ᠠᠪᠠᠭ᠎ᠠ ᠬᠤᠰᠢᠭᠤᠨ ᠤ ᠤᠢ ᠰᠢᠭᠤᠢ ᠪᠠ ᠨᠣᠳᠤᠭ ᠪᠡᠯᠴᠢᠭᠡᠷ ᠤᠨ ᠲᠤᠪᠴᠢᠶᠠᠨ ᠤ ᠬᠠᠪᠤᠷ ᠤᠨ ᠣᠯᠠᠷᠢᠯ ᠤᠨ ᠣᠢ ᠰᠢᠭᠤᠢ ᠶᠢᠨ ᠬᠤᠯᠤᠭᠠᠨ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ ᠲᠤᠬᠠᠢ ᠠᠯᠪᠠᠨ ᠵᠠᠷᠯᠠᠯ
ᠨᠡᠶᠢᠲᠡᠯᠡᠭᠰᠡᠨ ᠴᠠᠭ᠄
2024/4/17
ᠨᠡᠶᠢᠭᠡᠮ ᠤᠨ ᠡᠯ᠎ᠡ ᠡᠲᠡᠭᠡᠳ ᠪᠠ ᠣᠯᠠᠨ ᠲᠦᠮᠡᠨ ᠳᠤ᠄      ︽ᠰᠢᠯᠢ ᠶᠢᠨ ᠭᠤᠣᠯ ᠠᠶᠢᠮᠠᠭ ᠤᠨ ᠠᠪᠠᠭ᠎ᠠ ᠬᠤᠰᠢᠭᠤᠨ ᠤ 2022-2023 ᠣᠨ ᠤ ᠤᠢ ᠰᠢᠭᠤᠢ ᠶᠢᠨ ᠳᠠᠭᠠᠳᠬᠠᠯ ᠤᠨ ᠭᠠᠮᠰᠢᠭ ᠤᠨ ᠳᠠᠷᠠᠭᠠᠬᠢ ᠵᠠᠰᠠᠯᠲᠠ ᠵᠢᠴᠢ ᠣᠷᠭᠤᠮᠠᠯ ᠤᠨ ᠪᠦᠷᠬᠦᠴᠡ ᠶᠢ ᠰᠡᠷᠭᠦᠭᠡᠬᠦ ᠲᠦᠷᠦᠯ ᠵᠦᠢᠯ ᠢ ᠬᠡᠷᠡᠭᠵᠢᠭᠦᠯᠬᠦ ᠲᠦᠰᠦᠯ︾᠎ ᠤᠨ ᠱᠠᠭᠠᠷᠳᠠᠯᠭ᠎ᠠ ᠶᠤᠰᠤᠭᠠᠷ᠂ ᠣᠢ ᠰᠢᠭᠤᠢ ᠶᠢᠨ ᠬᠤᠯᠤᠭᠠᠨ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ ᠠᠵᠢᠯ ᠢ ᠰᠠᠶᠢᠳᠤᠷ ᠬᠢᠬᠦ ᠶᠢᠨ ᠲᠦᠯᠦᠭᠡ᠂ ᠠᠪᠠᠭ᠎ᠠ ᠬᠤᠰᠢᠭᠤᠨ ᠤ ᠣᠢ ᠰᠢᠭᠤᠢ ᠪᠠ ᠨᠣᠳᠤᠭ ᠪᠡᠯᠴᠢᠭᠡᠷ ᠤᠨ ᠲᠤᠪᠴᠢᠶ᠎ᠠ ᠠᠴᠠ ᠮᠠᠨ ᠤ ᠬᠤᠰᠢᠭᠤᠨ ᠤ ᠬᠤᠯᠤᠭᠠᠨ᠎ᠠ ᠶᠢᠨ ᠨᠢᠭᠲᠠᠴᠠ ᠦᠨᠳᠦᠷ ᠤᠷᠤᠨ ᠳᠤ ᠬᠤᠤᠷᠲᠤ ᠥᠭᠶᠦᠭᠡ ᠲᠠᠯᠪᠢᠵᠤ ᠬᠤᠯᠤᠭᠠᠨ᠎ᠠ ᠶᠢᠨ ᠬᠦᠨᠦᠭᠡᠯ ᠤᠨ ᠰᠡᠷᠭᠡᠶᠢᠯᠡᠨ ᠵᠠᠰᠠᠬᠤ ᠠᠵᠢᠯ ᠢ ᠬᠢᠬᠦ ᠪᠠᠷ ᠲᠤᠭᠲᠠᠪᠠ᠃ ᠰᠡᠷᠭᠡᠶᠢᠯᠡᠨ ᠵᠠᠰᠠᠬᠤ ᠤᠷᠤᠨ ᠳᠤᠲᠤᠷᠠᠬᠢ ᠦᠷᠭᠡᠨ ᠣᠯᠠᠨ ᠮᠠᠯᠴᠢᠨ ᠲᠦᠮᠡᠨ ᠤ ᠦᠢᠯᠡᠳᠪᠤᠷᠢᠯᠡᠯ ᠠᠮᠢᠳᠤᠷᠠᠯ ᠤᠨ ᠠᠮᠤᠷ ᠳᠦᠪᠰᠢᠨ ᠢ ᠦᠨᠡᠨᠬᠦ ᠪᠠᠲᠤᠯᠠᠬᠤ ᠶᠢᠨ ᠳᠣᠰᠠᠳᠠ᠂ ᠡᠳᠦᠭᠡ ᠬᠤᠯᠪᠤᠭᠳᠠᠯ ᠪᠦᠬᠦᠢ ᠣᠴᠢᠷ ᠢ ᠲᠤᠤᠷᠠᠬᠢ ᠮᠡᠲᠦ ᠵᠠᠷᠯᠠᠶ᠎ᠠ᠄      ᠨᠢᠭᠡ᠂ ᠰᠡᠷᠭᠡᠶᠢᠯᠡᠨ ᠵᠠᠰᠠᠬᠤ ᠴᠠᠭ᠄      2024 ᠣᠨ ᠤ  ᠪᠠᠷ ᠰᠠᠷ᠎ᠠ ᠶᠢᠨ 13᠎ ᠠᠴᠠ 2024 ᠣᠨ ᠤ 5 ᠰᠠᠷ᠎ᠠ ᠶᠢᠨ 15᠎ ᠤ ᠡᠳᠦᠷ ᠪᠣᠯᠲᠠᠯ᠎ᠠ᠃      ᠬᠤᠶᠠᠷ᠂ ᠰᠡᠷᠭᠡᠶᠢᠯᠡᠨ ᠵᠠᠰᠠᠬᠤ ᠭᠠᠵᠠᠷ᠄      ᠬᠤᠩᠭᠤᠷᠭᠤᠣᠯ ᠪᠠᠯᠭᠠᠰᠣᠨ ᠤ ᠠᠯᠲᠡᠨᠳᠦ᠋ᠭᠦᠷᠢᠭ ᠭᠠᠴᠠᠭ᠎ᠠ᠂ ᠶᠡᠬᠡᠪᠣᠯᠠᠭ ᠭᠠᠴᠠᠭ᠎ᠠ᠂ ᠰᠠᠷᠠᠭᠤᠯᠰᠢᠯᠢ ᠭᠠᠴᠠᠭ᠎ᠠ᠂ ᠪᠠᠶᠠᠨᠭᠤᠣᠯ ᠭᠠᠴᠠᠭ᠎ᠠ᠂ ᠴᠠᠭᠠᠨᠨᠠᠭᠤᠷ ᠪᠠᠯᠠᠭᠠᠰᠣᠨ ᠤ ᠪᠠᠶᠠᠨᠪᠣᠯᠠᠭ ᠭᠠᠴᠠᠭ᠎ᠠ᠂ ᠪᠡᠯᠭᠦᠳᠡᠢ ᠪᠠᠯᠭᠠᠰᠣᠨ ᠤ ᠪᠠᠶᠠᠨᠲᠠᠯ᠎ᠠ ᠭᠠᠴᠠᠭ᠎ᠠ ᠵᠡᠷᠭᠡ ᠣᠢ ᠰᠢᠭᠤᠢ ᠶᠢᠨ ᠬᠤᠯᠤᠭᠠᠨ᠎ᠠ ᠶᠢᠨ ᠬᠦᠨᠦᠭᠡᠯ ᠶᠡᠬᠡᠲᠡᠢ ᠭᠠᠵᠠᠷ ᠤᠷᠤᠨ᠂ ᠨᠡᠶᠢᠲᠡ ᠲᠠᠯᠠᠪᠠᠢ᠄ 3.8 ᠲᠦᠮᠡᠨ ᠮᠦ ᠰᠡᠷᠭᠡᠶᠢᠯᠡᠨ ᠵᠠᠰᠠᠬᠤ ᠪᠣᠲᠠᠲᠠᠢ ᠭᠠᠵᠠᠷ ᠢ ᠸᠢᠴᠠᠲ ᠢᠶᠠᠷ ᠮᠡᠳᠡᠭᠳᠡᠨ᠎ᠡ᠃      ᠭᠤᠷᠪᠠ᠂ ᠰᠡᠷᠭᠡᠶᠢᠯᠡᠨ ᠵᠠᠰᠠᠬᠤ ᠠᠷᠭ᠎ᠠ᠄      ᠬᠦᠮᠦᠨ ᠤ ᠬᠦᠴᠦ ᠪᠠᠷ ᠬᠤᠤᠷ ᠰᠠᠴᠤᠬᠤ ᠠᠷᠭ᠎ᠠ ᠪᠠᠷ ᠰᠡᠷᠭᠡᠶᠢᠯᠡᠨ ᠵᠠᠰᠠᠨ᠎ᠠ᠃      ᠲᠥᠷᠪᠡ᠂ ᠰᠠᠨ ᠪᠧᠢ ᠤᠤ᠂ ᠱᠢ ᠱᠤᠸᠠᠩ ᠱᠦ ᠪᠠ ︵20.20% ᠳ᠋ᠢ ᠹᠧᠨ᠂ ᠯᠢᠦ ᠰᠣᠸᠠᠨ ᠪᠧᠢ ᠡᠯ ᠎ ᠶᠢ︶ ᠵᠡᠷᠭᠡ ᠬᠤᠯᠤᠭᠠᠨ᠎ᠠ ᠶᠢ ᠣᠰᠠᠳᠬᠠᠬᠤ ᠠᠮᠢᠳᠤ ᠪᠣᠳᠠᠰ ᠤᠨ ᠥᠭᠶᠦᠭᠡ᠃ ᠬᠤᠯᠤᠭᠠᠨ᠎ᠠ ᠶᠢᠨ ᠬᠦᠨᠦᠭᠡᠯ ᠢ ᠰᠡᠷᠭᠡᠶᠢᠯᠡᠨ ᠵᠠᠰᠠᠬᠤ ᠳᠤ ᠮᠦ ᠪᠦᠷᠢ ᠳᠤ ᠬᠡᠷᠡᠭᠯᠡᠬᠦ ᠡᠮ ᠤᠨ ᠬᠡᠮᠵᠢᠶ᠎ᠡ 120g-150g᠃ ᠰᠡᠷᠭᠡᠶᠢᠯᠡᠨ ᠵᠠᠰᠠᠭᠰᠠᠨ ᠤ ᠳᠠᠷᠠᠭᠠᠬᠢ ᠪᠡᠯᠴᠢᠭᠡᠷ ᠲᠤ ᠡᠷᠬᠡᠪᠰᠢ 15 ᠡᠳᠦᠷ ᠮᠠᠯ ᠪᠡᠯᠴᠢᠭᠡᠷᠯᠡᠭᠦᠯᠵᠦ ᠪᠣᠯᠬᠤ ᠦᠭᠡᠢ᠂ ᠮᠠᠯ ᠣᠨᠤᠭ᠎ᠠ ᠶᠢᠨ ᠬᠤᠤᠷᠳᠠᠭᠳᠠᠬᠤ ᠠᠴᠠ ᠰᠡᠷᠭᠡᠶᠢᠯᠡᠬᠦ ᠬᠡᠷᠡᠭᠲᠡᠢ᠃      ᠲᠠᠪᠤ᠂ ᠠᠩᠬᠠᠷᠬᠤ ᠵᠦᠢᠯ᠄      ⒈ᠰᠡᠷᠭᠡᠶᠢᠯᠡᠨ ᠵᠠᠰᠠᠬᠤ ᠬᠤᠭᠤᠴᠠᠭᠠᠨ ᠳᠤ ᠡᠯ᠎ᠡ ᠮᠠᠯᠴᠢᠨ ᠡᠷᠦᠬᠡ᠂ ᠭᠡᠷ ᠤᠨ ᠠᠬᠠᠮᠠᠳ ᠣᠨᠴᠠᠭᠠᠶᠢᠯᠠᠨ ᠨᠠᠰᠣᠨ ᠳᠤ ᠦᠯᠦ ᠬᠦᠷᠦᠭᠰᠡᠳ ᠲᠤ ᠬᠤᠤᠷ ᠰᠡᠷᠭᠡᠶᠢᠯᠡᠬᠦ ᠬᠦᠮᠦᠵᠢᠯ ᠬᠢᠬᠦ ᠬᠡᠷᠡᠭᠲᠡᠢ᠂ ᠰᠡᠷᠭᠡᠶᠢᠯᠡᠨ ᠵᠠᠰᠠᠬᠤ ᠤᠷᠤᠨ ᠳᠤ ᠤᠷᠤᠵᠤ ᠨᠠᠭᠠᠳᠴᠦ ᠲᠤᠭᠯᠠᠵᠤ ᠪᠣᠯᠬᠤ ᠦᠭᠡᠢ᠂ ᠬᠤᠤᠷᠳᠠᠭᠳᠠᠬᠤ ᠠᠴᠠ ᠵᠠᠶᠢᠯᠠᠰᠬᠢᠭᠦ ᠬᠡᠷᠡᠭᠲᠡᠢ᠃      ⒉ᠰᠡᠷᠭᠡᠶᠢᠯᠡᠨ ᠵᠠᠰᠠᠬᠤ ᠬᠤᠯᠪᠤᠭᠳᠠᠯ ᠪᠦᠬᠦᠢ ᠭᠠᠴᠠᠭ᠎ᠠ ᠨᠢ ᠲᠤᠰ ᠠᠵᠢᠯ ᠢ ᠴᠢᠬᠤᠯᠠᠴᠢᠯᠠᠨ ᠦᠵᠡᠵᠦ᠂ ᠠᠵᠢᠯᠲᠠᠳ ᠲᠠᠢ ᠪᠦᠬᠦ ᠬᠦᠴᠦᠨ ᠢᠶᠠᠷ ᠢᠶᠠᠨ ᠬᠠᠮᠵᠢᠯᠴᠠᠨ ᠮᠠᠯᠵᠢᠬᠤ ᠡᠷᠦᠬᠡ ᠳᠤ ᠭᠦᠨᠵᠡᠭᠡᠶᠢᠷᠡᠨ ᠬᠤᠯᠤᠭᠠᠨ᠎ᠠ ᠶᠢᠨ ᠬᠦᠨᠦᠭᠡᠯ ᠢ ᠰᠡᠷᠭᠡᠶᠢᠯᠡᠬᠦ ᠬᠠᠮᠢᠶ᠎ᠠ ᠪᠦᠬᠦᠢ ᠱᠠᠭᠠᠷᠳᠠᠯᠭ᠎ᠠ ᠶᠢ ᠦᠷᠭᠡᠨ ᠢᠶᠠᠷ ᠣᠬᠠᠭᠤᠯᠬᠤ ᠬᠡᠷᠡᠭᠲᠡᠢ᠃      ⒊ᠰᠡᠷᠭᠡᠶᠢᠯᠡᠨ ᠵᠠᠰᠠᠬᠤ ᠠᠵᠢᠯ ᠤᠨ ᠬᠤᠭᠤᠴᠠᠭᠠᠨ ᠳᠤ ᠰᠡᠷᠭᠡᠶᠢᠯᠡᠨ ᠵᠠᠰᠠᠬᠤ ᠤᠷᠤᠨ ᠤ ᠳᠤᠲᠤᠷᠠᠬᠢ ᠮᠠᠯᠴᠢᠨ ᠲᠦᠮᠡᠨ ᠲᠡᠭᠡᠲᠦ ᠬᠡᠮᠵᠢᠶ᠎ᠡ ᠪᠠᠷ ᠴᠢᠬᠤᠯᠠᠴᠢᠯᠠᠨ ᠦᠵᠡᠵᠦ᠂ ᠬᠦᠮᠦᠨ ᠮᠠᠯ᠂ ᠭᠡᠷ ᠤᠨ ᠵᠢᠭᠦᠷᠲᠡᠨ ᠤ ᠰᠡᠷᠭᠡᠶᠢᠯᠡᠨ ᠵᠠᠰᠠᠬᠤ ᠤᠷᠤᠨ ᠳᠤ ᠤᠷᠤᠬᠤ ᠶᠢ ᠴᠠᠭᠠᠵᠠᠯᠠᠵᠤ᠂ ᠬᠤᠤᠷᠳᠠᠭᠳᠠᠬᠤ ᠠᠴᠠ ᠰᠡᠷᠭᠡᠶᠢᠯᠡᠬᠦ ᠬᠡᠷᠡᠭᠲᠡᠢ᠃      ⒋ᠰᠡᠷᠭᠡᠶᠢᠯᠡᠨ ᠵᠠᠰᠠᠬᠤ ᠬᠡᠪᠴᠢᠶᠡᠨ ᠳᠤ ᠪᠠᠶᠢᠭ᠎ᠠ ᠡᠪᠡᠰᠦ ᠪᠣᠷᠳᠤᠭ᠎ᠠ᠂ ᠮᠠᠯ ᠤᠨ ᠣᠩᠭᠤᠴᠠ ᠵᠡᠷᠭᠡ ᠬᠡᠷᠡᠭᠰᠡᠯ ᠢᠶᠠᠨ ᠪᠦᠲᠡᠭᠡᠬᠦ ᠪᠤᠶᠤ ᠣᠷᠪᠠᠭᠤᠯᠤᠨ ᠲᠠᠯᠪᠢᠵᠤ᠂ ᠬᠤᠣᠷᠲᠤ ᠡᠮ ᠰᠠᠴᠤᠭᠲᠠᠨ ᠤᠷᠤᠬᠤ ᠠᠴᠠ ᠰᠡᠷᠭᠡᠶᠢᠯᠡᠬᠦ ᠬᠡᠷᠡᠭᠲᠡᠢ᠃      ⒌ᠬᠤᠣᠷᠲᠤ ᠥᠭᠶᠦᠭᠡ ᠰᠠᠴᠤᠭᠰᠠᠨ ᠭᠠᠵᠠᠷ ᠦᠭᠦᠭᠰᠡᠨ ᠬᠤᠯᠤᠭᠠᠨ᠎ᠠ᠂ ᠳᠠᠷᠪᠠᠭ᠎ᠠ ᠦᠨᠡᠭᠡ᠂ ᠭᠡᠭᠡᠷ᠎ᠡ ᠶᠢᠨ ᠲᠠᠤᠯᠠᠢ ᠵᠡᠷᠭᠡ ᠶᠢ ᠣᠯᠵᠤ ᠬᠠᠷᠠᠪᠠᠯ᠂ ᠴᠠᠭ ᠲᠤᠬᠠᠢ ᠳᠤᠨᠢ ᠬᠤᠰᠢᠭᠤ ᠬᠢᠵᠢᠭ ᠢ ᠰᠡᠷᠭᠡᠶᠢᠯᠡᠨ ᠵᠠᠰᠠᠬᠤ ᠲᠥᠪ ᠲᠤ ᠮᠡᠳᠡᠭᠳᠡᠬᠦ ᠬᠡᠷᠡᠭᠲᠡᠢ᠂ ᠳᠤᠷ᠎ᠠ ᠪᠠᠷ ᠣᠶᠢᠷᠠᠳᠬᠤ ᠪᠤᠶᠤ ᠰᠢᠢᠳᠪᠤᠷᠢᠯᠡᠵᠦ ᠪᠣᠯᠬᠤ ᠦᠭᠡᠢ᠃      ⒍ᠬᠡᠷᠪᠡ ᠬᠦᠮᠦᠨ ᠮᠠᠯ ᠠᠳᠡᠭᠦᠷᠡᠨ ᠢᠳᠡᠵᠦ ᠬᠤᠣᠷᠳᠠᠭᠳᠠᠪᠠᠯ᠂ ᠡᠮᠨᠡᠯᠭᠡ ᠳᠤ ᠬᠦᠷᠭᠡᠵᠦ ᠡᠮᠴᠢᠯᠡᠭᠦᠯᠬᠦ ᠬᠡᠷᠡᠭᠲᠡᠢ᠃                ᠠᠪᠠᠭ᠎ᠠ ᠬᠤᠰᠢᠭᠤᠨ ᠤ ᠣᠢ ᠰᠢᠭᠤᠢ ᠪᠠ ᠨᠣᠳᠤᠭ ᠪᠡᠯᠴᠢᠭᠡᠷ ᠤᠨ ᠲᠤᠪᠴᠢᠶ᠎ᠠ                        2024 ᠣᠨ ᠤ ᠪᠠᠷ ᠰᠠᠷ᠎ᠠ ᠶᠢᠨ 12᠎ ᠤ ᠡᠳᠦᠷ
 
ᠢᠷᠡᠯᠲᠡ᠄ ᠠᠪᠠᠭ᠎ᠠ ᠬᠤᠰᠢᠭᠤᠨ ᠤ ᠠᠷᠡᠳ ᠤᠨ ᠵᠠᠰᠠᠭ ᠤᠨ ᠤᠷᠳᠤᠨ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号