ᠠᠪᠠᠭ᠎ᠠ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠶᠢᠨ ︽ᠵᠠᠩᠭᠠᠷ︾ ᠬᠠᠶᠢᠯᠠᠬᠤ ᠤᠷᠤᠯᠳᠤᠭᠠᠨ ᠭᠦᠭᠵᠢᠯᠲᠡᠢ ᠶᠠᠪᠤᠭᠳᠠᠪᠠ
ᠨᠡᠶᠢᠲᠡᠯᠡᠭᠰᠡᠨ ᠴᠠᠭ᠄
2024/4/25
     ᠣᠯᠠᠮᠵᠢᠯᠯᠠᠲᠤ ᠣᠷᠠᠯᠢᠭ ᠰᠤᠶᠤᠯ ᠪᠣᠯᠬᠤ ︽ᠵᠠᠩᠭᠠᠷ︾ ᠢ ᠰᠠᠶᠢᠳᠤᠷ ᠣᠯᠠᠮᠵᠢᠯᠠᠨ ᠪᠠᠳᠠᠷᠠᠭᠤᠯᠵᠤ᠂ ᠦᠨᠳᠦᠰᠦᠲᠡᠨ ᠤ ᠢᠷᠡᠭᠡᠳᠦᠢ ᠪᠣᠯᠣᠭᠰᠠᠨ ᠬᠡᠣᠬᠡᠳ ᠪᠠᠭᠠᠴᠤᠳ ᠲᠤ ︽ᠵᠠᠩᠭᠠᠷ︾ ᠬᠠᠶᠢᠯᠠᠬᠤ ᠶᠢᠨ ᠣᠳᠬ᠎ᠠ  ᠣᠴᠢᠷ᠂ ᠣᠷᠠᠨ ᠰᠡᠳᠬᠢᠮᠵᠢ᠂ ᠦᠨ᠎ᠡ ᠴᠡᠨ᠎ᠡ ᠶᠢ ᠨᠢ ᠲᠠᠨᠢᠭᠤᠯᠬᠤ ᠵᠣᠷᠢᠯᠭ᠎ᠠ ᠪᠠᠷ ᠠᠪᠠᠭ᠎ᠠ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠨᠢ 4 ᠰᠠᠷ᠎ᠠ ᠶᠢᠨ 24 ᠤ ᠡᠳᠦᠷ ︽ᠵᠠᠩᠭᠠᠷ︾ ᠬᠠᠶᠢᠯᠠᠬᠤ ᠤᠷᠤᠯᠳᠤᠭᠠᠨ ᠢ ᠡᠷᠬᠢᠯᠡᠨ ᠶᠠᠪᠤᠭᠳᠠᠭᠤᠯᠵᠤ᠂ ᠰᠤᠷᠭᠠᠭᠤᠯᠢ ᠶᠢᠨ ᠶᠤᠰᠤᠯᠠᠯ ᠤᠨ ᠲᠢᠩᠭᠢᠮ ᠳᠤ ᠬᠡᠣᠬᠡᠳ ᠪᠠᠭᠠᠴᠤᠳ ᠮᠠᠨᠢ ᠣᠯᠠᠮᠵᠢᠯᠠᠯᠲᠤ ᠣᠷᠠᠯᠢᠭ ᠰᠤᠶᠤᠯ ᠤᠨ ᠰᠢᠳᠢ ᠶᠢ ᠬᠠᠷᠠᠭᠤᠯᠤᠭᠰᠠᠨ ᠭᠦᠭᠵᠢᠶᠡᠨᠲᠦ ᠤᠷᠤᠯᠳᠤᠭᠠᠨ ᠪᠣᠯᠣᠭᠰᠠᠨ ᠶᠤᠮ᠃      ᠡᠨᠡᠬᠦ ᠤᠷᠤᠯᠳᠤᠭᠠᠨ ᠳᠤ ᠪᠦᠬᠦ ᠰᠤᠷᠭᠠᠭᠤᠯᠢ ᠶᠢᠨ 1 ᠠᠴᠠ 6 ᠣᠨ ᠤ 30 ᠠᠩᠭᠢ ᠶᠢᠨ 1200 ᠭᠠᠷᠤᠢ ᠰᠤᠷᠣᠭᠴᠢ ᠤᠷᠤᠯᠴᠠᠵᠤ᠂ ︽ᠵᠠᠩᠭᠠᠷ ᠤᠨ ᠠᠷᠪᠠᠨ ᠬᠤᠶᠠᠷ ᠪᠠᠭᠠᠳᠤᠷ ᠤᠨ ᠮᠠᠭᠲᠠᠭᠠᠯ︾ ᠢ ᠬᠠᠶᠢᠯᠠᠵᠤ ᠤᠷᠤᠯᠳᠤᠭᠰᠠᠨ ᠠᠬᠤᠢ ᠲᠠᠯᠠᠪᠠᠢ ᠨᠢ ᠭᠦᠭᠵᠢᠶᠡᠨᠲᠡᠢ ᠶᠠᠪᠤᠭᠳᠠᠵᠤ᠂ ᠬᠡᠣᠬᠡᠳ ᠪᠠᠭᠠᠴᠤᠳ ᠤᠨ ᠣᠷᠮ᠎ᠠ ᠵᠣᠷᠢᠭ ᠢ ᠬᠦᠪᠴᠢᠯᠡᠨ᠂ ᠣᠯᠠᠮᠵᠢᠯᠠᠯᠲᠤ ᠣᠷᠠᠯᠢᠭ ᠰᠤᠶᠤᠯ ᠤᠨ ᠰᠤᠳᠤᠨ ᠢ ᠰᠤᠷᠭᠠᠭᠤᠯᠢ ᠶᠢᠨ ᠬᠦᠷᠢᠶᠡᠨ ᠠᠴᠠ᠂ ᠰᠤᠷᠤᠭᠴᠢᠳ ᠤᠨ ᠳᠤᠮᠳᠠ ᠣᠯᠠᠮᠵᠢᠯᠠᠨ ᠪᠠᠳᠠᠷᠠᠭᠤᠯᠬᠤ ᠪᠣᠯᠣᠭᠰᠠᠨ ᠢ ᠬᠠᠷᠠᠭᠤᠯᠤᠨ᠎ᠠ᠃      ᠪᠠᠭᠠᠳᠤᠷᠯᠢᠭ ᠲᠤᠤᠯᠢ ᠵᠠᠩᠭᠠᠷ ᠪᠣᠯ ᠮᠠᠨ ᠤ ᠤᠯᠤᠰ ᠤᠨ ᠭᠤᠷᠪᠠᠨ ᠲᠤᠮᠤ ᠪᠠᠭᠠᠳᠤᠷᠯᠢᠭ ᠲᠤᠤᠯᠢ ᠶᠢᠨ ᠨᠢᠭᠡ᠂ ᠮᠣᠩᠭᠤᠯ ᠦᠨᠳᠦᠰᠦᠲᠡᠨ ᠤ ᠡᠷᠲᠡᠨ ᠤ ᠣᠷᠠᠨ ᠵᠣᠬᠢᠶᠠᠯ ᠤᠨ ᠨᠣᠶᠠᠨ ᠣᠷᠭᠢᠯ ᠤᠨ ᠨᠢᠭᠡ ᠨᠢ ᠪᠣᠯᠣᠨ᠎ᠠ᠃ 2006 ᠣᠨ ᠳᠤ ᠤᠯᠤᠰ ᠤᠨ ᠲᠡᠰ ᠪᠤᠳᠠᠰ ᠤᠨ ᠪᠤᠰᠤ ᠰᠤᠶᠤᠯ ᠤᠨ ᠥᠪ ᠤᠨ ᠨᠡᠷᠡᠰ ᠲᠤ ᠵᠢᠭᠰᠠᠭᠠᠭᠳᠠᠵᠤ᠂ ᠮᠤᠩᠭᠤᠯ ᠦᠨᠳᠦᠰᠦᠲᠡᠨ ᠤ ᠤᠶᠤᠨ ᠰᠠᠨᠠᠭᠠᠨ ᠤ ᠤᠬᠢ ᠰᠤᠳᠤ ᠶᠢ ᠠᠭᠤᠯᠤᠭᠰᠠᠨ ᠪᠦᠭᠡᠳ ᠬᠦᠮᠦᠨ ᠲᠦᠷᠦᠯᠬᠢᠳᠡᠨ ᠤ ᠰᠤᠶᠤᠯ ᠣᠷᠠᠯᠢᠭ ᠤᠨ ᠡᠷᠳᠡᠨᠢᠰ ᠤᠨ ᠰᠠᠩ ᠳᠠᠬᠢ ᠨᠢᠭᠡᠨ ᠭᠤᠶᠢᠳᠠ ᠴᠡᠴᠡᠭ ᠪᠤᠯᠤᠭᠰᠠᠭᠠᠷ ᠢᠷᠡᠭᠰᠡᠨ ᠶᠤᠮ᠃      ᠠᠪᠠᠭ᠎ᠠ ᠬᠤᠰᠢᠭᠤᠨ ᠤ ᠨᠢᠭᠡᠳᠦᠭᠡᠷ ᠪᠠᠭ᠎ᠠ ᠰᠤᠷᠭᠠᠭᠤᠯᠢ ᠨᠢ ᠳᠤᠮᠳᠠᠳᠤ ᠶᠢᠨ ᠰᠢᠯᠢᠳᠡᠭ ᠣᠯᠠᠮᠵᠢᠯᠠᠯᠲᠤ ᠰᠤᠶᠤᠯ ᠢ ᠣᠯᠠᠮᠵᠢᠯᠠᠨ ᠭᠦᠭᠵᠢᠭᠦᠯᠵᠦ᠂ ᠪᠤᠳᠠᠰ ᠤᠨ ᠪᠤᠰᠤ ᠰᠤᠶᠤᠯ ᠤᠨ ᠥᠪ ᠢ ᠬᠡᠣᠬᠡᠳ ᠪᠠᠭᠠᠴᠤᠳ ᠠᠴᠠ ᠡᠬᠢᠯᠡᠨ ᠦᠪᠯᠡᠨ ᠵᠠᠯᠭᠠᠮᠵᠢᠯᠠᠬᠤ ᠬᠡᠮᠡᠨ 2023 ᠣᠨ ᠤ 9 ᠰᠠᠷ᠎ᠠ ᠳᠤ ︽ᠵᠠᠩᠭᠠᠷ︾ ᠬᠠᠶᠢᠯᠠᠬᠤ ᠬᠢᠴᠢᠶᠡᠯ ᠤᠨ ᠭᠠᠳᠠᠭᠤᠷᠬᠢ ᠰᠤᠨᠢᠷᠬᠠᠯᠲᠤ ᠠᠩᠭᠢ ᠪᠠᠨ ᠡᠷᠬᠢᠯᠡᠵᠦ᠂ ᠳᠤᠪᠰᠢᠭᠤᠷ ᠭᠦᠭᠵᠢᠮ ᠬᠠᠪᠰᠤᠷᠭᠠᠵᠤ ᠬᠠᠶᠢᠯᠠᠬᠤ ᠰᠤᠷᠭᠠᠯᠲᠠ ᠶᠢ ᠡᠨᠡ ᠰᠤᠷᠤᠯᠭ᠎ᠠ ᠶᠢᠨ ᠬᠤᠭᠤᠴᠠᠭ᠎ᠠ ᠠᠴᠠ ᠲᠠᠭᠤᠤ ᠣᠷᠠᠯᠢᠭ ᠤᠨ ᠬᠢᠴᠢᠶᠡᠯ ᠲᠦᠷᠦᠯ ᠤᠨ ᠴᠢᠬᠤᠯᠠ ᠠᠭᠤᠯᠭ᠎ᠠ ᠪᠣᠯᠭᠠᠨ ᠠᠳᠬᠤᠵᠤ᠂ ᠭᠠᠷᠠᠭ ᠲᠤ 2 ᠣᠳᠠᠭ᠎ᠠ ᠬᠢᠴᠢᠶᠡᠯᠯᠡᠵᠦ᠂ ᠳᠤᠪᠰᠢᠭᠤᠷ ᠭᠦᠭᠵᠢᠮ ᠤᠨ ᠦᠨᠳᠦᠰᠦᠨ ᠮᠡᠷᠭᠡᠵᠢᠯ ᠢ ︽ᠵᠠᠩᠭᠠᠷ︾ ᠬᠠᠶᠢᠯᠠᠬᠤ ᠲᠠᠢ ᠣᠶᠠᠯᠳᠤᠭᠤᠯᠤᠨ ᠵᠢᠭᠠᠵᠤ᠂ ᠮᠣᠩᠭᠤᠯ ᠬᠡᠯᠡᠨ ᠤ ᠪᠠᠭᠰᠢ ᠨᠠᠷ ᠠᠴᠠ ᠵᠠᠩᠭᠠᠷ ᠤᠨ ᠲᠤᠤᠯᠢ ᠶᠢᠨ ᠦᠭᠡ ᠣᠳᠬ᠎ᠠ ᠰᠠᠨᠠᠭ᠎ᠠ ᠶᠢ ᠰᠤᠷᠤᠭᠴᠢᠳ ᠲᠤ ᠲᠠᠶᠢᠯᠪᠤᠷᠢᠯᠠᠨ ᠶᠠᠷᠢᠵᠤ᠂ ᠲᠠᠭᠤᠤ ᠶᠢᠨ ᠪᠠᠭᠰᠢ ᠠᠴᠠ ᠳᠤᠪᠰᠢᠭᠤᠷ ᠭᠦᠭᠵᠢᠮ ᠬᠠᠪᠰᠤᠷᠭᠠᠨ ᠵᠠᠩᠭᠠᠷ ᠬᠠᠶᠢᠠᠯᠬᠤ ᠲᠠᠯ᠎ᠠ ᠪᠠᠷ ᠵᠢᠭᠠᠨ ᠵᠢᠯᠤᠭᠤᠳᠴᠦ ᠪᠠᠶᠢᠭ᠎ᠠ᠃ ᠰᠡᠭᠦᠯᠡᠷ ᠠᠶᠢᠮᠠᠭ ᠠᠴᠠ ᠵᠠᠩᠭᠠᠷ ᠤᠨ ᠪᠠᠭᠰᠢ ᠤᠷᠢᠨ ᠵᠠᠯᠠᠵᠤ ᠰᠤᠷᠭᠠᠭᠤᠯᠢ ᠶᠢᠨ ᠢᠶᠠᠨ ᠣᠯᠠᠨ ᠪᠠᠭᠰᠢ ᠨᠠᠷ ᠲᠤ ᠪᠣᠯᠪᠠᠰᠣᠷᠠᠯ ᠬᠦᠷᠲᠡᠭᠡᠬᠦ ᠲᠦᠰᠦᠪ ᠲᠦᠯᠦᠪᠯᠡᠭᠡ ᠲᠠᠢ᠃ ᠳᠤᠷ᠎ᠠ ᠰᠣᠨᠢᠷᠬᠠᠯᠲᠠᠢ ᠰᠤᠷᠤᠭᠴᠢᠳ ᠲᠤ ᠰᠤᠷᠤᠯᠴᠠᠬᠤ ᠳᠠᠪᠴᠠᠩ ᠬᠠᠩᠭᠠᠭᠰᠠᠨ ᠢᠶᠠᠷ ᠪᠠᠷᠠᠬᠤ ᠦᠭᠡᠢ ᠪᠦᠬᠦ ᠰᠤᠷᠤᠭᠴᠢᠳ ᠲᠤ ᠣᠯᠠᠮᠵᠢᠯᠠᠯᠲᠤ ᠣᠷᠠᠯᠢᠭ ᠰᠤᠶᠤᠯ ᠢ ᠲᠠᠨᠢᠭᠤᠯᠤᠨ ᠣᠯᠠᠮᠵᠢᠯᠠᠬᠤ ᠶᠢ ᠵᠤᠷᠢᠭᠰᠠᠨ ᠪᠠᠶᠢᠨ᠎ᠠ᠃ ᠡᠶᠢᠨᠬᠦ ︽ᠵᠠᠩᠭᠠᠷ︾ ᠬᠠᠶᠢᠯᠠᠬᠤ ᠬᠢᠴᠢᠶᠡᠯ ᠤᠨ ᠭᠠᠳᠠᠭᠤᠷᠬᠢ ᠰᠤᠨᠢᠷᠬᠠᠯᠲᠤ ᠠᠩᠭᠢ ᠨᠢ 3 ᠠᠴᠠ 6 ᠣᠨ ᠤ ᠰᠤᠷᠤᠭᠴᠢᠳ ᠤᠨ ᠳᠤᠮᠳᠠ ᠠᠴᠠ ᠡᠯᠰᠡᠵᠦ᠂ ᠠᠩᠬ᠎ᠠ ᠡᠬᠢᠨ ᠳᠤ ᠪᠠᠨ 30 ᠰᠤᠷᠤᠭᠴᠢ ᠲᠠᠢ ᠪᠠᠶᠢᠭᠰᠠᠨ ᠠᠴᠠ ᠪᠠᠨ ᠣᠳᠣ ᠦᠷᠭᠡᠵᠢᠭᠡᠳ 58 ᠰᠤᠷᠤᠭᠴᠢ ᠲᠠᠢ ᠪᠣᠯᠵᠤ᠂ ᠨᠢᠭᠡ ᠭᠠᠷᠠᠭ ᠲᠤ ᠲᠥᠷᠪᠡ ᠣᠳᠠᠭ᠎ᠠ ᠬᠢᠴᠢᠶᠡᠯᠯᠡᠬᠦ ᠪᠣᠯᠣᠭᠰᠠᠨ᠃ ᠠᠩᠬᠠᠨ ᠤ ᠠᠮᠵᠢᠯᠲᠠ ᠪᠠᠨ ᠠᠪᠠᠭ᠎ᠠ ᠬᠤᠰᠢᠭᠤᠨ ᠤ 2024 ᠣᠨ ᠤ ᠴᠠᠭᠠᠨ ᠰᠠᠷ᠎ᠠ ᠶᠢᠨ ᠥᠳᠡᠰᠢᠯᠡᠭᠡ ᠳᠤ ᠤᠷᠤᠯᠴᠠᠵᠤ ᠲᠡᠮᠳᠡᠭᠯᠡᠭᠰᠡᠨ ᠶᠤᠮ᠃ ᠮᠦᠨᠴᠦ ︽ᠵᠠᠩᠭᠠᠷ︾ ᠬᠠᠶᠢᠯᠠᠬᠤ ᠵᠢᠭᠠᠨ ᠰᠤᠷᠭᠠᠯᠲᠠ ᠨᠢ ᠬᠢᠴᠢᠶᠡᠯ ᠲᠦᠷᠦᠯ ᠤᠨ ᠬᠤᠪᠢ ᠪᠠᠷ᠂ ᠪᠠᠭ᠎ᠠ ᠰᠤᠷᠭᠠᠭᠤᠯᠢ ᠶᠢᠨ ᠰᠤᠷᠤᠭᠴᠢᠳ ᠤᠨ ᠡᠵᠡᠮᠰᠢᠪᠡᠰᠦ ᠵᠤᠬᠢᠬᠤ ᠣᠷᠠᠯᠢᠭ ᠰᠤᠶᠤᠯ ᠪᠣᠯᠣᠭᠰᠠᠨ ᠶᠤᠮ᠃       ︽ᠨᠢᠳᠦᠨᠦᠨ ᠤ ᠵᠢᠷᠭᠤᠭᠠᠨ ᠰᠠᠷ᠎ᠠ ᠳᠤ ᠪᠦᠬᠦ ᠤᠷᠤᠨ ᠤ ︿ᠵᠠᠩᠭᠠᠷ﹀ ᠤᠨ ᠪᠠᠭᠰᠢ ᠶᠢᠨ ᠵᠢᠭᠠᠨ ᠰᠤᠷᠭᠠᠯᠲᠠ  ᠨᠢ ᠬᠠᠶᠢᠯᠠᠷ ᠬᠤᠲᠠ ᠳᠤ ᠶᠠᠪᠤᠭᠳᠠᠵᠠᠢ᠂ ᠲᠡᠭᠡᠭᠡᠳ ᠯᠡ 10 ᠡᠳᠦᠷ ᠤᠨ ᠬᠤᠭᠤᠴᠠᠭ᠎ᠠ ᠲᠠᠢ ᠪᠣᠯᠪᠠᠰᠤᠷᠠᠯ ᠳᠤ ᠤᠷᠤᠯᠴᠠᠬᠤ ᠵᠠᠪᠰᠢᠶᠠᠨ ᠢ ᠣᠯᠣᠭᠰᠠᠨ ᠶᠤᠮ᠂ ᠪᠣᠯᠪᠠᠰᠣᠷᠠᠯ ᠳᠤ ᠤᠷᠤᠯᠴᠠᠵᠤ ᠢᠷᠡᠭᠰᠡᠨ ᠤ ᠳᠠᠷᠠᠭ᠎ᠠ ᠰᠤᠷᠭᠠᠭᠤᠯᠢ ᠠᠴᠠ ︿ᠵᠠᠩᠭᠠᠷ﹀ ᠬᠠᠶᠢᠯᠠᠬᠤ ᠰᠤᠷᠭᠠᠯᠲᠠ ᠶᠢ ᠮᠠᠰᠢ ᠴᠢᠬᠤᠯᠠᠴᠢᠯᠠᠨ᠂ ᠬᠢᠴᠢᠶᠡᠯ ᠤᠨ ᠭᠠᠳᠠᠭᠤᠷᠬᠢ ᠰᠤᠨᠢᠷᠬᠠᠯᠲᠤ ᠠᠩᠭᠢ ᠡᠷᠬᠢᠯᠡᠨ ᠬᠢᠴᠢᠶᠡᠯᠯᠡᠬᠦ ᠪᠣᠯᠣᠭᠰᠠᠨ ᠤ ᠬᠠᠮᠲᠤ ᠬᠢᠴᠢᠶᠡᠯ ᠲᠦᠷᠦᠯ ᠤᠨ ᠠᠭᠤᠯᠭ᠎ᠠ ᠪᠣᠯᠭᠠᠭᠰᠠᠨ ᠪᠠᠶᠢᠨ᠎ᠠ᠃ ᠬᠤᠰᠢᠭᠤ ᠰᠤᠷᠭᠠᠨ ᠬᠦᠮᠦᠵᠢᠯ ᠤᠨ ᠲᠤᠪᠴᠢᠶ᠎ᠠ ᠴᠦ ᠡᠨᠡᠬᠦ ᠠᠵᠢᠯ ᠢ ᠶᠡᠭᠡ ᠳᠡᠮᠵᠢᠵᠦ᠂ ᠵᠠᠭᠤᠨ ᠳᠤᠪᠰᠢᠭᠤᠷ ᠭᠦᠭᠵᠢᠮ ᠠᠪᠴᠦ ᠥᠭᠭᠦᠭᠰᠡᠨ᠃ ᠨᠢᠳᠦᠨᠦᠨ ᠤ ᠡᠪᠣᠯ ᠤᠨ ᠠᠮᠠᠷᠠᠯᠲᠠ ᠳᠤ ᠰᠤᠷᠤᠭᠴᠢᠳ ᠲᠤ ︿ᠵᠠᠩᠭᠠᠷ ᠤᠨ ᠠᠷᠪᠠᠨ ᠬᠤᠶᠠᠷ ᠪᠠᠭᠠᠳᠤᠷ ᠤᠨ ᠮᠠᠭᠲᠠᠭᠠᠯ﹀ ᠢ ᠴᠡᠭᠡᠵᠢᠯᠡᠭᠦᠯᠬᠦ ᠲᠠᠰᠬᠠᠯ ᠥᠯᠡᠳᠡᠭᠡᠵᠦ ᠴᠡᠭᠡᠵᠢᠯᠡᠭᠦᠯᠦᠭᠰᠡᠨ ᠰᠠᠭᠤᠷᠢᠨ ᠲᠡᠭᠡᠷ᠎ᠡ᠂ ᠰᠤᠷᠭᠠᠭᠤᠯᠢ ᠡᠬᠢᠯᠡᠭᠰᠡᠨ ᠤ ᠳᠠᠷᠠᠭ᠎ᠠ ᠠᠩᠭᠢ ᠶᠢᠨ ᠪᠠᠭᠰᠢ᠂ ᠲᠠᠭᠤᠤ ᠶᠢᠨ ᠪᠠᠭᠰᠢ᠂ ᠮᠣᠩᠭᠤᠯ ᠬᠡᠯᠡᠨ ᠤ ᠪᠠᠭᠰᠢ᠂ ᠭᠡᠷ ᠤᠨ ᠠᠬᠠᠮᠠᠳ ᠨᠠᠷ ᠲᠠᠢ ᠬᠠᠮᠳᠤᠷᠠᠨ ︿ᠵᠠᠩᠭᠠᠷ﹀ ᠬᠠᠶᠢᠯᠠᠬᠤ ᠪᠣᠯᠪᠠᠰᠣᠷᠠᠯ ᠢ ᠨᠢ ᠴᠢᠩᠭᠠᠳᠬᠠᠨ᠂ ᠲᠤᠰ ᠣᠳᠠᠭᠠᠨ ᠤ ᠤᠷᠤᠯᠳᠤᠭᠠᠨ ᠢᠶᠠᠨ ᠡᠬᠢᠯᠡᠨ ᠶᠠᠪᠤᠭᠳᠠᠭᠤᠯᠬᠤ ᠳᠤ ᠪᠡᠯᠡᠬᠡᠨ ᠪᠣᠯᠣᠭᠰᠠᠨ ᠶᠤᠮ᠃ ᠬᠤᠶᠢᠰᠢᠳᠠ ᠮᠠᠨ ᠤ ᠰᠤᠨᠢᠷᠬᠠᠯᠲᠤ ᠠᠩᠭᠢ ᠪᠠᠨ ᠦᠷᠭᠦᠯᠵᠢᠯᠡᠨ ᠰᠠᠶᠢᠳᠤᠷ ᠡᠷᠬᠢᠯᠡᠵᠦ᠂ ᠰᠤᠷᠤᠭᠴᠢᠳ ᠤᠨ ︿ᠵᠠᠩᠭᠠᠷ﹀ ᠬᠠᠶᠢᠯᠠᠬᠤ ᠳᠤᠷ᠎ᠠ ᠰᠣᠨᠢᠷᠬᠠᠯ ᠢ ᠣᠯᠠᠮ ᠬᠦᠭᠵᠢᠭᠡᠬᠦ ᠪᠣᠯᠣᠨ᠎ᠠ︾ ᠭᠡᠵᠦ ᠨᠢᠭᠡᠳᠦᠭᠡᠷ ᠪᠠᠭ᠎ᠠ ᠰᠤᠷᠭᠠᠭᠤᠯᠢ ᠶᠢᠨ ᠲᠠᠭᠤᠤ ᠶᠢᠨ ᠪᠠᠭᠰᠢ ᠡᠯᠪᠡᠭ ᠶᠠᠷᠢᠨ᠎ᠠ᠃      ᠣᠯᠠᠮᠵᠢᠯᠠᠯᠲᠤ ᠣᠷᠠᠯᠢᠭ ᠰᠤᠶᠤᠯ ᠢᠶᠠᠷ ᠬᠦᠭᠵᠢᠯᠳᠦᠭᠰᠡᠨ᠂ ᠥᠪ ᠣᠯᠠᠮᠵᠢᠯᠠᠯ ᠢ ᠰᠣᠨᠣᠷᠳᠠᠭᠤᠯᠤᠭᠰᠠᠨ ᠡᠨᠡ ᠰᠠᠶᠢᠬᠠᠨ ᠤᠷᠤᠯᠳᠤᠭᠠᠨ ᠤ ᠳ᠋ᠦᠩ ᠳᠤ ᠣᠨ ᠪᠣᠯᠭᠠᠨ ᠠᠴᠠ ᠬᠤᠶᠠᠷ ᠠᠩᠭᠢ ᠲᠤᠳᠤᠷᠠᠵᠤ᠂ ᠬᠡᠣᠬᠡᠳ ᠪᠠᠭᠠᠴᠤᠳ ᠤᠨ ᠳᠤᠷ᠎ᠠ ᠰᠣᠨᠢᠷᠬᠠᠯ ᠢ ᠬᠦᠭᠵᠢᠭᠡᠵᠦ᠂ ᠪᠤᠳᠠᠰ ᠤᠨ ᠪᠤᠰᠤ ᠰᠤᠶᠤᠯ ᠤᠨ ᠥᠪ ᠤᠨ ᠰᠤᠳᠤᠨ ᠰᠠᠶᠢᠬᠠᠨ ᠢ ᠭᠠᠶᠢᠬᠠᠭᠤᠯᠤᠭᠰᠠᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号