ᠤᠷᠢᠬᠠᠨ ᠬᠠᠪᠤᠷ ᠠᠶᠠᠷᠬᠠᠨ ᠰᠠᠭᠠᠳᠠᠬᠤ ᠳᠤ ᠬᠠᠮᠤᠭ ᠪᠤᠳᠠᠰ ᠠᠮᠢᠯᠠᠨ ᠲᠦᠯᠵᠢᠵᠤ᠂ ᠬᠦᠳᠡᠭᠡ ᠨᠤᠳᠤᠭ ᠲᠤ | ᠠᠮᠢᠯᠠᠯ ᠪᠢᠯᠬᠠᠨ᠎ᠠ᠃ ᠡᠨᠡᠬᠦ ᠶᠠᠭᠠᠷᠠᠯᠳᠠᠶᠢᠬᠠᠨ ᠤᠯᠠᠷᠢᠯ ᠳᠤ ᠮᠠᠯᠴᠢᠨ ᠲᠦᠮᠡᠨ ᠲᠦᠯ ᠮᠠᠯ ᠤᠨ ᠲᠠᠭᠤᠨ ᠳᠤ ᠰᠡᠳᠬᠢᠯ | ᠪᠠᠶᠠᠰᠤᠨ᠂ ᠪᠠᠰᠠ ᠨᠢᠬᠡᠨ ᠵᠢᠯ ᠤᠨ ᠮᠠᠯᠵᠢᠬᠤ ᠦᠢᠯᠡᠳᠪᠤᠷᠢᠯᠡᠯ ᠰᠢᠨ᠎ᠠ ᠠᠮᠢᠯᠠᠯ ᠢᠶᠠᠷ ᠡᠬᠢᠯᠡᠭᠰᠡᠨ ᠢ ᠮᠡᠳᠡᠬᠡᠯᠡᠨ᠎ᠠ᠃ | ᠠᠪᠠᠭ᠎ᠠ ᠬᠤᠰᠢᠭᠤᠨ ᠤ ᠶᠡᠬᠡᠭᠤᠤᠯ ᠰᠤᠮᠤᠨ ᠤ ᠡᠷᠳᠡᠨᠢᠠᠠᠭᠤᠯᠠ ᠭᠠᠴᠠᠭᠠᠨ ᠤ ᠮᠠᠯᠴᠢᠨ ᠬᠠᠰᠪᠠᠭᠠᠨ᠎ᠠ ᠶᠢᠨ | ᠳᠤ ᠬᠦᠷᠬᠦ ᠳᠤ ᠡᠳᠡᠨᠡᠶᠢᠬᠢᠨ ᠲᠦᠯ ᠲᠤᠰᠤᠭᠠᠳ ᠶᠠᠭᠠᠷᠠᠤᠬᠠᠨ ᠪᠠᠶᠢᠵᠤ ᠬᠤᠷᠤᠭ᠎ᠠ ᠬᠠᠰᠢᠶᠠᠨ ᠳᠤᠨᠢ ᠮᠠᠯ ᠤᠨ | ᠮᠠᠶᠢᠯᠠᠯᠳᠤᠬᠤ ᠲᠠᠭᠤᠨ ᠬᠦᠭ ᠨᠠᠶᠢᠷᠠᠵᠤ᠂ ᠬᠦᠳᠡᠭᠡ ᠨᠤᠳᠤᠭ ᠤᠨ ᠬᠠᠪᠤᠷ ᠤᠨ ᠦᠵᠡᠰᠬᠦᠯᠠᠩ ᠢ ᠵᠢᠷᠤᠭᠯᠠᠨ᠎ᠠ᠃ | ᠡᠳᠡᠨᠡᠶᠢᠬᠢᠨ 2 ᠰᠠᠷ᠎ᠠ ᠶᠢᠨ 21 ᠤ ᠡᠳᠤᠷ ᠠᠴᠠ ᠡᠬᠢᠯᠡᠨ ᠲᠦᠯ ᠢᠶᠠᠨ ᠲᠤᠰᠴᠤ᠂ ᠦᠨᠤ ᠵᠢᠯ 200 ᠭᠠᠷᠤᠢ | ᠬᠤᠨᠢ ᠬᠤᠷᠠᠭᠠᠯᠠᠬᠤ ᠶᠤᠮ ᠪᠠᠶᠢᠨ᠎ᠠ᠂ ᠤᠳᠤ ᠨᠢᠬᠡᠨᠳᠡ 100 ᠭᠠᠷᠤᠢ ᠲᠦᠯ ᠲᠤᠰᠤᠭᠠᠳ ᠪᠠᠶᠢᠭ᠎ᠠ᠃ | ︽ᠪᠡᠯᠡᠳᠬᠡᠯ ᠰᠠᠶᠢᠳᠡᠢ ᠪᠤᠯ ᠪᠡᠷᠬᠡᠳᠡᠬᠦ ᠦᠬᠡᠢ︾ ᠬᠡᠳᠡᠭᠴᠢᠯᠡᠨ ᠡᠳᠡᠨᠠᠶᠢᠬᠢᠨ ᠡᠪᠤᠯ ᠤᠨ ᠪᠡᠯᠡᠳᠬᠡᠯ ᠢᠶᠠᠨ | ᠰᠠᠶᠢᠨ ᠬᠢᠵᠤ᠂ 10 ᠭᠠᠷᠤᠢ ᠲᠤᠨ ᠡᠪᠡᠰᠤ ᠨᠦᠬᠡᠴᠡᠯᠡᠨ᠂ ᠡᠬᠡ ᠮᠠᠯ ᠤᠨ ᠲᠠᠷᠭᠤ ᠬᠦᠴᠤ ᠶᠢ ᠪᠠᠳᠤᠯᠠᠵᠤ | ᠴᠢᠳᠠᠭᠰᠡᠨ ᠢᠶᠠᠷ ᠲᠦᠯ ᠮᠠᠯ ᠤᠨ ᠤᠡᠳᠤᠷᠤᠯᠳᠠ ᠰᠠᠶᠢᠨ ᠪᠠᠶᠢᠵᠤ᠂ ᠬᠡᠳᠤᠶᠢᠪᠡᠷ ᠮᠠᠰᠢ ᠶᠠᠭᠠᠷᠠᠯᠳᠡᠢ ᠮᠦᠷᠳᠡᠬᠡᠨ | ᠵᠦᠳᠡᠷᠡᠯᠳᠡᠢ ᠪᠠᠶᠢᠭᠰᠡᠨ ᠴᠤ ᠪᠠᠶᠠᠷ ᠤᠨ ᠮᠠᠩᠨᠠᠢ ᠲᠠᠨᠢᠢᠨ ᠪᠠᠶᠢᠯ᠎ᠠ᠃ | ᠲᠦᠯ ᠲᠤᠰᠴᠤ ᠪᠤᠶᠢᠵᠢᠭᠤᠯᠬᠤ ᠪᠤᠯ ᠮᠠᠯᠵᠢᠬᠤ ᠦᠢᠯᠡᠳᠪᠤᠷᠢᠯᠡᠯ ᠤᠨ ᠮᠠᠰᠢ ᠴᠢᠬᠤᠯᠠ ᠠᠵᠢᠯ ᠤᠨ ᠨᠢᠬᠡ | ᠪᠤᠯᠤᠨ᠎ᠠ᠂ ᠮᠦᠡᠴᠤ ᠮᠠᠯᠴᠢᠳ ᠤᠨ ᠤᠷᠤᠯᠭ᠎ᠠ ᠶᠢᠨ ᠢᠷᠡᠯᠳᠡ᠂ ᠰᠠᠶᠢᠨ ᠰᠠᠶᠢᠬᠠᠨ ᠠᠮᠢᠳᠤᠷᠡᠯ ᠤᠨ ᠬᠢᠨᠢ ᠬᠦᠰᠠᠯ | ᠡᠷᠠᠮᠠᠯᠵᠠᠯ ᠮᠥᠨ᠃ ᠨᠢᠳᠤᠨᠤᠨ ᠡᠪᠤᠯ ᠡᠨ᠋ᠨ ᠬᠠᠪᠤᠷ ᠠᠴᠠ ᠨᠠᠰᠢ᠂ ᠠᠪᠠᠭ᠎ᠠ ᠬᠤᠰᠢᠭᠤ ᠡᠷᠳᠡ ᠠᠴᠠ | ᠲᠤᠬᠢᠷᠠᠭᠤᠯᠤᠨ᠂ ᠡᠷᠳᠡ ᠠᠴᠠ ᠪᠠᠶᠢᠷᠢᠯᠠᠭᠤᠯᠵᠤ᠂ ᠮᠠᠯ ᠠᠵᠤ ᠠᠬᠤᠢ ᠶᠢᠨ ᠰᠠᠭᠤᠷᠢ ᠲᠦᠬᠦᠬᠡᠷᠤᠮᠵᠢ ᠶᠢᠨ ᠪᠦᠳᠤᠬᠡᠨ | ᠪᠠᠶᠢᠭᠤᠯᠤᠯᠳᠠ ᠶᠢ ᠲᠠᠰᠤᠷᠠᠯᠳᠠ ᠦᠬᠡᠢ ᠴᠢᠩᠭᠠᠳᠬᠠᠨ ᠲᠡᠬᠦᠯᠳᠡᠷᠵᠢᠬᠦᠯᠵᠤ᠂ ᠤᠬᠠᠭᠤᠯᠵᠤ ᠬᠦᠳᠤᠯᠤᠨ | ᠵᠢᠯᠤᠭᠤᠳᠬᠤ ᠶᠢ ᠴᠢᠩᠭᠠᠳᠬᠠᠨ᠂ ᠮᠠᠯᠴᠢᠳ ᠤᠨ ᠠᠷᠠᠴᠢᠯᠠᠨ ᠮᠠᠯᠵᠢᠬᠤ ᠬᠢᠷᠢ ᠲᠦᠪᠰᠢᠨ ᠢ ᠲᠠᠰᠤᠷᠠᠯᠳᠠ ᠦᠬᠡᠢ | ᠲᠡᠬᠡᠭᠰᠢᠯᠡᠬᠦᠯᠬᠦ ᠶᠢᠨ ᠬᠠᠮᠳᠤ ᠪᠠᠰᠠ ᠲᠧᠯᠸᠢᠰ᠂ ᠤᠬᠤᠷ ᠮᠡᠳᠡᠭᠡ᠂ ᠸᠢᠴᠠᠲ ᠲᠠᠪᠴᠠᠩ ᠢᠶᠠᠷ ᠲᠠᠮᠵᠢᠭᠤᠯᠤᠨ ᠴᠠᠭ | ᠠᠭᠤᠷ ᠤᠨ ᠬᠤᠪᠢᠷᠠᠯᠳᠠ ᠶᠢ ᠰᠠᠷᠠᠮᠵᠢᠯᠡᠬᠦᠯᠬᠦ ᠮᠡᠳᠡᠭᠡ ᠵᠠᠩᠬᠢ ᠶᠢ ᠨᠠᠶᠢᠳᠠᠯᠠᠵᠤ᠂ ᠮᠠᠯᠴᠢᠳ ᠤᠨ ᠴᠠᠭ ᠠᠭᠤᠷ ᠤᠨ | ᠬᠤᠪᠢᠷᠠᠯᠳᠠ ᠶᠢ ᠴᠠᠭ ᠲᠤᠬᠠᠢ ᠳᠤᠨᠢ ᠦᠢᠯᠠᠭᠠᠨ᠂ ᠠᠷᠭᠠᠴᠠᠭᠠᠬᠤ ᠠᠷᠭ᠎ᠠ ᠬᠡᠮᠵᠢᠶ᠎ᠠ ᠶᠢ ᠰᠠᠶᠢᠳᠤᠷ ᠬᠢᠬᠦ ᠶᠢ ᠦᠨᠡᠡᠬᠦ | ᠪᠠᠳᠤᠯᠠᠭᠰᠡᠨ ᠪᠠᠶᠢᠨ᠎ᠠ᠃ | ᠦᠢᠯᠠᠭᠠᠭᠰᠡᠨ ᠢᠶᠠᠷ᠂ ᠡᠨ᠋ᠨ ᠵᠢᠯ ᠠᠪᠠᠭ᠎ᠠ ᠬᠤᠰᠢᠭᠤ 84 ᠲᠦᠮᠡᠨ ᠲᠦᠯ ᠲᠤᠰᠬᠤ ᠪᠠᠷ ᠵᠢᠱᠢᠵᠤ ᠪᠠᠶᠢᠨ᠎ᠠ᠃ | ᠡᠬᠦᠨ ᠳᠤ ᠪᠤᠳᠠ ᠮᠠᠯ ᠤᠨ ᠲᠦᠯ 14 ᠲᠦᠮᠡ᠂ ᠪᠤᠭ ᠮᠠᠯ ᠤᠨ ᠲᠦᠯ 70 ᠲᠦᠮᠡ ᠪᠠᠷ ᠲᠤᠭᠠᠯᠠᠭᠳᠠᠨ᠎ᠠ᠃ |