ᠮᠠᠯᠴᠢᠨ ᠨᠠᠰᠤᠨᠭᠡᠷᠡᠯ ᠤᠨ ᠡᠯᠡᠰᠦ ᠵᠠᠰᠠᠭᠰᠠᠨ 25 ᠵᠢᠯ ᠤᠨ ᠳᠤᠷᠰᠢᠴᠠ
ᠨᠡᠶᠢᠲᠡᠯᠡᠭᠰᠡᠨ ᠴᠠᠭ᠄
2024/4/29
     ᠬᠠᠮᠤᠭ ᠪᠣᠳᠠᠰ ᠠᠮᠢᠯᠠᠭᠰᠠᠨ ᠣᠷᠢᠬᠠᠨ ᠰᠠᠯᠬᠢᠨ ᠤ ᠢᠯᠪᠢᠭᠡᠨ ᠲᠠᠢ ᠬᠠᠪᠤᠷ ᠤᠨ 4 ᠰᠠᠷ᠎ᠠ ᠶᠢᠨ ᠨᠢᠭᠡᠨ ᠰᠠᠶᠢᠠᠬᠨ ᠡᠳᠦᠷ ᠰᠤᠷᠪᠣᠯᠵᠢᠯᠠᠭᠴᠢ ᠠᠪᠠᠭ᠎ᠠ ᠬᠤᠰᠢᠭᠤᠨ ᠤ ᠪᠡᠯᠭᠦᠳᠡᠢ ᠪᠠᠯᠠᠭᠠᠰᠣᠨ ᠠᠴᠠ ᠡᠮᠦᠨᠡᠰᠢ 143 ᠺᠢᠯᠦᠮᠧᠲᠷ ᠵᠠᠶᠢᠲᠠᠢ ᠬᠤᠯᠠᠨ ᠰᠢᠷᠭ᠎ᠠ ᠳᠠᠭ᠎ᠠ ᠶᠢᠨ ᠡᠯᠡᠰᠦᠷᠬᠡᠭ ᠭᠠᠵᠠᠷ ᠤᠨ ᠬᠤᠶᠢᠳᠤ ᠵᠠᠬ᠎ᠠ ᠪᠠᠷ ᠪᠠᠶᠢᠷᠢᠯᠠᠵᠤ ᠪᠠᠶᠢᠳᠠᠭ ᠬᠤᠩᠭᠤᠷᠭᠤᠣᠯ ᠪᠠᠯᠭᠠᠰᠣᠨ ᠤ ᠰᠠᠷᠠᠭᠤᠯᠳᠤᠶᠠᠭ᠎ᠠ ᠭᠠᠴᠠᠭᠠᠨ ᠤ ᠮᠠᠯᠴᠢᠨ ᠨᠠᠰᠤᠨᠭᠡᠷᠡᠯ ᠤᠨ ᠬᠢᠨ ᠳᠤ ᠬᠦᠷᠴᠦ ᠪᠢᠯᠡ᠃ ᠥᠨᠦ ᠵᠢᠯ 51 ᠨᠠᠰᠦ ᠶᠢ ᠲᠦᠷᠦᠭᠡᠯᠡᠵᠦ ᠶᠠᠪᠤᠭ᠎ᠠ ᠨᠠᠰᠤᠨᠭᠡᠷᠡᠯ ᠪᠣᠯ ᠮᠠᠩᠬᠠᠨ ᠨᠣᠳᠤᠭ ᠢᠶᠠᠨ ᠨᠤᠭᠤᠭᠠᠷᠠᠭᠤᠯᠬᠤ ᠬᠡᠮᠡᠨ 25 ᠵᠢᠯ ᠮᠡᠷᠡᠶᠢᠵᠦ᠂ ᠠᠮᠵᠢᠯᠲᠠ ᠶᠢᠨ ᠲᠠᠭᠤᠨ ᠢ ᠪᠢᠴᠢᠭᠯᠡᠵᠦ ᠶᠠᠪᠤᠭ᠎ᠠ ᠮᠠᠯᠴᠢᠨ ᠶᠤᠮ᠃      ᠬᠤᠷᠢᠳᠤᠭᠠᠷ ᠵᠠᠭᠤᠨ ᠤ ᠶᠡᠷᠡᠭᠡᠳ ᠣᠨ ᠳᠤ᠂ ᠪᠠᠶᠢᠭᠠᠯᠢ ᠶᠢᠨ ᠨᠦᠬᠦᠴᠡᠯ ᠠᠴᠠ ᠪᠣᠯᠵᠤ᠂ ᠠᠳᠡᠬᠢ ᠠᠮᠢ ᠠᠬᠤᠢ ᠮᠠᠰᠢ ᠬᠡᠪᠡᠷᠡᠭ ᠪᠠᠶᠢᠵᠤ᠂ ᠨᠣᠳᠤᠭ ᠪᠡᠯᠴᠢᠭᠡᠷ ᠡᠯᠡᠰᠦᠷᠬᠡᠭᠵᠢᠨ᠂ ᠣᠷᠭᠤᠮᠠᠯ ᠤᠨ ᠬᠤᠴᠢᠯᠭ᠎ᠠ ᠣᠯᠠᠮ ᠠᠴᠠ ᠣᠯᠠᠮ ᠮᠠᠭᠤᠳᠠᠵᠤ ᠢᠷᠡᠵᠡᠢ᠃ ᠨᠠᠰᠤᠨᠭᠡᠷᠡᠯ ᠤᠨ ᠬᠢᠨ 4500 ᠮᠦ ᠨᠣᠳᠤᠭ ᠲᠠᠢ᠃ ᠡᠶᠢᠨᠬᠦ ᠮᠠᠯᠴᠢᠨ ᠬᠦᠮᠦᠨ ᠤ ᠠᠮᠢᠨ ᠲᠡᠵᠢᠭᠡᠯ ᠪᠣᠯᠣᠭᠰᠠᠨ ᠨᠣᠳᠤᠭ ᠪᠡᠯᠴᠢᠭᠡᠷ ᠢᠶᠠᠨ ᠬᠠᠮᠠᠭᠠᠯᠠᠬᠤ ᠬᠡᠮᠡᠨ ᠡᠳᠡᠨᠡᠶᠢᠬᠢᠨ 1999 ᠣᠨ ᠠᠴᠠ ᠡᠬᠢᠯᠡᠨ ᠡᠯᠡᠰᠦᠷᠬᠡᠭᠵᠢᠭᠰᠡᠨ ᠨᠣᠳᠤᠭ ᠲᠡᠭᠡᠷ᠎ᠡ ᠪᠠᠨ ᠰᠢᠷ᠎ᠠ ᠪᠣᠷᠭᠠᠰᠤ᠂ ᠣᠯᠠᠭᠠᠨ ᠪᠤᠷᠭᠠᠰᠤ᠂ ᠨᠠᠶᠢᠯᠵᠠᠭᠤᠷ ᠬᠠᠷᠭᠠᠨ᠎ᠠ ᠵᠡᠷᠭᠡ ᠡᠯᠡᠰᠦᠷᠬᠡᠭᠵᠢᠬᠦ ᠶᠢ ᠰᠡᠷᠭᠡᠶᠢᠯᠡᠵᠦ ᠡᠯᠡᠰᠦ ᠶᠢ ᠲᠤᠭᠲᠠᠪᠤᠷᠢᠵᠢᠭᠤᠯᠬᠤ ᠤᠷᠭᠤᠮᠠᠯ ᠢ ᠲᠠᠷᠢᠵᠤ ᠡᠬᠢᠯᠡᠵᠡᠢ᠃ ᠣᠳᠣ ᠪᠣᠯᠬᠤ ᠳᠤ ᠨᠠᠰᠤᠨᠭᠡᠷᠡᠯ ᠤᠨ ᠨᠣᠳᠤᠭ ᠲᠠᠬᠢ ᠭᠦᠯᠢᠭᠡᠨ ᠮᠠᠩᠬ᠎ᠠ ᠨᠢ ︽ᠨᠤᠭᠤᠭᠠᠨ ᠪᠦᠷᠢᠳᠦ︾ ᠪᠣᠯᠣᠨ ᠰᠡᠷᠭᠦᠵᠦ᠂ ᠲᠡᠭᠦᠨ ᠤ 25 ᠵᠢᠯ ᠤᠨ ᠪᠠᠷᠢᠮᠲᠠᠯᠠᠯ ᠬᠢᠭᠡᠳ ᠬᠦᠳᠡᠯᠮᠦᠷᠢ ᠶᠢᠨ ᠬᠢᠨᠢ ᠪᠠᠲᠤ ᠭᠡᠷᠡᠴᠢᠯᠡᠯ ᠪᠣᠯᠵᠤ ᠲᠤᠳᠤᠷᠠᠨ᠎ᠠ᠃       ︽ᠬᠤᠷᠢᠭᠠᠳ ᠵᠢᠯ ᠡᠯᠡᠰᠦ ᠶᠢ ᠵᠠᠰᠠᠭᠰᠠᠨ ᠦᠷ᠎ᠡ ᠪᠦᠳᠦᠮᠵᠢ ᠮᠠᠨᠢ ᠨᠡᠯᠢᠶᠡᠳ ᠢᠯᠡᠷᠬᠡᠢ ᠪᠣᠯᠣᠭᠰᠠᠨ᠂ ᠠᠳᠡ ᠣᠣᠯ ᠨᠢ ᠭᠦᠯᠢᠬᠡᠨ ᠮᠠᠩᠬ᠎ᠠ ᠪᠠᠶᠢᠭᠰᠠᠨ᠂ ᠬᠠᠨᠢ ᠪᠢᠳᠡ ᠬᠤᠶᠠᠭᠤᠯᠠ ᠣᠳᠠᠭᠠᠨ ᠵᠢᠯ ᠤᠨ ᠳᠤᠷᠰᠢ ᠰᠢᠷ᠎ᠠ ᠪᠣᠷᠭᠠᠰᠣ ᠲᠠᠷᠢᠵᠤ ᠪᠠᠶᠢᠭᠠᠳ ᠰᠡᠷᠭᠦᠭᠡᠵᠦ ᠠᠪᠤᠭᠰᠠᠨ ᠰᠢᠦ︾ ᠭᠡᠵᠦ ᠨᠠᠰᠤᠨᠭᠡᠷᠡᠯ ᠰᠡᠯᠬᠢᠨ ᠤ ᠠᠶ᠎ᠠ ᠪᠠᠷ ᠨᠠᠶᠢᠯᠵᠠᠬᠤ ᠨᠡᠯᠢᠶᠡᠳ ᠶᠡᠭᠡ ᠬᠡᠪᠴᠢᠶ᠎ᠡ ᠲᠠᠢ ᠪᠤᠷᠭᠠᠰᠤ ᠶᠢ ᠵᠢᠭᠠᠵᠤ ᠪᠠᠶᠠᠷ ᠲᠠᠢ ᠤᠴᠢᠷᠯᠠᠨ᠎ᠠ᠃      ᠨᠠᠰᠤᠨᠭᠡᠷᠡᠯ ᠤᠨ ᠬᠢᠨ ᠠᠮᠠ ᠪᠦᠯᠢ ᠲᠦᠷᠪᠡᠭᠦᠯᠡ ᠪᠠᠶᠢᠵᠤ᠂ ᠵᠢᠯ ᠪᠦᠷᠢ ᠶᠢᠨ ᠬᠠᠪᠤᠷ ᠨᠠᠮᠤᠷ ᠤᠨ ᠣᠯᠠᠷᠢᠯ ᠢᠶᠠᠷ ᠲᠤᠰᠬᠠᠢ ᠰᠢᠯᠢ ᠶᠢᠨ ᠬᠤᠲᠠ ᠠᠴᠠ ᠵᠢᠮᠢᠰ ᠤᠨ ᠮᠣᠳᠣ᠂ ᠨᠠᠶᠢᠯᠵᠠᠭᠤᠷ ᠬᠠᠷᠭᠠᠨ᠎ᠠ ᠵᠡᠷᠭᠡ ᠡᠯᠡᠰᠦ ᠶᠢ ᠲᠤᠭᠲᠠᠪᠤᠷᠢᠵᠢᠭᠤᠯᠬᠤ ᠣᠷᠭᠤᠮᠠᠯ ᠬᠤᠳᠠᠯᠳᠤᠨ ᠠᠪᠴᠦ ᠲᠠᠷᠢᠳᠠᠭ᠃ ᠠᠩᠬ᠎ᠠ ᠡᠬᠢᠨ ᠳᠤ ᠪᠠᠨ ᠰᠢᠷ᠎ᠠ ᠪᠤᠷᠭᠠᠰᠤ᠂ ᠣᠯᠠᠭᠠᠨ ᠪᠣᠷᠭᠠᠰᠤ ᠭᠤᠣᠯᠲᠠᠢ ᠲᠠᠷᠢᠵᠤ ᠪᠠᠶᠢᠭᠰᠠᠨ ᠢᠶᠠᠨ 2016 ᠣᠨ ᠠᠴᠠ ᠣᠯᠢᠶᠠᠰᠤ ᠲᠠᠷᠢᠵᠤ᠂ ᠣᠳᠣ ᠪᠣᠯᠬᠤ ᠳᠤ ᠠᠮᠢᠯᠠᠭᠰᠠᠨ ᠤᠯᠢᠶᠠᠰᠤ ᠶᠢᠨ ᠰᠠᠯᠠᠭ᠎ᠠ ᠨᠠᠮᠠᠭ᠎ᠠ ᠶᠢ ᠨᠢ ᠣᠭᠳᠤᠯᠵᠤ᠂ ᠨᠠᠮᠡᠵᠦ ᠲᠠᠷᠢᠬᠤ ᠳᠤ ᠭᠤᠷᠪᠠᠨ ᠵᠢᠯ ᠤᠨ ᠬᠢᠨᠢ ᠳᠠᠷᠠᠭ᠎ᠠ ᠮᠧᠲᠷ ᠦᠨᠳᠦᠷ ᠣᠷᠭᠤᠵᠤ ᠠᠮᠢᠯᠠᠴᠢᠬᠠᠳᠠᠭ ᠪᠣᠯᠵᠠᠢ᠃       ︽ᠮᠤᠳᠤ ᠲᠠᠷᠢᠬᠤ ᠳᠤ ᠶᠡᠭᠡ ᠬᠦᠳᠡᠯᠮᠦᠷᠢ ᠵᠠᠷᠤᠴᠠᠭᠤᠯᠤᠨ᠎ᠠ᠂ ᠣᠨᠴᠠᠭᠠᠶᠢᠯᠠᠨ ᠡᠬᠢᠨ ᠤ ᠭᠤᠷᠪᠠᠨ ᠵᠢᠯ ᠎ ᠳᠤᠨᠢ ᠨᠡᠩ ᠶᠡᠭᠡ ᠠᠷᠠᠴᠢᠯᠠᠭ᠎ᠠ ᠤᠷᠤᠳᠠᠭ᠃ ᠣᠣᠯ ᠨᠢ ᠮᠠᠨ ᠤ ᠬᠤᠳᠳᠤᠭ ᠬᠤᠯᠠ ᠪᠣᠯᠬᠤᠷ ᠣᠰᠤ ᠳᠠᠮᠨᠠᠵᠤ ᠤᠰᠣᠯᠠᠳᠠᠭ ᠪᠠᠶᠢᠭᠰᠠᠨ᠃ ᠠᠩᠬ᠎ᠠ ᠮᠣᠳᠣ ᠲᠠᠷᠢᠬᠤ ᠳᠤ ᠪᠠᠨ ᠳᠤᠷᠰᠢᠯᠭ᠎ᠠ ᠬᠡᠮᠡᠷ ᠶᠠᠭᠤᠮ᠎ᠠ ᠦᠭᠡᠢ ᠪᠠᠶᠢᠭᠰᠠᠨ ᠪᠣᠯᠬᠤᠷ ᠰᠤᠷᠤᠯᠴᠠᠬᠤ ᠶᠢᠨ ᠲᠠᠭᠠᠣ ᠲᠠᠷᠢᠵᠤ ᠪᠠᠶᠢᠯ᠎ᠠ᠃ ᠣᠳᠣ ᠮᠠᠨ ᠤ ᠭᠡᠷ ᠢᠶᠠᠷ ᠢᠶᠠᠨ ᠮᠤᠳᠤ ᠲᠠᠷᠢᠬᠤ ᠢᠳᠡᠪᠬᠢᠵᠢᠯ ᠦᠨᠳᠦᠷ ᠪᠣᠯᠣᠭᠰᠠᠨ᠂ ᠦᠩᠭᠡᠷᠡᠭᠰᠡᠨ ᠤ ᠳᠠᠩ ᠴᠤᠯᠭᠤᠢ ᠤᠳᠠ ᠮᠣᠳᠣ ᠠᠴᠠ ᠪᠠᠨ ᠴᠢᠴᠠᠷᠭᠠᠨ᠎ᠠ᠂ ᠠᠭᠠᠯᠢᠭ ᠠᠯᠢᠮ᠎ᠠ ᠶᠢᠨ ᠮᠤᠳᠣ᠂ ᠢᠩᠳᠦᠦᠷ ᠤᠨ ᠮᠣᠳᠣ ᠵᠡᠷᠭᠡ ᠣᠯᠠᠨ ᠵᠦᠢᠯ ᠤᠨ ᠵᠢᠮᠢᠰ ᠤᠨ ᠮᠣᠳᠣ ᠶᠢ ᠪᠦᠷ ᠲᠠᠷᠢᠵᠤ ᠦᠩᠭᠡᠷᠡᠵᠡᠢ᠂ ᠵᠢᠮᠢᠰ ᠤᠨ ᠮᠣᠳᠣᠨ ᠤ ᠣᠨᠳᠤᠷᠤᠯᠲᠠ ᠶᠢᠨ ᠨᠤᠷᠮ᠎ᠠ ᠦᠨᠳᠦᠷ ᠪᠢᠰᠢ ᠪᠣᠯᠪᠠᠴᠦ ᠬᠠᠯᠠᠰᠢᠷᠠᠯ ᠦᠭᠡᠢ ᠳᠤᠷᠰᠢᠨ ᠲᠠᠷᠢᠵᠤ ᠯᠡ ᠪᠠᠶᠢᠨ᠎ᠠ᠃ ᠠᠮᠢ ᠠᠬᠤᠢ ᠶᠢᠨ ᠤᠷᠴᠢᠨ ᠲᠤᠭᠤᠷᠢᠨ ᠣᠯᠠᠮ ᠠᠴᠠ ᠣᠯᠠᠮ ᠰᠠᠶᠢᠵᠢᠷᠠᠭᠠᠳ ᠢᠷᠡᠬᠦ ᠳᠤ ᠪᠢᠳᠡ ᠴᠦ ᠳᠤᠷᠰᠢᠴᠠ ᠶᠠᠪᠤᠭᠤᠯᠳᠠᠭ ᠪᠠᠶᠢᠭᠰᠠᠨ  ᠠᠴᠠ ᠪᠠᠨ ᠳᠤᠷᠰᠢᠯᠭ᠎ᠠ ᠬᠤᠷᠠᠮᠳᠣᠯ ᠎ ᠲᠠᠢ ᠪᠣᠯᠣᠯ᠎ᠠ︾ ᠭᠡᠵᠦ ᠨᠠᠰᠤᠨᠭᠡᠷᠡᠯ ᠰᠡᠳᠬᠢᠯ ᠲᠡᠨᠢᠭᠦᠨ ᠶᠠᠷᠢᠵᠤ ᠪᠠᠶᠢᠯ᠎ᠠ᠃      ᠬᠤᠯᠠᠨ ᠰᠢᠷᠭ᠎ᠠ ᠳᠠᠭ᠎ᠠ ᠶᠢᠨ ᠡᠯᠡᠰᠦᠷᠬᠡᠭ ᠭᠠᠵᠠᠷ ᠤᠨ ᠠᠪᠠᠭ᠎ᠠ ᠬᠤᠰᠢᠭᠤᠨ ᠳᠠᠬᠢ ᠲᠠᠯᠠᠪᠠᠢ 596.82 ᠲᠦᠮᠡᠨ ᠮᠦ ᠪᠠᠶᠢᠵᠤ᠂ ᠪᠦᠬᠦ ᠬᠤᠰᠢᠭᠤᠨ ᠤ ᠶᠡᠷᠦᠩᠬᠡᠢ ᠲᠠᠯᠠᠪᠠᠢ ᠶᠢᠨ 14.47%᠎ ᠶᠢ ᠡᠵᠡᠯᠡᠳᠡᠭ᠃ ᠡᠯᠡᠰᠦᠷᠬᠡᠭ ᠭᠠᠵᠠᠷ ᠨᠢ ᠬᠤᠩᠭᠤᠷᠭᠤᠣᠯ ᠪᠠᠯᠭᠠᠰᠣ᠂ ᠴᠠᠭᠠᠨᠨᠠᠭᠤᠷ ᠪᠠᠯᠭᠠᠰᠤ᠂ ᠪᠡᠯᠭᠦᠳᠡᠢ ᠪᠠᠯᠭᠠᠰᠤ ᠵᠡᠷᠭᠡ 3 ᠪᠠᠯᠭᠠᠰᠤ ᠶᠢᠨ 35 ᠭᠠᠴᠠᠭ᠎ᠠ ᠶᠢ ᠬᠠᠮᠤᠷᠴᠦ ᠪᠠᠶᠢᠳᠠᠭ᠃      ᠮᠠᠩᠬᠠᠨ ᠨᠣᠳᠤᠭ ᠲᠤ ᠨᠠᠰᠤᠨᠭᠡᠷᠡᠯ ᠮᠡᠲᠦ ᠶᠢᠨ ᠡᠯᠡᠰᠦ ᠶᠢ ᠵᠠᠰᠠᠵᠤ ᠲᠤᠭᠲᠠᠪᠣᠷᠢᠵᠢᠭᠤᠯᠤᠭᠰᠠᠨ ᠦᠯᠢᠭᠡᠷ ᠲᠠᠭᠤᠷᠢᠶᠠᠯ ᠮᠤᠩ ᠦᠭᠡᠢ ᠣᠯᠠᠨ ᠪᠠᠶᠢᠵᠤ᠂ ᠲᠡᠳᠡ ᠡᠯᠡᠰᠦ ᠶᠢ ᠵᠠᠰᠠᠬᠤ ᠬᠠᠳᠠᠭᠤᠵᠢᠯᠲᠠᠢ ᠠᠶᠠᠨ ᠳᠤ ᠰᠢᠨᠳᠠᠷᠠᠰᠢ ᠦᠭᠡᠢ ᠴᠢᠷᠮᠠᠶᠢᠨ ᠤᠷᠤᠭᠰᠢᠯᠠᠵᠤ᠂ ᠥᠶ᠎ᠡ ᠶᠢᠨ ᠥᠶ᠎ᠡ ᠣᠯᠠᠮᠵᠢᠯᠠᠨ᠂ ᠠᠪᠠᠭ᠎ᠠ ᠨᠣᠳᠤᠭ ᠤᠨ ᠠᠮᠢ ᠠᠬᠤᠢ ᠶᠢᠨ ᠤᠷᠴᠢᠨ ᠲᠤᠭᠤᠷᠢᠨ ᠢ ᠬᠠᠮᠠᠭᠠᠯᠠᠬᠤ ᠳᠤ ᠦᠪᠡᠷ ᠤᠨ ᠬᠦᠴᠦᠨ ᠴᠢᠳᠠᠯ ᠢᠶᠠᠨ ᠡᠷᠭᠦᠭᠰᠡᠭᠡᠷ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号