ᠮᠠᠯᠴᠢᠨ ᠵᠠᠯᠠᠭᠤ ᠵᠢᠷᠤᠵᠤ ᠲᠦᠰᠣᠪᠯᠡᠭᠰᠡᠨ ᠤᠡᠴᠠᠯᠢᠭᠳᠤ ᠪᠦᠳᠤᠬᠡᠭᠳᠡᠬᠦᠨ ᠢᠶᠠᠨ ᠰᠦᠯᠵᠢᠶ᠎ᠠ ᠪᠠᠷ ᠪᠤᠷᠤᠯᠠᠭᠤᠯᠤᠨ᠎ᠠ
ᠨᠡᠶᠢᠲᠡᠯᠡᠭᠰᠡᠨ ᠴᠠᠭ᠄
2023/4/6
       ᠠᠪᠠᠭ᠎ᠠ ᠬᠤᠰᠢᠭᠤᠨ ᠤ ᠶᠠᠬᠡᠭᠤᠤᠯ ᠰᠤᠮᠤᠨ ᠤ ᠶᠡᠬᠡᠨ᠋ᠤᠰᠤ ᠭᠠᠴᠠᠭᠠᠨ ᠤ ᠮᠠᠯᠴᠢᠨ ᠵᠠᠯᠠᠭᠤ ᠪᠤᠯᠪᠠᠰᠤᠨ ᠵᠢᠷᠤᠵᠤ ᠲᠦᠰᠤᠪᠯᠡᠭᠰᠡᠨ ᠤᠡᠴᠠᠯᠢᠭᠳᠤ ᠪᠦᠳᠤᠬᠡᠭᠳᠡᠬᠦᠨ ᠢᠶᠠᠨ ᠰᠦᠯᠵᠢᠶᠠᠨ ᠲᠠᠪᠴᠠᠩ ᠢᠶᠠᠷ ᠤᠯᠠᠨ ᠤ ᠬᠠᠷᠠᠭᠠᠨ  ᠳᠤ ᠬᠦᠷᠬᠡᠵᠤ᠂ ᠦᠪᠡᠷ ᠤᠨ ᠠᠪᠢᠶᠠᠰ ᠪᠢᠯᠢᠭ ᠢᠶᠠᠨ ᠨᠠᠶᠢᠳᠠ ᠤᠯᠠᠨ ᠳᠤ ᠪᠠᠨ ᠬᠠᠷᠠᠭᠤᠯᠬᠤ ᠶᠢᠨ ᠵᠠᠷᠬᠡᠪᠡᠷ ᠪᠦᠳᠤᠬᠡᠭᠳᠡᠬᠦᠨ ᠢᠶᠠᠨ ᠰᠦᠯᠵᠢᠶ᠎ᠠ ᠪᠠᠷ ᠪᠤᠷᠤᠯᠠᠭᠤᠯᠤᠨ᠂ ᠮᠠᠯᠵᠢᠯ ᠤᠨ ᠪᠤᠰᠤ ᠤᠷᠤᠯᠭ᠎ᠠ ᠡᠬᠦᠳᠴᠤ ᠶᠠᠪᠤᠨ᠎ᠠ᠃        ᠪᠤᠯᠪᠠᠰᠤᠨ ᠤ ᠵᠢᠷᠤᠭᠰᠡᠨ ᠵᠢᠷᠤᠭ ᠰᠦᠯᠵᠢᠶᠠᠨ ᠢᠷᠬᠡᠳ ᠲᠤ ᠲᠠᠭᠠᠰᠢᠶᠠᠭᠳᠠᠨ᠎ᠠ
       2000 ᠤᠨ ᠳᠤ ᠲᠦᠷᠦᠭᠰᠡᠨ ᠪᠤᠯᠪᠠᠰᠤᠨ ᠤᠳᠤ ᠬᠦᠳᠡᠭᠡ ᠪᠠᠨ ᠠᠪᠤ ᠡᠵᠢ ᠲᠠᠢ ᠪᠠᠨ ᠬᠠᠮᠳᠤ ᠮᠠᠯ ᠠᠵᠤ ᠠᠬᠤᠢ ᠪᠠᠨ ᠡᠷᠬᠢᠯᠡᠵᠤ ᠪᠠᠶᠢᠨ᠎ᠠ᠃ ᠵᠢᠷᠤᠭ ᠵᠢᠷᠤᠬᠤ ᠪᠠᠭ᠋ᠠᠳᠡᠢ ᠲᠠᠷᠠᠪᠠᠷ ᠬᠡᠳᠤᠶᠢᠪᠡᠷ ᠡᠨ᠋ᠨ ᠲᠠᠯ᠎ᠠ ᠪᠠᠷ ᠰᠢᠰᠲ᠋ᠧᠮ ᠲᠠᠢ ᠮᠠᠷᠬᠡᠵᠢᠯ ᠤᠨ ᠪᠤᠯᠪᠠᠰᠤᠷᠠᠯ ᠬᠦᠷᠳᠡᠭᠰᠡᠨ ᠦᠬᠡᠢ ᠪᠤᠯᠪᠠᠴᠤ ᠴᠢᠯᠤᠬᠡ ᠤᠯᠳᠠᠪᠠᠯ ᠪᠢᠷ ᠢᠶᠠᠨ ᠠᠳᠬᠤᠵᠤ ᠵᠢᠷᠤᠭ ᠵᠢᠷᠤᠵᠤ ᠰᠠᠭᠤᠳᠠᠭ᠃ ᠲᠡᠷᠡ 2020 ᠤᠨ ᠠᠴᠠ ᠡᠬᠢᠯᠡᠨ ᠺᠤᠮᠫᠢᠦ᠋ᠲ᠋ᠧᠷ ᠲᠡᠬᠡᠷ᠎ᠠ ᠦᠪᠡᠷᠮᠢᠴᠠ ᠤᠡᠴᠠᠯᠢᠭ ᠲᠠᠢ ᠵᠢᠷᠤᠭ ᠵᠢᠷᠤᠵᠤ᠂ ᠴᠤᠤᠷᠢᠶ᠎ᠠ ᠲᠠᠪᠴᠠᠩ ᠲᠡᠬᠡᠷ᠎ᠠ ᠪᠦᠳᠤᠬᠡᠯ ᠢᠶᠠᠨ ᠨᠠᠶᠢᠳᠠᠯᠠᠨ ᠤᠯᠠᠨ ᠤ ᠠᠩᠬᠠᠷᠤᠯ ᠶᠢ ᠲᠠᠲᠠᠵᠤ᠂ ᠨᠠᠶᠢᠳᠡᠯᠡᠭᠰᠡᠨ ᠤᠬᠤᠷ ᠪᠢᠴᠢᠯᠬᠡ ᠶᠢᠨ ᠲᠠᠷᠤᠮ ᠤᠨ ᠲᠤᠭ᠎ᠠ ᠨᠢ ᠬᠠᠮᠤᠭ ᠦᠡᠳᠤᠷ ᠲᠤ  ᠪᠠᠨ 35 ᠲᠦᠮᠡ ᠶᠢ ᠲᠠᠪᠠᠵᠤ ᠪᠠᠶᠢᠭᠰᠡᠨ ᠤᠳᠠᠭ᠎ᠠ ᠲᠠᠢ᠃         ︽ᠮᠢᠨᠤ ᠪᠦᠳᠤᠬᠡᠯ ᠳᠤ ᠬᠦᠳᠡᠭᠡ ᠶᠢᠨ ᠠᠮᠢᠳᠤᠷᠡᠯ ᠢ ᠬᠠᠷᠠᠭᠤᠯᠤᠭᠰᠡᠨ ᠵᠢᠷᠤᠭ ᠤᠯᠠᠨ ᠪᠤᠢ᠂ ᠡᠬᠦᠨ  ᠠᠴᠠ ᠭᠠᠳᠠᠭᠤᠷ ᠰᠢᠨ᠎ᠠ ᠴᠠᠭ ᠦᠶ᠎ᠠ ᠶᠢᠨ ᠡᠯᠧᠮᠧᠨ᠋ᠲ ᠢ ᠤᠶᠠᠯᠳᠤᠭᠤᠯᠤᠭᠰᠡᠨ ᠵᠢᠷᠤᠭ ᠢ ᠵᠢᠷᠤᠵᠤ ᠤᠷᠤᠯᠳᠤᠵᠤ ᠪᠠᠶᠢᠨ᠎ᠠ᠃ ᠡᠩ ᠤᠨ ᠦᠶ᠎ᠠ ᠳᠤ ᠪᠢ ᠴᠢᠯᠤᠬᠡ ᠵᠠᠪ ᠭᠠᠷᠪᠠᠯ ᠰᠦᠯᠵᠢᠶᠠᠨ ᠲᠡᠬᠡᠷ᠎ᠠ ᠠᠴᠠ ᠪᠤᠰᠤᠳ ᠤᠨ ᠵᠢᠷᠤᠭᠰᠡᠨ ᠵᠢᠷᠤᠭ ᠢ ᠰᠤᠨᠢᠷᠬᠠᠵᠤ ᠵᠢᠷᠤᠭ ᠵᠢᠷᠤᠬᠤ ᠮᠠᠷᠬᠡᠵᠢᠯ ᠢᠶᠠᠨ ᠲᠡᠬᠡᠭᠰᠢᠯᠡᠬᠦᠯᠳᠡᠭ᠂ ᠠᠮᠢᠳᠤᠷᠡᠯ ᠲᠤᠮᠳᠠ ᠴᠤ ᠰᠠᠶᠢᠬᠠᠨ ᠦᠩᠬᠡ ᠦᠵᠡᠮᠵᠢ᠂ ᠵᠢᠷᠤᠭ ᠲᠦᠷᠰᠤ᠂ ᠡᠳ᠋ ᠪᠤᠳᠠᠰ ᠤᠳ ᠲᠤᠬᠢᠶᠠᠯᠳᠤᠪᠠᠯ ᠭᠠᠷ ᠤᠳᠠᠰᠤ ᠪᠠᠷ ᠢᠶᠠᠨ ᠰᠠᠬᠦᠳᠡᠷᠯᠡᠨ ᠠᠪᠬᠤ ᠪᠤᠶᠤ ᠴᠡᠬᠡᠵᠢᠯᠡᠵᠤ ᠲᠤᠭᠳᠠᠭᠠᠵᠤ ᠠᠪᠳᠠᠭ︾ ᠬᠡᠵᠤ ᠪᠤᠯᠪᠠᠰᠤᠨ ᠶᠠᠷᠢᠯ᠎ᠠ᠃         ᠵᠢᠷᠤᠵᠤ ᠲᠦᠰᠤᠪᠯᠡᠭᠰᠡᠨ ᠤᠡᠴᠠᠯᠢᠭᠳᠤ ᠪᠦᠳᠤᠬᠡᠭᠳᠡᠬᠦᠨ ᠢ ᠪᠤᠷᠤᠯᠠᠭᠤᠯᠤᠨ ᠤᠷᠤᠯᠭ᠎ᠠ ᠡᠬᠦᠳᠤᠨ᠎ᠠ᠃
        2021 ᠤᠨ ᠠᠴᠠ ᠪᠤᠯᠪᠠᠰᠤᠨ ᠵᠢᠷᠤᠵᠤ ᠲᠦᠰᠤᠪᠯᠡᠭᠰᠡᠨ ᠵᠢᠷᠤᠭ ᠲᠠᠢ ᠭᠠᠷ ᠤᠳᠠᠰᠤᠨ ᠤ ᠬᠠᠪᠢᠰᠤ᠂ ᠲᠡᠷᠬᠡᠨ ᠤ ᠴᠢᠮᠡᠭᠯᠡᠯ ᠤᠨ ᠨᠠᠭᠠᠯᠳᠠ᠂ ᠠᠮᠠᠪᠴᠢ᠂ ᠴᠠᠮᠴᠠ᠂ ᠮᠠᠯᠠᠭᠠᠢ ᠵᠡᠷᠬᠡ ᠶᠢ ᠬᠢᠵᠤ ᠸᠢᠴᠠᠲ᠂ ᠴᠤᠤᠷᠢᠶ᠎ᠠ ᠲᠠᠪᠴᠠᠩ ᠢᠶᠠᠷ ᠪᠤᠷᠤᠯᠠᠭᠤᠯᠤᠨ᠂ ᠤᠷᠤᠯᠭ᠎ᠠ ᠡᠬᠦᠳᠴᠤ ᠡᠬᠢᠯᠡᠪᠡ᠃ ᠦᠢᠯᠠᠭᠠᠭᠰᠡᠨ ᠢᠶᠠᠷ᠂ ᠪᠤᠯᠪᠠᠰᠤᠨ ᠤ ᠪᠦᠳᠤᠬᠡᠭᠳᠡᠬᠦᠨ ᠤ ᠰᠠᠷ᠎ᠠ ᠶᠢᠨ ᠪᠤᠷᠤᠯᠠᠭᠤᠯᠭ᠎ᠠ ᠶᠢᠨ ᠤᠷᠤᠯᠭ᠎ᠠ ᠲᠦᠮᠨ ᠭᠠᠷᠤᠢ ᠲᠦᠬᠦᠷᠢᠭ ᠲᠤ ᠬᠦᠷᠴᠤ ᠪᠤᠢ᠃         ︽ᠤᠳᠤᠬᠠᠨ ᠳᠤ ᠮᠢᠨᠤ ᠵᠢᠷᠤᠵᠤ ᠲᠦᠰᠤᠪᠯᠡᠭᠰᠡᠨ ᠲᠡᠷᠬᠡᠨ ᠤ ᠴᠢᠮᠡᠭᠯᠡᠯ ᠤᠨ ᠨᠠᠭᠠᠯᠳᠠ ᠶᠢᠨ ᠪᠤᠷᠤᠯᠠᠭᠤᠯᠭ᠎ᠠ ᠶᠡᠭᠡ ᠰᠠᠶᠢᠨ ᠪᠠᠶᠢᠨ᠎ᠠ᠃ ᠵᠠᠷᠢᠮ ᠡᠳᠤᠷ ᠲᠤ ᠪᠠᠨ ᠬᠤᠷᠢ ᠠᠴᠠ ᠭᠤᠴᠢᠨ ᠬᠤᠪᠢ ᠵᠠᠬᠢᠶᠠᠯᠠᠭ᠎ᠠ ᠲᠤᠰᠳᠠᠭ᠃ ᠲᠠᠷᠠᠭᠠᠴᠢ ᠶᠢᠨ ᠠᠯᠬᠤᠮ ᠳᠤ᠂ ᠪᠢ ᠦᠪᠡᠷ ᠤᠨ ᠮᠠᠷᠬᠡᠵᠢᠯ ᠤᠨ ᠲᠦᠪᠰᠢᠨ ᠢᠶᠠᠨ ᠲᠡᠬᠡᠭᠰᠢᠯᠡᠬᠦᠯᠤᠨ᠂ ᠨᠠᠩ ᠤᠯᠠᠨ ᠪᠦᠳᠤᠬᠡᠯ ᠵᠢᠷᠤᠵᠤ ᠲᠦᠰᠤᠪᠯᠡᠶ᠎ᠠ ᠬᠡᠵᠤ ᠪᠤᠳᠤᠵᠤ ᠪᠠᠶᠢᠨ᠎ᠠ᠃ ᠬᠤᠵᠢᠮ ᠪᠠᠰᠠ ᠦᠪᠡᠷ ᠢᠶᠠᠨ ᠨᠢᠬᠡ ᠲᠡᠯᠬᠡᠬᠦᠷ ᠡᠷᠬᠢᠯᠡᠨ ᠪᠦᠳᠤᠬᠡᠭᠳᠡᠬᠦᠨ ᠢᠶᠠᠨ ᠪᠤᠷᠤᠯᠠᠭᠤᠯᠬᠤ ᠰᠠᠨᠠᠭ᠎ᠠ ᠲᠠᠢ︾ ᠬᠡᠵᠤ ᠪᠤᠯᠪᠠᠰᠤᠨ ᠶᠠᠷᠢᠯ᠎ᠠ᠃
 
ᠢᠷᠡᠯᠲᠡ᠄ ᠠᠪᠠᠭ᠎ᠠ ᠬᠤᠰᠢᠭᠤᠨ ᠤ ᠵᠠᠰᠠᠭ ᠤᠨ ᠤᠷᠳᠤᠨ᠂ ᠬᠠᠮ ᠵᠠᠭᠤᠴᠢᠯᠠᠭᠤᠷ ᠤᠨ ᠲᠥᠪ
 
 
ᠬᠠᠮᠢᠶ᠎ᠡ ᠪᠦᠬᠦᠢ ᠰᠣᠨᠢᠨ
 
ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠣᠷᠳᠣᠨ ᠠᠴᠠ ᠭᠤᠤᠯᠴᠢᠯᠠᠨ ᠡᠷᠬᠢᠯᠡᠪᠡ ᠥᠪᠦᠷ ᠮᠣᠩᠭᠤᠯ ᠤᠨ ᠥᠪᠡᠷᠳᠡᠭᠡᠨ ᠵᠠᠰᠠᠬᠤ ᠣᠷᠣᠨ ᠤ ᠠᠷᠠᠳ ᠤᠨ ᠵᠠᠰᠠᠭ ᠤᠨ ᠤᠷᠳᠤᠨ ᠤ ᠠᠯᠪᠠᠨ ᠲᠢᠩᠬᠢᠮ ᠠᠴᠠ ᠲᠠᠭᠠᠭᠠᠴᠢᠯᠠᠨ ᠡᠷᠬᠢᠯᠡᠪᠡ ᠃ ᠦᠪᠦᠷ ᠮᠣᠩᠭᠤᠯ ᠤᠨ ᠮᠦᠩᠭᠡᠭᠠᠯ ᠰᠣᠹᠲ ᠤᠨ ᠬᠤᠪᠢᠴᠠᠭᠠᠨ ᠤ ᠬᠢᠵᠠᠭᠠᠷᠲᠦ ᠺᠣᠮᠫᠠᠨᠢ ᠮᠡᠷᠭᠡᠵᠢᠯ ᠬᠠᠩᠭᠠᠪᠠ᠃ ᠰᠢᠤᠳᠠᠨ ᠳ᠋ᠤᠭᠠᠷ: 010098    蒙ICP备05000248号