ᠤᠷᠭᠤᠮᠠᠯ ᠪᠦᠬᠦᠨ ᠦᠨᠳᠦᠰᠦ ᠪᠦᠲᠦᠨ ᠴᠡᠯᠭᠡᠷᠡᠭᠰᠡᠨ ᠡᠨᠡ ᠰᠠᠶᠢᠬᠠᠨ ᠨᠤᠲᠤᠭ ᠬᠤᠷᠢᠨ ᠬᠡᠳᠦᠨ ᠵᠢᠯ ᠤᠨ | ᠡᠮᠦᠨ᠎ᠡ ᠬᠦᠯᠢᠶᠡᠨ ᠮᠠᠩᠬ᠎ᠠ ᠪᠠᠶᠢᠯ᠎ᠠ ᠭᠡᠵᠦ ᠬᠡᠨ ᠰᠠᠨᠠᠨ᠎ᠠ︕ ︽ᠲᠡᠷᠡ ᠦᠶ᠎ᠡ ᠶᠢᠨ ᠨᠤᠲᠤᠭ ᠤᠨ ᠪᠠᠶᠢᠳᠠᠯ ᠢ | ᠣᠳᠤ ᠶᠢᠨ ᠬᠢ ᠲᠠᠢ ᠬᠠᠷᠢᠴᠠᠭᠤᠯᠬᠤ ᠶᠢᠨ ᠠᠷᠭ᠎ᠠ ᠦᠭᠡᠢ᠂ ᠡᠯᠡᠰᠦᠷᠬᠡᠭᠵᠢᠯ ᠶᠡᠭᠡ ᠪᠠᠶᠢᠭᠰᠠᠨ ᠡ︾ ᠭᠡᠵᠦ | ᠬᠡᠯᠡᠬᠦ ᠶᠢᠨ ᠳᠠᠭᠠᠤ ᠭᠡᠷᠡᠯᠪᠠᠭᠠᠲᠤᠷ ᠪᠢᠳᠡᠨ ᠳᠤ ᠵᠢᠷᠤᠭ ᠤᠨ ᠳᠡᠪᠲᠡᠷ ᠠᠪᠴᠢᠷᠠᠵᠤ ᠦᠵᠡᠭᠦᠯᠦᠯ᠎ᠡ᠃ ᠲᠤᠬᠠᠢ ᠶᠢᠨ | ᠦᠶ᠎ᠡ ᠶᠢᠨ ᠭᠦᠯᠢᠶᠡᠨ ᠮᠠᠩᠬᠠᠨ ᠤ ᠵᠢᠷᠤᠭ ᠵᠢᠴᠢ ᠵᠢᠯ ᠳᠠᠷᠠᠭᠠᠯᠠᠨ ᠨᠤᠭᠤᠭᠠᠷᠠᠭᠤᠯᠵᠤ ᠢᠷᠡᠭᠰᠡᠨ ᠵᠢᠷᠤᠭ ᠤᠳ ᠢ | ᠨᠢᠭᠡᠳ ᠨᠢᠭᠡ ᠪᠠᠷ ᠣᠷᠬᠢᠭᠳᠠᠭᠤᠯᠤᠯ ᠦᠭᠡᠢ ᠳᠡᠪᠲᠡᠷᠯᠡᠭᠰᠡᠨ ᠵᠢᠷᠤᠭ ᠤᠨ ᠲᠤᠪᠬᠢᠮᠠᠯ ᠶᠠᠮᠠᠷᠴᠦ ᠦᠭᠡ | ᠶᠠᠷᠢᠭᠰᠠᠨ ᠠᠴᠠ ᠢᠯᠡᠭᠦᠦ ᠪᠠᠲᠤᠲᠠᠢ ᠭᠡᠷᠡᠴᠢ ᠪᠣᠯᠵᠤ᠂ ᠬᠢᠵᠦ ᠪᠦᠲᠦᠭᠡᠭᠰᠡᠨ ᠬᠦᠮᠦᠨ ᠤ ᠦᠯᠢᠭᠡᠷ ᠲᠡᠦᠬᠡ ᠶᠢ | ᠬᠠᠳᠠᠭᠠᠯᠠᠨ᠎ᠠ᠃ ᠬᠤᠯᠠᠨ ᠰᠢᠷᠭ᠎ᠠ ᠳᠠᠭ᠎ᠠ ᠶᠢᠨ ᠡᠯᠡᠰᠦᠨ ᠤ ᠬᠤᠶᠢᠲᠤ ᠬᠥᠪᠡᠬᠡᠨ ᠳᠤ ᠨᠤᠲᠤᠭᠯᠠᠳᠠᠭ | ᠭᠡᠷᠡᠯᠪᠠᠭᠠᠲᠤᠷ ᠤᠨ ᠬᠢ ᠪᠣᠯ ᠠᠪᠠᠭ᠎ᠠ ᠬᠤᠰᠢᠭᠤᠨ ᠤ ᠴᠠᠭᠠᠨᠨᠠᠭᠤᠷ ᠪᠠᠯᠭᠠᠰᠤᠨ ᠤ ᠪᠠᠶᠠᠨᠨᠠᠭᠤᠷ ᠭᠠᠴᠠᠭᠠᠨ ᠤ ᠠᠶᠢᠯ᠃ | ᠲᠡᠳᠡᠨ ᠤ ᠨᠤᠲᠤᠭ ᠲᠤ ᠣᠳᠤ ᠬᠠᠷᠭᠠᠨ᠎ᠠ ᠪᠤᠲᠠ ᠬᠠᠯᠢᠭᠤᠷᠠᠵᠤ᠂ ᠬᠠᠮᠢᠭ᠎ᠠ ᠠᠴᠠ ᠨᠢ ᠶᠠᠭᠠᠬᠢᠵᠤ ᠬᠠᠷᠠᠭᠠᠳ ᠴᠦ | ᠭᠦᠯᠢᠶᠡᠨ ᠮᠠᠩᠬ᠎ᠠ ᠪᠠᠶᠢᠭᠰᠠᠨ ᠭᠡᠳᠡᠭ ᠨᠢ ᠢᠲᠡᠭᠡᠭᠳᠡᠰᠢ ᠦᠭᠡᠢ ᠪᠣᠯᠵᠡᠢ᠃ | ᠡᠬᠡ ᠪᠠᠶᠢᠭᠠᠯᠢ ᠪᠠᠨ ᠬᠠᠶᠢᠷᠠᠯᠠᠵᠤ ᠬᠠᠮᠠᠭᠠᠯᠠᠵᠤ ᠯᠡ ᠪᠠᠶᠢᠪᠠᠯ ᠥᠭᠭᠦᠭᠡᠵᠢ ᠪᠤᠶᠠᠨ ᠨᠢ ᠤᠨᠳᠤᠷᠤᠭᠠᠳ ᠪᠠᠷᠠᠰᠢ | ᠦᠭᠡᠢ ᠪᠣᠶ᠎ᠠ᠃ ᠭᠡᠷᠡᠯᠪᠠᠭᠠᠲᠤᠷ ᠡᠷᠲᠡ ᠠᠴᠠ ᠮᠤᠳᠤ ᠪᠤᠷᠭᠠᠰᠤ ᠲᠠᠷᠢᠵᠤ ᠨᠤᠲᠤᠭ ᠤᠰᠤ ᠪᠠᠨ ᠨᠤᠭᠤᠭᠠᠷᠠᠭᠤᠯᠬᠤ | ᠠᠵᠢᠯ ᠢ ᠬᠢᠭᠰᠡᠨ ᠬᠦᠮᠦᠨ᠃ ᠬᠤᠷᠢᠨ ᠬᠡᠳᠦᠨ ᠵᠢᠯ ᠤᠨ ᠡᠮᠦᠨ᠎ᠡ ᠨᠤᠲᠤᠭ ᠤᠰᠤᠨ ᠤ ᠬᠢᠨᠢ ᠥᠩᠭᠡ ᠲᠦᠷᠬᠦ | ᠳᠠᠴᠢᠷᠰᠢᠨ ᠮᠠᠭᠤᠳᠠᠵᠤ ᠪᠠᠶᠢᠭ᠎ᠠ ᠶᠢ ᠬᠠᠷᠠᠭᠠᠳ ᠲᠡᠷᠡ ᠰᠡᠳᠬᠢᠯ ᠡᠮᠵᠡᠭᠯᠡᠨ ᠡᠯᠡᠰᠦ ᠵᠠᠰᠠᠬᠤ ᠠᠵᠢᠯ ᠳᠤ ᠭᠤᠶᠢᠪᠢᠰᠢ | ᠦᠭᠡᠢ ᠵᠣᠷᠢᠭ ᠢ ᠪᠠᠷᠢᠨ ᠤᠷᠤᠵᠡᠢ᠃ ᠬᠠᠪᠤᠷ ᠨᠠᠮᠤᠷ ᠤᠨ ᠡᠪᠡᠰᠦ ᠮᠤᠳᠤ ᠲᠠᠷᠢᠬᠤ ᠬᠠᠮᠤᠭ ᠤᠨ ᠳᠤᠬᠢᠷᠠᠮᠵᠢᠲᠠᠢ ᠴᠠᠭ | ᠲᠤᠨᠢ ᠲᠥᠯ ᠲᠣᠰᠬᠤ᠂ ᠡᠪᠡᠰᠦ ᠬᠠᠳᠤᠬᠤ ᠠᠵᠢᠯ ᠳᠠᠪᠬᠤᠴᠠᠳᠠᠭ ᠪᠤᠯᠬᠤᠷ ᠮᠠᠯᠴᠢᠨ ᠬᠦᠮᠦᠨ ᠤ ᠬᠤᠪᠢ ᠳᠤ ᠴᠠᠭ | ᠭᠠᠷᠭᠠᠨ᠎ᠠ ᠭᠡᠳᠡᠭ ᠦᠨᠡᠭᠡᠷ ᠬᠡᠴᠡᠭᠦᠦ ᠪᠠᠶᠢᠯ᠎ᠠ᠃ ᠭᠡᠰᠡᠨ ᠴᠦ ᠭᠡᠷᠡᠯᠪᠠᠭᠠᠲᠤᠷ ᠨᠤᠲᠤᠭ ᠤᠰᠤ ᠪᠠᠨ ᠶᠠᠭᠠᠬᠢᠭᠰᠠᠨ ᠴᠦ | ᠰᠢᠷ᠎ᠠ ᠡᠯᠡᠰᠦᠨ ᠤ ᠠᠮᠠᠨ ᠳᠤ ᠵᠠᠯᠬᠢᠭᠤᠯᠬᠤ ᠦᠭᠡᠢ ᠭᠡᠮᠡᠨ ᠪᠠᠷᠠᠭᠳᠠᠬᠤ ᠦᠭᠡᠢ ᠠᠵᠢᠯ ᠠᠴᠠ ᠴᠠᠭ ᠵᠠᠶᠢᠴᠢᠯᠠᠨ᠂ | ᠮᠤᠳᠤ ᠪᠤᠷᠭᠠᠰᠤ ᠲᠠᠷᠢᠬᠤ ᠠᠵᠢᠯ ᠢᠶᠠᠨ ᠡᠬᠢᠯᠡᠭᠦᠯᠦᠭᠰᠡᠨ ᠨᠢ 1997 ᠣᠨ ᠶᠤᠮ᠃ ᠰᠠᠶ᠋ᠢ ᠭᠤᠴᠢ ᠭᠠᠷᠴᠤ | ᠪᠠᠶᠢᠭᠰᠠᠨ ᠭᠡᠷᠡᠯᠪᠠᠭᠠᠲᠤᠷ ᠨᠤᠲᠤᠭ ᠢᠶᠠᠨ ᠰᠡᠷᠭᠦᠭᠡᠬᠦ ᠪᠠᠷ ᠡᠬᠡᠨᠡᠷ ᠬᠡᠦᠬᠡᠳ ᠢᠶᠠᠨ ᠳᠠᠭᠠᠭᠤᠯᠤᠨ᠂ ᠡᠯᠡᠰᠦᠨ | ᠰᠢᠭᠤᠷᠭ᠎ᠠ ᠶᠢ ᠰᠥᠷᠴᠦ᠂ ᠬᠦᠷᠵᠡ ᠪᠠᠷ ᠨᠦᠬᠡ ᠮᠠᠯᠲᠠᠵᠤ ᠲᠠᠷᠢᠳᠠᠭ ᠪᠠᠶᠢᠪᠠ᠃ ᠠᠮᠢ ᠠᠬᠤᠢ ᠪᠠᠨ ᠲᠤᠶᠢᠯᠪᠤᠷᠢᠲᠠᠢ | ᠰᠡᠷᠭᠦᠭᠡᠬᠦ ᠶᠢᠨ ᠲᠥᠯᠦᠭᠡ 2002 ᠣᠨ ᠠᠴᠠ ᠪᠤᠭ ᠮᠠᠯ ᠢᠶᠠᠨ ᠰᠢᠢᠳᠪᠦᠷᠢᠯᠡᠨ᠂ ᠦᠬᠡᠷ ᠮᠠᠯᠵᠢᠬᠤ ᠪᠤᠯᠪᠠ᠃ | ᠭᠡᠷᠡᠯᠪᠠᠭᠠᠲᠤᠷ ᠤᠨ ᠡᠶᠢᠮᠦ ᠯᠡ ᠵᠤᠷᠢᠭᠲᠠᠢ ᠪᠠᠷᠢᠮᠳᠠᠯᠠᠯ ᠰᠢᠭᠤᠷᠬᠠᠢ ᠬᠢᠳᠡᠯ ᠬᠤᠶᠠᠷ ᠢᠶᠠᠷ ᠨᠢᠴᠦᠭᠦᠨ ᠮᠠᠩᠬ᠎ᠠ | ᠬᠠᠯᠴᠠᠭᠠᠢ ᠭᠠᠵᠠᠷ ᠤᠳ ᠡᠪᠡᠰᠦ ᠤᠷᠭᠤᠮᠠᠯ ᠳᠤ ᠨᠤᠭᠳᠤᠯᠤᠭᠳᠠᠵᠤ ᠡᠬᠢᠯᠡᠭᠰᠡᠨ ᠠᠵᠢ᠃ | ᠠᠩᠬ᠎ᠠ ᠡᠬᠢᠯᠡᠭᠡᠳ ᠲᠡᠷᠡ ᠨᠤᠲᠤᠭ ᠲᠠᠭᠠᠨ ᠮᠤᠳᠤ ᠪᠤᠷᠭᠠᠰᠤ ᠲᠠᠷᠢᠵᠤ ᠡᠯᠡᠰᠦ ᠶᠢ ᠲᠤᠭᠲᠠᠪᠤᠷᠢᠵᠢᠭᠤᠯᠤᠭᠰᠠᠨ | ᠪᠣᠯ 2006 ᠣᠨ ᠪᠣᠯᠬᠤ ᠳᠤ ᠭᠠᠩ ᠳᠤ ᠣᠨᠴᠠ ᠳᠠᠭᠠᠭᠠᠴᠠᠲᠠᠢ᠂ ᠬᠦᠢᠲᠡᠨ ᠳᠤ ᠳᠡᠰᠪᠦᠷᠢᠲᠡᠢ᠂ ᠵᠤᠬᠢᠴᠠᠬᠤ | ᠴᠢᠳᠠᠪᠤᠷᠢ ᠪᠠᠷ ᠰᠠᠶᠢᠨ᠂ ᠠᠮᠢ ᠠᠬᠤᠢ ᠶᠢᠨ ᠵᠠᠰᠠᠯᠲᠠ ᠰᠡᠷᠭᠦᠯᠲᠡ ᠳᠤ ᠮᠠᠰᠢ ᠥᠷᠭᠡᠨ ᠢᠶᠠᠷ ᠬᠡᠷᠡᠭᠯᠡᠭᠳᠡᠵᠦ ᠪᠠᠶᠢᠭ᠎ᠠ | ᠲᠡᠵᠢᠭᠡᠯ ᠡᠪᠡᠰᠦᠨ ᠤ ᠨᠢᠭᠡ ᠪᠣᠯᠬᠤ ᠬᠠᠷᠭᠠᠨ᠎ᠠ ᠶᠢ ᠲᠠᠷᠢᠵᠤ ᠨᠡᠭᠦᠳᠡᠯ ᠡᠯᠡᠰᠦ ᠶᠢ ᠨᠤᠭᠲᠤᠯᠬᠤ ᠪᠤᠯᠤᠭᠰᠠᠨ ᠶᠤᠮ᠃ | ᠲᠡᠷᠡ ᠠᠩᠬ᠎ᠠ ᠡᠬᠢᠯᠡᠭᠡᠳ ᠬᠤᠰᠢᠭᠤᠨ ᠤ ᠪᠠᠨ ᠣᠢ ᠰᠢᠭᠤᠢ ᠶᠢᠨ ᠲᠤᠪᠴᠢᠶ᠎ᠡ ᠠᠴᠠ ᠨᠢᠭᠡ ᠪᠤᠭᠤᠯᠲᠠ ᠬᠤᠶᠠᠷ | ᠪᠤᠭᠤᠯᠲᠠ ᠪᠠᠷ ᠬᠠᠷᠭᠠᠨ᠎ᠠ ᠶᠢᠨ ᠴᠢᠬᠢ ᠮᠤᠳᠤ ᠠᠪᠴᠢᠷᠠᠵᠤ᠂ ᠵᠢᠯ ᠵᠢᠯ ᠨᠡᠮᠡᠵᠦ ᠲᠠᠷᠢᠳᠠᠭ ᠪᠠᠶᠢᠪᠠ᠃ 2013 | ᠣᠨ ᠳᠤ ᠬᠡᠪᠴᠢᠶ᠎ᠡ ᠪᠠᠨ ᠥᠷᠭᠡᠳᠬᠡᠬᠦ ᠪᠠᠷ ᠬᠤᠰᠢᠭᠤᠨ ᠤ ᠪᠠᠨ ᠣᠢ ᠰᠢᠭᠤᠢ ᠶᠢᠨ ᠲᠤᠪᠴᠢᠶᠠᠨ ᠠᠴᠠ 2 ᠲᠦᠮᠡᠨ | ᠰᠢᠷᠬᠡᠭ ᠬᠠᠷᠭᠠᠨ᠎ᠠ ᠶᠢᠨ ᠴᠢᠬᠢ ᠮᠤᠳᠤ ᠠᠪᠴᠢᠷᠠᠵᠤ ᠲᠠᠷᠢᠭᠰᠠᠨ ᠪᠤᠯᠪᠠᠴᠤ ᠳᠡᠮᠡᠢ ᠤᠷᠭᠤᠭᠰᠠᠨ ᠦᠭᠡᠢ᠃ | ᠭᠡᠷᠡᠯᠪᠠᠭᠠᠲᠤᠷ ᠡᠭᠦᠨ ᠠᠴᠠ ᠪᠤᠯᠵᠤ ᠵᠣᠷᠢᠭ ᠮᠤᠬᠤᠷᠠᠭᠰᠠᠨ ᠦᠭᠡᠢ ᠬᠠᠷᠢᠨ ᠳᠤᠷᠰᠢᠯᠭ᠎ᠠ ᠬᠤᠷᠠᠮᠳᠤᠭᠤᠯᠤᠨ ᠤᠯᠠᠮ | ᠰᠠᠶᠢᠨ ᠠᠷᠭ᠎ᠠ ᠰᠦᠪᠡᠭᠴᠢᠯᠡᠪᠡ᠃ ︽ᠬᠠᠷᠭᠠᠨ᠎ᠠ ᠭᠠᠩ ᠳᠤ ᠳᠡᠰᠪᠦᠷᠢᠲᠡᠢ ᠤᠷᠭᠤᠬᠤ ᠨᠢ ᠠᠮᠠᠷᠬᠠᠨ ᠪᠤᠯᠪᠠᠴᠤ | ᠬᠠᠷᠢᠨ ᠲᠠᠷᠢᠬᠤ ᠳᠤ ᠪᠠᠨ ᠭᠠᠵᠠᠷ ᠢᠶᠠᠨ ᠵᠥᠪ ᠰᠤᠩᠭᠤᠬᠤ ᠴᠢᠬᠤᠯᠠᠲᠠᠢ᠂ ᠰᠡᠪᠡᠷᠬᠡᠭ ᠵᠦᠭᠡᠯᠡᠨ ᠭᠠᠵᠠᠷ ᠲᠤ | ᠤᠷᠭᠤᠬᠤ ᠨᠢ ᠰᠠᠶᠢᠨ ᠪᠦᠭᠡᠳ ᠠᠭᠠᠷ ᠤᠨ ᠳᠤᠯᠠᠭᠠᠨ ᠴᠢᠬᠢᠭ ᠤᠨ ᠬᠡᠮᠵᠢᠶ᠎ᠡ ᠵᠡᠷᠭᠡ ᠨᠥᠬᠦᠴᠡᠯ ᠢ ᠴᠦ ᠠᠩᠬᠠᠷᠬᠤ | ᠬᠡᠷᠡᠭᠲᠡᠢ ᠪᠠᠶᠢᠳᠠᠭ︾ ᠭᠡᠵᠦ ᠭᠡᠷᠡᠯᠪᠠᠭᠠᠲᠤᠷ ᠶᠠᠷᠢᠨ᠎ᠠ᠃ ᠲᠡᠷᠡ 2016 ᠣᠨ ᠳᠤ ᠰᠢᠯᠤᠭᠤᠨ ᠬᠥᠬᠡ ᠠᠴᠠ 4 | ᠲᠦᠮᠡᠨ ᠰᠢᠷᠬᠡᠭ ᠬᠠᠷᠭᠠᠨ᠎ᠠ ᠶᠢᠨ ᠴᠢᠬᠢ ᠮᠤᠳᠤ ᠠᠪᠴᠢᠷᠠᠵᠤ᠂ ᠬᠦᠮᠦᠨ ᠬᠦᠯᠦᠰᠦᠯᠡᠨ ᠨᠡᠶᠢᠳᠡᠮ ᠲᠠᠷᠢᠭᠠᠳ ᠶᠡᠭᠡ | ᠰᠠᠶᠢᠨ ᠤᠷᠭᠤᠭᠰᠠᠨ ᠢᠶᠠᠷ ᠵᠤᠷᠢᠭᠵᠢᠨ᠂ ᠵᠢᠯ ᠠᠴᠠ ᠵᠢᠯ ᠨᠡᠮᠡᠵᠦ ᠲᠠᠷᠢᠭᠰᠠᠨ ᠢᠶᠠᠷ ᠣᠳᠤ 5 ᠲᠦᠮᠡᠨ ᠪᠤᠲᠠ | ᠬᠠᠷᠭᠠᠨ᠎ᠠ ᠠᠮᠢ ᠠᠬᠤᠢ ᠶᠢᠨ ᠬᠢᠨᠢ ᠬᠠᠯᠬᠠᠪᠴᠢ ᠪᠤᠯᠵᠤ ᠬᠠᠳᠠᠨ ᠵᠤᠷᠢᠭᠳᠠᠨ ᠮᠡᠳᠦ ᠬᠠᠨᠠᠶᠢᠨᠠ᠃ ᠨᠤᠲᠤᠭ ᠤᠨ ᠬᠢᠨᠢ | ᠬᠦᠷᠦᠰᠦ ᠴᠢᠩᠭᠠᠷᠠᠭᠰᠠᠨ ᠢᠶᠠᠷ ᠪᠤᠰᠤᠳ ᠤᠷᠭᠤᠮᠠᠯ ᠴᠦ ᠳᠠᠭᠠᠯᠳᠤᠨ ᠤᠷᠭᠤᠵᠤ᠂ ᠤᠷᠭᠤᠮᠠᠯ ᠤᠨ ᠲᠦᠷᠦᠯ ᠵᠦᠢᠯ | ᠤᠯᠠᠮ ᠪᠠᠷ ᠤᠯᠠᠰᠢᠷᠠᠭᠰᠠᠨ ᠨᠢ ᠪᠠᠶᠠᠷᠯᠠᠭᠤᠰᠢᠲᠠᠢ ᠤᠴᠢᠷ ᠪᠠᠶᠢᠯ᠎ᠠ᠃ | ᠬᠠᠷᠭᠠᠨ᠎ᠠ ᠪᠣᠯ ᠣᠯᠠᠨ ᠨᠠᠰᠤᠲᠤ᠂ ᠣᠯᠠᠨ ᠬᠡᠷᠡᠭᠴᠡᠭᠡᠲᠦ ᠪᠤᠳᠠᠷᠬᠠᠭ ᠤᠷᠭᠤᠮᠠᠯ᠃ ᠪᠦᠬᠦ ᠥᠪᠦᠷ ᠮᠤᠩᠭᠤᠯ | ᠤᠷᠤᠨ ᠳᠤ ᠨᠡᠶᠢᠳᠡᠮ ᠲᠠᠷᠬᠠᠨ ᠤᠷᠭᠤᠳᠠᠭ ᠲᠠᠷᠬᠠᠴᠠ ᠦᠷᠭᠡᠨ᠂ ᠭᠠᠩ ᠳᠤ ᠣᠨᠴᠠ ᠳᠠᠭᠠᠭᠠᠴᠠᠲᠠᠢ᠂ ᠬᠦᠢᠲᠡᠨ ᠳᠤ | ᠳᠡᠰᠪᠦᠷᠢᠲᠡᠢ᠂ ᠵᠤᠬᠢᠴᠠᠬᠤ ᠴᠢᠳᠠᠪᠤᠷᠢ ᠨᠢ ᠲᠤᠶᠢᠯ ᠤᠨ ᠰᠠᠶᠢᠨ᠂ ᠡᠯᠡᠰᠦᠨ ᠤ ᠵᠠᠰᠠᠯᠲᠠ ᠳᠤ ᠮᠠᠰᠢ ᠦᠷᠭᠡᠨ ᠢᠶᠠᠷ | ᠬᠡᠷᠡᠭᠯᠡᠵᠦ ᠪᠠᠶᠢᠭ᠎ᠠ ᠡᠪᠡᠰᠦᠨ ᠤ ᠲᠦᠷᠦᠯ᠂ ᠬᠠᠷᠭᠠᠨ᠎ᠠ ᠶᠢᠨ ᠦᠷ᠎ᠡ ᠶᠢᠨ ᠰᠤᠶᠤᠭᠠᠯᠠᠯᠲᠠ ᠨᠢ ᠲᠦᠷᠭᠡᠨ᠂ ᠴᠢᠬᠢᠭ | ᠪᠤᠯᠤᠨ ᠳᠤᠯᠠᠭᠠᠨ ᠤ ᠬᠡᠮᠵᠢᠶ᠎ᠡ ᠬᠦᠷᠦᠭᠡᠳ ᠯᠡ ᠦᠭᠳᠡᠭ ᠪᠣᠯ ᠦᠷ᠎ᠡ ᠨᠢ ᠮᠠᠰᠢ ᠤᠬᠤᠷᠬᠠᠨ ᠬᠤᠭᠤᠴᠠᠭᠠᠨ ᠳᠤ | ᠰᠤᠶᠤᠭᠠᠯᠠᠳᠠᠭ᠃ ᠬᠠᠷᠭᠠᠨ᠎ᠠ ᠶᠢ ᠬᠠᠳᠤᠯᠠᠩ ᠤᠨ ᠭᠠᠵᠠᠷ ᠲᠠᠭᠠᠨ ᠲᠠᠷᠢᠳᠠᠭ ᠦᠭᠡᠢ᠃ ᠭᠤᠣᠯ ᠨᠢ ᠭᠤᠤ | ᠭᠠᠩᠭ᠎ᠠ ᠶᠢ ᠵᠠᠰᠠᠬᠤ᠂ ᠰᠠᠯᠬᠢᠨ ᠤ ᠬᠠᠯᠬᠠᠪᠴᠢ ᠤᠢ ᠪᠤᠯᠭᠠᠬᠤ᠂ ᠬᠦᠷᠦᠰᠦ ᠰᠢᠷᠦᠢ ᠶᠢ ᠰᠠᠶᠢᠵᠢᠷᠠᠭᠤᠯᠬᠤ ᠳᠤ | ᠣᠨᠴᠠ ᠳᠤᠬᠢᠷᠠᠳᠠᠭ ᠠᠵᠢ᠃ | ᠬᠠᠷᠭᠠᠨ᠎ᠠ ᠲᠠᠷᠢᠬᠤ ᠨᠢ ᠡᠯᠡᠰᠦᠨ ᠤ ᠵᠠᠰᠠᠯᠲᠠ ᠳᠤ ᠮᠠᠰᠢ ᠴᠢᠬᠤᠯᠠ᠂ ᠬᠠᠮᠠᠭᠠᠯᠠᠬᠤ ᠨᠢ ᠨᠡᠩ ᠴᠢᠬᠤᠯᠠ ᠭᠡᠵᠦ | ᠭᠡᠷᠡᠯᠪᠠᠭᠠᠲᠤᠷ ᠦᠵᠡᠳᠡᠭ᠃ ︽ ᠮᠠᠨ ᠤ ᠬᠢ ᠵᠢᠯ ᠪᠦᠷᠢ ᠳᠦᠷᠪᠡᠨ ᠰᠠᠷ᠎ᠠ ᠶᠢᠨ ᠰᠡᠭᠦᠯᠴᠢ ᠲᠠᠪᠤᠨ ᠰᠠᠷ᠎ᠠ ᠶᠢᠨ ᠡᠬᠢ | ᠪᠠᠷ ᠬᠠᠷᠭᠠᠨ᠎ᠠ ᠲᠠᠷᠢᠳᠠᠭ᠃ ᠲᠠᠷᠢᠭᠰᠠᠨ ᠤ ᠳᠠᠷᠠᠭ᠎ᠠ ᠬᠠᠮᠠᠭᠠᠯᠠᠬᠤ ᠶᠢ ᠭᠤᠣᠯ ᠠᠩᠬᠠᠷᠳᠠᠭ᠃ ᠬᠦᠷᠢᠶᠡᠯᠡᠭᠡᠳ ᠮᠠᠯ | ᠤᠷᠤᠭᠤᠯᠬᠤ ᠦᠭᠡᠢ ᠬᠤᠶᠠᠷ ᠠᠴᠠ ᠭᠤᠷᠪᠠᠨ ᠵᠢᠯ ᠪᠤᠯᠪᠠᠯ ᠭᠦᠢᠴᠡᠳ ᠤᠷᠭᠤᠴᠢᠬᠠᠨᠠ᠃ ᠲᠡᠭᠡᠪᠡᠯ ᠰᠠᠶ᠋ᠢ ᠮᠠᠯ | ᠤᠷᠤᠭᠤᠯᠵᠤ ᠪᠤᠯᠤᠨ᠎ᠠ᠃ ᠦᠭᠡᠢ ᠪᠣᠯ ᠪᠦᠷ ᠬᠤᠭᠤᠯᠤᠭᠠᠳ ᠬᠠᠶᠠᠴᠢᠬᠠᠳᠠᠭ ᠶᠤᠮ᠃ ᠭᠦᠢᠴᠡᠳ ᠤᠷᠭᠤᠭᠰᠠᠨ ᠤ | ᠳᠠᠷᠠᠭ᠎ᠠ ᠮᠠᠯ ᠤᠷᠤᠭᠤᠯᠪᠠᠯ ᠬᠠᠷᠢᠨ ᠮᠠᠯ ᠳᠤ ᠲᠡᠵᠢᠭᠡᠯ ᠪᠤᠯᠬᠤ ᠪᠠᠷ ᠪᠠᠷᠠᠬᠤ ᠦᠭᠡᠢ ᠳᠠᠷᠠᠭ᠎ᠠ ᠵᠢᠯ ᠨᠢ ᠨᠡᠩ ᠢᠭᠴᠤ | ᠰᠠᠬᠤᠯᠢᠭ ᠵᠦᠭᠡᠯᠡᠨ ᠪᠤᠯᠪᠠᠷᠠᠢ ᠰᠢᠨ᠎ᠡ ᠮᠦᠴᠢᠷ ᠤᠷᠭᠤᠨ᠎ᠠ᠃ ᠦᠨᠳᠦᠰᠦᠨ ᠳᠡᠭᠡᠨ ᠭᠤᠷᠪᠠᠨ ᠵᠢᠯ ᠳᠤ ᠨᠢᠭᠡ | ᠤᠳᠠᠭ᠎ᠠ ᠬᠠᠳᠤᠵᠤ ᠰᠢᠨᠡᠳᠬᠡᠵᠦ ᠥᠭᠬᠦ ᠬᠡᠷᠡᠭᠲᠡᠢ᠃ ᠬᠠᠳᠤᠬᠤ ᠨᠢ ᠤᠷᠭᠤᠯᠲᠠ ᠳᠤ ᠰᠠᠶᠢᠨ᠂ ᠰᠢᠨ᠎ᠡ ᠮᠦᠴᠢᠷ | ᠰᠢᠨ᠎ᠡ ᠰᠤᠶᠤᠭ᠎ᠠ ᠭᠠᠷᠴᠤ᠂ ᠮᠠᠯ ᠢᠳᠡᠬᠦ ᠳᠤ ᠰᠢᠮ᠎ᠡ ᠲᠡᠵᠢᠭᠡᠯ ᠢᠶᠠᠷ ᠰᠠᠶᠢᠨ ᠪᠤᠯᠠᠳᠠᠭ᠃ ᠬᠠᠳᠤᠭᠠᠳ ᠮᠠᠯ ᠤᠨ | ᠲᠡᠵᠢᠭᠡᠯ ᠪᠤᠷᠳᠤᠭ᠎ᠠ ᠪᠤᠯᠭᠠᠵᠤ ᠪᠤᠯᠤᠨ᠎ᠠ᠃ ᠣᠨᠤᠭ᠎ᠠ ᠬᠦᠷᠪᠡᠯ ᠬᠤᠶᠢᠰᠢᠳᠠ ᠡᠨᠡ ᠲᠠᠯ᠎ᠠ ᠪᠠᠷ ᠰᠡᠳᠬᠢᠵᠦ ᠠᠵᠢᠯᠯᠠᠬᠤ | ᠰᠠᠨᠠᠭ᠎ᠠ ᠲᠠᠢ︾ ᠭᠡᠵᠦ ᠭᠡᠷᠡᠯᠪᠠᠭᠠᠲᠤᠷ ᠤᠴᠢᠷᠯᠠᠨ᠎ᠠ᠃ | ︽ᠠᠮᠢ ᠠᠬᠤᠢ ᠶᠢ ᠬᠠᠮᠠᠭᠠᠯᠠᠬᠤ ᠭᠡᠳᠡᠭ ᠪᠣᠯ ᠨᠢᠭᠡ ᠬᠦᠮᠦᠨ᠂ ᠨᠢᠭᠡ ᠦᠶ᠎ᠡ ᠶᠢᠨ ᠬᠦᠮᠦᠨ ᠤ ᠠᠵᠢᠯ ᠪᠢᠰᠢ᠂ | ᠬᠠᠷᠢᠨ ᠪᠦᠬᠦ ᠠᠷᠠᠳ ᠢᠶᠠᠷ ᠢᠶᠠᠨ ᠦᠶ᠎ᠡ ᠶᠢᠨ ᠦᠶ᠎ᠡ ᠳᠤ ᠬᠢᠳᠡᠭ ᠠᠵᠢᠯ ᠶᠤᠮ ᠰᠢᠦ︾ ᠭᠡᠵᠦ ᠭᠡᠷᠡᠯᠪᠠᠭᠠᠲᠤᠷ | ᠰᠤᠷᠪᠤᠯᠵᠢᠯᠠᠭᠴᠢ ᠳᠤ ᠶᠠᠷᠢᠵᠤ ᠪᠢᠯᠡ᠃ ᠡᠨᠡ ᠪᠣᠯ ᠮᠠᠯᠴᠢᠨ ᠬᠦᠮᠦᠨ ᠤ ᠨᠤᠲᠤᠭ ᠤᠰᠤ ᠪᠠᠨ ᠨᠤᠮᠢᠨ | ᠨᠤᠭᠤᠭᠠᠨ ᠢᠶᠠᠷ ᠨᠢ ᠪᠠᠶᠢᠯᠭᠠᠬᠤ ᠠᠮᠢ ᠠᠬᠤᠢ ᠪᠠᠨ ᠬᠠᠮᠠᠭᠠᠯᠠᠬᠤ ᠡᠭᠦᠷᠢᠳᠡ ᠶᠢᠨ ᠬᠠᠷᠢᠭᠤᠴᠠᠯᠭ᠎ᠠ ᠪᠣᠯᠬᠤ ᠶᠤᠰᠤᠲᠠᠢ᠃ | ᠡᠨᠡ ᠪᠣᠯ ᠭᠡᠷᠡᠯᠪᠠᠭᠠᠲᠤᠷ ᠤᠨ ᠨᠤᠭᠤᠭᠠᠨ ᠬᠦᠰᠡᠯ᠂ ᠮᠦᠩᠭᠡ ᠶᠢᠨ ᠬᠦᠰᠡᠯ ᠪᠠᠶᠢᠬᠤ ᠤᠴᠢᠷᠲᠠᠢ᠃ | |