ᠴᠠᠭᠠᠡᠨᠠᠭᠤᠷ ᠤᠨ ᠲᠠᠯ᠎ᠠ ᠨᠤᠳᠤᠭ ᠲᠠᠬᠢ ︽ᠠᠮᠢᠳᠤ ᠭᠠᠵᠡᠷ ᠤᠨ ᠵᠢᠷᠤᠭ︾ ᠡᠷᠳᠡᠨᠢᠪᠠᠶᠠᠷ
ᠨᠡᠶᠢᠲᠡᠯᠡᠭᠰᠡᠨ ᠴᠠᠭ᠄
2024/3/29
     ᠮᠠᠯᠴᠢᠳ ᠤᠨ ᠫᠸᠡᠭ ᠬᠤᠷᠤᠭᠠᠨ ᠤ ᠪᠠᠶᠢᠭᠤᠯᠤᠯᠳᠠ ᠠᠴᠠ ᠰᠢᠨ᠎ᠠ ᠡᠨᠧᠷᠬᠢ ᠶᠢᠨ ᠭᠠᠵᠡᠷ ᠲᠠᠳᠠᠪᠤᠷᠢᠯᠠᠬᠤ ᠠᠬᠤᠢ ᠲᠠᠯᠠᠪᠠᠢ ᠳᠤ ᠬᠦᠷᠳᠡᠯ᠎ᠠ᠂ ᠭᠠᠯ ᠰᠡᠷᠬᠡᠶᠢᠯᠡᠬᠦ ᠵᠢᠵᠢᠬᠦᠷ ᠤᠨ ᠬᠡᠷ ᠠᠴᠠ ᠵᠦᠷᠢᠴᠠᠯ ᠵᠢᠭᠤᠷᠠᠭᠠᠨ ᠢ ᠡᠶᠠᠳᠡᠬᠦᠯᠤᠨ ᠰᠢᠢᠳᠪᠤᠷᠢᠯᠡᠬᠦ ᠳᠤ ᠬᠦᠷᠳᠡᠯ᠎ᠠ ᠲᠡᠬᠦᠨ ᠤ ᠠᠵᠢᠯ ᠮᠤᠩᠳᠠᠬᠤ ᠦᠬᠡᠢ ᠯᠠ ᠶᠠᠭᠠᠷᠠᠨ᠎ᠠ᠃ ᠴᠠᠭᠠᠡᠨᠠᠭᠤᠷ ᠪᠠᠯᠭᠠᠰᠤᠨ ᠤ ᠲᠡᠳ᠋ ᠲᠠᠷᠤᠭ᠎ᠠ ᠡᠷᠳᠡᠨᠢᠪᠠᠶᠠᠷ ᠦᠡᠳᠤᠰᠤᠨ ᠱᠠᠳᠤᠨ ᠤ ᠨᠢᠬᠡᠳᠤᠬᠡᠷ ᠹᠷᠤᠡᠲ ᠲᠤ ᠡᠶᠢᠡᠬᠦ ᠭᠠᠪᠰᠢᠭᠠᠶᠢᠯᠠᠭᠰᠠᠭᠠᠷ ᠢᠷᠡᠵᠡᠢ᠃      ᠡᠬᠦᠷᠬᠡ ᠬᠠᠷᠢᠭᠤᠴᠠᠯᠭ᠎ᠠ ᠨᠢ ᠲᠡᠬᠦᠨ ᠤ ᠰᠤᠩᠭᠤᠯᠳᠠ ᠪᠢᠰᠢ᠂ ᠬᠠᠷᠢᠨ ᠲᠡᠬᠦᠨ ᠤ ᠤᠭ ᠰᠠᠨᠠᠭ᠎ᠠ᠂ ᠠᠵᠢᠯ ᠎ ᠤᠨ ᠪᠠᠷᠢᠮᠳᠠᠯᠠᠯ ᠪᠠᠶᠢᠭ᠎ᠠ᠃ 2007 ᠤᠨ ᠳᠤ᠂ ᠡᠷᠳᠡᠨᠢᠪᠠᠶᠠᠷ ᠴᠡᠷᠢᠭ ᠠᠴᠠ ᠪᠠᠨ ᠬᠠᠯᠠᠭᠳᠠᠨ ᠨᠤᠳᠤᠭ ᠲᠠᠭᠠᠨ ᠪᠤᠴᠠᠵᠤ᠂ ᠦᠡᠳᠤᠰᠤᠨ ᠱᠠᠳᠤᠨ ᠤ ᠭᠠᠯ ᠤᠡᠳᠠᠷᠠᠭᠠᠭᠴᠢ ᠪᠠᠷ ᠠᠵᠢᠯ ᠤᠨ ᠭᠠᠷᠤᠭ᠎ᠠ ᠪᠠᠨ ᠠᠪᠴᠠᠢ᠃ ᠲᠡᠬᠦᠨ ᠤ ᠬᠤᠪᠢ ᠳᠤ᠂ ᠴᠡᠷᠢᠭ ᠨᠠᠷ᠎ᠠ ᠨᠢ ᠢᠷᠠᠭᠤ ᠠᠯᠳᠠᠷ ᠲᠠᠳᠤᠢ ᠪᠢᠰᠢ᠂ ᠨᠠᠩ ᠴᠤ ᠨᠢᠬᠡ ᠬᠤᠪᠢ ᠡᠬᠦᠷᠬᠡ ᠬᠠᠷᠢᠭᠤᠴᠠᠯᠭ᠎ᠠ ᠪᠠᠶᠢᠵᠤ᠂ ᠴᠡᠷᠢᠭ ᠤᠨ ᠠᠯᠪᠠ ᠬᠠᠭᠠᠬᠤ ᠬᠤᠭᠤᠴᠠᠭᠠᠨ ᠳᠠᠬᠢ ᠲᠠᠪᠳᠠᠨ ᠪᠤᠯᠪᠠᠰᠤᠷᠠᠭᠤᠯᠤᠯᠳᠠ ᠪᠠ ᠲᠤᠷᠰᠢᠯᠭ᠎ᠠ ᠤᠯᠤᠯᠳᠠ ᠨᠢ ᠲᠡᠬᠦᠨ ᠤ ᠠᠵᠢᠯ ᠠᠮᠢᠳᠤᠷᠠᠯ ᠳᠤ ᠶᠡᠬᠡᠬᠡᠨ ᠦᠷ᠎ᠠ ᠨᠦᠯᠤᠬᠡ ᠪᠤᠯᠬᠤ ᠨᠢ ᠲᠠᠮᠵᠢᠭ ᠦᠬᠡᠢ᠃ 2017 ᠤᠨ ᠳᠤ ᠲᠡᠷᠡ ᠦᠡᠳᠤᠰᠤᠨ ᠱᠠᠳᠤᠨ ᠤ ᠵᠠᠪᠰᠡᠭᠳᠤ ᠬᠦᠴᠤᠨ ᠤ ᠬᠡᠯᠳᠡᠰ ᠤᠨ ᠲᠠᠷᠤᠭ᠎ᠠ ᠶᠢᠨ ᠲᠤᠰᠢᠶᠠᠯ  ᠡᠬᠦᠷᠬᠡᠯᠡᠨ᠂ 7 ᠵᠢᠯ ᠤᠨ ᠬᠤᠭᠤᠴᠠᠭᠠᠨ ᠳᠤ᠂ ᠴᠠᠭᠠᠡᠨᠠᠭᠤᠷ ᠪᠠᠯᠭᠠᠰᠤ ᠨᠢ 400 ᠭᠠᠷᠤᠢ ᠵᠠᠯᠠᠭᠤᠴᠤᠳ ᠢ ᠴᠡᠷᠢᠭ ᠎ ᠤᠨ ᠠᠯᠪᠠᠨ ᠳᠤ ᠲᠠᠩᠰᠠᠯᠠᠬᠤ ᠡᠬᠦᠷᠬᠡ ᠶᠢ ᠪᠠᠶᠠᠯᠠᠬᠦᠯᠵᠤ᠂ ᠨᠠᠶᠢᠳᠠ 30 ᠭᠠᠷᠤᠢ ᠰᠢᠯᠢᠳᠡᠭ ᠵᠠᠯᠠᠭᠤᠴᠤᠳ ᠴᠡᠷᠢᠭ ᠎ ᠲᠤ  ᠡᠯᠰᠡᠭᠳᠡᠨ᠂ ᠵᠢᠯ ᠪᠦᠷᠢ ᠡᠷᠤᠬᠡ ᠶᠢᠨ ᠴᠡᠷᠢᠭ ᠤᠨ ᠪᠤᠯᠪᠠᠰᠤᠷᠠᠯ ᠤᠨ ᠠᠵᠢᠯ ᠢ ᠢᠳᠡᠪᠬᠢᠳᠡᠢ ᠰᠠᠶᠢᠳᠤᠷ ᠬᠢᠵᠤ᠂ ᠦᠡᠳᠤᠰᠤᠨ ᠱᠠᠳᠤᠨ ᠳᠤ ︽ᠡᠩ ᠤᠨ ᠦᠶ᠎ᠠ ᠳᠤ ᠠᠷᠡᠳ ᠲᠤ ᠦᠢᠯᠡᠴᠢᠯᠡᠬᠦ᠂ ᠴᠢᠬᠤᠯᠠ ᠦᠶ᠎ᠠ ᠳᠤ ᠪᠠᠴᠢᠮ ᠪᠠᠶᠢᠳᠠᠯ ᠢ ᠠᠷᠭᠠᠴᠠᠭᠠᠬᠤ᠂ ᠲᠠᠶᠢᠨ ᠤ ᠦᠶ᠎ᠠ ᠳᠤ ᠤᠭᠳᠤᠨ ᠪᠠᠶᠢᠯᠳᠤᠬᠤ︾ ᠰᠢᠯᠭᠠᠷᠠᠭᠰᠡᠨ ᠡᠩᠨᠡᠭᠡ ᠶᠢ ᠪᠤᠯᠪᠠᠰᠤᠷᠠᠭᠤᠯᠤᠨ ᠭᠠᠷᠭᠠᠪᠠ᠃ ᠤᠯᠤᠰ ᠬᠡᠷ ᠢᠶᠠᠨ ᠬᠠᠮᠠᠭᠠᠯᠠᠳᠠᠭ ᠴᠡᠷᠢᠭ ᠬᠦᠮᠤᠨ ᠠᠴᠠ ᠠᠷᠡᠳ ᠲᠦᠮᠡᠨ ᠳᠤ ᠦᠢᠯᠡᠴᠢᠯᠡᠳᠡᠭ ᠦᠡᠳᠤᠰᠤᠨ ᠱᠠᠳᠤᠨ ᠤ ᠺᠠᠳ᠋ᠷ ᠬᠦᠷᠳᠡᠯ᠎ᠠ᠂ ᠲᠡᠬᠦᠨ ᠤ ᠲᠦᠷᠢ ᠶᠠᠭᠠᠬᠢᠵᠤ ᠬᠤᠪᠢᠷᠠᠭᠰᠡᠨ ᠴᠤ ᠢᠮᠠᠭᠳᠠ ᠨᠠᠮ ᠢᠶᠠᠨ ᠬᠠᠶᠢᠷᠠᠯᠠᠵᠤ ᠠᠷᠡᠳ ᠢᠶᠠᠨ ᠬᠠᠶᠢᠷᠠᠯᠠᠬᠤ ᠤᠭ ᠰᠠᠨᠠᠭ᠎ᠠ ᠨᠢ ᠬᠤᠪᠢᠷᠠᠭ᠎ᠠ ᠦᠬᠡᠢ ᠁ ᠠᠷᠡᠳ ᠲᠦᠮᠡᠨ ᠳᠤ ᠦᠢᠯᠡᠴᠢᠯᠡᠬᠦ ᠰᠡᠳᠬᠢᠯ ᠤᠨ ᠭᠠᠯ ᠨᠢ ᠬᠡᠵᠢᠶᠠᠳᠠ ᠪᠠᠳᠠᠷᠠᠭᠤᠨ ᠪᠠᠶᠢᠭᠰᠠᠭᠠᠷ᠃      2012 ᠤᠨ ᠳᠤ ᠡᠷᠳᠡᠨᠢᠪᠠᠶᠠᠷ ᠴᠠᠭᠠᠡᠨᠠᠭᠤᠷ ᠪᠠᠯᠭᠠᠰᠤᠨ ᠤ ᠮᠠᠯ ᠠᠵᠤ ᠠᠬᠤᠢ ᠶᠢᠨ ᠲᠤᠰᠠᠯᠠᠭᠴᠢ ᠶᠢᠨ ᠲᠤᠰᠢᠶᠠᠯ ᠢ ᠬᠠᠷᠢᠭᠤᠴᠠᠯ᠎ᠠ᠃ ᠡᠷᠤᠬᠡ ᠳᠤ ᠬᠦᠡᠵᠡᠬᠡᠶᠢᠷᠡᠬᠦ᠂ ᠮᠠᠯ ᠤᠨ ᠪᠦᠳᠤᠴᠠ ᠶᠢ ᠦᠢᠯᠠᠭᠠᠬᠤ᠂ ᠵᠦᠷᠢᠴᠠᠯ ᠵᠢᠭᠤᠷᠠᠭᠠᠨ ᠢ ᠡᠶᠡᠳᠡᠬᠦᠯᠤᠨ ᠰᠢᠢᠳᠪᠤᠷᠢᠯᠡᠬᠦ ᠁ ᠵᠡᠷᠬᠡ ᠠᠵᠢᠯ ᠨᠢ ᠲᠡᠬᠦᠨ ᠤ ᠡᠳᠤᠷ ᠲᠤᠳᠤᠮ ᠤᠨ ᠠᠵᠢᠯ ᠤᠨ ᠵᠤᠷᠰᠢᠯ ᠪᠤᠯᠵᠤ᠂ ᠡᠷᠳᠡᠯᠠᠵᠤ ᠤᠷᠤᠶᠢᠯᠠᠨ ᠦᠷᠯᠤᠬᠡ ᠶᠢᠨ ᠨᠠᠷᠠ ᠪᠠᠷ ᠭᠠᠷᠴᠤ᠂ ᠦᠳᠡᠰᠢ ᠶᠢᠨ ᠪᠦᠷᠤᠢ᠂ ᠰᠦᠨᠢ ᠲᠦᠯᠢ ᠪᠠᠷ ᠬᠠᠷᠢᠵᠤ ᠢᠷᠡᠳᠡᠭ ᠨᠢ ᠵᠦᠩᠳᠡᠬᠡᠨ᠃ ᠶᠠᠭ ᠡᠶᠢᠮᠤᠷᠬᠦ ᠮᠠᠯᠵᠢᠬᠤ ᠤᠷᠤᠨ᠂ ᠮᠠᠯᠵᠢᠬᠤ ᠡᠷᠤᠬᠡ ᠶᠢᠨ ᠬᠦᠡᠵᠡᠬᠡᠶᠢᠷᠡᠯ ᠦᠷᠬᠦᠯᠵᠢᠯᠠᠵᠤ ᠪᠠᠶᠢᠳᠠᠭ ᠠᠴᠠ ᠲᠠᠷᠠ ᠴᠠᠭᠠᠡᠨᠠᠭᠤᠷ ᠪᠠᠯᠭᠠᠰᠤᠨ ᠤ ᠭᠠᠴᠠᠭ᠎ᠠ ᠪᠤᠯᠭᠠᠨ ᠢ ᠠᠯᠠᠭᠠᠨ ᠵᠢᠷᠤᠭᠠᠰᠤ ᠪᠠᠨ ᠰᠢᠭ ᠲᠤᠳᠤᠷᠬᠠᠢ ᠦᠢᠯᠠᠭᠠᠨ᠂ ᠪᠦᠬᠦ ᠪᠠᠯᠭᠠᠰᠤᠨ ᠤ ᠮᠠᠯᠵᠢᠬᠤ ᠡᠷᠤᠬᠡ ᠶᠢᠨ ᠪᠠᠶᠢᠳᠠᠯ ᠢ ᠨᠠᠷᠢᠨ ᠦᠢᠯᠠᠭᠠᠵᠤ᠂ ᠴᠠᠭᠠᠡᠨᠠᠭᠤᠷ ᠤᠨ ᠲᠠᠯ᠎ᠠ ᠨᠤᠳᠤᠭ ᠳᠠᠬᠢ ︽ᠠᠮᠢᠳᠤ ᠭᠠᠵᠡᠷ ᠤᠨ ᠵᠢᠷᠤᠭ︾ ᠬᠡᠮᠡᠭᠳᠡᠭᠰᠡᠨ ᠰᠠᠶᠢᠬᠠᠨ ᠠᠯᠳᠠᠷ ᠢ ᠡᠷᠬᠦᠵᠡᠢ᠃ ᠡᠷᠤᠬᠡ ᠳᠤ ᠬᠦᠡᠵᠡᠬᠡᠶᠢᠷᠡᠨ ᠦᠬᠡᠷ ᠤᠨ ᠡᠬᠦᠯᠳᠡᠷ ᠰᠠᠶᠢᠵᠢᠷᠠᠭᠤᠯᠬᠤ ᠲᠤᠬᠠᠢ ᠤᠬᠠᠭᠤᠯᠵᠤ᠂ ᠮᠠᠯᠵᠢᠬᠤ ᠡᠷᠤᠬᠡ ᠶᠢᠨ ᠦᠢᠯᠡᠳᠪᠤᠷᠢᠯᠡᠯ ᠠᠮᠢᠳᠤᠷᠡᠯ ᠵᠢᠴᠢ ᠮᠠᠯ ᠰᠦᠷᠦᠭ ᠤᠨ ᠪᠦᠳᠤᠴᠠ ᠶᠢᠨ ᠪᠠᠶᠢᠳᠠᠯ ᠢ ᠦᠢᠯᠠᠭᠠᠵᠤ᠂ ᠯᠠᠪᠳᠠᠭᠤᠨ ᠪᠠᠳᠤᠳᠡᠢ ᠪᠠᠶᠢᠴᠠᠭᠠᠨ ᠰᠤᠳᠤᠯᠤᠯᠳᠠ ᠬᠢᠭᠰᠡᠨ ᠰᠠᠭᠤᠷᠢᠨ ᠲᠡᠬᠡᠷ᠎ᠠ᠂ ᠲᠠᠷᠠ ᠮᠠᠯᠴᠢᠳ ᠤᠨ ᠮᠠᠯ ᠰᠦᠷᠦᠭ ᠤᠨ ᠪᠦᠳᠤᠴᠠ ᠳᠤ ᠪᠠᠨ ᠲᠤᠬᠢᠷᠠᠭᠤᠯᠤᠯᠳᠠ ᠬᠢᠬᠦ᠂ ᠰᠢᠡᠵᠢᠯᠡᠬᠦ ᠤᠬᠠᠭᠠᠡᠴᠢ ᠪᠠᠷ ᠲᠡᠵᠢᠬᠡᠨ ᠦᠷᠡᠵᠢᠬᠦᠯᠬᠦ ᠳᠤ ᠬᠠᠪᠰᠤᠷᠴᠤ ᠪᠠᠶᠢᠳᠠᠭ᠃      ᠬᠦᠭᠵᠢᠯᠲᠦ ᠭᠠᠴᠠᠭᠠᠨ ᠤ ᠤᠶᠠᠩᠭ᠎ᠠ ᠶᠢᠨ ᠬᠢᠨ ᠪᠤᠯ ᠲᠠᠳᠠᠨ ᠤ ᠲᠤᠳᠤᠷᠡᠬᠢ ᠨᠢᠬᠡ ᠨᠢ ᠪᠤᠯᠤᠨ᠎ᠠ᠃ 2011 ᠤᠨ ᠳᠤ᠂ ᠤᠶᠠᠩᠭ᠎ᠠ ᠶᠡᠭᠡ ᠰᠤᠷᠭᠠᠭᠤᠯᠢ ᠪᠠᠨ ᠲᠡᠬᠦᠰᠤᠬᠡᠳ ᠭᠠᠴᠠᠭᠠᠨ ᠳᠤ ᠪᠠᠨ ᠬᠠᠷᠢᠵᠤ ᠮᠠᠯᠴᠢᠨ ᠵᠠᠶᠠᠭ᠎ᠠ ᠲᠦᠰᠢᠵᠠᠢ᠃ ᠲᠡᠬᠡᠬᠦ ᠳᠤ ᠮᠠᠯᠵᠢᠯ ᠤᠨ ᠤᠷᠤᠯᠭ᠎ᠠ ᠨᠢ ᠨᠠᠯᠢᠶᠠᠳ ᠲᠤᠤᠷ᠎ᠠ᠂ ᠬᠦᠳᠡᠯᠮᠤᠷᠢ ᠬᠦᠴᠤᠨ ᠤ ᠦᠪᠡᠷ ᠤᠨ ᠦᠷᠳᠡᠭ ᠮᠠᠰᠢ ᠦᠡᠳᠤᠷ᠂ ᠨᠤᠳᠤᠭ ᠪᠠᠯᠴᠢᠬᠡᠷ ᠬᠦᠷᠤᠯᠴᠡᠭᠡ ᠮᠠᠭᠤᠳᠡᠢ᠂ ᠠᠮᠢ ᠠᠬᠤᠢ ᠦᠷᠬᠦᠯᠵᠢᠯᠡᠨ ᠮᠠᠭᠤᠳᠠᠭᠰᠡᠨ ᠪᠠᠷᠬᠡ ᠪᠠᠶᠢᠳᠠᠯ ᠲᠡᠬᠦᠨ ᠢ ᠤᠭᠳᠤᠵᠤ ᠠᠪᠤᠭᠰᠡᠨ ᠳ᠋ᠠ᠃ ᠡᠶᠢᠮᠤᠷᠬᠦ ᠪᠠᠶᠢᠳᠠᠯ ᠲᠤᠤᠷ᠎ᠠ ᠤᠶᠠᠩᠭ᠎ᠠ ᠨᠦᠬᠦᠷ ᠲᠠᠢ ᠪᠠᠨ ᠡᠵᠡᠩᠨᠡᠯᠳᠡ ᠶᠢᠨ ᠠᠷᠭ᠎ᠠ ᠬᠡᠯᠪᠡᠷᠢ ᠪᠠᠨ ᠬᠤᠪᠢᠷᠠᠭᠤᠯᠬᠤ ᠪᠠᠷ ᠵᠤᠷᠢᠭ ᠰᠢᠭᠤᠳᠴᠤ᠂ ᠲᠠᠷᠠᠭ᠎ᠠ ᠵᠢᠯ ᠠᠴᠠ ᠨᠢ ᠱᠠᠷᠦ᠋ᠯᠠᠢ ᠦᠨᠢᠶᠠᠨ ᠳᠤ ᠪᠠᠨ ᠭᠠᠷ ᠬᠡᠬᠡᠯᠳᠤᠬᠦᠯᠬᠡ ᠬᠢᠵᠤ ᠠᠩᠬᠠᠨ ᠤ ᠳᠤᠷᠰᠢᠯᠲᠠ ᠪᠠᠨ  ᠡᠬᠢᠯᠡᠬᠦᠯᠵᠡᠢ᠃ ᠲᠡᠬᠡᠬᠦ ᠳᠤ ᠡᠷᠳᠡᠨᠢᠪᠠᠶᠠᠷ ᠲᠠᠳᠠᠨ ᠳᠤ ᠬᠠᠪᠰᠤᠷᠤᠨ ᠭᠠᠳᠠᠭᠠᠳᠤ ᠠᠴᠠ ᠤᠷᠤᠭᠤᠯᠤᠭᠰᠡᠨ ᠢᠴᠡᠬᠡᠯ ᠦᠷ᠎ᠠ ᠭᠤᠶᠤᠴᠢᠯᠠᠵᠤ ᠦᠭᠬᠦ ᠶᠢᠨ ᠬᠠᠮᠳᠤ ᠮᠠᠯ ᠰᠦᠷᠦᠭ ᠤᠨ ᠡᠬᠦᠯᠳᠡᠷ ᠰᠠᠶᠢᠵᠢᠷᠠᠭᠤᠯᠵᠤ ᠪᠠᠶᠢᠭ᠎ᠠ ᠪᠠᠶᠢᠳᠠᠯ ᠢ ᠨᠢ ᠬᠠᠯᠠᠮᠵᠢᠯᠠᠨ ᠰᠠᠨᠠᠭᠠᠰᠢᠷᠠᠵᠤ ᠪᠠᠶᠢᠯ᠎ᠠ᠃ ᠡᠬᠢᠨ ᠳᠤ ᠪᠠᠨ ᠪᠤᠰᠤᠳ ᠭᠠᠵᠡᠷ ᠤᠨ ᠰᠢᠯᠢᠳᠡᠭ ᠡᠬᠦᠯᠳᠡᠷ ᠤᠨ ᠦᠬᠡᠷ ᠤᠨ ᠲᠤᠬᠠᠢ ᠮᠠᠯᠴᠢᠳ ᠰᠠᠶᠢᠨ ᠦᠢᠯᠠᠭᠠᠬᠤ ᠦᠬᠡᠢ ᠪᠠᠶᠢᠭᠰᠡᠨ ᠪᠤᠯᠬᠤᠷ᠂ ᠤᠶᠠᠩᠭ᠎ᠠ ᠶᠢᠨ ᠬᠢᠨ ᠴᠤ ᠦᠷᠬᠦᠯᠵᠢᠯᠡᠨ ᠭᠠᠷ ᠬᠡᠬᠡᠯᠳᠤᠬᠦᠯᠬᠡ ᠬᠢᠬᠦ ᠲᠠᠯ᠎ᠠ ᠪᠠᠷ ᠡᠷᠡᠬᠡᠯᠵᠡᠬᠡᠨ ᠲᠠᠢ ᠪᠠᠶᠢᠯ᠎ᠠ᠃ ᠡᠴᠤᠰ ᠲᠤ ᠪᠠᠨ ᠡᠷᠳᠡᠨᠢᠪᠠᠶᠠᠷ ᠤᠨ ᠵᠤᠷᠢᠭᠵᠢᠭᠤᠯᠤᠯ ᠪᠠ ᠪᠠᠷᠢᠮᠳᠠᠯᠠᠯ ᠲᠤᠤᠷ᠎ᠠ᠂ ᠦᠷᠬᠦᠯᠵᠢᠯᠡᠨ ᠦᠨᠢᠶᠠᠨ ᠳᠤ ᠪᠠᠨ ᠭᠠᠷ ᠬᠡᠬᠡᠯᠳᠤᠬᠦᠯᠬᠡ ᠬᠢᠵᠤ᠂ ᠬᠠᠮᠤᠭ ᠤᠨ ᠠᠩᠬ᠎ᠠ ᠡᠬᠦᠯᠳᠡᠷ ᠰᠠᠶᠢᠵᠢᠷᠠᠭᠤᠯᠤᠭᠰᠡᠨ 20 ᠭᠠᠷᠤᠢ ᠦᠨᠢᠶ᠎ᠠ ᠨᠢ ᠰᠠᠭᠤᠷᠢ ᠡᠬᠡ ᠮᠠᠯ ᠪᠤᠯᠵᠤ᠂ 2014 ᠤᠨ ᠳᠤ ᠡᠳᠡᠨᠠᠶᠢᠬᠢᠨ ᠤ ᠦᠬᠡᠷ ᠤᠨ ᠰᠦᠷᠦᠭ ᠨᠢ ᠴᠠᠭᠠᠡᠨᠠᠭᠤᠷ ᠪᠠᠯᠭᠠᠰᠤᠨ ᠤ ᠰᠢᠯᠢᠳᠡᠭ ᠡᠬᠦᠯᠳᠡᠷ ᠤᠨ ᠭᠤᠤᠯᠯᠠᠬᠤ ᠰᠦᠷᠦᠭ ᠪᠤᠯᠬᠤ ᠳᠤ ᠰᠠᠭᠤᠷᠢ ᠲᠠᠯᠪᠢᠵᠤ ᠦᠭᠬᠦᠭᠰᠡᠨ ᠪᠠᠶᠢᠨ᠎ᠠ᠃      2017 ᠤᠨ ᠳᠤ᠂ ᠡᠷᠳᠡᠨᠢᠪᠠᠶᠡᠷ ᠪᠠᠯᠭᠠᠰᠤᠨ ᠤ ᠲᠡᠳ᠋ ᠲᠠᠷᠤᠭ᠎ᠠ ᠶᠢᠨ ᠲᠤᠰᠢᠶᠠᠯ ᠳᠤ ᠭᠠᠷᠤᠮᠠᠭᠴᠠ᠂ ᠨᠤᠳᠤᠭ ᠪᠠᠯᠴᠢᠬᠡᠷ ᠤᠨ ᠡᠵᠡᠩᠨᠡᠯᠳᠡ ᠶᠢᠨ ᠡᠷᠬᠡ ᠶᠢ ᠨᠤᠳᠠᠯᠠᠨ ᠲᠤᠭᠳᠠᠭᠠᠬᠤ ᠠᠵᠢᠯ ᠳᠤ ᠤᠷᠤᠯᠴᠠᠵᠤ᠂ ᠪᠦᠬᠦ ᠪᠠᠯᠭᠠᠰᠤᠨ ᠤ 1 ᠭᠠᠴᠠᠭᠠᠨ ᠤ ᠨᠤᠳᠤᠭ ᠪᠠᠯᠴᠢᠬᠡᠷ ᠤᠨ ᠡᠵᠡᠩᠨᠡᠯᠳᠡ ᠶᠢᠨ ᠡᠷᠬᠡ ᠶᠢ ᠨᠤᠳᠠᠯᠠᠨ ᠲᠤᠭᠳᠠᠭᠠᠬᠤ ᠠᠵᠢᠯ ᠎ ᠤᠨ ᠪᠦᠬᠦ ᠶᠠᠪᠤᠴᠠ ᠳᠤ ᠪᠠᠶᠠᠴᠢᠯᠠᠨ ᠤᠷᠤᠯᠴᠠᠵᠠᠢ᠃ ᠪᠠᠯᠭᠠᠰᠤᠨ ᠤ ᠲᠡᠳ᠋ ᠲᠠᠷᠤᠭ᠎ᠠ ᠶᠢᠨ ᠲᠤᠰᠢᠶᠠᠯ ᠢ ᠬᠠᠷᠢᠭᠤᠴᠠᠭᠰᠡᠨ 7 ᠵᠢᠯ ᠤᠨ ᠬᠤᠭᠤᠴᠠᠭᠠᠨ ᠳᠤ᠂ ᠲᠠᠷᠡ ᠡᠯ᠎ᠠ ᠵᠥᠢᠯ ᠤᠨ ᠵᠦᠷᠢᠴᠠᠯ ᠵᠢᠭᠤᠷᠠᠭᠠᠨ ᠢ ᠨᠠᠶᠢᠳᠠ 200 ᠭᠠᠷᠤᠢ ᠤᠳᠠᠭ᠎ᠠ ᠡᠶᠠᠳᠡᠬᠦᠯᠵᠤ᠂ ᠵᠦᠷᠢᠴᠡᠯ ᠵᠢᠭᠤᠷᠠᠭᠠᠨ ᠢ ᠦᠡᠳᠤᠰᠤᠨ ᠱᠠᠳᠤᠨ ᠳᠤ ᠡᠶᠡᠳᠡᠬᠦᠯᠬᠦ ᠶᠢ ᠦᠨᠡᠨ ᠬᠦ ᠪᠠᠶᠠᠯᠠᠬᠦᠯᠵᠠᠢ᠃      2019 ᠤᠨ ᠳᠤ᠂ ᠤᠯᠤᠰ ᠤᠨ ᠬᠦᠭᠵᠢᠯᠳᠠ ᠶᠢᠨ ᠪᠠᠶᠢᠷᠢᠰᠢᠭᠤᠯᠤᠯᠳᠠ ᠪᠠᠷ᠂ ᠴᠠᠭᠠᠡᠨᠠᠭᠤᠷ ᠪᠠᠯᠭᠠᠰᠤ ᠰᠢᠨ᠎ᠠ ᠡᠨᠧᠷᠬᠢ ᠶᠢᠨ ᠬᠦᠭᠵᠢᠯᠳᠠ ᠶᠢᠨ ᠤᠷᠬᠢᠯ ᠤᠨ ᠬᠤᠭᠤᠴᠠᠭ᠎ᠠ ᠶᠢ ᠤᠭᠳᠤᠨ ᠠᠪᠴᠢᠷᠠᠵᠤ᠂ ᠶᠡᠭᠡ ᠬᠡᠮᠵᠢᠶᠠᠨ ᠤ ᠭᠠᠵᠡᠷ ᠰᠢᠷᠤᠢ ᠶᠢᠨ ᠲᠠᠳᠠᠪᠤᠷᠢᠯᠡᠯᠳᠡ ᠶᠢ ᠵᠤᠬᠢᠴᠠᠭᠤᠯᠬᠤ ᠠᠵᠢᠯ ᠢ ᠬᠦᠯᠢᠶᠠᠨ ᠠᠪᠴᠠᠢ᠃ ᠠᠩᠬ᠎ᠠ ᠡᠬᠢᠨ ᠳᠤ ᠪᠠᠨ ᠮᠠᠯᠴᠢᠳ ᠰᠢᠨ᠎ᠠ ᠡᠨᠧᠷᠬᠢ ᠶᠢᠨ ᠬᠦᠭᠵᠢᠯᠳᠠ ᠶᠢ ᠦᠢᠯᠠᠭᠠᠬᠤ ᠦᠬᠡᠢ ᠪᠠᠶᠢᠵᠤ᠂ ᠵᠠᠷᠢᠮ ᠮᠠᠯᠴᠢᠳ ᠨᠤᠳᠤᠭ ᠪᠠᠯᠴᠢᠬᠡᠷ ᠎ ᠢᠶᠠᠨ ᠬᠠᠮᠠᠭᠠᠯᠠᠬᠤ ᠡᠬᠦᠳᠠᠨ ᠠᠴᠠ ᠲᠤᠷ᠎ᠠ ᠦᠬᠡᠶᠢᠴᠠᠵᠤ ᠪᠠᠶᠢᠭᠰᠡᠨ᠂ ᠡᠷᠳᠡᠨᠢᠪᠡᠶᠡᠷ ᠡᠷᠤᠬᠡ ᠪᠠᠷ ᠬᠦᠡᠵᠡᠬᠡᠶᠢᠷᠡᠨ᠂ ᠮᠠᠯᠴᠢᠳ ᠲᠤ ᠤᠯᠤᠰ ᠤᠨ ᠲᠦᠷᠤ ᠶᠢᠨ ᠪᠤᠳᠤᠯᠭ᠎ᠠ ᠶᠢ ᠤᠬᠠᠭᠤᠯᠵᠤ᠂ ᠭᠤᠤᠯᠳᠠᠯᠭ᠎ᠠ ᠲᠠᠢ ᠲᠦᠷᠤᠯ ᠵᠥᠢᠯ ᠤᠨ ᠬᠦᠭᠵᠢᠯᠳᠠ ᠶᠢᠨ ᠴᠢᠬᠤᠯᠠ ᠴᠢᠨᠡᠷ ᠢ ᠲᠠᠶᠢᠯᠪᠤᠷᠢᠯᠠᠨ ᠦᠭᠴᠤ᠂ ᠤᠯᠠᠨ ᠲᠦᠮᠡᠨ ᠤ ᠪᠤᠬᠢᠷᠳᠤᠯ ᠦᠬᠡᠢ ᠴᠠᠬᠢᠯᠭᠠᠨ ᠤ ᠬᠦᠭᠵᠢᠯᠳᠠ ᠶᠢᠨ ᠲᠤᠬᠠᠢ ᠦᠢᠯᠠᠭᠠᠯᠳᠠ ᠶᠢ ᠬᠦᠡᠵᠡᠬᠡᠶᠢᠷᠡᠬᠦᠯᠵᠠᠢ᠃ ᠡᠷᠳᠡᠨᠢᠪᠠᠶᠠᠷ ᠬᠠᠮᠳᠤ ᠠᠵᠢᠯᠯᠠᠭᠰᠡᠳ ᠲᠠᠢ ᠪᠠᠨ 40 ᠭᠠᠷᠤᠢ ᠡᠳᠤᠷ ᠬᠦᠳᠡᠭᠡ ᠪᠠᠭᠤᠵᠤ᠂ 40 ᠭᠠᠷᠤᠢ ᠮᠠᠯᠵᠢᠬᠤ ᠡᠷᠤᠬᠡ ᠳᠤ ᠬᠤᠯᠪᠤᠭᠳᠠᠭᠰᠡᠨ ᠰᠢᠨ᠎ᠠ ᠡᠨᠧᠷᠬᠢ ᠎ ᠶᠢᠨ ᠭᠠᠵᠡᠷ ᠲᠠᠳᠠᠪᠤᠷᠢᠯᠠᠬᠤ ᠪᠡᠷᠬᠡ ᠠᠰᠠᠭᠤᠳᠠᠯ ᠢ ᠵᠤᠬᠢᠴᠠᠭᠤᠯᠤᠨ ᠰᠢᠢᠳᠪᠤᠷᠢᠯᠡᠵᠤ᠂ ᠪᠤᠳᠠᠳᠤ ᠠᠵᠢᠯᠯᠠᠭ᠎ᠠ ᠪᠠᠷ ᠎ ᠢᠶᠠᠨ ᠤᠯᠤᠰ ᠤᠨ ᠭᠤᠤᠯᠳᠠᠯᠭ᠎ᠠ ᠲᠠᠢ ᠲᠦᠷᠤᠯ ᠵᠥᠢᠯ ᠤᠨ ᠡᠮᠬᠢ ᠵᠢᠷᠤᠮ ᠲᠠᠢ ᠶᠠᠪᠤᠭᠳᠠᠬᠤ ᠶᠢ ᠪᠠᠳᠤᠯᠪᠠ᠃      ︽ᠵᠤᠷᠢᠭ ᠪᠠᠶᠢᠪᠠᠯ ᠵᠤᠷᠢᠭᠰᠡᠨ ᠳᠤ ᠪᠠᠨ︾ ᠬᠡᠳᠡᠭᠴᠢᠯᠡᠨ ᠨᠢᠬᠡᠨ ᠦᠡᠳᠤᠰᠤᠨ ᠱᠠᠳᠤᠨ ᠤ ᠤᠳᠤᠷᠢᠳᠬᠤ ᠺᠠᠳ᠋ᠷ ᠪᠤᠯᠤᠭᠰᠡᠨ ᠤ ᠬᠤᠪᠢ ᠳᠤ᠂ ᠡᠷᠳᠡᠨᠢᠪᠠᠶᠠᠷ ᠨᠢᠬᠡ ᠨᠢᠬᠡ ᠠᠯᠬᠤᠮ ᠢᠶᠠᠷ ᠯᠠᠪᠳᠠᠭᠤᠨ ᠪᠠᠳᠤᠳᠡᠢ ᠤᠷᠤᠭᠰᠢᠯᠠᠵᠤ᠂ ᠨᠠᠮ ᠪᠤᠯᠤᠨ ᠠᠷᠡᠳ ᠲᠦᠮᠡᠨ ᠠᠴᠠ ᠤᠯᠭᠤᠭᠰᠡᠨ ᠢᠷᠡᠭᠤ ᠠᠯᠳᠠᠷᠳᠤ ᠡᠬᠦᠷᠬᠡ ᠪᠠᠨ ᠨᠠᠷᠢᠨ ᠬᠢᠨᠠᠮᠠᠭᠠᠢ ᠦᠢᠯᠡᠳᠤᠯᠬᠡᠵᠢᠬᠦᠯᠦᠭᠰᠡᠬᠡᠷ᠃ ᠲᠡᠷᠡ ᠢᠳᠡᠬᠡᠯ ᠲᠡᠬᠦᠯᠳᠡᠷ ᠪᠠᠶᠠᠰᠤᠩᠭᠤᠢ ᠤᠪᠤᠷ᠂ ᠵᠤᠷᠢᠭᠳᠡᠢ ᠪᠠᠷ ᠡᠬᠦᠷᠬᠡᠯᠡᠬᠦ ᠤᠮᠤᠭ ᠵᠤᠷᠢᠭ᠂ ᠬᠠᠷᠡᠮ ᠦᠬᠡᠢ ᠵᠤᠷᠢᠭᠤᠯᠬᠤ ᠦᠢᠯᠡᠰᠴᠢ ᠰᠡᠳᠬᠢᠯ ᠢ ᠪᠠᠷᠢᠵᠤ᠂ ᠦᠡᠳᠤᠰᠤᠨ ᠱᠠᠳᠤᠨ ᠤ ᠺᠠᠳ᠋ᠷ ᠎ ᠤᠨ ᠬᠡᠷᠡᠯ ᠬᠢᠯᠪᠠᠭ᠎ᠠ ᠪᠠᠨ ᠰᠠᠴᠤᠷᠠᠭᠤᠯᠵᠤ ᠶᠠᠪᠤᠨ᠎ᠠ᠃ ᠲᠠᠷᠠ ᠪᠤᠯ ᠪᠢᠳᠠ ᠪᠦᠬᠦᠨ ᠤ ᠰᠤᠷᠤᠯᠴᠠᠬᠤ ᠲᠠᠭᠤᠷᠢᠶᠠᠯ ᠪᠤᠶᠤ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号