ᠲᠦᠷᠤᠬᠦᠬᠡᠨ ᠬᠦᠳᠡᠭᠡ ᠠᠵᠤ ᠠᠬᠤᠢ ᠬᠦᠳᠡᠭᠡ ᠲᠤᠰᠬᠤᠨ ᠤ ᠶᠠᠮᠤᠨ ᠠᠴᠠ ᠰᠢᠨ᠎ᠠ ᠨᠢᠬᠡᠨ ᠡᠬᠡᠯᠵᠢ ᠶᠢᠨ | ᠪᠦᠬᠦ ᠤᠯᠤᠰ ᠤᠨ ᠲᠠᠷᠢᠶᠠᠯᠠᠩ ᠤᠨ ᠮᠠᠰᠢᠨ ᠬᠡᠷᠡᠭᠯᠡᠬᠦ ᠨᠢᠬᠡᠳᠤᠬᠡᠷ ᠹᠷᠤᠡᠲ ᠤᠨ ︽ᠨᠤᠳᠤᠭ ᠤᠨ ᠮᠠᠷᠬᠡᠵᠢᠯᠳᠠᠨ︾ ᠤ | ᠨᠠᠷᠡᠰ ᠢ ᠨᠠᠶᠢᠳᠠᠯᠠᠵᠤ᠂ ᠡᠬᠦᠨ ᠳᠤ᠂ ᠰᠢᠯᠢ ᠭᠤᠤᠯ ᠠᠶᠢᠮᠠᠭ ᠤᠨ ᠠᠪᠠᠭ᠎ᠠ ᠬᠤᠰᠢᠭᠤᠨ ᠤ ᠴᠠᠭᠠᠡᠨᠠᠭᠤᠷ ᠪᠠᠯᠭᠠᠰᠤᠨ | ᠤ ᠪᠠᠶᠠᠡᠨᠠᠭᠤᠷ ᠭᠠᠴᠠᠭᠠᠨ ᠤ ᠮᠠᠯᠴᠢᠨ ᠲᠡᠯᠡᠬᠡᠶᠢᠬᠤᠩᠭᠤᠷ ᠰᠤᠩᠭᠤᠭᠳᠠᠭᠰᠡᠨ ᠪᠠᠶᠢᠨ᠎ᠠ᠃ ᠲᠡᠷᠡ ᠪᠠᠰᠠ 2023 | ᠤᠨ ᠳᠤ ᠪᠦᠬᠦ ᠤᠯᠤᠰ ᠤᠨ ᠬᠦᠳᠡᠭᠡ ᠠᠵᠤ ᠠᠬᠤᠢ ᠬᠦᠳᠡᠭᠡ ᠲᠤᠰᠬᠤᠨ ᠤ ᠬᠦᠳᠡᠯᠮᠤᠷᠢ ᠶᠢᠨ ᠵᠢᠱᠢᠶᠠᠴᠢ᠂ | 2021 ᠤᠨ ᠳᠤ ᠪᠦᠬᠦ ᠠᠶᠢᠮᠠᠭ ᠤᠨ ᠬᠦᠳᠡᠭᠡ ᠲᠤᠰᠬᠤᠨ ᠢ ᠬᠦᠭᠵᠢᠬᠦᠯᠤᠨ ᠮᠠᠡᠳᠤᠭᠤᠯᠬᠤ ᠵᠠᠯᠠᠭᠤᠴᠤᠳ ᠤᠨ | ᠬᠤᠰᠢᠭᠤᠴᠢ ᠪᠠᠷ ᠦᠨᠡᠯᠡᠭᠳᠡᠵᠤ ᠪᠠᠶᠢᠪᠠ᠃ | ᠲᠠᠯᠡᠬᠡᠶᠢᠬᠤᠩᠭᠤᠷ ᠮᠠᠯᠵᠢᠬᠤ ᠦᠢᠯᠡᠳᠪᠤᠷᠢᠯᠡᠯ ᠤᠨ ᠦᠢᠯᠡᠳᠤᠯᠬᠡ ᠲᠤᠮᠳᠠ ᠲᠤᠷᠰᠢᠯᠭ᠎ᠠ ᠪᠠᠨ ᠨᠠᠷᠢᠨ | ᠬᠢᠨᠠᠮᠠᠭᠠᠢ ᠳ᠋ᠦᠩᠨᠡᠵᠤ᠂ ᠲᠤᠰᠬᠠᠢ ᠮᠠᠷᠬᠡᠵᠢᠯ ᠤᠨ ᠰᠤᠷᠤᠭᠰᠡᠨ ᠮᠡᠳᠡᠯᠬᠡ ᠪᠠᠨ ᠪᠠᠳᠠᠷᠠᠭᠤᠯᠤᠨ᠂ ᠨᠤᠳᠤᠭ ᠤᠨ ᠠᠬ᠎ᠠ | ᠲᠡᠬᠦᠦ ᠨᠠᠷ ᠢᠶᠠᠨ ᠲᠠᠭᠠᠭᠤᠯᠤᠨ ᠰᠢᠡᠵᠢᠯᠡᠬᠦ ᠤᠬᠠᠭᠠᠡᠴᠢ ᠪᠠᠷ ᠪᠠᠶᠠᠵᠢᠬᠤ ᠰᠢᠨ᠎ᠠ ᠵᠠᠮ ᠢ ᠨᠡᠬᠡᠬᠡᠭᠰᠡᠨ ᠴᠢᠳᠠᠪᠤᠷᠢᠯᠢᠭ | ᠵᠠᠯᠠᠭᠤ ᠶᠢᠨ ᠨᠢᠬᠡᠨ ᠪᠢᠯᠠ᠃ ᠲᠠᠷᠠᠪᠠᠷ 2012 ᠤᠨ ᠳᠤ ᠦᠪᠤᠷ ᠮᠤᠩᠭᠤᠯ ᠤᠨ ᠲᠠᠷᠢᠶᠠᠯᠠᠩ ᠤᠨ ᠶᠡᠭᠡ | ᠰᠤᠷᠭᠠᠭᠤᠯᠢ ᠶᠢᠨ ᠲᠠᠷᠢᠶᠠᠯᠠᠩ ᠤᠨ ᠮᠠᠰᠢᠨ ᠮᠧᠬᠠᠨᠢᠭᠵᠢᠯᠳᠠ ᠵᠢᠴᠢ ᠠᠦ᠋ᠲ᠋ᠤᠴᠢᠯᠠᠯᠳᠠ ᠶᠢᠨ ᠲᠤᠰᠬᠠᠢ ᠮᠠᠷᠬᠡᠵᠢᠯ ᠢᠶᠠᠷ | ᠲᠡᠬᠦᠰᠴᠤ᠂ 2015 ᠤᠨ ᠳᠤ ᠰᠢᠯᠢ ᠶᠢᠨ ᠭᠤᠤᠯ ᠠᠶᠢᠮᠠᠭ ᠤᠨ ︽ᠲᠠᠩᠰᠤᠭ ᠬᠠᠷᠠᠭ᠎ᠠ︾ ᠲᠠᠷᠢᠶᠠᠯᠠᠩ ᠮᠠᠯ ᠠᠵᠤ | ᠠᠬᠤᠢ ᠶᠢᠨ ᠲᠧᠭᠨᠢᠭ ᠮᠠᠷᠬᠡᠵᠢᠯ ᠤᠨ ᠬᠢᠵᠠᠭᠠᠷᠳᠤ ᠺᠤᠮᠫᠠᠨᠢ ᠶᠢ ᠪᠠᠶᠢᠭᠤᠯᠵᠠᠢ᠃ | ᠰᠤᠷᠴᠤ ᠡᠵᠡᠮᠰᠢᠵᠤ ᠰᠤᠳᠤᠯᠵᠤ ᠨᠢᠭᠳᠠᠯᠠᠬᠤ ᠶᠢ ᠪᠠᠷᠢᠮᠳᠠᠯᠠᠵᠤ ᠶᠠᠪᠤᠳᠠᠭ ᠠᠵᠢᠭᠴᠢ ᠰᠢᠭᠤᠷᠬᠠᠢ | ᠲᠠᠯᠡᠬᠡᠶᠢᠬᠤᠩᠭᠤᠷ ᠴᠠᠭ ᠦᠶ᠎ᠠ ᠲᠠᠢ ᠵᠤᠬᠢᠴᠠᠭᠤᠯᠤᠨ ᠵᠤᠷᠢᠭᠳᠡᠢ ᠰᠦᠪᠡᠭᠴᠢᠯᠠᠯᠳᠠ ᠰᠢᠨᠠᠴᠢᠯᠠᠯᠳᠠ ᠬᠢᠵᠤ ᠬᠦᠳᠡᠭᠡ | ᠲᠤᠰᠬᠤᠨ ᠢ ᠬᠦᠭᠵᠢᠬᠦᠯᠤᠨ ᠮᠠᠡᠳᠤᠭᠤᠯᠬᠤ ᠳᠤ ᠨᠢᠬᠡ ᠮᠦᠷᠤᠨ ᠤ ᠬᠦᠴᠤᠨ ᠢᠶᠠᠨ ᠡᠷᠬᠦᠭᠰᠡᠬᠡᠷ ᠢᠷᠡᠪᠡ᠃ ᠲᠠᠷᠠᠪᠠᠷ | ᠦᠢᠯᠡᠳᠤᠯᠬᠡ ᠪᠠ ᠰᠤᠷᠤᠭᠰᠡᠨ ᠮᠠᠳᠡᠯᠬᠡ ᠲᠠᠢ ᠪᠠᠨ ᠤᠶᠠᠯᠳᠤᠭᠤᠯᠤᠨ᠂ ᠮᠠᠯᠵᠢᠬᠤ ᠦᠢᠯᠡᠳᠪᠤᠷᠢᠯᠡᠯ ᠳᠤ ᠬᠡᠷᠡᠭᠴᠡᠭᠡ | ᠲᠠᠢ ᠪᠠᠯᠴᠢᠬᠡᠷ ᠤᠨ ᠬᠢᠨᠡᠭᠤᠷ ᠲᠤᠷᠠᠨ᠂ ᠬᠤᠳᠳᠤᠭ ᠤᠨ ᠠᠯᠤᠰ ᠡᠵᠡᠮᠳᠡᠬᠦᠷ᠂ ᠤᠯᠠᠨ ᠬᠡᠷᠡᠭᠴᠡᠬᠡᠳᠤ ᠦᠬᠡᠷ | ᠲᠡᠵᠢᠬᠡᠬᠦ ᠲᠦᠬᠦᠬᠡᠷᠤᠮᠵᠢ ᠵᠡᠷᠬᠡ 10 ᠵᠥᠢᠯ ᠤᠨ ᠮᠠᠰᠢᠨ ᠲᠦᠬᠦᠬᠡᠷᠤᠮᠵᠢ ᠶᠢ ᠰᠤᠳᠤᠯᠤᠨ ᠪᠦᠳᠤᠬᠡᠬᠡᠳ ᠲᠡᠳᠡᠬᠡᠷ | ᠨᠢ ᠲᠤᠰ ᠲᠤᠰ ᠤᠯᠤᠰ ᠤᠨ ᠲᠤᠰᠬᠠᠢ ᠠᠰᠢᠭ ᠤᠨ ᠡᠷᠬᠡ ᠶᠢ ᠤᠯᠵᠠᠢ᠃ ᠲᠡᠬᠦᠨ ᠤ ᠰᠢᠨ᠎ᠠ ᠡᠬᠦᠳᠤᠯᠳᠠ ᠪᠠ | ᠰᠤᠳᠤᠯᠤᠨ ᠪᠦᠳᠤᠬᠡᠯᠳᠡ ᠨᠢ ᠴᠦᠮ ᠮᠠᠯᠵᠢᠬᠤ ᠦᠢᠯᠡᠳᠪᠤᠷᠢᠯᠡᠯ ᠲᠠᠢ ᠨᠢᠭᠳᠠ ᠬᠤᠯᠪᠤᠭ᠎ᠠ ᠲᠠᠢ ᠪᠠᠶᠢᠵᠤ᠂ ᠰᠢᠨ᠎ᠠ | ᠮᠡᠷᠬᠡᠵᠢᠯ ᠢ ᠨᠢ ᠮᠠᠯᠵᠢᠬᠤ ᠦᠢᠯᠡᠳᠪᠤᠷᠢᠯᠡᠯ ᠳᠤ ᠲᠦᠬᠡᠮᠡᠯ ᠬᠡᠷᠡᠭᠯᠡᠵᠤ᠂ ᠮᠠᠯᠵᠢᠬᠤ ᠦᠢᠯᠡᠳᠪᠤᠷᠢᠯᠡᠯ ᠤᠨ ᠦᠪᠡᠷ ᠤᠨ | ᠦᠷᠳᠡᠭ ᠢ ᠬᠠᠮᠤᠭ ᠤᠨ ᠶᠡᠭᠡ ᠬᠡᠮᠵᠢᠶ᠎ᠠ ᠪᠠᠷ ᠪᠠᠭᠠᠰᠬᠠᠵᠤ᠂ ᠤᠳᠤ ᠪᠤᠯᠳᠠᠯ᠎ᠠ 1000 ᠭᠠᠷᠤᠢ ᠮᠠᠯᠵᠢᠬᠤ ᠡᠷᠤᠬᠡ | ᠲᠡᠬᠦᠨ ᠤ ᠮᠠᠰᠢᠨ ᠲᠦᠬᠦᠬᠡᠷᠤᠮᠵᠢ ᠶᠢ ᠬᠡᠷᠡᠭᠯᠡᠬᠡᠳ ᠦᠷ᠎ᠠ ᠠᠰᠢᠭ ᠢ ᠨᠢ ᠬᠦᠷᠳᠡᠭᠰᠡᠨ ᠪᠠᠶᠢᠳᠠᠭ᠃ |