ᠶᠠᠷᠡᠨ ᠬᠤᠶᠠᠷᠳᠡᠢ ᠮᠠᠯᠴᠢᠨ ᠠᠪᠤ ᠲᠠᠭᠤᠤ ᠲᠠᠭᠤᠯᠠᠵᠤ ᠪᠠᠶᠠᠰᠤᠨ᠎ᠠ
ᠨᠡᠶᠢᠲᠡᠯᠡᠭᠰᠡᠨ ᠴᠠᠭ᠄
2024/3/5
     ᠸᠢᠴᠠᠲ ᠤᠨ ᠨᠠᠶᠢᠵᠠ ᠶᠢᠨ ᠲᠤᠭᠤᠷᠢᠭ ᠠᠴᠠ ᠨᠢᠬᠡᠨ ᠨᠠᠰᠤᠳᠡᠢ ᠠᠪᠤ ᠶᠢᠨ ᠲᠠᠭᠤᠤ ᠲᠠᠭᠤᠯᠠᠵᠤ ᠪᠠᠶᠢᠭ᠎ᠠ ᠸᠢᠳᠢᠤ᠋ ᠪᠢᠴᠢᠯᠬᠡ ᠶᠢ ᠤᠯᠵᠤ ᠦᠵᠡᠬᠡᠳ ᠲᠦᠬᠦᠮᠬᠡᠨ ᠰᠤᠷᠪᠤᠯᠵᠢᠯᠠᠭ᠎ᠠ ᠠᠪᠴᠤ ᠪᠢᠯᠠ᠃      ᠡᠨ᠋ᠨ ᠨᠠᠰᠤᠳᠠᠨ ᠢ ᠷᠡᠰᠢᠵᠠᠪ ᠬᠡᠳᠡᠭ᠃ ᠡᠨ᠋ᠨ ᠵᠢᠯ ᠶᠠᠷᠠᠨ ᠬᠤᠶᠡᠷ ᠨᠠᠰᠤ ᠶᠢ ᠵᠤᠭᠤᠭᠯᠠᠵᠤ ᠦᠡᠳᠤᠷ ᠪᠤᠶᠠᠨ ᠤ ᠰᠠᠭᠤᠳᠠᠯ ᠳᠤ ᠯᠠᠭᠰᠢᠨ ᠰᠠᠭᠠᠳᠠᠭᠰᠡᠨ ᠪᠤᠶᠠᠡᠳᠡᠢ ᠪᠤᠭᠤᠷᠤᠯ ᠪᠠᠶᠢᠯ᠎ᠠ᠃ ᠠᠪᠠᠭ᠎ᠠ ᠬᠤᠰᠢᠭᠤᠨ ᠤ ᠬᠤᠩᠭᠤᠷᠭᠤᠤᠯ ᠪᠠᠯᠭᠠᠰᠤᠨ ᠤ ᠰᠠᠷᠠᠭᠤᠯᠳᠤᠶᠠᠭ᠎ᠠ ᠭᠠᠴᠠᠭᠠᠨ ᠤ ᠮᠠᠯᠴᠢᠨ᠃ ᠲᠠᠷᠠᠪᠠᠷ 16 ᠨᠠᠰᠤᠨ ᠳᠤ ᠪᠠᠨ ᠠᠷᠡᠳ ᠤᠨ ᠴᠡᠷᠢᠭ ᠎ ᠲᠤ ᠡᠯᠰᠡᠭᠳᠡᠭᠰᠡᠨ ᠰᠠᠶᠢᠬᠠᠨ ᠦᠯᠢᠬᠡᠷ ᠲᠤᠷᠠᠰᠤᠮᠵᠢ ᠲᠠᠢ ᠪᠠᠶᠢᠵᠤ᠂ ᠬᠡᠳᠤᠶᠢᠪᠡᠷ ᠲᠠᠭᠤᠯᠠᠵᠤ ᠪᠠᠶᠢᠭ᠎ᠠ ᠲᠠᠭᠤᠤ ᠶᠢᠨ ᠎ ᠢᠶᠠᠨ ᠭᠠᠷᠴᠠᠭ ᠢ ᠪᠤᠳᠤᠵᠤ ᠤᠯᠬᠤ ᠦᠬᠡᠢ ᠪᠠᠶᠢᠭ᠎ᠠ ᠪᠤᠯᠪᠠᠴᠤ ᠵᠠᠯᠠᠭᠤ ᠽᠠᠡᠳᠠᠨ ᠨᠠᠰᠤᠨ ᠳᠤ ᠪᠠᠨ ᠲᠠᠭᠤᠯᠠᠵᠤ ᠪᠠᠶᠢᠭᠰᠡᠨ ᠲᠠᠭᠤᠤ ᠬᠡᠳᠡᠭ ᠨᠢ ᠭᠠᠷᠴᠠᠭ᠎ᠠ ᠦᠬᠡᠢ᠃ ᠨᠠᠰᠤᠳᠠᠨ ᠭᠤᠸᠠᠢ ᠶᠢᠨ ᠠᠶᠠᠯᠤᠨ ᠲᠠᠭᠤᠯᠠᠬᠤ ᠮᠦᠷ ᠪᠠᠳᠠᠭ ᠎ ᠤᠳ ᠨᠢ ᠲᠤᠬᠠᠢ ᠶᠢᠨ ᠦᠶ᠎ᠠ ᠶᠢᠨ ᠦᠯᠢᠬᠡᠷ ᠤᠴᠢᠷᠯᠠᠯ ᠢᠶᠠᠨ ᠲᠤᠷᠠᠰᠤᠨ ᠰᠠᠨᠠᠭᠠᠯᠵᠠᠵᠤ᠂ ᠦᠳᠡᠯᠤᠬᠡ ᠨᠠᠰᠤ ᠨᠢ ᠵᠠᠯᠠᠭᠤᠵᠢᠭᠰᠡᠨ ᠶᠤᠮᠰᠢᠭ ᠪᠠᠶᠠᠷ ᠪᠠᠶᠠᠰᠤᠯ ᠢᠶᠠᠷ ᠲᠦᠬᠦᠷᠠᠩ ᠴᠠᠯᠬᠢᠵᠤ᠂ ᠰᠤᠨᠤᠰᠤᠭᠰᠡᠨ ᠪᠦᠬᠦᠨ ᠤ ᠰᠤᠨᠤᠷ ᠤᠨ ᠴᠢᠮᠡᠭ᠂ ᠰᠤᠨᠢᠷᠬᠠᠭᠰᠨᠨ ᠪᠦᠬᠦᠨ ᠤ ᠬᠠᠷᠠᠭᠠᠨ ᠳᠤ ᠪᠠᠶᠠᠰᠤᠯ ᠪᠤᠯᠵᠤ ᠪᠠᠶᠢᠯ᠎ᠠ᠃      ᠡᠳᠤᠬᠡ ᠷᠡᠰᠢᠵᠠᠪ ᠨᠠᠰᠤᠳᠠᠨ ᠤᠬᠠᠭᠠᠨ ᠰᠠᠨᠠᠭ᠎ᠠ ᠡᠷᠡᠬᠦᠯ᠂ ᠪᠠᠶ᠎ᠠ ᠲᠠᠩᠬᠡᠬᠡ ᠰᠠᠶᠢᠨ᠂ ᠦᠷ᠎ᠠ ᠶᠢᠨ ᠢᠶᠠᠨ ᠰᠠᠶᠢᠨ ᠢ ᠦᠵᠠᠨ ᠪᠠᠶᠠᠰᠴᠤ ᠦᠳᠡᠯᠤᠬᠡ ᠨᠠᠰᠤ ᠪᠠᠨ ᠵᠤᠯ ᠵᠢᠷᠭᠠᠯ ᠲᠠᠢ ᠦᠩᠬᠡᠷᠡᠬᠦᠯᠤᠨ᠎ᠠ ᠠᠵᠢ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号