᠵᠠᠨ ᠰᠤᠪᠢᠯᠠᠬᠤ ᠨᠥᠬᠦᠪᠥᠷᠢ 14.8925 ᠲᠦᠮᠡᠨ ᠲᠥᠭᠦᠷᠢᠭ᠃    6 ᠳ᠋ᠤᠭᠠᠷ ᠰᠠᠷ᠎ᠠ ᠶᠢᠨ ᠲᠤᠰ ᠰᠠᠷ᠎ᠠ ᠳᠤ ᠬᠤᠲᠠ ᠶᠢᠨ ᠣᠨᠴᠠ ᠬᠦᠴᠢᠷᠳᠡᠯᠲᠡᠶ 42 ᠬᠥᠮᠦᠨ ᠳᠤ 5.712 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠪᠠ︔ ᠬᠥᠳᠡᠭᠡ ᠲᠣᠰᠬᠤᠨ ᠤ ᠣᠨᠴᠠ ᠬᠦᠴᠢᠷᠳᠡᠯᠲᠡᠶ 43 ᠬᠥᠮᠦᠨ ᠳᠤ 5.848 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠪᠠ︔ 34 ᠬᠥᠮᠦᠨ ᠳᠤ 2.627 ᠲᠦᠮᠡᠨ ᠲᠥᠭᠦᠷᠢᠭ ᠤᠨ ᠠᠰᠠᠷᠠᠨ ᠰᠤᠪᠢᠯᠠᠬᠤ ᠨᠥᠬᠦᠪᠥᠷᠢ ᠲᠠᠷᠬᠠᠭᠠᠪᠠ᠃    ᠭᠤᠷᠪᠠ᠂ ᠬᠡᠦᠬᠡᠳ ᠤᠨ ᠠᠰᠠᠷᠠᠮᠵᠢ    1 - 6 ᠰᠠᠷ᠎ᠠ ᠳᠤ᠂ ᠪᠥᠬᠦ ᠬᠤᠰᠢᠭᠤᠨ ᠳᠤ ᠨᠡᠶᠢᠲᠡ 2 ᠥᠨᠥᠴᠢᠨ ᠬᠡᠤᠬᠡᠳ ᠤᠨ ᠠᠮᠢᠳᠤᠷᠠᠯ ᠢ ᠪᠠᠲᠤᠯᠠᠵᠤ᠂ 2.3916 ᠲᠦᠮᠡᠨ ᠲᠥᠭᠦᠷᠢᠭ ᠤᠨ ᠠᠰᠠᠷᠠᠨ ᠲᠡᠵᠢᠭᠡᠬᠦ ᠮᠥᠩᠭᠦ ᠣᠯᠭᠤᠪᠠ︔ ᠠᠰᠠᠷᠠᠨ ᠲᠡᠵᠢᠭᠡᠬᠦ ᠬᠥᠮᠦᠨ ᠥᠬᠡᠶ ᠬᠡᠤᠬᠡᠳ 5 ᠲᠤ ᠦᠨᠳᠦᠰᠦᠨ ᠠᠮᠢᠳᠤᠷᠠᠯ ᠤᠨ ᠨᠥᠬᠦᠪᠥᠷᠢ ᠶᠢ 4.5162 ᠲᠦᠮᠡᠨ ᠲᠥᠭᠦᠷᠢᠭ ᠲᠠᠷᠬᠠᠭᠠᠪᠠ︔ ᠥᠨᠥᠴᠢᠨ ᠬᠡᠤᠬᠡᠳ ᠤᠨ ᠰᠤᠷᠭᠠᠭᠤᠯᠢ ᠳᠤ ᠪᠠᠶᠢᠭ᠎ᠠ 1 