ᠲᠤᠮᠳᠠᠳᠤ ᠮᠤᠩᠭᠤᠯ ᠬᠤᠶᠡᠷ ᠤᠯᠤᠰ ᠤᠨ ︽ᠰᠢᠯᠢᠳᠡᠭ ᠤᠨ ᠰᠢᠯᠢᠳᠡᠭ︾ 64 ᠬᠦᠴᠤᠳᠤ ᠪᠦᠬᠡ ᠶᠢᠨ ᠪᠠᠷᠢᠯᠳᠤᠭᠠᠨ ᠳᠤ ᠪᠠᠷᠠᠭᠤᠨ ᠦᠵᠤᠮᠤᠴᠢᠨ ᠬᠤᠰᠢᠭᠤᠨ ᠤ ᠨᠠᠮᠰᠠᠷᠠᠢ ᠲᠠᠷᠢᠬᠦᠯᠠᠯ᠎ᠠ
ᠨᠡᠶᠢᠲᠡᠯᠡᠭᠰᠡᠨ ᠴᠠᠭ᠄
2024/1/9
       ᠦᠪᠤᠷ ᠮᠤᠩᠭᠤᠯ ᠤᠨ ᠠ ᠶᠠ ᠰᠤᠶᠤᠯ ᠵᠢᠭᠤᠯᠴᠢᠯᠡᠯ ᠤᠨ ᠺᠤᠮᠫᠠᠨᠢ᠂ ᠠᠪᠠᠭ᠎ᠠ ᠬᠤᠰᠢᠭᠤᠨ ᠤ ᠪᠡᠯᠬᠦᠳᠡᠢ ᠪᠦᠬᠡ ᠶᠢᠨ ᠨᠠᠶᠢᠬᠡᠮᠯᠢᠭ ᠠᠴᠠ ᠬᠠᠮᠳᠤᠷᠠᠨ ᠡᠷᠬᠢᠯᠡᠭᠰᠡᠨ ᠲᠠᠪᠤᠳᠤᠭᠠᠷ ᠤᠳᠠᠭᠠᠨ ᠤ ᠲᠤᠮᠳᠠᠳᠤ ᠮᠤᠩᠭᠤᠯ ᠬᠤᠶᠡᠷ ᠤᠯᠤᠰ ᠤᠨ ︽ᠰᠢᠯᠢᠳᠡᠭ ᠤᠨ ᠰᠢᠯᠢᠳᠡᠭ︾ 64 ᠬᠦᠴᠤᠳᠤ ᠪᠦᠬᠡ ᠶᠢᠨ ᠪᠠᠷᠢᠯᠳᠤᠭᠠᠨ ᠨᠢ 1 ᠰᠠᠷ᠎ᠠ ᠶᠢᠨ 7 ᠤ ᠡᠳᠤᠷ ᠠᠪᠠᠭ᠎ᠠ ᠬᠤᠰᠢᠭᠤᠨ ᠤ ᠪᠦᠬᠦ ᠠᠷᠡᠳ ᠤᠨ ᠪᠠᠶ᠎ᠠ ᠴᠢᠬᠢᠷᠠᠭᠵᠢᠭᠤᠯᠬᠤ ᠲᠦᠪ ᠲᠤ ᠶᠠᠪᠤᠭᠳᠠᠵᠤ᠂ ᠪᠠᠷᠠᠭᠤᠨ ᠦᠵᠤᠮᠤᠴᠢᠨ ᠬᠤᠰᠢᠭᠤᠨ ᠤ ᠨᠠᠮᠰᠠᠷᠠᠢ ᠲᠠᠷᠢᠬᠦᠯᠠᠯ᠎ᠠ᠃        ᠲᠤᠰ ᠤᠳᠠᠭᠠᠨ ᠤ ᠪᠦᠬᠡ ᠶᠢᠨ ᠪᠠᠷᠢᠯᠳᠤᠭᠠᠨ ᠳᠤ ᠰᠢᠯᠢ ᠶᠢᠨ ᠭᠤᠤᠯ ᠠᠶᠢᠮᠠᠭ᠂ ᠤᠯᠠᠭᠠᠬᠠᠳᠠ ᠬᠤᠳᠠ᠂ ᠬᠦᠯᠤᠨ ᠪᠦᠢᠷ ᠬᠤᠳᠠ ᠶᠢᠨ 48 ᠬᠦᠴᠤᠳᠤ ᠪᠦᠬᠡ ᠪᠠ ᠮᠤᠩᠭᠤᠯ ᠤᠯᠤᠰ ᠤᠨ ᠤᠯᠤᠰ ᠠᠶᠢᠮᠠᠭ ᠤᠨ ᠴᠤᠯᠠ ᠲᠠᠢ 16 ᠬᠦᠴᠤᠳᠤ ᠪᠦᠬᠡ ᠵᠤᠳᠤᠭᠯᠠᠵᠤ᠂ ᠠᠷᠰᠯᠠᠨ ᠪᠠᠷᠰ ᠤᠨ ᠲᠠᠪᠢᠯᠳᠠ ᠪᠠᠷ ᠲᠠᠯᠠᠪᠠᠢ ᠳᠤ ᠮᠠᠭᠰᠢᠨ ᠤᠷᠤᠬᠤ ᠨᠢ ᠲᠠᠶᠢᠮᠤ ᠯᠠ ᠰᠦᠷᠯᠢᠭ᠂ ᠮᠡᠭᠡ ᠮᠠᠷᠬᠡᠵᠢᠯ ᠤᠨ ᠦᠵᠡᠯᠴᠡᠬᠡᠨ ᠢᠶᠠᠷ ᠬᠦᠴᠤ ᠴᠢᠳᠠᠯ ᠢᠶᠠᠨ ᠰᠤᠷᠢᠬᠤ ᠨᠢ ᠲᠠᠶᠢᠮᠤ ᠯᠠ ᠵᠢᠪᠬᠤᠭᠠᠯᠢᠭ ᠪᠠᠶᠢᠵᠤ᠂ ᠬᠤᠷᠠᠭᠰᠡᠨ ᠤᠯᠠᠨ ᠤ ᠬᠠᠷᠠᠭ᠎ᠠ ᠶᠢ ᠪᠠᠶᠠᠰᠬᠠᠵᠤ᠂ ᠰᠡᠳᠬᠢᠯ ᠢ ᠤᠪᠤᠯᠵᠠᠭᠤᠯᠤᠭᠰᠡᠨ ᠪᠠᠶᠢᠨ᠎ᠠ᠃        ᠲᠡᠷᠢᠬᠦᠨ ᠲᠡᠳ᠋ ᠤᠨ ᠪᠠᠷᠢᠯᠳᠤᠭᠠᠨ        ᠬᠠᠶᠠᠭᠰᠡᠨ᠄ ᠨᠠᠮᠰᠠᠷᠠᠢ ︵ᠪᠠᠷᠠᠭᠤᠨ ᠦᠵᠤᠮᠤᠴᠢᠨ︶   ᠬᠠᠶᠠᠭᠳᠠᠭᠰᠡᠨ᠄ ᠴᠠᠭᠠᠡᠵᠠᠭᠠᠨ ︵ᠪᠠᠷᠠᠭᠤᠨ ᠦᠵᠤᠮᠤᠴᠢᠨ︶        ᠲᠡᠬᠡᠳᠤ ᠲᠦᠷᠪᠡ ᠶᠢᠨ ᠪᠠᠷᠢᠯᠳᠤᠭᠠᠨ        ᠬᠠᠶᠠᠭᠰᠡᠨ᠄ ᠴᠠᠭᠠᠡᠵᠠᠭᠠᠨ ︵ᠪᠠᠷᠠᠭᠤᠨ ᠦᠵᠤᠮᠤᠴᠢᠨ︶  ᠂ ᠨᠠᠮᠰᠠᠷᠠᠢ ︵ᠪᠠᠷᠠᠭᠤᠨ ᠦᠵᠤᠮᠤᠴᠢᠨ︶        ᠬᠠᠶᠠᠭᠳᠠᠭᠰᠡᠨ᠄ ᠰᠠᠴᠠᠡᠪᠢᠯᠢᠭ ︵ᠵᠡᠬᠦᠨ ᠦᠵᠤᠮᠤᠴᠢᠨ︶᠂ ᠰᠠᠩᠬᠡᠭᠠᠷᠪᠤ ︵ᠬᠦᠯᠤᠨ ᠪᠦᠢᠷ︶        ᠲᠡᠬᠡᠳᠤ ᠨᠠᠢᠮᠠ ᠶᠢᠨ ᠪᠠᠷᠢᠯᠳᠤᠭᠠᠨ        ᠬᠠᠶᠠᠭᠰᠡᠨ᠄ ᠰᠠᠩᠬᠡᠭᠠᠷᠪᠤ ︵ᠬᠦᠯᠤᠨ ᠪᠦᠢᠷ︶᠂ ᠰᠠᠴᠠᠡᠪᠢᠯᠢᠭ ︵ᠵᠡᠬᠦᠨ ᠦᠵᠤᠮᠤᠴᠢᠨ︶᠂ ᠨᠠᠮᠰᠠᠷᠠᠢ ︵ᠪᠠᠷᠠᠭᠤᠨ ᠦᠵᠤᠮᠤᠴᠢᠨ︶᠂ ᠴᠠᠭᠠᠡᠵᠠᠭᠠᠨ ︵ᠪᠠᠷᠠᠭᠤᠨ ᠦᠵᠤᠮᠤᠴᠢᠨ︶        ᠬᠠᠶᠠᠭᠳᠠᠭᠰᠡᠨ᠄ ᠮᠦᠩᠬᠡᠪᠡᠶᠡᠷ ︵ᠮᠤᠩᠭᠤᠯ ᠤᠯᠤᠰ︶᠂ ᠭᠠᠩᠳᠤᠯᠭ᠎ᠠ ︵ᠮᠤᠩᠭᠤᠯ ᠤᠯᠤᠰ︶᠂ ᠬᠡᠬᠡᠷᠡᠬᠦ ︵ᠪᠠᠷᠠᠭᠤᠨ ᠪᠠᠭᠠᠷᠢᠨ︶᠂ ᠠᠮᠤᠷᠴᠠᠨ᠎ᠠ ︵ᠵᠡᠬᠦᠨ ᠰᠦᠨᠢᠳ︶
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号