ᠠᠪᠠᠭ᠎ᠠ ᠬᠤᠰᠢᠭᠤᠨ ᠤ ᠠᠩᠬᠠᠳᠤᠭᠠᠷ ᠣᠳᠠᠭᠠᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ︽ᠦᠰᠬᠦᠶᠢᠷᠡᠭᠡᠳᠦᠢ︾ ᠨᠡᠷᠡᠮᠵᠢᠲᠦ ᠨᠤᠮᠤ ᠰᠣᠮᠣ ᠶᠢᠨ ᠬᠠᠷᠪᠤᠯᠲᠠ ᠶᠢᠨ ᠤᠷᠤᠯᠳᠤᠭᠠᠨ ᠶᠠᠪᠤᠭᠳᠠᠭᠰᠠᠨ
ᠨᠡᠶᠢᠲᠡᠯᠡᠭᠰᠡᠨ ᠴᠠᠭ᠄
2023/6/8
     6 ᠰᠠᠷ᠎ᠠ ᠶᠢᠨ 5᠎ ᠤ ᠡᠳᠦᠷ ᠤᠨ ᠥᠳᠡ ᠶᠢᠨ ᠬᠤᠶᠢᠨ᠎ᠠ ᠠᠪᠠᠭ᠎ᠠ ᠬᠤᠰᠢᠭᠤᠨ ᠤ ᠠᠩᠬᠠᠳᠤᠭᠠᠷ ᠣᠳᠠᠭᠠᠨ ᠤ ᠪᠠᠭ᠎ᠠ ᠰᠤᠷᠭᠠᠭᠤᠯᠢ ᠶᠢᠨ ᠰᠤᠷᠤᠭᠴᠢᠳ ᠤᠨ ︽ᠦᠰᠬᠦᠶᠢᠷᠡᠭᠡᠳᠦᠢ︾ ᠨᠡᠷᠡᠮᠵᠢᠲᠤ ᠨᠤᠮᠤ ᠰᠤᠮᠤ ᠶᠢᠨ ᠬᠠᠷᠪᠤᠯᠲᠠ ᠶᠢᠨ ᠤᠷᠤᠯᠳᠤᠭᠠᠨ ᠨᠢᠭᠡᠳᠦᠭᠡᠷ ᠪᠠᠭ᠎ᠠ ᠰᠤᠷᠭᠠᠭᠤᠯᠢ ᠶᠢᠨ ᠲᠠᠮᠢᠷ ᠤᠨ ᠤᠷᠳᠤᠨ ᠳᠤ ᠶᠠᠪᠤᠭᠳᠠᠭᠰᠠᠨ ᠪᠠᠶᠢᠨ᠎ᠠ᠃      ᠤᠷᠤᠯᠳᠤᠭᠠᠨ ᠢ ᠪᠠᠭ᠎ᠠ ᠨᠣᠳᠤᠭ ᠤᠨ ᠨᠡᠷᠡᠲᠦ ᠠᠬᠠᠮᠠᠳ ᠬᠠᠷᠪᠤᠭᠴᠢ ᠴᠠᠭᠠᠨᠨᠠᠭᠤᠷ ᠪᠠᠯᠭᠠᠰᠤᠨ ᠤ ᠣᠯᠠᠭᠠᠨᠪᠣᠯᠠᠭ ᠭᠠᠴᠠᠭᠠᠨ ᠤ ᠰᠡᠴᠡᠨᠪᠠᠭᠠᠳᠤᠷ ᠭᠡᠷᠭᠡᠢ  ᠰᠢᠨᠡᠴᠡᠴᠡᠭ ᠤᠨ ᠬᠠᠮᠲᠤ ᠰᠠᠨᠠᠭᠠᠴᠢᠯᠠᠨ ᠵᠤᠬᠢᠶᠠᠨ ᠪᠠᠶᠢᠭᠤᠯᠵᠤ ᠂ ᠤᠷᠤᠯᠳᠤᠭᠠᠨ ᠳᠤ ᠪᠠᠭ᠎ᠠ ᠰᠤᠷᠭᠠᠭᠤᠯᠢ ᠶᠢᠨ ᠲᠥᠷᠪᠡ ᠣᠨ ᠠᠴᠠ ᠳᠡᠭᠡᠭᠰᠢᠬᠢ 30 ᠭᠠᠷᠤᠢ ᠰᠤᠷᠤᠭᠴᠢ ᠤᠷᠤᠯᠴᠠᠨ ᠡᠷᠡᠭᠲᠡᠢ ᠡᠮᠡᠭᠲᠡᠢ ᠲᠤᠭᠤᠶᠢᠯᠠᠩ ᠬᠤᠪᠢᠶᠠᠵᠤ᠂ 15 ᠮᠧᠲᠷ ᠠᠴᠠ ᠰᠠᠷᠠᠨ ᠫᠠᠢ ᠶᠢ ᠣᠯᠠᠮᠵᠢᠯᠠᠯᠲᠤ ᠨᠤᠮᠤ ᠪᠠᠷ ᠡᠷᠬᠡᠶᠢᠪᠴᠢᠯᠡᠨ ᠬᠠᠷᠪᠤᠵᠠᠢ᠃ ᠤᠷᠤᠯᠳᠤᠭᠠᠨ ᠤ ᠳ᠋ᠦᠩ ᠳᠤ ᠡᠷᠡᠭᠲᠡᠢ ᠲᠤᠭᠤᠶᠢᠯᠠᠩ ᠳᠤ 6 ᠣᠨ ᠤ 3 ᠠᠩᠭᠢ ᠶᠢᠨ ᠠᠰᠢᠳᠠ 46 ᠤᠨᠤᠭ᠎ᠠ ᠪᠠᠷ ᠲᠡᠷᠢᠭᠦᠯᠡᠵᠦ᠂  ᠲᠡᠨᠢᠭᠦᠨ 44 ᠤᠨᠤᠭ᠎ᠠ ᠪᠠᠷ ᠳᠡᠳ᠋ᠯᠡᠨ᠂ ᠨᠠᠶᠢᠷᠲᠠᠢ 38 ᠤᠨᠤᠭ᠎ᠠ ᠪᠠᠷ ᠭᠤᠳᠠᠭᠠᠷᠯᠠᠵᠤ᠂ ᠡᠮᠡᠭᠲᠡᠢ ᠲᠤᠭᠤᠶᠢᠯᠠᠩ ᠳᠤ ᠤᠷᠠᠯᠢᠭ 43 ᠤᠨᠤᠭ᠎ᠠ ᠪᠠᠷ ᠲᠡᠷᠢᠭᠦᠯᠡᠵᠦ᠂  ᠨᠠᠶᠢᠷᠰᠠᠭ 41 ᠤᠨᠤᠭ᠎ᠠ ᠪᠠᠷ ᠳᠡᠳ᠋ᠯᠡᠨ᠂ ᠲᠤᠨᠤᠷᠠ 40 ᠤᠨᠤᠭ᠎ᠠ ᠪᠠᠷ ᠭᠤᠳᠠᠭᠠᠷᠯᠠᠭᠰᠠᠨ ᠪᠠᠶᠢᠨ᠎ᠠ᠃      ︽ᠤᠷᠤᠯᠳᠤᠭᠠᠨ ᠳᠤ ᠮᠢᠨᠢ ᠬᠠᠯᠠᠭᠤᠨ ᠳᠡᠮᠵᠢᠯᠭᠡ ᠦᠵᠡᠭᠦᠯᠦᠭᠰᠡᠨ ᠪᠠᠭᠰᠢ ᠠᠵᠢᠯᠳᠠᠨ᠂ ᠨᠣᠳᠤᠭ ᠤᠨ ᠬᠠᠷᠪᠤᠭᠠᠴᠢ ᠨᠠᠷ ᠲᠠᠭᠠᠨ ᠳᠤᠩ ᠶᠡᠭᠡ ᠪᠠᠶᠠᠷᠯᠠᠯ᠎ᠠ᠂ ᠡᠨᠡ ᠣᠳᠠᠭᠠᠨ ᠤ ᠤᠷᠤᠯᠳᠤᠭᠠᠨ ᠢ ᠬᠡᠣᠬᠡᠳ ᠪᠠᠭᠠᠴᠤᠳ ᠲᠤ ᠣᠯᠠᠮᠵᠢᠯᠠᠯᠲᠤ ᠡᠷ᠎ᠡ ᠶᠢᠨ ᠭᠤᠷᠪᠠᠨ ᠨᠠᠭᠠᠳᠤᠮ ᠤᠨ ᠨᠢᠭᠡ ᠪᠣᠯᠬᠤ ᠨᠤᠮᠤ ᠰᠤᠮᠤ ᠶᠢᠨ ᠲᠠᠯ᠎ᠠ ᠪᠠᠷ ᠣᠯᠠᠮ ᠢᠯᠡᠭᠦᠦ ᠣᠶᠢᠯᠠᠭᠠᠭᠤᠯᠤᠨ ᠪᠠᠭ᠋ᠠᠲᠠᠢ ᠪᠣᠯᠭᠠᠵᠤ᠂ ᠢᠷᠡᠭᠡᠳᠦᠢ ᠳᠤ ᠨᠣᠳᠤᠭ ᠤᠨ ᠠᠯᠳᠠᠷ ᠢ ᠡᠷᠭᠦᠭᠰᠡᠨ ᠰᠢᠯᠢᠳᠡᠭ ᠬᠠᠷᠪᠤᠭᠠᠴᠢᠨ ᠪᠣᠯᠬᠤ ᠳᠤᠨᠢ ᠰᠠᠭᠤᠷᠢ ᠲᠠᠯᠪᠢᠬᠤ ᠵᠣᠷᠢᠯᠭ᠎ᠠ ᠠᠴᠠ ᠡᠷᠬᠢᠯᠡᠨ ᠶᠠᠪᠤᠭᠳᠠᠭᠤᠯᠤᠭᠰᠠᠨ ᠶᠤᠮ᠂ ᠤᠷᠤᠯᠳᠤᠭᠠᠨ ᠶᠡᠭᠡ ᠠᠮᠵᠢᠯᠲᠠ ᠲᠠᠢ ᠪᠣᠯᠣᠭᠰᠠᠨ᠂ ᠳᠠᠷᠠᠭ᠎ᠠ ᠳᠠᠷᠠᠭ᠎ᠠ ᠶᠢᠨ ᠤᠷᠤᠯᠳᠤᠭᠠᠨ ᠢᠶᠠᠷ ᠬᠡᠣᠬᠡᠳ ᠤᠳ ᠨᠡᠩ ᠢᠯᠡᠭᠦᠦ ᠢᠳᠡᠪᠬᠢᠯᠡᠨ ᠤᠷᠤᠯᠴᠠᠬᠤ ᠶᠢ ᠬᠦᠰᠡᠵᠦ ᠪᠠᠶᠢᠨ᠎ᠠ︾ ᠭᠡᠵᠦ ᠤᠷᠤᠯᠳᠤᠭᠠᠨ ᠢ ᠵᠣᠬᠢᠶᠠᠨ ᠪᠠᠶᠢᠭᠤᠯᠤᠭᠴᠢ ᠰᠡᠴᠡᠨᠪᠠᠭᠠᠳᠤᠷ ᠶᠠᠷᠢᠯ᠎ᠠ᠃      ᠤᠷᠤᠯᠳᠤᠭᠠᠨ ᠤ ᠳᠠᠷᠠᠭ᠎ᠠ ᠮᠠᠨ ᠤ ᠤᠷᠤᠨ ᠤ ᠮᠠᠩᠯᠠᠢ ᠴᠣᠯᠠᠲᠠᠨ ᠬᠠᠷᠪᠤᠭᠠᠴᠢ ᠠᠰᠬᠠᠨ᠂ ᠪᠣᠷᠢᠶᠠᠳ ᠰᠤᠷ ᠤᠨ ᠮᠠᠰᠲ᠋ᠧᠷ ᠴᠤᠯᠠᠲᠠᠨ ᠷᠢᠨᠴᠢᠨᠳᠤᠷᠵᠢ᠂ ᠤᠷᠤᠨ ᠤ ᠰᠢᠯᠢᠳᠡᠭ ᠬᠠᠷᠪᠤᠭᠠᠴᠢ ᠣᠳᠬᠠᠨᠪᠠᠶᠠᠷ᠂ ᠮᠠᠨ ᠤ ᠬᠤᠰᠢᠭᠤᠨ ᠤ ᠨᠡᠷᠡᠲᠦ ᠬᠠᠷᠪᠤᠭᠠᠴᠢ ᠨᠠᠷᠠᠨᠴᠤᠭᠲᠤ᠂ ᠵᠢᠷᠤᠮᠲᠤ᠂ ᠤᠴᠢᠪᠠᠳᠠᠷᠠᠬᠤ᠂ ᠪᠣᠷᠣᠪᠠᠭᠠᠳᠤᠷ ᠤᠷᠴᠢᠯᠠᠩ ᠨᠠᠷ ᠣᠯᠠᠨ ᠳᠤ ᠦᠵᠡᠭᠦᠯᠦᠯᠭᠡ ᠶᠢᠨ ᠬᠠᠷᠪᠤᠭ᠎ᠠ ᠰᠤᠨᠢᠷᠬᠠᠭᠤᠯᠵᠤ᠂ ᠬᠡᠣᠬᠡᠳ ᠤᠳ ᠲᠤ ᠨᠤᠮᠤ ᠪᠠᠨ ᠶᠠᠭᠠᠬᠢᠵᠤ ᠲᠠᠲᠠᠬᠤ ᠬᠡᠷᠬᠢᠨ ᠤᠨᠢᠯᠠᠬᠤ ᠵᠡᠷᠭᠡ ᠰᠠᠭᠤᠷᠢ ᠮᠡᠳᠡᠯᠭᠡ ᠶᠢᠨ ᠲᠠᠯ᠎ᠠ ᠪᠠᠷ ᠵᠢᠭᠠᠨ ᠵᠢᠯᠤᠭᠤᠳᠤᠭᠰᠠᠨ ᠪᠠᠶᠢᠨ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号