ᠣᠶᠤᠲᠠᠨ ᠳᠤ ︽ᠵᠣᠯ ᠵᠢᠷᠭᠠᠯᠲᠤ ᠬᠦᠰᠡᠯ ᠵᠡᠭᠦᠳᠦ ᠪᠠᠨ ᠲᠡᠷᠭᠡᠯᠰᠢᠭᠦᠯᠬᠦ · ᠥᠨᠥᠴᠢᠨ ᠬᠡᠤᠬᠡᠳ ᠤᠨ ᠰᠤᠷᠤᠯᠭ᠎ᠠ ᠶᠢ ᠲᠡᠳᠬᠦᠬᠦ ᠢᠨᠵᠧᠨᠧᠷᠢᠩ︾ ᠤᠨ ᠰᠤᠷᠤᠯᠭ᠎ᠠ ᠶᠢ ᠲᠡᠳᠬᠦᠬᠦ ᠨᠥᠬᠦᠪᠥᠷᠢ ᠮᠥᠩᠭᠦ 0.5 ᠲᠦᠮᠡᠨ ᠲᠥᠭᠦᠷᠢᠭ ᠲᠠᠷᠬᠠᠭᠠᠬᠤ ᠶᠢ ᠪᠠᠲᠤᠯᠠᠪᠠ᠃    6 ᠳ᠋ᠤᠭᠠᠷ ᠰᠠᠷ᠎ᠠ ᠶᠢᠨ ᠲᠣᠰ ᠰᠠᠷ᠎ᠠ ᠳᠤ ᠥᠨᠥᠴᠢᠨ ᠬᠡᠤᠬᠡᠳ ᠢ ᠠᠰᠠᠷᠠᠨ ᠲᠡᠵᠢᠭᠡᠬᠦ ᠮᠥᠩᠭᠦ ᠶᠢ 0.3986 ᠲᠦᠮᠡᠨ ᠲᠥᠭᠦᠷᠢᠭ ᠲᠠᠷᠬᠠᠭᠠᠵᠤ᠂ 2 ᠬᠡᠣᠬᠡᠳ ᠤᠨ ᠠᠮᠢᠳᠤᠷᠠᠯ ᠢ ᠪᠠᠲᠤᠯᠠᠪᠠ︔ ᠪᠣᠳᠠᠲᠠᠶ ᠠᠰᠠᠷᠠᠨ ᠲᠡᠵᠢᠭᠡᠬᠦ ᠬᠥᠮᠦᠨ ᠦᠭᠡᠢ ᠬᠡᠤᠬᠡᠳ ᠤᠨ ᠦᠨᠳᠦᠰᠦᠨ ᠠᠮᠢᠳᠤᠷᠠᠯ ᠤᠨ ᠨᠥᠬᠦᠪᠥᠷᠢ ᠨᠢ 0.7527 ᠲᠦᠮᠡᠨ ᠲᠥᠭᠦᠷᠢᠭ ᠪᠠᠶᠢᠵᠤ᠂ 5 ᠬᠥᠮᠦᠨ ᠢ ᠪᠠᠲᠤᠯᠠᠪᠠ︔ ᠥᠨᠥᠴᠢᠨ ᠬᠡᠤᠬᠡᠳ ᠤᠨ ᠰᠤᠷᠭᠠᠭᠤᠯᠢ ᠳᠤ ᠪᠠᠶᠢᠭ᠎ᠠ 1ᠣᠶᠤᠲᠠᠨ ᠳᠤ ︽ᠵᠣᠯ ᠵᠢᠷᠭᠠᠯᠲᠤ ᠬᠦᠰᠡᠯ ᠵᠡᠭᠦᠳᠦ ᠪᠠᠨ ᠲᠡᠷᠭᠡᠯᠰᠢᠭᠦᠯᠬᠦ · ᠥᠨᠥᠴᠢᠨ ᠬᠡᠤᠬᠡᠳ ᠤᠨ ᠰᠤᠷᠤᠯᠭ᠎ᠠ ᠶᠢ ᠲᠡᠳᠬᠦᠬᠦ ᠢᠨᠵᠧᠨᠧᠷᠢᠩ︾ ᠤᠨ ᠰᠤᠷᠤᠯᠭ᠎ᠠ ᠶᠢ ᠲᠡᠳᠬᠦᠬᠦ ᠨᠥᠬᠦᠪᠥᠷᠢ ᠮᠥᠩᠭᠦ 0.125 ᠲᠦᠮᠡᠨ ᠲᠥᠭᠦᠷᠢᠭ ᠲᠠᠷᠬᠠᠭᠠᠪᠠ᠃    ᠳᠥᠷᠪᠡ᠂ ᠲᠦᠷ ᠴᠠᠭ ᠤᠨ ᠠᠪᠤᠷᠠᠨ ᠲᠤᠰᠠᠯᠠᠯᠲᠠ    ᠲᠦᠷ ᠴᠠᠭ ᠤᠨ ᠠᠪᠤᠷᠠᠨ ᠳᠤᠰᠠᠯᠠᠯᠲᠠ ᠳᠤ 46 ᠬᠥᠮᠦᠨ ᠤᠳᠠᠭ᠎ᠠ 13.9687 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠪᠠ᠃    ᠲᠠᠪᠤ᠂ ᠵᠡᠮᠳᠡᠭᠴᠦᠳ ᠤᠨ ᠬᠤᠶᠠᠷ ᠵᠦᠢᠯ ᠤᠨ ᠨᠥᠬᠦᠪᠦᠷᠢ    1 - 6 ᠰᠠᠷ᠎ᠠ ᠶᠢᠨ 61.27 ᠲᠦᠮᠡᠨ ᠲᠥᠭᠦᠷᠢᠭ ᠤᠨ ᠵᠡᠮᠳᠡᠭᠴᠦᠳ ᠤᠨ ᠬᠤᠶᠠᠷ ᠵᠦᠢᠯ ᠤᠨ ᠨᠥᠬᠦᠪᠥᠷᠢ ᠶᠢᠨ ᠪᠠᠯᠠ ᠮᠥᠩᠭᠦ ᠶᠢ ᠨᠢᠭᠡᠨᠲᠡ ᠲᠠᠷᠬᠠᠭᠠᠵᠤ᠂ ᠪᠠᠲᠤᠯᠠᠭ᠎ᠠ ᠶᠢᠨ ᠬᠡᠪᠴᠢᠶ᠎ᠡ 1014 ᠬᠥᠮᠦᠨ ︵ᠡᠭᠦᠨ ᠳᠤ ᠬᠦᠴᠢᠷᠳᠡᠯᠲᠡᠶ ᠵᠡᠮᠳᠡᠭᠴᠦᠳ ᠤᠨ ᠠᠮᠢᠳᠤᠷᠠᠯ ᠤᠨ ᠨᠥᠬᠦᠪᠥᠷᠢ ᠳᠤ 23.22 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠵᠤ᠂ ᠪᠠᠲᠤᠯᠠᠭ᠎ᠠ ᠶᠢᠨ ᠬᠡᠪᠴᠢᠶ᠎ᠡ 384 ᠬᠥᠮᠦᠨ︔ ᠬᠦᠨᠳᠦ ᠵᠡᠮᠳᠡᠭᠴᠦᠳ ᠤᠨ ᠰᠤᠪᠢᠯᠠᠯᠲᠠ ᠶᠢᠨ ᠨᠥᠬᠦᠪᠥᠷᠢ 38.05 ᠲᠦᠮᠡᠨ ᠲᠥᠭᠦᠷᠢᠭ ᠤᠨ ᠪᠠᠯᠠ ᠮᠥᠩᠭᠦ ᠲᠠᠷᠬᠠᠭᠠᠵᠤ᠂ ᠪᠠᠲᠤᠯᠠᠭ᠎ᠠ ᠶᠢᠨ ᠬᠡᠪᠴᠢᠶ᠎ᠡ 630 ᠬᠥᠮᠦᠨ︶᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号