ᠪᠦᠬᠦ ᠠᠶᠢᠮᠠᠭ ᠤᠨ ᠠᠵᠤ ᠦᠢᠯᠡᠰ ᠢᠶᠠᠷ ᠵᠡᠮᠳᠡᠭᠴᠦᠳ ᠢ ᠲᠤᠰᠠᠯᠠᠬᠤ ᠲᠥᠷᠥᠯ ᠵᠦᠢᠯ ᠤᠨ ᠲᠣᠭᠤᠷᠢᠨ ᠰᠤᠷᠤᠯᠴᠠᠬᠤ ᠬᠤᠷᠠᠯ ᠠᠪᠠᠭ᠎ᠠ ᠬᠤᠰᠢᠭᠤᠨ ᠳᠤ ᠬᠤᠷᠠᠯᠳᠤᠪᠠ
ᠨᠡᠶᠢᠲᠡᠯᠡᠭᠰᠡᠨ ᠴᠠᠭ᠄
2024/5/22
     5 ᠰᠠᠷ᠎ᠠ ᠶᠢᠨ 15 ᠤ ᠡᠳᠦᠷ᠂ ᠪᠥᠬᠦ ᠠᠶᠢᠮᠠᠭ ᠤᠨ ᠠᠵᠤ ᠦᠢᠯᠡᠰ ᠢᠶᠠᠷ ᠵᠡᠮᠳᠡᠭᠴᠦᠳ ᠢ ᠲᠤᠰᠠᠯᠠᠬᠤ ᠲᠥᠷᠥᠯ ᠵᠦᠢᠯ ᠤᠨ ᠲᠣᠭᠤᠷᠢᠨ ᠰᠤᠷᠤᠯᠴᠠᠬᠤ ᠬᠤᠷᠠᠯ ᠠᠪᠠᠭ᠎ᠠ ᠬᠤᠰᠢᠭᠤᠨ ᠳᠤ ᠬᠤᠷᠠᠯᠳᠤᠵᠤ᠂ ︽ᠠᠵᠤ ᠦᠢᠯᠡᠰ+ ᠠᠵᠢᠯ ᠣᠯᠭᠤᠬᠤ︾ ᠲᠥᠷᠥᠯ ᠵᠦᠢᠯ ᠤᠨ ᠦᠷ᠎ᠡ ᠪᠦᠲᠦᠮᠵᠢ ᠶᠢ ᠬᠤᠪᠢᠶᠠᠯᠴᠠᠨ ᠰᠠᠨᠠᠯ ᠢᠶᠠᠨ ᠰᠤᠯᠢᠯᠴᠠᠪᠠ᠃      ᠲᠣᠭᠤᠷᠢᠨ ᠰᠤᠷᠤᠯᠴᠠᠬᠤ ᠳᠤᠭᠤᠶᠢᠯᠠᠩ ᠤᠨ ᠬᠢᠨ ᠤᠷᠢᠳ ᠬᠤᠵᠢᠳ ᠵᠤᠤ ᠹᠦ᠋ ᠠᠵᠤ ᠠᠬᠤᠢ ᠠᠷᠠᠯᠵᠢᠶᠠᠨ ᠤ ᠬᠢᠵᠠᠭᠠᠷᠲᠤ ᠬᠠᠷᠢᠭᠤᠴᠠᠯᠭᠠᠲᠤ ᠺᠣᠮᠫᠠᠨᠢ ᠪᠣᠯᠤᠨ ᠶᠡᠬᠡᠭᠤᠣᠯ ᠰᠤᠮᠤᠨ ᠤ ᠪᠣᠯᠠᠭᠠᠬᠤᠪᠤᠭ᠎ᠠ ᠭᠠᠴᠠᠭᠠᠨ ᠤ ᠳᠤᠮᠳᠠ ᠰᠢᠯᠢ ᠮᠠᠯ ᠠᠵᠤ ᠠᠬᠤᠢ ᠶᠢᠨ ᠬᠥᠭᠵᠢᠯᠲᠡ ᠶᠢᠨ ᠲᠤᠰᠬᠠᠢ ᠬᠤᠷᠰᠢᠶᠠᠵᠢᠯ ᠳᠤ ᠬᠦᠷᠴᠦ ᠲᠤᠭᠤᠷᠢᠨ ᠦᠵᠡᠪᠡ᠃ ᠠᠵᠤ ᠠᠬᠤᠶᠢᠯᠠᠯ ᠤᠨ ᠵᠡᠮᠳᠡᠭᠴᠦᠳ ᠢ ᠲᠤᠰᠠᠯᠠᠬᠤ ᠠᠵᠢᠯ ᠤᠨ ᠪᠠᠶᠢᠷᠢ ᠶᠢᠨ ᠪᠠᠶᠢᠳᠠᠯ ᠢ ᠲᠤᠬᠠᠶ ᠶᠢᠨ ᠭᠠᠵᠠᠷ ᠲᠤᠨᠢ ᠲᠤᠭᠤᠷᠢᠨ ᠦᠵᠡᠵᠦ᠂ ᠠᠵᠤ ᠠᠬᠤᠶᠢᠯᠠᠯ ᠤᠨ ᠬᠠᠷᠢᠭᠤᠴᠠᠯᠭᠠᠲᠠᠨ ᠲᠠᠢ ᠭᠦᠨᠵᠡᠭᠡᠶ ᠰᠤᠳᠤᠯᠤᠨ ᠶᠠᠷᠢᠯᠴᠠᠵᠤ᠂ ︽ᠠᠵᠤ ᠦᠢᠯᠡᠰ+ ᠠᠵᠢᠯ ᠣᠯᠭᠤᠬᠤ︾ ᠵᠡᠮᠳᠡᠭᠴᠦᠳ ᠢ ᠲᠤᠰᠠᠯᠠᠬᠤ ᠵᠠᠭᠪᠤᠷ ᠤᠨ ᠲᠤᠷᠰᠢᠯᠲᠠ ᠶᠢᠨ ᠴᠡᠭ ᠤᠨ ᠠᠵᠢᠯ ᠢ ᠨᠠᠷᠢᠨ ᠣᠶᠢᠯᠠᠭᠠᠪᠠ᠃      ᠮᠠᠨ ᠤ ᠬᠤᠰᠢᠭᠤᠨ ᠤ ᠵᠡᠮᠳᠡᠭᠴᠦᠳ ᠤᠨ ︽ᠠᠵᠤ ᠦᠢᠯᠡᠰ+ ᠠᠵᠢᠯ ᠣᠯᠭᠤᠬᠤ︾ ᠲᠥᠷᠥᠯ ᠵᠦᠢᠯ ᠤᠨ ᠲᠤᠬᠠᠶ ᠠᠵᠢᠯ ᠤᠨ ᠬᠠᠷᠢᠭᠤ ᠮᠡᠳᠡᠭᠦᠯᠦᠯᠲᠡ ᠶᠢ ᠰᠣᠨᠣᠰᠤᠭᠰᠠᠨ ᠤ ᠳᠠᠷᠠᠭ᠎ᠠ᠂ ᠲᠣᠭᠤᠷᠢᠨ ᠦᠵᠡᠬᠦ ᠳᠤᠭᠤᠶᠢᠯᠠᠩ ᠤᠨ ᠬᠢᠨ ᠮᠠᠨ ᠤ ᠬᠤᠰᠢᠭᠤᠨ ᠤ ︽ᠠᠵᠤ ᠦᠢᠯᠡᠰ+ ᠠᠵᠢᠯ ᠣᠯᠭᠤᠬᠤ︾ ᠵᠡᠮᠳᠡᠭᠴᠦᠳ ᠢ ᠲᠤᠰᠠᠯᠠᠬᠤ ᠵᠠᠭᠪᠤᠷ ᠢ ᠳᠡᠭᠡᠳᠦ ᠬᠡᠮᠵᠢᠶ᠎ᠡ ᠪᠠᠷ ᠦᠨᠡᠯᠡᠵᠦ᠂ ᠲᠡᠷᠡᠴᠢᠯᠡᠨ ᠵᠡᠮᠳᠡᠭᠴᠦᠳ ᠤᠨ ᠡᠷᠬᠡ ᠪᠠᠨ ᠬᠠᠮᠠᠭᠠᠯᠠᠬᠤ᠂ ᠵᠡᠮᠳᠡᠭᠴᠦᠳ ᠲᠤ ᠠᠰᠢᠭ ᠬᠦᠷᠲᠡᠭᠡᠬᠦ ᠪᠡᠯᠡ ᠮᠥᠩᠭᠦ ᠶᠢ ᠨᠠᠶᠢᠳᠠᠪᠤᠷᠢᠵᠢᠭᠤᠯᠬᠤ᠂ ᠲᠦᠷᠦ ᠶᠢᠨ ᠪᠤᠳᠤᠯᠭ᠎ᠠ ᠶᠢ ᠬᠡᠷᠡᠭᠵᠢᠭᠦᠯᠦᠭᠰᠡᠨ ᠪᠠᠶᠢᠳᠠᠯ ᠵᠡᠷᠭᠡ ᠲᠠᠯ᠎ᠠ ᠪᠠᠷ ᠨᠠᠷᠢᠨ ᠣᠶᠢᠯᠠᠭᠠᠵᠤ ᠰᠠᠨᠠᠯ ᠢᠶᠠᠨ ᠰᠣᠯᠢᠯᠴᠠᠵᠠᠢ᠃ ᠵᠠᠯᠭᠠᠭᠠᠳ᠂ ᠮᠠᠨ ᠤ ᠬᠤᠰᠢᠭᠤ ᠵᠡᠮᠳᠡᠭᠴᠦᠳ ᠤᠨ ᠦᠨᠳᠦᠰᠦᠨ ᠱᠠᠲᠤᠨ ᠤ ᠵᠣᠬᠢᠶᠠᠨ ᠪᠠᠶᠢᠭᠤᠯᠤᠯᠲᠠ ᠶᠢᠨ ᠪᠠᠲᠤᠯᠠᠭ᠎ᠠ᠂ ᠪᠠᠯᠠ ᠮᠥᠩᠭᠦ ᠶᠢᠨ ᠲᠥᠷᠥ ᠶᠢᠨ ᠪᠣᠳᠣᠯᠭ᠎ᠠ ᠶᠢᠨ ᠨᠠᠶᠢᠳᠠᠪᠤᠷᠢᠵᠢᠭᠤᠯᠤᠯᠲᠠ ᠵᠡᠷᠭᠡ ᠲᠠᠯ᠎ᠠ ᠪᠠᠷ ᠦᠷᠭᠦᠯᠵᠢᠯᠡᠨ ᠡᠷᠴᠢᠮ ᠢᠶᠠᠨ ᠴᠢᠩᠭᠠᠷᠠᠭᠤᠯᠵᠤ᠂ ᠪᠥᠬᠦ ᠬᠤᠰᠢᠭᠤᠨ ᠤ ᠵᠡᠮᠳᠡᠭᠴᠦᠳ ᠤᠨ ᠦᠢᠯᠡᠰ ᠤᠨ ᠴᠢᠨᠠᠷ ᠰᠠᠶᠢᠲᠠᠶ ᠬᠥᠭᠵᠢᠯᠲᠡ ᠶᠢ ᠪᠥᠬᠦ ᠬᠦᠴᠦᠨ ᠢᠶᠠᠷ ᠢᠶᠠᠨ ᠠᠬᠢᠭᠤᠯᠤᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号