2024 ᠣᠨ ᠤ 10 ᠰᠠᠷ᠎ᠠ ᠶᠢᠨ 21 ᠤ ᠡᠳᠦᠷ᠂ ᠰᠢᠯᠢ ᠶᠢᠨ ᠭᠤᠣᠯ ᠠᠶᠢᠮᠠᠭ ᠤᠨ ᠳᠥᠷᠪᠡᠨ ᠬᠥᠯᠥᠭ | ᠠᠷᠠᠯᠵᠢᠶ᠎ᠠ ᠬᠤᠳᠠᠯᠳᠤᠭᠠᠨ ᠤ ᠬᠢᠵᠠᠭᠠᠷᠲᠤ ᠺᠣᠮᠫᠠᠨᠢ ᠪᠣᠯᠣᠨ 18 ᠮᠠᠯᠴᠢᠨ ᠡᠷᠦᠬᠡ ᠶᠢᠨ ᠠᠩᠬᠠᠨ ᠤ ᠪᠦᠯᠦᠭ 400 | ᠬᠤᠷᠠᠭ᠎ᠠ᠂ 110 ᠦᠬᠡᠷ ᠤᠨ ᠨᠠᠷᠢᠯᠢᠭᠵᠢᠭᠤᠯᠤᠨ ᠡᠳ᠋ᠰᠢᠭᠦᠯᠦᠭᠰᠡᠨ ᠮᠢᠬ᠎ᠠ ᠶᠢ ᠰᠢ ᠠᠨ ᠬᠤᠲᠠ ᠶᠢᠨ 30 | ᠰᠠᠭᠤᠭᠠᠯᠢ ᠠᠷᠠᠳ ᠤᠨ ᠲᠣᠭᠤᠷᠢᠭ ᠲᠤ ᠤᠭᠰᠠᠷᠠᠭᠰᠠᠨ ᠣᠶᠤᠨᠴᠢᠯᠠᠭᠰᠠᠨ ᠮᠢᠬ᠎ᠠ ᠬᠤᠳᠠᠯᠳᠤᠬᠤ ᠮᠠᠰᠢᠨ ᠳᠠᠭᠠᠨ | ᠣᠷᠣᠭᠤᠯᠬᠤ ᠶᠣᠰᠣᠯᠠᠯ ᠶᠠᠪᠤᠭᠳᠠᠵᠤ᠂ ᠪᠣᠷᠣᠯᠠᠭᠤᠯᠭ᠎ᠠ ᠪᠠᠨ ᠡᠬᠢᠯᠡᠭᠦᠯᠦᠯ᠎ᠡ᠃ | ᠳᠥᠷᠪᠡᠨ ᠬᠥᠯᠥᠭ ᠠᠷᠠᠯᠵᠢᠶ᠎ᠠ ᠬᠤᠳᠠᠯᠳᠤᠭᠠᠨ ᠤ ᠬᠢᠵᠠᠭᠠᠷᠲᠤ ᠺᠣᠮᠫᠠᠨᠢ ᠪᠣᠯ ᠮᠠᠨ ᠤ ᠠᠶᠢᠮᠠᠭ ᠤᠨ ᠣᠷᠣᠨ | ᠨᠤᠲᠤᠭ ᠤᠨ ᠠᠵᠤ ᠠᠬᠤᠶᠢᠯᠠᠯ ᠶᠤᠮ᠃ ᠥᠭᠡᠳᠡᠯᠡᠬᠦ᠂ ᠵᠤᠷᠢᠭᠲᠤᠪᠠᠭᠠᠲᠤᠷ᠂ ᠠᠮᠤᠭᠤᠯᠠᠩ ᠭᠡᠬᠦ ᠵᠠᠯᠠᠭᠤ ᠭᠤᠷᠪᠠᠨ | ᠠᠵᠤ ᠠᠬᠤᠶᠢᠯᠠᠯᠲᠠᠨ ᠪᠠᠶᠢᠭᠤᠯᠪᠠ᠃ ᠲᠡᠳᠡ ᠮᠠᠯᠴᠢᠳ ᠲᠠᠢ ᠪᠠᠨ ᠬᠠᠮᠲᠤᠷᠠᠵᠤ᠂ ᠪᠡᠯᠴᠢᠭᠡᠷ ᠤᠨ ᠬᠤᠨᠢ ᠦᠬᠡᠷ ᠤᠨ | ᠮᠢᠬ᠎ᠠ ᠶᠢ ᠶᠡᠭᠡ ᠬᠤᠳᠠ ᠶᠢᠨ ᠬᠡᠷᠡᠭᠯᠡᠭᠴᠢᠳ ᠤᠨ ᠭᠠᠷ ᠲᠤ ᠰᠢᠭᠤᠳ ᠬᠦᠷᠭᠡᠬᠦ ᠵᠣᠷᠢᠯᠭ᠎ᠠ ᠪᠠᠷ ᠣᠶᠤᠨᠴᠢᠯᠠᠭᠰᠠᠨ | ᠮᠢᠬ᠎ᠠ ᠬᠤᠳᠠᠯᠳᠤᠬᠤ ᠮᠠᠰᠢᠨ ᠢ ᠵᠣᠬᠢᠶᠠᠨ ᠦᠢᠯᠡᠳᠪᠦᠷᠢᠯᠡᠵᠦ᠂ ᠠᠰᠢᠭᠯᠠᠯᠲᠠ ᠳᠤ ᠤᠷᠤᠭᠤᠯᠵᠡᠢ᠃ ᠲᠣᠰ ᠮᠠᠰᠢᠨ ᠨᠢ | ᠰᠠᠭᠤᠭᠠᠯᠢ ᠠᠷᠠᠳ ᠤᠨ ᠲᠣᠭᠤᠷᠢᠭ ᠲᠤ ᠲᠠᠯᠪᠢᠬᠤ ᠳᠤ ᠵᠣᠷᠢᠭᠤᠯᠤᠭᠰᠠᠨ ᠬᠢᠴᠡ ᠲᠠᠢ ᠪᠥᠭᠡᠳ ᠬᠥᠯᠳᠡᠭᠡᠬᠦ ᠴᠢᠳᠠᠮᠵᠢ | ᠨᠢ ᠲᠡᠭ ᠠᠴᠠ ᠳᠣᠷᠣᠭᠰᠢ ᠬᠤᠷᠢᠨ ᠭᠷᠠᠳᠦ᠋ᠰ ᠲᠤ ᠬᠦᠷᠳᠡᠭ᠃ ᠣᠯᠠᠨ ᠲᠥᠷᠥᠯ ᠬᠤᠪᠢᠶᠠᠵᠤ᠂ ᠨᠠᠷᠢᠯᠢᠭ | ᠪᠤᠭᠤᠳᠠᠯᠯᠠᠭᠰᠠᠨ ᠮᠢᠬ᠎ᠠ ᠪᠠᠷ ᠮᠠᠰᠢᠨ ᠢ ᠳᠦᠭᠦᠷᠭᠡᠬᠦ ᠳᠤ ᠨᠢᠭᠡ ᠤᠳᠠᠭ᠎ᠠ ᠳᠤ 350 ᠵᠢᠩ ᠣᠷᠴᠢᠮ ᠪᠠᠭᠲᠠᠳᠠᠭ᠃ | ᠬᠡᠷᠡᠭᠯᠡᠭᠴᠢᠳ ᠬᠡᠷᠡᠭᠴᠡᠭᠡᠨ ᠤ ᠪᠠᠨ ᠮᠢᠬ᠎ᠠ ᠶᠢ ᠠᠪᠬᠤ ᠳᠤ ᠮᠡᠷᠭᠡᠨ ᠴᠣᠬᠤᠷ ᠢ ᠰᠢᠷᠪᠢᠵᠦ ᠨᠡᠭᠡᠭᠡᠭᠡᠳ | ᠰᠣᠩᠭᠤᠭᠰᠠᠨ ᠤ ᠳᠠᠷᠠᠭ᠎ᠠ ᠲᠥᠯᠥᠪᠦᠷᠢ ᠨᠢ ᠥᠪᠡᠷᠲᠡᠭᠡᠨ ᠴᠠᠶᠢᠷᠠᠳᠠᠭ᠃ ᠳᠥᠷᠪᠡᠨ ᠬᠥᠯᠥᠭ ᠺᠣᠮᠫᠠᠨᠢ ᠡᠨᠡ ᠤᠳᠠᠭ᠎ᠠ | ᠰᠢ ᠠᠨ ᠬᠤᠲᠠ ᠶᠢᠨ 30 ᠰᠠᠭᠤᠭᠠᠯᠢ ᠠᠷᠠᠳ ᠤᠨ ᠲᠣᠭᠤᠷᠢᠭ ᠲᠤ ᠲᠤᠭᠤᠷᠢᠭ ᠪᠤᠯᠭᠠᠨ ᠳᠤ ᠮᠠᠰᠢᠨ | ᠤᠭᠰᠠᠷᠠᠪᠠ᠃ | ᠲᠣᠰ ᠺᠣᠮᠫᠠᠨᠢ ᠶᠡᠭᠡ ᠬᠤᠲᠠ ᠶᠢᠨ ᠰᠠᠭᠤᠭᠠᠯᠢ ᠠᠷᠠᠳ ᠤᠨ ᠡᠳᠦᠷ ᠪᠣᠯᠭᠠᠨ ᠪᠠᠭ᠎ᠠ ᠰᠠᠭ᠎ᠠ ᠨᠣᠭᠤᠭ᠎ᠠ ᠮᠢᠬ᠎ᠠ | ᠠᠪᠳᠠᠭ ᠬᠡᠷᠡᠭᠯᠡᠭᠡᠨ ᠤ ᠣᠨᠴᠠᠯᠢᠭ ᠲᠤᠨᠢ ᠲᠠᠭᠠᠷᠠᠭᠤᠯᠵᠤ᠂ ᠮᠢᠬ᠎ᠠ ᠪᠠᠨ ᠣᠯᠠᠨ ᠲᠥᠷᠥᠯᠵᠢᠭᠦᠯᠦᠨ ᠵᠢᠵᠢᠭᠯᠡᠵᠦ | ᠪᠤᠭᠤᠳᠠᠯᠯᠠᠵᠡᠢ᠃ ᠳᠠᠷᠤᠢ ᠬᠤᠨᠢ ᠪᠣᠯᠣᠨ ᠦᠬᠡᠷ ᠤᠨ ᠮᠢᠬ᠎ᠠ ᠪᠠᠨ ᠬᠠ ᠭᠤᠶ᠎ᠠ᠂ ᠬᠦᠵᠦᠭᠦᠦ ᠰᠡᠭᠡᠷ᠂ ᠬᠠᠯᠠᠭᠤᠨ | ᠲᠣᠭᠤᠭᠠᠨ ᠤ ᠮᠢᠬ᠎ᠠ ᠪᠣᠯᠣᠨ ᠭᠦᠵᠡᠭᠡᠨ ᠪᠣᠭᠤᠳᠠᠭ᠂ ᠮᠢᠬ᠎ᠠ ᠴᠢᠬᠢᠭᠰᠡᠨ ᠭᠤᠰ ᠁ ᠭᠡᠬᠦᠴᠢᠯᠡᠨ 18 ᠲᠥᠷᠥᠯ | ᠠᠩᠭᠢᠯᠠᠭᠰᠠᠨ ᠪᠥᠭᠡᠳ ᠬᠡᠮᠵᠢᠶ᠎ᠡ ᠶᠢ ᠨᠢ 1 ᠵᠢᠩ ᠪᠠ 2 ᠯᠠᠩ ᠢᠶᠠᠷ ᠵᠢᠵᠢᠭᠯᠡᠨ ᠪᠣᠭᠤᠳᠠᠯᠯᠠᠭᠰᠠᠨ ᠪᠠᠶᠢᠨ᠎ᠠ᠃ | ᠦᠨ᠎ᠡ ᠬᠠᠩᠰᠢ ᠶᠢᠨ ᠬᠤᠪᠢ ᠳᠤ᠂ ᠣᠶᠤᠨᠴᠢᠯᠠᠭᠰᠠᠨ ᠮᠠᠰᠢᠨ ᠢᠶᠠᠷ ᠬᠤᠳᠠᠯᠳᠤᠬᠤ ᠳᠤ ᠬᠤᠷᠠᠭᠠᠨ ᠤ ᠮᠢᠬ᠎ᠠ ᠵᠢᠩ | ᠪᠦᠷᠢ ᠳᠡᠭᠡᠨ 50 ᠲᠥᠭᠦᠷᠢᠭ ᠲᠤ ᠬᠦᠷᠴᠦ᠂ ᠵᠠᠬ᠎ᠠ ᠳᠡᠯᠭᠡᠭᠦᠷ ᠤᠨ ᠦᠨ᠎ᠡ ᠠᠴᠠ ᠢᠯᠡᠭᠦᠦ 25 ᠲᠥᠭᠦᠷᠢᠭ | ᠬᠤᠳᠠᠯᠳᠤᠵᠦ᠂ ᠦᠭᠡᠷ ᠤᠨ ᠮᠢᠬ᠎ᠠ ᠵᠢᠩ ᠪᠦᠷᠢ ᠳᠡᠭᠡᠨ 47 ᠲᠦᠬᠦᠷᠢᠭ ᠲᠤ ᠬᠦᠷᠴᠦ᠂ ᠵᠠᠬ᠎ᠠ ᠲᠡᠯᠭᠡᠬᠦᠷ ᠤᠨ | ᠦᠨ᠎ᠡ ᠠᠴᠠ ᠢᠯᠡᠬᠦᠦ 27 ᠲᠦᠬᠦᠷᠢᠭ ᠬᠤᠳᠠᠯᠳᠤᠨ᠎ᠠ᠃ ︽ ᠪᠢᠳᠡᠨ ᠤ ᠲᠣᠭᠠᠴᠠᠭ᠎ᠠ ᠪᠠᠷ᠂ ᠨᠢᠭᠡ ᠮᠠᠰᠢᠨ ᠬᠡᠷᠪᠡ | ᠡᠳᠦᠷ ᠲᠤ 20 ᠵᠢᠩ ᠮᠢᠬ᠎ᠠ ᠬᠤᠳᠠᠯᠳᠤᠵᠤ ᠳᠡᠶᠢᠯᠪᠡᠯ 500 ᠲᠥᠭᠦᠷᠢᠭ ᠤᠨ ᠴᠡᠪᠡᠷ ᠣᠷᠣᠯᠭ᠎ᠠ ᠡᠭᠦᠳᠬᠦ | ᠪᠣᠯᠣᠨ᠎ᠠ᠃ ᠲᠡᠭᠡᠪᠡᠯ ᠨᠢᠭᠡ ᠬᠤᠷᠠᠭᠠᠨ ᠤ ᠮᠢᠬᠠᠨ ᠤ ᠴᠡᠪᠡᠷ ᠣᠷᠣᠯᠭ᠎ᠠ1300 ᠲᠥᠭᠦᠷᠢᠭ᠂ ᠨᠢᠭᠡ ᠦᠬᠡᠷ ᠤᠨ | ᠮᠢᠬᠠᠨ ᠤ ᠴᠡᠪᠡᠷ ᠣᠷᠣᠯᠭ᠎ᠠ 1 ᠲᠦᠮᠡ 3000 ᠲᠦᠬᠦᠷᠢᠭ ᠠᠴᠠ 1 ᠲᠦᠮᠡ 8000 ᠲᠥᠭᠦᠷᠢᠭ ᠲᠤ ᠬᠦᠷᠴᠦ | ᠳᠡᠶᠢᠯᠦᠨ᠎ᠡ᠃ ᠲᠡᠶᠢᠮᠦ ᠠᠴᠠ ᠡᠨᠡ ᠪᠣᠯ ᠮᠠᠯᠴᠢᠳ ᠮᠠᠯ ᠤᠨ ᠮᠢᠬ᠎ᠠ ᠪᠠᠨ ᠦᠨ᠎ᠡ ᠳᠤ ᠬᠦᠷᠭᠡᠬᠦ ᠮᠠᠰᠢ ᠰᠠᠶᠢᠨ ᠵᠠᠮ | ᠨᠡᠭᠡᠭᠡᠭᠳᠡᠵᠦ ᠪᠠᠶᠢᠨ᠎ᠠ ᠭᠡᠵᠦ ᠤᠶᠢᠯᠠᠭᠠᠵᠦ ᠪᠣᠯᠣᠨ᠎ᠠ︾ ᠬᠡᠮᠡᠨ ᠳᠥᠷᠪᠡᠨ ᠬᠥᠯᠥᠭ ᠠᠷᠠᠯᠵᠢᠶ᠎ᠠ ᠬᠤᠳᠠᠯᠳᠤᠭᠠᠨ ᠤ | ᠺᠣᠮᠫᠠᠨᠢ ᠶᠢᠨ ᠡᠭᠦᠰᠬᠡᠨ ᠪᠠᠶᠢᠭᠤᠯᠤᠭᠴᠢ ᠥᠭᠡᠳᠡᠯᠡᠬᠦ ᠨᠠᠷᠢᠨ ᠲᠠᠶᠢᠯᠪᠤᠷᠢᠯᠠᠵᠤ ᠥᠭᠭᠦᠯ᠎ᠡ᠃ | ᠤᠶᠢᠯᠠᠭᠠᠭᠰᠠᠨ ᠢᠶᠠᠷ᠂ ᠡᠨᠡ ᠵᠢᠯ ᠨᠢᠭᠡ ᠰᠠᠶᠢᠨ ᠰᠤᠪᠠᠢ ᠦᠨᠢᠶᠡᠨ ᠤ ᠵᠠᠬ᠎ᠠ ᠳᠡᠯᠭᠡᠭᠦᠷ ᠤᠨ ᠦᠨ᠎ᠡ 8000 | ᠲᠥᠭᠦᠷᠢᠭ ᠠᠴᠠ ᠬᠡᠳᠦᠷᠡᠬᠦ ᠦᠭᠡᠢ ᠪᠠᠶᠢᠵᠤ᠂ ᠬᠡᠷᠪᠡ ᠣᠶᠤᠨᠴᠢᠯᠠᠭᠰᠠᠨ ᠮᠠᠰᠢᠨ ᠢᠶᠠᠷ ᠬᠤᠳᠠᠯᠳᠤᠪᠠᠯ 1 ᠲᠦᠮᠡ | 5000 ᠲᠥᠭᠦᠷᠢᠭ ᠲᠤ ᠬᠦᠷᠴᠦ᠂ ᠪᠠᠷᠤᠭ ᠳᠠᠬᠢᠨ ᠢᠶᠠᠷ ᠬᠤᠳᠠᠯᠳᠤᠨ᠎ᠠ ᠭᠡᠵᠦ ᠪᠠᠶᠢᠯ᠎ᠠ᠃ ᠲᠡᠶᠢᠮᠦ ᠠᠴᠠ 3 | ᠲᠦᠮᠡ 8000 ᠲᠥᠭᠦᠷᠢᠭ ᠤᠨ ᠦᠨ᠎ᠡ ᠲᠠᠢ ᠣᠶᠤᠨᠴᠢᠯᠠᠭᠰᠠᠨ ᠮᠠᠰᠢᠨ ᠢ ᠣᠳᠣᠬᠠᠨ ᠪᠣᠯᠲᠠᠯ᠎ᠠ ᠡᠯ᠎ᠡ ᠭᠠᠵᠠᠷ ᠤᠨ | 70 ᠭᠠᠷᠤᠢ ᠮᠠᠯᠴᠢᠨ ᠵᠠᠬᠢᠶᠠᠯᠠᠵᠤ᠂ ᠮᠠᠯ ᠤᠨ ᠮᠢᠬ᠎ᠠ ᠪᠠᠨ ᠰᠢᠭᠤᠳ ᠬᠡᠷᠡᠭᠯᠡᠭᠴᠢ ᠶᠢᠨ ᠭᠠᠷ ᠲᠤ ᠬᠦᠷᠭᠡᠬᠦ ᠳᠤ | ᠠᠰᠢᠭᠯᠠᠬᠤ ᠪᠠᠷ ᠪᠡᠯᠡᠳᠬᠡᠨ᠎ᠡ᠃ ᠡᠨᠡ ᠤᠳᠠᠭ᠎ᠠ 18 ᠮᠠᠯᠴᠢᠨ ᠨᠢ ᠮᠠᠰᠢᠨ ᠪᠣᠯᠣᠨ ᠮᠢᠬ᠎ᠠ ᠪᠠᠨ ᠰᠢ ᠠᠨ | ᠬᠤᠳ᠋ᠨ ᠳᠤ ᠶᠠᠪᠤᠭᠤᠯᠵᠡᠢ᠃ ᠵᠡᠭᠦᠨ ᠦᠵᠦᠮᠦᠴᠢᠨ ᠬᠤᠰᠢᠭᠤᠨ ᠤ ᠬᠦᠷᠢᠶᠡᠲᠦᠨᠠᠭᠤᠷ ᠰᠤᠮᠤ ᠶᠢᠨ ᠵᠢᠭᠠᠰᠤᠲᠠᠢ | ᠭᠠᠴᠠᠭᠠᠨ ᠤ ᠮᠠᠯᠴᠢᠨ ᠬᠠᠪᠤᠷᠴᠡᠴᠡᠭ ᠮᠢᠬ᠎ᠠ ᠬᠤᠳᠠᠯᠳᠤᠬᠤ ᠣᠶᠤᠨᠴᠢᠯᠠᠭᠰᠠᠨ ᠮᠠᠰᠢᠨ ᠠᠴᠠ ᠨᠢᠭᠡ ᠶᠢ ᠠᠪᠤᠭᠰᠠᠨ | ᠪᠥᠭᠡᠳ ᠬᠤᠶᠠᠷ ᠰᠤᠪᠠᠢ ᠦᠨᠢᠶᠡᠨ ᠤ 770 ᠵᠢᠩ ᠮᠢᠬ᠎ᠠ ᠶᠢ 1 ᠵᠢᠩ ᠤᠨ ᠬᠠᠪᠢᠷᠭ᠎ᠠ 180 ᠬᠠᠶᠢᠷᠴᠠᠭ᠂ 1 | ᠵᠢᠩ ᠤᠨ ᠬᠠᠷ᠎ᠠ ᠮᠢᠬ᠎ᠠ 270 ᠬᠠᠶᠢᠷᠴᠠᠭ᠂ 2 ᠯᠠᠩ ᠤᠨ ᠮᠢᠬ᠎ᠠ 1347 ᠬᠠᠶᠢᠷᠴᠠᠭ ᠨᠠᠷᠢᠯᠢᠭ ᠪᠣᠭᠤᠳᠠᠯᠯᠠᠭᠠᠳ | ᠰᠢ ᠠᠨ ᠬᠤᠲᠠ ᠳᠤ ᠶᠠᠪᠤᠭᠤᠯᠤᠭᠰᠠᠨ ᠪᠠᠶᠢᠨ᠎ᠠ ᠃ ︽ᠨᠤᠲᠤᠭ ᠣᠷᠣᠨ ᠤ ᠵᠠᠯᠠᠭᠤᠰ ᠪᠡᠯᠴᠢᠭᠡᠷ ᠤᠨ ᠬᠤᠨᠢ | ᠦᠬᠡᠷ ᠤᠨ ᠮᠢᠬ᠎ᠠ ᠪᠠᠨ ᠦᠨ᠎ᠡ ᠳᠤ ᠬᠦᠷᠭᠡᠬᠦ ᠪᠠᠷ ᠢᠩᠭᠢᠵᠦ ᠴᠢᠷᠮᠠᠶᠢᠵᠤ ᠪᠠᠶᠢᠭ᠎ᠠ ᠳᠤ ᠪᠢᠳᠡ ᠳᠡᠮᠵᠢᠬᠦ ᠶᠣᠰᠣᠲᠠᠢ᠃ | ᠪᠢᠳᠡᠨ ᠤ ᠮᠠᠯᠵᠢᠭᠰᠠᠨ ᠮᠠᠯ ᠤᠨ ᠮᠢᠬ᠎ᠠ ᠰᠢᠭᠤᠳ ᠬᠡᠷᠡᠭᠯᠡᠭᠴᠢ ᠶᠢᠨ ᠭᠠᠷ ᠲᠤ ᠬᠥᠷᠪᠡᠯ ᠮᠠᠨ ᠤ ᠣᠷᠣᠯᠭ᠎ᠠ ᠨᠡᠮᠡᠭᠳᠡᠬᠦ | ᠪᠣᠯᠣᠨ᠎ᠠ᠂ ᠶᠣᠰᠣᠲᠠᠢ ᠪᠠᠶᠠᠷᠲᠠᠢ ᠪᠠᠶᠢᠨ᠎ᠠ᠃ ᠬᠤᠳᠠᠯᠳᠤᠭᠰᠠᠨ ᠪᠥᠬᠦ ᠰᠤᠷᠠᠭ ᠵᠠᠩᠭᠢ᠂ ᠳᠦᠷᠰᠦ ᠰᠢᠩᠭᠡᠭᠡᠯᠲᠡ ᠶᠢ | ᠡᠳᠦᠷ ᠪᠣᠯᠭᠠᠨ ᠭᠠᠷ ᠤᠲᠠᠰᠤᠨ ᠠᠴᠠ ᠪᠠᠨ ᠦᠵᠡᠵᠦ ᠳᠡᠶᠢᠯᠬᠦ ᠪᠥᠭᠡᠳ ᠣᠷᠣᠯᠭ᠎ᠠ ᠨᠢ ᠡᠳᠦᠷ ᠪᠣᠯᠭᠠᠨ | ᠳᠠᠩᠰᠠᠨ ᠳᠤ ᠣᠷᠣᠵᠤ ᠢᠷᠡᠨ᠎ᠡ︾ ᠭᠡᠵᠦ ᠬᠠᠪᠤᠷᠴᠡᠴᠡᠭ ᠳᠣᠭᠳᠣᠯᠤᠨ ᠶᠠᠷᠢᠯ᠎ᠠ᠃ | ᠳᠥᠷᠪᠡᠨ ᠬᠥᠯᠥᠭ ᠺᠤᠮᠫᠠᠨᠢ ᠣᠳᠣᠬᠠᠨ ᠰᠢ ᠠᠨ ᠬᠤᠲᠠ ᠠᠴᠠ ᠠᠰᠲᠠᠭᠠᠨ ᠪᠡᠭᠡᠵᠢᠩ᠂ ᠲᠢᠶᠠᠨᠵᠢᠨ᠂ ᠱᠢ | ᠵᠢᠶᠠ ᠵᠤᠸᠠᠩ᠂ ᠳ᠋ᠠᠯᠢᠶᠠᠨ ᠵᠡᠷᠭᠡ ᠬᠤᠲᠠ ᠶᠢᠨ 160 ᠭᠠᠷᠤᠢ ᠰᠠᠭᠤᠭᠠᠯᠢ ᠠᠷᠠᠳ ᠤᠨ ᠲᠣᠭᠤᠷᠢᠭ ᠲᠠᠢ ᠨᠢᠭᠡᠨᠲᠡ | ᠭᠡᠷ᠎ᠡ ᠲᠣᠭᠲᠠᠵᠤ᠂ ᠵᠢᠯ ᠤᠨ ᠡᠴᠦᠰ ᠪᠤᠯᠳᠠᠯ᠎ᠠ 300 ᠮᠠᠰᠢᠨ ᠤᠭᠰᠠᠷᠠᠬᠤ ᠪᠠᠷ ᠪᠠᠶᠢᠨ᠎ᠠ᠃ |