ᠠᠪᠠᠭ᠎ᠠ ᠬᠤᠰᠢᠭᠤᠨ ᠤ ᠨᠠᠷᠠᠡᠪᠤᠯᠠᠭ ᠰᠤᠮᠤᠨ ᠤ ᠦᠷᠬᠡᠨᠳᠡᠯᠠ ᠭᠠᠴᠠᠭᠠᠨ ᠤ ᠲᠡᠳ᠋ ᠲᠠᠷᠤᠭ᠎ᠠ᠂ ᠦᠷᠬᠡᠨᠳᠡᠯᠠ | ᠭᠠᠴᠠᠭᠠᠨ ᠤ ᠬᠠᠮᠳᠤ ᠶᠢᠨ ᠠᠵᠤ ᠠᠬᠤᠢ ᠶᠢᠨ ᠬᠤᠷᠰᠢᠶᠠᠵᠢᠯ ᠤᠨ ᠬᠡᠷᠡᠭ ᠮᠡᠳᠡᠭᠴᠢᠳ ᠤᠨ ᠲᠡᠳ᠋ ᠲᠠᠷᠤᠭ᠎ᠠ | ᠭᠠᠩᠬᠤᠶᠠᠭ ᠪᠤᠯ 2012 ᠤᠨ ᠳᠤ ᠦᠪᠤᠷ ᠮᠤᠩᠭᠤᠯ ᠤᠨ ᠶᠡᠭᠡ ᠰᠤᠷᠭᠠᠭᠤᠯᠢ ᠠᠴᠠ ᠲᠡᠬᠦᠰᠦᠭᠰᠡᠨ ᠤᠶᠤᠳᠠᠨ | ᠪᠠᠶᠢᠭ᠎ᠠ᠃ | ᠲᠡᠷᠡ ᠬᠦᠳᠡᠭᠡ ᠨᠤᠳᠤᠭ ᠲᠤ ᠲᠦᠷᠤᠵᠤ ᠦᠰᠦᠭᠰᠡᠨ ᠤ ᠴᠤ ᠪᠤᠯᠪᠠᠤ︖ ᠲᠠᠰᠪᠤᠷᠢ ᠬᠠᠳᠠᠭᠤᠯᠵᠢᠳᠡᠢ᠂ | ᠴᠤᠴᠠᠯᠳᠠ ᠦᠬᠡᠢ ᠤᠷᠤᠭᠰᠢᠯᠠᠬᠤ ᠦᠢᠯᠡᠰᠴᠢ ᠵᠤᠷᠢᠭ ᠢ ᠪᠠᠷᠢᠮᠳᠠᠯᠠᠳᠠᠭ ᠴᠢᠷᠮᠠᠶᠢᠯᠭ᠎ᠠ ᠲᠠᠢ ᠬᠦᠮᠤᠨ ᠤ ᠨᠢᠬᠡᠨ | ᠪᠢᠯᠡ᠃ ᠲᠡᠷᠡ ᠲᠦᠷᠤ ᠶᠢᠨ ᠪᠤᠳᠤᠯᠭ᠎ᠠ ᠶᠢᠨ ᠠᠵᠠ ᠵᠠᠪᠰᠢᠶᠠᠨ ᠢ ᠠᠮᠵᠢᠨ᠂ ᠤᠷᠤᠨ ᠨᠤᠳᠤᠭ ᠤᠨ ᠪᠤᠳᠠᠳᠤ | ᠪᠠᠶᠢᠳᠠᠯ ᠳᠤ ᠰᠠᠭᠤᠷᠢᠯᠠᠵᠤ᠂ ᠮᠠᠯ ᠠᠵᠤ ᠠᠬᠤᠢ ᠶᠢ ᠬᠦᠭᠵᠢᠬᠦᠯᠤᠨ᠂ ᠤᠷᠤᠯᠭ᠎ᠠ ᠪᠠᠨ ᠨᠡᠮᠡᠭᠳᠡᠬᠦᠯᠤᠨ ᠪᠠᠶᠠᠵᠢᠯ ᠤᠨ | ᠵᠠᠮ ᠢᠶᠠᠷ ᠵᠠᠮᠨᠠᠬᠤ ᠳᠤ ᠲᠠᠭᠠᠭᠠᠤᠯᠤᠭᠴᠢ ᠪᠤᠯᠬᠤ ᠳᠤ ᠪᠠᠨ ᠮᠠᠯᠴᠢᠨ ᠲᠦᠮᠡᠨ ᠢᠶᠠᠨ ᠲᠠᠭᠠᠭᠤᠯᠤᠨ ᠬᠠᠮᠳᠤᠪᠠᠷ | ᠪᠠᠶᠠᠵᠢᠬᠤ ᠵᠠᠮ ᠢᠶᠠᠷ ᠢᠳᠡᠷᠡᠬᠦᠨ ᠤᠷᠤᠭᠰᠢᠯᠠᠨ᠎ᠠ᠃ ᠲᠠᠷᠠ ᠶᠠᠷᠤᠨᠢ ᠲᠠᠷᠢᠬᠢ ᠲᠤᠯᠤᠭᠠᠢ ᠰᠡᠷᠬᠡᠭ᠂ ᠰᠡᠳᠬᠢᠮᠵᠢ | ᠲᠤᠳᠤᠷᠬᠠᠢ ᠪᠠᠶᠢᠵᠤ᠂ ᠤᠷᠤᠭᠰᠢ ᠲᠠᠪᠰᠢᠬᠤ ᠵᠤᠷᠢᠮᠠᠭ ᠵᠢᠳᠬᠦᠯ ᠲᠠᠢ᠂ ᠰᠢᠡᠵᠢᠯᠡᠬᠦ ᠤᠬᠠᠭᠠᠡᠴᠢ ᠪᠠᠷ ᠮᠠᠯ ᠮᠠᠯᠵᠢᠬᠤ | ᠮᠡᠳᠡᠯᠬᠡ ᠮᠠᠳᠠᠴᠠ ᠬᠢᠬᠡᠳ ᠬᠡᠷᠡᠭᠯᠡᠬᠡᠨ ᠤ ᠮᠡᠷᠬᠡᠵᠢᠯ ᠢ ᠰᠢᠮᠳᠠᠨ ᠰᠤᠷᠤᠯᠴᠠᠵᠤ᠂ ᠤᠷᠤᠨ ᠨᠤᠳᠤᠭ ᠲᠤ ᠪᠠᠨ | ᠠᠯᠳᠠᠷᠰᠢᠭᠰᠡᠨ ᠰᠢᠨ᠎ᠠ ᠴᠠᠭ ᠦᠶ᠎ᠠ ᠶᠢᠨ ᠰᠢᠯᠢᠳᠡᠭ ᠮᠠᠯᠴᠢᠨ ᠪᠤᠯᠤᠭᠰᠡᠨ ᠪᠢᠯᠠ᠃ | 2012 ᠤᠨ ᠳᠤ ᠲᠡᠷᠡ ᠶᠡᠭᠡ ᠰᠤᠷᠭᠠᠭᠤᠯᠢ ᠪᠠᠨ ᠲᠡᠬᠦᠰᠦᠮᠡᠭᠴᠠ᠂ ᠨᠤᠳᠤᠭ ᠲᠤ ᠪᠠᠨ ᠪᠤᠴᠠᠵᠤ ᠮᠠᠯᠴᠢᠨ | ᠵᠠᠶᠠᠭ᠎ᠠ ᠲᠦᠰᠢᠵᠤ ᠪᠢᠯᠠ᠃ ᠬᠡᠬᠦ ᠳᠤ ᠪᠠᠨ ᠲᠡᠷᠡ ᠲᠠᠷᠤᠶᠢᠬᠠᠨ ᠮᠠᠯ ᠠᠵᠤ ᠠᠬᠤᠢ ᠳᠤ ᠪᠠᠨ ᠰᠦᠪᠡᠭᠴᠢᠯᠡᠯᠳᠡ | ᠬᠢᠵᠤ᠂ ᠮᠠᠯ ᠰᠦᠷᠦᠭ ᠤᠨ ᠪᠦᠳᠤᠴᠠ ᠨᠢ ᠵᠤᠬᠢᠰ ᠦᠬᠡᠢ᠂ ᠮᠠᠯᠵᠢᠯ ᠤᠨ ᠦᠷ᠎ᠠ ᠠᠰᠢᠭ ᠦᠡᠳᠤᠷ ᠪᠢᠰᠢ ᠪᠠᠶᠢᠬᠤ | ᠪᠠᠶᠢᠳᠠᠯ ᠢ ᠬᠤᠪᠢᠷᠠᠭᠤᠯᠬᠤ ᠪᠠᠷ ᠠᠷᠭ᠎ᠠ ᠰᠦᠪᠡᠭᠴᠢᠯᠡᠵᠡᠢ᠃ ᠠᠮᠢ ᠠᠬᠤᠢ ᠶᠢᠨ ᠬᠠᠮᠠᠭᠠᠯᠠᠯᠳᠠ ᠶᠢᠨ ᠲᠠᠯ᠎ᠠ ᠠᠴᠠ | ᠠᠪᠴᠤ ᠦᠵᠡᠪᠡᠯ᠂ ᠮᠠᠯ ᠪᠠᠯᠴᠢᠬᠡᠷ ᠤᠨ ᠲᠠᠩᠴᠠᠬᠦᠷᠢ ᠠᠯᠳᠠᠭᠳᠠᠪᠠᠯ᠂ ᠨᠤᠳᠤᠭ ᠪᠠᠯᠴᠢᠬᠡᠷ ᠤᠨ ᠠᠮᠢ ᠠᠬᠤᠢ | ᠬᠡᠤᠷᠡᠭᠰᠢᠵᠤ ᠲᠤᠭᠳᠠᠪᠤᠷᠢᠳᠤ ᠴᠢᠨᠡᠷ ᠢᠶᠠᠷ ᠠᠨᠠᠢ ᠪᠤᠯᠵᠤ᠂ ᠴᠢᠳᠠᠮᠵᠢ ᠶᠢ ᠨᠢ ᠪᠠᠭᠤᠷᠠᠭᠤᠯᠬᠤ ᠪᠤᠯᠤᠨ᠎ᠠ᠃ ᠬᠤᠨᠢ | ᠢᠮᠠᠭ᠎ᠠ ᠬᠢᠬᠡᠳ ᠦᠬᠡᠷ ᠤᠨ ᠢᠳᠡᠰᠢᠯᠡᠬᠦ ᠠᠷᠭ᠎ᠠ ᠮᠠᠶ᠋ᠢᠭ ᠨᠢ ᠤᠡᠳᠤᠤ ᠪᠠᠶᠢᠵᠤ᠂ ᠬᠠᠷᠢᠴᠠᠩᠭᠤᠢ ᠪᠠᠷ ᠦᠬᠡᠷ ᠤᠨ | ᠢᠳᠡᠰᠢᠯᠡᠬᠦ ᠨᠢ ᠪᠠᠯᠴᠢᠬᠡᠷ ᠲᠤ ᠭᠠᠮᠳᠡᠢ ᠪᠠᠶᠢᠳᠠᠭ᠃ ᠦᠬᠡᠷ ᠤᠨ ᠰᠦᠷᠦᠭ ᠤᠨ ᠨᠤᠳᠤᠭ ᠪᠠᠯᠴᠢᠬᠡᠷ ᠲᠤ | ᠤᠴᠠᠷᠠᠭᠤᠯᠬᠤ ᠬᠤᠬᠢᠷᠡᠯ ᠨᠢ ᠨᠠᠯᠢᠶᠠᠳ ᠪᠠᠭ᠎ᠠ ᠰᠢᠭ᠋᠃ ᠦᠬᠡᠷ ᠤᠨ ᠢᠳᠡᠰᠢᠯᠡᠭᠰᠡᠨ ᠪᠠᠯᠴᠢᠬᠡᠷ ᠤᠨ ᠤᠷᠭᠤᠯᠳᠠ ᠶᠢᠨ | ᠬᠤᠷᠳᠤᠴᠠ ᠨᠢ ᠬᠤᠨᠢᠨ ᠤ ᠢᠳᠡᠰᠢᠯᠡᠭᠰᠡᠨ ᠪᠠᠯᠴᠢᠬᠡᠷ ᠤᠨᠣᠷᠭᠤᠯᠲᠠ ᠶᠢᠨ ᠬᠤᠷᠳᠤᠴᠠ ᠠᠴᠠ ᠬᠤᠯᠠ ᠲᠦᠷᠬᠡᠨ | ᠪᠠᠶᠢᠳᠠᠭ ᠢ ᠲᠡᠷᠡ ᠠᠵᠢᠵᠤ ᠮᠠᠳᠠᠵᠠᠢ᠃ ᠢᠩᠬᠢᠬᠡᠳ ᠲᠠᠷᠠ ᠠᠪᠤ ᠡᠵᠢ ᠲᠠᠢ ᠪᠠᠨ ᠰᠠᠨᠠᠯ ᠨᠢᠬᠡᠳᠬᠦ ᠦᠬᠡᠢ ᠪᠠᠶᠢᠭᠰᠡᠨ | ᠴᠤ ᠬᠤᠨᠢ ᠪᠠᠨ ᠴᠦᠬᠡᠴᠢᠯᠡᠨ ᠦᠬᠡᠷ ᠢᠶᠠᠨ ᠦᠰᠬᠡᠬᠦ ᠪᠠᠷ ᠰᠢᠢᠳᠴᠤ᠂ ᠦᠬᠡᠷ ᠤᠨ ᠡᠬᠦᠯᠳᠡᠷ ᠢᠶᠠᠨ | ᠰᠠᠶᠢᠵᠢᠷᠠᠭᠤᠯᠵᠤ᠂ ᠭᠠᠳᠠᠷ ᠤᠷᠤᠨ ᠠᠴᠠ ᠰᠢᠯᠢᠳᠡᠭ ᠡᠬᠦᠯᠳᠡᠷ ᠤᠨ ᠰᠢᠮᠧᠨ᠋ᠲ᠋ᠠᠷ ᠦᠨᠢᠶ᠎ᠠ ᠬᠤᠳᠠᠯᠳᠤᠨ ᠠᠪᠴᠤ᠂ | ᠢᠴᠡᠬᠡᠯ ᠦᠷ᠎ᠠ ᠶᠢᠨ ᠬᠡᠬᠡᠯᠳᠤᠬᠦᠯᠬᠡ ᠶᠢᠨ ᠮᠡᠷᠬᠡᠵᠢᠯ ᠢ ᠰᠤᠷᠴᠤ ᠡᠵᠡᠮᠰᠢᠵᠠᠢ᠃ ᠤᠳᠤ ᠪᠤᠯᠬᠤ ᠳᠤ ᠦᠬᠡᠷ ᠤᠨ | ᠰᠦᠷᠦᠭ ᠤᠨ ᠬᠢᠨᠢ ᠵᠠᠭᠤᠨ ᠤ ᠶᠠᠷ᠎ᠠ ᠨᠢ ᠭᠤᠷᠪᠠᠳᠤᠭᠠᠷ ᠦᠶ᠎ᠠ ᠶᠢᠨ ᠰᠢᠮᠧᠨ᠋ᠲ᠋ᠠᠷ ᠦᠬᠡᠷ ᠤᠨ ᠪᠠᠷᠢᠮᠵᠢᠶ᠎ᠠ ᠳᠤ | ᠬᠦᠷᠴᠠᠢ᠃ | ᠭᠠᠩᠬᠤᠶᠠᠭ ᠰᠢᠮᠧᠨ᠋ᠲ᠋ᠠᠷ ᠡᠬᠦᠯᠳᠡᠷ ᠤᠨ ᠦᠬᠡᠷ ᠢ ᠪᠤᠷᠳᠤᠵᠤ ᠲᠠᠷᠭᠤᠯᠠᠭᠤᠯᠬᠤ ᠳᠤ ᠲᠤᠬᠢᠷᠠᠮᠵᠢᠳᠡᠢ ᠬᠡᠵᠤ | ᠦᠵᠡᠳᠡᠭ᠃ ᠤᠳᠤᠬᠠᠨ ᠤ ᠪᠠᠶᠢᠳᠠᠯ ᠠᠴᠠ ᠦᠵᠡᠪᠡᠯ᠂ ᠮᠠᠯᠴᠢᠳ ᠲᠤᠭᠤᠯ ᠢᠶᠠᠨ ᠪᠦᠷ ᠪᠤᠷᠳᠤᠨ ᠲᠠᠷᠭᠤᠯᠠᠭᠤᠯᠬᠤ | ᠦᠢᠯᠡᠳᠪᠤᠷᠢ ᠳᠤ ᠪᠤᠷᠤᠯᠠᠭᠤᠯᠵᠤ ᠪᠠᠶᠢᠨ᠎ᠠ᠂ ᠡᠶᠢᠮᠤ ᠠᠴᠠ ᠮᠠᠯᠴᠢᠳ ᠲᠤᠭᠤᠯ ᠢᠶᠠᠨ ᠪᠤᠷᠳᠤᠵᠤ ᠲᠠᠷᠭᠤᠯᠠᠭᠤᠯᠤᠭᠰᠡᠨ | ᠤ ᠲᠠᠷᠠᠭ᠎ᠠ ᠪᠤᠷᠤᠯᠠᠭᠤᠯᠪᠠᠯ᠂ ᠲᠡᠵᠢᠬᠡᠨ ᠦᠷᠡᠵᠢᠬᠦᠯᠬᠦ ᠦᠪᠡᠷ ᠤᠨ ᠦᠷᠳᠡᠭ ᠢ ᠪᠠᠭᠠᠰᠬᠠᠵᠤ᠂ ᠤᠷᠤᠯᠭ᠎ᠠ ᠶᠢ | ᠨᠡᠮᠡᠭᠳᠡᠬᠦᠯᠵᠤ ᠴᠢᠳᠠᠨ᠎ᠠ ᠬᠡᠵᠤ ᠲᠡᠷᠡ ᠦᠵᠡᠭᠰᠡᠬᠡᠷ ᠢᠷᠡᠵᠡᠢ᠃ 2019 ᠤᠨ ᠳᠤ᠂ ᠲᠠᠷᠠ ︽ᠲᠠᠯ᠎ᠠ ᠶᠢᠨ ᠬᠦᠪ︾ | ᠬᠡᠷ ᠪᠦᠯᠢ ᠶᠢᠨ ᠮᠠᠯᠵᠢᠯ ᠤᠨ ᠲᠠᠯᠠᠪᠠᠢ ᠪᠠᠨ ᠲᠠᠩᠰᠠᠯᠠᠭᠤᠯᠵᠤ᠂ ᠮᠠᠯ ᠮᠠᠯᠵᠢᠬᠤ᠂ ᠦᠬᠡᠷ ᠬᠤᠨᠢᠨ ᠤ ᠮᠢᠬ᠎ᠠ ᠪᠠᠨ | ᠡᠳ᠋ᠰᠢᠬᠦᠯᠤᠨ ᠪᠤᠷᠤᠯᠠᠭᠤᠯᠬᠤ ᠪᠠᠷ ᠮᠠᠯᠵᠢᠯ ᠤᠨ ᠲᠠᠯᠠᠪᠠᠢ ᠶᠢᠨ ᠢᠶᠠᠨ ᠡᠵᠡᠩᠨᠡᠯᠳᠡ ᠶᠢᠨ ᠭᠤᠤᠯ ᠴᠢᠭᠯᠡᠯ ᠢᠶᠠᠨ | ᠪᠤᠯᠭᠠᠪᠠ᠃ 2019 ᠤᠨ ᠤ ᠮᠠᠯᠵᠢᠯ ᠤᠨ ᠲᠠᠯᠠᠪᠠᠢ ᠶᠢᠨ ᠦᠬᠡᠷ ᠤᠨ ᠲᠤᠭ᠎ᠠ ᠨᠢ 90 ᠪᠠᠷ ᠲᠤᠭᠠᠯᠠᠭᠳᠠᠵᠤ᠂ | ᠡᠬᠦᠨ ᠳᠤ ᠲᠤᠭᠤᠯᠯᠠᠬᠤ ᠦᠨᠢᠶ᠎ᠠ 65᠂ ᠦᠬᠢᠨ ᠪᠢᠷᠠᠭᠤ 23 ᠰᠢᠳᠤᠯᠠᠩ ᠦᠨᠢᠶ᠎ᠠ᠂ 2 ᠪᠤᠬ᠎ᠠ ᠪᠠᠭᠳᠠᠨ᠎ᠠ᠂ | ᠮᠠᠯᠵᠢᠯ ᠤᠨ ᠲᠠᠯᠠᠪᠠᠢ ᠶᠢᠨ ᠤᠷᠤᠯᠭ᠎ᠠ ᠨᠢ 70 ᠲᠦᠮᠡᠨ ᠲᠦᠬᠦᠷᠢᠭ ᠲᠤ ᠬᠦᠷᠴᠤ᠂ ᠴᠠᠪᠠᠷ ᠤᠷᠤᠯᠭ᠎ᠠ ᠨᠢ 30 | ᠲᠦᠮᠡᠨ ᠲᠦᠬᠦᠷᠢᠭ ᠲᠤ ᠬᠦᠷᠴᠠᠢ᠃ 2023 ᠤᠨ ᠳᠤ ᠪᠠᠰᠠ 20 ᠲᠦᠮᠡᠨ ᠲᠦᠬᠦᠷᠢᠭ ᠤᠨ ᠪᠠᠯᠠ | ᠤᠷᠤᠭᠤᠯᠵᠤ᠂ ᠮᠢᠬᠠᠨ ᠤ ᠦᠬᠡᠷ ᠲᠡᠵᠢᠬᠡᠨ ᠦᠷᠡᠵᠢᠬᠦᠯᠬᠦ ᠰᠠᠭᠤᠷᠢᠨ ᠰᠢᠨ᠎ᠠ ᠪᠠᠷ ᠪᠠᠶᠢᠭᠤᠯᠵᠤ᠂ ᠫᠸᠡᠭ ᠬᠤᠷᠤᠭ᠎ᠠ | ᠪᠠᠷᠢᠬᠤ ᠪᠠ ᠪᠤᠷᠳᠤᠵᠤ ᠲᠠᠷᠭᠤᠯᠠᠭᠤᠯᠬᠤ ᠲᠦᠬᠦᠬᠡᠷᠤᠮᠵᠢ ᠬᠤᠳᠠᠯᠳᠤᠨ ᠠᠪᠬᠤ ᠳᠤ ᠬᠡᠷᠡᠭᠯᠡᠵᠤ᠂ ᠦᠪᠡᠷ ᠤᠨ ᠮᠠᠯᠵᠢᠯ | ᠤᠨ ᠲᠡᠯᠠᠪᠠᠢ ᠶᠢᠨ ᠬᠡᠪᠴᠢᠶᠠᠵᠢᠯ ᠢᠶᠠᠨ ᠦᠷᠬᠦᠯᠵᠢᠯᠡᠨ ᠦᠷᠬᠡᠳᠬᠡᠵᠤ᠂ ᠤᠷᠤᠯᠭ᠎ᠠ ᠪᠠᠨ ᠨᠡᠮᠡᠭᠳᠡᠬᠦᠯᠬᠦ ᠳᠤ | ᠵᠠᠷᠤᠴᠠᠭᠤᠯᠵᠠᠢ᠃ ᠡᠬᠦᠨ ᠠᠴᠠ ᠭᠠᠳᠠᠨ᠎ᠠ᠂ ᠦᠢᠯᠡᠳᠪᠤᠷᠢᠯᠡᠯ ᠪᠤᠷᠤᠯᠠᠭᠤᠯᠭ᠎ᠠ ᠶᠢᠨ ᠰᠢᠨ᠎ᠠ ᠵᠠᠭᠪᠤᠷ ᠢ ᠢᠳᠡᠪᠬᠢᠳᠡᠢ | ᠪᠠᠷ ᠬᠠᠶᠢᠨ ᠰᠦᠪᠡᠭᠴᠢᠯᠡᠵᠤ᠂ ᠠᠶᠢᠯ ᠰᠠᠭᠠᠬᠠᠯᠳᠠ ᠶᠢᠨ ᠢᠶᠠᠨ ᠤᠯᠠᠨ ᠲᠦᠮᠡᠨ ᠢ ᠰᠠᠨᠠᠭᠠᠴᠢᠯᠠᠭ᠎ᠠ ᠠᠴᠠ ᠪᠠᠨ | ᠬᠠᠪᠰᠤᠷᠤᠨ ᠸᠢᠴᠠᠲ ᠲᠠᠪᠴᠠᠩ ᠢᠶᠠᠷ ᠲᠠᠮᠵᠢᠭᠤᠯᠤᠨ ᠴᠠᠪᠠᠷ ᠪᠠᠶᠢᠭᠠᠯᠢᠯᠢᠭ ᠬᠠᠳᠠᠭᠠᠭᠰᠡᠨ ᠪᠤᠷᠴᠠ ᠬᠤᠳᠠᠯᠳᠤᠭᠠᠳ | 4 ᠲᠦᠮᠡᠨ ᠲᠦᠬᠦᠷᠢᠭ ᠤᠨ ᠤᠷᠤᠯᠭ᠎ᠠ ᠡᠬᠦᠳᠴᠠᠢ᠃ | ᠭᠠᠩᠬᠤᠶᠠᠭ ᠭᠠᠯ ᠵᠠᠯᠠᠭᠤ ᠨᠠᠰᠤᠨ ᠤ ᠭᠠᠨᠭ᠌ ᠲᠦᠷᠤᠬᠡᠨ ᠲᠡᠬᠡᠷ᠎ᠠ ᠬᠢᠯᠠᠷᠠᠭᠤᠯᠵᠤ᠂ ᠬᠦᠳᠡᠭᠡ ᠨᠤᠳᠤᠭ ᠲᠤ | ᠪᠠᠨ ᠦᠪᠡᠷ ᠤᠨ ᠦᠷᠳᠡᠭ ᠢᠶᠠᠨ ᠪᠠᠳᠠᠷᠠᠭᠤᠯᠵᠤ ᠶᠠᠪᠤᠨ᠎ᠠ᠃ ᠢᠷᠡᠬᠡᠳᠤᠢ ᠪᠠᠨ ᠪᠠᠷᠠᠯᠠᠬᠤᠶ᠎ᠠ᠂ ᠬᠦᠳᠡᠭᠡ ᠲᠤᠰᠬᠤᠨ ᠢ | ᠬᠦᠭᠵᠢᠬᠦᠯᠤᠨ ᠮᠠᠡᠳᠤᠭᠤᠯᠬᠤ ᠠᠵᠢᠯ ᠳᠤ ᠦᠷᠬᠦᠯᠵᠢᠯᠡᠨ ᠭᠠᠪᠰᠢᠭᠠᠶᠢᠯᠠᠵᠤ᠂ ᠮᠠᠯᠴᠢᠨ ᠲᠦᠮᠡᠨ ᠢᠶᠠᠨ ᠲᠠᠭᠠᠭᠤᠯᠤᠨ᠂ | ᠪᠠᠶᠠᠵᠢᠨ ᠴᠢᠨᠡᠬᠡᠯᠢᠭᠵᠢᠬᠦ ᠬᠦᠭᠵᠢᠯᠳᠠ ᠶᠢᠨ ᠵᠠᠮ ᠢᠶᠠᠨ ᠨᠠᠩ ᠰᠠᠷᠠᠭᠤᠯ ᠲᠠᠷᠳᠠᠩ ᠪᠤᠯᠭᠠᠵᠤ᠂ ᠪᠤᠳᠠᠳᠤ ᠠᠵᠢᠯᠯᠠᠭ᠎ᠠ | ᠪᠠᠷ ᠢᠶᠠᠨ ᠴᠠᠭ ᠦᠶ᠎ᠠ ᠲᠠᠢ ᠠᠯᠬᠤᠭ᠎ᠠ ᠵᠤᠬᠢᠴᠠᠭᠤᠯᠵᠤ᠂ ᠵᠠᠯᠠᠭᠤ ᠨᠠᠰᠤᠨ ᠤ ᠬᠡᠷᠡᠯ ᠬᠢᠯᠪᠠᠭ᠎ᠠ ᠪᠠᠨ ᠦᠷᠬᠦᠯᠵᠢᠯᠠᠨ | ᠰᠠᠴᠤᠷᠠᠭᠤᠯᠤᠨ᠎ᠠ᠃ |